ᠨᠡᠪᠲᠡᠷᠡᠨ ᠤᠷᠤᠬᠤ
ᠮᠠᠯᠵᠢᠬᠤ ᠶᠢ ᠬᠤᠷᠢᠭᠯᠠᠵᠦ᠂ᠲᠠᠯ᠎ᠠ ᠨᠤᠳᠤᠭ ᠢ ᠪᠦᠷᠢᠮᠦᠰᠦᠨ ᠪᠢᠳᠡᠬᠦᠮᠵᠢᠯᠡᠬᠦ ᠨᠢ ᠡᠯᠡᠰᠦᠷᠭᠡᠭᠵᠢᠯ ᠢ ᠰᠡᠷᠬᠡᠢ᠌ᠯᠡᠬᠦ ᠬᠠᠮᠤᠭ ᠤᠨ ᠳᠤᠬᠢᠳᠠᠢ ᠠᠷᠭ᠎ᠠ ᠬᠡᠵᠢ ᠦᠦ

ᠲᠣᠣᠷᠯᠠᠨ ᠪᠢᠳᠡᠬᠥᠮᠵᠢᠯᠡᠬᠥ ᠨᠢ ᠲᠠᠯ᠎ᠠ ᠨᠣᠳᠣᠭ ᠤᠨ ᠡᠯᠡᠰᠥᠷᠬᠡᠭ᠍ᠵᠢᠨ ᠮᠠᠭᠣᠳᠠᠬᠣ ᠶᠢ ᠬᠣᠷᠢᠭᠯᠠᠵᠣ᠂ ᠪᠠᠶ᠋‍ᠢᠭᠠᠯᠢ ᠠᠬᠣᠢ ᠶ᠋‍ᠢᠨ ᠣᠩᠭ᠋ᠣᠨ ᠲᠥᠷᠬᠥ ᠶᠢ ᠰᠡᠷᠬᠥᠬᠡᠬᠥ ᠬᠠᠮᠣᠭ ᠤᠨ ᠲᠣᠬᠢᠷᠠᠮᠵᠢᠳᠠᠢ ᠮᠥᠷᠳᠡᠬᠡᠨ ᠬᠠᠮᠣᠭ ᠤᠨ ᠠᠷᠪᠢᠴᠢ ᠭᠠᠮᠳᠠᠢ ᠠᠷᠭ᠎ᠠ ᠠᠪᠴᠠᠯ ᠬᠡᠵᠦ ᠣᠯᠠᠩᠬᠢ ᠬᠦᠮᠥᠨ ᠳᠤ ᠲᠠᠨᠢᠭᠳᠠᠵᠣ ᠪᠠᠶ᠋‍ᠢᠨ᠎ᠠ᠃ ᠡᠬᠥᠨ ᠢ ᠬᠡᠷᠡᠴᠢᠯᠡᠬᠥ ᠵᠢᠱᠢᠶ᠎ᠠ ᠪᠠᠷᠢᠮᠳᠠ ᠴᠤ ᠪᠠᠭ᠎ᠠ ᠪᠣᠰᠣ᠃

ᠰᠢᠯᠢ ᠶᠢᠨ ᠭᠣᠣᠯ ᠠᠶ᠋‍ᠢᠮᠠᠭ ᠤᠨ ᠬᠦᠯᠦ ᠬᠦᠭᠡ (ᠰᠢᠯᠦᠭᠤᠨ ᠬᠦᠭᠡ ) ᠬᠤᠰᠢᠭᠤᠨ ᠤ ᠨᠢᠭᠡ ᠭᠠᠴᠠᠭ᠎ᠠ ᠨᠢ ᠪᠤᠯ ᠬᠤᠯᠠᠨ ᠰᠢᠷᠭ᠎ᠠ ᠲ᠋ᠠᠭ᠎ᠠ ᠶᠢᠨ ᠡᠯᠠᠰᠣᠨ ᠤ ᠬᠦᠢᠰᠥᠨ ᠳᠤ ᠪᠠᠶ᠋‍ᠢᠷᠢᠯᠠᠵᠣ᠂ ᠦᠪᠥᠷ ᠮᠣᠩᠭ᠋ᠣᠯ ᠤᠨ ᠲᠠᠯ᠎ᠠ ᠨᠣᠳᠣᠭ ᠤᠨ ᠨᠡᠢᠳᠡᠯᠢᠭ᠌ ᠣᠠᠴᠠᠯᠢᠭ ᠢ ᠬᠠᠷᠠᠭᠣᠯᠣᠭᠰᠠᠨ ᠡᠯᠡᠰᠥᠷᠬᠡᠭ᠌ ᠣᠷᠣᠨ ᠬᠡᠨ᠎ᠡ᠃ ᠵᠤ᠋ ᠮᠠᠩᠬ᠎ᠠ ᠪᠠᠷ ᠨᠢᠷᠣᠭᠣᠯᠠᠭᠰᠠᠨ ᠡᠨᠠ ᠨᠣᠳᠣᠭ ᠡᠯᠠᠰᠣ ᠪᠠᠷ ᠭᠣᠣᠯᠯᠠᠵᠣ᠂ ᠭᠣᠣᠯ ᠤᠨ ᠰᠠᠪᠠ ᠶᠢᠨ ᠲᠡᠭ᠍ᠰᠢᠬᠡᠨ ᠭᠠᠵᠠᠷ ᠨᠢ ᠪᠣᠷᠭᠠᠰᠣ ᠨᠠᠶ᠋‍ᠢᠯᠵᠠᠭᠣᠷ ᠢᠭᠴᠣᠷᠠᠭᠰᠠᠨ ᠨᠠᠮᠣᠭᠯᠢᠭ ᠴᠢᠬᠢᠭ᠍ᠯᠢᠭ᠌ ᠲᠠᠯ᠎ᠠ ᠪᠠᠶ᠋‍ᠢᠪᠠ᠃ ᠣᠷᠭᠣᠮᠠᠯ ᠤᠨ ᠲᠥᠷᠥᠯ ᠵᠦᠢᠯ ᠡᠯᠳᠡᠩ ᠪᠠᠶ᠋‍ᠢᠳᠠᠭ ᠡᠴᠡ ᠭᠣᠣᠯ ᠤᠨ ᠰᠠᠪᠠ ᠶᠢᠨ ᠮᠤ ᠪᠦᠷᠢ ᠡᠴᠡ ᠮᠠᠯᠴᠢᠳ ᠲᠠᠪᠣᠨ ᠵᠠᠭᠣᠨ ᠵᠢᠩ ᠠᠯᠢᠰᠤ ᠬᠠᠳᠣᠳᠠᠭ ᠪᠠᠶ᠋‍ᠢᠵᠠᠢ᠃ ᠬᠡᠪᠡᠴᠦ ᠣᠳᠠᠭᠠᠨ ᠵᠢᠯ ᠤᠨ ᠲᠠᠭᠠᠭᠠᠴᠠ ᠬᠡᠳᠥᠷᠥᠭᠰᠡᠨ ᠮᠠᠯᠵᠢᠯ ᠡᠴᠡ ᠪᠣᠯᠵᠣ ᠲᠠᠴᠢᠷᠳᠠᠨ ᠨᠢᠮᠬᠡᠷᠡᠵᠦ ᠡ᠊ᠠᠳᠠ ᠵᠢᠯ ᠳᠤ ᠮᠤ ᠪᠦᠷᠢ ᠡᠴᠡ ᠬᠠᠮᠣᠭ ᠤᠨ ᠪᠠᠭ᠎ᠠ ᠳᠠᠭᠠᠨ 50 ᠵᠢᠩ ᠡᠪᠠᠰᠣ ᠴᠤ ᠣᠯᠬᠣ ᠦᠭᠡᠶ ᠪᠣᠯᠵᠠᠢ᠃ ᠨᠢᠬᠡ ᠵᠢᠯ ᠲᠣᠣᠷᠯᠠᠨ ᠪᠢᠳᠡᠬᠥᠮᠵᠢᠯᠡᠵᠦ ᠮᠠᠯᠵᠢᠬᠤ ᠶᠢ ᠬᠣᠷᠢᠭᠯᠠᠭᠰᠠᠨ ᠡᠴᠠ ᠪᠣᠯᠵᠣ 2001 ᠣᠨ ᠳᠤ  80 ︱ 140 cm ᠊ᠤᠨ ᠡᠪᠠᠰᠣ ᠬᠦᠮᠥᠰ ᠢ ᠪᠠᠬᠠᠷᠳᠠᠯ᠎ᠠ ᠬᠠᠯᠢᠭᠣᠷᠠᠵᠣ᠂ ᠮᠤ ᠪᠦᠷᠢ ᠬᠠᠮᠣᠭ ᠢᠯᠡᠬᠥᠤ ᠳᠡᠭᠡᠨ ᠲᠠᠪᠣᠨ ᠮᠢᠩᠭ᠎ᠠ ᠨᠢᠬᠡ ᠵᠠᠭᠣᠨ ᠵᠢᠩ ᠠᠯᠢᠰᠤ ᠬᠣᠷᠢᠶᠠᠵᠠᠢ᠃ 2003 ᠣᠨ ᠳᠤ ᠡᠪᠠᠰᠣᠨ ᠤ ᠦᠨᠳᠥᠷ 185 cm ᠲᠣᠯᠵᠣ᠂ ᠮᠤ ᠪᠦᠷᠢ ᠶ᠋‍ᠢᠷᠭᠣᠭᠠᠨ ᠮᠢᠩᠭ᠎ᠠ ᠲᠠᠪᠣᠨ ᠵᠠᠭᠣᠨ ᠵᠢᠩ ᠠᠯᠢᠰᠤ ᠬᠣᠷᠢᠶᠠᠵᠣ᠂ ᠪᠢᠳᠡᠬᠥᠮᠵᠢᠯᠡᠬᠥ ᠡᠴᠡ ᠡᠮᠣᠨᠠᠬᠢ ᠵᠠᠭᠣ ᠭᠠᠷᠣᠢ ᠲᠠᠬᠢᠨ ᠪᠣᠯᠵᠣ᠂ ᠦᠨᠳᠥᠷ ᠣᠨᠠᠯᠳᠠ ᠲᠡᠶ ᠡᠷᠳᠠᠨᠢ ᠰᠢᠰᠢ ᠲᠠᠷᠢᠭᠰᠠᠨ ᠲᠡᠶ ᠲᠠᠩᠴᠠᠪᠠ᠃ ᠡᠨᠠ ᠪᠣᠯ ᠬᠦᠮᠥᠨ ᠢ ᠰᠣᠴᠢᠭᠠᠮ᠎ᠠ ᠬᠣᠪᠣᠷᠬᠠᠨ ᠲᠡᠮᠳᠡᠭᠯᠡᠯ ᠮᠥᠷᠳᠡᠬᠡᠨ ᠦᠨᠡᠨ ᠪᠣᠳᠠᠳᠣ ᠣᠴᠢᠷ ᠬᠡᠳᠡᠭ ᠲᠤ ᠢᠳᠡᠬᠡᠬᠡᠷᠡᠢ᠃


ᠡᠨᠠ ᠨᠢ ᠪᠦᠷᠢᠮᠥᠰᠥᠨ ᠪᠠᠶ᠋‍ᠢᠭᠠᠯᠢ ᠶᠢᠨ ᠬᠦᠴᠦ ᠦᠦ︖


ᠣᠯᠠᠩᠬᠢ ᠬᠦᠮᠥᠰ ᠲᠣᠣᠷᠯᠠᠨ ᠪᠢᠳᠡᠬᠥᠮᠵᠢᠯᠡᠬᠥ ᠨᠢ ᠵᠦᠪᠬᠡᠨ ᠬᠦᠷᠢᠶᠡᠯᠠᠪᠡᠯ ᠪᠣᠯᠴᠢᠬᠠᠳᠠᠭ ᠲᠣᠯᠠ ᠪᠠᠶ᠋‍ᠢᠭᠠᠯᠢ ᠶᠢᠨ ᠬᠦᠴᠥᠨ ᠢ ᠲᠥᠰᠢᠭ᠍ᠯᠡᠭ᠍ᠰᠡᠨ ᠲᠠᠳᠣᠢ ᠬᠡᠵᠦ ᠦᠵᠡᠳᠡᠭ᠃ ᠦᠨᠡᠨᠳᠡᠬᠡᠨ ᠲᠣᠣᠷᠯᠠᠨ ᠪᠢᠳᠡᠬᠥᠮᠵᠢᠯᠡᠵᠦ ᠪᠠᠶ᠋‍ᠢᠭ᠎ᠠ ᠨᠢ ᠬᠦᠮᠥᠨ ᠤ ᠬᠦᠴᠦ ᠪᠠᠷ ᠪᠠᠶ᠋‍ᠢᠭᠠᠯᠢ ᠠᠬᠣᠢ ᠶᠢᠨ ᠲᠠᠩᠴᠡᠬᠥᠷᠢ ᠶᠢ ᠨᠥᠯᠣᠬᠡᠯᠡᠵᠦ ᠬᠠᠷᠰᠢᠯᠠᠭᠰᠠᠨ ᠶᠠᠪᠣᠳᠠᠯ ᠶᠣᠮ᠃ ᠡᠨᠠ ᠨᠢ ᠲᠠᠯ᠎ᠠ ᠨᠣᠳᠣᠭ ᠤᠨ ᠠᠮᠢ ᠠᠬᠣᠢ ᠶᠢᠨ ᠴᠢᠬᠤᠯᠠ ᠪᠦᠷᠢᠯᠲᠦᠬᠥᠨ ᠪᠣᠯᠬᠣ ᠡᠪᠠᠷ ᠲᠣᠭᠣᠷᠠᠶ᠋‍ᠢᠳᠠᠨ  ᠢ ᠭᠠᠳᠠᠭᠣᠷᠴᠢᠯᠠᠭᠰᠠᠨ ᠡᠴᠡ ᠡᠪᠠᠰᠣ ᠣᠷᠭᠣᠮᠠᠯ ᠲᠠᠩᠴᠡᠬᠥᠷᠢ ᠠᠯᠳᠠᠨ ᠵᠠᠷᠡᠮᠳᠡᠭ ᠣᠷᠭᠣᠵᠣ᠂ ᠡᠯᠡᠰᠥᠷᠬᠡᠭ᠌ ᠭᠠᠵᠠᠷ ᠤᠨ ᠠᠭᠠᠷ ᠴᠢᠬᠢᠭ᠌ ᠨᠡᠪᠳᠡᠷᠬᠡᠢ ᠬᠦᠷᠥᠰᠤ ᠪᠠ ᠣᠳᠠᠭᠠᠨ ᠣᠨ ᠬᠣᠷᠠᠵᠣ ᠬᠣᠷᠠᠮᠳᠣᠭᠰᠠᠨ ᠠᠮᠢᠳᠠᠨ ᠤ ᠰᠢᠬᠡᠭ᠌ ᠪᠣᠷᠳᠣᠭᠣᠷ ᠤᠨ ᠬᠠᠮᠳᠣ ᠶᠢᠨ ᠣᠶ᠋‍ᠢᠯᠠᠴᠢᠯᠠᠯ ᠵᠠᠷᠬᠡ ᠨᠦᠬᠥᠴᠡᠯ ᠰᠢᠯᠳᠠᠭᠠᠨ ᠳᠤ ᠲᠥᠰᠢᠭ᠍ᠯᠡᠨ ᠣᠬᠣᠷᠬᠠᠨ ᠬᠣᠭᠣᠴᠠᠭᠠᠨ ᠤ ᠬᠡᠪ ᠤᠨ ᠪᠣᠰᠣ ᠦᠵᠡᠭ᠍ᠳᠡᠯ ᠶᠣᠮ᠂ ᠴᠢᠨᠠᠭᠰᠢᠯᠠᠨ ᠪᠠᠶ᠋‍ᠢᠭᠠᠯᠢᠯᠢ‍ᠭ ᠲᠠᠯ᠎ᠠ ᠨᠣᠳᠣᠭ ᠡᠴᠡ ᠬᠡᠮᠵᠢᠬᠥ ᠶᠢᠨ ᠠᠷᠭ᠎ᠠ ᠦᠭᠡᠶ ᠪᠠᠷ ᠲᠠᠪᠠᠭᠰᠠᠨ ᠪᠠᠶ᠋‍ᠢᠨ᠎ᠠ᠃ ᠡᠨᠠ ᠪᠣᠯ ᠮᠠᠯ ᠢ ᠭᠠᠳᠠᠭᠣᠷᠴᠢᠯᠠᠭᠰᠠᠨ ᠤ ᠲᠠᠷᠠᠭᠠᠬᠢ ᠡᠪᠳᠡᠭ᠍ᠳᠡᠭ᠍ᠰᠡᠨ ᠪᠡᠯᠴᠢᠬᠡᠷ ᠤᠨ ᠰᠢᠷᠥᠬᠥᠨ ᠲᠠᠬᠢᠯᠳᠠ ᠮᠦᠨ᠃ ᠲᠠᠭᠠᠭᠠᠴᠠ ᠡᠴᠠ ᠬᠡᠳᠥᠷᠠᠳᠡᠯ᠎ᠡ ᠮᠠᠯᠵᠢᠬᠤ ᠨᠢ ᠬᠦᠮᠥᠨ ᠤ ᠬᠦᠴᠥᠨ ᠤ ᠨᠥᠯᠣᠬᠡᠯᠡᠯ ᠡᠴᠡ ᠢᠯᠡᠷᠡᠭ᠍ᠰᠡᠨ ᠠᠮᠢ ᠠᠬᠣᠢ ᠶᠢᠨ ᠰᠢᠰᠲ᠋ᠧᠮ ᠤᠨ ᠡᠯ᠎ᠠ ᠪᠦᠷᠢᠯᠲᠦᠬᠥᠨ ᠬᠡᠰᠢᠬᠥᠨ ᠤ ᠲᠣᠭᠠᠨ ᠤ ᠬᠠᠷᠢᠴᠠᠯ ᠤᠨ ᠬᠣᠪᠢᠷᠠᠭᠠᠯᠳᠠ ᠶᠣᠮ᠃ ᠡᠨᠠ ᠲᠣᠳᠣᠷ᠎ᠠ ᠡᠯ᠎ᠠ ᠴᠢᠬᠤᠯᠠ ᠪᠦᠷᠢᠯᠲᠦᠬᠥᠨ ᠬᠡᠰᠢᠬᠥᠨ ᠪᠦᠷᠢᠮᠥᠰᠥᠨ ᠣᠰᠠᠳᠴᠣ ᠠᠷᠢᠯᠣᠭ᠎ᠠ ᠦᠭᠡᠶ᠃ ᠬᠠᠷᠢᠨ ᠲᠣᠣᠷᠯᠠᠨ ᠪᠢᠳᠡᠬᠥᠮᠵᠢᠯᠡᠵᠦ ᠮᠠᠯᠵᠢᠯ ᠢ ᠬᠢᠵᠠᠭᠠᠷᠯᠠᠭᠰᠠᠨ ᠨᠢ ᠴᠢᠬᠤᠯᠠ ᠨᠢᠬᠡ ᠪᠣᠯᠣᠭᠰᠠᠨ ᠡᠪᠠᠷ ᠲᠣᠭᠣᠷᠠᠶ᠋‍ᠢᠳᠠᠨ ᠢ ᠠᠯᠪᠠ ᠪᠠᠷ ᠦᠬᠡᠶ᠋‍ᠢᠰᠬᠡᠵᠦ᠂ ᠪᠠᠶ᠋‍ᠢᠭᠠᠯᠢᠯᠢ‍ᠭ ᠪᠦᠷᠢᠯᠲᠦᠬᠥᠨ ᠢ ᠰᠢᠨ᠎ᠠ ᠪᠠᠷ ᠲᠣᠬᠢᠷᠠᠭᠣᠯᠣᠭᠰᠠᠨ ᠲᠠᠳᠣᠢ ᠶᠣᠮ᠃ ᠢᠩᠬᠢᠵᠣ ᠬᠦᠮᠥᠨ ᠡᠴᠡ ᠪᠣᠯᠣᠭᠰᠠᠨ ᠬᠠᠷᠰᠢᠯᠠᠯ ᠨᠢ ᠦᠷᠬᠥᠯᠵᠢᠯᠡᠬᠥ ᠳᠤ ᠬᠦᠷᠪᠡᠯ ᠪᠠᠶ᠋‍ᠢᠭᠠᠯᠢ ᠳᠤ ᠣᠴᠠᠷᠠᠭᠣᠯᠬᠣ ᠬᠣᠣᠷ ᠬᠦᠨᠦᠬᠡᠯ ᠨᠢ ᠬᠡᠳᠥᠷᠠᠳᠡᠯ᠎ᠡ ᠮᠠᠯᠵᠢᠬᠤ ᠡᠴᠡ ᠬᠣᠯᠠ ᠠᠶᠣᠮᠰᠢᠭᠳᠠᠢ ᠶᠣᠮ᠃ ᠡᠶ᠋‍ᠢᠮᠣ ᠡᠴᠡ᠂ ᠪᠢᠳᠡᠬᠥᠮᠵᠢᠯᠡᠨ ᠬᠢᠵᠠᠭᠠᠷᠯᠠᠬᠣ ᠳᠤ ᠲᠥᠰᠢᠭ᠍ᠯᠠᠵᠦ ᠪᠠᠶ᠋‍ᠢᠭᠠᠯᠢ ᠶᠢᠨ ᠲᠠᠩᠴᠡᠬᠥᠷᠢ ᠶᠢ ᠰᠡᠷᠬᠥᠬᠡᠨ᠎ᠡ ᠬᠡᠳᠡᠭ ᠪᠣᠳᠠᠳᠠᠢ ᠲᠡᠶ ᠲᠣᠬᠢᠷᠠᠬᠣ ᠦᠭᠡᠶ ᠶᠣᠮ᠃

ᠲᠠᠬᠢᠪᠠᠯ ᠲᠡᠬᠡᠷᠡᠬᠢ ᠲᠣᠭ᠎ᠠ ᠪᠦᠷᠢᠳᠬᠡᠯ ᠪᠣᠯ ᠵᠦᠪᠬᠡᠨ ᠨᠠᠮᠣᠷ ᠤᠨ ᠬᠠᠳᠣᠭᠰᠠᠨ ᠠᠯᠢᠰᠣᠨ ᠤ ᠬᠡᠮᠵᠢᠶ᠎ᠡ ᠡᠴᠡ ᠪᠢᠰᠢ ᠨᠢᠬᠡ ᠶ᠋‍ᠢᠯ ᠤᠨ ᠡᠪᠠᠰᠣᠨ ᠤ ᠣᠷᠭᠣᠯᠳᠠ ᠶᠢᠨ ᠶᠡᠷᠣᠩᠬᠡᠢ ᠬᠡᠮᠵᠢᠶ᠎ᠡ ᠪᠢᠰᠢ᠃ ᠲᠠᠷᠣᠢ ᠮᠠᠯ ᠰᠥᠷᠥᠭ ᠤᠨ ᠢᠳᠡᠭ᠍ᠰᠡᠨ ᠡᠪᠠᠰᠣᠨ ᠤ ᠬᠡᠮᠵᠢᠶ᠎ᠡ ᠶᠢ ᠪᠠᠭᠳᠠᠭᠠᠭᠰᠠᠨ ᠦᠭᠡᠶ᠂ ᠲᠣᠣᠷᠯᠠᠵᠣ ᠪᠢᠳᠡᠬᠥᠮᠵᠢᠯᠡᠭ᠍ᠰᠡᠨ ᠡᠪᠠᠰᠣᠨ ᠤ ᠭᠠᠷᠣᠯᠳᠠ ᠡᠴᠡ ᠮᠠᠯ ᠤᠨ ᠢᠳᠡᠭ᠍ᠰᠡᠨ ᠢ ᠬᠠᠰᠣᠪᠠᠯ ᠪᠠᠷᠣᠭ ᠦᠯᠠᠳᠡᠬᠥ ᠶᠠᠭᠣᠮ᠎ᠠ ᠦᠭᠡᠶ ᠪᠣᠯᠣᠨ᠎ᠠ᠃ ᠵᠠᠷᠢᠮ ᠭᠠᠵᠠᠷ ᠤᠨ ᠡᠪᠠᠰᠣᠨ ᠤ ᠣᠨᠠᠯᠳᠠ ᠨᠢ ᠲᠣᠣᠷ ᠤᠨ ᠭᠠᠳᠠᠨᠠᠬᠢ ᠡᠴᠡ ᠪᠠᠰᠠ ᠲᠣᠣᠷ᠎ᠠ ᠶᠣᠮ᠃


ᠪᠠᠷᠠᠭᠳᠠᠭᠰᠠᠨ ᠲᠠᠯ᠎ᠠ ᠨᠣᠳᠣᠭ ᠢ ᠬᠡᠳᠥᠨ ᠵᠢᠯ ᠪᠢᠳᠡᠬᠥᠮᠵᠢᠯᠡᠪᠡᠯ ᠰᠡᠷᠬᠥᠴᠢᠬᠡᠨ᠎ᠡ ᠬᠡᠵᠢ ᠦᠦ︖


ᠲᠣᠣᠷᠯᠠᠨ ᠪᠢᠳᠡᠬᠥᠮᠵᠢᠯᠡᠭᠰᠡᠨ  ᠤ ᠲᠠᠷᠠᠭ᠎ᠠ ᠪᠠᠶ᠋‍ᠢᠭᠠᠯᠢ ᠠᠬᠣᠢ ᠲᠦᠷ ᠴᠠᠭ ᠰᠡᠷᠬᠥᠳᠡᠭ᠃ ᠲᠠᠷᠠ ᠨᠢ ᠪᠦᠬᠥᠯᠢ ᠴᠣᠭᠴᠠ ᠶᠢᠨ ᠰᠡᠷᠬᠥᠬᠡᠯᠳᠡ ᠡᠴᠠ ᠬᠣᠯᠠ ᠵᠠᠶ᠋‍ᠢᠳᠠᠢ ᠶᠣᠮ᠃ ᠡᠨᠠ ᠮᠠᠳᠣ ᠶᠢᠨ ᠰᠡᠷᠬᠥᠯᠳᠡ ᠨᠢ ᠵᠦᠪᠬᠡᠨ ᠤᠬᠤᠷ ᠬᠣᠭᠣᠴᠠᠭᠠᠨ ᠤ ᠪᠦᠬᠡᠥᠨ ᠲᠠᠩᠴᠡᠬᠥᠷᠢ ᠠᠯᠳᠠᠭᠰᠠᠨ ᠤ ᠢᠯᠠᠷᠠᠯ ᠶᠣᠮ᠃ ᠣᠣᠯ ᠤᠨ ᠣᠷᠭᠣᠮᠠᠯ ᠤᠨ ᠪᠦᠷᠬᠥᠪᠴᠢ ᠣᠶ᠋‍ᠢᠯᠠᠳᠣᠯ ᠢᠶᠡᠨ ᠠᠯᠳᠠᠵᠣ᠂ ᠬᠠᠷᠢᠨ ᠦᠯᠥᠨ ᠣᠷᠭᠣᠮᠠᠯ ᠶᠡᠬᠡᠬᠡᠨ ᠣᠷᠣᠨ ᠵᠠᠢ ᠡᠵᠡᠯᠠᠳᠡᠭ ᠣᠴᠢᠷ ᠡᠨᠠ ᠨᠢ ᠲᠥᠭ᠍ᠵᠢᠮᠡᠯ᠂ ᠦᠷᠣᠬᠡᠰᠥᠯ᠂ ᠲᠣᠭᠳᠠᠪᠣᠷᠢ ᠦᠭᠡᠶ ᠪᠦᠬᠡᠥᠨ ᠪᠦᠷᠢᠨ ᠲᠡᠬᠥᠰ ᠪᠢᠰᠢ ᠠᠮᠢ ᠠᠬᠣᠢ ᠶᠢᠨ ᠰᠢᠰᠲ᠋ᠧᠮ ᠶᠣᠮ᠃ ᠡᠶ᠋‍ᠢᠮᠣ ᠡᠴᠡ ᠵᠦᠪᠬᠡᠨ ᠡᠪᠠᠰᠣᠨ ᠤ ᠦᠨᠳᠥᠷ ᠤᠨ ᠬᠡᠮᠵᠢᠶ᠎ᠡ ᠪᠠ ᠨᠢᠠᠠᠳᠠᠴᠠ ᠶᠢᠨ ᠬᠡᠮᠵᠢᠶ᠎ᠡ ᠶᠢ ᠴᠢᠠᠠᠣᠯᠠᠴᠢᠯᠠᠬᠣ ᠨᠢ ᠪᠣᠷᠣᠭᠣ ᠶᠣᠮ᠃

ᠡᠯᠡᠰᠥᠷᠬᠡᠭ᠍ᠵᠢᠯ ᠪᠠ ᠡᠯᠡᠰᠥᠷᠬᠡᠭ᠍ᠵᠢᠯ ᠢ ᠰᠡᠷᠬᠡᠶ᠋‍ᠢᠯᠡᠬᠥ ᠠᠵᠢᠯ ᠳᠤ ᠣᠯᠠᠨ ᠵᠦᠢᠯ ᠤᠨ ᠮᠠᠳᠠᠭ ᠲᠡᠶ ᠠᠰᠠᠭᠣᠳᠠᠯ ᠣᠷᠣᠰᠢᠵᠣ ᠪᠠᠶ᠋‍ᠢᠨ᠎ᠠ᠃ ᠡᠯᠡᠰᠥᠷᠬᠡᠭ᠍ᠵᠢᠯ ᠢ ᠪᠠᠶ᠋‍ᠢᠭᠠᠯᠢ ᠶᠢᠨ ᠬᠦᠴᠥᠨ ᠪᠠ ᠬᠦᠮᠥᠨ ᠤ ᠬᠦᠴᠥᠨ ᠡᠴᠡ ᠪᠣᠯᠣᠭᠰᠠᠨ ᠬᠡᠵᠦ ᠠᠩᠬᠢᠯᠠᠵᠣ ᠦᠵᠡᠵᠦ ᠪᠣᠯᠣᠨ᠎ᠠ᠃ ᠡᠶ᠋‍ᠢᠮᠣ ᠡᠴᠡ ᠵᠠᠷᠢᠮ ᠬᠦᠮᠥᠰ ᠣᠷᠭᠣᠮᠠᠯ ᠤᠨ ᠪᠠᠶ᠋‍ᠢᠭᠠᠯᠢᠯᠢ‍ᠭ ᠪᠦᠷᠬᠥᠪᠴᠢ ᠲᠣᠣᠷ᠎ᠠ ᠪᠣᠶᠣ ᠪᠦᠰᠠᠲᠦ ᠴᠢᠨᠠᠷ ᠲᠡᠶ ᠪᠦᠷᠬᠥᠪᠴᠢ ︱ ᠡᠯᠠᠰᠣ ᠮᠠᠩᠬ᠎ᠠ᠂ ᠡᠯᠡᠰᠥᠷᠬᠡᠭ᠍ᠵᠢᠭ᠍ᠰᠡᠨ ᠲᠠᠯ᠎ᠠ ᠭᠠᠵᠠᠷ᠂ ᠭᠠᠩ ᠬᠠᠭᠣᠷᠠᠢ ᠣᠷᠣᠨ ᠤ ᠬᠣᠵᠢᠷᠯᠢᠭ ᠭᠠᠵᠠᠷ ᠢ ᠪᠦᠷ ᠡᠯᠡᠰᠥᠷᠬᠡᠭ᠍ᠵᠢᠵᠦ ᠨᠢᠮᠬᠡᠷᠡᠭ᠍ᠰᠡᠨ ᠳᠤ ᠲᠣᠭᠠᠴᠢᠳᠠᠭ᠃ ᠡᠳᠡᠬᠡᠷ ᠡᠯᠡᠰᠥᠷᠬᠡᠭ᠌ ᠬᠠᠭᠠᠰ ᠡᠯᠡᠰᠥᠷᠬᠡᠭ᠌ ᠣᠷᠣᠨ ᠤ ᠣᠷᠭᠣᠮᠠᠯ ᠤᠨ ᠪᠦᠷᠬᠥᠴᠡ ᠬᠡᠳᠦᠢᠪᠡᠷ ᠪᠣᠭᠣᠨᠢ ᠰᠡᠢᠷᠡᠭ ᠮᠥᠷᠳᠡᠬᠡᠨ ᠣᠷᠭᠣᠴᠠ ᠭᠠᠷᠣᠯᠳᠠ ᠲᠣᠣᠷ᠎ᠠ ᠴᠤ ᠭᠠᠩ ᠬᠠᠭᠣᠷᠠᠢ ᠶᠢ ᠲᠠᠭᠠᠭᠠᠳᠠᠭ᠂ ᠲᠠᠳᠠ ᠪᠣᠯ ᠮᠢᠩᠭ᠎ᠠ ᠲᠥᠮᠡᠨ ᠵᠢᠯ ᠪᠠᠶ᠋‍ᠢᠭᠠᠯᠢ ᠶ᠋‍ᠢᠨ ᠬᠠᠳᠠᠭᠣ ᠰᠢᠭ᠍ᠰᠢᠯᠳᠡ ᠳᠤ ᠵᠤᠯ ᠲᠡᠶ ᠦᠯᠠᠳᠡᠭ᠍ᠰᠡᠨ ᠣᠷᠭᠣᠮᠠᠯ ᠨᠣᠭᠣᠳ᠂ ᠡᠮᠵᠡᠭ ᠬᠡᠪᠡᠷᠡᠭ ᠣᠷᠴᠢᠨ ᠲᠣᠭᠣᠷᠢᠨ ᠢ ᠬᠠᠮᠠᠭᠠᠯᠠᠬᠣ ᠡᠴᠣᠰ ᠤᠨ ᠬᠠᠷᠠᠭᠣᠯ ᠤᠳ᠂ ᠪᠦᠮᠪᠥᠷᠴᠡᠭ ᠤᠨ ᠣᠷᠭᠣᠮᠠᠯ ᠤᠨ ᠣᠯᠠᠨ ᠵᠦᠢᠯᠲᠦ ᠴᠢᠨᠠᠷ ᠢ ᠪᠠᠳᠣᠯᠠᠬᠣ ᠳᠤ ᠬᠠᠮᠣᠭ ᠤᠨ ᠶᠡᠬᠡ ᠬᠣᠪᠢ ᠨᠡᠮᠠᠬᠥᠷᠢ ᠪᠦᠬᠥᠢ᠂ ᠬᠠᠮᠣᠭ ᠤᠨ ᠦᠨᠳᠥᠷ ᠦᠷ᠎ᠡ ᠠᠰᠢᠭ ᠪᠦᠬᠥᠢ ᠣᠷᠭᠣᠮᠠᠯ ᠤᠳ᠂ ᠶᠡᠬᠡ ᠪᠠᠶ᠋‍ᠢᠭᠠᠯᠢ ᠶᠢᠨ ᠬᠠᠮᠣᠭ ᠤᠨ ᠲᠣᠬᠢᠷᠠᠮᠵᠢᠳᠠᠢ ᠡᠴᠣᠰ ᠤᠨ ᠰᠢᠯᠢᠯᠳᠠ ᠪᠤᠯᠬᠤᠷ ᠣᠷᠣᠯᠠᠭᠳᠠᠰᠢ ᠦᠭᠡᠶ ᠶᠣᠮ᠃ ᠡᠨᠠ ᠨᠢ ᠬᠦᠮᠥᠨ ᠤ ᠰᠢᠯᠳᠠᠭᠠᠨ ᠡᠴᠡ ᠪᠣᠯᠣᠭᠠᠳ ᠡᠯᠡᠰᠥᠷᠬᠡᠭ᠍ᠵᠢᠵᠦ ᠪᠠᠶ᠋‍ᠢᠭ᠎ᠠ ᠲᠡᠶ ᠬᠠᠷᠢᠴᠠᠭᠣᠯᠪᠠᠯ ᠮᠦᠨ ᠴᠢᠨᠠᠷ ᠤᠨ ᠢᠯᠭᠠᠭ᠎ᠠ ᠲᠡᠶ ᠪᠠᠶ᠋‍ᠢᠳᠠᠭ᠃ ᠲᠠᠳᠠᠨ ᠤ ᠴᠣᠷ ᠤᠨ ᠭᠠᠭᠴᠠ ᠠᠳᠠᠯᠢ ᠲᠠᠯ᠎ᠠ ᠨᠢ ᠪᠦᠷᠬᠥᠴᠡ ᠶ᠋‍ᠢᠨ ᠨᠣᠷᠮ᠎ᠠ ᠪᠠ ᠣᠶ᠋‍ᠢᠯᠠᠳᠪᠣᠷᠢᠯᠠᠯ ᠤᠨ ᠬᠦᠴᠥᠨ ᠨᠢ ᠪᠦᠷ ᠲᠣᠣᠷ᠎ᠠ᠃ ᠡᠨᠠ ᠪᠣᠯ ᠣᠷᠭᠣᠮᠠᠯ ᠤᠨ ᠪᠦᠷᠬᠥᠴᠡ ᠶᠢᠨ ᠨᠣᠷᠮ᠎ᠠ ᠪᠠᠷ ᠡᠯᠠᠰᠣᠵᠢᠯ ᠤᠨ  ᠬᠡᠮᠵᠢᠶ᠎ᠡ ᠶᠢ ᠪᠠᠷᠢᠮᠵᠢᠶᠠᠯᠠᠭᠰᠠᠨ ᠤ ᠪᠣᠷᠣᠭᠣ ᠦᠷ᠎ᠡ ᠳ᠋ᠦᠩ ᠮᠦᠨ᠃ ᠦᠨᠳᠥᠷ ᠪᠣᠭᠣᠨᠢ ᠲᠠᠷᠭᠣᠨ ᠡᠴᠠᠩᠬᠡᠢ ᠪᠠᠷ ᠶᠠᠭᠠᠬᠢᠵᠣ ᠡᠷᠠᠬᠥᠯ ᠴᠢᠬᠢᠷᠠᠭ ᠤᠨ ᠪᠠᠷᠢᠮᠵᠢᠶ᠎ᠠ ᠪᠣᠯᠭᠠᠬᠣ ᠪᠢᠯᠠ︖ ᠬᠡᠷᠪᠡ ᠡᠶ᠋‍ᠢᠮᠣ ᠯᠠ ᠶᠣᠮ ᠪᠣᠯ᠂ ᠡᠯᠡᠰᠥᠷᠬᠡᠭ᠍ᠵᠢᠯ ᠡᠴᠡ ᠰᠡᠷᠬᠥᠬᠡᠬᠥ ᠪᠠᠰᠠ ᠲᠤᠩ ᠠᠮᠠᠷᠬᠠᠨ ᠶᠠᠪᠣᠳᠠᠯ ᠪᠣᠯᠣᠨ᠎ᠠ᠂ ᠵᠦᠪᠬᠡᠨ ᠪᠦᠷᠬᠥᠴᠡ ᠶᠢ ᠪᠠᠳᠣᠯᠠᠪᠠᠯ ᠪᠣᠭᠣᠳᠠᠢ ᠲᠠᠷᠢᠭᠰᠠᠨ ᠴᠤ ᠪᠣᠯᠬᠣ ᠶᠠᠪᠣᠳᠠᠯ ᠪᠣᠯᠣᠨ᠎ᠠ᠃ ᠵᠠᠷᠢᠮ ᠬᠦᠮᠥᠨ ᠮᠠᠰᠢ ᠡᠷᠳᠠᠨ ᠤ ᠪᠦᠬᠡᠥᠨ ᠬᠣᠪᠣᠷ ᠨᠠᠠᠳᠢᠨ ᠨᠣᠴᠣᠭᠠᠨ᠎ᠠ ᠶᠢᠨ ᠣᠯᠠᠨ ᠪᠣᠳᠠ ᠶᠢ ᠦᠬᠡᠷᠡᠴᠢᠯᠡᠵᠦ ᠬᠦᠮᠥᠨ ᠤ ᠬᠦᠴᠦ ᠪᠠᠷ ᠣᠶ᠋‍ᠢᠵᠢᠭᠣᠯᠵᠠᠢ᠂ ᠡᠬᠥᠨ ᠢᠶᠡᠨ ᠡᠯᠡᠰᠥᠷᠬᠡᠭ᠍ᠵᠢᠯ ᠢ ᠵᠠᠰᠠᠵᠣ ᠠᠮᠵᠢᠯᠳᠠ ᠣᠯᠣᠯ᠎ᠠ ᠬᠡᠵᠦ ᠬᠡᠯᠡᠵᠦ ᠪᠠᠶ᠋‍ᠢᠨ᠎ᠠ᠂ ᠡᠶ᠋‍ᠢᠮᠣ ᠡᠴᠡ ᠣᠬᠣᠷᠬᠠᠨ ᠬᠡᠳᠥᠨ ᠵᠢᠯ ᠳᠤ ᠡᠯᠡᠰᠥᠷᠬᠡᠭ᠍ᠵᠢᠯ ᠢ ᠵᠠᠰᠠᠵᠣ ᠠᠮᠢ ᠠᠬᠣᠢ ᠶᠢ ᠰᠡᠷᠬᠥᠬᠡᠭ᠍ᠰᠡᠨ ᠮᠡᠳᠡᠬᠡᠯᠡᠯ ᠬᠠᠮᠢᠭ᠎ᠠ ᠴᠤ ᠪᠦᠷ ᠰᠣᠨᠣᠰᠳᠠᠳᠠᠭ ᠨᠢ ᠰᠣᠨᠢᠨ ᠶᠠᠪᠣᠳᠠᠯ ᠪᠢᠰᠢ ᠯᠠ ᠳ᠋‍ᠠ᠃ ᠡᠷᠬᠡ ᠬᠦᠠᠲᠦᠲᠦ ᠮᠡᠳᠡᠬᠡᠯᠡᠯ ᠢ ᠦᠨᠳᠥᠰᠥᠯᠠᠪᠡᠯ᠂ 1999 ︱ 2005 ᠣᠨ ᠳᠤ ᠪᠦᠬᠥ ᠣᠯᠣᠰ ᠤᠨ ᠡᠯᠡᠰᠥᠷᠬᠡᠭ᠍ᠵᠢᠯ ᠤᠨ ᠲᠠᠯᠠᠪᠠᠢ ᠨᠠᠯᠢᠶᠠᠳ ᠪᠠᠭᠠᠰᠴᠣ᠂ ᠵᠦᠪᠬᠡᠨ ᠦᠪᠥᠷ ᠮᠣᠩᠭ᠋ᠣᠯ ᠳᠤ 16053 ᠺᠤᠧᠨᠳ᠋ ᠺᠢᠯᠥᠮᠸᠲ᠋ᠷ ᠪᠠᠶ᠋‍ᠢᠵᠣ᠂ ᠲᠡᠬᠡᠷ᠎ᠡ ᠵᠠᠭᠣᠨ ᠤ ᠶᠡᠷᠡᠭᠡᠳ ᠡᠣᠨ ᠤ ᠪᠦᠬᠥ ᠡᠯᠡᠰᠥᠷᠬᠡᠭ᠍ᠵᠢᠯ ᠤᠨ ᠲᠠᠯᠠᠪᠠᠢ ᠶᠢᠨ 26% ᠳᠤ ᠬᠦᠷᠴᠡᠢ᠃ ᠠᠵᠠ ᠪᠠᠷ ᠣᠶ᠋‍ᠢᠷ᠎ᠠ ᠶᠢᠨ ᠬᠡᠳᠥᠨ ᠵᠢᠯ ᠳᠤ ᠡᠯᠠᠰᠣᠨ ᠰᠢᠭᠣᠷᠠᠭ᠎ᠠ ᠬᠠᠷᠢᠴᠠᠩᠭ᠋ᠣᠢ ᠪᠠᠷ ᠪᠠᠭᠠᠰᠣᠭᠰᠠᠨ ᠨᠢ ᠬᠦᠮᠥᠰ ᠲᠤ ᠡᠯᠡᠰᠥᠷᠬᠡᠭ᠍ᠵᠢᠯ ᠢ ᠵᠠᠰᠠᠬᠣ ᠨᠢ ᠬᠡᠣᠬᠡᠥᠨ ᠤᠨ ᠨᠠᠭᠠᠳᠣᠮ ᠰᠢᠭ ᠠᠮᠠᠷᠬᠠᠨ᠂ ᠬᠡᠳᠥᠨ ᠶ᠋‍ᠢᠯ ᠲᠣᠣᠷᠯᠠᠨ ᠪᠢᠳᠡᠬᠥᠮᠵᠢᠯᠡᠪᠡᠯ ᠪᠣᠯᠴᠢᠬᠠᠨ᠎ᠠ ᠬᠡᠵᠦ ᠡ᠊ᠨᠳᠡᠬᠥᠷᠡᠯ ᠡᠬᠥᠰᠬᠡᠵᠡᠢ᠃ ᠮᠦᠨ ᠬᠦᠮᠥᠰ ᠤᠨ ᠣᠯᠠᠮ ᠡᠯᠡᠰᠥᠷᠬᠡᠭ᠍ᠵᠢᠬᠥ ᠶᠢ ᠰᠡᠷᠡᠮᠵᠢᠯᠡᠬᠥ ᠣᠬᠠᠮᠰᠠᠷ ᠢ ᠠᠯᠳᠠᠭᠣᠯᠵᠠᠢ᠃ ᠬᠡᠳᠡᠯ᠎ᠡ ᠮᠦᠩᠬᠡ ᠲᠡᠭ᠍ᠷᠢ ᠬᠡᠭ᠍ᠴᠢ ᠬᠠᠮᠣᠭ ᠤᠨ ᠭᠣᠣᠯᠴᠢ ᠪᠠᠶ᠋‍ᠢᠵᠣ᠂ 2006 ᠡᠣᠨ ᠤ ᠬᠠᠪᠣᠷ ᠪᠠᠶᠠᠷ ᠤᠨ ᠮᠡᠳᠡᠬᠡ᠂ ᠭᠠᠪᠢᠶ᠎ᠠ ᠶᠢᠨ ᠲᠡᠮᠳᠡᠭ ᠤᠨ ᠲᠣᠮᠳᠠᠭᠣᠷ᠂ ᠡᠯᠠᠰᠣᠨ ᠰᠢᠭᠣᠷᠭ᠎ᠠ ᠨᠡᠩ ᠬᠦᠴᠦ ᠲᠣᠷᠪᠢᠳᠠᠢ ᠲᠡᠭ᠍ᠳᠡᠵᠦ ᠬᠦᠮᠥᠰ ᠤᠨ ᠠᠮᠳᠠᠳᠣ ᠵᠡᠭᠦᠳᠤ ᠶᠢ ᠬᠠᠶ᠋‍ᠢᠷ᠎ᠠ ᠨᠠᠶ᠋‍ᠢᠷ ᠦᠭᠡᠶ ᠪᠠᠯᠪᠠᠵᠣ ᠡᠬᠢᠯᠡᠭ᠍ᠰᠡᠨ ᠪᠠᠶ᠋‍ᠢᠨ᠎ᠠ᠃

ᠦᠨᠡᠨᠳᠡᠬᠡᠨ ᠡᠯᠡᠰᠥᠷᠬᠡᠭ᠍ᠵᠢᠬᠥ ᠬᠡᠳᠡᠭ ᠲᠤᠩ ᠠᠮᠠᠷᠬᠠᠨ ᠪᠠᠶ᠋‍ᠢᠳᠠᠭ᠃ ᠶᠡᠬᠡ ᠬᠡᠪᠴᠢᠶ᠎ᠡ ᠪᠠᠷ ᠠᠳᠠᠷ ᠬᠠᠭᠠᠯᠪᠣᠷᠢᠯᠠᠭᠰᠠᠭᠠᠷ ᠡᠯᠡᠰᠥᠷᠬᠡᠭ᠍ᠵᠢᠯ ᠪᠠᠷᠢᠨ ᠡᠬᠢᠯᠠᠨ᠎ᠠ᠃ ᠲᠡᠣᠬᠡᠨ ᠲᠡᠬᠡᠷ᠎ᠡ ᠬᠡᠲᠦ ᠣᠳᠠᠭᠠᠨ ᠤ ᠶᠡᠬᠡ ᠡᠯᠠᠰᠣᠨ ᠰᠢᠭᠣᠷᠭ᠎ᠠ ᠭᠠᠷᠣᠭᠰᠠᠨ ᠨᠢ᠂ ᠡᠡᠮᠧᠷᠢᠺᠠ᠎ ᠶ᠋‍ᠢᠨ 1934 ᠣᠨ ᠤ ᠬᠠᠷ᠎ᠠ ᠰᠠᠯᠬᠢ᠂ ᠣᠣᠯ ᠤᠨ ᠵᠦᠪᠯᠡᠯᠲᠦ ᠶᠢᠨ ᠲᠣᠮᠳᠠᠳᠣ ᠠᠽᠢᠶ᠎ᠠ ᠣᠷᠣᠨ ᠢ ᠬᠠᠭᠠᠯᠪᠣᠷᠢᠯᠠᠭᠰᠠᠨ ᠡᠴᠡ ᠪᠣᠯᠣᠭᠰᠠᠨ ᠬᠣᠵᠢᠷᠯᠢᠭ ᠡᠯᠠᠰᠣᠨ ᠰᠢᠭᠣᠷᠭ᠎ᠠ ᠪᠦᠷ ᠬᠦᠮᠥᠨ ᠲᠥᠷᠥᠯᠬᠢᠳᠡᠨ ᠳᠤ ᠰᠣᠷᠭᠠᠮᠵᠢ ᠪᠣᠯᠬᠣ ᠶᠣᠮ᠃ ᠡᠯᠡᠰᠥᠷᠬᠡᠭ᠍ᠵᠢᠯ ᠨᠢ ᠡᠶ᠋‍ᠢᠮᠣ ᠠᠮᠠᠷᠬᠠᠨ ᠪᠦᠷᠢᠯᠳᠦᠨ᠎ᠠ ᠬᠡᠬᠥ ᠳᠤ ᠵᠠᠰᠠᠬᠣ ᠪᠠ ᠰᠡᠷᠬᠥᠬᠡᠬᠥ ᠬᠡᠭ᠍ᠴᠢ ᠪᠣᠯ ᠣᠷᠳᠣ ᠣᠳᠠᠭᠠᠨ ᠶᠠᠪᠣᠴᠠ ᠶᠢ ᠥᠩᠬᠡᠷᠡᠬᠡᠨ᠎ᠡ᠂ ᠴᠢᠨᠠᠭᠰᠢᠯᠠᠨ ᠵᠠᠷᠢᠮ ᠨᠢ ᠰᠡᠷᠬᠥᠬᠥ ᠪᠣᠯᠣᠯᠴᠠᠭ᠎ᠠ ᠪᠠᠶ᠋‍ᠢᠬᠣ ᠦᠭᠡᠶ᠃ ᠨᠢᠬᠡ ᠨᠠᠰᠣᠨ ᠳᠤ ᠬᠦᠷᠥᠭᠰᠠᠥᠨ ᠢ ᠣᠰᠠᠳᠭᠠᠨ᠎ᠠ ᠬᠡᠬᠥ ᠳᠤ ᠫᠣᠤ ᠵᠢ ᠭᠣᠬᠠᠳᠠᠬᠣ ᠯᠠ ᠵᠠᠭᠣᠷ᠎ᠠ ᠬᠦᠢᠴᠡᠳᠬᠡᠵᠦ ᠪᠣᠯᠣᠨ᠎ᠠ᠃ ᠬᠡᠳᠡᠯ᠎ᠡ ᠲᠠᠷᠠ ᠬᠦᠮᠥᠨ ᠡᠨᠠ ᠬᠡᠮᠵᠢᠶ᠎ᠡ ᠬᠦᠷᠬᠥ ᠳᠤ ᠬᠣᠷᠢ ᠭᠣᠴᠢᠨ ᠵᠢᠯ ᠢ ᠥᠩᠬᠡᠷᠡᠬᠡᠭ᠍ᠰᠡᠨ ᠰᠢᠤ᠂ ᠲᠠᠷᠠ ᠮᠥᠷᠳᠡᠬᠡᠨ ᠲᠠᠬᠢᠵᠣ ᠲᠥᠷᠣᠬᠥᠯᠵᠦ ᠦᠰᠬᠡᠭ᠍ᠰᠡᠨ ᠨᠢ ᠲᠠᠷᠠ ᠬᠦᠮᠥᠨ ᠪᠢᠰᠢ ᠯᠠ ᠳ᠋‍ᠠ᠃ ᠮᠠᠰᠢ ᠣᠯᠠᠨ ᠪᠣᠳᠠᠳᠣ ᠬᠡᠷᠡᠭ ᠤᠨ ᠬᠡᠷᠡᠴᠢᠯᠡᠵᠦ ᠪᠠᠶ᠋‍ᠢᠭ᠎ᠠ ᠪᠠᠷ᠂ ᠮᠠᠯ ᠤᠨ ᠲᠣᠭ᠎ᠠ ᠲᠣᠯᠣᠭᠠᠢ ᠶᠢ ᠪᠠᠭᠠᠰᠬᠠᠵᠣ᠂ ᠠᠮᠢ ᠠᠬᠣᠢ ᠶᠢᠨ ᠰᠢᠰᠲ᠋ᠧᠮ ᠤᠨ ᠡᠯ᠎ᠠ ᠬᠡᠰᠢᠭᠦᠳ ᠤᠨ ᠬᠠᠷᠢᠴᠠᠭ᠎ᠠ ᠶᠢ ᠲᠣᠬᠢᠷᠠᠭᠣᠯᠬᠣ ᠨᠢ ᠪᠠᠷᠠᠭᠳᠠᠭᠰᠠᠨ ᠲᠠᠯ᠎ᠠ ᠨᠣᠳᠣᠭ  ᠤᠨ ᠰᠡᠷᠬᠥᠯᠳᠡ ᠳᠤ ᠨᠡᠩ ᠠᠰᠢᠭᠳᠠᠢ᠃

ᠲᠣᠣᠷᠯᠠᠨ ᠪᠢᠳᠡᠬᠥᠮᠵᠢᠯᠡᠬᠥ ᠨᠢ ᠬᠡᠳᠦᠢᠪᠡᠷ ᠣᠬᠣᠷᠬᠠᠨ ᠬᠣᠭᠣᠴᠠᠭᠠᠨ ᠳᠤ ᠥᠩᠬᠡᠨ ᠲᠠᠯ᠎ᠠ ᠳᠠᠭᠠᠨ ᠢᠯᠨ ᠦᠷ᠎ᠡ ᠠᠰᠢᠭ ᠭᠠᠷᠳᠠᠭ ᠴᠤ ᠶᠠᠷᠣ ᠨᠢ ᠲᠣᠭᠳᠠᠪᠣᠷᠢ ᠦᠭᠡᠶ ᠪᠠᠶ᠋‍ᠢᠳᠠᠯ ᠳᠤ ᠣᠷᠣᠰᠢᠵᠣ᠂ ᠰᠡᠷᠬᠥᠬᠡᠯᠳᠡ ᠨᠢ ᠪᠡᠶᠡᠯᠡᠭ᠍ᠳᠡᠬᠥᠢ᠎ᠡ ᠪᠡᠷᠬᠡ ᠶᠣᠮ᠃ ᠠᠮᠢ ᠠᠬᠣᠢ ᠶ᠋‍ᠢᠨ ᠰᠢᠰᠲ᠋ᠧᠮ ᠤᠨ ᠰᠡᠷᠬᠥᠯᠳᠡ ᠨᠢ ᠵᠦᠪᠬᠡᠨ ᠪᠦᠷᠬᠥᠴᠡ ᠶᠢᠨ ᠨᠣᠷᠮ᠎ᠠ ᠶᠢ ᠦᠵᠡᠵᠦ ᠪᠣᠯᠬᠣ ᠦᠭᠡᠶ᠂ ᠬᠠᠷᠢᠨ ᠠᠮᠢ ᠠᠬᠣᠢ ᠶᠢᠨ ᠰᠢᠰᠲ᠋ᠧᠮ ᠤᠨ ᠣᠯᠠᠨ ᠶᠠᠩᠵᠣᠳᠣ ᠰᠢᠨᠵᠢ᠂ ᠲᠣᠭᠳᠠᠭᠣᠨ ᠰᠢᠨᠵᠢ᠂ ᠪᠦᠲᠦᠴᠡ ᠶᠢᠨ ᠴᠢᠳᠠᠪᠣᠷᠢ ᠵᠠᠷᠬᠡ ᠶᠢᠨ ᠪᠦᠷᠢᠨ ᠲᠦᠬᠥᠷ ᠤᠨ ᠬᠡᠮᠵᠢᠶ᠎ᠡ ᠵᠢ ᠦᠵᠡᠬᠥ ᠬᠡᠷᠡᠭ᠍ᠳᠡᠢ᠃ ᠡᠯᠡᠰᠥᠷᠬᠡᠭ᠍ᠵᠢᠭ᠍ᠰᠡᠨ ᠲᠠᠯ᠎ᠠ ᠨᠣᠳᠣᠭ ᠲᠤ ᠬᠡᠷᠪᠡ ᠣᠯᠠᠩᠬᠢ ᠪᠣᠶᠣ ᠭᠣᠣᠯ ᠪᠣᠯᠬᠣ ᠣᠷᠭᠣᠮᠠᠯ ᠠᠮᠢᠳᠠᠳ ᠪᠠᠶ᠋‍ᠢᠳᠠᠭ ᠯᠠ ᠪᠣᠯ ᠪᠠᠰᠠ ᠰᠡᠷᠬᠥᠬᠥ ᠪᠣᠯᠣᠮᠵᠢ ᠪᠠᠶ᠋‍ᠢᠨ᠎ᠠ᠃ ᠬᠡᠷᠪᠡ ᠣᠷᠳᠣ ᠬᠣᠭᠣᠴᠠᠭ᠎ᠠ ᠪᠠᠷ ᠪᠢᠳᠡᠬᠥᠮᠵᠢᠯᠡᠵᠦ ᠭᠣᠣᠯ ᠪᠣᠯᠬᠣ ᠣᠷᠭᠣᠮᠠᠯ ᠪᠣᠳᠠᠰ ᠢ ᠭᠠᠳᠠᠭᠤᠷᠴᠢᠯᠠᠪᠠᠯ ᠰᠡᠷᠬᠥᠯᠳᠡ ᠨᠢ ᠬᠠᠷᠢᠨ ᠬᠦᠴᠢᠷ ᠲᠡᠶ ᠪᠣᠯᠣᠨ᠎ᠠ᠃ ᠨᠢᠬᠡ ᠰᠣᠷᠭᠠᠭᠣᠯᠢ ᠶᠢ ᠪᠣᠰᠠᠨᠢᠭᠣᠯᠣᠭᠰᠠᠨ ᠢᠶᠡᠷ ᠪᠣᠳᠣᠶ᠎ᠠ᠂ ᠪᠠᠭᠰᠢ ᠪᠠ ᠬᠠᠮᠢᠶᠠᠷᠣᠯᠳᠠ ᠬᠢᠳᠡᠭ ᠬᠦᠮᠥᠰ ᠨᠢ ᠪᠠᠶ᠋‍ᠢᠳᠠᠭ ᠯᠠ ᠪᠣᠯ ᠬᠢᠴᠢᠶᠠᠯ ᠢᠶᠡᠨ ᠰᠡᠷᠬᠥᠬᠡᠬᠥ ᠨᠢ ᠲᠠᠶ᠋‍ᠢᠮᠣ ᠬᠦᠴᠢᠷ ᠪᠢᠰᠢ᠃ ᠬᠡᠷᠪᠡ ᠪᠠᠭᠰᠢ ᠨᠠᠷ ᠨᠢ ᠴᠤ ᠪᠠᠶ᠋‍ᠢᠬᠣ ᠦᠭᠡᠶ ᠪᠣᠯᠣᠭᠰᠠᠨ ᠪᠦᠬᠡᠥᠨ ᠦᠬᠡᠷ᠎ᠡ ᠠᠵᠢᠯ ᠲᠥᠷᠥᠯ ᠤᠨ ᠬᠦᠮᠥᠰ ᠰᠣᠷᠭᠠᠭᠣᠯᠢ ᠶᠢ ᠡᠵᠡᠯᠠᠬᠡᠥᠨ ᠰᠠᠭᠣᠭᠰᠠᠨ ᠪᠠᠶ᠋‍ᠢᠪᠠᠯ᠂ ᠬᠦᠮᠥᠨ ᠤ ᠲᠣᠭ᠎ᠠ ᠬᠡᠳᠥᠢ ᠣᠯᠠᠨ ᠴᠤ ᠬᠢᠴᠢᠶᠠᠯ ᠢᠶᠡᠨ ᠰᠡᠷᠬᠥᠬᠡᠬᠥ ᠬᠡᠪᠡᠯ ᠶᠠᠭᠣᠨ ᠤ ᠡᠮᠣᠨ᠎ᠠ ᠡᠳᠡᠬᠡᠷ ᠬᠦᠮᠥᠰ ᠢ ᠵᠠᠯᠠᠵᠣ ᠶᠠᠪᠣᠭᠣᠯᠬᠣ ᠬᠡᠷᠡᠭ᠍ᠳᠡᠢ᠂ ᠲᠠᠷᠠ ᠨᠢ ᠣᠯᠠᠮ ᠶᠠᠷᠰᠢᠭ ᠲᠡᠶ ᠶᠠᠪᠣᠳᠠᠯ ᠪᠢᠰᠢᠤ᠃ ᠴᠥᠯᠵᠢᠯ ᠢ ᠰᠡᠷᠬᠡᠶ᠋‍ᠢᠯᠡᠬᠥ ᠪᠠᠷ ᠭᠣᠣᠯ ᠪᠣᠯᠭᠠᠬᠣ ᠬᠡᠷᠡᠭ᠍ᠳᠡᠢ᠂ ᠵᠤᠬᠢᠰᠳᠠᠢ ᠮᠠᠯᠵᠢᠬᠤ ᠪᠠ ᠨᠡᠬᠥᠳᠡᠯᠯᠡᠵᠦ ᠮᠠᠯᠵᠢᠬᠤ ᠪᠣᠯ ᠲᠠᠯ᠎ᠠ ᠨᠣᠳᠣᠭ ᠤᠨ ᠴᠥᠯᠵᠢᠯ ᠢ ᠰᠡᠷᠬᠡᠶ᠋‍ᠢᠯᠡᠬᠥ ᠬᠠᠮᠣᠭ ᠤᠨ ᠰᠠᠶ᠋‍ᠢᠨ ᠰᠣᠩᠭ᠋ᠣᠯᠳᠠ ᠪᠣᠯᠣᠨ᠎ᠠ᠃


ᠲᠣᠣᠷᠯᠠᠨ ᠪᠢᠳᠡᠬᠥᠮᠵᠢᠯᠡᠬᠥ ᠨᠢ ᠲᠠᠯ᠎ᠠ ᠨᠣᠳᠣᠭ ᠢ ᠰᠠᠶ᠋‍ᠢᠵᠢᠷᠠᠭᠣᠯᠵᠣ ᠲᠡᠢᠯᠬᠥ ᠦᠦ︖


ᠡᠨᠠ ᠠᠰᠠᠭᠣᠯᠳᠠ ᠶᠢᠨ ᠬᠠᠷᠢᠭᠣ ᠶᠠᠭᠣᠨ ᠤ ᠡᠮᠣᠨ᠎ᠠ ᠬᠡᠯᠡᠬᠥ ᠶᠢᠨ ᠠᠷᠭ᠎ᠠ ᠦᠭᠡᠶ ᠬᠡᠵᠦ ᠬᠡᠯᠡᠶ᠎ᠡ᠃ ᠣᠬᠣᠷᠬᠠᠨ ᠬᠣᠭᠣᠴᠠᠭᠠᠨ ᠤ ᠮᠠᠯᠵᠢᠯ ᠢ ᠬᠣᠷᠢᠭᠯᠠᠭᠰᠠᠨ ᠡᠴᠡ ᠣᠷᠭᠣᠮᠠᠯ ᠤᠨ ᠪᠦᠷᠬᠥᠴᠡ ᠨᠡᠮᠡᠭ᠍ᠳᠡᠵᠦ᠂ ᠰᠠᠯᠬᠢᠨ ᠳᠤ ᠢᠳᠡᠭ᠍ᠳᠡᠬᠥ ᠪᠠ ᠣᠰᠣ ᠴᠢᠬᠢᠭ᠌ ᠢ ᠠᠯᠳᠠᠬᠣ ᠵᠢ ᠬᠣᠷᠢᠭᠯᠠᠵᠣ ᠴᠢᠳᠠᠨ᠎ᠠ᠃ ᠬᠡᠳᠡᠯ᠎ᠡ ᠴᠠᠭ ᠤᠨ ᠣᠳᠠᠭᠠᠨ ᠳᠤ ᠠᠰᠢᠭ ᠦᠭᠡᠶ ᠵᠦᠢᠯᠡᠰ ᠨᠢ ᠶᠠᠪᠣᠬᠣ ᠲᠣᠳᠣᠮ ᠲᠣᠳᠣ ᠪᠣᠯᠣᠨ᠎ᠠ᠃ ᠮᠠᠰᠢ ᠣᠯᠠᠨ ᠬᠦᠮᠥᠰ ᠨᠣᠭᠣᠭᠠᠨ ᠣᠷᠭᠣᠮᠠᠯ ᠢᠶᠡᠷ ᠣᠷᠴᠢᠨ ᠠᠬᠣᠢ ᠶᠢᠨ ᠰᠠᠶ᠋‍ᠢᠨ ᠮᠠᠭᠣ ᠶᠢ ᠬᠡᠮᠵᠢᠬᠥ ᠪᠠᠷᠢᠮᠵᠢᠶ᠎ᠠ ᠪᠣᠯᠭᠠᠳᠠᠭ᠃ ᠨᠣᠭᠣᠭᠠᠨ ᠥᠩᠬᠡ ᠶᠠᠮᠠᠷ ᠮᠠᠭᠣ ᠪᠠᠶ᠋‍ᠢᠬᠣ ᠪᠣᠢ︖ ᠣᠷᠭᠣᠮᠠᠯ ᠬᠡᠳᠥᠢ ᠣᠯᠠᠨ᠂ ᠨᠢᠠᠠᠳᠠᠴᠠ ᠨᠢ ᠬᠡᠳᠥᠢ ᠶᠡᠬᠡ᠂ ᠴᠣᠭᠯᠠᠷᠠᠯ ᠨᠢ ᠬᠡᠳᠥᠢ ᠢᠯᠡᠬᠥᠤ ᠪᠣᠯ ᠲᠠᠳᠣᠢ ᠰᠠᠶ᠋‍ᠢᠨ ᠬᠡᠵᠦ ᠬᠦᠮᠥᠰ ᠦᠵᠡᠵᠡᠬᠡᠳᠡᠭ᠃ ᠦᠨᠡᠨ ᠳᠡᠭᠡᠨ ᠲᠠᠶ᠋‍ᠢᠮᠣ ᠪᠢᠰᠢ᠂ ᠨᠣᠭᠣᠭᠠᠨ ᠥᠩᠬᠡ ᠨᠢ ᠴᠤ ᠬᠡᠮᠵᠢᠶᠡᠨ ᠡᠴᠡ ᠬᠡᠳᠥᠷᠠᠪᠡᠯ ᠪᠠᠰᠠ ᠨᠢᠬᠡ ᠵᠦᠢᠯ ᠤᠨ ᠪᠠᠷᠠᠭᠳᠠᠯ ᠢ ᠠᠪᠴᠢᠷᠠᠨ᠎ᠠ᠃ ᠨᠣᠭᠣᠭᠠᠨ ᠣᠷᠭᠣᠮᠠᠯ ᠪᠣᠯ ᠬᠠᠮᠣᠭ ᠲᠥᠷᠣᠬᠥᠨ ᠤ ᠠᠵᠣ ᠣᠶ᠋‍ᠢᠯᠠᠳᠪᠣᠷᠢᠯᠠᠯ᠂ ᠠᠮᠢ ᠠᠬᠣᠢ ᠶᠢᠨ ᠰᠢᠰᠲ᠋ᠧᠮ ᠲᠣᠮᠳᠠᠬᠢ ᠪᠣᠳᠠᠰ ᠤᠨ ᠡᠨᠧᠷᠬᠢ ᠶᠢᠨ ᠰᠠᠭᠣᠷᠢ ᠪᠣᠯᠣᠨ᠎ᠠ᠃ ᠪᠠᠶ᠋‍ᠢᠭᠠᠯᠢᠯᠢ‍ᠭ ᠣᠷᠴᠢᠨ ᠳᠤ ᠪᠣᠯ ᠡᠯ᠎ᠠ ᠬᠡᠰᠢᠭᠦᠳ ᠤᠨ ᠢᠶᠡᠨ ᠬᠠᠷᠢᠴᠠᠯ ᠢ ᠡᠬᠡ ᠪᠠᠶ᠋‍ᠢᠭᠠᠯᠢ ᠠᠶᠠᠠᠳᠠᠭᠠᠨ ᠲᠣᠬᠢᠷᠠᠭᠣᠯᠵᠣ᠂ ᠬᠦᠳᠡᠯᠣᠩᠬᠥᠢ ᠲᠠᠩᠴᠡᠬᠥᠷᠢᠳᠡᠢ ᠪᠠᠶ᠋‍ᠢᠳᠠᠯ ᠢ ᠨᠢ ᠪᠠᠳᠣᠯᠠᠨ᠎ᠠ᠃ ᠬᠦᠮᠥᠨ ᠤ ᠬᠦᠴᠦ ᠪᠠᠷ ᠣᠷᠭᠣᠭᠣᠯᠣᠭᠰᠠᠨ ᠣᠢ ᠪᠠ ᠲᠠᠷᠢᠶᠠᠨ ᠭᠠᠵᠠᠷ ᠨᠢ ᠨᠠᠩ ᠦᠨᠳᠥᠷ ᠬᠡᠮᠵᠢᠶᠡᠨ ᠤ ᠨᠣᠭᠣᠭᠠᠨ ᠪᠦᠲᠦᠬᠡᠭ᠍ᠳᠡᠬᠥᠨ ᠢ ᠣᠯᠬᠣ ᠶᠢᠨ ᠲᠥᠯᠣᠬᠡ ᠲᠡᠮᠠᠥᠯᠠᠬᠥ ᠳᠤ ᠣᠣᠯ ᠤᠨ ᠪᠠᠶ᠋‍ᠢᠭ᠎ᠠ ᠰᠢᠮ᠎ᠠ ᠲᠡᠵᠢᠬᠡᠯ ᠬᠦᠷᠥᠯᠴᠡᠬᠥ ᠦᠭᠡᠶ ᠪᠣᠯᠵᠣ᠂ ᠪᠣᠷᠳᠣᠭᠣᠷ ᠣᠷᠣᠭᠣᠯᠬᠣ ᠬᠡᠷᠡᠭ᠍ᠳᠡᠢ ᠪᠣᠯᠳᠠᠭ᠃ ᠦᠭᠡᠶ ᠪᠣᠯ ᠭᠠᠵᠠᠷ ᠰᠢᠷᠣᠢ ᠶᠢᠨ ᠰᠢᠮᠡᠯᠢᠭ᠌ ᠤᠨ ᠬᠡᠮᠵᠢᠶ᠎ᠡ ᠪᠠᠭᠣᠷᠠᠳᠠᠭ᠃ ᠲᠣᠣᠷᠯᠠᠨ ᠪᠢᠳᠡᠬᠥᠮᠵᠢᠯᠡᠭ᠍ᠰᠡᠨ ᠪᠡᠯᠴᠢᠬᠡᠷ ᠨᠢ ᠪᠢᠳᠡᠬᠥᠮᠵᠢᠯᠡᠬᠥ ᠡᠴᠡ ᠡᠮᠣᠨ᠎ᠠ ᠮᠠᠰᠢ ᠣᠯᠠᠨ ᠪᠣᠷᠳᠣᠭᠣᠷ ᠬᠣᠷᠠᠮᠳᠣᠭᠣᠯᠵᠣ ᠪᠠᠶ᠋‍ᠢᠭᠰᠠᠨ ᠶᠣᠮ᠃ ᠬᠡᠷᠪᠡ ᠣᠰᠣ ᠴᠢᠬᠢᠭ᠌ ᠨᠢ ᠬᠦᠢᠴᠡᠥᠨ ᠪᠣᠯ ᠣᠷᠭᠣᠮᠠᠯ ᠪᠣᠳᠠᠰ ᠶᠠᠷᠢᠶᠠᠨ ᠦᠭᠡᠶ ᠮᠠᠰᠢ ᠲᠥᠷᠬᠡᠨ ᠢᠶᠡᠷ ᠣᠷᠭᠣᠨ᠎ᠠ᠃ ᠢᠩᠬᠢᠵᠣ ᠣᠰᠣ ᠪᠣᠷᠳᠣᠭᠣᠷ ᠤᠨ ᠨᠠᠩ ᠦᠨᠳᠥᠷ ᠲᠠᠩᠴᠡᠬᠥᠨ ᠳᠤ ᠬᠦᠷᠳᠡᠭ᠂ ᠡᠨᠠ ᠨᠢ ᠶᠡᠬᠡ ᠬᠡᠮᠵᠢᠶᠡᠨ ᠤ ᠣᠰᠣ ᠴᠢᠬᠢᠭ᠌ ᠪᠠ ᠰᠢᠮ᠎ᠠ ᠲᠡᠵᠢᠬᠡᠯ ᠢ ᠪᠠᠷᠠᠭᠳᠠᠭᠣᠯᠳᠠᠭ ᠡᠴᠡ ᠠᠮᠢ ᠠᠬᠣᠢ ᠶᠢᠨ ᠰᠡᠷᠬᠥᠯᠳᠡ ᠳᠣ ᠠᠰᠢᠭ ᠦᠭᠡᠶ᠃ ᠲᠣᠣᠷᠯᠠᠨ ᠪᠢᠳᠡᠬᠥᠮᠵᠢᠯᠡᠭ᠍ᠰᠡᠨ ᠴᠠᠭ ᠤᠨ ᠣᠷᠳᠣᠰᠬᠣ ᠶᠢ ᠲᠠᠭᠠᠯᠳᠣᠨ ᠶᠡᠬᠡ ᠬᠡᠮᠵᠢᠶᠡᠨ ᠤ ᠬᠣᠪᠬᠠᠢ ᠡᠪᠠᠰᠣ ᠬᠦᠭ᠍ᠯᠡᠷᠡᠨ ᠨᠠᠷᠠᠨ ᠤ ᠬᠡᠷᠡᠯ ᠢ ᠬᠠᠯᠬᠠᠯᠠᠨ᠂ ᠪᠡᠯᠴᠢᠬᠡᠷ ᠤᠨ ᠡᠪᠠᠰᠣᠨ ᠤ ᠰᠢᠨᠡᠳᠬᠡᠯ ᠢ ᠬᠢᠵᠠᠭᠠᠷᠯᠠᠭᠠᠳ ᠬᠣᠪᠬᠠᠶ᠋‍ᠢᠷᠠᠯ ᠢ ᠪᠣᠢ ᠪᠣᠯᠭᠠᠨ᠎ᠠ᠃ ᠲᠣᠮᠳᠠᠳᠣ ᠣᠯᠣᠰ ᠤᠨ ᠰᠢᠨᠵᠢᠯᠡᠬᠥ ᠣᠬᠠᠭᠠᠨ ᠤ ᠬᠦᠷᠢᠶᠡᠯᠠᠩ ᠤᠨ ᠣᠷᠭᠣᠮᠠᠯ ᠤᠨ ᠰᠣᠳᠣᠯᠭᠠᠨ ᠤ ᠭᠠᠵᠠᠷ ᠤᠨ ᠰᠢᠯᠢ ᠶᠢᠨ ᠭᠣᠣᠯ ᠤᠨ ᠲᠠᠯ᠎ᠠ ᠨᠣᠳᠣᠭ ᠤᠨ ᠲᠣᠭᠳᠠᠭᠰᠠᠨ ᠪᠠᠶ᠋‍ᠢᠷᠢᠰᠢᠯᠳᠣ ᠦᠷᠳᠡᠬᠡ ᠶᠢᠨ ᠬᠣᠷᠢᠨ ᠬᠡᠳᠥᠨ ᠵᠢᠯ ᠪᠢᠳᠡᠬᠥᠮᠵᠢᠯᠡᠭ᠍ᠰᠡᠨ ᠦᠵᠡᠬᠥᠯᠥᠯᠬᠡ ᠶᠢᠨ ᠭᠠᠵᠠᠷ ᠪᠠᠶ᠋‍ᠢᠳᠠᠭ᠃ ᠲᠠᠠᠳᠠᠬᠢ ᠨᠣᠭᠣᠭᠠᠨ ᠣᠷᠭᠣᠮᠠᠯ ᠤᠨ ᠣᠨᠠᠯᠳᠠ ᠶᠢᠨ ᠬᠡᠰᠡᠭ ᠲᠤ ᠪᠢᠳᠡᠬᠥᠮᠵᠢᠯᠡᠯ ᠤᠨ ᠭᠠᠳᠠᠨᠠᠬᠢ ᠪᠠᠷᠠᠭᠳᠠᠭᠰᠠᠨ ᠲ᠋ᠠᠯ᠎ᠠ ᠨᠣᠳᠣᠭ ᠤᠨ ᠬᠢ ᠣᠨᠠᠯᠳᠠ ᠡᠴᠡ ᠲᠣᠳᠠᠭᠣ ᠪᠣᠯᠣᠭᠰᠠᠨ ᠪᠦᠬᠡᠥᠨ ᠲᠥᠷᠥᠯ ᠵᠦᠢᠯ ᠨᠢ ᠴᠤ ᠲᠣᠳᠠᠭᠣ ᠪᠣᠯᠵᠠᠢ᠃ ᠺᠠᠨᠠᠳᠠ ᠶᠢᠨ ᠬᠡᠳᠥᠨ ᠠᠷᠪᠠᠨ ᠵᠢᠯ ᠪᠢᠳᠡᠬᠥᠮᠵᠢᠯᠡᠭ᠍ᠰᠡᠨ ᠨᠢᠬᠡ ᠬᠡᠰᠡᠭ ᠪᠡᠯᠴᠢᠬᠡᠷ ᠲᠤ ᠭᠠᠭᠴᠠᠬᠠᠨ ᠵᠦᠢᠯ ᠤᠨ ᠣᠷᠭᠣᠮᠠᠯ ᠣᠷᠭᠣᠬᠣ ᠪᠣᠯᠣᠭᠰᠠᠨ ᠪᠠᠶ᠋‍ᠢᠨ᠎ᠠ᠃ ᠲᠠᠷᠠ ᠨᠢ ᠦᠨᠡᠨᠳᠡᠬᠡᠨ ᠠᠮᠢ ᠠᠬᠣᠢ ᠶᠢᠨ ᠦᠬᠥᠮᠡᠯ ᠰᠢᠰᠲ᠋ᠧᠮ ᠪᠣᠯᠣᠭᠰᠠᠨ ᠶᠣᠮ᠃ ᠡᠶ᠋‍ᠢᠮᠣ ᠦᠭᠰᠥᠯᠳᠡ ᠣᠷᠣᠭᠣᠳᠠᠯᠳᠠ ᠨᠢ ᠨᠣᠭᠣᠭᠠᠨ ᠥᠩᠬᠡ ᠶᠢᠨ ᠠᠷᠢᠯᠬᠣ ᠡᠴᠡ ᠨᠣᠭᠣᠭᠠᠨ ᠥᠩᠬᠡ ᠶᠢᠨ ᠣᠭ ᠲᠠᠰᠣᠷᠠᠬᠣ ᠬᠦᠷᠳᠡᠯ᠎ᠡ ᠲᠠᠯ᠎ᠠ ᠨᠣᠳᠣᠭ ᠤᠨ ᠲᠠᠩᠴᠡᠬᠥᠷᠢ ᠵᠢ ᠠᠯᠳᠠᠭᠣᠯᠵᠣ᠂ ᠲᠠᠯ᠎ᠠ ᠨᠣᠳᠣᠭ ᠤᠨ ᠰᠡᠷᠬᠥᠯᠳᠡ ᠶᠢ ᠣᠳᠠᠭᠠᠰᠢᠷᠠᠭᠣᠯᠵᠣ ᠪᠠᠶ᠋‍ᠢᠨ᠎ᠠ᠃ ᠬᠦᠮᠥᠨ ᠤ ᠬᠦᠴᠦ ᠪᠠᠷ ᠣᠷᠭᠣᠯᠣᠭᠰᠠᠨ ᠡᠪᠠᠰᠣᠳᠣ ᠭᠠᠵᠠᠷ ᠢᠶᠡᠷ ᠶᠡᠬᠡ ᠬᠡᠮᠵᠢᠶᠡᠨ ᠤ ᠪᠡᠯᠴᠢᠬᠡᠷ ᠤᠨ ᠰᠡᠷᠬᠥᠯᠳᠡ ᠶᠢ ᠠᠪᠴᠢᠷᠠᠵᠣ ᠲᠡᠢᠯᠬᠥ ᠦᠦ︖ ᠨᠢᠬᠡ ᠬᠣᠨᠢ ᠳᠤ ᠨᠢᠬᠡ ᠮᠤ ᠬᠦᠮᠥᠨ ᠤ ᠬᠦᠴᠦ ᠪᠠᠷ ᠣᠷᠭᠣᠭᠣᠯᠬᠣ ᠪᠡᠯᠴᠢᠬᠡᠷ ᠨᠣᠭᠳᠠᠭᠣᠯᠣᠨ᠎ᠠ ᠬᠡᠨ᠎ᠡ᠃ ᠲᠠᠳᠠᠨ ᠤ ᠦᠵᠡᠬᠥ ᠪᠠᠷ ᠬᠦᠮᠥᠨ ᠤ ᠬᠦᠴᠦ ᠪᠠᠷ ᠣᠷᠭᠣᠭᠣᠯᠣᠭᠰᠠᠨ ᠡᠪᠠᠰᠣᠳᠣ ᠭᠠᠵᠠᠷ ᠢ ᠬᠥᠭ᠍ᠵᠢᠬᠥᠯᠥᠭᠰᠡᠨ ᠬᠡᠮᠵᠢᠶ᠎ᠡ ᠨᠢ ᠮᠠᠯ ᠠᠵᠣ ᠠᠬᠣᠢ ᠶᠢᠨ ᠣᠳᠣᠬᠢᠴᠢᠯᠠᠭᠰᠠᠨ ᠲᠥᠪᠰᠢᠨ ᠤ ᠪᠡᠯᠬᠡ ᠲᠡᠮᠳᠡᠭ ᠪᠣᠯᠣᠨ᠎ᠠ᠃ ᠢᠩᠬᠢᠪᠠᠯ ᠦᠪᠥᠷ ᠮᠣᠩᠭ᠋ᠣᠯ ᠤᠨ ᠲᠠᠯ᠎ᠠ ᠨᠣᠳᠣᠭ ᠲᠤ ᠬᠡᠳᠥᠨ ᠮᠢᠩᠭ᠋ᠠᠨ ᠲᠥᠮᠡᠨ ᠮᠤ ᠲᠠᠷᠢᠶᠠᠨ ᠭᠠᠵᠠᠷ ᠨᠡᠮᠡᠭ᠍ᠳᠡᠬᠥ ᠪᠦᠬᠡᠥᠨ ᠶᠡᠬᠡ ᠬᠡᠮᠵᠢᠶᠡᠨ ᠤ ᠬᠦᠮᠥᠨ ᠠᠮᠨ ᠨᠡᠮᠡᠭ᠍ᠳᠡᠬᠥᠯᠵᠦ ᠪᠣᠯᠣᠨ᠎ᠠ᠃ ᠲᠠᠷᠠ ᠨᠢ ᠵᠠᠷᠢᠮ ᠭᠠᠵᠠᠷ ᠶᠠᠪᠣᠭᠳᠠᠭᠣᠯᠵᠣ ᠪᠣᠯᠬᠣ ᠮᠥᠷᠳᠡᠬᠡᠨ ᠲᠡᠬᠡᠵᠦ ᠯᠨ ᠬᠢᠬᠥ ᠬᠡᠷᠡᠭ᠍ᠳᠡᠢ ᠮᠠᠭᠠᠳ᠃ ᠬᠡᠪᠡᠴᠦ ᠦᠷᠬᠡᠨ ᠠᠭᠣᠳᠠᠮ ᠭᠠᠩ ᠬᠠᠭᠣᠷᠠᠢ ᠲᠠᠯ᠎ᠠ ᠨᠣᠳᠣᠭ ᠲᠤ᠂ ᠣᠠᠴᠠᠯᠠᠨ ᠡᠯᠡᠰᠥᠷᠬᠡᠭ᠌ ᠣᠷᠣᠨ  ᠳᠤ ᠢᠩᠬᠢᠬᠥ ᠨᠢ ᠮᠠᠰᠢ ᠠᠶᠣᠯᠳᠠᠢ ᠶᠣᠮ᠃ ᠰᠢᠨ᠎ᠠ ᠡᠬᠡᠯᠵᠢ ᠶᠢᠨ ᠠᠳᠠᠷ ᠬᠠᠭᠠᠯᠪᠣᠷᠢᠯᠠᠬᠣ ᠬᠦᠳᠡᠯᠬᠡᠬᠡᠨ ᠡᠬᠥᠰᠬᠥ ᠨᠢ ᠶᠡᠬᠡ ᠬᠡᠮᠵᠢᠶᠡᠨ ᠤ ᠡᠯᠡᠰᠥᠷᠬᠡᠭ᠌ ᠲᠣᠪᠣᠷᠬᠠᠭ ᠢ ᠪᠣᠢ ᠪᠣᠯᠭᠠᠵᠣ᠂ ᠲᠣᠪᠣᠷᠬᠠᠭ ᠤᠨ ᠬᠣᠭᠣᠷᠣᠠᠳᠣᠬᠢ ᠨᠠᠮᠣᠭᠯᠢᠭ ᠭᠠᠵᠠᠷ ᠠᠷᠢᠯᠬᠣ ᠮᠥᠷᠳᠡᠬᠡᠨ ᠣᠰᠣᠨ ᠤ ᠡᠬᠢ ᠬᠠᠳᠠᠵᠣ ᠰᠢᠷᠬᠢᠨ᠎ᠠ᠃ ᠬᠣᠷᠴᠢᠨ ᠤ ᠡᠯᠠᠰᠣᠳᠣ ᠭᠠᠵᠠᠷ ᠤᠨ ᠶᠡᠬᠡ ᠬᠡᠮᠵᠢᠶᠡᠨ ᠤ ᠨᠢᠴᠥᠬᠥᠨ ᠡᠯᠠᠰᠣ ᠨᠢ ᠢᠩᠬᠢᠵᠣ ᠪᠣᠢ ᠪᠣᠯᠣᠭᠰᠠᠨ ᠶᠣᠮ᠃ ᠨᠢᠬᠡ ᠣᠷᠣᠨ ᠳᠤ ᠬᠣᠶᠠᠷ ᠲᠠᠰᠢ ᠲᠣᠶ᠋‍ᠢᠯᠰᠢᠷᠠᠵᠣ᠂ ᠨᠢᠬᠡ ᠨᠢ ᠲᠣᠣᠷᠯᠠᠨ ᠪᠢᠳᠡᠬᠥᠮᠵᠢᠯᠡᠵᠦ᠂ ᠨᠦᠬᠥᠬᠡ ᠨᠢ ᠠᠳᠠᠷ ᠬᠠᠭᠠᠯᠪᠣᠷᠢᠯᠠᠵᠣ᠂ ᠣᠳᠠᠭᠠᠨ ᠳᠠᠭᠠᠨ ᠠᠶᠣᠯ ᠤᠨ ᠮᠠᠭᠣ ᠦᠷ᠎ᠡ ᠳ᠋ᠦᠩ ᠳᠤ ᠬᠦᠷᠴᠦ ᠡᠯᠡᠰᠥᠷᠬᠡᠭ᠍ᠵᠢᠨ᠎ᠡ᠃

ᠲᠠᠯ᠎ᠠ ᠨᠣᠳᠣᠭ ᠢ ᠲᠣᠣᠷᠯᠠᠨ ᠪᠢᠳᠡᠬᠥᠮᠵᠢᠯᠡᠵᠦ᠂ ᠮᠠᠯᠵᠢᠬᠤ ᠶᠢ ᠬᠣᠷᠢᠭᠯᠠᠬᠣ ᠳᠤ ᠠᠳᠠᠯᠢ ᠪᠣᠰᠣ ᠦᠵᠡᠯᠳᠡ ᠲᠡᠶ ᠪᠠᠶ᠋‍ᠢᠳᠠᠭ ᠪᠣᠯ ᠬᠡᠪ ᠤᠨ ᠦᠵᠡᠭ᠍ᠳᠡᠯ᠃ ᠬᠡᠳᠡᠯ᠎ᠡ ᠶᠡᠬᠡ ᠬᠡᠮᠵᠢᠶ᠎ᠡ ᠪᠠᠷ ᠲᠦᠬᠡᠮᠡᠯᠵᠢᠬᠥᠯᠬᠥ᠂ ᠴᠢᠨᠠᠭᠰᠢᠯᠠᠨ ᠵᠠᠰᠠᠭ ᠡᠴᠡ ᠡᠬᠥᠷᠬᠡ ᠲᠣᠯᠭᠠᠬᠣ᠂ ᠲᠣᠣᠷᠯᠠᠨ ᠪᠢᠳᠡᠬᠥᠮᠵᠢᠯᠡᠵᠦ ᠨᠡᠬᠥᠯᠬᠡᠨ ᠰᠢᠯᠵᠢᠬᠥᠯᠬᠥ ᠳᠤ ᠪᠠᠷᠢᠮᠳᠠ ᠪᠣᠯᠭᠠᠬᠣ ᠨᠢ ᠲᠠᠯ᠎ᠠ ᠨᠣᠳᠣᠭ ᠤᠨ ᠣᠶ᠋‍ᠢᠯᠠᠳᠪᠣᠷᠢᠯᠠᠯ ᠪᠠ ᠠᠮᠢᠳᠣᠷᠠᠯ ᠤᠨ ᠬᠡᠯᠪᠡᠷᠢ ᠶᠢ ᠦᠨᠳᠥᠰᠥᠨ ᠡᠴᠡ ᠨᠢ ᠦᠬᠡᠷᠡᠴᠢᠯᠡᠬᠥ ᠬᠡᠰᠡᠨ ᠦᠬᠡ ᠪᠣᠯᠣᠨ᠎ᠠ᠃ ᠡᠨᠠ ᠨᠢ ᠮᠠᠰᠢ ᠬᠣᠣᠷ ᠨᠥᠯᠣᠬᠡ ᠲᠡᠶ ᠶᠠᠪᠣᠳᠠᠯ ᠪᠣᠯᠣᠨ᠎ᠠ᠃ ᠭᠠᠵᠠᠷ ᠪᠦᠬᠥᠨ ᠳᠤ ᠲᠠᠮᠣᠷ ᠲᠣᠣᠷ᠂ ᠵᠠᠮ ᠬᠠᠷᠢᠯᠴᠠᠭ᠎ᠠ ᠪᠠ ᠠᠮᠢᠳᠠᠳ ᠤᠨ ᠬᠦᠳᠡᠯᠬᠡᠬᠡᠨ ᠢ ᠨᠥᠯᠣᠬᠡᠯᠡᠨ᠎ᠡ᠃ ᠲᠠᠮᠣᠷ ᠲᠣᠣᠷ ᠲᠤ ᠨᠢ ᠬᠠᠮᠬᠣᠣᠯ ᠮᠠᠳᠣ ᠶᠢᠨ ᠰᠠᠯᠬᠢᠨ ᠳᠤ ᠬᠡᠶ᠋‍ᠢᠰᠳᠡᠭ ᠣᠷᠭᠣᠮᠠᠯ ᠡᠯᠬᠥᠭ᠍ᠳᠡᠵᠦ᠂ ᠡᠪᠣᠯ ᠴᠠᠰᠣ ᠬᠣᠷᠠᠮᠳᠣᠵᠣ ᠪᠠᠶ᠋‍ᠢᠳᠠᠭ ᠨᠢ ᠴᠤ ᠶᠠᠭᠠᠬᠢᠬᠤᠪ᠂ ᠣᠰᠤ ᠴᠢᠬᠢᠭ᠌ ᠤᠨ ᠬᠣᠷᠠᠮᠳᠣᠯ ᠳᠤ ᠲᠣᠰᠠ ᠲᠡᠶ ᠬᠡᠵᠦ ᠪᠣᠳᠣᠶ᠎ᠠ᠃ ᠬᠠᠷᠢᠨ ᠨᠣᠷ᠎ᠠ ᠡᠯᠠᠰᠣ ᠣᠪᠣᠭᠠᠷᠠᠨ ᠲᠠᠮᠣᠷ ᠲᠣᠣᠷ ᠢ ᠲᠠᠷᠣᠨ ᠵᠠᠰᠠᠵᠣ ᠰᠡᠯᠪᠢᠬᠥ ᠳᠤ ᠴᠤ ᠲᠦᠬᠥᠮ ᠦᠭᠡᠶ ᠰᠠᠨ᠃ ᠲᠠᠯ᠎ᠠ ᠨᠣᠳᠣᠭ ᠢ ᠲᠠᠰᠣᠯᠠᠨ ᠨᠢᠬᠡ ᠨᠢᠬᠡ ᠰᠥᠯᠵᠢᠶᠡᠨ ᠤ ᠲᠣᠣᠷ ᠪᠣᠯᠭᠠᠯ᠎ᠠ᠃ ᠦᠷᠬᠡᠨ ᠠᠭᠣᠳᠠᠮ ᠲᠣᠷᠭᠠᠨ ᠲᠠᠯ᠎ᠠ ᠨᠦᠬᠥᠬᠡᠰᠦ ᠬᠠᠯᠠᠭᠠᠰᠣ ᠪᠠᠷ ᠲᠦᠬᠥᠷᠥᠯ᠎ᠡ᠃ ᠡᠨᠠ ᠪᠣᠯ ᠨᠡᠬᠥᠳᠡᠯᠴᠢᠨ ᠠᠷᠠᠳ ᠤᠨ ᠬᠦᠰᠡᠯ ᠪᠠ ᠰᠣᠶᠣᠯ ᠡᠴᠡ ᠭᠠᠵᠢᠵᠣ ᠪᠠᠶ᠋‍ᠢᠭ᠎ᠠ ᠵᠦᠢᠯ᠃ ᠶᠠᠷᠢᠶᠠᠨ ᠦᠭᠡᠶ᠂ ᠵᠢᠵᠢᠭ᠌ ᠬᠡᠪᠴᠢᠶᠡᠨ ᠤ᠂ ᠤᠬᠤᠷ ᠬᠣᠭᠣᠴᠠᠭᠠᠨ ᠤ᠂ ᠣᠠᠴᠠᠭᠠᠢ ᠵᠤᠷᠢᠯᠭ᠎ᠠ ᠪᠦᠬᠥᠢ ᠪᠢᠳᠡᠬᠥᠮᠵᠢᠯᠡᠯ ᠨᠢ ᠵᠠᠷᠢᠮ ᠳᠠᠭᠠᠨ ᠬᠡᠷᠡᠭ᠍ᠴᠡᠬᠡ ᠲᠡᠶ ᠪᠠᠶ᠋‍ᠢᠵᠣ ᠪᠣᠯᠣᠨ᠎ᠠ᠃ ᠲᠡᠬᠡᠬᠥ ᠳᠤ ᠲᠠᠷᠠ ᠲᠠᠯᠠᠪᠠᠢ ᠶᠢᠨ ᠶᠡᠬᠡᠰᠬᠡᠯ᠂ ᠴᠠᠭ ᠤᠨ ᠣᠷᠳᠣᠰᠬᠠᠯ ᠨᠢ ᠲᠡᠬᠥᠨ ᠤ ᠰᠢᠨᠵᠢ ᠴᠢᠨᠠᠷ ᠢ ᠬᠣᠪᠢᠷᠠᠭᠣᠯᠴᠢᠬᠠᠨ᠎ᠠ᠃ ᠬᠦᠮᠥᠰ ᠲᠠᠩᠳᠠ ᠲᠣᠶ᠋‍ᠢᠯᠰᠢᠷᠠᠬᠣ ᠲᠣᠷᠠᠳᠠᠢ᠂ ᠨᠢᠬᠡᠲᠦᠬᠡᠷ ᠲᠤ ᠣᠷᠣᠪᠠᠯ ᠰᠠᠶ‍ᠢ ᠲᠣᠷᠬᠢᠯᠳᠠ ᠡᠬᠥᠰᠬᠡᠨ ᠮᠡᠳᠡᠷᠡᠭ᠍ᠳᠡᠵᠦ᠂ ᠨᠢᠬᠡᠲᠦᠬᠡᠷ ᠲᠤ ᠣᠷᠣᠪᠠᠯ ᠰᠠᠶ‍ᠢ ᠱᠠᠩᠨᠠᠯ ᠬᠦᠷᠳᠡᠨ᠎ᠡ᠃ ᠲᠠᠭᠠᠭᠠᠴᠠ ᠡᠴᠡ ᠬᠡᠳᠥᠷᠳᠡᠯ᠎ᠡ ᠮᠠᠯᠵᠢᠬᠤ ᠪᠠ ᠮᠠᠯ ᠢ ᠬᠣᠷᠢᠬᠤ ᠨᠢ ᠪᠦᠷ ᠲᠣᠶ᠋‍ᠢᠯᠰᠢᠷᠠᠵᠣ ᠪᠠᠶ᠋‍ᠢᠭ᠎ᠠ ᠦᠵᠡᠭ᠍ᠳᠡᠯ᠃ ᠲᠠᠷᠠ ᠨᠢ ᠲᠠᠩ ᠴᠣᠯᠭᠣᠶ᠋‍ᠢᠵᠢᠵᠣ᠂ ᠶᠡᠷᠣᠩᠬᠡᠢ ᠦᠷ᠎ᠡ ᠨᠥᠯᠣᠬᠡ ᠨᠢ ᠲᠣᠷᠣᠭᠰᠢᠯᠠᠨ᠎ᠠ᠃ ᠬᠠᠮᠣᠭ ᠤᠨ ᠰᠠᠶ᠋‍ᠢᠨ ᠰᠣᠩᠭ᠋ᠣᠯᠳᠠ ᠪᠣᠯ ᠬᠡᠳᠥᠷᠠᠬᠥᠯᠬᠥ ᠦᠭᠡᠶ᠂ ᠣᠯᠠᠨ ᠶᠠᠩᠵᠣᠳᠣ ᠴᠢᠨᠠᠷ ᠢ ᠪᠠᠳᠣᠯᠠᠬᠣ᠂ ᠲᠣᠬᠢᠷᠠᠮᠵᠢᠳᠠᠢ᠂ ᠵᠤᠬᠢᠴᠠᠩᠭ᠋ᠣᠢ ᠪᠠᠶ᠋‍ᠢᠬᠣ ᠶᠠᠪᠣᠳᠠᠯ ᠪᠣᠯᠣᠨ᠎ᠠ᠃ ᠣᠳᠣᠬᠢ ᠨᠡᠢᠬᠡᠮ ᠳᠤ ᠵᠠᠷᠢᠮ ᠬᠦᠮᠥᠰ ᠲᠠᠩᠳᠠ ᠭᠣᠣᠯ ᠣᠷᠣᠰᠬᠠᠯ ᠤᠨ ᠡᠵᠠᠨ ᠬᠡᠵᠦ ᠦᠪᠡᠷ ᠢ ᠪᠠᠨ ᠪᠣᠳᠣᠳᠠᠭ᠃ ᠲᠠᠳᠠ ᠬᠢᠯᠢ ᠬᠢᠵᠠᠭᠠᠷ ᠤᠨ ᠨᠣᠳᠣᠭ ᠤᠨ ᠣᠴᠢᠷ ᠭᠠᠷ ᠲᠥᠷᠣᠵᠦ᠂ ᠦᠪᠡᠷ ᠤᠨ ᠪᠣᠳᠣᠯ ᠢᠶᠡᠨ ᠪᠣᠰᠣᠳ ᠲᠤ ᠠᠯᠪᠠ ᠪᠠᠷ ᠲᠤᠬᠤᠨ᠂ ᠲᠠᠯ᠎ᠠ ᠨᠣᠳᠣᠭ ᠤᠨ ᠨᠡᠬᠥᠳᠡᠯ ᠮᠠᠯᠵᠢᠯ ᠰᠣᠶᠣᠯ ᠢ ᠲᠠᠷᠢᠶᠠᠯᠠᠬᠣ ᠰᠣᠶᠣᠯ ᠪᠣᠶᠣ ᠬᠣᠳᠠ ᠰᠠᠭᠣᠷᠢᠨ ᠤ ᠰᠣᠶᠣᠯ ᠪᠣᠯᠭᠠᠬᠣ ᠬᠡᠵᠦ ᠣᠷᠣᠯᠳᠣᠳᠠᠭ᠃ ᠡᠶ᠋‍ᠢᠮᠣ ᠡᠴᠡ ᠴᠥᠯᠵᠢᠯ ᠪᠣᠯ ᠲᠠᠷᠣᠢ ᠦᠷᠣᠬᠡᠰᠥᠯᠵᠢᠯ ᠮᠦᠨ᠂ ᠲᠣᠶ᠋‍ᠢᠯᠰᠢᠷᠠᠯ ᠮᠦᠨ᠂ ᠰᠣᠶᠣᠯ ᠤᠨ ᠬᠠᠶ᠋‍ᠢᠯᠣᠭᠣᠯᠣᠯ ᠮᠦᠨ᠃ ᠴᠥᠯᠵᠢᠯ ᠢ ᠵᠠᠰᠠᠬᠣ ᠳᠤ ᠪᠠᠰᠠ ᠲᠣᠶ᠋‍ᠢᠯᠰᠢᠷᠠᠵᠣ ᠪᠣᠯᠬᠣ ᠦᠭᠡᠶ᠂ ᠠᠮᠢ ᠠᠬᠣᠢ ᠶᠢᠨ ᠰᠢᠰᠲ᠋ᠧᠮ ᠤᠨ ᠬᠡᠰᠢᠭᠦᠳ ᠲᠤ ᠲᠣᠬᠢᠷᠠᠮᠵᠢᠳᠠᠢ ᠲᠣᠬᠢᠷᠠᠭᠣᠯᠣᠯᠳᠠ ᠬᠢᠵᠣ ᠲᠠᠳᠠᠨ ᠢ ᠵᠤᠬᠢᠴᠠᠩᠭ᠋ᠣᠢ ᠪᠣᠯᠭᠠᠬᠣ ᠨᠢ ᠰᠠᠶ‍ᠢ ᠪᠠᠶ᠋‍ᠢᠭᠠᠯᠢ ᠶᠢᠨ ᠬᠦᠴᠥᠨ ᠤ ᠪᠠᠶᠠᠯᠠᠯ ᠮᠦᠨ᠃


( ᠲᠡᠮᠦᠷᠪᠡᠭᠠᠨ᠎ᠠ ᠤᠷᠴᠢᠭᠤᠯᠵᠤ᠂ ᠲᠠᠩᠬᠢᠰ ᠨᠠᠢᠢᠷᠠᠭᠤᠯᠪᠠ )


ᠵᠤᠬᠢᠶᠠᠭᠴᠢ ᠶᠢᠨ ᠬᠠᠶ‍ᠢᠭ᠄ ᠦᠪᠦᠷ ᠮᠤᠩᠭ᠋ᠤᠯ ᠤᠨ ᠪᠠᠭᠰᠢ ᠶᠢᠨ ᠶᠡᠬᠡ ᠰᠣᠷᠭᠠᠭᠣᠯᠢ ᠶᠢᠨ ᠠᠮᠢᠳᠣ ᠪᠣᠳᠠᠰ ᠤᠨ ᠰᠠᠯᠪᠣᠷᠢ

ᠵᠤᠬᠢᠶᠠᠭᠴᠢ᠄ ᠯᠢᠦ ᠱᠤ ᠿᠦ᠋ᠨ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9368
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ