ᠨᠡᠪᠲᠡᠷᠡᠨ ᠤᠷᠤᠬᠤ
ᠬᠠᠭᠠᠨ ᠪᠠᠭᠠᠳᠤᠷ ᠤᠨ ᠳᠠᠯ᠎ᠠ

ᠬᠠᠳᠠᠨ ᠵᠤᠷᠢᠭᠳᠣ ᠯᠢᠭ᠍ᠳᠡᠨ ᠤ ᠨᠦᠭᠦᠳ ᠬᠦᠯᠥᠭ ᠶᠢᠡᠨ

ᠣᠮᠳᠠᠯᠠᠵᠣ ᠶᠠᠪᠣᠭᠰᠠᠨ ᠬᠠᠬᠢᠷ ᠤᠨ ᠭᠣᠣᠯ ᠬᠡᠵᠦ ᠪᠠᠢ᠌ᠳᠠᠭ᠂

ᠬᠠᠬᠢᠷ ᠤᠨ ᠭᠣᠣᠯ ᠤᠨ ᠲᠠᠯ᠎ᠠ ᠬᠡᠵᠦ ᠪᠠᠢ᠌ᠳᠠᠭ ᠡ


ᠬᠠᠮᠢᠭ᠎ᠠ ᠭᠠᠵᠠᠷ ᠡᠴᠡ ᠬᠠᠯᠢᠭᠣᠷᠠᠰᠬᠢᠨ ᠢᠷᠠᠵᠣ

ᠬᠠᠯᠬᠢᠯᠠᠬᠣ ᠰᠠᠯᠬᠢ ᠨᠢ ᠬᠢᠵᠠᠭᠠᠷ ᠵᠢᠭᠠᠭᠰᠠᠨ

ᠬᠠᠮᠢᠭ᠎ᠠ ᠳᠤ ᠴᠤ ᠭᠠᠵᠠᠷ ᠲᠤ ᠲᠥᠷᠡᠰᠬᠢᠨ

ᠬᠠᠩᠬᠢᠨᠠᠬᠣ ᠴᠢᠯᠠᠭᠣ ᠨᠢ ᠲᠡᠭ᠍ᠷᠢ ᠶᠢ ᠵᠢᠭᠠᠭᠰᠠᠨ


ᠣᠬᠠᠭᠠᠨ ᠭᠠᠳᠣᠯᠣᠨ ᠭᠣᠣᠯ ᠣᠰᠣᠨ ᠨᠢ

ᠣᠶᠠᠩᠭ᠎ᠠ ᠲᠥᠷᠢᠵᠦ

ᠨᠠᠷᠠᠨ ᠢ ᠵᠢᠭᠠᠭᠰᠠᠨ

ᠣᠨ ᠵᠠᠭᠣᠨ ᠡᠴᠡ ᠣᠷᠢᠳᠣᠭᠣᠷ

ᠣᠳᠣᠨ ᠤ ᠨᠢᠳᠣᠨ ᠳᠤ

ᠣᠷᠴᠢᠯ ᠰᠢᠬᠥᠵᠦ ᠴᠡ‍ᠭ ᠢ ᠵᠢᠭᠠᠭᠰᠠᠨ


ᠬᠡᠷᠡᠴᠢ ᠮᠠᠳᠣ ᠬᠣᠨᠢᠨ ᠴᠠᠭᠠᠨ ᠡᠬᠥᠯᠡ ᠨᠢ

ᠰᠢᠬᠥᠳᠡᠷᠢ ᠴᠡᠴᠡᠭ ᠲᠠᠭᠠᠯᠠᠯᠴᠠᠭᠰᠠᠨ ᠵᠦᠬᠡᠯᠡᠨ ᠨᠢ

ᠠᠶᠠᠯᠭᠣᠨ ᠢ ᠲᠥᠷᠥᠭᠰᠡᠨ

ᠬᠦᠶᠥᠳᠡᠯ ᠮᠠᠳᠣ

ᠮᠣᠷᠢᠨ ᠬᠦᠬᠡ ᠪᠣᠷᠣᠭᠠᠨ ᠨᠢ

ᠮᠥᠨᠳᠥᠷ ᠬᠠᠢ᠌ᠷ ᠬᠠᠷᠰᠢᠯᠳᠣᠭᠰᠠᠨ ᠬᠠᠳᠠᠨ ᠨᠢ

ᠬᠡᠯᠡ ᠶᠢ ᠲᠥᠷᠥᠭᠰᠡᠨ


ᠲᠥᠷᠪᠡᠨ ᠣᠯᠠᠷᠢᠯ ᠨᠢ ᠦᠬᠡᠨ ᠤ ᠬᠣᠷᠴᠠ ᠮᠠᠳᠣ

ᠲᠣᠮᠣᠭ ᠲᠣᠮᠣᠭ ᠢ ᠱᠣᠭᠣᠨ ᠵᠠᠰᠠᠭᠰᠠᠨ

ᠬᠦᠮᠥᠨ ᠪᠣᠷᠬᠠᠨ ᠤ ᠲᠠᠯ᠎ᠠ

ᠲᠥᠷᠣᠬᠡᠨ ᠰᠣᠷ ᠨᠢ ᠦᠨᠡᠨ ᠤ ᠪᠠᠳᠣ ᠮᠠᠳᠣ

ᠵᠠᠭᠣᠨ ᠵᠠᠭᠣᠨ ᠢ ᠡᠮᠠᠬᠡᠯ ᠳᠡᠭᠡᠨ ᠲᠡᠬᠥᠷᠥᠭᠰᠡᠨ

ᠬᠠᠭᠠᠨ ᠪᠠᠭᠠᠳᠣᠷ ᠤᠨ ᠲᠠᠯ᠎ᠠ ᠡ


ᠮᠡᠷᠬᠡᠨ ᠰᠢᠪᠠᠭᠣᠳ ᠲᠡᠶ ᠪᠣᠯᠬᠤᠷ

ᠬᠡᠨᠡᠨ ᠳᠤ ᠦᠯᠤ ᠰᠡᠪᠳᠥᠭᠴᠢ


ᠲᠣᠷᠭᠠᠨ ᠬᠣᠷᠣᠭᠣᠳ ᠲᠡᠶ ᠪᠣᠯᠬᠣᠷ

ᠭᠣᠮᠣᠳᠠᠯ ᠳᠤ ᠦᠯᠤ ᠬᠡᠮᠳᠥᠭᠴᠢ


ᠣᠷᠠᠨ ᠨᠡᠬᠥᠳᠡᠯ ᠲᠡᠶ ᠪᠣᠯᠬᠣᠷ

ᠰᠠᠯᠬᠢᠨ ᠳᠤ ᠦᠯᠤ ᠡᠪᠳᠡᠷᠡᠭ᠍ᠴᠢ


ᠮᠣᠷᠢᠨ ᠬᠣᠷᠳᠣ ᠲᠡᠶ ᠪᠣᠯᠬᠣᠷ

ᠴᠠᠭ ᠲᠤ ᠦᠯᠤ ᠣᠠᠳᠠᠷᠠᠭᠴᠢ


ᠦᠨᠢ ᠡᠷᠳᠠᠨ ᠢ ᠡᠬᠢᠯᠠᠵᠣ

ᠡᠬᠥᠷᠢ ᠬᠣᠵᠢᠮ ᠳᠤ ᠬᠦᠷᠳᠡᠭ

ᠦᠯᠢᠬᠡᠷᠲᠦ ᠲᠠᠯ᠎ᠠ

ᠣᠳᠣᠮ ᠰᠣᠳᠣᠷ ᠤᠨ ᠲᠠᠮᠠᠭᠠᠨ ᠪᠢᠴᠢᠭ᠌ ᠶᠢᠡᠷ

ᠡᠥᠷᠴᠢᠯᠡᠨᠭ᠌ ᠬᠣᠭᠣᠴᠠᠭ᠎ᠠ ᠶᠢ ᠬᠣᠷᠢᠶᠠᠭᠰᠠᠨ ᠲᠠᠯ᠎ᠠ


ᠢᠯᠳᠣᠨ ᠢᠷ᠂ ᠨᠣᠮᠣᠨ ᠬᠦᠪᠴᠢᠨ ᠶᠢᠡᠷ

ᠦᠨᠡᠨ ᠪᠠᠳᠣ ᠳᠤ ᠬᠦᠢᠴᠡᠳᠡᠭ

ᠲᠠᠭᠣᠷᠢᠰᠬᠣᠯᠠᠩᠳᠣ ᠲᠠᠯ᠎ᠠ

ᠣᠬᠠᠭᠠᠨ ᠣᠴᠠᠷᠠᠯ ᠤᠨ ᠪᠦᠳᠥᠨ ᠰᠦᠵᠢᠭ᠌ ᠶᠢᠡᠷ

ᠠᠮᠢᠨ ᠵᠠᠢ ᠶᠢ ᠲᠡᠯᠬᠡᠷᠡᠬᠥᠯᠥᠭᠰᠡᠨ ᠲᠠᠯ᠎ᠠ


ᠵᠢᠷᠭᠠᠯ ᠭᠣᠨᠢᠭ ᠬᠣᠶᠠᠷ ᠬᠦᠳᠥᠯᠥᠯᠴᠡᠵᠦ ᠢᠷᠡᠭ᠍ᠰᠡᠨ

ᠴᠠᠭᠠᠨ ᠵᠠᠮ ᠶᠢᠠᠷ

ᠬᠦᠪᠡᠭᠦᠳ ᠶᠢᠡᠨ ᠬᠦᠯ ᠳᠤ ᠣᠷᠣᠭᠣᠯᠣᠭᠰᠠᠨ

ᠡᠴᠢᠬᠡ ᠲᠠᠯ᠎ᠠ

ᠵᠢᠪᠬᠤᠯᠠᠩ ᠭᠣᠪᠠᠢ ᠬᠣᠶᠠᠷ ᠬᠠᠨᠢᠰᠠᠨ ᠲᠣᠭᠣᠯᠣᠭᠰᠠᠨ

ᠨᠣᠮᠢᠨ ᠣᠰᠣᠨ ᠶᠢᠠᠷ

ᠦᠬᠢᠥᠨ ᠶᠢᠡᠨ ᠵᠢᠰᠣ ᠣᠷᠣᠭᠣᠯᠣᠭᠰᠠᠨ

ᠡᠬᠡ ᠲᠠᠯ᠎ᠠ


ᠰᠢᠳᠣᠨ ᠢᠷᠡᠬᠥᠢ ᠳᠤ

ᠣᠯᠠᠭᠠᠨ ᠲᠣᠢ᠌ᠮᠠᠷ ᠮᠠᠳᠣ

ᠦᠶᠡᠷ ᠶᠢᠡᠷ ᠶᠢᠡᠨ ᠲᠣᠰᠣᠨᠠᠮ


ᠨᠢᠳᠣᠨ ᠰᠠᠭᠣᠬᠣᠢ ᠳᠤ

ᠬᠠᠷᠠᠩᠭ᠋ᠣᠢ ᠮᠠᠨᠠᠨ ᠮᠠᠳᠣ

ᠰᠠᠯᠬᠢ ᠪᠠᠷ ᠶᠢᠠᠨ ᠬᠠᠯᠬᠠᠯᠠᠨᠠᠮ


ᠬᠠᠢ᠌ᠷᠠᠯᠠᠬᠣ ᠳᠤ ᠯᠠ

ᠡᠩᠬᠡᠷ ᠶᠢᠡᠨ ᠲᠡᠯᠬᠡᠨᠡᠮ

ᠰᠥ᠋ ᠪᠠᠷ ᠠᠷᠢᠭᠣᠰᠬᠠᠨᠠᠮ

ᠬᠠᠷᠢᠶ᠎ᠠ ᠶᠢ ᠨᠢ

ᠲᠡᠭ᠍ᠷᠢ ᠬᠠᠷᠠᠨᠠᠮ

ᠪᠣᠷᠬᠠᠨ ᠰᠠᠬᠢᠨᠠᠮ


ᠦᠯᠤ ᠴᠣᠴᠠᠭᠴᠢ ᠬᠦᠯᠥᠭ ᠤᠨ

ᠬᠣᠷᠳᠣ ᠲᠠᠯ᠎ᠠ

ᠦᠯᠤ ᠴᠣᠴᠠᠷᠠᠭᠴᠢ ᠬᠦᠰᠡᠯ ᠤᠨ

ᠴᠣᠭᠳᠣ ᠲᠠᠯ᠎ᠠ

ᠦᠯᠤ ᠲᠡᠬᠥᠰᠥᠭᠴᠢ ᠵᠠᠮ ᠤᠨ

ᠵᠢᠯᠣᠭᠣ ᠲᠠᠯ᠎ᠠ

ᠦᠯᠤ ᠪᠦᠬᠥᠭ᠍ᠴᠢ ᠵᠤᠷᠢᠭ ᠤᠨ

ᠵᠢᠷᠥᠬᠡᠨ ᠲᠠᠯ᠎ᠠ


ᠬᠠᠮᠢᠭᠠᠰᠢ ᠴᠤ

ᠬᠠᠩᠬᠢᠨᠠᠰᠬᠢᠨ ᠴᠡᠴᠩᠯᠡᠭ᠍ᠰᠡᠨ

ᠬᠠᠳᠣᠨ ᠭᠣᠸ᠎ᠠ ᠶᠢᠨ ᠨᠣᠳᠣᠭ

ᠬᠠᠯᠳᠠᠭᠣᠯᠣᠰᠢ ᠦᠭᠡᠶ

ᠴᠠᠯᠠᠰᠬᠢᠨ ᠨᠡᠬᠡᠬᠡᠭ᠍ᠳᠡᠭ᠍ᠰᠡᠨ

ᠬᠠᠭᠠᠨ ᠪᠠᠭᠠᠳᠣᠷ ᠤᠨ ᠴᠠᠳᠢᠭ

ᠰᠠᠯᠬᠢ ᠨᠢ ᠲᠥᠷᠬᠥ ᠵᠢᠭᠠᠵᠣ

ᠣᠳᠣᠨ ᠨᠢ ᠴᠠᠭ ᠢ ᠵᠢᠭᠠᠭᠰᠠᠨ

ᠮᠢᠨᠣ ᠵᠠᠶᠠᠭᠠᠨ ᠤ ᠮᠢᠨᠢ ᠲᠠᠯ᠎ᠠ

ᠴᠢᠯᠠᠭᠣ ᠨᠢ ᠭᠠᠯ ᠵᠢᠭᠠᠵᠣ

ᠣᠰᠣ ᠨᠢ ᠠᠮᠢ ᠵᠢᠭᠠᠭᠰᠠᠨ

ᠮᠦᠩᠬᠡ ᠮᠣᠩᠭ᠋ᠣᠯ ᠤᠨ ᠮᠢᠨᠢ ᠲᠠᠯ᠎ᠠ ᠨᠣᠳᠣᠭ ᠡ︕


ᠵᠤᠬᠢᠶᠠᠭᠴᠢ ᠶᠢᠨ ᠬᠠᠶ‍ᠢᠭ᠄ ᠠᠷᠤ ᠬᠣᠷᠴᠢᠨ ᠬᠣᠰᠢᠭᠣᠨ ᠤ 124 ᠳ᠋ᠣᠬᠡᠷ ᠵᠠᠬᠢᠳᠠᠯ ᠤᠨ ᠬᠠᠢ᠌ᠷᠴᠠᠭ

ᠵᠤᠬᠢᠶᠠᠭᠴᠢ᠄ ᠬᠠ᠊᠂ᠪᠠᠳᠤᠵᠷᠭᠠᠯ
ᠢᠷᠡᠯᠲᠡ᠄ ᠬ᠂ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9621
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ