☆ ᠴ·ᠰᠤᠳᠤᠪᠢᠯᠢᠭ᠌
ᠮᠢᠨᠤ ᠠᠷᠠᠳ ᠤᠨ ᠳᠠᠭᠤᠤ
(ᠮᠦᠩᠬᠦᠨ ᠤᠳᠤᠨ ᠱᠠᠩᠨᠠᠯᠳᠤ)
ᠡᠵᠢ ᠶᠢᠨ ᠶᠢᠡᠨ ᠡᠪᠣᠷ ᠲᠡᠬᠡᠷ᠎ᠡ
ᠡᠷᠬᠡᠯᠡᠵᠦ ᠠᠩᠬ᠎ᠠ ᠵᠠᠯᠬᠢᠯᠠᠭᠰᠠᠨ
ᠡᠨᠠᠷᠢᠯ ᠤᠨ ᠴᠠᠭᠠᠨ ᠠᠶᠠᠯᠭᠣ
ᠡᠯᠢᠬᠡᠨ ᠪᠦᠦᠪᠡᠢ ᠡᠴᠡ ᠠᠮᠢᠯᠠᠨ
ᠡᠷᠢᠶᠠᠨ ᠬᠣᠷᠸ᠎ᠠ ᠶᠢ ᠠᠷᠭᠠᠳᠠᠭᠰᠠᠨ
ᠮᠢᠨᠣ ᠠᠷᠠᠳ ᠤᠨ ᠲᠠᠭᠣᠤ᠃
ᠵᠦᠬᠡᠯᠡᠬᠡᠨ ᠰᠢᠷᠣᠩᠬᠠᠢ ᠡᠬᠢᠯᠡᠬᠥ ᠪᠣᠯᠭᠠᠨ
ᠵᠦᠭ᠌ ᠪᠦᠷᠢ ᠶᠢᠨ ᠲᠡᠭ᠍ᠷᠢ ᠨᠢ ᠠᠶᠠᠷᠬᠠᠨ ᠮᠡᠭ᠍ᠰᠢᠵᠦ
ᠵᠦᠡᠭ ᠪᠢᠯᠢᠭ᠌ ᠤᠨ ᠴᠠᠩᠬᠡᠷ ᠬᠣᠷ᠎ᠠ ᠠᠰᠬᠠᠷᠠᠨ᠎ᠠ
ᠵᠢᠷᠭᠠᠯ ᠵᠤᠪᠠᠨᠢᠯ ᠤᠨ ᠬᠣᠶᠠᠷ ᠣᠳᠠᠰᠣ ᠪᠠᠨ ᠬᠦᠭ᠍ᠯᠡᠨ
ᠵᠢᠭᠠᠬᠠᠨ ᠰᠢᠷᠭ᠎ᠠ ᠶᠢᠨ ᠠᠯᠬᠤᠭ᠎ᠠ ᠪᠠᠷ ᠬᠦᠪᠴᠢᠯᠡᠨ ᠲᠠᠳᠠᠬᠣ ᠳᠤ
ᠵᠠᠮ ᠤᠨ ᠵᠠᠩᠬᠢᠷᠠᠭ᠎ᠠ ᠴᠤ ᠠᠶᠠᠠᠳᠠᠭᠠᠨ ᠵᠠᠳᠠᠷᠠᠨ ᠲᠠᠢ᠌ᠯᠣᠭᠳᠠᠨᠠ᠃
ᠴᠡᠬᠡᠵᠢᠨ ᠤ ᠮᠠᠨᠠᠨ᠂ ᠰᠠᠳᠬᠢᠯ ᠤᠨ ᠰᠡᠬᠥᠳᠡᠷ ᠢ
ᠴᠠᠴᠠᠨ ᠠᠶᠠᠰ ᠶᠢᠠᠷ ᠶᠢᠠᠨ ᠠᠷᠢᠭᠣᠯᠠᠵᠣ ᠠᠭᠣᠵᠢᠷᠠᠭᠣᠯᠣᠭᠰᠠᠨ
ᠴᠡᠴᠡᠭ ᠤᠨ ᠰᠢᠬᠥᠳᠡᠷᠢ᠂ ᠣᠳᠣᠳ ᠤᠨ ᠨᠢᠯᠪᠣᠰᠣ ᠶᠢ ᠴᠤ
ᠴᠡᠯᠮᠡᠭ ᠤᠬᠠᠭ᠎ᠠ ᠪᠠᠷ ᠶᠢᠠᠨ ᠠᠷᠴᠢᠨ ᠠᠮᠣᠷᠯᠢᠭᠣᠯᠣᠭᠰᠠᠨ
ᠴᠠᠭᠠᠨ ᠰᠥ᠋ ᠪᠠᠷ ᠡᠬᠡᠰᠢᠭ᠍ᠯᠡᠨ ᠰᠠᠴᠣᠷᠠᠬᠣ
ᠮᠢᠨᠣ ᠠᠷᠠᠳ ᠤᠨ ᠲᠠᠭᠣᠤ᠃
ᠡᠵᠢ ᠶᠢᠨ ᠮᠢᠨᠢ ᠰᠦᠨ ᠤ ᠦᠨᠥᠷ ᠰᠡᠪᠡᠯᠵᠡᠬᠥ ᠪᠠᠷ
ᠡᠨᠭ᠌ ᠬᠣᠷᠸ᠎ᠠ ᠴᠤ ᠲᠠᠭᠠᠵᠣ ᠡᠬᠡᠰᠢᠭ᠍ᠯᠡᠨᠡ
ᠡᠬᠡ ᠶᠢᠨ ᠠᠷᠢᠭᠣᠨ ᠰᠥ᠋᠂ ᠡᠬᠡᠰᠢᠭ᠍ᠲᠦ ᠪᠦᠦᠪᠡᠢ ᠬᠣᠶᠠᠷ
ᠡᠷ᠎ᠠ ᠪᠠᠶ᠎ᠠ ᠳᠤ ᠮᠢᠨᠢ ᠡᠷᠴᠢᠯᠠᠨ ᠲᠣᠶᠠᠭᠠᠷᠠᠨᠠ
ᠡᠮᠠᠬᠡᠯ ᠲᠡᠬᠡᠷ᠎ᠡ ᠲᠡᠷᠪᠡᠭ᠍ᠰᠡᠨ ᠢᠳᠡᠬᠡᠯ ᠲᠠᠮᠠᠣᠯᠣᠯ
ᠡᠷ᠎ᠠ ᠪᠣᠷᠣ ᠬᠠᠷᠴᠠᠭᠠᠢ ᠶᠢᠨ ᠵᠢᠬᠥᠷ ᠬᠣᠷᠴᠠᠯᠠᠨ
ᠡᠳᠣᠷ ᠰᠦᠨᠢ ᠲᠡᠶ ᠡᠥᠷᠴᠢᠯᠡᠨᠭ᠌ ᠤᠨ ᠵᠠᠢ ᠳᠤ ᠪᠢ
ᠡᠬᠥᠷᠢᠳᠡ ᠲᠠᠩᠳᠠ ᠲᠠᠭᠣᠤ ᠲᠡᠶ ᠪᠠᠨ ᠶᠠᠪᠣᠵᠣ ᠪᠠᠢ᠌ᠨ᠎ᠠ
ᠲᠠᠯ᠎ᠠ ᠶᠢᠨ ᠶᠢᠠᠨ ᠴᠡᠴᠡᠬᠡᠰ ᠲᠡᠶ ᠦᠶᠡᠷᠬᠡᠵᠦ ᠣᠷᠭᠣᠭᠰᠠᠨ
ᠲᠠᠭᠠᠨ ᠪᠠᠭ᠎ᠠ ᠶᠢᠨ ᠨᠠᠰᠣ ᠲᠡᠶ ᠪᠠᠨ ᠶᠠᠪᠣᠵᠣ ᠪᠠᠢ᠌ᠨ᠎ᠠ
ᠴᠡᠬᠡᠯ ᠤᠨ ᠣᠰᠣᠨ ᠳᠤ ᠠᠮᠣᠭᠣᠯᠠᠩᠬᠠᠨ ᠣᠮᠪᠠᠭᠰᠠᠨ
ᠴᠠᠭ ᠴᠠᠭ ᠤᠨ ᠨᠡᠬᠥᠳᠡᠯ ᠲᠡᠶ ᠪᠠᠨ ᠶᠠᠪᠣᠵᠣ ᠪᠠᠢ᠌ᠨ᠎ᠠ
ᠲᠣᠷᠠᠯᠠᠯ ᠤᠨ ᠪᠣᠯᠵᠣᠭᠠᠨ ᠳᠤ ᠮᠠᠯᠳᠠᠷᠠᠳᠠᠯᠠ ᠬᠦᠯᠢᠶᠡᠭ᠍ᠰᠡᠨ ᠠᠮᠠᠷᠠᠭ ᠤᠨ
ᠲᠣᠳᠠᠭᠣ ᠣᠷᠬᠢᠭᠰᠠᠨ ᠰᠠᠳᠬᠢᠯ ᠤᠨ ᠬᠢᠨᠢ ᠴᠣᠣᠷᠠᠢ
ᠲᠠᠭᠣᠤ ᠪᠣᠯᠵᠣ ᠨᠠᠷᠠ ᠰᠠᠷᠠᠨ ᠳᠤ ᠭᠣᠩᠬᠠᠵᠣ ᠪᠠᠢ᠌ᠨ᠎ᠠ
ᠵᠠᠶᠠᠭ᠎ᠠ ᠪᠦᠳᠥᠨ ᠡᠳᠣᠷ ᠬᠣᠨᠣᠭ ᠤᠳ ᠤᠨ ᠮᠢᠨᠢ
ᠵᠢᠷᠭᠠᠯᠳᠣ ᠮᠦᠴᠡ ᠴᠤ ᠲᠠᠭᠣᠤ ᠡᠴᠡ ᠡᠬᠢᠯᠡᠳᠡᠭ ᠪᠠᠢ᠌ᠵᠣ ᠰᠢᠤ᠃
ᠬᠣᠯᠠ ᠮᠣᠷᠳᠠᠭᠰᠠᠨ ᠠᠮᠠᠷᠠᠭ ᠬᠡᠣᠬᠡᠨ ᠤ ᠮᠢᠨᠢ
ᠬᠣᠩᠭ᠋ᠣᠷ ᠨᠣᠳᠣᠭ ᠶᠢᠠᠨ ᠰᠠᠳᠬᠢᠯ ᠡᠮᠳᠠᠷᠠᠨ ᠪᠠᠷᠠᠯᠠᠬᠣ ᠳᠤ
ᠬᠣᠶᠠᠷ ᠨᠢᠳᠣᠨ ᠡᠴᠡ ᠨᠢ ᠪᠦᠮᠪᠥᠷᠢᠭ᠍ᠰᠡᠨ ᠮᠥᠷᠣᠬᠡᠳᠥᠯ ᠤᠳ
ᠮᠢᠨᠣ ᠠᠷᠠᠳ ᠤᠨ ᠲᠠᠭᠣᠤ
ᠪᠦᠳᠥᠨ ᠬᠣᠷᠸ᠎ᠠ ᠶᠢ ᠣᠶᠠᠷᠠᠳᠠᠯ᠎ᠠ ᠬᠣᠭᠣᠷᠳᠠᠬᠣ ᠳᠤ
ᠪᠣᠳᠣᠭᠣ ᠪᠠᠨ ᠭᠣᠯᠣᠭᠰᠠᠨ ᠢᠩᠬᠡᠨ ᠲᠡᠮᠠᠬᠡᠨ ᠤ
ᠪᠣᠷᠪᠢ ᠪᠠᠨ ᠲᠠᠪᠳᠣᠳᠠᠯᠠ ᠢᠪᠢᠯᠥᠭᠰᠡᠨ ᠬᠠᠢ᠌ᠷ᠎ᠠ ᠴᠤ
ᠮᠢᠨᠣ ᠠᠷᠠᠳ ᠤᠨ ᠲᠠᠭᠣᠤ᠃
ᠲᠡᠯᠠᠬᠡᠢ ᠶᠢ ᠠᠷᠭᠠᠳᠠᠭᠰᠠᠨ ᠠᠶᠠᠯᠭᠣᠨ ᠳ᠋ᠣᠨᠢ
ᠲᠡᠬᠡᠳᠥᠰ ᠮᠢᠨᠢ ᠬᠦᠬᠡᠮᠡᠢᠯᠡᠬᠥ ᠬᠠᠷᠠᠭᠳᠠᠨ᠎ᠠ
ᠴᠠᠢ ᠶᠢᠨ ᠲᠡᠬᠡᠵᠢ ᠪᠠᠨ ᠲᠡᠭ᠍ᠷᠢ ᠳᠡᠭᠡᠨ ᠡᠷᠬᠥᠪᠡ
ᠴᠠᠯ ᠪᠣᠭᠣᠷᠣᠯ ᠡᠵᠢ ᠮᠢᠨᠢ ᠬᠠᠷᠠᠭᠳᠠᠨ᠎ᠠ
ᠡᠵᠢ ᠮᠢᠨᠢ ᠢᠪᠢᠯᠦᠬᠡ ᠠᠷᠠᠳ ᠤᠨ ᠲᠠᠭᠣᠤ ᠳᠤ
ᠡᠩᠬᠡᠷ ᠤᠨ ᠬᠢᠨᠢ ᠲᠣᠪᠴᠢ ᠨᠢ ᠬᠡᠷᠡᠯᠲᠦᠵᠦ ᠬᠠᠷᠠᠭᠳᠠᠨ᠎ᠠ᠃
ᠲᠣᠣᠯᠢᠰ ᠤᠨ ᠠᠶᠠᠯᠭᠣᠳᠣ ᠰᠠᠯᠬᠢᠨ ᠲᠣᠮᠳᠠ
ᠡᠵᠢ ᠮᠢᠨᠢ ᠣᠶᠠᠷᠠᠭᠰᠠᠭᠠᠷ ᠪᠠᠢ᠌ᠵᠣ ᠬᠣᠯᠠᠳᠠᠭ᠎ᠠ ᠦᠦ
ᠲᠠᠭᠣᠳᠣ ᠶᠢᠨ ᠴᠠᠩᠬᠡᠷ ᠬᠣᠷᠸ᠎ᠠ ᠳᠤ
ᠲᠠᠭᠣᠤ ᠪᠠᠨ ᠨᠠᠳᠠ ᠳᠤ ᠣᠷᠬᠢᠭ᠎ᠠ ᠦᠦ
ᠦᠷ᠎ᠡ ᠶᠢᠨ ᠶᠢᠡᠨ ᠡᠮᠣᠨ᠎ᠠ ᠡᠴᠡ ᠡᠵᠢ ᠮᠢᠨᠢ
ᠦᠬᠥᠯ ᠢ ᠲᠣᠰᠴᠣ ᠠᠪᠣᠭᠠᠳ ᠶᠠᠪᠣᠭᠰᠠᠨ ᠴᠤ
ᠦᠨᠦᠴᠢᠨ ᠬᠣᠴᠣᠷᠣᠭᠰᠠᠨ ᠰᠠᠳᠬᠢᠯ ᠤᠨ ᠵᠠᠢ ᠪᠠᠨ
ᠦᠷ᠎ᠡ ᠨᠢ ᠬᠡᠵᠢᠶᠡᠳᠡ ᠲᠠᠭᠣᠤ ᠪᠠᠷ ᠶᠢᠠᠨ ᠨᠦᠬᠥᠳᠡᠭ ᠤᠨ ᠣᠴᠢᠷ
ᠦᠨᠡᠨ ᠤ ᠬᠣᠷᠸ᠎ᠠ ᠳᠤ ᠡᠵᠢ ᠮᠢᠨᠢ
ᠦᠨᠢ ᠮᠦᠩᠬᠡ ᠠᠮᠢᠳᠣᠷᠠᠭᠰᠠᠭᠠᠷ ᠶᠣᠮ ᠡ᠃
ᠡᠵᠢ ᠶᠢᠨ ᠶᠢᠡᠨ ᠡᠪᠣᠷ ᠲᠡᠬᠡᠷ᠎ᠡ
ᠡᠷᠬᠡᠯᠡᠵᠦ ᠠᠩᠬ᠎ᠠ ᠵᠠᠯᠬᠢᠯᠠᠭᠰᠠᠨ
ᠡᠨᠠᠷᠢᠯ ᠤᠨ ᠴᠠᠭᠠᠨ ᠠᠶᠠᠯᠭᠣ
ᠡᠯᠢᠬᠡᠨ ᠪᠦᠦᠪᠡᠢ ᠡᠴᠡ ᠠᠮᠢᠯᠠᠨ
ᠡᠷᠢᠶᠠᠨ ᠬᠣᠷᠸ᠎ᠠ ᠶᠢ ᠠᠷᠭᠠᠳᠠᠭᠰᠠᠨ
ᠮᠢᠨᠣ ᠠᠷᠠᠳ ᠤᠨ ᠲᠠᠭᠣᠤ᠃
ᠵᠤᠬᠢᠶᠠᠭᠴᠢ ᠶᠢᠨ ᠬᠠᠶᠢᠭ᠄ ᠰᠦᠨᠢᠥᠨ ᠵᠠᠬᠥᠨ ᠬᠣᠰᠢᠭᠣᠨ ᠤ ᠲᠣᠳᠣᠭᠠᠳᠣ ᠶᠢ ᠬᠠᠮᠠᠭᠠᠯᠠᠬᠣ ᠲᠣᠪᠴᠢᠶ᠎ᠠ
ᠵᠤᠬᠢᠶᠠᠭᠴᠢ᠄ ᠴ·ᠰᠤᠳᠤᠪᠢᠯᠢᠭ᠌
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9462
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ