ᠨᠡᠪᠲᠡᠷᠡᠨ ᠤᠷᠤᠬᠤ
ᠵᠢᠪᠡ ᠲᠡᠢ ᠨᠠᠮᠤᠷ

ᠬᠠᠭᠣᠷᠠᠢ ᠰᠡᠮᠡᠷᠡᠭ᠍ᠰᠡᠨ ᠲᠡᠭ᠍ᠷᠢ ᠶᠢᠨ ᠬᠠᠶᠠᠭ᠎ᠠ ᠡᠮᠵᠢᠵᠣ

ᠣᠯᠠᠪᠣᠷ ᠡᠬᠥᠯᠡᠰ ᠨᠠᠷᠠ ᠪᠠᠨ ᠬᠠᠰᠢᠵᠣ ᠰᠣᠪᠣᠷᠭᠠᠯᠠᠨ᠎ᠠ

ᠬᠠᠪᠣᠷ ᠤᠨ ᠢᠷᠡᠭ᠍ᠰᠡᠨ ᠭᠠᠯᠠᠭᠣᠳ ᠨᠣᠳᠣᠭ ᠡᠵᠡᠬᠦᠢᠷᠡᠬᠥᠯᠵᠦ

ᠨᠠᠮᠣᠷ ᠡᠴᠡ ᠪᠠᠨ ᠡᠷᠳᠠ ᠪᠣᠴᠠᠨ᠎ᠠ

ᠬᠠᠮᠢᠭᠠᠰᠢ ᠪᠡᠯᠴᠢᠬᠥ ᠪᠠᠨ ᠮᠡᠳᠡᠬᠥ ᠦᠭᠡᠶ ᠬᠣᠨᠢᠨ ᠰᠥᠷᠥᠭ

ᠬᠠᠰᠢᠶᠠᠨ ᠲᠣᠮᠳᠠ ᠲᠣᠭᠣᠢ᠌ᠷᠠᠨ᠎ᠠ

ᠬᠠᠮᠢᠭ᠎ᠠ ᠡᠴᠡ ᠢᠷᠡᠭ᠍ᠰᠡᠨ ᠢ ᠮᠡᠳᠡᠬᠥ ᠦᠭᠡᠶ ᠰᠠᠷᠢᠭᠠᠴᠢᠳ

ᠬᠠᠰᠢᠶᠠᠨ ᠭᠠᠳᠠᠨ᠎ᠠ ᠠᠷᠬᠠᠢ᠌ᠯᠴᠠᠨ᠎ᠠ

ᠠᠪᠣ ᠶᠢᠨ ᠮᠦᠩᠬᠥᠨ ᠰᠠᠠᠴᠢᠭ ᠲᠤ ᠲᠠᠮᠠᠬᠢᠨ ᠣᠳᠣᠭ᠎ᠠ ᠡᠪᠰᠢᠶᠠᠵᠣ

ᠬᠡᠨ ᠳᠤ ᠴᠤ ᠬᠡᠯᠡᠵᠦ ᠲᠡᠢᠯᠬᠥ ᠦᠭᠡᠶ ᠭᠣᠨᠢᠭ ᠨᠢᠳᠣᠨ ᠳᠤ ᠮᠠᠨᠠᠠᠳᠣᠨ᠎ᠠ

ᠬᠠᠳᠥᠯᠡᠨᠭ᠌ ᠶᠢᠠᠨ ᠦᠬᠡᠢ᠌ᠯᠡᠭ᠍ᠰᠡᠨ ᠰᠠᠠᠳᠣᠤ ᠶᠢᠨ ᠢᠷ ᠲᠤ ᠵᠢᠪᠠ ᠰᠠᠭᠣᠵᠣ

ᠬᠠᠩᠭ᠋ᠠᠢ ᠶᠢᠨ ᠲᠠᠯ᠎ᠠ ᠶᠢᠨ ᠭᠠᠰᠢᠭᠣᠨ ᠨᠠᠮᠣᠷ ᠰᠠᠯᠬᠢᠨ ᠬᠦᠶᠥᠳᠡᠯ ᠲᠡᠶ ᠢᠷᠠᠨ᠎ᠠ


ᠵᠤᠬᠢᠶᠠᠭᠴᠢ ᠶᠢᠨ ᠬᠠᠶ‍ᠢᠭ᠄ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ ᠤ ᠪᠠᠶᠠᠨᠮᠠᠩᠬ᠎ᠠ ᠲᠣᠮᠳᠠᠳᠣ ᠰᠣᠷᠭᠠᠭᠣᠯᠢ

ᠵᠤᠬᠢᠶᠠᠭᠴᠢ᠄ ᠬᠤᠤᠰᠪᠤᠯᠠᠭ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 8439
ᠴᠠᠭ᠄ 2009 ᠤᠨ ᠤ 04 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ