☆ ᠳ·ᠬᠦᠬᠡᠮᠦ᠋ᠷᠡᠨ᠄
《ᠭᠡᠷᠢᠶᠡᠰ》ᠭᠤᠷᠪᠠ
᠊᠊᠊᠊᠊᠊᠊᠊᠊᠊᠊᠊᠊᠊᠊᠊᠊᠊᠊᠊᠊᠊᠊ ᠬᠠᠩᠰᠢ ᠶᠢᠨ ᠬᠠᠯᠠᠭᠤᠨ ᠰᠠᠯᠭᠢᠨ ᠳᠤ ᠬᠠᠮᠤᠷᠠᠭᠳᠠᠨ ᠭᠡᠢ᠌ᠰᠴᠤ ᠪᠠᠢ᠌ᠭᠰᠠᠨ ᠬᠠᠮᠬᠤᠤᠯ᠂ ᠬᠤᠷᠠᠭ᠎ᠠ ᠢᠰᠢᠭᠡᠨ ᠤ ᠳᠤᠭᠯᠠᠭᠠᠮ ᠪᠣᠯᠵᠤ᠂ ᠭᠤᠤ ᠰᠤᠵᠢᠭ ᠲᠤ ᠳᠠᠭᠯᠠᠷᠠᠨ ᠶᠠᠪᠣᠭᠰᠠᠨ ᠴᠤ ᠬᠠᠪᠣᠷ ᠤᠨ ᠳᠤᠯᠠᠭᠠᠨ ᠳᠤ ᠡᠳ᠋ ᠪᠣᠯᠵᠤ ᠦᠷ᠎ᠡ ᠪᠠᠨ ᠬᠠᠶᠠᠵᠤ᠂ ᠭᠦᠷᠦᠰᠤᠨ ᠳᠤ ᠰᠤᠶᠤᠭᠠᠯᠠᠭᠤᠯᠤᠨ ᠣᠷᠭᠤᠭᠤᠯᠤᠭᠠᠤᠨ᠂ ᠪᠠᠰᠠ ᠨᠢᠭᠡ ᠠᠮᠢᠵᠢᠷᠠᠯ ᠤᠨ ᠭᠦᠴᠤᠨ ᠢ ᠥᠯᠡᠳᠡᠭᠡᠭ᠍ᠰᠡᠨ ᠨᠢ ᠡᠪᠠᠰᠤ ᠮᠤᠳᠤᠨ ᠤ ᠪᠠᠢ᠌ᠭᠠᠯᠢ ᠶᠢᠨ ᠰᠢᠠᠵᠢ ᠪᠣᠶᠤ ⁈ ᠭᠦᠭᠡᠷᠦᠭᠦᠢ︕ ᠭᠦᠮᠤᠨ ᠭᠡᠳᠡᠭ᠌ ᠬᠠᠯᠠ ᠶᠢ ᠦᠵᠡᠨ ᠬᠠᠳᠠᠭᠤ ᠶᠢ ᠳᠠᠪᠠᠨ᠂ ᠬᠠᠯᠠᠭᠤᠨ ᠴᠢᠯᠠᠭᠤ ᠶᠢ ᠳᠤᠯᠢᠶᠠᠨ᠂ ᠬᠠᠷ᠎ᠠ ᠴᠠᠭᠠᠨ ᠡᠳᠦᠷ ᠬᠤᠨᠤᠭ ᠢ ᠥᠩᠭᠡᠷᠡᠭᠡᠭ᠍ᠰᠡᠨ ᠴᠤ ᠡᠷ᠎ᠡ ᠦᠰᠴᠦ ᠢᠰᠡᠭᠡᠢ ᠰᠤᠨᠤᠬᠤ ᠶᠢᠨ ᠊ᠭ᠍ᠱᠡᠨ ᠳᠤ ᠠᠮᠢᠳᠤᠷᠠᠯ ᠭᠡᠳᠡᠭ᠌ ᠤᠨ ᠬᠠᠳᠠᠭᠤ ᠬᠠᠯᠠᠨ ᠳᠤ ᠳᠠᠭᠢᠨ ᠭᠢᠡᠵᠢᠯᠡᠭ᠍ᠳᠡᠳᠡᠭ᠌ ᠨᠢ ᠭᠦᠮᠤᠨ ᠤ ᠠᠮᠢᠳᠤᠷᠠᠯ ᠤᠨ ᠵᠢᠮ᠎ᠠ ᠬᠠᠤᠯᠢ ᠮᠠᠶᠢᠭᠳᠠᠢ ⁈ ᠥᠵᠦᠭᠦᠷ ᠨᠢ ᠴᠠᠢ᠌ᠭᠰᠠᠨ ᠴᠤ ᠦᠨᠳᠦᠰᠦ ᠨᠢ ᠬᠤᠪᠠᠬᠠᠢ᠌ᠷᠠᠳᠠᠭ ᠦᠭᠡᠶ ᠡᠪᠠᠰᠤ ᠣᠷᠭᠤᠮᠠᠯ ᠤᠳ ᠡ︕ ᠶᠠᠰᠤ ᠨᠢ ᠴᠠᠢ᠌ᠭᠰᠠᠨ ᠴᠤ ᠠᠯᠳᠠᠷ ᠨᠢ ᠥᠯᠡᠳᠡᠳᠡᠭ᠌ ᠭᠦᠮᠤᠨ ᠤ ᠣᠷᠴᠢᠯᠠᠩ ⁈
《ᠮᠢᠨᠤ ᠣᠯᠠ ᠮᠦᠷ》 ᠡᠴᠡ
ᠴᠠᠰᠤᠨ ᠯᠠᠪᠰᠠ ᠬᠠᠶᠠᠯᠠᠭᠰᠠᠨ ᠡᠳᠦᠷ᠂ ᠮᠠᠨᠠᠨ ᠭᠦᠳᠡᠩ ᠳᠠᠳᠠᠭᠰᠠᠨ ᠦᠶ᠎ᠡ᠂ ᠬᠤᠷ᠎ᠠ ᠪᠣᠷᠤᠭᠠᠨ ᠰᠢᠪᠠᠷᠡᠭ᠍ᠰᠡᠨ ᠴᠠᠭ᠂ ᠭᠠᠯᠠᠭᠤ ᠡᠮᠦᠨᠡᠰᠢᠯᠡᠭᠦ ᠬᠤᠨᠤᠭ ᠤᠳ ᠲᠤ᠂ ᠮᠤᠯᠤᠮ ᠮᠤᠯᠤᠷ ᠬᠤᠶᠠᠷ ᠨᠢᠭᠡ ᠨᠢᠭᠡ ᠶᠢ ᠪᠠᠨ ᠳᠤᠷᠠᠰᠤᠨ ᠰᠠᠨᠠᠭᠠᠯᠵᠠᠵᠤ᠂ ᠰᠡᠳᠭᠢᠯ ᠳᠤᠳᠤᠷ᠎ᠠ ᠪᠠᠨ ᠡᠮᠵᠡᠭᠯᠡᠨ ᠣᠶᠠᠷᠠᠵᠤ᠂ ᠬᠤᠯᠠ ᠶᠢᠨ ᠭᠠᠵᠠᠷ ᠡᠴᠡ ᠨᠢᠯᠪᠣᠰᠤ ᠣᠨᠠᠭᠠᠨ᠂ ᠭᠡᠵᠢᠶ᠎ᠡ ᠣᠯᠵᠤ ᠣᠴᠠᠷᠠᠳᠠᠭ ᠪᠣᠯ ⁈ ᠭᠡᠵᠤ ᠭᠦᠰᠡᠵᠤ ᠮᠦᠷᠦᠭᠡᠳᠦᠭ᠍ᠰᠡᠭᠡᠷ ᠨᠢᠭᠡ ᠮᠡᠳᠡᠭᠦ ᠳᠤ ᠰᠢᠷ᠎ᠠ ᠡᠳᠦᠷ ᠪᠣᠷᠤ ᠬᠤᠨᠤᠭ ᠤᠨ ᠰᠤᠯᠢᠯᠴᠠᠭ᠎ᠠ ᠪᠠᠷ ᠨᠠᠰᠤ ᠨᠡᠮᠡᠭ᠍ᠳᠡᠨ᠂ ᠣᠬᠠᠭ᠎ᠠ ᠪᠦᠷᠢᠳᠴᠤ᠂ ᠣᠨ ᠵᠢᠯ ᠢ ᠡᠭᠡᠯᠵᠢᠯᠡᠭ᠍ᠰᠡᠭᠡᠷ ᠡᠳᠦᠭᠡ ᠳᠠᠭᠢᠶ᠎ᠠ ᠵᠢᠯ ᠢ ᠣᠭᠳᠤᠪᠠ᠃
ᠥᠩᠭᠡᠷᠡᠭ᠍ᠰᠡᠨ ᠣᠴᠢᠷ ᠢ ᠨᠢᠭᠡᠨᠲᠡ ᠪᠣᠳᠤᠯ ᠳᠠᠭᠠᠨ ᠳᠠᠷᠤᠵᠤ᠂ ᠡᠳᠦᠭᠡ ᠪᠠᠶ᠎ᠠ ᠭᠦᠢᠴᠡᠭ᠍ᠰᠡᠨ ᠡᠷ᠎ᠡ ᠪᠣᠯᠵᠤ᠂ ᠬᠤᠶᠠᠷ ᠨᠤᠳᠤᠭ ᠤᠨ ᠭᠠᠵᠠᠷ ᠳᠠᠭᠢ ᠮᠤᠩᠭ᠋ᠤᠯᠴᠤᠳ ᠤᠨ ᠳᠤᠮᠳᠠ ᠢᠳᠡᠷᠭᠦᠨ ᠵᠠᠯᠠᠭᠤᠴᠤᠳ ᠪᠣᠯᠵᠤ ᠪᠢᠯᠠ᠃
ᠮᠤᠯᠤᠮ ᠨᠢᠭᠡᠨᠲᠡ ᠠᠷᠪᠠᠨ ᠨᠢ᠋ᠮᠠᠨ ᠨᠠᠰᠤᠯᠠᠪᠠ᠃ ᠨᠠᠮᠰᠠᠷᠠᠢ ᠮᠤᠯᠤᠮ ᠢ ᠠᠪᠴᠢᠷᠭᠭᠰᠠᠨ ᠤ ᠰᠡᠭᠦᠯᠡᠷ ᠳᠡᠭᠦᠨ ᠢ ᠠᠳᠤᠭᠤᠨ ᠤ ᠳᠤᠪᠣ ᠳᠤ ᠠᠳᠤᠭᠤᠴᠢᠨ ᠪᠣᠯᠭᠠᠨ ᠭᠡᠷᠡᠭᠯᠡᠪᠡ᠃ ᠡᠭᠦᠨ ᠳᠤ ᠨᠠᠮᠰᠠᠷᠠᠢ ᠨᠤᠶᠠᠨ ᠳᠤ ᠮᠤᠯᠤᠮ ᠮᠤᠯᠤᠷ ᠢ ᠣᠯᠤᠭᠰᠠᠨ ᠦᠭᠡᠶ ᠭᠡᠵᠤ ᠬᠤᠳᠠᠯ ᠳᠤᠩᠭ᠋ᠤᠳᠴᠤ᠂ ᠡᠳᠡᠨᠡᠷ ᠤᠨ ᠣᠴᠢᠷ ᠢ ᠨᠢᠭᠡᠨ ᠥᠭᠡ ᠪᠠᠷ ᠪᠠᠯᠠᠯᠵᠤ ᠳᠠᠭᠤᠰᠬᠠᠪᠠ᠃ ᠣᠳᠤ᠂ ᠨᠠᠮᠰᠠᠷᠠᠢ ᠮᠤᠯᠤᠮ ᠢ ᠨᠢᠭᠤᠴᠠ ᠪᠠᠷ ᠳᠡᠵᠢᠭᠡᠨ᠂ ᠡᠷᠦᠭᠡ ᠳᠡᠭᠡᠨ ᠠᠳᠤᠭᠤᠴᠢᠨ ᠪᠣᠯᠭᠠᠭᠰᠠᠨ ᠡᠴᠡ ᠳᠡᠭᠦᠨ ᠤ ᠭᠦᠪᠠᠭᠦᠨ ᠨᠠᠮᠠᠬᠠᠢ ᠳᠤ ᠳᠡᠭᠦᠤ ᠪᠣᠯᠭᠠᠨ ᠳᠠᠭᠤᠳᠠᠭᠤᠯᠤᠨ᠂ ᠠᠷᠪᠠᠨ ᠨᠢ᠋ᠮᠠ ᠨᠠᠰᠤᠯᠠᠳᠠᠯ᠎ᠠ ᠨᠠᠮᠰᠠᠷᠠᠢ ᠬᠤᠶᠠᠷ ᠭᠦᠪᠠᠭᠦᠨ ᠲᠡᠶ ᠨᠢᠭᠡ ᠦᠬᠢᠨ ᠲᠡᠶ ᠪᠠᠶᠠᠷᠳᠤ ᠠᠮᠢᠳᠤᠷᠠᠯ ᠢ ᠥᠩᠭᠡᠷᠭᠡᠨ ᠳᠠᠭᠠᠳᠠᠢ ᠠᠮᠢᠳᠤᠷᠠᠯ ᠳᠤ ᠰᠤᠭᠳᠤᠭᠤᠷᠠᠨ᠎ᠠ᠃
ᠨᠠᠮᠰᠠᠷᠠᠢ ᠪᠠᠶᠠᠨ ᠵᠤᠨ ᠤ ᠣᠯᠠᠷᠢᠯ ᠤᠨ ᠴᠡᠴᠡᠭ᠌ ᠤᠨ ᠬᠤᠷ᠎ᠠ ᠪᠠᠭᠤᠭᠰᠠᠨ ᠡᠳᠦᠷ᠂ ᠳᠦᠷᠪᠠᠨ ᠰᠠᠷ᠎ᠠ ᠶᠢᠨ ᠠᠷᠪᠠᠨ ᠳᠠᠪᠤᠨ ᠤ ᠡᠳᠦᠷ᠂ ᠦᠪᠡᠷ ᠤᠨ ᠦᠭᠢᠨ ᠷᠤᠯᠭᠠᠷᠮ᠎ᠠ ᠶᠢᠨ ᠠᠷᠪᠠᠨ ᠵᠢᠷᠭᠤᠭᠠᠨ ᠨᠠᠰᠤᠨ ᠤ ᠣᠢ ᠶᠢ ᠳᠤᠷᠠᠰᠬᠠᠬᠤ ᠭᠡᠷ ᠤᠨ ᠪᠠᠶᠠᠷ ᠢ ᠭᠢᠭᠦ ᠪᠠᠷ ᠪᠣᠯᠪᠠ᠃ ᠳᠡᠭᠡᠭᠡᠳ ᠨᠠᠮᠰᠠᠷᠠᠢ ᠭᠦᠪᠠᠭᠦᠨ ᠨᠠᠮᠠᠬᠠᠢ ᠪᠣᠯᠤᠨ ᠮᠤᠯᠤᠮ ᠢ ᠳᠠᠭᠤᠳᠠᠨ ᠳᠡᠷᠭᠡᠯ ᠡᠳᠦᠷ ᠤᠨ ᠪᠠᠶᠠᠷ ᠪᠠ ᠭᠡᠦᠭᠡᠨ ᠳᠡᠭᠦᠤ ᠶᠢᠨ ᠶᠢᠡᠨ ᠳᠦᠷᠦᠭ᠍ᠰᠡᠨ ᠡᠳᠦᠷ ᠤᠨ ᠪᠠᠶᠠᠷ ᠢ ᠪᠠᠶᠠᠷᠳᠠᠢ ᠪᠠᠷ ᠪᠠᠯᠡᠭᠯᠡᠭᠦ ᠪᠠᠷ ᠣᠷᠤᠯᠴᠠᠭᠳᠤᠨ ︕ ᠭᠡᠰᠡᠨ ᠴᠢᠮᠡᠭᠡ ᠶᠢ ᠥᠭ᠍ᠪᠡ᠃
ᠠᠷᠪᠠᠨ ᠳᠦᠷᠪᠠᠨ ᠤ ᠣᠷᠤᠢ ᠳᠠᠷᠠ ᠬᠤᠶᠠᠷ ᠮᠤᠷᠢ ᠣᠨᠤᠵᠤ ᠮᠠᠩᠬᠠᠳᠤ ᠶᠢᠨ ᠫᠣᠤᠯᠤ ᠲᠡᠶ ᠪᠠᠭᠤᠷᠢ ᠳᠤ ᠢᠷᠠᠪᠠ᠃ ᠳᠠᠪᠤᠨ ᠵᠢᠯ ᠢᠷᠡᠭᠡ ᠦᠭᠡᠶ ᠮᠤᠯᠤᠮ᠂ ᠦᠨᠦ ᠳᠤᠩᠭ᠋ᠠᠯᠠᠭ ᠰᠦᠨᠢ ᠮᠤᠷᠢᠨ ᠡᠴᠡ ᠪᠠᠭᠤᠵᠤ᠂ ᠪᠠᠭᠤᠷᠢ ᠶᠢ ᠥᠵᠡᠭᠦ ᠳᠤ ᠥᠨᠡᠭᠡᠷ ᠥᠯᠢᠭᠡᠷ ᠳᠤᠮᠤᠭ ᠤᠨ ᠳᠤᠳᠤᠷᠠᠭᠢ ᠬᠠᠭᠤᠴᠢᠨ ᠣᠷᠳᠤ ᠬᠠᠷᠰᠢ ᠰᠢᠭ᠌ ᠳᠦᠷᠦᠭ᠍ᠳᠡᠯ ᠣᠷᠤᠨ᠎ᠠ᠃
ᠳᠦᠷᠪᠡᠯᠵᠢᠨ ᠳᠤᠮᠤ ᠭᠦᠷᠢᠶ᠎ᠡ᠂ ᠬᠤᠶᠠᠷ ᠳᠠᠯ᠎ᠠ ᠳᠠᠭᠠᠨ ᠫᠣᠤᠯᠤ ᠲᠡᠶ᠂ ᠭᠦᠷᠢᠶᠡᠨ ᠳᠤᠳᠤᠷ᠎ᠠ ᠶᠡᠭᠡ ᠰᠦᠷᠯᠢᠭ᠌ ᠪᠠᠷᠢᠭᠰᠠᠨ ᠭᠦᠭᠡ ᠸᠠᠭᠠᠷ ᠤᠨ ᠪᠠᠢ᠌ᠰᠢᠩ ᠭᠡᠷ ᠪᠠ ᠳᠠᠪᠤᠨ ᠵᠠᠯᠠᠨ ᠵᠤᠴᠢᠳ ᠪᠠᠭᠤᠴᠢᠯᠠᠬᠤ ᠭᠡᠷ᠂ ᠬᠤᠭᠤᠯᠠ ᠪᠠᠵᠠᠭᠠᠬᠤ ᠦᠷᠦᠭᠡ ᠬᠠᠷᠠᠭᠳᠠᠨ᠎ᠠ᠃ ᠭᠦᠭᠡ ᠪᠠᠢ᠌ᠰᠢᠩ ᠤᠨ ᠠᠷᠤ ᠳᠠᠯ᠎ᠠ ᠳ᠋ᠤᠨᠢ ᠪᠠᠰᠠ ᠨᠢᠭᠡ ᠴᠡᠪᠠᠷᠭᠡᠨ ᠪᠠᠢ᠌ᠭᠤᠯᠤᠭᠰᠠᠨ ᠭᠦᠭᠡ ᠸᠠᠭᠠᠷ ᠤᠨ ᠭᠡᠷᠡᠮ᠂ ᠣᠯᠠᠭᠠᠨ ᠸᠠᠭᠠᠷ ᠤᠨ ᠣᠷᠤᠢ ᠲᠡᠶ᠂ ᠰᠢᠪᠠᠭᠤᠳ ᠰᠦᠷᠦᠭ᠍ᠯᠡᠭ᠍ᠰᠡᠨ ᠰᠦᠯᠳᠡ ᠲᠡᠶ ᠦᠷᠦᠭᠡ ᠬᠠᠷᠠᠭᠳᠠᠨ᠎ᠠ᠃ ᠳᠠᠷᠠ ᠪᠣᠯ ᠳᠠᠷᠤᠢ ᠪᠠᠭ᠎ᠠ ᠠᠪᠠᠬᠠᠢ ᠷᠤᠯᠭᠠᠷᠮ᠎ᠠ ᠶᠢᠨ ᠴᠠᠪᠠᠷ ᠦᠷᠦᠭᠡ ᠠᠵᠠᠢ᠃
ᠮᠤᠯᠤᠮ ᠳᠤᠳᠤᠷ᠎ᠠ ᠪᠠᠨ᠂ ᠠᠢ︕ ᠮᠢᠨᠤ ᠡᠴᠢᠭᠡ ᠪᠠᠰᠠ ᠡᠢ᠌ᠮᠤ ᠪᠠᠢ᠌ᠭᠰᠠᠨ ᠪᠣᠯ᠂ ᠡᠰᠡᠭᠦᠯ᠎ᠡ ᠠᠮᠢᠳᠤ ᠮᠠᠠᠳᠤ ᠴᠤ ᠪᠠᠢ᠌ᠭᠰᠠᠨ ᠪᠣᠯ ᠭᠡᠳ ᠪᠠᠶ᠎ᠠ ᠪᠠᠨ ᠵᠢᠮᠠᠯᠠᠨ ᠮᠤᠷᠢᠨ ᠢ ᠱᠤᠩ ᠳᠤ ᠣᠶᠠᠵᠤ᠂ ᠨᠠᠮᠠᠬᠠᠢ ᠶᠢᠨ ᠠᠷᠤ ᠡᠴᠡ ᠲᠠᠭᠠᠨ ᠦᠷᠦᠭᠡᠨ ᠳᠤ ᠣᠷᠤᠵᠤ ᠠᠪᠠᠭ᠎ᠠ ᠪᠠᠶᠠᠨ ᠲᠡᠶ ᠪᠠᠷᠠᠭᠠᠳᠠᠪᠠ᠃
ᠨᠠᠮᠰᠠᠷᠠᠢ ᠨᠢᠳᠤ ᠡᠷᠭᠦᠨ ᠭᠠᠳᠠᠨ᠎ᠠ ᠡᠴᠡ ᠣᠷᠤᠵᠤ ᠢᠷᠡᠭ᠍ᠰᠡᠨ ᠬᠤᠶᠠᠷ ᠭᠦᠪᠠᠭᠦᠨ ᠢ ᠥᠵᠡᠭᠦ ᠳᠤ ᠥᠨᠡᠭᠡᠷ ᠨᠢᠭᠡᠨ ᠢᠳᠠᠳᠠᠨ ᠴᠢᠳᠠᠯᠳᠠᠨ ᠪᠣᠯᠤᠭᠰᠠᠨ ᠨᠢ ᠢᠯᠡᠷᠭᠡᠢ ᠠᠵᠠᠢ᠃ ᠳᠤᠳᠤᠷ᠎ᠠ ᠪᠠᠨ ᠰᠡᠮᠡᠭᠡᠷ ᠪᠠᠶᠠᠷᠯᠠᠨ᠂ ᠶᠤᠰᠤᠳᠠᠢ ᠬᠤᠵᠢᠮ ᠤᠨ ᠮᠤᠩᠭ᠋ᠤᠯ ᠦᠷᠠᠰ ᠢ ᠡᠩᠭᠡ ᠮᠠᠠᠳᠤ᠂ ᠠᠮᠤᠷ ᠳᠠᠢ᠌ᠪᠣᠩ ᠬᠠᠮᠠᠭᠠᠯᠠᠵᠤ᠂ ᠭᠦᠮᠤᠨ ᠵᠡᠷᠭᠡ ᠳᠤ ᠭᠦᠷᠭᠡᠭ᠍ᠰᠡᠨ ᠳᠡᠭᠡᠨ ᠣᠮᠤᠭᠰᠢᠨ ᠪᠠᠢ᠌ᠭ᠎ᠠ ᠭᠡᠮᠡᠷᠭᠡᠨ᠂ ᠴᠢᠷᠠᠢ ᠳᠤ ᠪᠠᠶᠠᠷ ᠤᠨ ᠣᠴᠢ ᠮᠠᠠᠳᠤᠭᠤᠯᠤᠨ᠄
᠊᠊᠊᠊᠊᠊᠊᠊᠊᠊᠊᠊᠊᠊᠊᠊᠊᠊᠊᠊᠊᠊᠊ ᠵᠠ᠂ ᠬᠤᠶᠠᠷ ᠭᠦᠪᠠᠭᠡᠨ ᠮᠢᠨᠢ ᠡ᠊ᠨᠳᠡ ᠰᠠᠭᠤ᠂ ᠡᠴᠢᠭᠡ ᠨᠢ ᠰᠠᠢ᠌ᠬᠠᠨ ᠨᠢᠭᠡ ᠰᠢᠡᠵᠢᠭᠡᠳ ᠦᠵᠡᠶ᠎ᠠ ᠭᠡᠵᠤ ᠬᠠᠵᠠᠭᠤ ᠳᠠᠰᠢ ᠪᠠᠨ ᠬᠤᠶᠠᠭᠤᠯᠠ ᠶᠢ ᠰᠠᠭᠤᠯᠭᠠᠪᠠ᠃
ᠡᠪᠦᠭᠡᠨ ᠤ ᠪᠣᠳᠤᠯ ᠢ ᠳᠠᠯ᠎ᠠ ᠳᠤ ᠪᠠᠨ ᠪᠠᠢ᠌ᠬᠤ ᠶᠢ ᠭᠡᠨ ᠴᠤ ᠮᠡᠳᠡᠭ᠍ᠰᠡᠨ ᠦᠭᠡᠶ᠂ ᠡᠨᠡ ᠦᠳᠡᠰᠢ ᠶᠢᠨ ᠨᠠᠢ᠌ᠷ ᠨᠠᠷᠭᠢᠯᠳᠤᠭᠠᠨ᠂ ᠪᠠᠶᠠᠷ ᠪᠢᠯᠬᠠᠯᠳᠤᠨ᠂ ᠭᠡᠷ ᠵᠠᠭᠤᠷ᠎ᠠ ᠶᠢᠨ ᠠᠷᠰᠠᠷ ᠣᠴᠢᠷ ᠰᠢᠯᠳᠠᠭᠠᠨ ᠢ ᠶᠠᠷᠢᠯᠴᠠᠨ ᠦᠨᠵᠢᠨ ᠦᠷ ᠴᠠᠢ᠌ᠯᠭᠠᠪᠠ᠃
ᠬᠠᠩᠰᠢ ᠶᠢᠨ ᠳᠠᠷᠠᠭᠠᠭᠢ ᠳᠤᠯᠠᠭᠠᠨ ᠠᠮᠢᠰᠬᠤᠯ ᠳᠤ ᠲᠦᠮᠡᠨ ᠪᠣᠳᠠᠰ ᠠᠮᠢᠯᠠᠯ ᠤᠨ ᠭᠦᠴᠤᠨ ᠢ ᠣᠯᠵᠤ᠂ ᠭᠦᠷᠦᠰᠤᠨ ᠡᠴᠡ ᠳᠡᠭᠡᠭ᠍ᠰᠢ ᠰᠠᠷᠪᠠᠯᠵᠠᠨ ᠭᠠᠷᠴᠤ ᠢᠷᠡᠭᠦ ᠳᠤ᠂ ᠨᠤᠳᠤᠭ ᠨᠢᠷᠤᠭᠤ ᠨᠢ ᠬᠤᠪᠠᠬᠠᠢ ᠡᠪᠦᠯ ᠤᠨ ᠰᠢᠠᠵᠢ ᠪᠠᠨ ᠳᠠᠶᠠᠭᠳᠠᠨ ᠪᠠᠢ᠌ᠭᠠᠯᠢ ᠶᠢᠨ ᠥᠩᠭᠡ ᠪᠠᠷ ᠲᠠᠭᠠᠨ ᠪᠠᠶᠠᠰᠤᠨ᠎ᠠ᠃ ᠭᠤᠤᠯ ᠤᠨ ᠳᠤᠬᠤᠢ ᠪᠤᠯᠦᠩ ᠶᠢᠡᠷ ᠨᠤᠭᠤᠭᠠᠷᠠᠨ ᠠᠯᠤᠰ ᠤᠨ ᠳᠡᠷᠳᠡᠭᠡ ᠵᠡᠷᠭᠡᠯᠭᠡᠨ ᠰᠦᠮᠠᠯᠵᠡᠵᠤ ᠶᠤᠰᠤᠳᠠᠢ 《ᠬᠠᠷᠢ ᠳᠤ ᠮᠤᠷᠳᠠᠭᠰᠠᠨ ᠭᠡᠦᠭᠡᠨ ᠳᠦᠷᠭᠦᠮ ᠶᠢᠡᠨ ᠰᠠᠨᠠᠨ᠂ ᠬᠤᠯᠠ ᠶᠠᠪᠣᠭᠰᠠᠨ ᠭᠦᠮᠤᠨ ᠨᠤᠳᠤᠭ ᠶᠢᠡᠨ ᠮᠦᠷᠦᠭᠡᠳᠭᠦ》 ᠭᠡᠳᠡᠭ᠍ᠴᠢᠯᠡᠨ ᠦᠪᠡᠷ ᠤᠨ ᠡᠷᠭᠡ ᠦᠭᠡᠶ ᠭᠦᠮᠤᠨ ᠤ ᠰᠡᠳᠭᠢᠯ ᠰᠠᠨᠠᠭ᠎ᠠ ᠶᠢ ᠤᠢᠮᠦᠷᠠᠭᠤᠯᠤᠨᠡ᠃
ᠦᠷᠯᠦᠭᠡ ᠶᠢᠨ ᠬᠤᠭᠤᠯᠠ ᠴᠠᠢ ᠶᠢᠨ ᠳᠠᠷᠠᠭ᠎ᠠ ᠵᠠᠷᠤᠴᠠ ᠭᠡᠦᠭᠡᠳ ᠥᠭᠡᠷ ᠠᠯᠠᠵᠤ᠂ ᠬᠤᠨᠢ ᠨᠢᠳᠤᠯᠠᠨ ᠣᠷᠤᠢ ᠶᠢᠨ ᠨᠠᠢ᠌ᠷ ᠤᠨ ᠵᠤᠭᠤᠰᠢ ᠶᠢ ᠪᠡᠯᠡᠳᠭᠡᠭᠦ ᠶᠢ ᠥᠭᠦᠯᠡᠭᠦ ᠦᠭᠡᠶ᠃ ᠳᠤᠯᠠᠭᠠᠨ ᠨᠠᠷᠠᠨ ᠤ ᠡᠭᠡᠯᠢᠳᠡᠢ᠌ᠭᠡᠨ ᠢᠯᠴᠢ ᠳᠤ ᠠᠯᠤᠰ ᠢ ᠰᠢᠷᠳᠠᠨ ᠪᠠᠢ᠌ᠭᠰᠠᠨ ᠮᠤᠯᠤᠮ ᠦᠪᠡᠷ ᠤᠨ ᠡᠷᠭᠡ ᠦᠭᠡᠶ ᠦᠪᠡᠷ ᠤᠨ ᠳᠦᠷᠦᠭ᠍ᠰᠡᠨ ᠨᠤᠳᠤᠭ ᠪᠦᠪᠠᠢ ᠶᠢᠨ ᠨᠤᠳᠤᠭ ᠶᠢᠡᠷ ᠶᠢᠡᠨ ᠣᠴᠢᠬᠤ ᠭᠡᠰᠡᠨ ᠭᠦᠰᠡᠯ ᠰᠡᠳᠬᠢᠯᠭᠡ ᠣᠷᠭᠢᠯᠤᠨ ᠪᠣᠰᠪᠠ᠃ ᠳᠡᠭᠡᠭᠡᠳ ᠣᠰᠤᠨ ᠬᠠᠷ᠎ᠠ ᠳᠠᠭᠠᠨ ᠮᠤᠩᠭ᠋ᠤᠯᠵᠢᠨ ᠮᠠᠶᠢᠭ ᠤᠨ ᠮᠥᠩᠭᠦᠨ ᠳᠤᠪᠣᠷᠤᠤ ᠲᠡᠶ ᠽᠠᠠᠳᠠᠨ ᠡᠮᠡᠭᠡᠯ ᠶᠢᠡᠨ ᠳᠤᠬᠤᠵᠤ᠂ ᠭᠠᠷ ᠲᠠᠭᠠᠨ ᠳᠠᠪᠣᠰᠤᠯᠠᠨ ᠭᠦᠷᠦᠭ᠍ᠰᠡᠨ ᠮᠢᠯᠠᠭ᠎ᠠ ᠪᠠᠨ ᠠᠳᠬᠤᠨ᠂ ᠣᠰᠤᠨ ᠬᠠᠷ᠎ᠠ ᠶᠢᠨ ᠶᠢᠡᠨ ᠵᠥᠭᠡᠯᠡᠨ ᠰᠠᠢ᠌ᠪᠣᠷ ᠶᠢᠡᠷ ᠭᠠᠯᠭᠢᠭᠤᠯᠤᠨ᠂ ᠪᠦᠪᠠᠢ ᠶᠢᠨ ᠨᠤᠳᠤᠭ ᠤᠨ ᠵᠠᠮ ᠶᠢᠡᠨ ᠰᠢᠭᠤᠳᠪᠠ᠃
ᠠᠷᠤ ᠳ᠋ᠤᠨᠢ ᠬᠤᠴᠤᠷᠤᠭᠰᠠᠨ ᠵᠡᠭᠡᠷᠳᠡ ᠬᠠᠯᠢᠭᠤᠨ ᠱᠤᠩ ᠶᠢᠡᠨ ᠲᠠᠭᠠᠨ ᠦᠣᠷᠰᠠᠵᠤ᠂ ᠴᠤᠯᠪᠣᠭᠤᠷ ᠶᠢᠡᠨ ᠳᠠᠰᠤᠯᠠᠮᠠᠷ ᠴᠤᠪᠬᠤᠴᠢᠨᠠ᠃ ᠨᠤᠳᠤᠭ ᠤᠨ ᠰᠢᠷᠤᠢ ᠳᠠᠭᠠᠨ ᠢᠵᠢᠯᠰᠢᠨ ᠳᠠᠰᠤᠭᠰᠠᠨ᠂ ᠨᠢᠭᠡ ᠰᠦᠷᠦᠭ᠌ ᠤᠨ ᠭᠡᠵᠤ ᠡᠢ᠌ᠮᠤ ᠯᠠ ᠪᠠᠢ᠌ᠭᠰᠠᠠᠵᠠᠢ᠃ ᠳᠤᠳᠤᠷ ᠦᠷᠦᠭᠡᠨ ᠳᠤ ᠪᠠᠢ᠌ᠭᠰᠠᠨ ᠷᠤᠯᠭᠠᠷᠮ᠎ᠠ᠂ ᠨᠠᠮᠠᠬᠠᠢ᠂ ᠮᠤᠯᠤᠮ ᠤᠨ ᠰᠠᠢ᠌ᠪᠣᠷ ᠮᠤᠷᠢᠨ ᠤ ᠠᠷᠤ ᠡᠴᠡ ᠦᠵᠡᠨ ᠴᠤᠬᠤᠮ ᠬᠠᠮᠢᠭ᠎ᠠ ᠣᠴᠢᠬᠤ ᠭᠡᠵᠤ ᠪᠠᠢ᠌ᠭ᠎ᠠ ᠶᠢ ᠮᠠᠳᠠᠨ ᠶᠠᠳᠠᠨ᠂ ᠢᠵᠢᠯ ᠳᠠᠭᠤᠨ ᠶᠢᠡᠷ᠄
᠊᠊᠊᠊᠊᠊᠊᠊᠊᠊᠊᠊᠊᠊᠊᠊᠊᠊᠊᠊᠊᠊᠊ ᠳᠠᠷᠠ ᠬᠠᠮᠢᠭ᠎ᠠ ᠶᠠᠪᠣᠬᠤ ᠶᠤᠮ ᠪᠣᠢ︖ ᠭᠡᠭᠦ ᠠᠰᠠᠭᠤᠯᠳᠠ ᠳᠠᠪᠬᠤᠳᠠᠨ ᠰᠤᠨᠤᠰᠳᠠᠨ᠎ᠠ᠃
ᠮᠤᠷᠢᠨ ᠤ ᠵᠥᠭᠡᠯᠡᠨ ᠰᠠᠢ᠌ᠪᠣᠷ ᠶᠢᠡᠷ ᠭᠠᠯᠭᠢᠭᠤᠯᠵᠤ ᠶᠠᠪᠣᠭ᠎ᠠ ᠮᠤᠯᠤᠮ ᠳᠠᠷᠠ ᠬᠤᠶᠠᠠᠷ ᠤᠨ ᠳᠠᠭᠤᠨ ᠢ ᠰᠤᠨᠤᠰᠬᠤ ᠴᠢᠯᠦᠭᠡ ᠭᠠᠷᠤᠭᠰᠠᠨ ᠦᠭᠡᠶ᠃
ᠬᠤᠯᠠ ᠳᠤ ᠬᠠᠷᠠᠭᠳᠠᠬᠤ ᠵᠡᠷᠭᠡᠯᠭᠡᠨ ᠢ ᠭᠦᠢᠴᠡᠭᠦ ᠭᠡᠰᠡᠨ ᠮᠠᠶᠢᠭᠳᠠᠢ᠂ ᠣᠰᠤᠨ ᠬᠠᠷ᠎ᠠ ᠶᠢᠨ ᠵᠥᠭᠡᠯᠡᠨ ᠰᠠᠢ᠌ᠪᠣᠷ ᠲᠤ ᠮᠤᠯᠤᠮ ᠣᠯᠠᠨ ᠶᠠᠭᠤᠮ᠎ᠠ ᠶᠢ ᠪᠣᠳᠤᠨ᠎ᠠ᠃ ᠨᠤᠳᠤᠭ ᠤᠨ ᠪᠣᠷᠤ ᠰᠢᠷᠤᠢ ᠡᠴᠡ ᠪᠠᠨ ᠨᠢ᠋ᠮᠠᠳᠠᠢ ᠳᠠᠷᠠ ᠵᠢᠯ ᠠᠶᠠᠷᠯᠠᠨ᠂ ᠠᠷᠪᠠᠨ ᠵᠢᠯ ᠤᠨ ᠨᠢᠭᠤᠷ ᠢ ᠥᠵᠡᠭᠡᠳ᠂ ᠦᠨᠦᠳᠤᠷ ᠦᠰᠴᠦ ᠳᠦᠷᠦᠭ᠍ᠰᠡᠨ ᠥᠯᠦᠭᠡᠢ ᠨᠤᠳᠤᠭ ᠪᠦᠪᠠᠢ ᠶᠢᠨ ᠨᠤᠳᠤᠭ ᠲᠠᠭᠠᠨ ᠣᠴᠢᠬᠤ ᠳᠠᠭᠠᠨ ᠶᠠᠭᠠᠭᠢᠬᠤ ᠶᠢᠨ ᠠᠷᠭ᠎ᠠ ᠦᠭᠡᠶ ᠪᠣᠳᠤᠯ ᠰᠤᠯᠢᠶᠠᠷᠠᠨᠠ᠃ ᠶᠠᠭᠠᠭᠢᠬᠤ ᠳᠠᠭᠠᠨ ᠦᠰᠴᠦ ᠳᠦᠷᠦᠭ᠍ᠰᠡᠨ ᠥᠯᠦᠭᠡᠢ ᠨᠤᠳᠤᠭ ᠲᠠᠭᠠᠨ ᠣᠷᠤᠰᠢᠨ ᠳᠤᠭᠳᠠᠨᠢᠵᠤ ᠴᠢᠳᠠᠬᠤ ᠦᠭᠡᠶ ᠬᠠᠷᠢ ᠠᠢ᠌ᠮᠠᠭ ᠭᠠᠳᠠᠷ ᠬᠤᠰᠢᠭᠤ ᠪᠠᠷ ᠴᠠᠭᠠᠴᠢᠠᠯᠠ ᠵᠢᠷᠭᠠᠯᠳᠠᠢ ᠰᠠᠢ᠌ᠬᠠᠨ ᠪᠠᠭ᠎ᠠ ᠨᠠᠰᠤ ᠪᠠᠨ ᠦᠨᠡᠰᠤ ᠬᠤᠵᠢᠷ ᠤᠨ ᠳᠤᠮᠳᠠ ᠪᠣᠯᠠᠰᠢᠯᠠᠨ ᠭᠦᠰᠡᠯ ᠲᠡᠶ ᠰᠠᠢ᠌ᠬᠠᠨ ᠠᠮᠢᠳᠤᠷᠠᠵᠤ ᠪᠣᠯᠳᠠᠭ ᠦᠭᠡᠶ ᠪᠣᠢ︖ ᠭᠡᠭᠦ ᠡᠭᠡᠳᠡᠷᠭᠡᠨ ᠲᠡᠶ ᠠᠰᠠᠭᠤᠳᠠᠯ ᠳᠤ ᠵᠢᠭᠤᠷᠠᠯᠳᠤᠨ᠎ᠠ᠃ ᠦᠯᠵᠡᠢ᠌ᠮᠦᠷᠠᠨ ᠤ ᠳᠠᠭᠢᠷᠯᠠᠨ ᠣᠷᠤᠰᠤᠭᠰᠠᠨ ᠣᠯᠤᠮ ᠳᠤᠬᠤᠢ ᠶᠢ ᠡᠷᠭᠢᠨ᠂ ᠰᠢᠯᠢ ᠶᠢ ᠳᠠᠪᠠᠨ ᠵᠤ᠋ ᠶᠢ ᠥᠭ᠍ᠰᠡᠵᠤ ᠶᠠᠪᠣᠭᠰᠠᠭᠠᠷ ᠨᠢᠭᠡ ᠮᠡᠳᠡᠭᠦ ᠳᠤ ᠪᠠᠭ᠎ᠠ ᠶᠢᠨ ᠦᠶ᠎ᠡ ᠳᠤ ᠪᠠᠨ ᠳᠤᠭᠠᠯᠠᠨ ᠨᠠᠭᠠᠳᠴᠤ ᠶᠠᠪᠣᠭᠰᠠᠨ ᠣᠳᠠ ᠶᠢᠨ ᠣᠯᠤᠮ ᠤᠨ ᠪᠠᠷ᠎ᠠ ᠬᠠᠷᠠᠭᠳᠠᠪᠠ᠃
ᠦᠯᠵᠡᠢ᠌ᠮᠦᠷᠠᠨ ᠤ ᠳᠠᠭᠢᠷ ᠲᠤ ᠣᠷᠭᠤᠭᠰᠠᠨ ᠪᠦᠳᠦᠭᠦᠨ ᠪᠦᠳᠦᠭᠦᠨ ᠣᠳᠠ ᠮᠤᠳᠤᠳ ᠤᠨ ᠣᠠᠵᠠᠢ᠌ᠭᠰᠠᠨ ᠣᠷᠳᠤ ᠰᠠᠯᠠᠭ᠎ᠠ ᠨᠢ ᠬᠠᠪᠣᠷ ᠤᠨ ᠳᠤᠯᠠᠭᠠᠨ ᠳᠤ ᠭᠦᠯᠦᠭᠡᠯᠡᠨ᠂ ᠳᠠᠪᠠᠷᠢ ᠪᠦᠳᠦᠭᠦᠨ ᠪᠠᠢ᠌ᠭᠰᠠᠨ ᠭᠦᠭ᠍ᠰᠢᠨ ᠣᠳᠠ ᠤᠳ ᠮᠦᠨ ᠣᠤᠯ ᠤᠨ ᠶᠤᠰᠤᠭᠠᠷ ᠶᠢᠡᠨ ᠰᠡᠭᠦᠢᠨ ᠬᠠᠷᠠᠭᠳᠠᠨ᠎ᠠ᠃ ᠣᠳᠠ ᠶᠢᠨ ᠣᠯᠤᠮ ᠤᠨ ᠴᠢᠭᠢᠭ᠍ᠯᠢᠭ᠌ ᠭᠦᠷᠦᠰᠤᠨ ᠳᠤ ᠪᠠᠭᠰᠢᠷᠠᠯᠳᠤᠨ ᠣᠷᠭᠤᠵᠤ ᠪᠠᠢ᠌ᠭ᠎ᠠ ᠨᠤᠭᠤᠭᠠᠨ ᠡᠪᠠᠰᠤᠨ ᠤ ᠵᠥᠭᠡᠯᠡᠨ ᠨᠢᠯᠬ᠎ᠠ ᠨᠠᠪᠴᠢᠰ ᠳᠠᠭᠤ ᠴᠢᠮᠡᠭᠡ ᠦᠭᠡᠶ ᠪᠠᠷ ᠱᠤᠤᠭᠢᠯᠳᠤᠨ ᠣᠷᠭᠤᠨ᠎ᠠ᠃ ᠨᠤᠳᠤᠭ ᠤᠨ ᠪᠠᠯᠴᠢᠭᠡᠷ ᠳᠠᠭᠡᠨ ᠭᠦᠯ ᠭᠢᠰᠭᠢᠨ ᠴᠢᠭᠢᠭ᠍ᠯᠢᠭ᠌ ᠠᠭᠤᠷ ᠠᠮᠢᠰᠬᠤᠯ ᠢ ᠠᠮᠢᠰᠬᠤᠨ ᠴᠡᠭᠡᠵᠢ ᠨᠢᠭᠡ ᠳᠠᠨᠠᠢ᠌ᠳᠠᠯ᠎ᠠ ᠣᠩᠭ᠋ᠣᠢ᠌ᠨ᠂ ᠶᠠᠭᠠᠭᠢᠬᠤ ᠶᠢᠨ ᠠᠷᠭ᠎ᠠ ᠦᠭᠡᠶ ᠴᠡᠭᠡᠵᠢᠨ ᠳᠤᠳᠤᠷ᠎ᠠ ᠡᠴᠡ ᠭᠡᠯᠡᠶ᠎ᠡ ᠭᠡᠰᠡᠨ ᠭᠡᠴᠢᠨᠡᠨ ᠣᠯᠠᠨ ᠥᠭᠡ ᠪᠠ ᠶᠠᠷᠢᠶ᠎ᠠ ᠭᠡᠰᠡᠨ ᠭᠡᠴᠢᠨᠡᠨ ᠣᠯᠠᠨ ᠰᠢᠨᠠᠯᠠᠯ ᠨᠢ ᠪᠠᠭᠰᠢᠷᠠᠯᠳᠠᠨ᠂ ᠭᠡᠯᠡᠵᠤ ᠭᠠᠷᠴᠤ ᠳᠡᠢ᠌ᠯᠭᠦ ᠦᠭᠡᠶ᠂ ᠴᠢᠳᠠᠯ ᠤᠨ ᠭᠢᠷᠢ ᠪᠠᠷ ᠶᠢᠡᠨ ᠪᠠᠷᠭᠢᠷᠬᠤ ᠳᠤ᠂ ᠨᠤᠭᠤᠭ᠎ᠠ ᠴᠢᠮᠭᠢᠯᠡᠭ᠍ᠰᠡᠨ ᠣᠰᠤᠨ ᠬᠠᠷ᠎ᠠ ᠳᠠᠭᠤᠨ ᠳᠤ ᠰᠤᠴᠢᠨ᠂ ᠴᠢᠭᠢ ᠬᠤᠯᠠᠮᠠᠢ᠌ᠳᠤᠨ ᠡᠰᠢ ᠳᠠᠰᠢ ᠠᠵᠢᠶᠠᠷᠠᠨ ᠦᠵᠡᠨ᠎ᠠ᠃ ᠪᠠᠷᠭᠢᠷᠠᠭᠰᠠᠨ ᠳᠠᠭᠤᠨ ᠳᠠᠭᠠᠨ ᠮᠤᠯᠤᠮ ᠦᠪᠡᠷ ᠢ ᠪᠠᠨ ᠢᠳᠡᠭᠡᠵᠤ ᠶᠠᠳᠠᠨ᠂ ᠳᠡᠷᠳᠡᠭᠡ ᠬᠠᠷᠠᠭᠳᠠᠬᠤ ᠴᠢᠯᠠᠭᠤᠨ ᠫᠠᠢ᠌ᠰᠠ ᠶᠢ ᠰᠢᠷᠳᠡᠭᠡᠳ᠂ ᠳᠤᠳᠤᠷ᠎ᠠ ᠨᠢ ᠨᠢᠯᠭᠢᠨ᠂ ᠴᠤᠬᠤᠮ ᠳᠡᠭ᠍ᠷᠢ ᠶᠢᠨ ᠴᠠᠭᠢᠯᠭᠠᠨ ᠳᠤ ᠳᠠᠭᠠᠷᠢᠭᠳᠠᠭᠰᠠᠨ ᠶᠤᠮ ᠰᠢᠭ᠌ ᠪᠦᠭᠦ ᠪᠠᠶ᠎ᠠ ᠨᠢ ᠰᠤᠯᠠᠷᠠᠨ᠂ ᠬᠤᠶᠠᠷ ᠨᠢᠳᠤᠨ ᠳ᠋ᠤᠨᠢ ᠦᠪᠡᠷ ᠤᠨ ᠡᠷᠭᠡ ᠦᠭᠡᠶ ᠨᠢᠯᠪᠣᠰᠤᠨ ᠬᠤᠷᠠᠨ᠂ 《ᠠᠪᠣ ᠡ︕》 ᠭᠡᠭᠦ ᠭᠠᠭᠴᠠᠭᠠᠨ ᠥᠭᠡ ᠪᠠᠨ ᠳᠤᠷᠴᠤ ᠳᠡᠭᠡᠭᠯᠡᠨ ᠪᠠᠢ᠌ᠵᠤ ᠭᠡᠯᠡᠨ᠂ ᠴᠢᠯᠠᠭᠤᠨ ᠫᠠᠢ᠌ᠰᠠ ᠶᠢᠨ ᠵᠥᠭ᠌ ᠮᠥᠯᠭᠦᠯᠡᠨ ᠮᠠᠴᠤᠯᠠᠨᠠ᠃
ᠠᠷᠪᠠᠨ ᠵᠢᠯ ᠤᠨ ᠰᠠᠯᠭᠢ ᠪᠣᠷᠤᠭᠠᠨ ᠤ ᠳᠤᠮᠳᠠᠭᠤᠷ ᠮᠤᠯᠤᠮ ᠭᠡᠴᠢᠨᠡᠨ ᠬᠤᠨᠤᠭ ᠪᠣᠳᠤᠯ ᠳᠠᠭᠠᠨ ᠰᠠᠨᠠᠵᠤ ᠶᠠᠪᠣᠭᠰᠠᠨ ᠢ ᠶᠠᠭᠠᠭᠢᠨ ᠭᠡᠯᠡᠨ᠎ᠡ᠃ ᠨᠠᠩ ᠡᠨᠡᠭᠦ ᠦᠨᠦᠴᠢᠷᠠᠯ ᠭᠠᠭᠴᠠᠷᠳᠠᠯ ᠤᠨ ᠰᠡᠳᠬᠢᠯᠭᠡ ᠶᠢ ᠡᠨᠡ ᠳᠡᠯᠡᠭᠡᠢ ᠳᠡᠭᠡᠷ᠎ᠡ ᠴᠤᠬᠤᠮ ᠭᠦ ᠳᠠᠷᠬᠠᠨ ᠤ ᠴᠠᠢ᠌ᠳᠠᠮ ᠳᠤ ᠪᠠᠢ᠌ᠭ᠎ᠠ ᠳᠡᠭᠦᠤ ᠡᠴᠡ ᠪᠣᠰᠤᠳ ᠭᠡᠨ ᠭᠦᠮᠤᠨ ᠮᠠᠳᠠᠨ᠎ᠠ᠃ ᠰᠢᠷᠤᠢ ᠳᠤᠭᠤᠰᠤᠨ ᠳᠤ ᠳᠠᠷᠤᠭᠳᠠᠭᠰᠠᠨ ᠴᠢᠯᠠᠭᠤᠨ ᠫᠠᠢ᠌ᠰᠠ ᠶᠢ ᠳᠠᠪᠠᠷᠢᠨ᠂ ᠮᠤᠯᠤᠮ ᠭᠡᠯᠡᠭᠡᠳ ᠪᠠᠷᠠᠰᠢ ᠦᠭᠡᠶ ᠰᠡᠳᠭᠢᠯ ᠤᠨ ᠰᠢᠷᠬᠠᠯᠠᠯ ᠶᠢᠡᠨ ᠡᠴᠢᠭᠡ ᠳᠡᠭ᠍ᠷᠢ ᠠᠪᠣ ᠫᠣᠩᠰᠤᠭ ᠳᠠᠭᠠᠨ ᠭᠡᠯᠡᠶ᠎ᠡ ᠭᠡᠰᠡᠨ ᠰᠢᠭ᠌ ᠬᠤᠶᠠᠷ ᠨᠢᠳᠤᠨ ᠤ ᠨᠢᠯᠪᠣᠰᠤ ᠨᠢ ᠳᠠᠰᠤᠷᠠᠯ ᠦᠭᠡᠶ ᠪᠦᠮᠪᠦᠷᠢᠨ᠂ ᠪᠣᠰᠤᠭ᠎ᠠ ᠵᠤᠭᠰᠤᠭ᠎ᠠ ᠴᠢᠯᠠᠭᠤᠨ ᠫᠠᠢ᠌ᠰᠠ ᠶᠢ ᠠᠪᠣ ᠲᠡᠶ ᠪᠠᠨ ᠠᠳᠠᠯᠢᠬᠠᠨ ᠪᠦᠭᠡᠳ ᠠᠪᠣ ᠶᠢᠨ ᠶᠢᠡᠨ ᠬᠠᠯᠠᠭᠤᠨ ᠡᠯᠢᠭᠡᠨ ᠳᠤ ᠨᠠᠭᠠᠯᠳᠤᠨ᠂ ᠡᠨᠡ ᠣᠷᠴᠢᠯᠠᠩ ᠤᠨ ᠵᠢᠷᠭᠠᠯ ᠭᠡᠳᠡᠭ᠌ ᠢ ᠪᠠᠷᠤᠭ ᠯᠠ ᠡᠨᠡ ᠨᠠᠰᠤᠨ ᠳᠠᠭᠠᠨ ᠠᠩᠬ᠎ᠠ ᠣᠳᠠᠭ᠎ᠠ ᠭᠦᠷᠳᠡᠨ ᠪᠠᠢ᠌ᠭ᠎ᠠ ᠰᠢᠭ᠌ ᠰᠠᠨᠠᠭᠳᠠᠭᠤᠯᠤᠨ᠎ᠠ᠃
ᠫᠠᠢ᠌ᠰᠠᠨ ᠳᠡᠭᠡᠷ᠎ᠡ ᠪᠢᠴᠢᠭ᠍ᠰᠡᠨ 《ᠰᠢᠳᠤᠷᠭᠤ ᠵᠢᠷᠤᠮᠳᠤ᠂ ᠡᠭᠡᠯ ᠪᠣᠷᠤᠭᠵᠢᠭᠤᠨ ᠮᠤᠩᠭ᠋ᠤᠯ ᠪᠢᠴᠢᠭᠡᠴᠢ》 ᠭᠡᠭᠦ ᠵᠢᠷᠭᠤᠭᠠᠨ ᠥᠰᠦᠭ᠌ ᠢ ᠳᠠᠮᠳᠠᠷᠢᠨ᠂ ᠰᠡᠳᠭᠢᠯ ᠳᠤᠳᠤᠷ᠎ᠠ ᠨᠢ ᠣᠢ᠌ᠯᠤᠨ ᠪᠣᠰᠴᠤ᠂ ᠦᠶᠡᠷ ᠤᠨ ᠳᠠᠪᠠᠯᠭ᠎ᠠ ᠰᠢᠭ᠌ ᠳᠠᠪᠠᠯᠭᠠᠯᠠᠨ᠂ ᠬᠠᠮᠤᠭ ᠡᠴᠦᠰ ᠲᠡᠭᠡᠨ ᠡᠭᠡᠷ ᠳᠠᠳᠠᠨ ᠴᠢᠯᠠᠭᠤᠨ ᠫᠠᠢ᠌ᠰᠠ ᠶᠢ ᠳᠠᠰᠤ ᠳᠠᠪᠠᠷᠢᠮᠠᠷ ᠳᠠᠯᠴᠢᠯᠠᠨᠠ᠃ ᠭᠦᠭᠡᠷᠦᠭᠦᠢ ᠮᠤᠯᠤᠮ ᠮᠢᠨᠢ᠂ ᠡᠨᠡ ᠨᠠᠰᠤᠨ ᠳᠠᠭᠠᠨ ᠢᠩᠭᠢᠵᠤ ᠨᠢᠭᠡ ᠣᠳᠠᠭ᠎ᠠ ᠬᠠᠷᠠᠩᠭ᠋ᠣᠢ᠌ᠳᠠᠳᠠᠯᠠ ᠣᠭᠢᠯᠠᠭᠰᠠᠨ ᠡᠴᠡ ᠨᠠᠰᠢ ᠳᠠᠭᠢᠨ ᠣᠷᠤᠨ ᠳᠠᠭᠠᠨ ᠣᠷᠤᠨ᠂ ᠬᠠᠳᠠᠨ ᠭᠡᠷ ᠲᠡᠭᠡᠨ ᠪᠣᠴᠠᠳᠠᠯᠠ ᠢᠩᠭᠡᠵᠤ ᠬᠠᠷᠠᠩᠭ᠋ᠣᠢ᠌ᠳᠠᠳᠠᠯᠠ ᠣᠭᠢᠯᠠᠭᠰᠠᠨ ᠦᠭᠡᠶ ᠶᠤᠮ᠃ ᠢᠩᠭᠢᠵᠤ ᠣᠭᠢᠯᠠᠶ᠎ᠠ ᠭᠡᠵᠤ ᠪᠣᠳᠤᠭᠰᠠᠨ ᠴᠤ ᠣᠳᠠᠭᠠᠨ ᠬᠤᠨᠤᠭ ᠵᠤᠵᠠᠭᠠᠨ ᠡᠳᠦᠷ ᠤᠨ ᠭᠤᠳᠤᠷᠠᠯ ᠳᠤᠷᠤᠮᠵᠢᠯᠠᠯ᠂ ᠴᠠᠭᠠᠨ ᠨᠢᠳᠤ᠂ ᠭᠠᠳᠠᠭᠤᠷᠴᠢᠯᠠᠯ ᠡᠴᠡ ᠪᠣᠯᠵᠤ ᠨᠢᠭᠡᠨᠲᠡ ᠰᠡᠳᠬᠢᠯᠭᠡ ᠨᠢ ᠭᠦᠯᠳᠡᠨ ᠭᠦᠷᠦᠰᠢᠵᠤ᠂ ᠡᠨᠡ ᠮᠠᠳᠤ ᠰᠠᠢ᠌ᠨ ᠰᠠᠢ᠌ᠬᠠᠨ ᠤ ᠭᠦᠰᠡᠯ ᠳᠠᠪᠢᠯᠠᠩ ᠢ ᠪᠣᠳᠤᠭᠤᠯᠬᠤ ᠵᠠᠪᠰᠢᠶᠠᠨ ᠢ ᠦᠭᠭᠦᠭ᠍ᠰᠡᠨ ᠦᠭᠡᠶ ᠡᠨᠡ ᠨᠡᠢ᠌ᠭᠡᠮ᠃ ᠨᠠᠩ ᠢᠯᠠᠩᠭ᠋ᠤᠶ᠎ᠠ ᠨᠤᠳᠤᠭ ᠤᠨ ᠭᠦᠷᠦᠰᠤᠨ ᠳᠡᠭᠡᠨ ᠠᠩᠬ᠎ᠠ ᠣᠳᠠᠭ᠎ᠠ ᠢᠷᠡᠭᠦ ᠳᠡᠭᠡᠨ ᠦᠭᠭᠦᠭ᠍ᠰᠡᠨ ᠡᠨᠡ ᠮᠠᠳᠤ ᠬᠠᠯᠠᠭᠤᠨ ᠳᠤᠯᠠᠭᠠᠨ᠂ ᠬᠠᠢ᠌ᠷ᠎ᠠ ᠢᠪᠡᠭᠡᠯ᠂ ᠮᠤᠯᠤᠮ ᠷᠤᠯᠭᠠᠷᠮ᠎ᠠ ᠲᠡᠶ ᠬᠤᠷᠢᠮᠯᠠᠨ᠂ ᠭᠦᠮᠤᠨ ᠤ ᠠᠮᠤᠰᠳᠠᠭ ᠠᠮᠳᠠᠳᠤ ᠪᠠᠯ ᠰᠢᠭᠦᠰᠤ ᠮᠠᠳᠤ ᠬᠤᠷᠢᠴᠠᠯ ᠢᠨᠠᠭ ᠲᠤ ᠴᠤ ᠡᠨᠡ ᠮᠠᠳᠤ ᠬᠠᠯᠠᠭᠤᠨ ᠳᠤᠯᠠᠭᠠᠨ ᠰᠠᠨᠠᠭᠳᠠᠭᠰᠠᠨ ᠦᠭᠡᠶ ᠶᠤᠮ᠃ ᠨᠠᠩ ᠮᠤᠯᠤᠮ ᠣᠳᠤ ᠳᠠᠭᠢᠵᠤ ᠡᠨᠡ ᠮᠠᠳᠤ ᠰᠠᠢ᠌ᠨ ᠰᠠᠢ᠌ᠬᠠᠨ ᠭᠦᠰᠡᠯ ᠮᠦᠷᠦᠭᠡᠳᠡᠯ ᠡᠴᠡ ᠦᠨᠢᠳᠠ ᠠᠩᠭᠢᠵᠢᠷᠠᠨ ᠣᠤᠠᠬᠤ ᠭᠡᠳᠡᠭ᠌ ᠢ ᠰᠠᠨᠠᠵᠤ ᠣᠯᠤᠭᠰᠠᠨ ᠴᠤ ᠦᠭᠡᠶ ᠶᠤᠮ᠃
ᠴᠢᠯᠠᠭᠤᠨ ᠫᠠᠢ᠌ᠰᠠ ᠶᠢᠨ ᠳᠡᠷᠳᠡᠭᠡ ᠮᠤᠯᠤᠮ ᠬᠠᠷᠠᠩᠭ᠋ᠣᠢ᠌ᠳᠠᠨ ᠣᠨᠠᠵᠤ ᠭᠡᠴᠢᠨᠡᠨ ᠣᠳᠠᠭᠰᠠᠨ ᠢ ᠪᠣᠤ ᠮᠠᠳᠠ᠂ ᠨᠢᠭᠡ ᠮᠡᠳᠡᠭᠦ ᠳᠤ ᠨᠢᠳᠤᠨ ᠡᠮᠦᠨ᠎ᠡ ᠨᠢ ᠨᠠᠮᠠᠬᠠᠢ ᠪᠠ ᠷᠤᠯᠭᠠᠷᠮ᠎ᠠ ᠶᠢᠨ ᠳᠦᠷᠰᠤ ᠳᠤᠳᠤᠷᠠᠨ ᠷᠤᠯᠭᠠᠷᠮ᠎ᠠ ᠠᠷᠠᠰᠤᠨ ᠣᠭᠤᠳᠠ ᠲᠡᠶ ᠠᠢ᠌ᠷᠠᠭ ᠡᠴᠡ ᠮᠤᠯᠤᠮ ᠤᠨ ᠠᠮᠠᠨ ᠳᠤ ᠴᠢᠳᠬᠤᠨ ᠣᠷᠤᠭᠤᠯᠤᠨ᠎ᠠ᠃ ᠠᠢ᠌ᠷᠠᠭ ᠤᠨ ᠰᠡᠩᠭᠢᠨᠡᠭᠦᠨ ᠦᠨᠦᠷ ᠲᠤ ᠮᠤᠯᠤᠮ ᠰᠡᠭᠡᠰᠭᠢᠨ ᠰᠤᠴᠢᠵᠤ᠄
᠊᠊᠊᠊᠊᠊᠊᠊᠊᠊᠊᠊᠊᠊᠊᠊᠊᠊᠊᠊᠊᠊᠊ ᠪᠢ ᠶᠠᠭᠠᠭᠢᠪᠠ ︖ ᠭᠡᠭᠦ ᠰᠤᠴᠢᠮᠠᠭ ᠳᠠᠭᠤᠨ ᠳᠤ ᠠᠢ᠌ᠷᠠᠭ ᠣᠤᠭᠤᠯᠭᠠᠵᠤ ᠪᠠᠢ᠌ᠭᠰᠠᠨ ᠷᠤᠯᠭᠠᠷᠮ᠎ᠠ ᠠᠶᠤᠬᠤ ᠳᠠᠭᠠᠨ ᠠᠢ᠌ᠷᠠᠭ ᠶᠢᠡᠨ ᠠᠯᠳᠠᠨ ᠵᠡᠪᠭᠡᠢ ᠴᠢᠷᠠᠢ᠌ᠯᠠᠨ᠎ᠠ᠃ ᠨᠠᠮᠠᠬᠠᠢ ᠡᠭᠦᠨ ᠢ ᠦᠵᠡᠨ᠄
᠊᠊᠊᠊᠊᠊᠊᠊᠊᠊᠊᠊᠊᠊᠊᠊᠊᠊᠊᠊᠊᠊᠊ ᠴᠢ ᠬᠠᠷᠠᠩᠭ᠋ᠣᠢ᠌ᠳᠠᠨ ᠣᠨᠠᠪᠠ ᠭᠡᠭᠦ ᠳᠦᠭᠦᠮᠭᠡᠨ ᠥᠭᠡ ᠪᠠᠷ ᠮᠤᠯᠤᠮ ᠢ ᠳᠤᠬᠤᠨᠢᠭᠤᠯᠤᠨ ᠭᠠᠵᠠᠷ ᠤᠢ᠌ᠴᠢᠭᠰᠠᠨ ᠠᠷᠠᠰᠤᠨ ᠣᠭᠤᠳᠠ ᠲᠡᠶ ᠠᠢ᠌ᠷᠠᠭ ᠢ ᠱᠠᠯᠠᠪᠬᠠᠨ ᠠᠪᠣᠨ᠎ᠠ᠃ ᠮᠤᠯᠤᠮ ᠨᠢᠳᠤ ᠡᠷᠭᠦᠨ ᠥᠵᠡᠭᠦ ᠳᠤ ᠴᠠᠭᠠᠳᠤ ᠭᠦᠪᠠᠭᠡᠨ ᠳᠤ ᠭᠤᠷᠪᠠᠨ ᠮᠤᠷᠢᠳ ᠢᠵᠢᠯᠳᠠᠢ᠌ᠬᠠᠨ ᠢᠳᠠᠰᠢᠯᠠᠵᠤ ᠪᠠᠶ᠎ᠠ ᠨᠢ ᠠᠪᠣ ᠶᠢᠨ ᠶᠢᠠᠨ ᠭᠡᠭᠦᠷ ᠤᠨ ᠬᠠᠵᠠᠭᠤ ᠳᠤ ᠴᠢᠯᠠᠭᠤᠨ ᠫᠠᠢ᠌ᠰᠠ ᠶᠢ ᠲᠦᠰᠢᠨ ᠳᠡᠷᠯᠢᠭ᠌ ᠤᠨ ᠬᠤᠶᠠᠷ ᠬᠠᠠᠴᠤᠢ ᠪᠦᠷ ᠨᠢᠯᠪᠣᠰᠤᠨ ᠳᠤ ᠳᠠᠪᠳᠠᠨ ᠨᠣᠢ᠌ᠳᠠᠨ ᠬᠠᠷᠠᠭᠳᠠᠨ᠎ᠠ᠃ ᠬᠠᠵᠠᠭᠤ ᠳᠤ ᠨᠢ ᠷᠤᠯᠭᠠᠷᠮ᠎ᠠ ᠶᠢᠨ ᠠᠶᠤᠵᠤ ᠰᠤᠴᠢᠭᠰᠠᠨ ᠴᠢᠷᠠᠢ ᠪᠠ ᠨᠠᠮᠠᠬᠠᠢ ᠶᠢᠨ ᠨᠢᠳᠤ ᠮᠤᠯᠤᠮ ᠢ ᠴᠤ᠋ ᠰᠢᠷᠳᠠᠨ᠎ᠠ᠃
᠊᠊᠊᠊᠊᠊᠊᠊᠊᠊᠊᠊᠊᠊᠊᠊᠊᠊᠊᠊᠊᠊᠊ ᠠᠬ᠎ᠠ ᠶᠠᠭᠠᠭᠢᠪᠠ︖ ᠭᠡᠭᠦ ᠷᠤᠯᠭᠠᠷᠮ᠎ᠠ ᠶᠢᠨ ᠨᠠᠮᠠᠤᠬᠠᠨ ᠳᠠᠭᠤᠨ ᠳᠤ ᠮᠤᠯᠤᠮ ᠪᠦᠭᠦ ᠪᠠᠢ᠌ᠳᠠᠯ ᠢ ᠮᠠᠳᠠᠨ ᠰᠤᠴᠢᠵᠤ᠄
᠊᠊᠊᠊᠊᠊᠊᠊᠊᠊᠊᠊᠊᠊᠊᠊᠊᠊᠊᠊᠊᠊᠊ ᠳᠠ ᠬᠤᠶᠠᠷ ᠶᠠᠭᠠᠭᠢᠵᠤ ᠨᠠᠮᠢ᠋ᠢ ᠶᠢ ᠡ᠊ᠨᠳᠡ ᠢᠷᠡᠭ᠍ᠰᠡᠨ ᠢ ᠮᠡᠳᠡᠭ᠍ᠰᠡᠨ ᠪᠣᠢ︖
᠊᠊᠊᠊᠊᠊᠊᠊᠊᠊᠊᠊᠊᠊᠊᠊᠊᠊᠊᠊᠊᠊᠊ ᠮᠢᠨᠤ ᠵᠡᠭᠡᠷᠳᠡ ᠬᠠᠯᠢᠭᠤᠨ ᠤ ᠥᠨᠦᠷᠯᠡᠭᠦ ᠴᠢᠳᠠᠪᠣᠷᠢ ᠪᠠᠷ ᠴᠢᠮᠢ᠋ᠢ ᠬᠠᠮᠢᠭ᠎ᠠ ᠪᠠᠢ᠌ᠬᠤ ᠶᠢ ᠮᠠᠳᠠᠪᠠ᠃ ᠴᠢ ᠡ᠊ᠨᠳᠡ ᠢᠷᠠᠨ᠎ᠠ ᠭᠡᠵᠤ ᠪᠠᠢ᠌ᠭᠠᠤᠨ ᠶᠠᠭᠤᠨ ᠳᠤ ᠮᠠᠨ ᠳᠤ ᠭᠡᠯᠡᠳᠡᠭ᠌ ᠦᠭᠡᠶ ᠪᠣᠢ︖ ᠬᠠᠮᠳᠤ ᠳᠠᠭᠠᠨ ᠢᠷᠡᠭ᠍ᠰᠡᠨ ᠪᠣᠯ ᠭᠡᠳᠦᠢ ᠰᠠᠢ᠌ᠬᠠᠨ ᠪᠣᠢ︖ ᠭᠡᠷᠪᠡ ᠮᠠᠨᠤᠰ ᠢᠷᠡᠭ᠍ᠰᠡᠨ ᠦᠭᠡᠶ ᠪᠣᠯ ᠴᠢ ᠶᠠᠭᠠᠭᠢᠬᠤ ᠶᠢ ᠭᠡᠨ ᠮᠠᠳᠠᠨ᠎ᠠ︖ ᠭᠡᠵᠤ ᠵᠢᠮᠡᠯᠡᠩᠭᠦᠢ ᠶᠠᠷᠢᠬᠤ ᠳᠤ ᠮᠤᠯᠤᠮ᠄
᠊᠊᠊᠊᠊᠊᠊᠊᠊᠊᠊᠊᠊᠊᠊᠊᠊᠊᠊᠊᠊᠊᠊᠊᠊᠊᠊ ᠠᠢ︕ ᠪᠢ ᠴᠤ ᠮᠡᠳᠡᠭ᠍ᠰᠡᠨ ᠦᠭᠡᠶ᠂ ᠭᠠᠳᠠᠨ᠎ᠠ ᠨᠠᠷᠠᠨ ᠤ ᠡᠭᠡᠯᠢᠨ ᠳᠤ ᠵᠤᠭᠰᠤᠵᠤ ᠪᠠᠢ᠌ᠬᠤ ᠳᠠᠭᠠᠨ ᠦᠪᠡᠷ ᠤᠨ ᠡᠷᠭᠡ ᠦᠭᠡᠶ ᠨᠤᠳᠤᠭ ᠶᠢᠡᠷ ᠣᠴᠢᠶ᠎ᠠ ᠭᠡᠰᠡᠨ ᠰᠠᠨᠠᠭ᠎ᠠ ᠳᠦᠷᠦᠭ᠍ᠳᠡᠨ᠂ ᠳᠠᠨ ᠳᠤ ᠭᠡᠯᠡᠭ᠍ᠰᠡᠨ ᠦᠭᠡᠶ ᠪᠠᠷ ᠰᠢᠭᠤᠳ ᠨᠠᠰᠢ ᠢᠷᠡᠭ᠍ᠰᠡᠨ᠂ ᠳᠡᠭᠡᠭᠡᠳ ᠪᠢ ᠡ᠊ᠨᠳᠡ ᠢᠷᠡᠭᠡᠳ ᠭᠡᠭᠦᠷ ᠭᠦᠰᠢᠶ᠎ᠡ ᠶᠢ ᠦᠵᠡᠨ ᠣᠭᠢᠯᠠᠨ ᠬᠠᠷᠩᠭ᠋ᠣᠢ᠌ᠳᠠᠨ ᠣᠨᠠᠪᠠ᠂ ᠴᠠᠰᠢ ᠪᠢ ᠶᠠᠭᠤ ᠴᠤ ᠮᠡᠳᠡᠭ᠍ᠰᠡᠨ ᠦᠭᠡᠶ᠂ ᠭᠡᠵᠤ ᠦᠨᠡᠨ ᠶᠢᠡᠨ ᠶᠠᠷᠢᠨ᠎ᠠ᠃
ᠪᠠᠬᠠᠨ ᠣᠳᠠᠰᠭᠢᠭᠠᠤᠨ ᠮᠤᠯᠤᠮ ᠪᠠᠶ᠎ᠠ ᠳᠡᠩᠭᠡᠷᠡᠨ ᠨᠠᠮᠠᠬᠠᠢ ᠪᠠ ᠷᠤᠯᠭᠠᠷᠮ᠎ᠠ ᠲᠡᠶ ᠭᠤᠷᠪᠠᠭᠤᠯᠠ ᠬᠤᠪᠢᠨ ᠤ ᠬᠠᠭᠤᠴᠢᠨ ᠪᠠᠭᠤᠷᠢ ᠵᠥᠭ᠌ ᠠᠶᠠᠳᠠᠢ᠌ᠬᠠᠨ ᠮᠤᠷᠢᠨ ᠤ ᠠᠯᠬᠤᠭ᠎ᠠ ᠪᠠᠷ ᠶᠠᠪᠣᠨ᠎ᠠ᠂ ᠡᠨᠡ ᠭᠤᠷᠪᠠ ᠶᠢᠨ ᠪᠦᠪᠠᠢ ᠶᠢᠨ ᠨᠤᠳᠤᠭ ᠶᠢᠡᠷ ᠵᠤᠭᠠᠴᠠᠬᠤ ᠶᠢ ᠲᠦᠷ ᠥᠭᠦᠯᠡᠭᠦ ᠦᠭᠡᠶ᠃
ᠮᠠᠩᠬᠠᠳᠤ ᠶᠢᠨ ᠪᠢᠴᠢᠭᠡᠴᠢ ᠳᠦᠭᠦᠷᠡᠩᠰᠡᠩ ᠦᠳᠡ ᠶᠢᠨ ᠪᠠᠷᠤᠭ ᠶᠢᠡᠷ ᠨᠠᠮᠰᠠᠷᠠᠢ ᠪᠠᠶᠠᠨ ᠤ ᠳᠤ ᠢᠷᠠᠨ᠂ ᠦᠷᠦᠭᠡᠨ ᠳᠤᠷ ᠣᠷᠤᠵᠤ ᠪᠠᠶᠠᠨ ᠲᠡᠶ ᠭᠡᠳᠤᠨ ᠣᠴᠢᠷ ᠵᠤᠭᠤᠭᠳᠠᠪᠠ᠃
᠊᠊᠊᠊᠊᠊᠊᠊᠊᠊᠊᠊᠊᠊᠊᠊᠊᠊᠊᠊᠊᠊᠊ ᠪᠠᠶᠠᠨ ᠮᠢᠨᠢ ᠡ︕ ᠡᠨᠡ ᠵᠢᠯ ᠤᠨ ᠠᠳᠤᠭᠤᠨ ᠳᠡᠯᠡᠯᠭᠡ ᠤᠢ᠌ᠷᠳᠤᠪᠠ᠃ ᠳᠢᠶᠠᠨᠬᠦᠤ ᠶᠢᠨ ᠳᠡᠭᠡᠷᠡᠮ ᠤᠨ ᠴᠢᠮᠡᠭᠡ ᠪᠠᠰᠠ ᠭᠤᠷᠯᠤᠰ ᠲᠤ ᠪᠠᠢ᠌ᠭᠰᠠᠭᠠᠷ ᠡ︕ ᠡᠢ᠌ᠮᠤ ᠡᠴᠡ ᠮᠠᠨ ᠤ ᠠᠳᠤᠭᠤᠨ ᠰᠦᠷᠦᠭ᠌ ᠢ ᠨᠢᠭᠡ ᠣᠳᠠᠭ᠎ᠠ ᠨᠡᠢ᠌ᠯᠡᠭᠦᠯᠤᠨ ᠳᠤᠭ᠎ᠠ ᠪᠦᠷᠢᠳᠭᠡᠵᠤ᠂ ᠳᠠᠮᠠᠭᠠᠯᠠᠬᠤ ᠴᠢᠬᠤᠯᠳᠠᠢ ᠶᠢ ᠨᠢ ᠳᠠᠮᠠᠭᠠᠯᠠᠵᠤ᠂ ᠳᠡᠯᠡᠯᠭᠦ ᠴᠢᠬᠤᠯᠳᠠᠢ ᠵᠢ ᠨᠢ ᠳᠠᠯᠠᠯᠪᠠᠯ ᠶᠠᠮᠠᠷ︖
᠊᠊᠊᠊᠊᠊᠊᠊᠊᠊᠊᠊᠊᠊᠊᠊᠊᠊᠊᠊᠊᠊᠊ ᠭᠡᠳᠦᠢ ᠪᠠᠷᠤᠭ ᠤᠨ ᠠᠳᠤᠭᠤ ᠪᠠᠢ᠌ᠨ᠎ᠠ︖ ᠭᠡᠳᠦᠢ ᠶᠢ ᠨᠢ ᠳᠠᠮᠠᠭᠠᠠᠯᠠᠵᠤ᠂ ᠳᠡᠯᠡᠯᠭᠦ ᠴᠢᠬᠤᠯᠳᠠᠢ︖
᠊᠊᠊᠊᠊᠊᠊᠊᠊᠊᠊᠊᠊᠊᠊᠊᠊᠊᠊᠊᠊᠊᠊ ᠣᠷᠴᠢᠮ ᠤᠨ ᠭᠤᠷᠪᠠᠨ ᠵᠢᠯ ᠤᠨ ᠠᠳᠤᠭᠤ ᠶᠢ ᠪᠦᠭᠦᠳᠡ ᠶᠢ ᠳᠠᠮᠠᠭᠠᠯᠠᠬᠤ ᠪᠠ ᠳᠡᠯᠡᠯᠭᠦ ᠪᠠᠷ ᠪᠣᠳᠤᠪᠠᠯ ᠪᠠᠷᠤᠭ ᠳᠤᠯᠤᠭᠠᠨ ᠵᠠᠭᠤ ᠰᠢᠬᠠᠮ ᠠᠳᠤᠭᠤ᠃
᠊᠊᠊᠊᠊᠊᠊᠊᠊᠊᠊᠊᠊᠊᠊᠊᠊᠊᠊᠊᠊᠊᠊ ᠳᠡᠭᠡᠪᠠᠯ ᠡᠨᠡ ᠠᠳᠤᠭᠤᠨ ᠳᠡᠯᠡᠯᠭᠡ ᠪᠠᠭ᠎ᠠ ᠳᠠᠭᠠᠨ ᠭᠤᠷᠪᠠᠨ ᠡᠳᠦᠷ ᠶᠠᠪᠣᠭᠳᠠᠨ᠎ᠠ᠂ ᠮᠠᠨ ᠤ ᠠᠳᠤᠭᠤᠨ ᠳᠤᠪᠣ ᠶᠢᠨ ᠳᠠᠠᠳᠠ ᠪᠦᠭᠦ ᠠᠳᠤᠭᠤ ᠶᠢ ᠴᠤᠭᠯᠠᠭᠤᠯᠤᠨ᠂ ᠭᠡᠭᠡᠨ ᠣᠷᠳᠤᠨ ᠤ ᠠᠷᠢᠭᠤᠨ ᠴᠠᠭᠠᠨ ᠣᠷᠳᠤᠨ ᠳᠤ ᠵᠠᠯᠠᠯᠭ᠎ᠠ ᠶᠢᠨ ᠪᠢᠴᠢᠭ᠌ ᠢᠯᠡᠭᠡᠨ᠂ ᠰᠠᠮᠫᠢᠯ ᠨᠤᠶᠠᠨ ᠢ ᠵᠠᠯᠠᠵᠤ᠂ ᠠᠳᠤᠭᠤᠨ ᠭᠡᠰᠢᠭ᠌ ᠭᠦᠷᠳᠡᠭᠡᠪᠠᠯ ᠬᠠᠮᠤᠭ ᠰᠠᠢ᠌ᠨ᠂ ᠳᠠᠭᠢᠨ ᠤᠢ᠌ᠷ᠎ᠡ ᠣᠷᠴᠢᠮ ᠤᠨ ᠭᠡᠡᠵᠦᠦᠷ ᠪᠠᠶᠠᠨ ᠪᠠ ᠰᠸᠷᠠᠪ ᠪᠠᠶᠠᠨ ᠳᠤ ᠮᠦᠨ ᠣᠷᠢᠯᠭ᠎ᠠ ᠢᠯᠡᠭᠡᠨ ᠮᠠᠨ ᠤ ᠠᠳᠤᠭᠤᠨ ᠳᠡᠯᠡᠯᠭᠡ ᠳᠤ ᠰᠠᠢ᠌ᠨ ᠣᠶᠠᠭᠠᠴᠢᠨ ᠪᠠ ᠠᠳᠤᠭᠤᠴᠢᠨ᠂ ᠵᠠᠯᠠᠭᠤ ᠴᠢᠭᠢᠷᠠᠭ ᠡᠷᠴᠦᠳ ᠢ ᠣᠷᠢᠨ᠂ ᠳᠤᠰᠠ ᠳᠡᠮᠵᠢᠯᠭᠡ ᠪᠣᠯᠬᠤ ᠶᠢ ᠭᠦᠰᠡᠨ ᠳᠠᠳᠠᠨ ᠢ ᠵᠠᠯᠠᠬᠤ ᠣᠷᠢᠯᠭ᠎ᠠ ᠶᠢᠨ ᠪᠢᠴᠢᠭ᠌ ᠶᠠᠪᠣᠭᠤᠯᠪᠠᠯ ᠰᠠᠢ᠌ᠨ᠂ ᠡᠨᠡ ᠰᠠᠷ᠎ᠠ ᠶᠢᠨ ᠬᠤᠷᠢᠳ ᠤᠨ ᠪᠠᠷᠤᠭ ᠶᠢᠡᠷ ᠡᠭᠢᠯᠡᠪᠠᠯ ᠶᠠᠮᠠᠷ︖
᠊᠊᠊᠊᠊᠊᠊᠊᠊᠊᠊᠊᠊᠊᠊᠊᠊᠊᠊᠊᠊᠊᠊ ᠪᠠᠶᠠᠨ ᠤ ᠰᠠᠨᠠᠭ᠎ᠠ ᠮᠠᠰᠢ ᠳᠤᠭᠢᠳᠠᠢ᠂ ᠪᠢ ᠴᠤ ᠡᠨᠡ ᠮᠠᠶᠢᠭ ᠶᠢᠡᠷ ᠳᠠᠨ ᠳᠤ ᠭᠡᠯᠡᠭᠦ ᠪᠠᠷ ᠢᠷᠡᠭ᠍ᠰᠡᠨ ᠶᠤᠮ᠃ ᠳᠡᠭᠡᠪᠠᠯ ᠪᠢ ᠭᠡᠳᠤᠨ ᠬᠠᠭᠤᠳᠠᠰᠤ ᠣᠷᠢᠯᠭ᠎ᠠ ᠶᠢᠨ ᠪᠢᠴᠢᠭ᠌ ᠢ ᠪᠢᠴᠢᠨ ᠳᠠᠳᠠᠨᠠᠷ ᠢ ᠣᠷᠢᠨ ᠵᠠᠯᠠᠵᠤ ᠬᠤᠷᠢᠨ ᠨᠢᠭᠡᠨ ᠤ ᠡᠳᠦᠷ ᠣᠯᠠᠭᠠᠨ ᠪᠠᠷᠰ ᠡᠳᠦᠷ᠂ ᠶᠡᠭᠡ ᠦᠯᠵᠡᠢ᠌ᠳᠠᠢ᠂ ᠮᠠᠨ ᠤ ᠠᠳᠤᠭᠤᠨ ᠰᠦᠷᠦᠭ᠌ ᠲᠤ ᠮᠠᠰᠢ ᠭᠡᠰᠢᠭ᠌ ᠲᠡᠶ ᠪᠦᠭᠡᠳ ᠪᠠᠶᠠᠨ ᠤ ᠳᠤᠰ ᠪᠠᠶ᠎ᠠ ᠳᠤ ᠴᠤ ᠦᠯᠵᠡᠢ ᠪᠠᠯᠭᠡ ᠲᠡᠶ ᠡᠳᠦᠷ᠂ ᠶᠠᠭ ᠡᠨᠡ ᠡᠳᠦᠷ ᠡᠴᠡ ᠡᠭᠢᠯᠡᠨ ᠭᠤᠷᠪᠠᠨ ᠡᠳᠦᠷ ᠤᠨ ᠠᠳᠤᠭᠤᠨ ᠳᠡᠯᠡᠯᠭᠡ ᠭᠢᠭᠦ ᠪᠠᠷ ᠣᠷᠢᠪᠠᠯ ᠶᠠᠮᠠᠷ︖
᠊᠊᠊᠊᠊᠊᠊᠊᠊᠊᠊᠊᠊᠊᠊᠊᠊᠊᠊᠊᠊᠊᠊ ᠪᠢᠴᠢᠭᠡᠴᠢ ᠶᠢᠨ ᠥᠭᠡ ᠮᠠᠰᠢ ᠰᠠᠢ᠌ᠨ᠂ ᠮᠠᠰᠢ ᠰᠠᠢ᠌ᠨ᠂ ᠶᠠᠭ ᠡᠨᠡ ᠮᠠᠶᠢᠭ ᠶᠢᠡᠷ ᠡᠭᠢᠯᠡᠭᠦᠯᠦᠶᠡ︕ ᠴᠢ ᠳᠦᠷᠭᠡᠨ ᠣᠷᠢᠯᠭ᠎ᠠ ᠶᠢᠨ ᠪᠢᠴᠢᠭ᠌ ᠪᠢᠴᠢᠨ ᠶᠠᠪᠣᠭᠤᠯ᠂ ᠪᠠᠰᠠ ᠡᠨᠡ ᠦᠳᠡ ᠳᠤ ᠴᠢ ᠶᠠᠪᠣᠬᠤ ᠭᠡᠷᠡᠭ᠌ ᠦᠭᠡᠶ᠂ ᠣᠷᠤᠢ ᠮᠠᠨᠤᠰ ᠬᠠᠮᠳᠤ ᠳᠠᠭᠠᠨ ᠭᠡᠷ ᠤᠨ ᠨᠠᠢ᠌ᠷ ᠤᠨ ᠠᠷᠢᠭᠢ ᠠᠮᠰᠠᠶ᠎ᠠ︕
᠊᠊᠊᠊᠊᠊᠊᠊᠊᠊᠊᠊᠊᠊᠊᠊᠊᠊᠊᠊᠊᠊᠊ ᠵᠠ ︕ ᠭᠡᠮᠡᠨ ᠦᠷᠦᠭᠡᠨ ᠡᠴᠡ ᠭᠠᠷᠴᠤ ᠪᠠᠶᠠᠨ ᠤ ᠪᠢᠴᠢᠭ᠌ ᠤᠨ ᠦᠷᠦᠭᠡᠨ ᠳᠤ ᠣᠷᠤᠵᠤ᠂ ᠭᠡᠳᠤᠨ ᠬᠠᠭᠤᠳᠠᠰᠤ ᠣᠷᠢᠯᠭ᠎ᠠ ᠶᠢᠨ ᠪᠢᠴᠢᠭ᠌ ᠢ ᠵᠤᠬᠢᠶᠠᠨ᠂ ᠭᠡᠳᠤᠨ ᠵᠠᠷᠤᠴᠠ ᠳᠤ ᠥᠭ᠍ᠴᠤ ᠳᠤᠰ ᠳᠤᠰ ᠲᠤᠨᠢ ᠪᠢᠴᠢᠭ᠌ ᠥᠭ᠍ᠴᠤ ᠶᠠᠪᠣᠭᠤᠯᠪᠠ᠃
ᠣᠷᠢᠯᠭ᠎ᠠ ᠶᠢᠨ ᠪᠢᠴᠢᠭ᠌ ᠤᠨ ᠶᠡᠭᠡ ᠲᠦᠯᠤᠪ ᠢ ᠥᠭᠦᠯᠡᠪᠠᠯ᠄
ᠠᠢ᠌ᠮᠠᠭ ᠤᠨ ᠠᠷᠢᠭᠤᠨ ᠴᠠᠭᠠᠨ ᠣᠷᠳᠤᠨ ᠤ ᠡᠷᠭᠢᠮ ᠰᠠᠮᠫᠢᠯ ᠨᠤᠶᠠᠨ ᠳᠠᠨ᠎ᠠ᠄
ᠲ᠋ᠡᠭᠡᠳᠤ ᠶᠢᠨ ᠠᠷᠢᠭᠤᠨ ᠵᠤᠷᠰᠢᠯ ᠶᠢᠡᠷ᠂ ᠳᠡᠯᠭᠡᠷ ᠮᠤᠩᠭ᠋ᠤᠯ ᠤᠨ ᠣᠳᠤᠮᠰᠢᠯ ᠶᠢᠡᠷ᠂ ᠭᠡᠢ ᠮᠤᠷᠢ ᠶᠢ ᠰᠡᠷᠭᠦᠭᠡᠵᠤ᠂ ᠭᠡᠰᠢᠭ᠌ ᠪᠣᠶᠠᠨ ᠢ ᠬᠤᠷᠣᠢ᠌ᠯᠠᠵᠤ᠂ ᠳᠠᠪᠤᠨ ᠬᠤᠰᠢᠭᠤ ᠮᠠᠯ ᠤᠨ ᠳᠠᠩᠰᠤᠭ ᠰᠦᠷᠦᠭ᠌ ᠤᠨ ᠴᠢᠮᠡᠭ᠌᠂ ᠳᠡᠭᠡᠳᠦᠰ ᠬᠠᠪᠣᠳᠤ ᠬᠠᠰᠠᠷ ᠡᠴᠡ ᠣᠯᠠᠮᠵᠢᠯᠠᠵᠤ ᠢᠷᠡᠭ᠍ᠰᠡᠨ ᠠᠳᠤᠭᠤᠨ ᠨᠠᠢ᠌ᠷ ᠭᠢᠭᠦ ᠪᠣᠯᠤᠭᠰᠠᠨ ᠳᠤᠯᠠ ᠳᠡᠭᠡᠷ᠎ᠡ ᠨᠢ ᠰᠠᠭᠠᠳᠠᠵᠤ ᠲ᠋ᠡᠭᠡᠵᠢ ᠶᠢ ᠨᠢ ᠵᠤᠭᠤᠭᠯᠠᠨ᠂ ᠢᠷᠦᠭᠡᠯ ᠶᠢᠡᠨ ᠬᠠᠢ᠌ᠷᠠᠯᠠᠬᠤ ᠪᠣᠯᠪᠠᠤ︕ ᠡᠷᠭᠢᠮ ᠨᠤᠶᠠᠨ ᠤ ᠠᠷᠢᠭᠤᠨ ᠢᠷᠦᠭᠡᠯ ᠳᠤ ᠭᠦᠷᠳᠡᠭᠦ ᠭᠡᠵᠤ ᠳᠤᠰ ᠰᠠᠷ᠎ᠠ ᠶᠢᠨ ᠬᠤᠷᠢᠨ ᠨᠢᠭᠡᠨ (ᠣᠯᠠᠭᠠᠨ ᠪᠠᠷᠰ ᠡᠳᠦᠷ) ᠳ᠋ᠤ ᠮᠤᠷᠢᠯᠠᠨ ᠰᠠᠭᠠᠳᠠᠬᠤ ᠶᠢ ᠣᠷᠢᠨ ᠵᠠᠯᠠᠵᠤ ᠪᠠᠢ᠌ᠨ᠎ᠠ᠃
ᠡᠭᠦᠨ᠎ᠡ᠄
ᠮᠠᠩᠬᠠᠳᠤ ᠶᠢᠨ ᠨᠠᠮᠠᠰᠠᠷᠠᠢ ᠡᠴᠡ᠃
ᠡᠨᠡ ᠮᠠᠳᠤ ᠣᠷᠢᠯᠭ᠎ᠠ ᠶᠢᠨ ᠪᠢᠴᠢᠭ᠌ ᠢ ᠳᠤᠰ ᠳᠤᠰ ᠢᠯᠡᠭᠡᠨ ᠳᠦᠭᠦᠷᠡᠩᠰᠡᠩ᠄
᠊᠊᠊᠊᠊᠊᠊᠊᠊᠊᠊᠊᠊᠊᠊᠊᠊᠊᠊᠊᠊᠊᠊ ᠪᠦᠷᠢᠨ ᠳᠡᠭᠦᠯᠳᠡᠷ ᠪᠣᠯᠪᠠ ᠭᠡᠵᠤ ᠨᠠᠮᠠᠰᠠᠷᠠᠢ ᠪᠠᠶᠠᠨ ᠳᠤ ᠮᠡᠳᠡᠭᠦᠯᠪᠡ᠃
ᠦᠳᠠ ᠶᠢᠨ ᠨᠠᠷᠠ ᠭᠡᠯᠪᠠᠢ᠌ᠭᠦ ᠦᠶ᠎ᠡ ᠪᠠᠷ ᠨᠠᠮᠠᠬᠠᠢ ᠮᠤᠯᠤᠮ ᠷᠤᠯᠭᠠᠷᠮ᠎ᠠ ᠭᠤᠷᠪᠠᠭᠤᠯᠠ ᠵᠢᠯᠤᠭᠤ ᠡᠪᠭᠡᠨ ᠮᠤᠷᠢᠨ ᠤ ᠵᠥᠭᠡᠯᠡᠨ ᠰᠠᠢ᠌ᠪᠣᠷ ᠶᠢᠡᠷ ᠮᠠᠩᠬᠠᠳᠤ ᠳᠤ ᠢᠷᠠᠨ ᠣᠷᠤᠢ ᠶᠢᠨ ᠭᠡᠷ ᠤᠨ ᠨᠠᠢ᠌ᠷ ᠲᠤ ᠣᠷᠤᠯᠴᠠᠬᠤ ᠪᠠᠷ ᠪᠠᠯᠡᠭᠡᠨ ᠰᠠᠭᠤᠨ᠎ᠠ᠃ ᠭᠡᠳᠥᠢᠪᠠᠷ ᠰᠠᠨᠠᠭ᠎ᠠ ᠠᠭᠤᠵᠢᠷᠳᠠᠯᠠ ᠪᠠᠨ ᠪᠦᠪᠠᠢ ᠶᠢᠨ ᠨᠤᠳᠤᠭ ᠶᠢᠡᠷ ᠳᠤᠭᠤᠷᠢᠨ ᠦᠪᠡᠷ ᠤᠨ ᠭᠡᠷ ᠣᠷᠤᠨ ᠪᠠᠭᠤᠴᠠ ᠰᠠᠭᠤᠴᠠ ᠪᠠᠨ ᠥᠵᠡᠭ᠍ᠰᠡᠨ ᠴᠤ ᠮᠤᠯᠤᠮ ᠳᠤ ᠭᠡᠯᠡᠵᠤ ᠭᠠᠷᠤᠰᠢ ᠦᠭᠡᠶ ᠨᠢᠭᠡᠨ ᠶᠠᠪᠣᠳᠠᠯ ᠰᠡᠳᠭᠢᠯ ᠰᠠᠨᠠᠭ᠎ᠠ ᠶᠢ ᠨᠢ ᠰᠢᠷᠬᠠᠯᠠᠭᠤᠯᠤᠨᠠ᠃ ᠡᠨᠡ ᠶᠠᠭᠤ ᠭᠡᠪᠠᠯ ᠴᠠᠢ᠌ᠳᠠᠮ ᠳᠤ ᠪᠠᠢ᠌ᠭ᠎ᠠ ᠳᠡᠭᠦᠤ ᠮᠤᠯᠤᠷ ᠲᠡᠶ ᠪᠠᠨ ᠨᠢᠭᠡ ᠣᠴᠠᠷᠠᠭᠰᠠᠨ ᠪᠣᠯ ᠭᠡᠭᠦ ᠭᠤᠷᠢᠳᠠᠯᠭ᠎ᠠ ᠪᠣᠯᠬᠤ ᠶᠤᠮ᠃ ᠨᠠᠮᠠᠬᠠᠢ ᠪᠠ ᠷᠤᠯᠭᠠᠷᠮ᠎ᠠ ᠬᠤᠶᠠᠷ ᠴᠤ ᠮᠤᠯᠤᠮ ᠤᠨ ᠭᠡᠷ ᠪᠠᠭᠤᠷᠢ ᠪᠠᠷ ᠳᠤᠭᠤᠷᠢᠭᠠᠤᠨ ᠢᠷᠡᠭ᠍ᠰᠡᠨ ᠴᠤ ᠮᠦᠨ ᠴᠡᠭᠡᠵᠢᠨ ᠳᠡᠭᠡᠨ ᠮᠤᠯᠤᠮ ᠢ ᠭᠦᠭᠡᠷᠦᠭᠦᠢᠯᠡᠭᠦ ᠰᠡᠳᠬᠢᠯᠭᠡ ᠪᠣᠶᠤ ᠡᠰᠭᠦᠯ᠎ᠡ ᠮᠤᠯᠤᠮ ᠤᠨ ᠰᠠᠨᠠᠭ᠎ᠠ ᠰᠡᠳᠭᠢᠯ ᠤᠨ ᠵᠢᠮᠵᠢᠭᠯᠡᠯ ᠢ ᠣᠯᠵᠤ ᠮᠡᠳᠡᠭ᠍ᠰᠡᠨ ᠳᠡᠭᠡᠨ ᠪᠣᠯ ᠦᠦ︖ ᠶᠠᠭᠠᠭᠢᠬᠤ ᠶᠢᠨ ᠠᠷᠭ᠎ᠠ ᠦᠭᠡᠶ ᠴᠡᠭᠡᠵᠢ ᠪᠢᠳᠡᠭᠦᠷᠡᠨᠡ᠃
ᠭᠦᠮᠤᠨ ᠤ ᠣᠷᠴᠢᠯᠠᠩ ᠭᠡᠳᠡᠭ᠌ ᠶᠠᠷᠤ ᠨᠢ ᠡᠢ᠌ᠮᠤ ᠯᠠ ᠮᠠᠶᠢᠭᠳᠠᠢ᠃ ᠨᠢᠭᠡ ᠡᠭᠡ ᠡᠴᠢᠭᠡ ᠡᠴᠡ ᠳᠦᠷᠦᠭ᠍ᠰᠡᠨ ᠦᠭᠡᠶ ᠴᠤ ᠢᠵᠢᠯᠢᠰᠢᠨ ᠳᠠᠰᠤᠯᠴᠠᠭᠰᠠᠨ ᠤ ᠬᠠᠷᠢᠭᠤ ᠳᠤ ᠪᠦᠷ ᠯᠠ ᠨᠢᠭᠡ ᠨᠢᠭᠡᠨ ᠶᠢᠡᠨ ᠬᠠᠷᠢᠯᠴᠠᠨ ᠭᠦᠭᠡᠷᠦᠭᠡᠢ᠌ᠯᠡᠭᠦ ᠪᠣᠶᠤ ᠰᠡᠳᠭᠢᠯ ᠵᠢᠷᠦᠭᠡ ᠶᠢ ᠨᠢ ᠵᠤᠪᠠᠭᠠᠬᠤ ᠦᠭᠡᠶ ᠭᠡᠰᠡᠨ ᠳᠦᠷᠤᠯᠭᠢ ᠭᠦᠮᠤᠨ ᠴᠢᠨᠠᠷ ᠪᠠᠢ᠌ᠳᠠᠭ ᠰᠠᠠᠵᠠᠢ᠃ ᠣᠷᠴᠢᠯᠠᠩ ᠳᠡᠯᠡᠭᠡᠢ ᠶᠢᠨ ᠠᠷᠢᠶᠠᠳᠠᠨ ᠠᠮᠢᠳᠠᠨ ᠴᠤ ᠮᠦᠨ ᠡᠢ᠌ᠡᠭᠦ ᠠᠪᠢᠶᠠᠰ ᠪᠠᠢ᠌ᠳᠠᠭ ᠰᠢᠠᠵᠢ ᠲᠡᠶ᠃
ᠣᠨᠠᠬᠤ ᠨᠠᠷᠠᠨ ᠤ ᠣᠯᠠᠪᠢᠷ ᠳᠤᠶᠠᠭ᠎ᠠ ᠮᠠᠩᠬᠠᠳᠤ ᠶᠢᠨ ᠭᠤᠪᠢ ᠵᠤ᠋ ᠶᠢ ᠣᠯᠠᠢ᠌ᠯᠭᠠᠨ᠂ ᠬᠠᠮᠢᠭ᠎ᠠ ᠭᠠᠵᠠᠷ ᠡᠴᠡ ᠨᠢᠰᠤᠨ ᠢᠷᠡᠭ᠍ᠰᠡᠨ ᠱᠠᠭᠠᠵᠠᠭᠠᠢ ᠮᠤᠷᠢᠨ ᠤ ᠱᠤᠩ ᠳᠡᠭᠡᠷ᠎ᠡ ᠰᠠᠭᠤᠨ ᠱᠠᠭ ᠱᠠᠭ ᠱᠠᠭᠰᠢᠨ᠎ᠠ᠃ ᠡᠭᠦᠳᠡᠨ ᠬᠣᠢ᠌ᠮᠤᠷ ᠭᠡᠪᠳᠡᠭ᠍ᠰᠡᠨ ᠭᠦᠭᠡ ᠠᠯᠠᠭ ᠨᠤᠬᠠᠢ ᠶᠠᠭᠤᠨ ᠡᠴᠡ ᠴᠤ ᠪᠣᠯᠤᠭᠰᠠᠨ ᠢ ᠮᠡᠳᠡᠭᠦ ᠦᠭᠡᠶ᠂ ᠡᠳᠦᠷᠵᠢᠨ ᠥᠭᠡᠷ᠎ᠡ ᠭᠦᠮᠤᠨ ᠠᠮᠢᠳᠠᠨ ᠢᠷᠡᠭᠡᠳ ᠭᠠᠷᠬᠤ ᠳᠤ ᠥᠵᠡᠭᠦ ᠴᠤ ᠦᠭᠡᠶ ᠭᠡᠪᠳᠡᠳᠡᠭ᠌ ᠶᠢᠡᠨ ᠡᠨᠡ ᠣᠷᠤᠢ ᠱᠤᠩ ᠳᠡᠭᠡᠷᠡᠭᠢ ᠱᠠᠭᠠᠵᠠᠭᠠᠢ ᠶᠢ ᠦᠵᠡᠨ ᠶᠠᠭᠤ ᠨᠢᠭᠡ ᠶᠢ ᠣᠯᠵᠤ ᠥᠵᠡᠭ᠍ᠰᠡᠨ ᠰᠢᠭ᠌ ᠣᠷᠤᠭᠰᠢ ᠪᠠᠨ ᠱᠤᠩᠭ᠋ᠤᠨ ᠭᠦᠶᠦᠵᠤ᠂ ᠡᠯᠳᠡᠪ ᠶᠢᠡᠷ ᠰᠠᠭᠤᠭᠰᠠᠨ ᠱᠠᠭᠠᠵᠠᠭᠠᠢ ᠶᠢ ᠠᠶᠤᠯᠭᠠᠨ ᠰᠤᠴᠢᠭᠠᠨᠠ᠃ ᠪᠠᠷᠤᠭ ᠯᠠ ᠡᠳᠦᠷ ᠣᠳᠠᠭᠠᠨ ᠭᠡᠪᠳᠡᠭᠡᠳ ᠪᠠᠶ᠎ᠠ ᠨᠢ ᠴᠢᠯᠡᠷᠡᠭ᠍ᠰᠡᠨ ᠮᠠᠶᠢᠭ ᠲᠡᠶ᠂ ᠴᠢᠯᠡᠭᠡ ᠪᠠᠨ ᠭᠠᠷᠭᠠᠬᠤ ᠭᠡᠰᠡᠨ ᠶᠤᠮ ᠦᠦ ᠳ᠋ᠠ ⁈ ᠭᠡᠨ ᠮᠡᠳᠡᠭᠦᠪ ⁈
ᠠᠷᠪᠠᠨ ᠳᠠᠪᠤᠨ ᠤ ᠳᠡᠷᠭᠡᠯ ᠰᠠᠷᠠᠨ ᠤ ᠭᠡᠷᠡᠯ ᠭᠠᠵᠠᠷ ᠳᠡᠯᠡᠭᠡᠢ ᠶᠢ ᠴᠠᠢ᠌ᠷᠠᠭᠤᠯᠤᠨ᠂ ᠡᠭᠡᠭᠡ ᠯᠠ ᠡᠳᠦᠷ ᠶᠤᠮ ᠰᠢᠭ᠌᠂ ᠪᠦᠷᠭᠦᠭ᠌ ᠡᠳᠦᠷ ᠡᠴᠡ ᠳᠤᠩᠭ᠋ᠠᠯᠠᠭ ᠰᠦᠨᠢ ᠪᠣᠯᠤᠯ᠎ᠠ᠃ ᠰᠦᠨᠢ ᠶᠢᠨ ᠨᠠᠮᠵᠢᠭᠤᠨ ᠢ ᠡᠪᠳᠡᠭᠦ ᠭᠡᠰᠡᠨ ᠰᠢᠭ᠌ ᠳᠡᠷᠳᠡᠭᠡ ᠬᠤᠯᠠ ᠡᠴᠡ ᠥᠭᠡᠷ ᠦᠨᠢᠶᠠᠤᠨ ᠤᠨ ᠮᠥᠭᠡᠷᠡᠯᠳᠦᠭᠦ ᠳᠠᠭᠤᠨ ᠬᠨ ᠶᠠ ᠰᠤᠨᠤᠰᠳᠠᠨ᠎ᠠ᠃
ᠨᠠᠮᠰᠠᠷᠠᠢ ᠪᠠᠶᠠᠨ ᠤ ᠭᠠᠳᠠᠷ ᠦᠷᠦᠭᠡᠨ ᠳᠤ ᠪᠦᠳᠦᠭᠦᠨ ᠳᠤᠮᠤ ᠰᠢᠷᠡᠭᠡ ᠵᠠᠰᠠᠨ᠂ ᠰᠢᠷᠡᠭᠡᠨ ᠳᠡᠭᠡᠷ᠎ᠡ ᠥᠭᠡᠷ ᠬᠤᠨᠢᠨ ᠤ ᠮᠢᠬ᠎ᠠ ᠳᠦᠭᠦᠷᠡᠩ᠂ ᠬᠠᠭᠠᠷᠢᠭᠰᠠᠨ ᠬᠠᠭᠤᠷᠠᠭᠰᠠᠨ ᠭᠡᠳᠡᠰᠤ ᠳᠤᠳᠤᠷ᠎ᠠ ᠪᠠ ᠨᠤᠭᠤᠭ᠎ᠠ ᠵᠠᠭᠤᠰᠢ ᠶᠢ ᠦᠷᠠᠨ ᠵᠠᠷᠤᠴᠠ ᠬᠡᠦᠬᠡᠳ ᠶᠠᠭᠠᠷᠠᠯᠳᠤᠨ᠎ᠠ᠃ ᠨᠠᠮᠰᠠᠷᠠᠢ ᠪᠠᠶᠠᠨ ᠡᠭᠡᠨᠡᠷ ᠲᠡᠶ ᠪᠠᠨ ᠰᠢᠷᠡᠭᠡᠨ ᠤ ᠳᠤᠮᠳᠠ ᠰᠠᠭᠠᠳᠤᠨ᠂ ᠳᠠᠭᠠᠭᠠᠤᠨ ᠷᠤᠯᠭᠠᠷᠮ᠎ᠠ᠂ ᠡᠭᠡ ᠪᠠᠨ ᠨᠠᠭᠠᠯᠳᠤᠨ᠂ ᠨᠠᠮᠠᠬᠠᠢ ᠠᠪᠣ ᠶᠢᠨ ᠶᠢᠠᠨ ᠬᠠᠵᠠᠭᠤ ᠪᠠᠷ ᠵᠠᠯᠭᠠᠨ ᠮᠤᠯᠤᠮ᠂ ᠪᠢᠴᠢᠭᠡᠴᠢ ᠳᠦᠭᠦᠷᠡᠩᠰᠡᠩ᠂ ᠰᠠᠩ ᠬᠠᠮᠢᠶᠠᠷᠤᠭᠴᠢ ᠣᠭᠤᠰᠤᠷ ᠵᠡᠷᠭᠡ ᠭᠡᠷ ᠤᠨ ᠳᠤᠳᠤᠭᠠᠳᠤ ᠭᠦᠮᠦᠰ ᠰᠠᠭᠠᠳᠠᠨ᠎ᠠ᠃
ᠰᠢᠷᠡᠭᠡ ᠳᠦᠭᠦᠷᠴᠤ ᠠᠷᠢᠭᠢ ᠵᠠᠭᠤᠰᠢ ᠪᠠᠯᠠᠨ ᠪᠣᠯᠤᠭᠰᠠᠨ ᠤ ᠰᠡᠭᠦᠯᠡᠷ ᠨᠠᠮᠰᠠᠷᠠᠢ ᠪᠠᠶᠠᠨ ᠬᠤᠠᠳᠠᠭ᠎ᠠ ᠡᠷᠭᠦᠵᠤ᠄
᠊᠊᠊᠊᠊᠊᠊᠊᠊᠊᠊᠊᠊᠊᠊᠊᠊᠊᠊᠊᠊᠊᠊ ᠵᠠ︕ ᠣᠳᠤ ᠦᠨᠦᠳᠤᠷ ᠪᠣᠯ ᠮᠠᠨ ᠤ ᠭᠡᠷ ᠤᠨ ᠨᠠᠢ᠌ᠷ ᠪᠣᠯᠤᠨ᠎ᠠ᠃ ᠷᠤᠯᠭᠠᠷᠮ᠎ᠠ ᠶᠢᠨ ᠠᠷᠪᠠᠨ ᠵᠢᠷᠭᠤᠭᠠᠨ ᠨᠠᠰᠤᠨ ᠤ ᠣᠢ ᠪᠠ ᠡᠨᠡ ᠬᠤᠶᠠᠷ ᠵᠢᠯ ᠤᠨ ᠦᠩ ᠰᠠᠢ᠌ᠨ᠂ ᠳᠠᠭᠢᠭᠠᠤᠨ ᠨᠢᠭᠡ ᠭᠠᠷᠢᠭ ᠤᠨ ᠳᠠᠷᠠᠭ᠎ᠠ ᠮᠠᠨ ᠤ ᠠᠳᠤᠭᠤᠨ ᠨᠠᠢ᠌ᠷ ᠭᠢᠭᠦ ᠪᠣᠯᠤᠭᠰᠠᠨ᠂ ᠮᠠᠨ ᠤ ᠬᠡᠦᠬᠡᠳ ᠦᠰᠴᠦ ᠳᠤᠮᠤᠵᠢᠭᠠᠤᠨ᠂ ᠡᠷ᠎ᠡ ᠶᠢᠨ ᠴᠡᠭᠡᠯ ᠭᠦᠷᠴᠤ ᠪᠠᠢ᠌ᠭ᠎ᠠ ᠡᠨᠡ ᠰᠠᠢ᠌ᠬᠠᠨ ᠡᠳᠦᠷ ᠬᠤᠨᠤᠭ ᠤᠳ ᠢ ᠢᠷᠦᠭᠡᠨ ᠵᠦᠩᠨᠠᠨ᠂ ᠬᠠᠮᠤᠭ ᠳᠦᠷᠦᠭᠦᠤ ᠬᠤᠠᠳᠠᠭ᠎ᠠ ᠡᠷᠭᠦᠶ᠎ᠡ︕ ᠭᠡᠵᠤ ᠣᠯᠠᠨ ᠳᠤ ᠭᠡᠯᠡᠨ᠎ᠡ᠃
ᠨᠠᠢ᠌ᠷ ᠤᠨ ᠳᠤᠮᠳᠠ ᠪᠣᠯᠬᠤ ᠳᠤ ᠷᠤᠯᠭᠠᠷᠮ᠎ᠠ ᠡᠵᠢ ᠳᠡᠭᠡᠨ ᠬᠤᠠᠳᠠᠭᠠᠳᠤ ᠰᠠᠷᠬᠤᠤᠨ ᠢ ᠪᠠᠷᠢᠪᠠ᠃ ᠨᠠᠮᠰᠠᠷᠠᠢ ᠪᠠᠶᠠᠨ ᠬᠤᠠᠳᠠᠭ᠎ᠠ ᠶᠢ ᠳᠤᠰᠤᠨ ᠠᠪᠴᠤ ᠳᠤᠯᠤᠪᠣᠷ ᠬᠤᠷᠤᠭᠤ ᠪᠠᠷ ᠠᠷᠢᠭᠢ ᠶᠢ ᠰᠠᠷᠵᠢᠮᠯᠠᠨ ᠳᠡᠭᠡᠳᠤ ᠳᠡᠭ᠍ᠷᠢ᠂ ᠳᠤᠤᠷᠠᠳᠤ ᠭᠠᠵᠠᠷ᠂ ᠳᠡᠭᠡᠳᠦᠰ ᠰᠠᠭᠢᠭᠤᠰᠤ ᠳᠠᠭᠠᠨ ᠭᠤᠷᠪᠠ ᠰᠠᠷᠵᠢᠮᠯᠠᠨ᠄
ᠵᠠ᠂ ᠣᠮ ᠰᠠᠢ᠌ᠨ ᠣᠮ ᠰᠠᠢ᠌ᠨ
ᠬᠠᠨ ᠪᠣᠭᠤᠷᠤᠯ ᠠᠪᠣ ᠶᠢᠨ ᠶᠢᠡᠨ
ᠢᠷᠦᠭᠡᠯ ᠳᠤ ᠭᠦᠷᠳᠡᠨ ᠦᠰᠴᠦ
ᠬᠠᠳᠤᠨ ᠪᠣᠭᠤᠷᠤᠯ ᠡᠵᠢ ᠶᠢᠨ ᠶᠢᠡᠨ
ᠬᠠᠢ᠌ᠷ᠎ᠠ ᠳᠤ ᠢᠪᠡᠭᠡᠨ ᠪᠣᠢ᠌ᠵᠢᠵᠤ
ᠡᠳᠦᠷ ᠡᠴᠡ ᠡᠳᠦᠷ ᠦᠰᠴᠦ
ᠥᠭᠡᠯᠡᠢ ᠦᠨᠳᠦᠷ ᠪᠣᠯᠤᠭᠠᠤᠨ
ᠵᠢᠯ ᠡᠴᠡ ᠵᠢᠯ ᠪᠠᠳᠠᠷᠠᠨ
ᠵᠢᠰᠤ ᠥᠩᠭᠡ ᠭᠢᠯᠪᠠᠷᠠᠭᠠᠤᠨ
ᠵᠠᠭᠤᠨ ᠵᠢᠯ ᠤᠨ ᠵᠤᠯᠠ ᠰᠢᠭ᠌
ᠵᠤᠷᠪᠣᠰᠯᠠᠨ ᠵᠤᠷᠪᠣᠰᠯᠠᠨ ᠭᠡᠷᠡᠯᠳᠦᠵᠤ
ᠪᠣᠮᠠᠨ ᠵᠢᠯ ᠤᠨ ᠵᠤᠯᠠ ᠰᠢᠭ᠌
ᠪᠠᠳᠮᠠᠯᠠᠨ ᠪᠠᠳᠮᠠᠯᠠᠨ ᠰᠠᠴᠤᠷᠠᠭᠠᠤᠨ
ᠨᠠᠷᠠᠨ ᠤ ᠭᠡᠷᠡᠯ ᠰᠢᠭ᠌ ᠭᠡᠷᠡᠯᠳᠦᠵᠤ
ᠰᠠᠷᠠᠨ ᠤ ᠳᠤᠶᠠᠭ᠎ᠠ ᠰᠢᠭ᠌ ᠰᠠᠴᠤᠷᠠᠨ
ᠨᠠᠰᠤᠨ ᠬᠤᠳᠤᠭ ᠨᠡᠮᠡᠭ᠍ᠳᠡᠵᠤ
ᠨᠠᠰᠤᠳᠠ ᠵᠢᠷᠭᠠᠬᠤ ᠪᠣᠯᠳᠤᠭᠠᠢ︕ ᠭᠡᠵᠤ
ᠢᠷᠦᠭᠡᠯ ᠬᠠᠢ᠌ᠷᠠᠯᠠᠨ ᠬᠤᠠᠳᠠᠭᠠᠳᠤ ᠠᠷᠢᠭᠢ ᠶᠢ ᠠᠮᠰᠠᠨ ᠪᠣᠴᠠᠭᠠᠨ ᠦᠭᠭᠦ ᠳᠤ ᠷᠤᠯᠭᠠᠷᠮ᠎ᠠ ᠳᠠᠭᠢᠨ ᠪᠠᠷᠢᠭᠠᠤᠨ᠄
᠊᠊᠊᠊᠊᠊᠊᠊᠊᠊᠊᠊᠊᠊᠊᠊᠊᠊᠊᠊᠊᠊᠊ ᠢᠷᠦᠭᠡᠯ ᠳᠤᠭᠳᠠᠬᠤ ᠪᠣᠯᠳᠤᠭᠠᠢ ᠭᠡᠵᠤ ᠪᠦᠭᠦᠳᠡᠭᠡᠷ ᠬᠠᠷᠢᠭᠤ ᠦᠴᠢᠪᠠ᠃
ᠨᠠᠢ᠌ᠷ ᠤᠨ ᠰᠢᠷᠡᠭᠡ ᠠᠶᠠᠳᠠᠢ ᠰᠠᠢ᠌ᠬᠠᠨ ᠡᠷᠭᠢᠵᠤ᠂ ᠦᠳᠡᠰᠢ ᠰᠦᠨᠢ ᠪᠣᠯᠵᠤ ᠰᠢᠷᠡᠭᠡ ᠬᠤᠷᠢᠶᠠᠨ ᠨᠠᠢ᠌ᠷ ᠦᠨᠳᠦᠷᠯᠠᠪᠠ᠃ ᠳᠦᠭᠦᠷᠡᠩᠰᠡᠩ ᠪᠠ ᠣᠭᠤᠰᠤᠷ ᠡᠷᠦᠭᠡ ᠡᠷᠦᠭᠡ ᠳᠡᠭᠡᠨ ᠪᠣᠴᠠᠨ ᠨᠠᠮᠠᠬᠠᠢ ᠪᠠ ᠮᠤᠯᠤᠮ ᠨᠡᠷ ᠦᠷᠦᠭᠡᠨ ᠳᠡᠭᠡᠨ ᠣᠷᠤᠵᠤ ᠨᠣᠢ᠌ᠷᠰᠤᠪᠠ᠃
ᠮᠠᠷᠭᠠᠰᠢ ᠨᠢ ᠪᠣᠯᠵᠤ ᠨᠠᠮᠰᠠᠷᠠᠢ ᠪᠠᠶᠠᠨ ᠨᠠᠮᠠᠬᠠᠢ ᠪᠠ ᠮᠤᠯᠤᠮ ᠢ ᠳᠠᠭᠤᠳᠠᠨ ᠬᠤᠷᠢᠨ ᠨᠢᠭᠡᠨ ᠤ ᠠᠳᠤᠭᠤᠨ ᠨᠠᠢ᠌ᠷ ᠢ ᠪᠡᠯᠡᠳᠭᠡᠭᠦ ᠳᠤᠬᠠᠢ ᠶᠠᠷᠢᠨ᠂ ᠳᠠᠷᠠ ᠬᠤᠶᠠᠭᠤᠯᠠ ᠶᠢ ᠠᠳᠤᠭᠤᠨ ᠳᠤᠪᠣ ᠳᠤ ᠣᠴᠢᠨ ᠪᠦᠭᠦ ᠠᠳᠤᠭᠤᠨ ᠢ ᠴᠤᠭᠯᠠᠭᠤᠯᠤᠨ᠂ ᠳᠠᠭᠢᠨ ᠭᠡᠳᠤᠨ ᠦᠷᠭᠦᠭᠡ ᠴᠠᠭᠠᠨ ᠭᠡᠷ ᠢ ᠪᠠᠷᠢᠭᠤᠯᠤᠨ ᠰᠠᠮᠫᠢᠯ ᠨᠤᠶᠠᠨ ᠪᠠ ᠭᠡᠳᠤᠨ ᠪᠠᠶᠠᠤᠨ ᠤᠨ ᠰᠠᠭᠤᠵᠤ ᠭᠡᠪᠳᠡᠭᠦ ᠭᠠᠵᠠᠷ ᠢ ᠪᠠᠢ᠌ᠷᠰᠢᠭᠤᠯᠤᠨ ᠪᠡᠯᠡᠳᠭᠡᠭᠦ ᠶᠢ ᠵᠠᠭᠢᠵᠤ ᠦᠳᠡ ᠶᠢᠨ ᠪᠠᠷᠤᠭ ᠶᠢᠡᠷ ᠬᠤᠶᠠᠭᠤᠯᠠ ᠮᠤᠷᠢᠨ ᠳᠤᠷ ᠮᠤᠷᠳᠠᠵᠤ ᠠᠳᠤᠭᠤᠨ ᠳᠤᠪᠣ ᠳᠠᠰᠢ ᠴᠢᠭᠯᠡᠪᠡ᠃
ᠭᠡᠳᠤᠨ ᠡᠳᠦᠷ ᠤᠨ ᠴᠤᠭᠯᠠᠭᠤᠯᠭ᠎ᠠ ᠪᠠᠷ ᠳᠠᠮᠵᠢᠨ ᠬᠤᠷᠢᠨ ᠪᠣᠯᠳᠠᠯ᠎ᠠ ᠨᠠᠮᠰᠠᠷᠠᠢ ᠪᠠᠶᠠᠨ ᠤ ᠪᠦᠭᠦ ᠠᠳᠤᠭᠤ ᠶᠢ ᠴᠤᠭᠯᠠᠭᠤᠯᠤᠨ᠂ ᠠᠳᠤᠭᠤᠨ ᠳᠤᠪᠣ ᠶᠢᠨ ᠡᠮᠦᠨᠡᠭᠢ ᠰᠠᠷᠠᠭᠤᠯ ᠰᠠᠢ᠌ᠬᠠᠨ ᠨᠠᠷᠢᠨ ᠳᠠᠯ᠎ᠠ ᠶᠢᠨ ᠳᠤᠮᠳᠠ ᠪᠠᠢ᠌ᠷᠰᠢᠭᠤᠯᠪᠠ᠃ ᠭᠤᠪᠢ ᠠᠢ᠌ᠮᠠᠭ ᠤᠨ ᠮᠤᠷᠢᠨ ᠳᠤ ᠪᠠᠬᠠᠳᠠᠢ᠂ ᠣᠷᠭ᠎ᠠ ᠳᠠᠭᠠᠨ ᠴᠢᠳᠠᠮᠠᠭᠠᠢ ᠵᠠᠯᠠᠭᠤ ᠢᠳᠠᠷ ᠭᠦᠮᠦᠰ ᠤᠳ ᠠᠳᠤᠭᠤᠨ ᠳᠤᠪᠣ ᠶᠢ ᠴᠢᠭᠯᠡᠨ ᠢᠷᠡᠭᠦ ᠶᠢ ᠥᠭᠦᠯᠡᠭᠦ ᠦᠭᠡᠶ᠃
ᠰᠠᠮᠫᠢᠯ ᠨᠤᠶᠠᠨ ᠨᠠᠮᠰᠠᠷᠠᠢ ᠪᠠᠶᠠᠨ ᠤ ᠣᠷᠢᠯᠭ᠎ᠠ ᠶᠢᠨ ᠪᠢᠴᠢᠭ᠌ ᠢ ᠦᠵᠡᠨ ᠮᠠᠰᠢ ᠳᠠᠭᠠᠰᠢᠶᠠᠨ᠂ ᠪᠣᠢ᠌ᠳᠠ ᠴᠡᠪᠭ᠍ᠵᠡᠪ ᠢ ᠳᠠᠭᠤᠳᠠᠨ ᠳᠠᠪᠢ ᠢᠯᠡᠭᠦᠤ ᠨᠤᠳᠤᠭ ᠤᠨ ᠴᠡᠷᠢᠭ᠌ ᠢ ᠠᠪᠴᠤ ᠪᠠᠶ᠎ᠠ ᠪᠠᠷ ᠶᠢᠡᠨ ᠮᠤᠷᠢᠨ ᠳᠤᠷ ᠮᠤᠷᠳᠠᠨ ᠨᠠᠮᠰᠠᠷᠠᠢ ᠶᠢᠨ ᠠᠳᠤᠭᠤᠨ ᠳᠤᠪᠣ ᠳᠤ ᠢᠷᠠᠪᠠ᠃ ᠡᠨᠡ ᠦᠶᠡᠰ ᠠᠳᠤᠭᠤᠨ ᠳᠤᠪᠣ ᠳᠤ ᠨᠢᠭᠡᠨᠲᠡ ᠨᠠᠮᠰᠠᠷᠠᠢ ᠪᠠᠶᠠᠨ᠂ ᠭᠡᠡᠵᠦᠦᠷ ᠪᠠᠶᠠᠨ᠂ ᠰᠸᠷᠠᠪ ᠪᠠᠶᠠᠨ ᠨᠡᠷ ᠪᠦᠭᠦᠳᠡ ᠪᠠᠷ ᠢᠷᠠᠨ ᠰᠠᠮᠫᠢᠯ ᠨᠤᠶᠠᠨ ᠢ ᠣᠭᠳᠤᠨ ᠳᠤᠮᠳᠠ ᠪᠠᠨ ᠳᠦᠷᠪᠠᠨ ᠳᠤᠯᠭᠠᠭᠤᠷᠢ ᠲᠡᠶ ᠣᠷᠳᠤᠨ ᠴᠠᠭᠠᠨ ᠦᠷᠭᠦᠭᠡ ᠳᠤ ᠵᠠᠯᠠᠨ ᠪᠠᠭᠤᠯᠭᠠᠪᠠ᠃ ᠬᠠᠷᠢᠯᠴᠠᠨ ᠰᠠᠮᠫᠢᠯ ᠨᠤᠶᠠᠨ ᠤ ᠮᠠᠠᠳᠤ ᠶᠢ ᠠᠰᠠᠭᠤᠯᠴᠠᠨ ᠰᠢᠷᠡᠭᠡ ᠵᠠᠰᠠᠨ ᠰᠠᠮᠫᠢᠯ ᠨᠤᠶᠠᠨ ᠢ ᠴᠠᠢ᠌ᠯᠠᠪᠠ᠃
ᠭᠤᠪᠢ ᠠᠢ᠌ᠮᠠᠭ ᠤᠨ ᠢᠳᠠᠷ ᠵᠠᠯᠠᠭᠤᠴᠤᠳ ᠪᠠ ᠠᠳᠤᠭᠤ ᠳᠡᠯᠡᠯᠭᠦ ᠶᠢ ᠥᠵᠡᠭᠦ ᠪᠠᠷ ᠢᠷᠡᠭ᠍ᠰᠡᠨ ᠭᠡᠦᠭᠡᠡᠴᠦᠳ ᠠᠳᠤᠭᠤᠨ ᠳᠤᠪᠣ ᠶᠢᠨ ᠠᠷᠤ ᠪᠠᠷ ᠵᠠᠯᠭᠠᠯᠳᠤᠨ ᠭᠤᠷᠪᠠᠨ ᠡᠳᠦᠷ ᠤᠨ ᠨᠠᠢ᠌ᠷ ᠡᠭᠢᠯᠡᠭᠦ ᠶᠢ ᠭᠦᠯᠢᠶᠡᠨ᠎ᠡ᠃ ᠮᠤᠯᠤᠮ ᠨᠠᠮᠠᠬᠠᠢ ᠬᠤᠶᠠᠷ ᠮᠤᠷᠢᠨ ᠳᠡᠭᠡᠨ ᠮᠤᠷᠳᠠᠨ ᠠᠳᠤᠭᠤᠨ ᠤ ᠭᠠᠳᠠᠭᠤᠷ ᠴᠠᠭᠳᠠᠨ᠂ ᠳᠠᠭᠢᠨ ᠠᠳᠤᠭᠤᠴᠢ ᠨᠡᠷ ᠢ ᠨᠢᠭᠡ ᠨᠢᠭᠡ ᠵᠥᠭ᠌ ᠳᠤ ᠣᠴᠢᠵᠤ ᠰᠠᠭᠢᠵᠤ ᠰᠠᠭᠤᠯᠭᠠᠨ᠎ᠠ᠃ ᠥᠨᠡᠨᠳᠡᠭᠡᠨ ᠡᠨᠡ ᠪᠣᠯ ᠪᠦᠭᠦ ᠭᠤᠪᠢ ᠠᠢ᠌ᠮᠠᠭ ᠤᠨ ᠢᠳᠠᠷ ᠵᠠᠯᠠᠭᠤᠴᠤᠳ ᠤᠨ ᠴᠢᠳᠠᠯ ᠰᠢᠯᠭᠠᠬᠤ ᠶᠠᠪᠣᠳᠠᠯ ᠪᠦᠭᠡᠳ ᠣᠯᠠᠨ ᠲᠦᠮᠡᠨ ᠳᠤ ᠭᠠᠢ᠌ᠬᠠᠭᠳᠠᠭᠤᠯᠬᠤ᠂ ᠨᠤᠳᠤᠭ ᠨᠢᠷᠤᠭᠤᠨ ᠳᠠᠭᠠᠨ ᠨᠠᠷᠠ ᠠᠯᠳᠠᠷᠰᠢᠭᠤᠯᠬᠤ ᠰᠠᠢ᠌ᠨ ᠵᠠᠪ ᠲᠤᠬᠢᠶᠠᠯ ᠪᠣᠯᠬᠤ ᠣᠴᠢᠷ ᠡᠴᠡ ᠠᠯᠢ ᠣᠯᠠᠨ ᠵᠠᠯᠠᠭᠤᠴᠤᠳ ᠬᠤᠪᠢ ᠬᠤᠪᠢᠨ ᠤ ᠳᠤᠳᠤᠷ᠎ᠠ ᠪᠠᠨ ᠪᠣᠳᠤᠯ ᠲᠡᠶ ᠶᠠᠪᠣᠨ᠎ᠠ᠃ ᠮᠤᠯᠤᠮ ᠨᠠᠮᠠᠬᠠᠢ ᠴᠤ ᠮᠦᠨ ᠭᠠᠳᠠᠭᠤᠷ ᠭᠠᠷᠬᠤ ᠦᠭᠡᠶ᠃
ᠨᠠᠷᠠᠨ ᠣᠨᠠᠵᠤ ᠬᠠᠷᠠᠩᠭ᠋ᠤᠢ ᠪᠣᠯᠤᠭᠠᠤᠨ ᠰᠠᠷᠠᠨ ᠭᠠᠷᠴᠤ ᠭᠡᠢ᠌ᠭᠦᠯᠦᠨ᠎ᠡ᠃ ᠨᠢᠭᠡ ᠡᠳᠦᠷ ᠭᠡᠳᠡᠭ᠌ ᠡᠢ᠌ᠮᠤ ᠯᠠ ᠳᠦᠷᠭᠡᠨ ᠥᠩᠭᠡᠷᠡᠵᠤ ᠥᠵᠡᠭ᠍ᠰᠡᠭᠡᠷ ᠮᠠᠩᠬᠠᠢ᠌ᠬᠤ ᠨᠠᠷᠠᠨ ᠤ ᠳᠤᠶᠠᠭ᠎ᠠ ᠠᠳᠤᠭᠤᠨ ᠳᠤᠪᠣ ᠶᠢᠨ ᠳᠡᠭᠡᠷ᠎ᠡ ᠳᠤᠰᠤᠨ᠎ᠠ᠃ ᠨᠠᠷᠢᠨ ᠳᠠᠯ᠎ᠠ ᠶᠢᠨ ᠳᠤᠮᠳᠠ ᠪᠠᠢ᠌ᠬᠤ ᠠᠳᠤᠭᠤᠳ ᠤᠨ ᠳᠡᠭᠡᠷ᠎ᠡ ᠳᠤᠰᠬᠤ ᠲᠡᠶ ᠵᠡᠷᠭᠡ ᠣᠪᠤᠨ ᠴᠤᠪᠤᠨ ᠪᠣᠰᠴᠠᠭᠠᠵᠤ ᠨᠠᠢ᠌ᠷ ᠤᠨ ᠳᠠᠯᠠᠪᠠᠢ ᠵᠥᠭ᠌ ᠴᠢᠭᠢᠯᠳᠤᠨᠠ᠃
ᠨᠠᠮᠰᠠᠷᠠᠢ ᠪᠠ ᠰᠠᠮᠫᠢᠯ ᠨᠤᠶᠠᠨ ᠨᠡᠷ ᠦᠷᠯᠦᠭᠡ ᠶᠢᠨ ᠬᠤᠭᠤᠯᠠ ᠴᠠᠢ ᠶᠢ ᠪᠠᠷᠠᠭᠠᠤᠨ᠂ ᠨᠠᠢ᠌ᠷ ᠤᠨ ᠳᠠᠯᠠᠪᠠᠢ ᠳᠤ ᠵᠠᠰᠠᠭᠰᠠᠨ ᠪᠦᠳᠦᠭᠦᠨ ᠳᠠᠢ᠌ᠰᠠ ᠤ ᠳᠡᠭᠡᠷ᠎ᠡ ᠵᠠᠯᠠᠷᠠᠨ ᠭᠠᠷᠴᠤ᠂ ᠰᠠᠮᠫᠢᠯ ᠨᠤᠶᠠᠨ ᠳᠤᠮᠳᠠ ᠨᠢ ᠰᠠᠭᠠᠳᠠᠨ᠂ ᠨᠠᠮᠰᠠᠷᠠᠢ ᠪᠠ ᠭᠡᠡᠵᠦᠦᠷ ᠪᠠᠶᠠᠨ ᠬᠤᠶᠠᠷ ᠳᠠᠯ᠎ᠠ ᠳᠤ ᠨᠢ ᠰᠠᠭᠤᠵᠤ᠂ ᠰᠸᠷᠠᠪ ᠪᠠᠶᠠᠨ ᠳᠠᠭᠠᠯᠳᠤᠨ᠂ ᠴᠡᠪᠠᠭ᠍ᠵᠡᠪ ᠨᠤᠳᠤᠭ ᠤᠨ ᠴᠡᠷᠢᠭ᠌ ᠵᠠᠭᠢᠷᠤᠨ᠂ ᠨᠤᠶᠠᠨ ᠤ ᠬᠠᠵᠠᠭᠤ ᠪᠠᠷ ᠰᠠᠢ᠌ᠨ ᠦᠵᠡᠨ᠂ ᠵᠢᠰᠤ ᠪᠣᠷᠤᠭᠤ ᠡᠳᠡᠭᠡᠳ ᠬᠠᠷᠠᠭᠳᠠᠬᠤ ᠡᠴᠡ ᠭᠢᠴᠢᠶᠡᠨ᠂ ᠪᠦᠭᠦ ᠠᠢ᠌ᠮᠠᠭ ᠤᠨ ᠬᠤᠷᠠᠨ ᠴᠤᠭᠯᠠᠷᠠᠭᠰᠠᠨ ᠭᠦᠮᠦᠰ ᠪᠦᠭᠦᠳᠡᠭᠡᠷ ᠶᠢᠡᠨ ᠬᠤᠶᠠᠷ ᠭᠠᠷᠯᠠᠨ ᠵᠤᠭᠰᠤᠵᠤ ᠨᠠᠮ ᠵᠢᠮ ᠪᠣᠯᠪᠠ᠃
ᠪᠢᠴᠢᠭᠡᠴᠢ ᠳᠦᠭᠦᠷᠡᠩᠰᠡᠩ ᠣᠯᠠᠨ ᠤ ᠡᠮᠦᠨ᠎ᠡ ᠭᠠᠷᠴᠤ᠄
᠊᠊᠊᠊᠊᠊᠊᠊᠊᠊᠊᠊᠊᠊᠊᠊᠊᠊᠊᠊᠊᠊᠊ ᠠᠯᠢ ᠣᠯᠠᠨ ᠨᠤᠳᠤᠭ ᠣᠰᠤᠨ ᠤ ᠠᠬ᠎ᠠ ᠳᠡᠭᠦᠤ ᠨᠡᠷ ᠡ︕ ᠦᠨᠦᠳᠤᠷ ᠪᠣᠯ ᠨᠠᠮᠰᠠᠷᠠᠢ ᠪᠠᠶᠠᠨ ᠤ ᠠᠳᠤᠭᠤᠨ ᠳᠡᠯᠡᠯᠭᠡ ᠶᠢᠨ ᠨᠠᠢ᠌ᠷ ᠪᠣᠯᠤᠨ᠎ᠠ᠃ ᠡᠨᠡ ᠨᠠᠢ᠌ᠷ ᠲᠤ ᠣᠷᠤᠯᠴᠠᠬᠤ ᠠᠯᠢ ᠣᠯᠠᠨ ᠠᠳᠤᠭᠤᠴᠢᠨ ᠣᠷᠭᠠᠴᠢᠨ ᠤᠳ ᠠᠳᠤᠭᠤ ᠣᠷᠭᠠᠯᠠᠬᠤ ᠡᠴᠡ ᠪᠢᠰᠢ ᠠᠯᠠᠵᠤ ᠪᠣᠯᠬᠤ ᠦᠭᠡᠶ᠂ ᠭᠡᠷᠪᠡ ᠠᠳᠤᠭᠤ ᠶᠢ ᠠᠯᠠᠪᠠᠯ ᠠᠮᠢ ᠲᠦᠯᠦᠨ᠎ᠠ᠃ ᠪᠠᠰᠠ ᠬᠠᠮᠤᠭ ᠳᠦᠷᠦᠭᠦᠨ ᠤ ᠭᠤᠷᠪᠠᠨ ᠠᠵᠢᠷᠭ᠎ᠠ ᠶᠢ ᠠᠢ᠌ᠮᠠᠭ ᠤᠨ ᠨᠤᠶᠠᠨ ᠳᠠᠯ ᠭᠢᠷᠭᠠᠨ ᠰᠡᠭᠦᠯ ᠬᠠᠢ᠌ᠴᠢᠯᠠᠵᠤ ᠬᠠᠳᠠᠭ ᠳᠠᠯᠪᠢᠨ ᠢᠷᠦᠭᠡᠯ ᠢᠷᠦᠭᠡᠨ᠎ᠡ᠃ ᠡᠨᠡ ᠭᠤᠷᠪᠠᠨ ᠠᠵᠢᠷᠭ᠎ᠠ ᠪᠣᠯ ᠬᠤᠶᠠᠷ ᠣᠰᠤᠨ ᠬᠠᠷ᠎ᠠ ᠠᠵᠢᠷᠭ᠎ᠠ᠂ ᠳᠠᠯ ᠰᠡᠭᠦᠯ ᠭᠡᠳᠡᠰᠤ ᠪᠠᠷ ᠶᠢᠡᠨ ᠠᠯᠠᠭ ᠴᠠᠭᠠᠨ ᠠᠯᠠᠭ ᠠᠵᠢᠷᠭ᠎ᠠ ᠪᠣᠯᠤᠨ᠎ᠠ᠃ ᠡᠨᠡ ᠭᠤᠷᠪᠠᠨ ᠠᠵᠢᠷᠭ᠎ᠠ ᠶᠢ ᠪᠠᠷᠢᠬᠤ ᠳᠠᠭᠠᠨ ᠬᠤᠶᠠᠷ ᠬᠤᠶᠠᠷ ᠶᠢᠡᠷ ᠣᠷᠤᠵᠤ ᠣᠷᠭᠠᠯᠠᠨ ᠪᠠᠷᠢᠨ᠎ᠠ᠂ ᠬᠤᠶᠠᠷ ᠡᠴᠡ ᠳᠡᠭᠡᠭ᠍ᠰᠢ ᠪᠣᠯᠬᠤ ᠦᠭᠡᠶ᠂ ᠭᠡᠵᠢᠶ᠎ᠡ ᠡᠨᠡ ᠭᠤᠷᠪᠠᠨ ᠠᠵᠢᠷᠭ᠎ᠠ ᠶᠢ ᠪᠠᠷᠢᠭᠰᠠᠨ ᠤ ᠰᠡᠭᠦᠯᠡᠷ ᠰᠠᠶᠢ ᠪᠣᠰᠤᠳ ᠢ ᠨᠢ ᠬᠤᠶᠠᠷ ᠡᠴᠡ ᠳᠡᠭᠡᠭ᠍ᠰᠢ ᠭᠦᠮᠦᠰ ᠪᠠᠷᠢᠵᠤ ᠪᠣᠯᠤᠨ᠎ᠠ᠃ ᠠᠳᠤᠭᠤ ᠣᠷᠭᠠᠯᠠᠬᠤ ᠳᠦᠷᠢᠮ ᠪᠣᠯ ᠣᠤᠯ ᠤᠨ ᠬᠠᠭᠤᠴᠢᠨ ᠵᠠᠩᠰᠢᠯ ᠡᠴᠡ ᠬᠤᠪᠢᠷᠠᠬᠤ ᠦᠭᠡᠶ᠃ ᠳᠤᠤᠷ᠎ᠠ ᠠᠢ᠌ᠮᠠᠭ ᠤᠨ ᠨᠤᠶᠠᠨ ᠡᠴᠡ ᠥᠭᠡ ᠶᠠᠷᠢᠨ᠎ᠠ ᠭᠡᠵᠤ ᠣᠯᠠᠨ ᠳᠤ ᠵᠠᠷᠯᠠᠪᠠ᠃
᠊᠊᠊᠊᠊᠊᠊᠊᠊᠊᠊᠊᠊᠊᠊᠊᠊᠊᠊᠊᠊᠊᠊ ᠵᠠ︕ ᠨᠤᠳᠤᠭ ᠨᠢᠷᠤᠭᠤᠨ ᠭᠦᠮᠦᠰ ᠤᠳ ᠡ︕ ᠨᠠᠮᠵᠢᠭᠤᠨ ᠪᠠᠢ᠌ᠭᠠᠷᠠᠢ︕ ᠮᠠᠨ ᠤ ᠠᠢ᠌ᠮᠠᠭ ᠣᠷᠴᠢᠮ ᠤᠨ ᠬᠤᠶᠠᠷ ᠵᠢᠯ ᠡᠴᠡ ᠳᠡᠭᠡᠷᠡᠮ ᠳᠤᠨᠤᠭ᠎ᠠ ᠴᠥᠭᠡᠷᠡᠨ᠂ ᠠᠳᠤᠭᠤ ᠮᠠᠯ ᠦᠣᠠᠳᠤᠷ ᠭᠦᠭ᠍ᠵᠢᠵᠡᠢ᠃ ᠣᠠᠴᠤᠭᠣᠢ᠌ᠯᠠᠨ ᠨᠠᠮᠰᠠᠷᠠᠢ ᠶᠢᠨ ᠮᠠᠯ ᠰᠦᠷᠦᠭ᠌ ᠰᠠᠢ᠌ᠨ ᠶᠢᠡᠷ ᠭᠦᠭ᠍ᠵᠢᠵᠡᠢ᠃ ᠡᠢ᠌ᠮᠤ ᠡᠴᠡ ᠣᠯᠠᠨ ᠲᠦᠮᠡᠨ ᠪᠦᠭᠦᠳᠡᠭᠡᠷ ᠶᠢᠡᠨ ᠮᠠᠯ ᠰᠦᠷᠦᠭ᠌ ᠶᠢᠡᠨ ᠥᠰᠭᠡᠨ ᠨᠠᠮᠰᠠᠷᠠᠢ ᠡᠴᠡ ᠳᠠᠭᠤᠷᠢᠶᠠᠪᠠᠯ ᠳᠠᠭᠠᠷᠠᠨ᠎ᠠ᠃ ᠮᠦᠨ ᠡᠨᠡ ᠣᠳᠠᠭᠠᠨ ᠤ ᠨᠠᠮᠰᠠᠷᠠᠢ ᠶᠢᠨ ᠠᠳᠤᠭᠤᠨ ᠨᠠᠢ᠌ᠷ ᠶᠢᠡᠷ ᠳᠠᠮᠵᠢᠨ ᠨᠤᠳᠤᠭ ᠨᠢᠷᠤᠭᠤᠨ ᠤ ᠭᠦᠮᠦᠰ ᠲᠤ ᠴᠢᠬᠤᠯᠠᠴᠢᠯᠠᠬᠤ ᠨᠢ ᠳᠡᠭᠡᠷᠡᠮ ᠳᠤᠨᠤᠭ᠎ᠠ ᠲᠡᠶ ᠪᠣᠤ ᠤᠢ᠌ᠷᠠᠳᠤ᠂ ᠭᠡᠨ ᠭᠦᠮᠤᠨ ᠭᠡᠷᠪᠡ ᠪᠠᠯᠤ ᠨᠡᠷ ᠲᠡᠶ ᠤᠢ᠌ᠷᠠᠳᠤᠭᠰᠠᠨ ᠴᠢᠮᠡᠭᠡ ᠭᠠᠷᠪᠠᠯ ᠰᠠᠮᠫᠢᠯ ᠨᠠᠮᠢ᠋ᠢ ᠭᠡᠯᠡᠭ᠍ᠰᠡᠨ ᠦᠭᠡᠶ ᠭᠡᠵᠤ ᠪᠣᠤ ᠭᠤᠮᠤᠳᠠ︕ ᠣᠳᠤ ᠮᠠᠨᠤᠰ ᠨᠠᠢ᠌ᠷ ᠡᠭᠢᠯᠡᠭᠦ ᠡᠴᠡ ᠡᠮᠦᠨ᠎ᠡ ᠨᠠᠮᠰᠠᠷᠠᠢ ᠪᠡᠷ ᠬᠤᠶᠠᠷ ᠥᠭᠡ ᠭᠡᠯᠡᠭᠦᠯᠦᠶᠡ︕ ᠭᠡᠵᠤ ᠰᠠᠮᠫᠢᠯ ᠨᠤᠶᠠᠨ ᠰᠥᠭᠡᠩᠭᠢᠳᠦᠭ᠍ᠰᠡᠨ ᠳᠠᠭᠤᠨ ᠶᠢᠡᠷ ᠭᠡᠯᠡᠨ ᠣᠷᠤᠨ ᠳᠠᠭᠠᠨ ᠰᠠᠭᠤᠪᠠ᠃ ᠬᠠᠵᠠᠭᠤ ᠳᠤ ᠨᠢ ᠪᠠᠢ᠌ᠭᠰᠠᠨ ᠨᠠᠮᠰᠠᠷᠠᠢ ᠪᠣᠰᠤᠨ᠄
᠊᠊᠊᠊᠊᠊᠊᠊᠊᠊᠊᠊᠊᠊᠊᠊᠊᠊᠊᠊᠊᠊᠊ ᠵᠠ︕ ᠠᠯᠢ ᠣᠯᠠᠨ ᠨᠤᠳᠤᠭ ᠤᠨ ᠭᠦᠮᠦᠰ ᠤᠳ ᠡ︕ ᠮᠠᠨ ᠤ ᠭᠤᠪᠢ ᠠᠢ᠌ᠮᠠᠭ ᠤᠨ ᠰᠠᠮᠫᠢᠯ ᠨᠤᠶᠠᠨ ᠤ ᠭᠡᠰᠢᠭ᠌ ᠲᠤᠷ ᠭᠦᠷᠳᠡᠵᠤ᠂ ᠮᠠᠨ ᠤ ᠨᠤᠳᠤᠭ ᠲᠤ ᠳᠠᠢ᠌ᠨ ᠳᠠᠢ᠌ᠰᠤᠨ ᠦᠭᠡᠶ᠂ ᠡᠩᠭᠡ ᠠᠮᠤᠭᠤᠯᠠᠩ ᠪᠠᠢ᠌ᠬᠤ ᠡᠨᠡᠭᠦ ᠰᠠᠢ᠌ᠨ ᠲᠤᠬᠢᠶᠠᠯ ᠵᠠᠪᠰᠢᠶᠠᠨ ᠢ ᠳᠠᠯᠢᠮᠳᠠᠭᠤᠯᠤᠨ ᠪᠢ ᠠᠳᠤᠭᠤ ᠮᠠᠯ ᠤᠨ ᠦᠨᠢᠷ ᠦᠰᠦᠯᠳᠠ ᠶᠢ ᠳᠡᠭᠡᠳᠤ ᠳᠡᠭ᠍ᠷᠢ ᠳᠤᠤᠷᠠᠳᠤ ᠭᠠᠵᠠᠷ ᠳᠡᠭᠡᠳᠦᠰ ᠰᠠᠭᠢᠭᠤᠰᠤ ᠳᠤ ᠮᠡᠳᠡᠭᠦᠯᠭᠦ ᠰᠠᠨᠠᠭ᠎ᠠ ᠲᠡᠶ ᠪᠠᠷ ᠡᠨᠡ ᠨᠠᠢ᠌ᠷ ᠢ ᠭᠢᠭ᠍ᠰᠡᠨ ᠶᠤᠮ᠃ ᠡᠢ᠌ᠮᠤ ᠡᠴᠡ ᠨᠤᠳᠤᠭ ᠨᠢᠷᠤᠭᠤᠨ ᠤ ᠭᠦᠮᠦᠰ ᠤᠨ ᠭᠡᠰᠢᠭ᠌ ᠪᠣᠶᠠᠨ ᠢ ᠬᠤᠷᠣᠢ᠌ᠯᠠᠵᠤ᠂ ᠭᠡᠢ᠌ᠮᠦᠷᠢ ᠮᠠᠠᠳᠤᠬᠤ ᠶᠢ ᠭᠦᠰᠡᠨ ᠵᠤᠷᠢᠵᠤ᠂ ᠡᠨᠡ ᠣᠳᠠᠭᠠᠨ ᠤ ᠠᠳᠤᠭᠤᠨ ᠨᠠᠢ᠌ᠷ ᠢ ᠡᠭᠢᠯᠡᠭᠦᠯᠦᠶᠡ︕ ᠭᠡᠵᠤ ᠣᠯᠠᠨ ᠳᠤ ᠵᠠᠷᠯᠠᠪᠠ᠃
ᠪᠢᠴᠢᠭᠡᠴᠢ ᠳᠦᠭᠦᠷᠡᠩᠰᠡᠩ ᠳᠠᠭᠢᠨ ᠣᠠᠯᠠ ᠤ ᠡᠮᠦᠨ᠎ᠡ ᠭᠠᠷᠴᠤ᠄
ᠣᠳᠤ ᠨᠠᠮᠰᠠᠷᠠᠢ ᠪᠠᠶᠠᠨ ᠤ ᠭᠠᠷ ᠤᠨ ᠣᠶᠠᠭᠠᠴᠢᠨ ᠰᠡᠩᠭᠡ ᠪᠠ ᠭᠡᠡᠵᠦᠦᠷ ᠪᠠᠶᠠᠨ ᠤ ᠭᠠᠷ ᠤᠨ ᠣᠶᠠᠭᠠᠴᠢᠨ ᠠᠮᠢᠠᠳᠠᠢ ᠠᠯᠠᠭ ᠠᠵᠢᠷᠭ᠎ᠠ ᠣᠷᠭᠠᠯᠠᠨᠠ ᠭᠡᠵᠤ ᠣᠯᠠᠨ ᠳᠤ ᠵᠠᠷᠯᠠᠪᠠ᠃
ᠣᠯᠠᠨ ᠤ ᠠᠷᠤ ᠡᠴᠡ ᠨᠢᠭᠡ ᠭᠡᠭᠡᠷ ᠮᠤᠷᠢ ᠣᠨᠤᠭᠰᠠᠨ ᠳᠦᠴᠢᠭᠡᠳ ᠨᠠᠰᠤᠨ ᠤ ᠥᠡᠳᠦᠷᠭᠡᠨ ᠡᠷ᠎ᠡ ᠳᠤᠬᠤᠢ ᠳᠠᠭᠠᠨ ᠣᠷᠳᠤ ᠭᠡᠭ᠍ᠴᠢ ᠰᠤᠭᠰᠤᠯᠵᠠᠭᠰᠠᠨ ᠣᠷᠬ᠎ᠠ ᠳᠤᠬᠣᠢ᠌ᠯᠠᠨ ᠪᠦᠭᠡᠷᠭᠡ ᠶᠢᠨ ᠠᠷᠤ ᠳᠤ ᠭᠡᠳᠤ ᠣᠷᠢᠶᠠᠯᠳᠤᠭᠰᠠᠨ ᠴᠠᠯᠮ᠎ᠠ ᠶᠢᠨ ᠳᠡᠭᠡᠰᠤ ᠶᠢ ᠬᠠᠪᠴᠢᠭᠤᠯᠤᠨ ᠠᠳᠤᠭᠤᠨ ᠰᠦᠷᠦᠭ᠌ ᠤᠨ ᠳᠠᠰᠢ ᠭᠠᠯᠭᠢᠭᠤᠯᠪᠠ᠃ ᠡᠨᠡ ᠪᠣᠯ ᠨᠠᠮᠰᠠᠷᠠᠢ ᠶᠢᠨ ᠣᠶᠠᠭᠠᠴᠢᠨ ᠰᠡᠩᠭᠡ ᠪᠣᠯᠤᠨ᠎ᠠ᠃ ᠰᠡᠩᠭᠡ ᠪᠣᠯ ᠭᠤᠷᠪᠠᠨ ᠦᠶ᠎ᠡ ᠶᠢᠨ ᠣᠶᠠᠭᠠᠴᠢᠨ ᠪᠦᠭᠡᠳ ᠰᠡᠩᠭᠡ ᠠᠷᠪᠤᠨ ᠳᠠᠪᠣᠳᠠᠢ ᠳᠠᠭᠠᠨ ᠰᠠᠮᠫᠢᠯ ᠨᠤᠶᠠᠨ ᠤ ᠡᠴᠢᠭᠡ ᠳᠠᠠᠳᠠᠷ ᠴᠢᠨ ᠸᠠᠩ ᠤᠨ ᠪᠦᠭᠦ ᠠᠢ᠌ᠮᠠᠭ ᠤᠨ ᠠᠳᠤᠭᠤᠨ ᠨᠠᠢ᠌ᠷ ᠲᠤ ᠠᠢ᠌ᠮᠭ ᠤᠨ ᠨᠠᠷᠳᠤ ᠣᠶᠠᠭᠠᠴᠢᠨ ᠭᠠᠷᠪᠣᠤ ᠲᠡᠶ ᠣᠷᠭ᠎ᠠ ᠰᠠᠴᠤᠭᠤᠯᠤᠨ ᠠᠯᠳᠠᠷ ᠶᠢᠡᠨ ᠳᠠᠭᠤᠷᠢᠰᠠᠭᠤᠯᠤᠭᠰᠠᠨ ᠳᠡᠦᠭᠡ ᠲᠡᠶ ᠶᠤᠮ᠃ ᠰᠡᠩᠭᠡ ᠦᠨᠦ ᠵᠢᠯ ᠳᠦᠴᠢᠨ ᠬᠤᠶᠠᠷᠳᠠᠢ᠂ ᠬᠤᠷᠢᠭᠠᠤᠨ ᠵᠢᠯ ᠣᠷᠭ᠎ᠠ ᠳᠤᠬᠣᠢ᠌ᠯᠠᠨ ᠠᠳᠤᠭᠤ ᠣᠷᠭᠠᠯᠠᠵᠤ ᠶᠠᠪᠣᠭᠰᠠᠨ ᠮᠡᠷᠭᠡᠵᠢᠯᠳᠡᠢ ᠬᠠᠰᠢᠷ ᠣᠶᠠᠭᠠᠴᠢᠨ ᠶᠤᠮ᠃ ᠨᠠᠮᠠᠬᠠᠢ ᠪᠠ ᠮᠤᠯᠤᠮ ᠤᠨ ᠣᠶᠠᠭᠠᠨ ᠤ ᠪᠠᠭᠰᠢ ᠪᠣᠯᠤᠨ᠎ᠠ᠃
ᠲ᠋ᠡᠭᠦᠨ ᠤ ᠠᠷᠤ ᠡᠴᠡ ᠴᠠᠭᠠᠨ ᠰᠠᠷᠠᠯ ᠮᠤᠷᠢᠨ ᠣᠨᠤᠭᠰᠠᠨ ᠳᠡᠭ᠍ᠰᠢ ᠳᠦᠷᠪᠠᠯᠵᠢᠨ ᠪᠠᠶ᠎ᠠ ᠲᠡᠶ ᠪᠦᠳᠦᠭᠦᠨ ᠳᠤᠯᠤᠭᠠᠢ ᠲᠡᠶ᠂ ᠯᠠᠷᠪᠠᠢ᠌ᠭᠰᠠᠨ ᠴᠢᠭᠢ ᠲᠡᠶ᠂ ᠮᠦᠨ ᠭᠤᠴᠢᠭᠠᠤᠨ ᠨᠠᠰᠤᠨ ᠤ ᠡᠷ᠎ᠡ ᠣᠷᠭ᠎ᠠ ᠳᠤᠬᠣᠢ᠌ᠯᠠᠨ ᠮᠤᠷᠳᠠᠪᠠ᠃ ᠡᠨᠡ ᠪᠣᠯ ᠭᠡᠡᠵᠦᠦᠷ ᠪᠠᠶᠡᠨ ᠤ ᠣᠶᠠᠭᠠᠴᠢᠨ ᠠᠮᠢᠠᠳᠠᠢ ᠪᠣᠯᠬᠤ ᠶᠤᠮ᠃ ᠠᠮᠢᠠᠳᠠᠢ ᠭᠡᠵᠤ ᠨᠤᠳᠤᠭ ᠨᠢᠷᠤᠭᠤᠨ ᠤ ᠠᠳᠤᠭᠤᠨ ᠨᠠᠢ᠌ᠷ ᠲᠤ ᠰᠡᠩᠭᠡ ᠭᠠᠷᠪᠣᠤ ᠶᠢ ᠭᠠᠷᠭᠠᠪᠠᠯ ᠭᠤᠪᠢ ᠠᠢ᠌ᠮᠠᠭ ᠲᠤ ᠤᠢ᠌ᠷᠠᠳᠤᠵᠤ ᠳᠡᠢ᠌ᠯᠭᠦ ᠣᠶᠠᠭᠠᠴᠢᠨ ᠥᠭᠡᠷ᠎ᠡ ᠪᠠᠢ᠌ᠬᠤ ᠦᠭᠡᠶ᠂ ᠵᠠᠷᠢᠮ ᠭᠦᠳᠡᠯᠦᠯ ᠪᠠᠷᠢᠯ ᠨᠢ ᠭᠠᠷᠪᠣᠤ ᠡᠴᠡ ᠴᠤ ᠳᠦᠷᠭᠡᠨ ᠪᠠᠢ᠌ᠳᠠᠭ᠂ ᠥᠵᠡᠭᠦ ᠳᠤ ᠭᠡᠳᠥᠢᠪᠠᠷ ᠳᠡᠭ᠍ᠰᠢ ᠳᠦᠷᠪᠠᠯᠵᠢᠨ ᠪᠣᠯᠪᠠᠴᠤ ᠮᠤᠷᠢᠨ ᠤ ᠨᠢᠷᠤᠭᠤᠨ ᠳᠤ ᠭᠠᠷᠴᠤ ᠠᠳᠤᠭᠤ ᠣᠷᠭᠠᠯᠠᠵᠤ ᠠᠳᠤᠭᠤ ᠰᠤᠷᠭᠠᠬᠤ ᠭᠡᠪᠠᠯ 《ᠮᠤᠷᠢᠨ ᠳᠡᠭᠡᠷᠡᠭᠢ ᠰᠠᠮᠵᠠ》 ᠭᠡᠪᠠᠯ ᠨᠢᠭᠡ ᠯᠠ ᠥᠭᠡ᠃
ᠰᠡᠩᠭᠡ ᠠᠳᠤᠭᠤ ᠶᠢᠨ ᠵᠠᠬ᠎ᠠ ᠳᠤ ᠢᠷᠠᠵᠤ᠂ ᠵᠢᠯᠤᠭᠤ ᠶᠢ ᠠᠳᠬᠤᠨ ᠮᠤᠷᠢᠨ ᠵᠤᠭᠰᠤᠭᠠᠵᠤ᠂ ᠠᠮᠢᠠᠳᠠᠢ ᠶᠢᠨ ᠢᠷᠡᠭᠦ ᠶᠢ ᠭᠦᠯᠢᠶᠡᠨ ᠠᠮᠢᠠᠳᠠᠢ ᠣᠷᠤᠭᠤ ᠳᠠᠰᠢ ᠲᠤᠬᠢᠶᠠᠨ ᠤ ᠥᠭᠡ ᠪᠠᠨ ᠶᠠᠷᠢᠵᠤ ᠭᠡᠭᠡᠷ ᠮᠤᠷᠢᠨ ᠤ ᠵᠢᠯᠤᠭᠤ ᠶᠢ ᠰᠤᠩᠭ᠋ᠠᠨ ᠨᠠᠷᠢᠨ ᠳᠠᠯ᠎ᠠ ᠶᠢᠨ ᠳᠤᠮᠳᠠ ᠪᠦᠭᠡᠮᠨᠡᠷᠡᠨ ᠪᠠᠢ᠌ᠭ᠎ᠠ ᠠᠳᠤᠭᠤᠨ ᠤ ᠳᠤᠮᠳᠠᠭᠤᠷ ᠬᠠᠭ᠎ᠠ ᠵᠦᠰᠤᠨ ᠠᠯᠠᠭ ᠠᠵᠢᠷᠭ᠎ᠠ ᠶᠢ ᠴᠢᠭᠯᠡᠨ ᠰᠤᠭᠰᠤᠯᠵᠠᠭᠰᠠᠨ ᠣᠷᠭ᠎ᠠ ᠪᠠᠨ ᠳᠡᠭᠡᠷ᠎ᠡ ᠳᠠᠯᠠᠢᠨ ᠣᠷᠭᠠᠨ ᠮᠤᠷᠢᠨ ᠤ ᠬᠠᠷ᠎ᠠ ᠬᠤᠷᠳᠤ ᠪᠠᠷ ᠳᠤᠪᠳᠤᠯᠭᠠᠪᠠ᠃
ᠣᠯᠠᠨ ᠠᠳᠤᠭᠤᠨ ᠤ ᠳᠤᠮᠳᠠᠭᠤᠷ ᠰᠡᠷᠭᠡᠭ᠌ ᠪᠠᠢ᠌ᠭᠰᠠᠨ ᠠᠯᠠᠭ ᠠᠵᠢᠷᠭ᠎ᠠ ᠪᠠᠢ᠌ᠳᠠᠯ ᠢ ᠦᠵᠡᠨ ᠭᠠᠷᠴᠤ ᠬᠠᠭᠠᠷᠠᠭᠰᠠᠨ ᠠᠳᠤᠭᠤᠨ ᠤ ᠳᠤᠮᠳᠠᠭᠤᠷ ᠰᠤᠮᠤ ᠰᠢᠭ᠌ ᠵᠢᠯᠢᠨ ᠨᠢᠭᠡ ᠮᠡᠳᠡᠭᠦ ᠳᠤ ᠰᠡᠩᠭᠡ ᠶᠢᠨ ᠣᠷᠭᠠᠨ ᠭᠡᠭᠡᠷ ᠬᠤᠯᠠ ᠬᠣᠢ᠌ᠨ᠎ᠠ ᠬᠤᠴᠤᠷᠠᠨ᠂ ᠠᠯᠠᠭ ᠠᠵᠢᠷᠭ᠎ᠠ ᠶᠢᠨ ᠪᠠᠷ᠎ᠠ ᠳᠠᠰᠤᠷᠠᠨ᠎ᠠ᠃ ᠭᠠᠳᠠᠭᠤᠷ ᠨᠢ ᠬᠤᠮᠢᠨ ᠠᠯᠠᠭ ᠠᠵᠢᠷᠭ᠎ᠠ ᠳᠤᠰᠴᠤ ᠪᠠᠢ᠌ᠭᠰᠠᠨ ᠠᠮᠢᠠᠳᠠᠢ ᠠᠯᠠᠭ ᠠᠵᠢᠷᠭ᠎ᠠ ᠶᠢ ᠣᠯᠠᠨ ᠤ ᠳᠤᠳᠤᠷ᠎ᠠ ᠡᠴᠡ ᠰᠤᠭᠤᠷᠠᠨ ᠭᠠᠷᠬᠤ ᠶᠢ ᠥᠵᠡᠭᠦ ᠲᠡᠶ ᠵᠡᠷᠭᠡ ᠰᠠᠷᠠᠯ ᠮᠤᠷᠢᠨ ᠤ ᠵᠢᠯᠤᠭᠤ ᠶᠢ ᠳᠠᠯᠪᠢᠨ ᠣᠷᠭ᠎ᠠ ᠪᠠᠨ ᠰᠤᠭᠰᠤᠯᠵᠠᠭᠤᠯᠤᠨ ᠠᠯᠠᠭ ᠠᠵᠢᠷᠭ᠎ᠠ ᠶᠢᠨ ᠠᠰ ᠡᠮᠦᠨ᠎ᠡ ᠡᠴᠡ ᠵᠦᠪᠳᠠᠢ ᠳᠠᠯ᠎ᠠ ᠳᠠᠭᠠᠨ ᠠᠪᠴᠤ ᠬᠤᠶᠠᠷ ᠮᠤᠷᠢᠨ ᠤ ᠭᠦᠶᠦᠳᠡᠯ ᠠᠯᠬᠤᠭ᠎ᠠ ᠳᠠᠭᠠᠷᠠᠵᠤ᠂ ᠰᠠᠯᠭᠢ ᠮᠠᠳᠤ ᠵᠦᠷᠢᠵᠤ ᠭᠠᠷᠬᠤ ᠵᠠᠪᠰᠢᠶᠠᠨ ᠢ ᠳᠠᠯᠢᠮᠳᠠᠭᠤᠯᠤᠨ ᠪᠠᠷᠠᠭᠤᠨ ᠰᠤᠭᠤ ᠳᠠᠭᠠᠨ ᠳᠤᠬᠣᠢ᠌ᠯᠠᠵᠤ ᠪᠠᠢ᠌ᠭᠰᠠᠨ ᠣᠷᠭ᠎ᠠ ᠪᠠᠨ ᠠᠯᠠᠭ ᠠᠵᠢᠷᠭ᠎ᠠ ᠶᠢᠨ ᠳᠤᠯᠤᠭᠠᠢ ᠣᠷᠤᠭᠤ ᠨᠢ ᠭᠦᠮᠦᠷᠢᠨ᠂ ᠣᠷᠭᠠᠨ ᠮᠤᠷᠢᠨ ᠤ ᠬᠣᠢ᠌ᠳᠤ ᠪᠦᠭᠡᠷᠭᠡ ᠶᠢ ᠬᠣᠢ᠌ᠰᠢ ᠪᠠᠨ ᠨᠠᠯᠠᠨ ᠰᠠᠭᠤᠵᠤ᠂ ᠬᠤᠶᠠᠷ ᠳᠦᠷᠦᠭᠡ ᠶᠢ ᠣᠷᠤᠭᠰᠢ ᠪᠠᠨ ᠢᠰᠭᠦᠴᠢᠨ ᠣᠷᠭ᠎ᠠ ᠪᠠᠨ ᠳᠠᠳᠠᠬᠤ ᠲᠡᠶ ᠵᠡᠷᠭᠡ ᠰᠤᠷᠳᠠᠯ ᠰᠠᠢ᠌ᠳᠠᠢ ᠣᠷᠭᠠᠨ ᠮᠤᠷᠢᠨ ᠳᠠᠷᠠ ᠳᠤᠤᠷ᠎ᠠ ᠪᠠᠨ ᠬᠣᠢ᠌ᠳᠤ ᠬᠤᠶᠠᠷ ᠭᠦᠯ ᠶᠢᠡᠷ ᠶᠢᠡᠨ ᠭᠠᠵᠠᠷ ᠢ ᠳᠠᠰᠢᠨ ᠰᠠᠭᠤᠬᠤ ᠳᠤ ᠠᠮᠢᠠᠳᠠᠢ ᠶᠢᠨ ᠡᠷᠭᠦᠭ᠍ᠰᠡᠨ ᠣᠷᠭ᠎ᠠ ᠭᠡᠢ ᠣᠷᠭᠠᠳᠠᠨ ᠠᠯᠠᠭ ᠠᠵᠢᠷᠭ᠎ᠠ ᠳᠡᠷᠡᠭᠡᠨ ᠬᠤᠭᠤᠷᠤᠠᠳᠤ ᠠᠳᠤᠭᠤᠳ ᠤᠨ ᠳᠤᠮᠳᠠ ᠵᠢᠪᠪᠤᠨ ᠣᠷᠤᠪᠠ᠃
ᠬᠤᠶᠠᠷ ᠣᠶᠠᠭᠠᠴᠢᠨ ᠰᠦᠷᠦᠭ᠌ ᠢ ᠭᠡᠴᠢᠨᠡᠨ ᠣᠳᠠᠭ᠎ᠠ ᠳᠠᠯᠠᠯᠠᠨ ᠵᠦᠰᠤᠵᠤ᠂ ᠠᠵᠢᠷᠭ᠎ᠠ ᠶᠢ ᠳᠠᠭᠤᠭᠰᠠᠨ ᠴᠤ ᠣᠷᠭᠠᠳᠠᠨ ᠳᠡᠢ᠌ᠯᠦᠭ᠍ᠰᠡᠨ ᠦᠭᠡᠶ᠂ ᠡᠴᠦᠰ ᠲᠡᠭᠡᠨ ᠣᠰᠤᠨ ᠬᠠᠷ᠎ᠠ ᠬᠤᠶᠠᠷ ᠠᠵᠢᠷᠭ᠎ᠠ ᠶᠢᠨ ᠨᠢᠭᠡ ᠶᠢ ᠣᠷᠭᠠᠯᠠᠨ ᠠᠳᠤᠭᠤᠨ ᠰᠦᠷᠦᠭ᠌ ᠡᠴᠡ ᠭᠠᠷᠴᠤ ᠳᠠᠢ᠌ᠰᠠᠨ ᠤ ᠡᠮᠦᠨ᠎ᠡ ᠢᠷᠠᠵᠤ ᠰᠠᠮᠫᠢᠯ ᠨᠤᠶᠠᠨ ᠡᠴᠡ ᠢᠷᠦᠭᠡᠯ ᠢᠷᠦᠭᠡᠭᠦ ᠶᠢ ᠭᠦᠯᠢᠶᠡᠨ ᠵᠤᠭᠰᠤᠨ᠎ᠠ᠃
ᠲ᠋ᠡᠭᠦᠨ ᠤ ᠳᠠᠷᠠᠭ᠎ᠠ ᠪᠢᠴᠢᠭᠡᠴᠢ ᠳᠦᠭᠦᠷᠡᠩᠰᠡᠩ ᠳᠠᠭᠢᠨ ᠳᠠᠢ᠌ᠰᠠᠨᠠ ᠭᠠᠷᠴᠤ᠄
᠊᠊᠊᠊᠊᠊᠊᠊᠊᠊᠊᠊᠊᠊᠊᠊᠊᠊᠊᠊᠊᠊᠊ ᠨᠤᠶᠠᠨ ᠤ ᠭᠠᠷ ᠤᠨ ᠣᠶᠠᠭᠠᠴᠢᠨ ᠭᠠᠷᠪᠣᠤ ᠪᠠ ᠰᠸᠷᠠᠪ ᠪᠠᠶᠠᠨ ᠤ ᠣᠶᠠᠭᠠᠴᠢᠨ ᠫᠠᠷᠯᠠᠢ ᠠᠯᠠᠭ ᠠᠵᠢᠷᠭ᠎ᠠ ᠣᠷᠭᠠᠯᠠᠨᠠ ᠭᠡᠵᠤ ᠣᠯᠠᠨ ᠳᠤ ᠮᠡᠳᠡᠭᠦᠯᠪᠡ᠃
ᠮᠦᠨ ᠣᠯᠠᠨ ᠤ ᠠᠷᠤ ᠡᠴᠡ ᠭᠢᠯᠪᠠᠭᠡᠨ ᠭᠡᠭᠡᠷ ᠣᠨᠤᠭᠰᠠᠨ ᠰᠠᠮᠫᠢᠯ ᠨᠤᠶᠠᠨ ᠤ ᠭᠠᠷ ᠤᠨ ᠣᠶᠠᠭᠠᠴᠢᠨ ᠭᠠᠷᠪᠣᠤ ᠪᠠ ᠣᠯᠠᠭᠠᠨ ᠵᠡᠭᠡᠷᠳᠡ ᠣᠨᠤᠭᠰᠠᠨ ᠫᠠᠷᠯᠠᠢ ᠠᠳᠤᠭᠤᠨ ᠳᠠᠯ᠎ᠠ ᠳᠠᠰᠢ ᠳᠠᠪᠭᠢᠪᠠ᠃
ᠨᠢᠭᠡ ᠣᠳᠠᠭᠠᠨ ᠥᠢᠮᠡᠭᠦᠯᠭᠡ ᠡᠴᠡ ᠠᠯᠠᠭ ᠠᠵᠢᠷᠭ᠎ᠠ ᠣᠯᠠᠮ ᠰᠡᠵᠢᠭ᠌ ᠠᠪᠴᠤ ᠨᠠᠩ ᠠᠳᠤᠭᠤᠨ ᠰᠦᠷᠦᠭ᠌ ᠤᠨ ᠳᠤᠮᠳᠠ ᠰᠢᠭᠢᠳᠤᠷᠤᠨ ᠣᠷᠤᠪᠠ᠃ ᠭᠠᠷᠪᠣᠤ ᠪᠠ ᠫᠠᠷᠯᠠᠢ ᠶᠢᠨ ᠣᠷᠭ᠎ᠠ ᠶᠢ ᠤᠢ᠌ᠷᠠᠳᠤᠭᠤᠯᠬᠤ ᠶᠠᠩᠵᠤ ᠦᠭᠡᠶ᠃ ᠡᠨᠡ ᠠᠯᠠᠭ ᠠᠵᠢᠷᠭ᠎ᠠ ᠭᠡᠳᠡᠭ᠌ ᠪᠣᠯ ᠶᠠᠭ ᠰᠠᠢ᠌ᠬᠠᠨ ᠨᠠᠮᠰᠠᠷᠠᠢ ᠪᠠᠶᠠᠨ ᠴᠠᠢ᠌ᠳᠠᠮ ᠡᠴᠡ ᠮᠤᠯᠤᠮ ᠢ ᠠᠪᠴᠢᠷᠠᠭᠰᠠᠨ ᠤ ᠳᠠᠷᠠᠭ᠎ᠠ ᠣᠨᠤᠭᠠᠯᠠᠭᠰᠠᠨ ᠣᠨᠠᠭ᠎ᠠ᠂ ᠣᠳᠤ ᠪᠣᠯᠳᠠ ᠳᠡᠭ᠍ᠷᠢ ᠶᠢᠨ ᠬᠤᠷ᠎ᠠ ᠡᠴᠡ ᠣᠠᠳᠤᠤ ᠶᠠᠭᠤᠮ᠎ᠠ ᠪᠠᠭᠤᠭ᠎ᠠ ᠦᠭᠡᠶ ᠣᠩᠭ᠋ᠤᠨ ᠠᠯᠠᠭ ᠶᠤᠮ᠃
ᠨᠤᠶᠠᠨ ᠤ ᠣᠶᠠᠭᠠᠴᠢᠨ ᠪᠣᠯᠤᠭᠰᠠᠨ ᠴᠤ ᠡᠨᠡ ᠦᠶ᠎ᠡ ᠡᠨᠡᠭᠦ ᠠᠯᠠᠭ ᠠᠵᠢᠷᠭ᠎ᠠ ᠣᠷᠭᠠᠯᠠᠵᠤ ᠠᠪᠬᠤ ᠭᠡᠳᠡᠭ᠌ ᠨᠠᠯᠢᠶᠠᠤᠨ ᠣᠷ᠎ᠠ ᠮᠡᠷᠭᠡᠵᠢᠯ ᠣᠷᠤᠬᠤ ᠨᠢ ᠪᠣᠳᠠᠳᠠᠢ᠌ᠵᠢᠵᠠᠢ᠃ ᠭᠠᠷᠪᠣᠤ ᠳᠤᠬᠣᠢ᠌ᠯᠠᠭᠰᠠᠨ ᠣᠷᠭ᠎ᠠ ᠪᠠᠨ ᠳᠡᠭᠡᠭ᠍ᠰᠢ ᠪᠣᠰᠬᠠᠨ ᠣᠷᠭᠠᠨ ᠮᠤᠷᠢᠨ ᠤ ᠠᠯᠬᠤᠭ᠎ᠠ ᠶᠢ ᠲᠦᠷ ᠵᠤᠭᠰᠤᠭᠠᠨ ᠠᠮᠤᠰᠭᠢᠵᠤ᠂ ᠠᠳᠤᠭᠤᠨ ᠵᠠᠬ᠎ᠠ ᠳᠤ ᠪᠠᠢ᠌ᠬᠤ ᠫᠠᠷᠯᠠᠢ ᠳᠤ ᠲᠤᠬᠢᠶᠠᠨ ᠳᠡᠮᠳᠡᠭ᠌ ᠥᠭ᠍ᠴᠤ ᠠᠳᠤᠭᠤ ᠶᠢ ᠵᠡᠭᠦᠨ ᠡᠴᠡ ᠪᠠᠷᠠᠭᠤᠠᠰᠢ ᠳᠤᠭᠣᠢ᠌ᠯᠠᠨ ᠡᠷᠭᠢᠭᠦᠯᠵᠤ ᠪᠠᠢ᠌ᠭᠠᠤᠨ ᠭᠠᠷᠪᠣᠤ ᠭᠢᠯᠪᠠᠭᠡᠨ ᠭᠡᠭᠡᠷ ᠤᠨ ᠳᠦᠷᠦᠭᠡ ᠶᠢ ᠭᠦᠩᠭᠡᠨ ᠬᠤᠶᠠᠷ ᠢᠰᠭᠦᠯᠵᠤ ᠵᠢᠯᠤᠭᠤ ᠳᠠᠯᠪᠢᠨ ᠪᠣᠷᠤᠭᠤ ᠲᠡᠶ ᠳᠠᠯ᠎ᠠ ᠳᠠᠭᠠᠨ ᠣᠷᠭ᠎ᠠ ᠪᠠᠨ ᠳᠤᠬᠣᠢ᠌ᠯᠠᠵᠤ᠂ ᠵᠦᠪᠳᠠᠢ ᠳᠠᠯ᠎ᠠ ᠳᠠᠭᠠᠨ ᠴᠠᠯᠮ᠎ᠠ ᠶᠢ ᠡᠮᠡᠭᠡᠯ ᠤᠨ ᠪᠦᠭᠡᠷᠭᠡ ᠳᠡᠭᠡᠷ᠎ᠡ ᠳᠠᠯᠪᠢᠵᠤ ᠠᠳᠤᠭᠤᠨ ᠰᠦᠷᠦᠭ᠌ ᠤᠨ ᠳᠤᠮᠳᠠᠭᠤᠷ ᠬᠠᠭ ᠵᠦᠰᠤᠨ ᠰᠦᠷᠦᠭ᠌ ᠤᠨ ᠳᠤᠮᠳᠠ ᠪᠠᠢ᠌ᠭᠰᠠᠨ ᠠᠯᠭ ᠠᠵᠢᠷᠭ᠎ᠠ ᠶᠢᠨ ᠪᠣᠷᠤᠭᠤ ᠳᠠᠯ᠎ᠠ ᠪᠠᠷ ᠳᠤᠪᠳᠤᠯᠤᠨ᠂ ᠬᠤᠶᠠᠷ ᠮᠤᠷᠢᠨ ᠤ ᠵᠦᠷᠢᠭᠦ ᠲᠡᠶ ᠵᠦᠷᠢᠭᠦ ᠦᠭᠡᠶ ᠲᠡᠶ ᠦᠶ᠎ᠡ ᠳᠤ ᠪᠣᠷᠤᠭᠤ ᠳᠠᠯ᠎ᠠ ᠶᠢᠨ ᠣᠷᠭ᠎ᠠ ᠪᠠᠨ ᠳᠡᠭᠡᠭ᠍ᠰᠢ ᠰᠤᠭᠰᠤᠯᠵᠢᠭᠤᠯᠤᠨ᠂ ᠰᠢᠭᠤᠳ ᠠᠯᠠᠭ ᠠᠵᠢᠷᠭ᠎ᠠ ᠶᠢᠨ ᠳᠤᠯᠤᠭᠠᠢ ᠣᠷᠤᠭᠤ ᠬᠤᠭᠢᠵᠤ ᠣᠷᠤᠭᠤᠯᠪᠠ᠃
ᠭᠢᠯᠪᠢᠰ ᠭᠡᠰᠡᠨ ᠣᠷᠭ᠎ᠠ ᠠᠯᠠᠭ ᠠᠵᠢᠷᠭ᠎ᠠ ᠶᠢᠨ ᠭᠦᠵᠦᠭᠦᠨ ᠳᠤ ᠣᠷᠤᠬᠤ ᠲᠡᠶ ᠵᠡᠷᠭᠡ ᠳᠡᠭ᠍ᠷᠢ ᠶᠢᠨ ᠴᠠᠭᠢᠯᠭᠠᠨ ᠳᠤ ᠴᠤᠭᠢᠭᠤᠯᠤᠭᠰᠠᠨ ᠶᠤᠮ ᠰᠢᠭ᠌ ᠪᠠᠷᠢᠨ ᠳᠤᠤᠷ᠎ᠠ ᠪᠠᠨ ᠣᠬᠤᠰᠭᠢᠨ ᠦᠰᠦᠴᠢᠵᠤ ᠪᠣᠷᠤᠭᠤ ᠳᠠᠯ᠎ᠠ ᠶᠢᠨ ᠣᠷᠭ᠎ᠠ ᠶᠢ ᠰᠢᠭᠤᠳ ᠵᠦᠪᠳᠠᠢ ᠳᠠᠯ᠎ᠠ ᠳᠠᠰᠢ ᠪᠠᠨ ᠭᠦᠴᠤ ᠮᠠᠳᠠᠨ ᠭᠦᠡᠳᠡᠯᠡᠨ ᠶᠢᠡᠷ ᠳᠠᠳᠠᠬᠤ ᠳᠤ ᠣᠷᠭᠠᠨ ᠮᠤᠷᠢᠨ ᠤ ᠳᠡᠭᠡᠷ᠎ᠡ ᠬᠣᠢ᠌ᠰᠢ ᠳᠠᠳᠠᠨ ᠰᠠᠭᠤᠵᠤ ᠪᠠᠢ᠌ᠭᠰᠠᠨ ᠭᠠᠷᠪᠣᠤ ᠪᠣᠷᠤᠭᠤ ᠳᠠᠯ᠎ᠠ ᠶᠢᠨ ᠣᠷᠭ᠎ᠠ ᠶᠢ ᠳᠠᠭᠢᠨ ᠵᠦᠪ ᠭᠠᠷ ᠶᠢᠡᠷ ᠠᠳᠬᠤᠬᠤ ᠭᠡᠵᠤ ᠪᠠᠢ᠌ᠳᠠᠯ᠎ᠠ ᠠᠯᠠᠭ ᠠᠵᠢᠷᠭ᠎ᠠ ᠵᠠᠪᠰᠢᠶᠠᠨ ᠢ ᠳᠠᠯᠢᠮᠳᠠᠭᠤᠯᠤᠨ ᠪᠣᠷᠤᠭᠤ ᠳᠠᠰᠢ ᠪᠠᠨ ᠡᠷᠭᠢᠭᠦ ᠳᠤ ᠣᠷᠭ᠎ᠠ ᠠᠯᠠᠭ ᠠᠵᠢᠷᠭᠠᠨ ᠤ ᠭᠦᠵᠦᠭᠦᠨ ᠳᠤ ᠳᠠᠮ ᠳᠤᠰᠤᠨ ᠬᠤᠭᠤᠷᠠᠵᠤ᠂ ᠣᠷᠭᠠᠨ ᠮᠤᠷᠢᠨ ᠤ ᠪᠣᠷᠤᠭᠤ ᠳᠠᠯ᠎ᠠ ᠪᠠᠷ ᠰᠤᠮᠤ ᠰᠢᠭ᠌ ᠰᠢᠯᠤᠭᠤᠨ ᠶᠢᠡᠷ ᠡᠷᠭᠢᠨ ᠭᠠᠷᠴᠤ ᠨᠢᠭᠡ ᠮᠡᠳᠡᠭᠦ ᠳᠤ ᠭᠠᠷᠪᠣᠤ ᠣᠶᠠᠭᠠᠴᠢᠨ ᠤ ᠭᠠᠷ ᠲᠤ ᠣᠷᠭ᠎ᠠ ᠶᠢᠨ ᠬᠤᠭᠤᠷᠠᠭᠰᠠᠨ ᠡᠰᠢ ᠦᠯᠡᠳᠡᠨ ᠨᠢᠳᠤ ᠪᠠᠨ ᠢᠳᠡᠭᠡᠵᠤ ᠶᠠᠳᠠᠨ ᠠᠯᠠᠭ ᠠᠵᠢᠷᠭ᠎ᠠ ᠶᠢᠨ ᠬᠣᠢ᠌ᠨ᠎ᠠ ᠡᠴᠡ ᠴᠤ᠋ ᠰᠢᠷᠳᠠᠨ ᠦᠯᠠᠳᠠᠵᠤ᠂ ᠮᠤᠷᠢᠨ ᠤ ᠠᠯᠬᠤᠭ᠎ᠠ ᠪᠠᠷ ᠠᠳᠤᠭᠤᠨ ᠤ ᠵᠠᠬ᠎ᠠ ᠳᠤ ᠭᠠᠷᠴᠤ ᠬᠤᠭᠤᠷᠠᠭᠰᠠᠨ ᠣᠷᠭ᠎ᠠ ᠪᠠᠨ ᠬᠠᠶᠠᠵᠤ ᠬᠤᠷᠤᠰᠤᠯᠳᠠᠢ ᠪᠠᠷ ᠠᠯᠠᠭ ᠠᠵᠢᠷᠭ᠎ᠠ ᠶᠢ ᠰᠢᠠᠵᠢᠨ ᠳᠠᠭᠢᠨ ᠣᠷᠭ᠎ᠠ ᠪᠠᠨ ᠰᠤᠯᠢᠵᠤ ᠫᠠᠷᠯᠠᠢ ᠶᠢ ᠳᠠᠭᠤᠳᠠᠨ ᠴᠢᠷᠠᠢ ᠮᠠᠭᠤᠳᠠᠢ ᠪᠠᠷ᠄
᠊᠊᠊᠊᠊᠊᠊᠊᠊᠊᠊᠊᠊᠊᠊᠊᠊᠊᠊᠊᠊᠊᠊ ᠴᠢ ᠬᠠᠮᠢᠭ᠎ᠠ ᠪᠠᠢ᠌ᠪᠠ︖ ᠭᠡᠵᠤ ᠭᠡᠴᠡᠭᠦᠷᠡᠨ ᠵᠠᠩᠳᠤᠷᠠᠨᠠ᠃
ᠡᠨᠡ ᠮᠠᠳᠤ ᠡᠨᠡ ᠬᠤᠶᠠᠷ ᠮᠦᠨ ᠴᠠᠭ ᠭᠠᠷᠤᠢ ᠨᠤᠴᠤᠯᠳᠤᠵᠤ ᠡᠴᠦᠰ ᠲᠡᠭᠡᠨ ᠠᠷᠭ᠎ᠠ ᠮᠤᠬᠤᠷᠳᠠᠨ ᠨᠥᠭᠦᠭᠡ ᠣᠰᠤᠨ ᠬᠠᠷ᠎ᠠ ᠶᠢ ᠪᠠᠷᠢᠵᠤ ᠰᠡᠩᠭᠡ ᠪᠠ ᠠᠮᠢᠠᠳᠠᠢ ᠶᠢᠨ ᠬᠠᠵᠠᠭᠤ ᠳᠤ ᠵᠡᠷᠭᠡᠴᠡᠨ ᠵᠤᠭᠰᠤᠪᠠ᠃ ᠡᠳᠡᠨ ᠤ ᠳᠠᠷᠠᠭ᠎ᠠ ᠮᠠᠢ᠌ᠷᠠᠨ ᠰᠠᠠᠵᠠᠢ ᠪᠠ ᠭᠦᠵᠦᠭᠦᠳᠡᠢ ᠴᠠᠷᠠᠨ᠁ ᠭᠡᠵᠤ ᠭᠡᠳᠤᠨ ᠭᠦᠮᠤᠨ ᠨᠤᠭᠤᠯᠠᠨ ᠨᠢᠭᠡ ᠦᠳᠡ ᠶᠢᠨ ᠡᠮᠦᠨ᠎ᠡ ᠭᠤᠷᠪᠠᠨ ᠣᠷᠭ᠎ᠠ ᠬᠤᠭᠤᠯᠠᠵᠤ ᠣᠯᠠᠨ ᠤ ᠳᠤᠳᠤᠷ᠎ᠠ ᠭᠦᠮᠤᠨ ᠪᠦᠭᠦᠨ ᠤ ᠰᠡᠳᠭᠢᠯ ᠢ ᠣᠪᠣᠯᠵᠠᠭᠤᠯᠤᠨ ᠶᠤᠰᠤᠳᠠᠢ ᠣᠩᠭ᠋ᠤᠨ ᠠᠵᠢᠷᠭ᠎ᠠ ᠭᠡᠵᠤ ᠡᠨᠡ ᠶᠢ ᠯᠠ ᠭᠡᠯᠡᠭᠦ ᠶᠤᠰᠤᠳᠠᠢ ᠭᠡᠵᠤ ᠣᠯᠠᠨ ᠲᠦᠮᠡᠨ ᠠᠮᠠ ᠠᠮᠠ ᠳᠠᠭᠠᠨ ᠶᠠᠷᠢᠵᠠᠭᠠᠨ᠎ᠠ᠃
ᠠᠳᠤᠭᠤᠨ ᠤ ᠣᠳᠤ ᠰᠦᠷᠦᠭ᠌ ᠤᠨ ᠴᠢᠮᠡᠭ᠌ ᠪᠣᠯᠤᠭᠰᠠᠨ ᠠᠯᠠᠭ ᠠᠵᠢᠷᠭ᠎ᠠ ᠡᠨᠡ ᠮᠠᠳᠤ ᠰᠠᠮᠫᠢᠯ ᠨᠤᠶᠠᠨ ᠤ ᠭᠠᠷ ᠤᠨ ᠣᠶᠠᠭᠠᠴᠢᠨ ᠭᠠᠷᠪᠣᠤ ᠡᠴᠡ ᠳᠠᠷᠠᠭᠠᠯᠠᠨ ᠠᠮᠢᠠᠳᠠᠢ ᠰᠠᠠᠵᠠᠢ ᠳᠤ ᠳᠤᠯᠳᠠᠯ᠎ᠠ ᠪᠦᠷ ᠯᠠ ᠬᠤᠰᠤᠨ ᠣᠷᠭ᠎ᠠ ᠪᠠᠨ ᠬᠤᠭᠤᠯᠠᠵᠤ᠂ ᠰᠠᠨᠠᠭ᠎ᠠ ᠨᠢ ᠥᠭᠦᠭ᠍ᠰᠡᠨ ᠨᠢ ᠭᠤᠪᠢ ᠠᠢ᠌ᠮᠠᠭ ᠲᠤ ᠣᠳᠤ ᠪᠣᠯᠳᠠᠯ᠎ᠠ ᠭᠠᠷᠤᠭ᠎ᠠ ᠦᠭᠡᠶ᠂ ᠨᠠᠩ ᠵᠠᠯᠠᠭᠤ ᠵᠠᠯᠠᠭᠤ ᠣᠯᠤᠰ ᠣᠷᠭ᠎ᠠ ᠴᠤᠭᠢᠵᠤ ᠴᠤ ᠳᠡᠢ᠌ᠯᠭᠦ ᠦᠭᠡᠶ ᠬᠠᠶᠠᠭᠳᠠᠵᠤ ᠪᠠᠢ᠌ᠭ᠎ᠠ ᠨᠢ ᠵᠥᠩᠳᠡᠭᠡᠨ ᠪᠣᠯᠵᠠᠢ᠃ ᠦᠳᠡ ᠶᠢᠨ ᠨᠠᠷᠠᠨ ᠭᠡᠯᠪᠠᠢ᠌ᠭᠦ ᠦᠶ᠎ᠡ ᠪᠠᠷ ᠳᠦᠭᠦᠷᠡᠩᠰᠡᠩ ᠣᠯᠠᠨ ᠤ ᠡᠮᠦᠨ᠎ᠡ ᠭᠠᠷᠴᠤ᠄
᠊᠊᠊᠊᠊᠊᠊᠊᠊᠊᠊᠊᠊᠊᠊᠊᠊᠊᠊᠊᠊᠊᠊ ᠣᠳᠤ ᠨᠠᠮᠰᠠᠷᠠᠢ ᠪᠠᠶᠠᠨ ᠤ ᠡᠡᠭᠡ ᠨᠠᠮᠠᠬᠠᠢ ᠪᠠ ᠮᠤᠯᠤᠮ ᠠᠯᠠᠭ ᠠᠵᠢᠷᠭ᠎ᠠ ᠣᠷᠭᠠᠯᠠᠨᠠ ᠭᠡᠵᠤ ᠣᠯᠠᠨ ᠳᠤ ᠵᠠᠷᠯᠠᠪᠠ᠃
ᠣᠯᠠᠨ ᠤ ᠠᠷᠤ ᠡᠴᠡ ᠣᠰᠤᠨ ᠬᠠᠷ᠎ᠠ ᠮᠤᠷᠢᠨ ᠣᠨᠤᠭᠰᠠᠨ ᠮᠤᠯᠤᠮ ᠪᠠ ᠬᠠᠯᠢᠭᠤᠨ ᠵᠡᠭᠡᠷᠳᠡ ᠣᠨᠤᠭᠰᠠᠨ ᠨᠠᠮᠠᠬᠠᠢ ᠬᠤᠶᠠᠭᠤᠯᠠ ᠭᠠᠷᠴᠤ ᠢᠷᠠᠨ ᠰᠦᠷᠦᠭ᠌ ᠤᠨ ᠵᠠᠬ᠎ᠠ ᠳᠤ ᠳᠤᠯᠵᠤ᠂ ᠨᠠᠮᠠᠬᠠᠢ᠄
᠊᠊᠊᠊᠊᠊᠊᠊᠊᠊᠊᠊᠊᠊᠊᠊᠊᠊᠊᠊᠊᠊᠊ ᠠᠳᠤᠭᠤᠨ ᠰᠦᠷᠦᠭ᠌ ᠢ ᠨᠢᠭᠡᠨᠲᠡ ᠨᠢᠭᠡ ᠦᠳᠡ ᠶᠢᠨ ᠡᠮᠦᠨ᠎ᠡ ᠡᠷᠭᠢᠭᠦᠯᠤᠨ ᠳᠤᠭᠣᠢ᠌ᠯᠠᠵᠤ ᠠᠳᠤᠭᠤᠳ ᠪᠦᠷ ᠮᠠᠭᠤᠳᠠᠪᠠ᠃ ᠡᠢ᠌ᠮᠤ ᠡᠴᠡ ᠬᠤᠶᠠᠭᠤᠯᠠ ᠣᠷᠢᠳᠠᠪᠠᠷ ᠠᠳᠤᠭᠤᠳ ᠢ ᠭᠡᠰᠡᠭᠯᠡᠨ ᠭᠠᠷᠭᠠᠵᠤ᠂ ᠠᠯᠠᠭ ᠠᠵᠢᠷᠭ᠎ᠠ ᠲᠡᠶ ᠠᠳᠤᠭᠤ ᠶᠢ ᠭᠡᠳᠤ ᠣᠳᠠᠭ᠎ᠠ ᠭᠡᠰᠡᠭᠯᠡᠨ ᠠᠯᠠᠭ ᠠᠵᠢᠷᠭ᠎ᠠ ᠶᠢ ᠠᠳᠤᠭᠤᠨ ᠰᠦᠷᠦᠭ᠌ ᠡᠴᠡ ᠰᠠᠯᠠᠭᠠᠨ ᠬᠤᠶᠠᠭᠤᠯᠠ ᠠᠮᠠᠳᠠᠨ ᠳᠤᠰᠴᠤ ᠪᠠᠷᠢᠶ᠎ᠠ︕ ᠭᠡᠵᠤ ᠵᠣᠢ᠌ᠴᠢᠯᠠᠨ ᠰᠦᠷᠦᠭ᠌ ᠢ ᠳᠦᠷᠪᠠᠠᠳᠠ ᠰᠠᠯᠭᠠᠵᠤ ᠠᠯᠠᠭ ᠠᠵᠢᠷᠭ᠎ᠠ ᠳᠠᠪᠢᠭᠠᠤᠨ ᠠᠳᠤᠭᠤ ᠲᠡᠶ ᠦᠯᠠᠳᠠᠪᠠ᠃ ᠡᠨᠡ ᠬᠤᠶᠠᠷ ᠤᠨ ᠠᠳᠤᠭᠤ ᠰᠠᠯᠭᠠᠬᠤ ᠶᠢ ᠥᠵᠡᠭᠡᠳ ᠣᠯᠤᠰ ᠪᠦᠷ ᠭᠠᠢ᠌ᠬᠠᠯᠳᠤᠨ᠂ ᠵᠠᠷᠢᠮ ᠨᠢᠭᠡ ᠨᠢ ᠣᠬᠠᠭᠠᠨ ᠢ ᠨᠢ ᠣᠯᠵᠤ ᠶᠠᠳᠠᠨ ᠠᠵᠢᠶᠠᠷᠠᠨᠠ᠃
ᠡᠨᠡ ᠦᠶ᠎ᠡ ᠳᠤ ᠨᠠᠮᠠᠬᠠᠢ ᠪᠠ ᠮᠤᠯᠤᠮ ᠬᠤᠶᠠᠷ ᠬᠤᠪᠢ ᠬᠤᠪᠢᠨ ᠤ ᠬᠤᠰᠤᠨ ᠣᠷᠭ᠎ᠠ ᠪᠠᠨ ᠳᠡᠭᠡᠭ᠍ᠰᠢ ᠡᠷᠭᠦᠨ ᠠᠷᠤ ᠳᠠᠭᠠᠨ ᠴᠠᠯᠮ᠎ᠠ ᠭᠠᠠᠵᠤᠭᠠᠯᠠᠵᠤ᠂ ᠠᠯᠠᠭ ᠠᠵᠢᠷᠭ᠎ᠠ ᠶᠢᠨ ᠠᠳᠤᠭᠤ ᠳᠠᠰᠢ ᠬᠠᠷ᠎ᠠ ᠬᠤᠷᠳᠤ ᠪᠠᠷ ᠳᠠᠪᠭᠢᠪᠠ᠃ ᠪᠠᠢ᠌ᠳᠠᠯ ᠮᠠᠭᠤ ᠪᠣᠯᠤᠭᠰᠠᠨ ᠢ ᠮᠡᠳᠡᠭ᠍ᠰᠡᠨ ᠠᠯᠠᠭ ᠠᠵᠢᠷᠭ᠎ᠠ ᠠᠵᠢᠭ ᠠᠪᠣᠭᠰᠠᠨ ᠳᠠᠳᠤᠢ ᠰᠢᠭᠤᠳ ᠰᠦᠷᠦᠭ᠌ ᠠᠳᠤᠭᠤᠨ ᠡᠴᠡ ᠰᠠᠯᠤᠨ ᠭᠠᠷᠴᠤ ᠵᠡᠭᠦᠨ ᠡᠮᠦᠨᠡᠰᠢ ᠪᠠᠨ ᠪᠦᠪᠠᠢ ᠳᠠᠯ᠎ᠠ ᠵᠥᠭ᠌ ᠨᠢᠰᠭᠦ ᠮᠠᠳᠤ ᠵᠢᠯᠢᠢᠨ ᠳᠤᠳᠠᠭᠠᠪᠠ᠃
ᠮᠤᠯᠤᠮ ᠪᠠ ᠨᠠᠮᠠᠬᠠᠢ ᠬᠤᠶᠠᠷ ᠠᠯᠠᠭ ᠠᠵᠢᠷᠭ᠎ᠠ ᠶᠢᠨ ᠬᠤᠶᠠᠷ ᠳᠠᠯ᠎ᠠ ᠪᠠᠷ ᠬᠤᠮᠢᠨ ᠳᠤᠪᠳᠤᠯᠠᠬᠤ ᠳᠤ ᠮᠤᠯᠤᠮ ᠤᠨ ᠣᠰᠤᠨ ᠬᠠᠷ᠎ᠠ᠂ ᠠᠯᠠᠭ ᠠᠵᠢᠷᠭ᠎ᠠ ᠡᠴᠡ ᠬᠤᠷᠳᠤᠯᠠᠨ ᠵᠡᠷᠭᠡᠴᠡᠵᠤ ᠤᠢ᠌ᠷᠠᠳᠤᠬᠤ ᠲᠡᠶ ᠵᠡᠷᠭᠡ ᠮᠤᠯᠤᠮ ᠣᠷᠭᠠᠨ ᠮᠤᠷᠢᠨ ᠤ ᠪᠣᠷᠤᠭᠤᠳᠠᠢ ᠳᠠᠯ᠎ᠠ ᠶᠢᠨ ᠳᠦᠷᠦᠭᠡ ᠪᠠᠷ ᠳᠤᠳᠤᠭᠰᠢ ᠪᠠᠨ ᠵᠠᠯᠠᠵᠤ᠂ ᠠᠯᠠᠭ ᠠᠵᠢᠷᠭ᠎ᠠ ᠶᠢᠨ ᠭᠦᠶᠦᠳᠡᠯ ᠢ ᠬᠠᠰᠢᠬᠤ ᠳᠤ ᠨᠠᠮᠠᠬᠠᠢ ᠴᠤ ᠵᠡᠷᠭᠡᠴᠡᠨ ᠳᠤᠪᠳᠤᠯᠠᠵᠤ ᠢᠷᠠᠪᠠ᠃ ᠨᠠᠮᠠᠬᠠᠢ ᠰᠤᠭᠰᠤᠯᠵᠠᠭᠰᠠᠨ ᠣᠷᠭ᠎ᠠ ᠪᠠᠨ ᠡᠷᠭᠦᠨ ᠰᠢᠭᠤᠳ ᠠᠯᠠᠭ ᠠᠵᠢᠷᠭ᠎ᠠ ᠶᠢᠨ ᠵᠦᠪᠳᠠᠢ ᠳᠠᠯ᠎ᠠ ᠪᠠᠷ ᠣᠷᠭ᠎ᠠ ᠬᠠᠶᠠᠬᠤ ᠳᠤ᠂ ᠠᠯᠠᠭ ᠠᠵᠢᠷᠭ᠎ᠠ ᠪᠣᠷᠤᠭᠤ ᠳᠠᠯ᠎ᠠ ᠳᠠᠰᠢ ᠪᠠᠨ ᠭᠦᠵᠦᠭᠦᠤ ᠡᠷᠭᠢᠭᠦ ᠳᠡᠷᠡᠭᠦ ᠳᠠᠰᠢᠷᠠᠮ ᠳᠤ ᠮᠤᠯᠤᠮ ᠠᠷᠤ ᠳᠤ ᠭᠠᠠᠵᠤᠭᠠᠯᠠᠭᠰᠠᠨ ᠴᠠᠯᠮ᠎ᠠ ᠶᠢ ᠠᠳᠬᠤᠨ ᠠᠪᠴᠤ ᠠᠯᠠᠭ ᠠᠵᠢᠷᠭ᠎ᠠ ᠶᠢᠨ ᠭᠦᠵᠦᠭᠦᠨ ᠳᠤ ᠴᠤᠭᠢᠨ ᠣᠷᠤᠭᠤᠯᠠᠬᠤ ᠲᠡᠶ ᠵᠡᠷᠭᠡ ᠡᠮᠡᠭᠡᠯ ᠤᠨ ᠬᠣᠢ᠌ᠳᠤ ᠪᠦᠭᠡᠷᠭᠡ ᠶᠢ ᠣᠬᠤᠷᠢᠨ ᠰᠠᠭᠤᠵᠤ᠂ ᠬᠤᠶᠠᠷ ᠭᠦᠯ ᠶᠢᠡᠷ ᠣᠷᠭᠠᠨ ᠮᠤᠷᠢ ᠤ ᠳᠦᠷᠦᠭᠡ ᠶᠢ ᠢᠰᠭᠦᠯᠭᠦ ᠲᠡᠶ ᠵᠡᠷᠭᠡ ᠣᠷᠭᠠᠨ ᠮᠤᠷᠢ ᠬᠣᠢ᠌ᠰᠢ ᠪᠠᠨ ᠣᠬᠤᠷᠢᠨ ᠰᠠᠭᠤᠪᠠ᠃
ᠭᠦᠵᠦᠭᠦᠨ ᠳᠡᠭᠡᠨ ᠴᠠᠯᠮ᠎ᠠ ᠬᠠᠶᠠᠭᠤᠯᠤᠭᠰᠠᠠᠨ ᠠᠯᠠᠭ ᠠᠵᠢᠷᠭ᠎ᠠ ᠶᠠᠭᠤ ᠴᠤ ᠮᠠᠳᠠᠯ ᠦᠭᠡᠶ ᠪᠠᠷ ᠣᠷᠤᠭᠰᠢ ᠪᠠᠨ ᠳᠠᠪᠢ ᠵᠢᠷᠠᠭᠠᠳ ᠠᠯᠬᠤᠮ ᠣᠷᠤᠭᠰᠢᠯᠠᠬᠤ ᠲᠡᠶ ᠵᠡᠷᠭᠡ ᠭᠢᠯᠭᠠᠰᠤᠨ ᠴᠠᠯᠮ᠎ᠠ ᠴᠢᠩᠭ᠋ᠠᠷᠠᠠᠨ ᠳᠠᠳᠠᠵᠤ᠂ ᠠᠯᠠᠭ ᠠᠵᠢᠷᠭᠠᠨ ᠤ ᠭᠦᠶᠦᠳᠡᠯ ᠳᠠᠷᠠ ᠳᠤᠤᠷ᠎ᠠ ᠪᠠᠨ ᠬᠠᠭᠠᠭᠳᠠᠨ ᠪᠠᠢ᠌ᠬᠤ ᠳᠤ ᠨᠠᠮᠠᠬᠠᠢ ᠳᠤᠪᠳᠤᠯᠤᠨ ᠢᠷᠠᠵᠤ ᠬᠠᠵᠠᠭᠠᠷ ᠨᠤᠭᠳᠤ ᠶᠢ ᠨᠢᠭᠡ ᠮᠡᠳᠡᠭᠦ ᠳᠤ ᠠᠯᠠᠭ ᠠᠵᠢᠷᠭ᠎ᠠ ᠶᠢᠨ ᠭᠦᠵᠦᠭᠦᠨ ᠳᠤ ᠣᠷᠤᠭᠤᠯᠤᠨ᠂ ᠬᠠᠭᠠᠰ ᠡᠳᠦᠷ ᠡᠳᠡᠯ ᠢ ᠪᠠᠷᠭᠠᠭᠰᠠᠨ ᠠᠯᠠᠭ ᠠᠵᠢᠷᠭ᠎ᠠ ᠴᠠᠯᠮ᠎ᠠ ᠳᠤ ᠰᠥᠭᠦᠷᠡᠨ ᠣᠨᠠᠪᠠ᠃ ᠭᠦᠯ ᠳᠤ ᠨᠢ ᠦᠷᠦᠭᠡᠯ ᠣᠷᠤᠭᠤᠯᠵᠤ᠂ ᠣᠷᠭᠠᠨ ᠮᠤᠷᠢᠨ ᠤ ᠭᠦᠵᠦᠭᠦᠨ ᠲᠡᠶ ᠬᠤᠯᠪᠤᠨ ᠳᠡᠷᠳᠡᠭᠡ ᠳᠠᠯ᠎ᠠ ᠶᠢᠨ ᠨᠠᠢ᠌ᠷ ᠤᠨ ᠳᠠᠯᠠᠪᠠᠢ ᠥᠭᠡᠳᠡ ᠣᠮᠤᠭ ᠪᠠᠷᠳᠠᠮ ᠠᠢ᠌ᠰᠤᠢ᠃
ᠨᠤᠭᠳᠤ ᠳᠤ ᠣᠷᠤᠭᠰᠠᠨ ᠠᠯᠠᠭ ᠠᠵᠢᠷᠭ᠎ᠠ ᠣᠰᠤᠨ ᠭᠡᠭᠡᠷ ᠪᠠ ᠬᠠᠯᠢᠭᠤᠨ ᠵᠡᠭᠡᠷᠳᠡ ᠲᠡᠶ ᠠᠯᠬᠤᠭ᠎ᠠ ᠳᠠᠭᠠᠷᠠᠭᠤᠯᠤᠨ ᠢᠷᠡᠭᠦ ᠳᠤ ᠣᠯᠠᠨ ᠲᠦᠮᠡᠨ ᠬᠤᠶᠠᠷ ᠵᠠᠯᠠᠭᠤ ᠶᠢ ᠭᠠᠢ᠌ᠬᠠᠨ ᠪᠠᠰᠠ ᠨᠢᠭᠡ 《ᠰᠡᠩᠭᠡ ᠭᠠᠷᠪᠣ》 ᠭᠠᠷᠪᠠ ᠭᠡᠵᠤ ᠱᠠᠭᠰᠢᠯᠳᠤᠨ᠎ᠠ᠃
ᠡᠨᠡ ᠦᠶ᠎ᠡ ᠳᠤ ᠳᠠᠢ᠌ᠰᠠᠨ ᠳᠤ ᠰᠠᠭᠠᠳᠠᠨ ᠪᠠᠢ᠌ᠭᠰᠠᠨ ᠰᠠᠮᠫᠢᠯ ᠨᠤᠶᠠᠨ ᠰᠠᠭᠤᠷᠢᠨ ᠡᠴᠡ ᠪᠣᠰᠴᠤ᠂ ᠭᠠᠷ ᠳᠦᠷᠭᠦᠭᠡ ᠬᠠᠳᠠᠭ ᠢ ᠠᠳᠬᠤᠨ ᠨᠠᠮᠰᠠᠷᠠᠢ ᠪᠠ ᠭᠡᠡᠵᠦᠦᠷ ᠰᠸᠷᠠᠪ ᠨᠡᠷ ᠳᠠᠭᠠᠯᠴᠠᠨ ᠠᠯᠠᠭ ᠠᠵᠢᠷᠭ᠎ᠠ ᠪᠠ ᠣᠰᠤᠨ ᠬᠠᠷ᠎ᠠ ᠭᠤᠷᠪᠠᠨ ᠠᠵᠢᠷᠭ᠎ᠠ ᠶᠢ ᠣᠩᠭ᠋ᠤᠨ ᠳᠠᠯ ᠢ ᠨᠢ ᠰᠡᠷᠭᠦᠭᠡᠵᠤ᠂ ᠭᠦᠵᠦᠭᠦᠨ ᠳᠤ ᠨᠢ ᠬᠠᠳᠠᠭ ᠬᠠᠶᠠᠨ᠂ ᠰᠠᠮᠫᠢᠯ ᠨᠤᠶᠠᠨ ᠴᠡᠭᠡ ᠲᠡᠶ ᠬᠤᠠᠳᠠᠭ᠎ᠠ ᠶᠢ ᠪᠠᠷᠢᠨ᠂ ᠭᠤᠷᠪᠠ ᠰᠠᠷᠵᠢᠮᠯᠠᠨ ᠡᠷᠭᠦᠵᠤ᠂ ᠭᠤᠷᠪᠠᠨ ᠠᠳᠤᠭᠤ ᠶᠢ ᠢᠷᠦᠭᠡᠨ᠎ᠡ᠃ ᠳᠠᠷᠠ ᠢᠷᠦᠭᠡᠯ ᠤᠨ ᠥᠭᠡ ᠨᠢ᠄
ᠣᠮ ᠮᠠ ᠬᠤᠩ᠂ ᠣᠮ ᠮᠠ ᠬᠤᠩ᠂
ᠣᠷᠢᠳᠤ ᠭᠡᠭ᠍ᠴᠢ ᠡᠷᠳᠡ ᠴᠠᠭ ᠡᠴᠡ
ᠣᠷᠳᠤ ᠭᠡᠭ᠍ᠴᠢ ᠳᠡᠦᠭᠡᠳᠤ ᠦᠶ᠎ᠡ ᠡᠴᠡ
ᠣᠳᠤᠮᠰᠢᠯᠳᠤ ᠮᠤᠩᠭ᠋ᠤᠯ ᠤᠨ ᠵᠠᠩᠰᠢᠯ ᠲᠡᠶ
ᠠᠤᠭ᠎ᠠ ᠰᠤᠶᠤᠯ ᠤᠨ ᠭᠦᠷᠦᠩᠭᠡ ᠲᠡᠶ
ᠲ᠋ᠠᠪᠤᠨ ᠬᠤᠰᠢᠭᠤ ᠮᠠᠯ ᠢ ᠮᠢᠨᠢ
ᠲ᠋ᠠᠩᠰᠤᠭ ᠰᠦᠷᠦᠭ᠌ ᠤᠨ ᠮᠢᠨᠢ ᠰᠤᠳᠤ
ᠲ᠋ᠠᠯ᠎ᠠ ᠳᠦᠭᠦᠷᠡᠩ ᠪᠠᠯᠴᠢᠭ᠍ᠰᠡᠨ
ᠠᠳᠤᠭᠤᠨ ᠰᠦᠷᠦᠭ᠌ ᠤᠨ ᠮᠢᠨᠢ ᠣᠭᠢ
ᠣᠯᠠᠨ ᠳᠤ ᠭᠠᠢ᠌ᠬᠠᠭᠳᠠᠭᠰᠠᠨ
ᠠᠳᠤᠭᠤᠨ ᠰᠦᠷᠦᠭ᠌ ᠢ ᠢᠷᠦᠭᠡᠶ᠎ᠡ︕
ᠬᠤᠷᠤᠢ ᠬᠤᠷᠤᠢ ᠬᠤᠷᠤᠢ
ᠨᠤᠳᠤᠭ ᠣᠰᠤᠨ ᠤ ᠮᠢᠨᠢ ᠨᠠᠪᠳᠠᠭ ᠰᠠᠪᠳᠠᠭ
ᠨᠤᠶᠠᠨ ᠱᠤᠪᠬᠤ ᠶᠢᠨ ᠡᠵᠡᠨ ᠰᠠᠭᠢᠭᠤᠰᠤ
ᠨᠠᠰᠤᠳᠠᠨ ᠪᠣᠭᠤᠷᠤᠯ ᠤᠨ ᠭᠡᠰᠢᠭ᠌ ᠪᠣᠶᠠᠨ
ᠨᠠᠯᠠᠭᠠᠷ ᠵᠢᠯ ᠤᠨ ᠦᠩ ᠳᠠᠷᠭᠤ
ᠬᠠᠨᠠᠭᠠᠷ ᠨᠤᠳᠤᠭ ᠤᠨ ᠮᠢᠨᠢ ᠨᠠᠪᠳᠠᠭ ᠰᠠᠪᠳᠠᠭ
ᠬᠠᠨ ᠬᠠᠢ᠌ᠷᠠᠬᠠᠨ ᠤ ᠡᠵᠡᠨ ᠰᠠᠭᠢᠭᠤᠰᠤ
ᠬᠠᠰᠠᠷ ᠳᠡᠭᠡᠳᠦᠰ ᠤᠨ ᠮᠢᠨᠢ ᠪᠣᠶᠠᠨ ᠭᠡᠰᠢᠭ᠌
ᠬᠠᠷ᠎ᠠ ᠰᠦᠯᠳᠡ ᠶᠢᠨ ᠮᠢᠨᠢ ᠭᠡᠢ᠌ᠮᠦᠷᠢ ᠡ︕
ᠬᠤᠷᠤᠢ ᠬᠤᠷᠤᠢ ᠬᠤᠷᠤᠢ
ᠭᠡᠵᠤ ᠬᠤᠷᠣᠢ᠌ᠯᠠᠨ ᠢᠷᠦᠭᠡᠭᠡᠳ ᠰᠠᠮᠫᠢᠯ ᠨᠤᠶᠠᠨ ᠪᠠ ᠨᠠᠮᠰᠠᠷᠠᠢ ᠨᠡᠷ ᠭᠤᠷᠪᠠᠨ ᠠᠵᠢᠷᠭ᠎ᠠ ᠶᠢᠨ ᠳᠠᠯ ᠰᠡᠭᠦᠯ ᠢ ᠭᠢᠷᠠᠭᠠᠨ ᠣᠩᠭ᠋ᠤᠨ ᠰᠦᠷ ᠢ ᠨᠢ ᠵᠠᠰᠠᠭᠠᠤᠨ ᠰᠠᠮᠫᠢᠯ ᠨᠤᠶᠠᠨ ᠳᠤᠰᠬᠠᠢ᠌ᠯᠠᠨ ᠨᠠᠮᠠᠬᠠᠢ ᠪᠠ ᠮᠤᠯᠤᠮ ᠳᠤ ᠳᠡᠷᠢᠭᠦᠨ ᠱᠠᠩ ᠢ ᠭᠦᠷᠳᠡᠭᠡᠨ ᠠᠪᠣᠷᠭᠤ ᠣᠷᠭᠠᠴᠢᠨ ᠶᠢᠡᠷ ᠴᠤᠯᠠᠯᠠᠨ ᠦᠨᠦᠳᠤᠷ ᠤᠨ ᠨᠠᠢ᠌ᠷ ᠦᠨᠳᠠᠷᠯᠠᠪᠠ᠃
ᠣᠷᠤᠢ ᠶᠢᠨ ᠴᠠᠢ᠌ᠯᠠᠯᠭ᠎ᠠ ᠳᠤ ᠰᠠᠮᠫᠢᠯ ᠨᠤᠶᠠᠨ ᠳᠤᠰᠬᠠᠢ᠌ᠯᠠᠨ ᠨᠠᠮᠠᠬᠠᠢ ᠪᠠ ᠮᠤᠯᠤᠮ ᠢ ᠳᠠᠭᠤᠳᠠᠨ ᠮᠠᠰᠢᠳᠠ ᠰᠠᠢ᠌ᠰᠢᠶᠠᠨ᠄
᠊᠊᠊᠊᠊᠊᠊᠊᠊᠊᠊᠊᠊᠊᠊᠊᠊᠊᠊᠊᠊᠊᠊ ᠡᠨᠡ ᠬᠤᠶᠠᠷ ᠲᠤ ᠪᠢᠴᠢᠭ᠌ ᠨᠤᠮ ᠰᠤᠷᠭᠠᠵᠤ ᠪᠠᠢ᠌ᠨᠤ︖ ᠭᠡᠭᠦᠯᠡᠷ ᠨᠠᠮᠰᠠᠷᠠᠢ᠄
᠊᠊᠊᠊᠊᠊᠊᠊᠊᠊᠊᠊᠊᠊᠊᠊᠊᠊᠊᠊᠊᠊᠊ ᠳᠦᠭᠦᠷᠡᠩᠰᠡᠩ ᠡᠨᠡ ᠬᠤᠶᠠᠷ ᠲᠤ ᠵᠢᠭᠠᠯ ᠵᠢᠭᠤᠯ ᠵᠢᠭᠠᠨ ᠥᠭ᠍ᠴᠤ ᠪᠠᠢ᠌ᠨ᠎ᠠ᠃
᠊᠊᠊᠊᠊᠊᠊᠊᠊᠊᠊᠊᠊᠊᠊᠊᠊᠊᠊᠊᠊᠊᠊ ᠳᠡᠭᠡᠪᠠᠯ ᠮᠠᠰᠢ ᠰᠠᠢ᠌ᠨ᠂ ᠮᠠᠰᠢ ᠰᠠᠢ᠌ᠨ᠂ ᠳᠠᠷᠠᠭᠠᠴᠢ ᠶᠢᠨ ᠭᠤᠪᠢ ᠠᠢ᠌ᠮᠠᠭ ᠲᠤ ᠪᠠᠰᠠ ᠬᠤᠶᠠᠷ ᠰᠠᠢ᠌ᠨ ᠡᠷ᠎ᠡ ᠭᠠᠷᠴᠤ ᠢᠷᠡᠭ᠍ᠰᠡᠨ ᠪᠠᠢ᠌ᠨ᠎ᠠ ᠭᠡᠵᠤ ᠨᠠᠮᠠᠬᠠᠢ ᠪᠠ ᠮᠤᠯᠤᠮ ᠳᠤ ᠳᠤᠰ ᠳᠤᠰ ᠭᠤᠷᠪᠠᠨ ᠬᠤᠠᠳᠠᠭ᠎ᠠ ᠠᠷᠢᠭᠢ ᠶᠢ ᠱᠠᠩᠨᠠᠨ ᠴᠠᠢ᠌ᠯᠠᠯᠭ᠎ᠠ ᠦᠷᠭᠦᠯᠵᠢᠯᠡᠪᠡ᠃
ᠡᠨᠡ ᠮᠠᠳᠤ ᠭᠤᠷᠪᠠᠨ ᠡᠳᠦᠷ ᠤᠨ ᠠᠳᠤᠭᠤᠨ ᠳᠡᠯᠡᠯᠭᠡ ᠰᠠᠢ᠌ᠨ ᠶᠢᠡᠷ ᠶᠠᠪᠣᠭᠳᠠᠨ᠂ ᠨᠠᠮᠰᠠᠷᠠᠢ ᠪᠠ ᠰᠠᠮᠫᠢᠯ ᠨᠤᠶᠠᠨ ᠨᠡᠷ ᠪᠦᠷ ᠮᠠᠰᠢ ᠪᠠᠶᠠᠰᠤᠨ ᠨᠤᠳᠤᠭ ᠨᠤᠳᠤᠭ ᠲᠠᠭᠠᠨ ᠪᠣᠴᠠᠵᠠᠭᠠᠪᠠ᠃
ᠨᠠᠢ᠌ᠷ ᠥᠩᠭᠡᠷᠡᠭ᠍ᠰᠡᠨ ᠤ ᠬᠤᠶᠠᠳᠤᠭᠠᠷ ᠡᠳᠦᠷ᠂ ᠨᠠᠮᠰᠠᠷᠠᠢ ᠪᠠᠶᠠᠨ ᠪᠢᠴᠢᠭᠡᠴᠢ ᠳᠦᠭᠦᠷᠡᠩᠰᠡᠩ ᠢ ᠳᠠᠭᠤᠳᠠᠨ ᠢᠷᠠᠵᠤ᠂ ᠭᠡᠳᠤᠨ ᠬᠡᠦᠬᠡᠳ ᠲᠤ ᠪᠢᠴᠢᠭ᠌ ᠵᠢᠭᠠᠯᠭᠠᠬᠤ ᠳᠤᠬᠠᠢ ᠶᠠᠷᠢᠯᠴᠠᠨ᠂ ᠭᠡᠷ ᠤᠨ ᠪᠠᠭᠰᠢ ᠶᠢᠨ ᠶᠤᠰᠤᠭᠠᠷ ᠡᠨᠡ ᠭᠤᠷᠪᠠ ᠳᠤ ᠪᠢᠴᠢᠭ᠌ ᠵᠢᠭᠠᠨ ᠡᠳᠦᠷ ᠬᠤᠨᠤᠭ ᠨᠥᠭ᠍ᠴᠢᠭᠡᠨ᠎ᠡ᠃
ᠵᠤᠬᠢᠶᠠᠭᠴᠢ ᠶᠢᠨ ᠬᠠᠶᠢᠭ ᠄ ᠺᠦᠷᠡᠯ᠎ᠡ ᠬᠤᠳᠠᠨ᠎ᠠ
ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 2590
ᠴᠠᠭ᠄ 2011 ᠤᠨ ᠤ 07 ᠰᠠᠷ᠎ᠠ ᠶᠢᠨ 30