ᠨᠡᠪᠲᠡᠷᠡᠨ ᠤᠷᠤᠬᠤ
ᠣᠳᠤ ᠪᠢ ᠬᠤᠭᠤᠰᠤᠨ ᠪᠤᠯᠵᠠᠢ

ᠳᠠᠯ᠎ᠠ ᠪᠠᠨ ᠰᠢᠷᠳᠠᠵᠤ ᠠᠪᠣ ᠮᠢᠨᠢ

ᠰᠠᠨᠠᠭ᠎ᠠ ᠠᠯᠳᠠᠨ᠎ᠠ

ᠳᠠᠷᠢᠶ᠎ᠠ ᠪᠠᠨ ᠬᠠᠷᠠᠵᠤ ᠠᠪᠣ ᠮᠢᠨᠢ

ᠪᠠᠰᠠ ᠰᠠᠨᠠᠭ᠎ᠠ ᠠᠯᠳᠠᠨ᠎ᠠ


ᠳᠠᠯ᠎ᠠ ᠨᠢ ᠳᠠᠯ᠎ᠠ ᠪᠠᠢ᠌ᠭᠰᠠᠨ ᠶ‍ᠤᠮ

ᠳᠠᠪᠤᠨ ᠰᠥᠷᠦᠭ᠌ ᠪᠢᠯᠬᠠᠵᠤ ᠪᠠᠢ᠌ᠭᠰᠠᠨ ᠶ‍ᠤᠮ

ᠳᠠᠷᠢᠶ᠎ᠠ ᠨᠢ ᠴᠤ ᠳᠠᠷᠢᠶ᠎ᠠ ᠪᠠᠢ᠌ᠭᠰᠠᠨ ᠶ‍ᠤᠮ

ᠳᠠᠪᠤᠨ ᠠᠮᠤ ᠳᠡᠭ᠍ᠰᠢᠭᠡᠨ ᠪᠠᠢ᠌ᠭᠰᠠᠨ ᠶ‍ᠤᠮ


ᠣᠷᠭ᠎ᠠ ᠪᠠᠨ ᠳᠤᠯᠵᠤ ᠠᠪᠣ ᠮᠢᠨᠢ

ᠠᠳᠤᠭᠤᠨ ᠳᠠᠭᠠᠨ ᠮᠤᠷᠳᠠᠳᠠᠭ ᠪᠠᠢ᠌ᠭᠰᠠᠨ ᠶ‍ᠤᠮ

ᠡᠮᠡᠭᠡᠯ ᠶᠢᠡᠨ ᠦᠠᠳᠤᠷ ᠳᠡᠷᠡᠯᠡᠭᠡᠤᠨ

ᠣᠳᠤᠳ ᠶᠢᠡᠨ ᠮᠠᠨᠠᠳᠠᠭ ᠪᠠᠢ᠌ᠭᠰᠠᠨ ᠶ‍ᠤᠮ


ᠳᠠᠰᠢᠭᠤᠷ ᠶᠢᠡᠨ ᠡᠷᠭᠢᠭᠦᠯᠵᠤ ᠠᠪᠣ ᠮᠢᠨᠢ

ᠳᠠᠷᠢᠶ‍ᠠᠨ ᠳᠠᠭᠠᠨ ᠶ‍ᠠᠪᠣᠳᠠᠭ ᠪᠠᠢ᠌ᠭᠰᠠᠨ ᠶ‍ᠤᠮ

ᠳᠠᠷᠢᠳᠠᠭ ᠶᠢᠡᠨ ᠵᠢᠭᠠᠬᠠᠨ ᠳᠠᠷᠢᠭᠠᠤᠨ

ᠣᠯᠳᠠᠭ ᠶᠢᠡᠨ ᠰᠠᠢ᠌ᠬᠠᠨ ᠣᠯᠳᠠᠭ ᠪᠠᠢ᠌ᠭᠰᠠᠨ ᠶ‍ᠤᠮ


ᠳᠠᠷᠠ ᠦᠶ᠎ᠠ ᠳᠠᠯ᠎ᠠ᠂ ᠳᠠᠯ᠎ᠠ ᠪᠠᠢ᠌ᠭᠰᠠᠨ ᠶ‍ᠤᠮ

ᠳᠠᠷᠠ ᠦᠶ᠎ᠠ ᠠᠪᠣ ᠠᠭᠤᠯᠠ ᠪᠠᠢ᠌ᠭᠰᠠᠨ ᠶ‍ᠤᠮ

ᠳᠠᠷᠠ ᠦᠶ᠎ᠠ ᠳᠠᠷᠢᠶ᠎ᠠ᠂ ᠳᠠᠷᠢᠶ᠎ᠠ ᠪᠠᠢ᠌ᠭᠰᠠᠨ ᠶ‍ᠤᠮ

ᠳᠠᠷᠠ ᠦᠶ᠎ᠠ ᠠᠪᠣ ᠡᠭᠦᠯᠡ ᠪᠠᠢ᠌ᠭᠰᠠᠨ ᠶ‍ᠤᠮ


ᠣᠳᠤ ᠳᠠᠯ᠎ᠠ ᠨᠢ ᠳᠠᠷᠢᠶ᠎ᠠ ᠪᠣᠯᠵᠠᠢ

ᠣᠳᠤ ᠳᠠᠷᠢᠶ᠎ᠠ ᠨᠢ ᠴᠦᠯ ᠪᠣᠯᠵᠠᠢ

ᠣᠳᠤ ᠠᠪᠣ ᠮᠢᠨᠢ ᠨᠠᠰᠤ ᠪᠣᠯᠵᠠᠢ

ᠣᠳᠤ ᠪᠢ ᠬᠤᠭᠤᠰᠤᠨ ᠪᠣᠯᠵᠠᠢ


ᠵᠤᠭᠢᠶ‍ᠠᠭᠴᠢ ᠶᠢᠨ ᠬᠠᠶ‍ᠢᠭ᠄ 《 ᠳᠡᠯᠡᠭᠡᠢ ᠶᠢᠨ ᠣᠤᠠᠬ᠎ᠠ ᠵᠤᠭᠢᠶ‍ᠠᠯ 》 ᠨᠠᠢ᠌ᠷᠠᠭᠤᠯᠬᠤ ᠭᠡᠯᠳᠡᠰ


ᠵᠤᠬᠢᠶᠠᠭᠴᠢ᠄ ᠶ·ᠴᠠᠭᠠᠠᠮᠦ᠋ᠷᠡᠨ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 11419
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ