ᠨᠡᠪᠲᠡᠷᠡᠨ ᠤᠷᠤᠬᠤ
ᠲᠤᠶᠠᠭ᠎ᠠ
ᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡᠮᠤᠩᠭᠤᠯ ᠤᠷᠠᠨ ᠪᠢᠴᠢᠯᠭᠡ

ᠪᠣᠳᠤᠯᠭᠠᠳᠤ ᠸᠠᠩ ᠤᠨ ᠬᠤᠰᠢᠭᠤᠨ ᠤ ᠪᠦᠳᠦᠭᠦᠡᠬᠠᠷᠠᠭᠠᠨ᠎ᠡ ᠰᠤᠮᠤ ᠶᠢᠨ ᠵᠡᠭᠦᠨ ᠭᠠᠴᠠᠭ᠎ᠠ ᠨᠤᠳᠤᠭ ᠲᠡᠶ ᠵᠠᠯᠠᠭᠤ ᠣᠷᠠᠨ ᠪᠢᠴᠢᠯᠭᠡᠳᠡᠨ ᠂ ᠰᠠᠢ᠌ᠯᠤᠮᠠᠯᠴᠢᠨ ᠳᠤᠶᠠᠭ᠎ᠠ ᠪᠣᠯ ᠳᠠᠢ᠌ᠯ ᠪᠣᠭᠳᠠ ᠬᠠᠪᠣᠳᠤ ᠬᠠᠰᠠᠷ ᠤᠨ ᠬᠣᠢ᠌ᠴᠢᠰ ᠂ ᠳᠠᠷᠬᠠᠨ ᠪᠠᠭᠠᠳᠤᠷ ᠮᠢᠩᠭ᠋ᠠᠨ ᠨᠤᠶᠠᠨ ᠤ ᠳᠠᠷᠤᠭᠳᠠᠰᠢ ᠦᠭᠡᠶ ᠭᠦᠭᠡ ᠳᠤᠭ ᠢ ᠪᠠᠷᠢᠳᠠᠭ ᠮᠠᠷᠤᠳ ᠠᠢ᠌ᠮᠠᠭ ᠤᠨ ᠰᠠᠯᠠᠭᠠᠨ ᠤ ᠴᠡᠷᠢᠭ᠌ ᠭᠠᠷᠤᠯᠳᠠᠢ ᠬᠠᠮᠤᠵᠠᠪ ᠂ ᠳᠠᠷᠢᠶᠠᠴᠢᠨ ᠪᠦᠰᠡᠭᠦᠢ ᠶᠢᠨ ᠢᠤᠢ ᠶᠢᠨ ᠬᠤᠶᠠᠳᠤᠭᠠᠷ ᠦᠬᠢᠨ ᠃ 1986 ᠣᠨ ᠳᠤ ᠵᠢᠷᠢᠮ ᠤᠨ ᠪᠠᠭᠰᠢ ᠶᠢᠨ ᠰᠤᠷᠭᠠᠭᠤᠯᠢ ᠡᠴᠡ ᠳᠡᠭᠦᠰᠴᠤ ᠲᠦᠩᠯᠢᠶᠤᠤ ᠬᠤᠳᠠ ᠶᠢᠨ ᠮᠤᠩᠭ᠋ᠤᠯ ᠰᠤᠷᠭᠠᠭᠤᠯᠢ ᠳᠤ ᠪᠢᠴᠢᠯᠭᠡ ᠵᠢᠷᠤᠭ ᠤᠨ ᠪᠠᠭᠰᠢ ᠪᠠᠷ ᠠᠵᠢᠯᠯᠠᠵᠠᠢ ᠃ ᠬᠠᠷᠠᠬᠠᠨ ᠪᠠᠭ᠎ᠠ ᠡᠴᠡ ᠬᠤᠶᠠᠳᠤᠭᠠᠷ ᠨᠠᠭᠠᠴᠤ ᠠᠪᠣ ᠯᠢᠤ ᠱᠠᠨ ᠤ ᠨᠥᠯᠦᠭᠡ ᠶᠢ ᠭᠦᠷᠳᠡᠵᠤ ᠂ ᠮᠤᠩᠭ᠋ᠤᠯ ᠦᠰᠦᠨ ᠪᠢᠷ ᠤᠨ ᠪᠢᠴᠢᠯᠭᠡ ᠲᠡᠶ ᠣᠢ᠌ᠷᠠᠳᠤᠵᠤ ᠂ ᠬᠤᠵᠢᠮ ᠨᠢ ᠪᠠᠭᠰᠢ ᠶᠢᠨ ᠰᠤᠷᠭᠠᠭᠤᠯᠢ ᠳᠤ ᠰᠢᠰᠲ᠋ᠸᠮ ᠲᠡᠶ ᠪᠣᠯᠪᠠᠰᠤᠷᠠᠯ ᠳᠠᠳᠤᠯᠭ᠎ᠠ ᠭᠦᠷᠳᠡᠭ᠍ᠰᠡᠨ ᠡᠴᠡ ᠣᠷᠠᠨ ᠪᠢᠴᠢᠯᠭᠡ ᠶᠢᠨ ᠢᠳᠠ ᠭᠠᠢ᠌ᠬᠠᠮᠰᠢᠭ ᠲᠤ ᠣᠬᠠᠭ᠎ᠠ ᠳᠠᠮᠢᠷ ᠳᠠᠳᠠᠭᠳᠠᠵᠤ ᠂ ᠪᠢᠴᠢᠵᠤ ᠰᠡᠢ᠌ᠯᠭᠦ ᠣᠷ᠎ᠠ ᠮᠡᠷᠭᠡᠵᠢᠯ ᠶᠢᠡᠨ ᠠᠰᠢᠳᠠᠢ᠌ᠬᠠᠨ ᠳᠡᠭᠡᠭ᠍ᠰᠢᠯᠡᠭᠦᠯᠦᠭᠡᠤᠨ ᠂ ᠣᠪᠤᠨ ᠴᠤᠪᠤᠨ ᠣᠯᠠᠨ ᠪᠦᠳᠦᠭᠡᠯ ᠨᠢ ᠣᠯᠤᠰ ᠂ ᠣᠷᠤᠨ ᠂ ᠬᠤᠳᠠ ᠶᠢᠨ ᠰᠤᠨᠢᠨ ᠰᠡᠦᠡᠭᠦᠯ ᠂ ᠥᠵᠡᠭᠦᠯᠦᠯᠭᠡ ᠳᠤ ᠨᠡᠢ᠌ᠳᠡᠯᠡᠭ᠍ᠳᠡᠨ ᠳᠡᠯᠭᠡᠭ᠍ᠳᠡᠵᠤ ᠂ ᠣᠷᠤᠰᠤᠮ᠎ᠠ ᠢᠳᠡᠷᠡᠭᠦᠨ ᠂ ᠣᠶᠠᠷᠠᠩᠭ᠋ᠤᠢ ᠵᠢᠪᠬᠤᠭᠠᠯᠢᠭ ᠂ ᠣᠤᠠᠬ᠎ᠠ ᠰᠤᠶᠤᠯ ᠤᠨ ᠳᠡᠦᠭᠡ ᠴᠠᠳᠢᠭ ᠤᠨ ᠠᠬᠤᠭᠤᠯᠤᠮᠵᠢ ᠭᠦᠨ ᠵᠡᠷᠭᠡ ᠭᠡᠯᠪᠠᠷᠢ ᠪᠠᠷ ᠶᠢᠡᠨ ᠣᠷᠠᠨ ᠪᠢᠴᠢᠯᠭᠡ ᠶᠢᠨ ᠪᠠᠬᠠᠳᠠᠤᠨ ᠪᠠ ᠣᠢ᠌ᠯᠠᠰ ᠨᠢᠭᠡᠳᠡᠳ ᠲᠡᠭᠡᠨ ᠪᠢᠰᠢᠷᠡᠭ᠍ᠳᠡᠵᠤ ᠳᠠᠭᠠᠰᠢᠶᠠᠭᠳᠠᠭᠰᠠᠭᠠᠷ ᠢᠷᠠᠵᠠᠢ ᠃

2001 ᠣᠨ ᠳᠤ 《ᠳᠤᠶᠠᠭ᠎ᠠ ᠶᠢᠨ ᠬᠤᠪᠢ ᠭᠦᠮᠤᠨ ᠤ ᠣᠷᠠᠨ ᠪᠦᠳᠦᠭᠡᠯ ᠤᠨ ᠥᠵᠡᠭᠦᠯᠦᠯᠭᠡ》 ᠪᠠᠨ ᠠᠮᠵᠢᠯᠳᠠ ᠲᠡᠶ ᠡᠷᠭᠢᠯᠡᠵᠤ ᠂ 1994 ᠣᠨ ᠳᠤ 《ᠭᠡᠯᠡ ᠪᠢᠴᠢᠭ᠌ ᠤᠨ ᠳᠠᠪᠤᠨ ᠱᠤᠭᠤᠮᠳᠤ ᠪᠢᠴᠢᠯᠭᠡ》 ᠭᠡᠭᠦ ᠨᠤᠮ ᠶᠢᠡᠨ ᠦᠪᠣᠷ ᠮᠤᠩᠭ᠋ᠤᠯ ᠤᠨ ᠪᠠᠭᠠᠴᠤᠳ ᠭᠡᠦᠭᠡᠤᠨ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠵᠡᠢ ᠃ 2004 ᠣᠨ ᠳᠤ ᠵᠠᠰᠠᠯᠳᠠ ᠭᠢᠵᠤ ᠳᠠᠭᠢᠨ ᠭᠡᠪᠯᠡᠭᠦᠯᠵᠡᠢ ᠃

ᠣᠳᠤ ᠲᠦᠩᠯᠢᠶᠤᠤ ᠬᠤᠳᠠ ᠶᠢᠨ ᠣᠷᠠᠨ ᠪᠢᠴᠢᠯᠭᠡᠳᠡᠳ ᠤᠨ ᠨᠡᠢ᠌ᠭᠡᠮᠯᠢᠭ᠌ ᠤᠨ ᠭᠡᠷᠡᠭ᠌ ᠡᠷᠭᠢᠯᠡᠭ᠍ᠴᠢ ᠂ ᠲᠦᠩᠯᠢᠶᠤᠤ ᠬᠤᠳᠠ ᠶᠢᠨ ᠰᠠᠢ᠌ᠯᠤᠮᠠᠯᠴᠢᠤᠨ ᠤᠨ ᠨᠡᠢ᠌ᠭᠡᠮᠯᠢᠭ᠌ ᠤᠨ ᠨᠠᠷᠢᠨ ᠪᠢᠴᠢᠭ᠌ ᠤᠨ ᠳᠠᠳ᠋ ᠳᠠᠷᠤᠭ᠎ᠠ ᠂ ᠦᠪᠣᠷ ᠮᠤᠩᠭ᠋ᠤᠯ ᠤᠨ ᠣᠷᠠᠨ ᠪᠢᠴᠢᠯᠭᠡᠳᠡᠳ ᠤᠨ ᠨᠡᠢ᠌ᠭᠡᠮᠯᠢᠭ᠌ ᠤᠨ ᠭᠡᠰᠢᠭᠦᠨ ᠵᠡᠷᠭᠡ ᠨᠡᠢ᠌ᠭᠡᠮ ᠤᠨ ᠡᠭᠦᠷᠭᠡ ᠳᠤᠰᠢᠶᠠᠯ ᠢ ᠡᠭᠦᠷᠭᠡᠯᠡᠵᠤ ᠂ ᠪᠠᠭᠰᠢᠯᠠᠬᠤ ᠶᠢᠨ ᠶᠢᠡᠨ ᠵᠠᠪᠰᠠᠷ ᠪᠠᠶᠠᠯᠢᠭ ᠮᠤᠩᠭ᠋ᠤᠯ ᠰᠤᠶᠤᠯ ᠳᠠᠭᠠᠨ ᠪᠠᠭᠠᠬᠠᠨ ᠴᠤ ᠭᠡᠰᠡᠨ ᠨᠠᠮᠠᠷᠢ ᠬᠠᠠᠳᠢᠪ ᠡᠷᠭᠦᠭᠦ ᠭᠡᠵᠤ ᠪᠢᠷ᠎ᠠ ᠴᠢᠳᠠᠯ ᠶᠢᠡᠨ ᠴᠢᠮᠠᠯᠠᠯ ᠦᠭᠡᠶ ᠪᠠᠬᠠᠳᠠᠢ ᠰᠢᠮᠠᠳᠠᠢ ᠰᠢᠭᠤᠷᠬᠠᠢ᠌ᠯᠠᠵᠤ ᠶᠠᠪᠣᠨᠠᠮ ᠃

 

ᠰᠤᠶᠤᠯ ᠳᠡᠦᠭᠡ ᠡᠴᠡ ᠰᠤᠶᠤᠷᠬᠠᠭᠰᠠᠨ ᠣᠷᠮᠠᠰ ᠰᠡᠦᠡᠭᠢᠯᠭᠡ

ᠪᠢᠷ ᠴᠢᠯᠠᠭᠤᠨ᠎ᠠ ᠳᠦᠷᠭᠦᠵᠢᠭᠦᠯᠦᠭ᠍ᠰᠡᠨ ᠣᠭᠰᠠᠭ᠎ᠠ ᠦᠨᠳᠦᠰᠦ

 

ᠭᠦᠮᠦᠨᠯᠢᠭ᠌ ᠨᠥᠮᠵᠦᠭ᠌ ᠬᠠᠢ᠌ᠷ᠎ᠠ ᠶᠢ ᠨᠤᠳᠤᠭ ᠪᠠ ᠰᠤᠶᠤᠯ ᠮᠠᠨᠢ ᠰᠤᠶᠤᠷᠬᠠᠵᠤ ᠂ ᠬᠠᠢ᠌ᠷ᠎ᠠ ᠡᠴᠡ ᠣᠠᠳᠤᠷᠬᠤ ᠣᠷᠮ᠎ᠠ ᠣᠩᠭ᠋ᠤᠳ ᠨᠤᠳᠤᠭ ᠰᠤᠶᠤᠯ ᠳᠠᠭᠠᠨ ᠳᠡᠮᠡᠦᠯᠡᠳᠡᠭ᠌ ᠡᠴᠡ ᠳᠤᠷᠠᠳᠠᠢ ᠠᠵᠤ ᠪᠠᠨ ᠭᠢᠭᠦ ᠪᠠᠷ ᠯᠠ ᠣᠷᠮ᠎ᠠ ᠰᠡᠷᠭᠦᠵᠤ ᠪᠢᠯᠢᠭ᠌ ᠴᠠᠭᠢᠯᠳᠠᠭ ᠃ ᠦᠰᠦᠨ ᠪᠢᠷ ᠲᠡᠶ ᠣᠢ᠌ᠷᠠᠳᠤᠭᠰᠠᠨ ᠳᠠᠷᠠ ᠴᠠᠭ ᠡᠴᠡ ᠣᠳᠤ ᠪᠣᠯᠳᠠᠯ᠎ᠠ ᠣᠷᠠᠨ ᠪᠢᠴᠢᠯᠭᠡ ᠮᠠᠨᠢ ᠶᠤᠰᠤᠳᠠᠢ ᠪᠠᠶ᠎ᠠ ᠶᠢ ᠳᠠᠮᠢᠷᠵᠢᠭᠤᠯᠵᠤ ᠰᠠᠤᠠᠭᠢᠯ ᠢ ᠠᠷᠢᠭᠤᠰᠬᠠᠵᠤ ᠢᠷᠡᠭ᠍ᠰᠡᠨ ᠪᠢᠯᠠ ᠃

ᠣᠷᠠᠨ ᠪᠢᠴᠢᠯᠭᠡ ᠪᠣᠯ ᠨᠢᠭᠡ ᠶᠤᠰᠤᠨ ᠤ ᠣᠷᠮ᠎ᠠ ᠰᠡᠦᠡᠭᠢᠯᠭᠡ ᠶᠢᠨ ᠠᠵᠢᠯᠯᠠᠭ᠎ᠠ ᠪᠣᠯᠬᠤᠷ ᠠᠭᠤᠯᠭ᠎ᠠ ᠦᠭᠡᠶ ᠬᠤᠭᠤᠰᠤᠨ ᠣᠷᠠᠨ ᠪᠢᠴᠢᠯᠭᠡ ᠪᠠᠢ᠌ᠳᠠᠭ ᠦᠭᠡᠶ ᠃ ᠠᠭᠤᠯᠭ᠎ᠠ ᠨᠢ ᠣᠷᠠᠨ ᠪᠢᠴᠢᠯᠭᠡ ᠶᠢᠨ ᠶᠢᠡᠨ ᠰᠥᠭ᠌ ᠰᠦᠨᠠᠰᠤ ᠨᠢ ᠪᠠᠢ᠌ᠵᠤ ᠂ ᠣᠷᠠᠨ ᠰᠠᠢ᠌ᠬᠠᠨ ᠪᠢᠴᠢᠯᠭᠡ ᠵᠢᠷᠤᠯᠭ᠎ᠠ ᠨᠢ ᠠᠭᠤᠯᠭ᠎ᠠ ᠳᠤ ᠪᠠᠨ ᠭᠤᠸ᠎ᠠ ᠰᠠᠢ᠌ᠬᠠᠨ ᠪᠣᠳᠠᠳᠤ ᠳᠦᠷᠭᠦ ᠪᠠ ᠰᠦᠷ ᠰᠦᠯᠳᠡ ᠨᠢ ᠪᠣᠯᠳᠠᠭ ᠃ ᠳᠡᠭᠡᠭᠦ ᠪᠠᠷ ᠦᠨᠡᠨ ᠂ ᠰᠠᠢ᠌ᠨ ᠂ ᠰᠠᠢ᠌ᠬᠠᠨ ᠠᠭᠤᠯᠭ᠎ᠠ ᠡᠴᠡ ᠰᠠᠶ‍ᠢ ᠭᠤᠴᠤ ᠰᠠᠢ᠌ᠬᠠᠨ ᠪᠢᠴᠢᠯᠭᠡ ᠮᠡᠡᠳᠦᠯᠡᠳᠡᠭ᠌ ᠭᠡᠵᠤ ᠪᠢ ᠬᠤᠪᠢᠨ ᠳᠠᠭᠠᠨ ᠪᠣᠳᠤᠳᠠᠭ ᠃ ᠦᠨᠡᠨ ᠂ ᠰᠠᠢ᠌ᠨ ᠂ ᠰᠠᠢ᠌ᠬᠠᠨ ᠤ ᠠᠭᠤᠯᠭ᠎ᠠ ᠣᠷᠮᠠᠰ ᠢ ᠭᠦᠭ᠍ᠵᠢᠭᠡᠨ ᠳᠤᠭᠳᠤᠯᠤᠭᠤᠯᠵᠤ ᠂ ᠪᠢᠴᠢᠭᠦ ᠭᠡᠢ᠌ᠷᠭᠡᠯ ᠳᠤ ᠭᠦᠳᠦᠯᠳᠡᠭ᠌ ᠡᠴᠡ ᠪᠢᠴᠢᠯᠭᠡ ᠴᠤ ᠶᠠᠷᠤ ᠶᠢᠨ ᠪᠣᠯᠪᠠᠰᠤᠷᠠᠯ ᠤᠨ ᠵᠡᠷᠭᠡᠮᠵᠢ ᠡᠴᠡ ᠪᠠᠨ ᠳᠠᠪᠠᠯᠳᠠ ᠭᠠᠷᠬᠤ ᠥᠵᠡᠭ᠍ᠳᠡᠯ ᠪᠠᠢ᠌ᠩᠭ᠋ᠤ ᠲᠤᠬᠢᠶᠠᠯᠳᠤᠨ᠎ᠠ ᠃ ᠶᠠᠭ ᠡᠢ᠌ᠮᠤ ᠪᠣᠯᠬᠤᠷ ᠰᠤᠶᠤᠯ ᠡᠴᠡ ᠡᠰᠢᠳᠡᠢ ᠂ ᠣᠤᠠᠬ᠎ᠠ ᠡᠴᠢᠨ᠎ᠡ ᠨᠢᠭᠡ ᠥᠭᠡ ᠪᠣᠶᠤ ᠥᠭᠦᠯᠡᠪᠦᠷᠢ ᠲᠡᠶ ᠣᠴᠠᠷᠠᠬᠤ ᠊ᠭ᠍ᠱᠡᠨ᠎ᠡ ᠪᠠᠷᠢᠨ ᠳᠤᠤᠷ᠎ᠠ ᠨᠢ ᠪᠢᠴᠢᠶ᠎ᠠ ᠭᠡᠵᠤ ᠭᠦᠭ᠍ᠰᠡᠳᠡᠭ᠌ ᠶᠢᠡᠨ ᠪᠢ ᠦᠪᠡᠷ ᠶᠢᠡᠨ ᠴᠤ ᠭᠠᠢ᠌ᠬᠠᠳᠠᠭ ᠃ ᠳᠡᠭᠡᠵᠤ ᠳᠡᠭᠡᠭ᠍ᠰᠡᠭᠡᠷ ᠪᠢᠴᠢᠭᠦ ᠶᠢᠨ ᠳᠦᠯᠦᠭᠡ ᠯᠠ ᠪᠢᠴᠢᠭᠦ ᠪᠢᠰᠢ ᠂ ᠬᠠᠷᠢᠨ ᠮᠤᠩᠭ᠋ᠤᠯ ᠰᠤᠶᠤᠯ ᠤᠨ ᠶᠢᠡᠨ ᠮᠤᠯᠤᠷ ᠡᠷᠳᠡᠨᠢ ᠮᠠᠳᠤ ᠦᠨ᠎ᠡ ᠴᠠᠨ᠎ᠠ ᠲᠡᠶ ᠵᠣᠢ᠌ᠯᠠᠰ ᠢ ᠳᠦᠷᠢ ᠲᠡᠶ ᠂ ᠴᠤᠭᠴᠠ ᠲᠡᠶ ᠠᠮᠢᠯᠠᠭᠤᠯᠬᠤ ᠶᠢᠨ ᠳᠦᠯᠦᠭᠡ ᠵᠦᠳᠠᠷᠠᠯ ᠳᠦᠪᠠᠭ᠌ ᠪᠦᠭᠦᠨ ᠢ ᠳᠠᠪᠴᠢᠵᠤ ᠳᠠᠪᠴᠢᠶᠠᠷᠢᠳᠠᠢ ᠳᠤᠤᠱᠳᠠᠢ ᠪᠢᠴᠢᠳᠡᠭ᠌ ᠪᠣᠯᠤᠯ᠎ᠠ ᠃ ᠡᠨᠡ ᠨᠢ ᠮᠥᠩᠭᠡ ᠳᠡᠭ᠍ᠷᠢ ᠡᠴᠡ ᠮᠠᠨᠢ ᠨᠠᠮ᠎ᠠ ᠳᠤ ᠳᠠᠭᠠᠭᠠᠯᠭᠠᠭᠰᠠᠨ ᠳᠠᠰᠬᠠᠯ ᠭᠡᠵᠤ ᠪᠢ ᠣᠬᠠᠭᠠᠷᠠᠵᠤ ᠣᠢ᠌ᠯᠠᠭᠠᠵᠤ ᠪᠠᠢ᠌ᠨ᠎ᠠ ᠃

ᠮᠤᠩᠭ᠋ᠤᠯ ᠰᠤᠶᠤᠯ ᠤᠨ ᠶᠢᠡᠨ ᠳᠠᠩᠭᠢᠰ ᠳᠠᠯᠠᠢ ᠡᠴᠡ ᠳᠤᠰᠤᠯ ᠳᠤᠰᠤᠯ ᠶᠢᠡᠷ ᠰᠢᠮᠡᠦᠡᠭᠡᠨ ᠰᠢᠩᠭᠡᠭᠡᠵᠤ ᠡᠭᠢᠯᠡᠭ᠍ᠰᠡᠨ ᠡᠴᠡ ᠪᠢ ᠰᠠᠶ‍ᠢ ᠣᠷᠠᠨ ᠪᠢᠴᠢᠯᠭᠡᠳᠡᠨ ᠤ ᠵᠢᠩᠭᠢᠨᠢ ᠵᠥᠳᠡᠭᠦᠷᠢᠳᠤ ᠠᠶᠠᠨ ᠶᠢᠡᠨ ᠡᠯᠭᠦᠯ᠎ᠡ ᠭᠡᠵᠤ ᠪᠣᠳᠤᠳᠠᠭ ᠃ ᠦᠨᠡᠨ ᠢ ᠭᠡᠯᠡᠭᠦ ᠳᠤ ᠂ ᠣᠯᠠᠨ ᠵᠢᠯ ᠤᠨ ᠰᠤᠷᠭᠠᠭᠤᠯᠢ ᠶᠢᠨ ᠭᠦᠮᠦᠵᠢᠯ ᠡᠴᠡ ᠮᠠᠨᠤᠰ ᠲᠤ ᠮᠤᠩᠭ᠋ᠤᠯ ᠰᠤᠶᠤᠯ ᠤᠨ ᠮᠡᠳᠡᠯᠭᠡ ᠪᠣᠯᠪᠠᠰᠤᠷᠠᠯ ᠭᠦᠷᠳᠡᠭᠡᠭ᠍ᠰᠡᠨ ᠬᠤᠪᠢ ᠳᠤ ᠥᠨᠡᠭᠡᠷ ᠴᠢᠮᠠᠯᠠᠭᠳᠠᠮᠠᠷ ᠭᠡᠵᠤ ᠭᠡᠯᠡᠮᠡᠷ ᠃ ᠪᠢ ᠪᠣᠯ ᠪᠠᠭᠰᠢ ᠭᠦᠮᠤᠨ ᠂ ᠦᠰᠪᠦᠷᠢ ᠶᠢᠨ ᠨᠠᠰᠤᠨ ᠳᠤ ᠪᠠᠨ ᠦᠪᠡᠷ ᠲᠤ ᠮᠢᠨᠢ ᠳᠤᠳᠠᠭᠳᠠᠭᠰᠠᠨ ᠮᠤᠩᠭ᠋ᠤᠯ ᠰᠤᠶᠤᠯ ᠤᠨ ᠶᠢᠡᠨ ᠣᠭᠤᠷᠠᠭ ᠰᠢᠮ᠎ᠠ ᠶᠢ ᠣᠳᠤ ᠣᠮᠳᠠ ᠭᠦᠰᠡᠭ᠍ᠰᠡᠨ ᠴᠠᠩᠭ᠋ᠠᠮᠠᠯ ᠨᠤᠳᠤᠭ ᠲᠡᠶ ᠮᠢᠨᠢ ᠢᠵᠢᠯᠢᠭᠡᠨ ᠣᠢ᠌ ᠣᠯᠠᠨ ᠰᠤᠷᠤᠭᠴᠢᠤᠨ ᠲᠤ ᠪᠠᠨ ᠬᠠᠷᠠᠮᠨᠠᠯ ᠦᠭᠡᠶ ᠣᠯᠠᠮᠵᠢᠯᠠᠬᠤ ᠪᠣᠯ ᠡᠭᠡᠯ ᠮᠢᠨᠤ ᠡᠭᠦᠷᠭᠡ ᠬᠠᠷᠢᠭᠤᠴᠠᠯᠭ᠎ᠠ ᠭᠡᠵᠤ ᠰᠠᠨᠠᠳᠠᠭ ᠪᠦᠭᠡᠤᠨ ᠵᠢᠦᠡᠭᠦᠳᠡᠭ᠌ ᠃ ᠰᠤᠷᠭᠠᠭᠤᠯᠢ ᠪᠣᠯ ᠰᠤᠶᠤᠯ ᠤᠨ ᠥᠯᠦᠭᠡᠢ ᠂ ᠭᠡᠦᠭᠡᠤᠨ ᠤᠨ ᠮᠢᠨᠢ ᠭᠦᠮᠤᠨ ᠪᠣᠯᠬᠤ ᠡᠭᠢᠯᠡᠯᠳᠡ ᠶᠢᠨ ᠥᠷᠳᠡᠭᠡ ᠃ ᠬᠤᠯᠠ ᠶᠢᠨ ᠠᠶᠠᠨ ᠳᠤ ᠮᠤᠷᠳᠠᠬᠤ ᠠᠯᠳᠠᠨ ᠳᠦᠷᠦᠭᠡ ᠃ ᠡᠨᠡ ᠥᠯᠦᠭᠡᠢ ᠂ ᠡᠨᠡ ᠥᠷᠳᠡᠭᠡ ᠂ ᠡᠨᠡ ᠳᠦᠷᠦᠭᠡᠨ ᠳᠡᠭᠡᠷ᠎ᠡ ᠭᠢᠯᠠᠯᠵᠠᠨ ᠮᠥᠩᠭᠡᠷᠡᠭᠦ ᠣᠭᠠᠯᠵᠠ ᠭᠡ ᠶᠢ ᠮᠤᠩᠭ᠋ᠤᠯ ᠣᠶᠤᠨ ᠶᠢᠡᠷ ᠶᠢᠡᠨ ᠰᠡᠢ᠌ᠯᠭᠦ ᠦᠦ ᠡᠰᠡᠭᠦᠯ᠎ᠡ ᠴᠠᠭ ᠤᠨ ᠥᠩᠭᠡ ᠳᠤ ᠳᠤᠯᠳᠣᠢ᠌ᠳᠤᠭᠰᠠᠨ ᠣᠠᠳᠤᠤ ᠰᠡᠦᠡᠭᠢᠭᠦᠢ ᠪᠠᠷ ᠰᠡᠢ᠌ᠯᠪᠦᠷᠢᠯᠡᠭᠦ ᠦᠦ ᠭᠡᠳᠡᠭ᠌ ᠨᠢ ᠭᠢᠴᠢᠶᠠᠯ ᠭᠦᠮᠦᠵᠢᠯ ᠢ ᠶᠠᠮᠠᠷ ᠵᠠᠮ ᠵᠢᠷᠤᠮ ᠶᠢᠡᠷ ᠵᠢᠯᠤᠭᠤᠤᠠᠬᠤ ᠡᠴᠡ ᠰᠢ᠌ᠳᠤᠨ᠎ᠠ ᠭᠡᠵᠤ ᠪᠣᠳᠤᠨ᠎ᠠ ᠃

ᠰᠤᠷᠭᠠᠭᠤᠯᠢ ᠡᠴᠡ ᠳᠠᠭᠠᠭᠠᠯᠭᠠᠭᠰᠠᠨ ᠠᠰᠠᠷ ᠤᠨ ᠭᠤᠳᠤᠮ ᠪᠠ ᠠᠩᠭᠢ ᠶᠢᠨ ᠭᠡᠷ ᠢ ᠴᠢᠮᠡᠭᠯᠡᠭᠦ ᠭᠡᠴᠡᠭᠦᠤ ᠡᠭᠦᠷᠭᠡ ᠶᠢ ᠭᠦᠯᠢᠶᠡᠨ ᠠᠪᠣᠭᠰᠠᠨ ᠮᠦᠴᠡ ᠡᠴᠡ ᠣᠯᠠᠨ ᠶᠠᠭᠤᠮ᠎ᠠ ᠰᠠᠤᠠᠭᠢᠯ᠎ᠠ ᠂ ᠣᠯᠠᠨ ᠮᠠᠲ᠋ᠸᠷᠢᠶᠠᠯ ᠴᠤᠭᠯᠠᠭᠤᠯᠵᠤ ᠣᠷᠪᠠᠭᠤᠯᠤᠯ᠎ᠠ ᠂ ᠣᠯᠠᠨ ᠭᠦᠮᠤᠨ ᠲᠡᠶ ᠵᠦᠪᠯᠠᠵᠤ ᠰᠤᠷᠠᠯ᠎ᠠ ᠂ ᠣᠯᠠᠨ ᠳᠠᠭᠢᠨ ᠭᠢᠵᠤ ᠵᠠᠰᠠᠵᠤ ᠦᠵᠡᠯ᠎ᠠ ᠃ ᠳᠡᠭᠡᠭᠡᠤᠨ ᠪᠦᠭᠦ ᠠᠭᠤᠯᠭ᠎ᠠ ᠪᠠᠷ ᠨᠢ ᠮᠤᠩᠭ᠋ᠤᠯ ᠳᠡᠦᠭᠡ ᠰᠤᠶᠤᠯ ᠤᠨ ᠣᠤᠠᠬ᠎ᠠ ᠰᠠᠳᠤᠪ ᠢ ᠬᠠᠷᠠᠭᠤᠯᠬᠤ ᠬᠠᠷᠠᠯᠳᠠ ᠵᠤᠷᠢᠯᠳᠠ ᠳᠤᠭᠳᠠᠭᠠᠵᠤ ᠬᠠᠳᠠᠭᠤᠵᠢᠯᠳᠠᠢ ᠠᠵᠢᠯ ᠶᠢᠡᠨ ᠭᠦᠴᠢᠷᠳᠡᠯᠳᠡᠢ ᠡᠭᠢᠯᠡᠭᠦᠯᠦᠭ᠍ᠰᠡᠨ ᠶᠤᠮ ᠃ ᠳᠦᠴᠢ ᠶ‍ᠢᠰᠤᠨ ᠦᠪᠡᠷ ᠬᠤᠰᠢᠭᠤᠳ ᠶᠢᠡᠨ ᠪᠠᠯᠭᠡᠳᠡᠭ᠍ᠰᠡᠨ ᠂ ᠪᠢᠴᠢᠯᠭᠡ ᠵᠢᠷᠤᠭ ᠣᠶᠠᠯᠳᠤᠭᠤᠯᠤᠭᠰᠠᠨ 49 ᠣᠷᠠᠨ ᠪᠦᠳᠦᠭᠡᠯ ᠶᠢᠡᠨ ᠠᠰᠠᠷ ᠤᠨ ᠭᠤᠳᠤᠮ ᠳᠤ ᠳᠡᠭ᠍ᠳᠡᠷ ᠬᠤᠪᠢᠶᠠᠨ ᠡᠯᠭᠦᠭᠦ ᠦᠶᠡᠰ ᠰᠠᠤᠠᠭᠢᠯ ᠳᠤ ᠪᠠᠨ ᠪᠢ ᠄ 《ᠭᠡᠦᠭᠡᠤᠨ ᠤᠳ ᠮᠢᠨᠢ ᠂ ᠳᠠ ᠨᠡᠷ ᠲᠠᠭᠠᠨ ᠪᠠᠭᠠᠳᠤᠷᠯᠢᠭ ᠳᠡᠦᠭᠡ ᠪᠠᠷᠠᠭᠳᠠᠰᠢ ᠦᠭᠡᠶ ᠭᠦᠡᠵᠡᠭᠡᠢ ᠰᠤᠶᠤᠯ ᠤᠨ ᠪᠠᠭ᠎ᠠ ᠰᠠᠭ᠎ᠠ ᠵᠠᠬ᠎ᠠ ᠵᠤᠬ᠎ᠠ ᠡᠴᠡ ᠨᠢ ᠶᠠᠷᠢᠵᠤ ᠦᠭ‍ᠭᠦᠯ᠎ᠡ ᠂ ᠴᠢᠨᠠᠭᠰᠢ ᠣᠢ᠌ᠯᠠᠭᠠᠵᠤ ᠣᠬᠠᠭᠠᠷᠠᠬᠤ ᠪᠣᠯ ᠳᠠ ᠨᠡᠷ ᠤᠨ ᠵᠠᠢ᠌ᠯᠠᠭᠤᠯᠵᠤ ᠪᠣᠯᠤᠰᠢ ᠦᠭᠡᠶ ᠬᠠᠷᠢᠭᠤᠴᠠᠯᠭ᠎ᠠ ᠰᠢᠤ》 ᠭᠡᠵᠤ ᠳᠤᠭᠳᠤᠯᠤᠩᠬᠠᠨ ᠪᠣᠳᠤᠭᠰᠠᠨ ᠃ ᠳᠡᠳᠡᠭᠡᠷ ᠪᠦᠳᠦᠭᠡᠯ ᠤᠳ ᠡᠴᠡ ᠭᠡᠳᠤ ᠶᠢ ᠰᠤᠩᠭ᠋ᠤᠵᠤ ᠡ᠊ᠡᠳᠡ ᠳᠡᠭᠦᠪᠦᠷᠢᠯᠡᠭᠦ ᠳᠤ ᠪᠠᠨ ᠪᠣᠳᠤᠭᠰᠠᠨ ᠂ ᠭᠢᠭ᠍ᠰᠡᠨ ᠳᠤ ᠪᠠᠨ ᠰᠠᠤᠠᠭᠢᠯ ᠳᠦᠭᠦᠷᠡᠩ ᠪᠠᠢ᠌ᠨ᠎ᠠ ᠭᠡᠳᠡᠭ᠌ ᠶᠢᠡᠨ ᠡ᠊ᠡᠳᠡ ᠶᠠᠷᠢᠮᠠᠷ ᠪᠠᠢ᠌ᠨ᠎ᠠ ᠃

ᠮᠤᠩᠭ᠋ᠤᠯ ᠪᠣᠯ ᠪᠠᠶᠠᠯᠢᠭ ᠭᠦᠨ ᠴᠢᠯᠠᠭᠤᠨ ᠰᠤᠶᠤᠯ ᠲᠡᠶ ᠦᠨᠳᠦᠰᠦᠳᠠᠨ ᠶᠤᠮ ᠃ ᠠᠯᠢ ᠡᠷᠳᠡ 1225 ᠣᠨ ᠤ ᠦᠶ᠎ᠡ ᠪᠠᠷ ᠪᠣᠭᠳᠠ ᠴᠢᠩᠭᠢᠰ ᠤᠨ ᠪᠠᠭᠠᠳᠤᠷ ᠳᠡᠭᠦᠤ ᠳᠠᠢ᠌ᠯ ᠪᠣᠭᠳᠠ ᠬᠠᠰᠠᠷ ᠤᠨ ᠭᠦᠤ ᠶ‍ᠢᠰᠦᠩᠭᠡ 335 ᠠᠯᠳᠠᠰ ᠤᠨ ᠬᠠᠷᠠᠯᠳᠠ ᠶᠢ ᠣᠨᠤᠬᠤᠯᠠᠷ ᠴᠢᠯᠠᠭᠤᠨ ᠳᠤ ᠰᠠᠢ᠌ᠯᠵᠤ ᠳᠡᠮᠳᠡᠭᠯᠡᠨ ᠡᠳᠦᠭᠡ ᠭᠦᠷᠴᠡᠢ ᠃ ᠮᠤᠩᠭ᠋ᠤᠯ ᠨᠤᠳᠤᠭ ᠤᠨ ᠮᠢᠨᠢ ᠠᠯᠢ ᠴᠤ ᠨᠤᠳᠤᠭ ᠣᠷᠤᠨ ᠳᠤ ᠳᠦᠭᠡᠭ᠍ᠰᠡᠨ ᠬᠠᠳᠠᠨ ᠵᠢᠷᠤᠭ ᠂ ᠱᠠᠩᠳᠤ ᠶᠢᠨ ᠰᠢᠷ᠎ᠠ ᠳᠠᠯ᠎ᠠ ᠶᠢᠨ ᠰᠢᠷᠬ᠎ᠠ ᠲᠡᠶ ᠭᠦᠮᠤᠨ ᠴᠢᠯᠠᠭᠤ ᠂ ᠣᠭᠰᠠᠭᠠᠨ ᠤ ᠣᠠᠳᠠᠷᠠᠰᠢ ᠦᠭᠡᠶ ᠮᠥᠩᠭᠡ ᠭᠠᠯ ᠢ ᠦᠶ᠎ᠡ ᠳᠠᠮᠵᠢᠨ ᠳᠦᠷᠡᠯᠵᠢᠭᠦᠯᠦᠭ᠍ᠰᠡᠨ ᠳᠤᠯᠭ᠎ᠠ ᠶᠢᠨ ᠭᠤᠷᠪᠠᠨ ᠴᠢᠯᠠᠭᠤ ᠭᠡᠭᠦᠴᠢᠯᠡᠨ ᠡᠳᠦᠷ ᠳᠤᠳᠤᠮ ᠤᠨ ᠠᠮᠢᠳᠤᠷᠠᠯ ᠡᠴᠡ ᠪᠠᠨ ᠥᠷᠯᠦᠭ᠌ ᠲᠦᠷᠦ ᠶᠢᠨ ᠳᠠᠮᠠᠭ᠎ᠠ ᠭᠦᠷᠳᠡᠯ᠎ᠡ ᠂ ᠴᠢᠯᠠᠭᠤᠨ ᠳᠤ ᠰᠢᠩᠭᠡᠵᠤ ᠂ ᠴᠢᠯᠠᠭᠤᠳ ᠰᠢᠭ ᠬᠠᠳᠠᠭᠤᠵᠢᠨ ᠮᠥᠩᠭᠡᠵᠢᠭ᠍ᠰᠡᠨ ᠪᠠᠢ᠌ᠳᠠᠭ ᠃ ᠦᠨᠡᠳᠠᠢ ᠦᠪ ᠴᠠᠨᠠᠳᠠᠢ ᠴᠠᠳᠢᠭ ᠶᠢᠡᠨ ᠴᠢᠯᠠᠭᠤᠨ ᠳᠡᠭᠡᠷ᠎ᠡ ᠰᠠᠢ᠌ᠯᠵᠤ ᠥᠯᠡᠳᠡᠭᠡᠳᠡᠭ᠌ ᠰᠤᠶᠤᠯᠳᠤ ᠳᠡᠭᠡᠳᠦᠰ ᠲᠡᠶ ᠳᠤ ᠪᠠᠨ ᠪᠢ ᠳᠤᠡᠭ᠌ ᠣᠮᠤᠭᠰᠢᠳᠠᠭ ᠃ ᠳᠡᠭᠡᠭᠦ ᠪᠠᠷ ᠶᠠᠰᠤ ᠴᠢᠰᠤᠨ᠎ᠠ ᠨᠡᠪᠴᠢᠭ᠍ᠰᠡᠨ ᠰᠤᠶᠤᠯ ᠤᠨ ᠣᠳᠤᠮᠰᠢᠯ ᠠᠷᠠᠠᠰᠢᠨ ᠶᠢᠡᠷ ᠰᠤᠨᠢᠨ ᠭᠤᠶᠤ ᠴᠢᠯᠠᠭᠤ ᠬᠠᠷᠠᠭᠳᠠᠭᠰᠠᠭᠠᠷ ᠰᠠᠢ᠌ᠯᠵᠤ ᠣᠷᠠᠯᠠᠶ᠎ᠠ ᠭᠡᠵᠤ ᠰᠠᠨᠠᠳᠠᠭ ᠃ ᠳᠠᠷᠠ ᠳᠤᠰᠤᠮ ᠶᠢᠡᠨ ᠮᠤᠩᠭ᠋ᠤᠯ ᠰᠤᠶᠤᠯ ᠤᠨ ᠪᠠᠢ᠌ᠭᠠᠯᠢᠯᠢᠭ ᠣᠤᠷ ᠴᠢᠨᠠᠷ ᠢ ᠮᠦᠷᠳᠠᠵᠤ ᠂ ᠴᠢᠯᠠᠭᠤᠨ ᠤ ᠣᠤᠯ ᠭᠡᠯᠪᠠᠷᠢ ᠳᠦᠷᠭᠦ ᠶᠢ ᠴᠢᠳᠠᠬᠣᠢ᠌ᠴᠠ ᠬᠠᠳᠠᠭᠠᠯᠠᠨ ᠰᠡᠢ᠌ᠯᠭᠦ ᠶᠢ ᠣᠠᠴᠠ ᠠᠩᠬᠠᠷᠳᠠᠭ ᠃ ᠶᠡᠭᠡ ᠮᠤᠩᠭ᠋ᠤᠯ ᠣᠯᠤᠰ ᠪᠠᠢ᠌ᠭᠤᠯᠤᠭᠳᠠᠭᠰᠠᠨ ᠨᠢ᠋ᠮᠠᠨ ᠵᠠᠭᠤᠨ ᠵᠢᠯ ᠤᠨ ᠣᠢ ᠂ ᠣᠢ᠌ᠭᠤᠷᠵᠢᠨ ᠮᠤᠩᠭ᠋ᠤᠯ ᠥᠰᠦᠭ᠌ ᠮᠢᠨᠢ ᠲᠦᠷᠦ ᠶᠢᠨ ᠥᠰᠦᠭ᠌ ᠪᠣᠯᠤᠭᠰᠠᠨ ᠨᠢ᠋ᠮᠠᠨ ᠵᠠᠭᠤᠨ ᠵᠢᠯ ᠤᠨ ᠣᠢ ᠶᠢᠨ ᠳᠤᠷᠠᠰᠬᠠᠯᠳᠤ ᠶᠡᠭᠡ ᠪᠠᠶᠠᠷ ᠲᠤ ᠵᠤᠷᠢᠭᠤᠯᠤᠨ ᠳᠤᠰᠬᠠᠢ᠌ᠯᠠᠨ ᠣᠷᠠᠯᠠᠵᠤ ᠰᠡᠢ᠌ᠯᠦᠭ᠍ᠰᠡᠨ ᠂ ᠵᠢᠴᠢ ᠪᠣᠰᠤᠳ ᠣᠯᠠᠨ ᠳᠠᠮᠠᠭ᠎ᠠ ᠰᠠᠢ᠌ᠯᠤᠮᠠᠯ ᠢ ᠡ᠊ᠡᠳᠡ ᠰᠤᠩᠭ᠋ᠤᠨ ᠳᠡᠭᠦᠪᠦᠷᠢᠯᠡᠯ᠎ᠡ ᠃ ᠪᠦᠰᠡᠭᠦᠢ ᠂ ᠴᠢᠯᠠᠭᠤ ᠬᠤᠶᠠᠷ ᠶᠠᠷᠢᠯᠴᠠᠵᠤ ᠬᠠᠷᠢᠯᠴᠠᠭᠰᠠᠨ ᠪᠦᠳᠦᠭᠡᠯ ᠳᠤ ᠮᠢᠨᠢ ᠣᠷ᠎ᠠ ᠠᠪᠢᠶᠠᠰ ᠬᠤᠮᠰᠠᠳᠠᠭᠰᠠᠨ ᠪᠠᠢ᠌ᠵᠤ ᠮᠠᠳᠠᠨ᠎ᠠ ᠂ ᠢᠳᠠ ᠳᠠᠮᠢᠷ ᠳᠤᠳᠠᠭᠳᠠᠭᠰᠠᠨ ᠪᠠᠢ᠌ᠵᠤ ᠪᠣᠯᠤᠨ᠎ᠠ ᠂ ᠭᠡᠪᠠᠴᠤ ᠨᠢᠭᠡ ᠣᠷᠠᠨ ᠪᠢᠴᠢᠯᠭᠡᠳᠡᠨ ᠳᠤ ᠠᠪᠴᠤ ᠭᠡᠯᠡᠪᠠᠯ ᠣᠷᠠᠨ ᠪᠦᠳᠦᠭᠡᠯ ᠨᠢ ᠳᠡᠭᠦᠨ ᠤ ᠶᠠᠪᠣᠵᠤ ᠥᠩᠭᠡᠷᠡᠭᠦᠯᠦᠭ᠍ᠰᠡᠨ ᠳᠡᠦᠭᠡ ᠶᠢᠨ ᠣᠯᠠ ᠮᠦᠷ ᠤᠨ ᠠᠭᠰᠢᠭᠠᠯ ᠬᠤᠷᠢᠶᠠᠩᠭ᠋ᠣᠢ᠌ᠯᠠᠯ ᠂ ᠮᠦᠨ ᠴᠤ ᠨᠠᠰᠤᠨ ᠳᠤᠷᠰᠢᠭᠢ ᠴᠥᠭᠦᠷᠡᠵᠤ ᠴᠤᠴᠠᠰᠢ ᠦᠭᠡᠶ ᠡᠷᠢᠯ ᠭᠦᠭᠡᠭᠡᠴᠡᠯᠳᠦᠯ ᠤᠨ ᠭᠢᠨᠢ ᠪᠠᠷᠢᠮᠳᠠ ᠳᠡᠮᠳᠡᠭᠯᠡᠯ ᠪᠣᠯᠳᠠᠭ ᠣᠴᠢᠷ ᠰᠠᠤᠠᠭᠢᠯ ᠤᠨ ᠳᠠᠮᠢᠷ ᠮᠠᠨᠢ ᠳᠠᠨᠢᠭᠢᠷ ᠴᠢᠯᠠᠭᠤ ᠰᠢᠭ ᠣᠶᠠᠨ ᠬᠠᠳᠠᠨ ᠪᠠᠢ᠌ᠯ᠎ᠠ ᠭᠡᠳᠡᠭ᠌ ᠢ ᠣᠯᠳᠤᠢ ᠪᠦᠳᠦᠭᠡᠯ ᠤᠳ ᠮᠠᠨᠢ ᠭᠡᠷᠡᠴᠢᠯᠡᠭᠦ ᠪᠣᠯᠪᠠ ᠦᠦ ᠭᠡᠮᠡᠨ ᠳᠠᠭᠠᠤᠠᠬᠠᠵᠤ ᠪᠣᠢ ᠃

ᠠᠯᠪᠠᠨ ᠡᠴᠡ ᠡᠷᠭᠢᠯᠡᠭ᠍ᠰᠡᠨ ᠡᠢ᠌ᠮᠤ ᠳᠠᠢ᠌ᠮᠤ ᠥᠵᠡᠭᠦᠯᠦᠯᠭᠡ ᠭᠠᠷᠭᠠᠯᠭ᠎ᠠ ᠳᠤ ᠣᠨᠤᠭᠳᠠᠭᠰᠠᠨ ᠣᠷᠠᠯᠠᠯ ᠪᠢᠴᠢᠭᠡᠰᠤ ᠨᠤᠭᠤᠳ ᠶᠢᠡᠨ ᠵᠠᠬ᠎ᠠ ᠳᠠᠷᠠᠭᠠᠯᠠᠨ ᠰᠢᠭ᠍ᠰᠢᠵᠤ ᠳᠤᠩᠭ᠋ᠠᠬᠤ ᠳᠤ ᠪᠠᠨ ᠳᠤᠤᠱᠳᠠᠢ ᠰᠢᠰᠲ᠋ᠸᠮᠵᠢᠵᠤ ᠳᠡᠢ᠌ᠯᠦᠭᠡ ᠦᠭᠡᠶ ᠂ ᠢᠯᠠ ᠨᠢᠭᠤᠴᠠᠭᠠᠢ ᠰᠤᠶᠤᠯᠯᠢᠭ ᠭᠡᠯᠭᠢᠶ᠎ᠡ ᠪᠦᠷᠢᠯᠳᠦᠭᠡ ᠦᠭᠡᠶ ᠶᠠᠭᠤᠮ᠎ᠠ ᠴᠤ ᠨᠠᠯᠢᠶᠠᠤᠨ ᠪᠠᠢ᠌ᠵᠠᠢ ᠭᠡᠳᠡᠭ᠌ ᠢ ᠳᠠᠨᠢᠵᠤ ᠣᠬᠠᠭᠠᠷᠠᠬᠤ ᠳᠤ ᠪᠠᠨ ᠭᠦᠩᠭᠡᠨ ᠬᠠᠭᠤᠮᠠᠭᠠᠢ ᠥᠩᠭᠡᠷᠡᠭᠡᠵᠤ ᠣᠳᠤᠭᠰᠠᠨ ᠡᠳᠦᠷ ᠬᠤᠨᠤᠭ ᠤᠳ ᠶᠢᠡᠨ ᠥᠭᠡᠢ᠌ᠯᠡᠨ᠂ ᠬᠠᠷᠠᠮᠰᠠᠯ ᠤᠨ ᠳᠦᠯᠦᠭᠡᠨ᠎ᠡ ᠳᠡᠮᠳᠡᠭᠯᠡᠨ ᠬᠤᠴᠤᠷᠭᠠᠬᠤ ᠶᠢ ᠴᠤ ᠰᠠᠨᠠᠨᠠᠮ ᠃

《ᠭᠡᠳᠦᠢ ᠦᠨᠳᠦᠰᠦᠳᠠᠨ ᠤ ᠪᠣᠯᠬᠤ ᠳᠤᠳᠤᠮ ᠳᠠᠳᠤᠢ ᠳᠡᠯᠡᠭᠡᠢ ᠶᠢᠨ ᠪᠣᠯᠳᠠᠭ》 ᠭᠡᠳᠡᠭ᠌ ᠃ ᠭᠡᠳᠦᠢ ᠦᠪᠡᠷ ᠤᠨ ᠪᠣᠯᠬᠤ ᠳᠤᠳᠤᠮ ᠳᠠᠳᠤᠢ ᠦᠨᠳᠦᠰᠦᠳᠠᠨ ᠤ ᠪᠣᠯᠳᠠᠭ ᠪᠣᠯᠪᠠ ᠦᠦ ᠭᠡᠵᠤ ᠪᠢ ᠣᠢ᠌ᠯᠠᠭᠠᠳᠠᠭ ᠃ ᠳᠤᠶᠠᠭ᠎ᠠ ᠨᠠᠷ᠎ᠠ ᠪᠠᠷ ᠭᠡᠪᠯᠡᠭ᠍ᠳᠡᠨ ᠭᠠᠷᠬᠤ ᠪᠦᠳᠦᠭᠡᠯ ᠤᠳ ᠤᠨ ᠮᠠᠨᠢ ᠣᠤᠠᠬ᠎ᠠ ᠣᠴᠢᠷ ᠦᠨ᠎ᠡ ᠥᠷᠳᠡᠭ᠌ ᠨᠢ ᠦᠨᠳᠦᠰᠦᠳᠠᠨ ᠶᠠᠰᠤᠳᠠᠨ ᠤ ᠰᠤᠶᠤᠯ ᠳᠤ ᠣᠳᠤᠮ ᠳᠠᠮᠠᠭᠠᠯᠠᠭᠰᠠᠨ ᠭᠦᠭᠡ ᠳᠤᠯᠪᠣ ᠂ ᠣᠷᠮᠠᠰ ᠣᠶᠠᠩᠭ᠋ᠠᠷᠠᠬᠤ ᠴᠠᠭᠠᠨ ᠳᠤᠯᠤᠭᠠᠢ ᠮᠠᠳᠤ ᠂ ᠱᠥᠷᠭᠡᠢ ᠳᠦᠭᠦᠭᠡᠢ ᠴᠤ ᠣᠩᠰᠢᠭᠴᠢ ᠲᠦᠮᠡᠨ ᠤ ᠪᠠᠨ ᠠᠯᠳᠠᠨ ᠮᠠᠯᠮᠠᠢ ᠳᠤ ᠳᠠᠭᠠᠰᠢᠶᠠᠭᠳᠠᠵᠤ ᠠᠵᠠ ᠶᠢᠨ ᠳᠡᠭ᠍ᠷᠢ ᠳᠤ ᠢᠪᠠᠭᠡᠭ᠍ᠳᠡᠪᠠᠯ ᠳᠡᠭ᠍ᠷᠢᠯᠢᠭ᠌ ᠮᠤᠩᠭ᠋ᠤᠯ ᠰᠤᠶᠤᠯ ᠮᠢᠨᠢ ᠳᠡᠦᠡᠭᠦᠵᠤ ᠬᠠᠢ᠌ᠷᠠᠯᠠᠭᠰᠠᠨ ᠭᠡᠮᠡᠨ ᠰᠠᠤᠠᠭᠢᠯ ᠭᠦᠢᠴᠡᠨ᠎ᠡ ᠃

ᠪᠦᠳᠦᠭᠡᠯ ᠮᠠᠨᠢ ᠨᠤᠮ ᠪᠣᠯᠵᠤ ᠭᠡᠪᠯᠡᠭ᠍ᠳᠡᠭᠦ ᠶᠠᠪᠣᠴᠠ ᠳᠤ ᠣᠯᠠᠨ ᠰᠠᠢ᠌ᠬᠠᠨ ᠭᠦᠮᠦᠰ ᠤᠨ ᠬᠠᠢ᠌ᠷ᠎ᠠ ᠬᠠᠯᠠᠮᠵᠢ ᠶᠢ ᠭᠦᠷᠳᠡᠭ᠍ᠰᠡᠨ ᠪᠢᠯᠠ ᠂ ᠡᠡᠳᠡ ᠪᠢ ᠰᠠᠤᠠᠭᠢᠯ ᠤᠨ ᠴᠠᠭᠠᠨ ᠬᠠᠳᠠᠭ ᠶᠢᠡᠨ ᠳᠡᠯᠭᠡᠵᠤ ᠂ ᠳᠤᠰ ᠳᠠᠪᠳᠠᠷ ᠢ ᠳᠡᠭᠦᠪᠦᠷᠢᠯᠡᠵᠤ ᠨᠠᠢ᠌ᠷᠠᠭᠤᠯᠬᠤ ᠶᠠᠪᠣᠴᠠ ᠳᠤ ᠳᠡᠦᠡᠭᠦᠵᠤ ᠳᠠᠮᠵᠢᠵᠤ ᠶᠠᠪᠣᠭᠰᠠᠨ ᠭᠤᠷᠯᠤᠳ ᠬᠠᠰᠪᠠᠷᠰ ᠂ ᠡᠷᠳᠡᠮᠳᠤ ᠂ ᠪ᠊·ᠵᠤᠷᠢᠭᠳᠤ ᠂ ᠪᠣᠶᠠᠠᠳᠤᠭᠳᠠᠬᠤ ᠵᠡᠷᠭᠡ ᠮᠤᠩᠭ᠋ᠤᠯᠴᠢ ᠡᠷᠳᠡᠮᠳᠡᠳ ᠪᠠ ᠭᠦᠡᠳᠦᠳᠤ ᠪᠠᠭᠰᠢ ᠪᠠᠢ ᠪᠦᠭᠡ ᠂ ᠳ·ᠪᠣᠶᠠᠨ ᠂ ᠳᠦᠪᠭᠡᠷᠡᠯᠳᠤ ᠂ ᠬᠠᠭᠤᠴᠢᠬᠦ᠋ᠤ ᠂ ᠵᠠᠯᠠᠭᠤ ᠰᠢᠯᠦᠭ᠍ᠴᠢ ᠳᠠᠮᠤᠷᠪᠠᠭᠠᠨ᠎ᠠ ᠂ ᠳ᠋᠊·ᠡᠷᠳᠡᠨᠢᠪᠠᠭᠠᠨ᠎ᠠ ᠂ ᠬᠠᠮᠳᠤ ᠠᠵᠢᠯᠯᠠᠭᠴᠢ ᠳᠤᠩᠭ᠋ᠠᠯᠠᠭ ᠂ ᠨᠠᠷᠠ ᠵᠢᠴᠢ ᠳᠤᠭᠤᠨᠤ ᠲᠡᠶ ᠭᠡᠷ ᠲᠤ ᠳᠤᠯᠤᠭᠠᠢ ᠬᠤᠯᠪᠤᠨ ᠳᠤᠰᠤ ᠲᠡᠶ ᠳᠤᠭᠤᠭᠠᠨ ᠳᠤ ᠬᠤᠰᠢᠭᠤ ᠬᠤᠯᠪᠣᠭᠰᠠᠨ 《ᠨᠠᠷᠠᠨ ᠤ ᠥᠭᠡᠳᠡᠰᠤ》 ᠥᠷᠦᠭᠡ ᠳᠤ ᠮᠢᠨᠢ ᠡᠭᠦᠷᠢᠳᠡ ᠶᠢᠨ ᠳᠦᠰᠢᠭ᠌ ᠳᠤᠯᠭᠠᠭᠤᠷᠢ ᠪᠣᠯᠤᠭᠰᠠᠨ ᠠᠯᠳᠠᠠᠬᠤᠶᠠᠭ ᠠᠪᠣᠭᠠᠢ ᠂ ᠬᠠᠢ᠌ᠷᠠᠳᠤ ᠬᠤᠶᠠᠷ ᠦᠬᠢᠨ ᠦᠷ᠎ᠡ ᠣᠠᠳᠤᠷᠤᠮᠠᠯ ᠂ ᠥᠭᠡᠳᠡ ᠨᠡᠷ ᠲᠤ ᠪᠠᠨ ᠴᠢᠩ ᠰᠠᠤᠠᠭᠢᠯ ᠤᠨ ᠪᠠᠶᠠᠷ ᠳᠠᠯᠠᠷᠬᠠᠯ ᠶᠢᠡᠨ ᠥᠵᠦᠭ᠌ ᠶᠢᠡᠷ ᠪᠢᠰᠢ ᠦᠷᠦ ᠪᠠᠷ ᠶᠢᠡᠨ ᠂ ᠥᠰᠦᠭ᠌ ᠶᠢᠡᠷ ᠪᠣᠰᠤ ᠰᠠᠤᠠᠭᠢᠯ ᠶᠢᠡᠷ ᠶᠢᠡᠨ ᠳᠡᠮᠳᠡᠭᠯᠡᠵᠤ ᠥᠯᠡᠳᠡᠭᠡᠶ᠎ᠡ ︕

ᠮᠤᠩᠭ᠋ᠤᠯ ᠪᠢᠴᠢᠭ᠌ ᠮᠢᠨᠢ ᠰᠦᠯᠳᠡ ᠪᠣᠰᠤᠭ᠎ᠠ ᠳᠦᠷᠢ ᠪᠠᠷ ᠶᠢᠡᠨ ᠶ‍ᠢᠷᠳᠢᠠᠴᠤ ᠶᠢᠨ ᠬᠠᠷᠠᠭᠠᠨ᠎ᠠ ᠮᠥᠩᠭᠡᠷᠡᠭᠦ ᠪᠣᠯᠳᠤᠭᠠᠢ ︕

 

ᠵᠤᠬᠢᠶᠠᠭᠴᠢ ᠡᠴᠡ

2006 ᠣᠨ ᠤ 7 ᠰᠠᠷ᠎ᠠ

ᠤᠢ᠌ᠷ᠎ᠠ ᠶᠢᠨ ᠰᠡᠭᠦᠳᠡᠷ

ᠬᠠᠷᠢᠶ᠎ᠠ᠄ ᠪᠢᠴᠢᠯᠭᠡ ᠵᠢᠷᠤᠭ
ᠳᠠᠷᠤᠮ᠄ 19277
ᠴᠠᠭ᠄ 2016 ᠤᠨ ᠤ 01 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ