☆ ᠮ᠂ᠡᠷᠬᠢᠮ
ᠮᠤᠩᠭ᠋ᠤᠯ ᠭᠡᠷ
ᠪᠦᠮᠪᠥᠷᠴᠡᠭ ᠲᠡᠬᠡᠷ᠎ᠡ ᠪᠠᠭᠣᠯᠭᠠᠨ ᠠᠪᠣᠭᠰᠠᠨ
ᠬᠦᠬᠡ ᠲᠡᠭ᠍ᠷᠢ ᠶᠢᠨ ᠬᠠᠭᠣᠯᠪᠣᠷᠢ
ᠪᠦᠳᠥᠨ ᠪᠠᠢ᠌ᠭᠠᠯᠢ ᠪᠠᠨ ᠮᠠᠨᠠᠵᠣ ᠪᠣᠰᠣᠭᠰᠠᠨ
ᠬᠦᠷᠢᠶ᠎ᠡ ᠲᠣᠭᠣᠢ ᠵᠠᠶᠠᠭ᠎ᠠ
ᠲᠡᠭ᠍ᠷᠢ ᠭᠠᠵᠠᠷ ᠲᠤ ᠠᠳᠠᠯᠢᠬᠠᠨ ᠢᠪᠡᠬᠡᠯ ᠲᠡᠶ
ᠪᠣᠷᠣᠭᠵᠢᠭᠣᠨ ᠭᠣᠸ᠎ᠠ ᠦᠵᠡᠯᠳᠡ
ᠲᠡᠣᠬᠡ ᠰᠣᠳᠣᠷ ᠲᠤ ᠡᠡᠰᠢᠬᠥᠢ ᠲᠡᠮᠳᠡᠭᠯᠡᠭᠳᠡᠭᠰᠡᠨ
ᠴᠣᠯ ᠲᠣᠭᠣᠷᠢᠭ ᠰᠡᠳᠬᠢᠬᠥᠢ
ᠲᠡᠬᠡᠷ᠎ᠡ ᠪᠠᠨ ᠦᠬᠡᠯᠥᠨ ᠨᠠᠷᠠ ᠲᠣᠨᠣᠷᠠᠭᠣᠯᠣᠭᠰᠠᠨ
ᠭᠠᠯᠪᠠ ᠶᠢᠨ ᠲᠣᠳᠣᠷᠠᠬᠢ ᠭᠠᠯᠪᠠ
ᠲᠡᠷᠬᠡᠳᠡ ᠪᠠᠨ ᠡᠷᠳᠠᠨᠢ ᠶᠢᠨ ᠬᠦᠯᠥᠭ ᠲᠠᠪᠬᠢᠭᠣᠯᠣᠭᠰᠠᠨ
ᠭᠠᠵᠠᠷ ᠤᠨ ᠬᠠᠰᠣᠨ ᠵᠢᠷᠣᠭ
ᠪᠠᠭᠣᠴᠠ ᠰᠠᠭᠣᠷᠢ ᠪᠠᠨ ᠵᠠᠢ ᠲᠠᠯᠪᠢᠭᠰᠠᠨ
ᠲᠡᠯᠠᠬᠡᠢ ᠲᠡᠯᠡᠭ᠍ᠰᠡᠨ ᠨᠡᠬᠥᠳᠡᠯ ᠤᠬᠠᠭ᠎ᠠ
ᠪᠠᠶᠠᠨ ᠲᠠᠯ᠎ᠠ ᠪᠠᠨ ᠰᠥᠷᠥᠭ ᠶᠢᠡᠷ ᠠᠮᠢᠯᠠᠭᠣᠯᠣᠭᠰᠠᠨ
ᠠᠨᠳᠠᠭᠠᠢ ᠬᠠᠳᠠᠭᠣ ᠠᠭᠣᠳᠠᠮ ᠰᠠᠨᠠᠭ᠎ᠠ
ᠡᠮᠪᠥᠷᠢᠬᠥ ᠪᠦᠮᠪᠥᠷᠴᠡᠭ ᠲᠤ ᠵᠠᠳᠠᠯᠣᠯᠳᠠ ᠬᠢᠭ᠍ᠰᠡᠨ
ᠠᠯᠢ ᠡᠷᠳᠠ ᠶᠢᠨ ᠲᠠᠯᠳᠠ ᠰᠢᠨᠵᠢᠯᠡᠬᠡᠨ
ᠡᠷᠬᠢᠬᠥ ᠣᠯᠠᠷᠢᠯ ᠳᠤ ᠣᠷᠮ᠎ᠠ ᠨᠢᠳᠥᠯᠠᠬᠥᠯᠥᠭᠰᠡᠨ
ᠣᠶᠠᠨ ᠬᠠᠳᠠᠨ ᠰᠠᠬᠢᠭᠣᠰᠣ ᠪᠣᠳᠣᠯ
ᠠᠷᠭᠠᠯ ᠤᠨ ᠭᠠᠯ ᠶᠢᠡᠷ ᠲᠣᠭᠣᠷᠭᠠ ᠪᠠᠨ ᠲᠣᠯᠠᠭᠠᠯᠠᠭᠰᠠᠨ
ᠠᠷᠢᠭᠣᠨ ᠪᠣᠮᠪᠠ ᠶᠢᠨ ᠠᠬᠣᠢ ᠰᠠᠳᠬᠢᠯ
ᠠᠢ᠌ᠷᠠᠭ ᠰᠦᠨ ᠶᠢᠡᠷ ᠠᠮᠢᠳᠣᠷᠠᠯ ᠶᠢᠠᠨ ᠲᠣᠰᠣᠯᠠᠭᠰᠠᠨ
ᠠᠽᠢᠶ᠎ᠠ ᠶᠢᠨ ᠰᠣᠳᠣᠨ ᠢᠰᠠᠬᠡᠢ ᠲᠡᠯᠠᠬᠡᠢ
ᠰᠠᠷᠠᠭᠣᠯ ᠲᠠᠯ᠎ᠠ ᠶᠢ ᠪᠠᠬᠠᠷᠬᠠᠵᠣ ᠪᠠᠭᠣᠭᠰᠠᠨ
ᠲᠡᠭ᠍ᠷᠢ ᠶᠢᠨ ᠴᠠᠭᠠᠨ ᠬᠣᠨ
ᠰᠠᠷᠠᠨ ᠬᠡᠷᠡᠯ ᠶᠢᠡᠷ ᠨᠥᠮᠥᠷᠬᠡ ᠬᠢᠭ᠍ᠰᠡᠨ
ᠲᠠᠬᠢᠨᠢ ᠶᠢᠨ ᠴᠠᠴᠠᠨ ᠦᠷᠣᠬᠡ
ᠵᠤᠬᠢᠶᠠᠭᠴᠢ ᠶᠢᠨ ᠬᠠᠶᠢᠭ᠄ ᠬᠢᠩᠭ᠋ᠠᠨ ᠠᠢ᠌ᠮᠠᠭ ᠤᠨ ᠬᠣᠷᠴᠢᠨ ᠪᠠᠷᠠᠭᠣᠨ ᠭᠠᠷᠣᠨ ᠲᠣᠮᠳᠠᠳᠣ ᠬᠣᠰᠢᠭᠣᠨ ᠤ ᠬᠦᠠᠳᠡᠯᠡᠨ ᠰᠣᠷᠭᠠᠭᠣᠯᠢ
ᠵᠤᠬᠢᠶᠠᠭᠴᠢ᠄ ᠮ᠂ᠡᠷᠬᠢᠮ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9629
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ