ᠨᠡᠪᠲᠡᠷᠡᠨ ᠤᠷᠤᠬᠤ
ᠶᠡᠬᠡ ᠳᠦᠷᠦ ᠶᠢᠨ ᠨᠡᠬᠦᠳᠡᠯ


︱ ᠶᠡᠬᠡ ᠶᠤᠧᠨᠨ ᠤ ᠲᠥᠷᠤ ᠶᠢᠨ ᠪᠣᠭᠣᠮᠳᠠ ᠡᠴᠡ ᠭᠠᠷᠣᠭᠰᠠᠨ 640 ᠵᠢᠯ ᠤᠨ ᠣᠢ ᠳᠤ ᠵᠤᠷᠢᠭᠣᠯᠪᠠ


ᠮᠢᠩᠭ᠎ᠠ ᠭᠣᠷᠪᠠᠨ ᠵᠠᠭᠣᠨ ᠵᠢᠷᠠᠨ ᠨᠢ᠋ᠮᠠᠨ ᠣᠨ ᠤ ᠢᠯᠡᠬᠥᠤ ᠲᠣᠯᠣᠭᠠᠨ ᠰᠠᠷ᠎ᠠ ᠳᠤ
ᠮᠢᠨᠣ ᠡᠪᠥᠬᠡ ᠲᠠᠶ᠋‍ᠢᠳᠣ ᠡᠴᠡ ᠰᠠᠯᠵᠣ ᠰᠢᠷ᠎ᠠ ᠲᠠᠯ᠎ᠠ ᠶᠢ ᠵᠤᠷᠢᠪᠠ
ᠮᠢᠨᠳᠠᠰᠣᠨ ᠵᠢᠯᠣᠭᠣ ᠡᠯᠠᠩᠬᠡᠶ᠋‍ᠢᠷᠡᠨ ᠰᠣᠠᠵᠣ ᠲᠥᠷᠣᠬᠡᠨ ᠰᠣᠷ ᠲᠠᠰᠣᠷᠬᠠᠶ᠋‍ᠢᠳᠠᠨ
ᠮᠠᠩᠨᠣᠭ ᠲᠠᠪᠠᠯ ᠰᠠᠮᠠᠷᠠᠨ ᠵᠤᠯᠠᠷᠠᠵᠣ ᠮᠠᠯᠠᠭᠠᠢ ᠭᠣᠳᠣᠯ ᠭ᠍ᠬᠢᠷᠲᠦᠵᠦᠬᠥᠢ᠂
ᠮᠠᠩᠬᠠᠨ ᠵᠠᠮ ᠡᠯᠣᠶ᠋‍ᠢᠷᠠᠨ ᠡᠵᠡᠬᠦᠢᠷᠡᠵᠦ ᠠᠶᠠᠨ ᠤ ᠴᠣᠪᠣᠭ᠎ᠠ ᠣᠷᠳᠣ
ᠮᠠᠯ ᠣᠨᠣᠭ᠎ᠠ ᠮᠦᠬᠡᠷᠡᠨ ᠣᠷᠢᠯᠠᠯᠳᠣᠵᠣ ᠠᠮᠤ ᠬᠦᠨᠡᠰᠤ ᠬᠣᠮᠰᠠ
ᠮᠠᠭᠰᠢᠨ ᠪᠦᠵᠢᠭ᠍ᠯᠡᠭ᠍ᠰᠡᠨ ᠠᠭᠣᠯᠠ ᠣᠰᠣᠨ ᠡᠲᠦᠬᠡ ᠲᠣᠪ ᠲᠣᠭᠣᠢ ᠲᠦᠩᠰᠣᠶ᠋‍ᠢᠯᠴᠠᠨ
ᠮᠠᠨᠠᠷᠠᠭᠰᠠᠨ ᠪᠣᠷᠣ ᠲᠣᠭᠣᠰᠣᠨ ᠤ ᠲᠣᠮᠳᠠᠬᠢ ᠶᠡᠬᠡ ᠨᠡᠬᠥᠳᠡᠯ ᠢ ᠪᠠᠷᠠᠯᠠᠨᠠᠮ︕
ᠲᠥᠷᠤ ᠶᠢᠨ ᠲᠠᠮᠠᠭ᠎ᠠ ᠵᠢᠷᠥᠬᠡᠨ ᠲᠥᠰᠢᠶ᠎ᠡ ᠡᠪᠣᠷ ᠲᠣᠳᠣᠷ᠎ᠠ ᠨᠢ ᠲᠥᠭ᠍ᠳᠦᠢᠵᠦ
ᠲᠥᠷᠥᠭᠰᠡᠨ ᠨᠣᠳᠣᠭ ᠠᠯᠣᠰ ᠲᠡᠷᠳᠡᠬᠡ ᠬᠦᠬᠡᠷᠡᠨ ᠬᠦᠷᠠᠩᠳᠥᠨ ᠬᠠᠷᠠᠭᠳᠠᠨᠠᠮ
ᠲᠥᠮᠨ ᠲᠥᠷᠪᠡᠨ ᠮᠢᠩᠭ᠎ᠠ ᠪᠣᠵᠢᠬᠢᠨᠠᠭᠰᠠᠨ ᠴᠠᠭ ᠲᠥᠷᠤ ᠶᠢᠨ ᠦᠢᠮᠡᠬᠡᠨ ᠳᠤ
ᠲᠦᠪᠯᠡᠨ ᠰᠠᠭᠣᠷᠢᠰᠢᠠᠠᠰᠠᠨ ᠨᠠᠶ᠋‍ᠢᠰᠯᠠᠯ ᠨᠢᠬᠡᠠᠳᠡ ᠲᠠᠶ᠋‍ᠢᠨ ᠤ ᠣᠳᠣᠭᠠᠨ᠎ᠠ ᠵᠠᠯᠬᠢᠭᠳᠠᠪᠠᠢ
ᠣᠷᠢᠳᠣ ᠶᠢᠨ ᠪᠠᠭᠠᠳᠣᠳ ᠤᠨ ᠪᠦᠲᠦᠬᠡᠭ᠍ᠰᠡᠨ ᠣᠶ᠋‍ᠢᠯᠠᠰ ᠬᠠᠷᠠᠬᠣ ᠶᠢᠨ ᠵᠠᠭᠣᠷ᠎ᠠ ᠬᠠᠵᠠᠶ᠋‍ᠢᠵᠣ
ᠣᠯᠠᠭᠠᠨ ᠴᠢᠰᠤ ᠪᠠᠷ ᠢᠶᠡᠨ ᠪᠣᠰᠬᠠᠭᠰᠠᠨ ᠲᠥᠷᠤ ᠦᠵᠡᠵᠦ ᠪᠠᠶ᠋‍ᠢᠳᠠᠯ᠎ᠠ ᠵᠠᠳᠠᠷᠠᠪᠠ
ᠣᠬᠠᠭᠠᠠᠳᠣ ᠬᠠᠭᠠᠨ ᠤ ᠣᠬᠠᠭᠠᠨ ᠬᠡᠵᠦ ᠬᠡᠳᠥᠢ ᠪᠠᠶ᠋‍ᠢᠭᠰᠠᠨ ᠴᠤ ᠬᠦᠢᠴᠡᠭ᠍ᠰᠡᠨ ᠦᠭᠡᠶ
ᠣᠯᠣᠰ ᠬᠦᠷᠥᠨ ᠵᠠᠰᠠᠭ ᠵᠠᠰᠠᠯᠳᠠ ᠶᠠᠭᠠᠬᠢᠬᠣ ᠶᠢᠨ ᠠᠷᠭ᠎ᠠ ᠦᠭᠡᠶ ᠲᠠᠮᠳᠣᠭᠷᠠᠪᠠᠢ︕
ᠬᠡᠮᠰᠢᠯ ᠰᠢᠯᠥᠭ ᠢᠶᠡᠨ ᠲᠠᠷᠠ ᠮᠠᠨᠢ ᠮᠣᠷᠢᠨ ᠨᠢᠷᠣᠭᠣᠨ ᠲᠡᠬᠡᠷ᠎ᠡ ᠪᠢᠴᠢᠵᠣ
ᠬᠡᠷ ᠤᠨ ᠴᠠᠳᠢᠭ ᠤᠨ ᠢᠶᠡᠨ ᠬᠠᠭᠣᠳᠠᠰᠣᠨ ᠳᠤ ᠬᠠᠪᠴᠢᠭᠣᠯᠵᠣ ᠲᠠᠯᠪᠢᠭᠰᠠᠨ ᠬᠡᠷᠡᠭ
ᠬᠡᠨᠡᠳᠡᠯ᠂ ᠡ᠊ᠠᠳᠠᠯ᠂ ᠬᠠᠭᠠᠴᠠᠯ ᠡᠴᠡ ᠪᠣᠯᠣᠭᠰᠠᠨ ᠮᠢᠩᠭ᠋ᠠᠨ ᠣᠨ ᠤ ᠬᠠᠷᠠᠮᠰᠠᠯ ᠨᠢ
ᠬᠡᠬᠡᠨ ᠮᠡᠷᠬᠡᠨ ᠬᠣᠶ᠋‍ᠢᠴᠢᠰ ᠲᠣᠨᠢ ᠰᠣᠷᠭᠠᠮᠵᠢ ᠪᠣᠯᠣᠭ ᠡ ᠬᠡᠰᠡᠨ ᠪᠢᠵᠠ︕
ᠶᠤᠧᠨᠨ ᠤ ᠲᠥᠷᠤ ᠶᠢᠨ ᠣᠮᠠᠷᠠᠰᠢ ᠨᠡᠬᠥᠭ᠍ᠰᠡᠨ ᠣᠭ ᠦᠨᠳᠥᠰᠤ ᠶᠢ ᠰᠢᠨᠵᠢᠯᠠᠪᠠᠯ
ᠶᠠᠮᠠᠷ ᠨᠢᠬᠡᠨ ᠬᠡᠨᠡᠳᠳᠡ ᠶᠢᠨ ᠬᠦᠴᠦᠨ᠎ᠠ ᠢᠪ ᠲᠥᠯᠬᠢᠭ᠍ᠳᠡᠭ᠍ᠰᠡᠨ ᠪᠣᠰᠣ
ᠢᠯᠵᠠᠷᠠᠯ ᠲᠣᠷᠣᠶ᠋‍ᠢᠳᠠᠯ ᠬᠦᠠᠲᠦ ᠨᠣᠴᠢᠳᠠᠢ᠂ ᠲᠣᠳᠣᠭᠠᠳᠣ ᠵᠦᠷᠢᠴᠡᠯ ᠶᠡᠬᠡ
ᠶᠠᠷᠰᠢᠭ ᠲᠦᠪᠡᠭ᠌ ᠳᠠᠪᠬᠤᠷ ᠳᠠᠪᠬᠤᠷ ᠶᠠᠪᠣᠳᠠᠯ ᠪᠦᠬᠥᠨ᠎ᠡ ᠴᠠᠯᠠᠭᠠᠶ᠋‍ᠢᠳᠠᠪᠠ᠃
ᠲᠥᠷᠤ ᠶᠢᠨ ᠡᠵᠠᠨ ᠲᠥᠷᠤ ᠳᠡᠭᠡᠨ ᠬᠠᠠᠳᠣᠬᠣ ᠦᠭᠡᠶ ᠲᠠᠮᠣᠷ ᠴᠠᠭᠠᠷᠢᠭ ᠣᠷᠠᠯᠠᠵᠣ
ᠲᠥᠰᠢᠮᠡᠯ ᠰᠠᠢᠳ ᠵᠠᠰᠠᠭ ᠲᠤᠷ ᠦᠢᠯᠡᠴᠢᠯᠡᠬᠥ ᠦᠭᠡᠶ ᠨᠠᠮ ᠰᠥᠯᠪᠡᠬᠡ ᠪᠠᠶ᠋‍ᠢᠭᠣᠯᠣᠨ᠎ᠠ᠃
ᠲᠥᠮᠡᠨ ᠢᠷᠬᠡᠥᠨ ᠤᠨ ᠣᠷᠣᠰᠢᠨ ᠲᠣᠭᠳᠠᠨᠢᠯ ᠲᠠᠳᠠᠨ ᠤ ᠰᠠᠨᠠᠭᠠᠨ ᠳᠤ ᠫᠠᠳ ᠦᠭᠡᠶ
ᠲᠥᠷᠥᠭᠰᠡᠨ ᠪᠠᠶ᠎ᠠ ᠶᠢᠨ ᠠᠮᠣᠷ ᠵᠢᠷᠭᠠᠯ ᠢ ᠶᠠᠭᠣᠨ ᠡᠴᠡ ᠴᠤ ᠡᠷᠬᠢᠮ ᠪᠣᠯᠭᠠᠵᠣᠬᠣᠢ᠃
ᠡᠴᠢᠬᠡ ᠬᠦᠪᠡᠬᠥᠨ ᠡᠰᠡᠷᠬᠥᠯᠡᠨ ᠲᠣᠯᠵᠣ ᠬᠡᠨ ᠬᠡᠨ ᠢᠶᠡᠨ ᠲᠠᠭᠠᠰᠢᠶᠠᠬᠣ ᠦᠭᠡᠶ
ᠡ᠊ᠠᠳᠠ ᠲᠠᠠᠳᠠᠬᠢ ᠵᠠᠩᠵᠣᠨ ᠲᠥᠰᠢᠮᠡᠥᠨ ᠠᠯᠢ ᠠᠯᠢᠨ ᠢᠶᠡᠨ ᠲᠣᠭᠣᠬᠣ ᠦᠭᠡᠶ
ᠡᠶ᠋‍ᠢᠮᠣ ᠲᠠᠶ᠋‍ᠢᠮᠣ ᠲᠥᠷᠤ ᠶᠢᠨ ᠬᠡᠷᠡᠭ ᠲᠤ ᠨᠢᠬᠡᠳᠥᠯ ᠲᠦᠪᠯᠡᠷᠡᠯ ᠪᠠᠶ᠋‍ᠢᠬᠣ ᠦᠭᠡᠶ
ᠢᠳᠡᠬᠡᠯ ᠵᠢᠷᠣᠮ᠂ ᠬᠠᠣᠯᠢ ᠵᠠᠷᠯᠠᠯ ᠬᠡᠵᠦ ᠵᠠᠰᠠᠭ ᠨᠣᠶᠠᠳ ᠣᠶ᠋‍ᠢᠰᠢᠶᠠᠬᠣ ᠦᠭᠡᠶ᠃
ᠭᠠᠯᠵᠠᠭᠣ ᠡᠳᠡᠬᠡᠥᠨ ᠲᠣᠬᠢᠶᠠᠯ ᠢ ᠵᠠᠪᠰᠢᠨ ᠵᠢᠳᠠ ᠰᠠᠯᠠᠮ᠎ᠠ ᠡᠷᠬᠥᠯᠴᠡᠵᠦ
ᠭᠠᠵᠢᠭᠣ ᠰᠣᠷᠭᠠᠯ ᠢᠶᠡᠷ ᠬᠦᠮᠥᠰ ᠢ ᠮᠡᠬᠡᠯᠡᠨ ᠦᠨᠳᠥᠰᠣᠳᠡᠨ ᠤ ᠵᠦᠷᠢᠴᠡᠯ ᠢ ᠬᠣᠷᠴᠠᠳᠬᠠᠪᠠ
ᠭᠠᠳᠠᠭᠠᠳᠣ ᠲᠣᠳᠣᠭᠠᠳᠣ ᠬᠠᠮᠰᠠᠭ᠎ᠠ ᠨᠠᠶ᠋‍ᠢᠯᠠᠨ ᠲᠠᠶ᠋‍ᠢᠳᠣ ᠶᠢ ᠪᠣᠯᠢᠶᠠᠨ ᠡᠵᠠᠯᠠᠵᠣ
ᠭᠠᠯ ᠣᠳᠣᠭ᠎ᠠ ᠲᠡᠭ᠍ᠷᠢ ᠲᠣᠯᠵᠣ ᠶᠠᠯ᠎ᠠ ᠨᠢᠬᠥᠯ ᠣᠯᠠᠩᠭ᠋ᠠᠰᠪᠠ
ᠱᠠᠩᠳᠣ ᠬᠣᠳᠠ ᠶᠢ ᠭᠠᠯᠳᠠᠨ ᠲᠠᠭᠣᠰᠬᠠᠵᠣ ᠢᠩᠴᠡᠨᠭ᠌ ᠪᠠᠯᠭᠠᠰᠣᠨ ᠢ ᠲᠦᠢᠪᠡᠬᠡᠨ
ᠰᠢᠷ᠎ᠠ ᠲᠠᠯ᠎ᠠ ᠶᠢ ᠬᠢᠰᠬᠢᠯᠠᠨ ᠲᠠᠯᠬᠢᠵᠣ ᠬᠣᠯᠠᠨ ᠰᠢᠷᠭ᠎ᠠ ᠶᠢ ᠰᠣᠴᠢᠭᠠᠪᠠ
ᠱᠠᠰᠢᠨ ᠰᠢᠳᠥᠯᠬᠡ ᠨᠣᠮ ᠰᠣᠳᠣᠷ ᠠᠯᠢ ᠪᠦᠬᠥᠨ ᠢ ᠴᠥᠯᠪᠡᠵᠦ
ᠰᠢᠷᠬᠠᠯᠠᠵᠣ ᠬᠣᠴᠣᠷᠣᠭᠰᠠᠨ ᠬᠦᠮᠥᠨ ᠴᠢᠯᠠᠭᠣᠨ ᠤ ᠲᠣᠯᠣᠭᠠᠢ ᠶᠢ ᠬᠦᠷᠳᠡᠯ᠎ᠡ ᠴᠠᠪᠴᠢᠵᠣᠬᠣᠢ
ᠬᠠᠯᠠᠭᠣᠨ ᠵᠠᠭᠣᠷ᠎ᠠ ᠪᠠᠨ ᠨᠢᠬᠡᠣᠠᠬᠥ ᠦᠭᠡᠶ ᠬᠣᠪᠢ ᠬᠣᠪᠢ ᠪᠠᠨ ᠬᠦᠬᠡᠬᠡᠴᠡᠯᠲᠦᠪᠡᠯ
ᠬᠠᠮᠣᠭ ᠪᠦᠬᠥᠨ ᠢᠶᠡᠨ ᠠᠯᠳᠠᠬᠣ ᠶᠢᠨ ᠲᠠᠭᠠᠤ ᠬᠡᠰᠡᠭ ᠬᠡᠰᠡᠭ ᠢᠶᠡᠷ ᠵᠠᠯᠬᠢᠭᠳᠠᠨᠠᠮ︕
ᠬᠠᠷᠢ ᠬᠦᠷᠥᠨ ᠢ ᠲᠥᠪᠰᠢᠳᠬᠡᠬᠥ ᠲᠣᠮᠳᠠ ᠬᠠᠷᠬᠢᠰ ᠵᠠᠯᠢᠬᠠᠢ ᠶᠢ ᠦᠯᠠᠳᠡᠬᠡᠪᠡᠯ
ᠬᠠᠷᠢᠨ ᠴᠤ ᠬᠣᠣᠷ ᠤᠨ ᠦᠨᠳᠥᠰᠤ ᠪᠣᠯᠵᠣ ᠬᠠᠳᠠᠭᠣ ᠬᠠᠷᠢᠭᠣ ᠣᠯᠬᠣ ᠶᠣᠮ ᠪᠠᠶ᠋‍ᠢᠨ᠎ᠠ᠃
ᠲᠥᠷᠤ ᠶᠢᠨ ᠶᠡᠬᠡ ᠣᠰᠣᠯ ᠡᠴᠡ ᠶᠡᠬᠡ ᠨᠡᠬᠥᠳᠡᠯ ᠬᠦᠳᠡᠯᠵᠦ
ᠲᠡᠣᠬᠡ ᠶᠢᠨ ᠨᠢᠬᠡᠨ ᠬᠠᠭᠣᠳᠠᠰᠣᠨ᠎ᠠ ᠬᠡᠮᠰᠢᠯ ᠪᠣᠯᠣᠨ ᠬᠣᠴᠣᠷᠪᠠᠢ
ᠲᠠᠷᠠ ᠶᠡᠬᠡ ᠬᠡᠮᠰᠢᠯ ᠡᠴᠡ ᠶᠡᠬᠡ ᠣᠬᠠᠭᠠᠷᠠᠯ ᠣᠷᠭᠣᠵᠣ
ᠲᠥᠷᠢᠮᠡᠬᠡᠢ ᠬᠠᠷᠬᠢᠰ ᠤᠨ ᠡᠰᠡᠷᠬᠥ ᠬᠡᠷᠡᠮ ᠪᠣᠯᠣᠨ ᠬᠦᠠᠳᠡᠯᠢᠰᠪᠡᠢ︕
ᠶᠤᠧᠨᠨ ᠤ ᠲᠥᠷᠤ ᠲᠠᠶ᠋‍ᠢᠳᠣ ᠡᠴᠡ ᠨᠡᠬᠥᠭ᠍ᠰᠡᠨ ᠴᠤ ᠮᠣᠩᠭ᠋ᠣᠯ ᠤᠨ ᠦᠨᠳᠥᠷᠯᠢᠭ᠌᠌ ᠲᠤ ᠲᠦᠪᠯᠡᠨ
ᠶᠠᠷᠣ ᠪᠣᠰᠣ ᠶᠢᠨ ᠰᠦᠷ ᠬᠦᠴᠥᠨ ᠢᠶᠡᠷ ᠬᠡᠳᠥᠨ ᠵᠠᠭᠣᠨ ᠢ ᠲᠠᠮᠵᠢᠪᠠ
ᠢᠩᠽᠤᠢᠨᠭ᠌ ᠬᠠᠭᠠᠨ ᠢ ᠪᠠᠷᠢᠴᠠᠭᠠᠯᠠᠨ ᠮᠢᠡᠭ ᠤᠨ ᠰᠠᠭᠣᠷᠢ ᠶᠢ ᠭᠣᠶ᠋‍ᠢᠪᠢᠭᠣᠯᠵᠣ
ᠶᠢᠷᠳᠢᠨᠴᠣ ᠶᠢᠨ ᠬᠠᠭᠠᠰ ᠢ ᠡᠵᠡᠷᠬᠡᠨ 《 ᠣᠮᠠᠷᠠᠳᠣ ᠶᠤᠧᠨᠨ 》 ᠬᠡᠮᠡᠨ ᠠᠯᠳᠠᠷᠰᠢᠪᠠᠢ
ᠬᠣᠵᠢᠮ ᠤᠨ ᠦᠷᠡᠰ ᠨᠢ ᠲᠡᠣᠬᠡ ᠶᠢᠨ ᠬᠡᠷᠡᠭ ᠢᠶᠡᠷ ᠰᠣᠷᠭᠠᠮᠵᠢ ᠠᠪᠣᠭᠰᠠᠨ ᠪᠦᠬᠡᠰᠦ
ᠬᠣᠶ᠋‍ᠢᠨ᠎ᠠ᠂ ᠡᠮᠣᠨ᠎ᠠ᠂ ᠵᠠᠬᠥᠨ᠂ ᠪᠠᠷᠠᠭᠣᠨ ᠬᠡᠵᠦ ᠵᠦᠭ᠌ ᠵᠦᠭ᠌ ᠲᠡᠭᠡᠨ ᠵᠢᠣᠠᠬᠥᠯᠲᠦᠬᠥ ᠦᠦ︖
ᠬᠣᠭᠣᠷᠣ ᠬᠣᠭᠣᠷᠣᠠᠳᠣ ᠪᠠᠨ ᠬᠠᠭᠠᠴᠠᠨ ᠵᠠᠳᠠᠷᠠᠵᠣ ᠡᠷᠬᠡ ᠠᠰᠢᠭ ᠲᠡᠮᠠᠴᠡᠯᠳᠥᠭᠰᠡᠨ ᠡᠴᠡ
ᠬᠣᠶ᠋‍ᠢᠬᠤᠷ ᠮᠠᠠᠵᠣ ᠶᠢᠨ ᠣᠷᠠᠬᠠᠨ ᠳᠤ ᠣᠨᠠᠵᠣ ᠬᠠᠷᠢ ᠶᠢᠨ ᠪᠣᠭᠣᠯ ᠪᠣᠯᠵᠣᠬᠣᠢ︕
ᠣᠷᠴᠢᠮ ᠤᠨ ᠵᠢᠯ ᠡᠴᠡ ᠮᠣᠩᠭ᠋ᠣᠯ ᠣᠷᠣᠨ ᠶᠠᠪᠣᠬᠣ ᠲᠣᠳᠣᠮ ᠢᠪᠴᠣᠷᠠᠵᠣ
ᠣᠳᠣ ᠪᠣᠯᠬᠣ ᠳᠤ ᠲᠥᠷᠤ ᠪᠠᠶ᠋‍ᠢᠳᠣᠭᠠᠢ ᠬᠡᠷ ᠨᠡᠬᠥᠬᠥ ᠳᠤ ᠴᠤ ᠬᠦᠴᠢᠷᠳᠡᠪᠡ
ᠣᠷᠣᠰᠢᠨ ᠰᠠᠭᠣᠷᠢᠰᠢᠠᠠᠴᠢ ᠮᠠᠯᠴᠢᠳ ᠬᠦᠷᠳᠡᠯ᠎ᠡ ᠰᠣᠶᠣᠯ ᠠᠬᠣᠢ ᠪᠠᠨ ᠠᠯᠳᠠᠵᠣ
ᠣᠷᠣᠨ ᠨᠣᠳᠣᠭ ᠡᠴᠡ ᠪᠠᠨ ᠠᠯᠪᠠ ᠪᠠᠷ ᠰᠢᠬᠠᠭᠳᠠᠨ ᠲᠡᠨᠦᠬᠥᠯ ᠢᠷᠬᠡᠥᠨ ᠪᠣᠯᠵᠣ ᠪᠣᠢ︕
ᠪᠦᠯᠬᠥᠮᠳᠡᠯ ᠨᠢᠠᠠᠳᠠᠷᠠᠯ ᠰᠣᠯᠠᠷᠠᠭᠰᠠᠭᠠᠷ ᠡᠶ᠋‍ᠢᠮᠣ ᠪᠣᠯᠳᠠᠭ ᠤᠨ ᠰᠢᠯᠳᠠᠭᠠᠨ ᠢ
ᠪᠣᠭᠣᠷᠣᠯ ᠲᠡᠣᠬᠡ ᠮᠠᠨ ᠳᠤ ᠣᠳᠠᠭ᠎ᠠ ᠲᠠᠷᠠᠭᠠᠯᠠᠨ ᠰᠢᠪᠡᠨᠡᠭ᠍ᠰᠠᠬᠡᠷ
ᠪᠣᠭᠳᠠ ᠶᠢᠨ ᠠᠷᠢᠭᠣᠨ ᠰᠣᠷᠭᠠᠯ ᠢᠶᠡᠷ ᠣᠶ᠋‍ᠢᠯᠠᠰ ᠤᠨ ᠮᠦᠷ ᠢᠶᠡᠨ ᠬᠦᠳᠥᠯᠬᠥ ᠶᠢ
ᠪᠣᠰᠣᠭ᠎ᠠ ᠰᠣᠶᠣᠯᠳᠣ ᠣᠭᠰᠠᠭᠠᠳᠠᠳ ᠮᠠᠨᠢ ᠠᠩᠬᠠᠷᠣᠨ ᠠᠵᠢᠶᠠᠪᠠᠰᠣ ᠵᠤᠬᠢᠮᠣᠢ︕


ᠵᠤᠬᠢᠶᠠᠭᠴᠢ ᠶᠢᠨ ᠬᠠᠶ‍ᠢᠭ᠄ ᠲᠠᠳᠮ᠎ᠠ ᠣᠷᠠᠯᠢᠭ ᠤᠨ ᠰᠣᠷᠭᠠᠭᠣᠯᠢ

ᠵᠤᠬᠢᠶᠠᠭᠴᠢ᠄ ᠰᠤᠩᠷᠠᠢ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 8233
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ