ᠨᠡᠪᠲᠡᠷᠡᠨ ᠤᠷᠤᠬᠤ
ᠵᠢᠷᠭᠤᠭ᠎ᠠ

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠤᠮᠴᠤᠭᠤᠷ ᠴᠠᠭᠠᠨ ᠭᠡᠷ ᠳᠡᠭᠡᠨ

ᠰᠢᠮᠠᠨ ᠳᠡᠪᠢᠰᠭᠡᠷ ᠳᠡᠯᠭᠡᠭᠦ ᠦᠭᠡᠶ ᠦᠦ︖

ᠴᠡᠩᠭᠡᠯᠳᠦᠭᠦ ᠳᠤᠷᠠᠳᠠᠢ ᠨᠥᠭᠦᠤᠨ ᠳᠡᠭᠡᠨ

ᠰᠢᠯᠦᠭ᠌ ᠶᠢᠡᠨ ᠵᠠᠯᠭᠠᠭᠠᠤᠨ ᠪᠠᠷᠢᠬᠤ ᠦᠭᠡᠶ ᠦᠦ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠢᠷᠭᠤᠭᠠᠨ ᠬᠠᠨᠠᠳᠤ ᠶᠢᠨ ᠬᠣᠢ᠌ᠮᠤᠷ ᠳᠠᠭᠠᠨ

ᠵᠤᠵᠠᠭᠠᠨ ᠣᠯᠪᠣᠭ ᠳᠠᠪᠢᠰᠤᠶ᠎ᠠ ᠳ᠋ᠠ᠂

ᠵᠤᠯᠪᠣᠭᠠᠳᠤ ᠣᠯᠠᠨ ᠶᠢᠡᠨ ᠭᠦᠡᠳᠦᠯᠡᠭᠡᠤᠨ

ᠵᠤᠭᠤᠭ ᠶᠢᠡᠨ ᠵᠠᠯᠭᠠᠭᠠᠤᠨ ᠡᠷᠭᠦᠶ᠎ᠡ ᠳ᠋ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠣᠬ᠎ᠠ ᠴᠠᠭᠠᠨ ᠬᠠᠭᠠᠨ ᠢᠷᠠᠵᠤ

ᠶᠠᠭᠠᠭᠢᠭᠰᠠᠨ ᠣᠴᠢᠷ ᠶᠢᠡᠨ ᠠᠢ᠌ᠯᠠᠤᠠᠬᠠᠪᠠ︖

ᠵᠡᠭᠦᠨ ᠭᠤᠷᠯᠤᠰ ᠤᠨ ᠨᠠᠷᠠᠨ ᠬᠠᠭᠠᠨ ᠤ

ᠭᠡᠷᠭᠢᠵᠤ ᠳᠦᠷᠢᠮᠡᠭᠡᠢ᠌ᠯᠡᠭ᠍ᠰᠡᠨ ᠢ ᠮᠡᠳᠡᠭᠦᠯᠪᠡ︖

ᠣᠯᠠᠨ ᠵᠠᠩᠵᠤᠨ ᠶᠢᠡᠨ ᠵᠠᠭᠢᠵᠤ

ᠶᠠᠭᠤ ᠶᠢ ᠮᠤᠬᠤᠯᠠᠢ ᠣᠯᠠᠷᠢᠭᠤᠯᠪᠠ︖

ᠶᠡᠭᠡ ᠨᠢᠳᠤᠷᠭ᠎ᠠ ᠪᠠᠷ ᠭᠠᠵᠠᠷ ᠨᠥᠳᠦᠭ᠍ᠰᠡᠨ ᠤ

ᠶᠠᠭᠤ ᠶᠢ ᠳᠠᠮᠤᠵᠢᠨ ᠮᠠᠳᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠣᠬ᠎ᠠ ᠴᠠᠭᠠᠨ ᠬᠠᠭᠠᠨ ᠢᠷᠠᠵᠤ

ᠪᠠᠴᠢᠮᠳᠠᠭᠰᠠᠨ ᠣᠴᠢᠷ ᠶᠢᠡᠨ ᠠᠢ᠌ᠯᠠᠤᠠᠬᠠᠪᠠ᠂

ᠵᠡᠭᠦᠨ ᠭᠤᠷᠯᠤᠰ ᠤᠨ ᠨᠠᠷᠠᠨ ᠬᠠᠭᠠᠨ ᠤ

ᠵᠠᠯᠭᠢᠵᠤ ᠳᠦᠷᠢᠮᠡᠭᠡᠢ᠌ᠯᠡᠭ᠍ᠰᠡᠨ ᠢ ᠮᠡᠳᠡᠭᠦᠯᠪᠡ᠃

ᠣᠯᠠᠨ ᠵᠠᠩᠵᠤᠨ ᠶᠢᠡᠨ ᠵᠠᠭᠢᠵᠤ

ᠠᠷᠭ᠎ᠠ ᠶᠢ ᠮᠤᠬᠤᠯᠠᠢ ᠣᠯᠠᠷᠢᠭᠤᠯᠪᠠ᠂

ᠶᠡᠭᠡ ᠨᠢᠳᠤᠷᠭ᠎ᠠ ᠪᠠᠷ ᠭᠠᠵᠠᠷ ᠨᠥᠳᠦᠭ᠍ᠰᠡᠨ ᠤ

ᠣᠬᠠᠭᠠᠨ ᠢ ᠳᠠᠮᠤᠵᠢᠨ ᠮᠠᠳᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠰᠡᠷ᠂ ᠪᠠᠯᠭᠦᠳᠡᠢ ᠨᠠᠷ

ᠭᠡᠨ ᠭᠡᠨ ᠢ ᠪᠠᠷᠢᠪᠴᠢᠯᠠᠪᠠ︖

ᠬᠠᠭᠠᠰ ᠡᠳᠦᠷ ᠵᠠᠮᠨᠠᠭᠠᠤᠨ

ᠶᠠᠭᠤ ᠶᠠᠭᠠᠭᠢᠵᠤ ᠶᠠᠪᠣᠭᠤᠯᠪᠠ︖

ᠭᠡᠷᠡᠢ᠌ᠤᠨ ᠤᠨ ᠰᠤᠯᠤᠩᠭ᠋ᠤᠸ᠎ᠠ᠂ ᠲ᠋ᠤᠰᠬᠤ

ᠶᠠᠮᠠᠷ ᠬᠠᠭᠠᠨ ᠳᠤ ᠵᠤᠯᠭᠠᠪᠠ︖

ᠥᠨᠡᠭᠡᠨ ᠮᠦᠷᠠᠨ ᠤ ᠭᠦᠪᠠᠭᠡ ᠳᠡᠭᠡᠷ᠎ᠡ

ᠭᠡᠨ ᠭᠡᠨ ᠢᠷᠠᠵᠤ ᠶᠤᠰᠤᠯᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠰᠡᠷ᠂ ᠪᠠᠯᠭᠦᠳᠡᠢ ᠨᠠᠷ

ᠸᠠᠩᠴᠤᠭ᠂ ᠢᠯᠭᠤᠭᠰᠠᠨ ᠢ ᠪᠠᠷᠢᠪᠴᠢᠯᠠᠪᠠ᠂

ᠬᠠᠭᠠᠰ ᠡᠳᠦᠷ ᠵᠠᠮᠨᠠᠭᠠᠤᠨ

ᠭᠡᠨᠡᠳᠲᠡ ᠠᠯᠳᠠᠵᠤ ᠶᠠᠪᠣᠭᠤᠯᠪᠠ᠃

ᠭᠡᠷᠡᠢ᠌ᠤᠨ ᠤᠨ ᠰᠤᠯᠤᠩᠭ᠋ᠤᠸ᠎ᠠ᠂ ᠲ᠋ᠤᠰᠬᠤ

ᠪᠣᠬ᠎ᠠ ᠴᠠᠭᠠᠨ ᠬᠠᠭᠠᠨ ᠳᠤ ᠵᠤᠯᠭᠠᠪᠠ᠂

ᠥᠨᠡᠭᠡᠨ ᠮᠦᠷᠠᠨ ᠤ ᠭᠦᠪᠠᠭᠡ ᠳᠡᠭᠡᠷ᠎ᠡ

ᠠᠯᠳᠠᠠᠱᠠᠭ᠎ᠠ᠂ ᠲ᠋ᠠᠴᠢᠩᠬᠤᠷᠯᠤ ᠢᠷᠠᠵᠤ ᠶᠤᠰᠤᠯᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ ᠤ ᠵᠢᠳᠠᠨ ᠳᠤ ᠨᠠᠷᠠᠨ ᠬᠠᠭᠠᠨ

ᠠᠯᠢ ᠡᠪᠦᠳᠦᠭ᠌ ᠶᠢᠡᠨ ᠰᠢᠷᠬᠠᠳᠤᠭᠤᠯᠪᠠ︖

ᠰᠠᠢ᠌ᠬᠠᠨ ᠭᠦᠷᠢ ᠪᠠᠢ᠌ᠯᠳᠤᠵᠤ

ᠭᠡᠨ ᠢ ᠪᠠᠷᠢᠵᠤ ᠠᠪᠣᠪᠠ︖

ᠰᠤᠯᠤᠩᠭ᠋ᠤᠸ᠎ᠠ᠂ ᠫᠣᠯᠭᠤᠳᠠᠢ᠂ ᠢᠳᠠᠷ ᠳᠤᠪᠣ

ᠭᠡᠨ ᠭᠦᠮᠤᠨ ᠢ ᠬᠠᠭᠠᠪᠠ︖

ᠰᠤᠯᠤᠩᠭ᠋ᠤᠸ᠎ᠠ ᠵᠠᠪᠳᠤᠨ ᠢᠷᠠᠵᠤ

ᠠᠯᠢᠨ ᠤ ᠪᠠᠨ ᠭᠦᠯᠢᠶᠡᠰᠤ ᠶᠢ ᠳᠠᠢ᠌ᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ ᠤ ᠵᠢᠳᠠᠨ ᠳᠤ ᠨᠠᠷᠠᠨ ᠬᠠᠭᠠᠨ

ᠪᠠᠷᠠᠭᠤᠨ ᠡᠪᠦᠳᠦᠭ᠌ ᠶᠢᠡᠨ ᠰᠢᠷᠬᠠᠳᠤᠭᠤᠯᠪᠠ᠂

ᠰᠠᠢ᠌ᠬᠠᠨ ᠭᠦᠷᠢ ᠪᠠᠢ᠌ᠯᠳᠤᠵᠤ

ᠠᠯᠳᠠᠠᠱᠠᠭ᠎ᠠ ᠶᠢ ᠪᠠᠷᠢᠵᠤ ᠠᠪᠣᠪᠠ᠃

ᠰᠤᠯᠤᠩᠭ᠋ᠤᠸ᠎ᠠ᠂ ᠫᠣᠯᠭᠤᠳᠠᠢ᠂ ᠢᠳᠠᠷ ᠳᠤᠪᠣ

ᠰᠠᠢ᠌ᠬᠠᠨ ᠭᠦᠷᠢ ᠶᠢ ᠬᠠᠭᠠᠪᠠ᠂

ᠰᠤᠯᠤᠩᠭ᠋ᠤᠸ᠎ᠠ ᠵᠠᠪᠳᠤᠨ ᠢᠷᠠᠵᠤ

ᠠᠮᠠᠷᠠᠭ ᠤᠨ ᠶᠢᠡᠨ ᠭᠦᠯᠢᠶᠡᠰᠤ ᠶᠢ ᠳᠠᠢ᠌ᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠡᠷᠡᠢ᠌ᠤᠨ᠂ ᠨᠢ᠋ᠮᠡᠨ᠂ ᠸᠡᠩᠭᠦᠪ ᠤᠳ

ᠬᠠᠮᠢᠭᠠᠭᠢ ᠶᠢ ᠳᠤᠰᠠᠯᠠᠨ᠎ᠠ ᠭᠡᠵᠤ ᠭᠡᠯᠡᠭ᠍ᠰᠡᠨ ᠪᠣᠢ︖

ᠭᠦᠴᠦᠳᠤ ᠫᠣᠤ ᠳᠤᠤᠭᠠᠷᠤᠮᠠᠭᠴᠠ

ᠬᠠᠮᠢᠭᠠᠭᠢ ᠶᠢ ᠰᠢᠭᠤᠳ ᠬᠠᠮᠵᠢᠭᠰᠠᠨ ᠪᠣᠢ︖

ᠢᠯᠭᠤᠭᠰᠠᠨ᠂ ᠸᠠᠩᠴᠤᠭ ᠨᠡᠷ ᠤᠳ

ᠶᠠᠭᠤ ᠶᠢ ᠭᠡᠳᠥᠢᠨ ᠤ ᠠᠪᠠᠴᠢᠴᠢᠬᠠᠭᠰᠠᠨ ᠪᠣᠢ︖

ᠨᠠᠷᠠᠨ ᠬᠠᠭᠠᠨ ᠳᠠᠷᠤᠭᠳᠠᠵᠤ

ᠶᠠᠭᠤ ᠶᠢ ᠵᠥᠳᠡᠭᠦᠤ ᠯᠠ ᠭᠡᠳᠦᠯᠦᠭ᠍ᠰᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠡᠷᠡᠢ᠌ᠤᠨ᠂ ᠨᠢ᠋ᠮᠡᠨ᠂ ᠸᠡᠩᠭᠦᠪ ᠤᠳ

ᠭᠤᠷᠯᠤᠰ ᠢ ᠳᠤᠰᠠᠯᠠᠨ᠎ᠠ ᠭᠡᠵᠤ ᠭᠡᠯᠡᠵᠡᠢ᠂

ᠭᠦᠴᠦᠳᠤ ᠫᠣᠤ ᠳᠤᠤᠭᠠᠷᠤᠮᠠᠭᠴᠠ

ᠪᠧᠲ᠋ᠡ᠋ ᠶᠢ ᠰᠢᠭᠤᠳ ᠬᠠᠮᠵᠢᠵᠠᠢ᠃

ᠢᠯᠭᠤᠭᠰᠠᠨ᠂ ᠸᠠᠩᠴᠤᠭ ᠨᠡᠷ ᠤᠳ

ᠣᠩᠭ᠋ᠤᠴᠠ ᠶᠢ ᠭᠡᠳᠥᠢᠨ ᠤ ᠠᠪᠠᠴᠢᠴᠢᠬᠠᠵᠠᠢ᠂

ᠨᠠᠷᠠᠨ ᠬᠠᠭᠠᠨ ᠳᠠᠷᠤᠭᠳᠠᠵᠤ

ᠮᠦᠷᠠᠨ ᠢ ᠵᠥᠳᠡᠭᠦᠤ ᠯᠠ ᠭᠡᠳᠦᠯᠵᠡᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠦᠷᠢᠶ᠎ᠡ ᠪᠣᠷᠠᠰ ᠤᠨ ᠳᠠᠯ᠎ᠠ ᠳ᠋ᠤ

ᠭᠦᠯᠦᠭ᠌ ᠴᠢᠯᠠᠭᠤᠨ ᠶᠠᠭᠠᠭᠢᠪᠠ︖

ᠫᠣᠯᠭᠤᠳᠠᠢ᠂ ᠢᠳᠠᠷ ᠳᠤᠪᠣ ᠢᠷᠠᠵᠤ

ᠰᠠᠢ᠌ᠬᠠᠨ ᠭᠦᠷᠢ ᠶᠢ ᠭᠡᠷᠭᠢᠪᠡ︖

ᠨᠠᠷᠠᠨ ᠬᠠᠭᠠᠨ ᠳᠤᠳᠠᠭᠠᠵᠤ

ᠨᠤᠳᠤᠭ ᠤᠨ ᠶᠢᠡᠨ ᠭᠦᠮᠤᠨ ᠲᠡᠶ ᠶᠠᠭᠠᠭᠢᠪᠠ︖

ᠮᠤᠬᠤᠯᠠᠢ ᠶᠢᠨ ᠳᠠᠪᠤᠨ ᠵᠠᠩᠵᠤᠨ ᠳ᠋ᠤ

ᠬᠤᠳᠠ ᠪᠠᠨ ᠠᠯᠳᠠᠭᠰᠠᠨ ᠶᠢᠡᠨ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠦᠷᠢᠶ᠎ᠡ ᠪᠣᠷᠠᠰ ᠤᠨ ᠳᠠᠯ᠎ᠠ ᠳ᠋ᠤ

ᠭᠦᠯᠦᠭ᠌ ᠴᠢᠯᠠᠭᠤᠨ ᠭᠦᠡᠳᠡᠯᠢᠰᠪᠡ᠂

ᠫᠣᠯᠭᠤᠳᠠᠢ᠂ ᠢᠳᠠᠷ ᠳᠤᠪᠣ ᠢᠷᠠᠵᠤ

ᠰᠠᠢ᠌ᠬᠠᠨ ᠭᠦᠷᠢ ᠶᠢ ᠪᠠᠷᠢᠪᠴᠢᠯᠠᠪᠠ᠃

ᠨᠠᠷᠠᠨ ᠬᠠᠭᠠᠨ ᠳᠤᠳᠠᠭᠠᠵᠤ

ᠨᠤᠳᠤᠭ ᠤᠨ ᠶᠢᠡᠨ ᠭᠦᠮᠤᠨ ᠲᠡᠶ ᠣᠴᠠᠷᠠᠪᠠ᠂

ᠮᠤᠬᠤᠯᠠᠢ ᠶᠢᠨ ᠳᠠᠪᠤᠨ ᠵᠠᠩᠵᠤᠨ ᠳ᠋ᠤ

ᠬᠤᠳᠠ ᠪᠠᠨ ᠠᠯᠳᠠᠭᠰᠠᠨ ᠶᠢᠡᠨ ᠰᠤᠨᠤᠰᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠡᠷᠢᠶ᠎ᠡ ᠭᠢᠪᠭᠡᠷ ᠤᠨ ᠬᠠᠪᠴᠢᠯ ᠳ᠋ᠤ

ᠭᠡᠨ ᠤ ᠴᠡᠷᠢᠭ᠌ ᠬᠠᠭᠠᠪᠠ︖

ᠬᠠᠳᠠ ᠥᠩᠭᠦᠷᠢᠭᠦᠯᠤᠨ ᠪᠠᠢ᠌ᠯᠳᠤᠵᠤ

ᠶᠠᠮᠠᠷ ᠭᠡᠨ ᠢ ᠪᠠᠷᠢᠪᠴᠢᠯᠠᠪᠠ︖

ᠳᠠᠮᠤᠵᠢᠨ ᠨᠠᠷᠠᠨ ᠬᠠᠭᠠᠨ ᠬᠤᠶᠠᠭᠤᠯᠠ

ᠶᠠᠭᠤᠨ ᠤ ᠥᠭᠡ ᠮᠦᠷᠣᠢ᠌ᠴᠠᠪᠠ︖

ᠲᠦᠰᠢᠮᠠᠤᠨ ᠨᠡᠷ ᠤᠨ ᠠᠢ᠌ᠯᠠᠤᠠᠬᠠᠯ ᠵᠢᠠᠷ

ᠶᠠᠮᠠᠷ ᠬᠠᠭᠠᠨ ᠢ ᠬᠤᠷᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠡᠷᠢᠶ᠎ᠡ ᠭᠢᠪᠭᠡᠷ ᠤᠨ ᠬᠠᠪᠴᠢᠯ ᠳ᠋ᠤ

ᠬᠠᠰᠠᠷ ᠤᠨ ᠴᠡᠷᠢᠭ᠌ ᠪᠠᠭᠤᠪᠠ᠂

ᠬᠠᠳᠠ ᠥᠩᠭᠦᠷᠢᠭᠦᠯᠤᠨ ᠪᠠᠢ᠌ᠯᠳᠤᠵᠤ

ᠨᠠᠷᠠᠨ ᠬᠠᠭᠠᠨ ᠢ ᠪᠠᠷᠢᠪᠴᠢᠯᠠᠪᠠ᠃

ᠳᠠᠮᠤᠵᠢᠨ᠂ ᠨᠠᠷᠠᠨ ᠬᠠᠭᠠᠨ ᠬᠤᠶᠠᠭᠤᠯᠠ

ᠲᠦᠷᠦ ᠶᠢᠨ ᠥᠭᠡ ᠮᠦᠷᠣᠢ᠌ᠴᠠᠪᠠ᠂

ᠲᠦᠰᠢᠮᠠᠤᠨ ᠨᠡᠷ ᠤᠨ ᠠᠢ᠌ᠯᠠᠤᠠᠬᠠᠯ ᠵᠢᠠᠷ

ᠨᠠᠷᠠᠨ ᠬᠠᠭᠠᠨ ᠢ ᠬᠤᠷᠢᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠤᠷᠯᠤᠰ ᠤᠨ ᠨᠢ᠋ᠮᠠᠨ ᠵᠠᠩᠵᠤᠨ ᠢ

ᠶᠠᠭᠤᠨ ᠡᠴᠡ ᠳᠠᠮᠤᠵᠢᠨ ᠰᠤᠯᠠᠯᠠᠪᠠ︖

ᠳᠦᠷᠪᠡᠨ ᠳᠡᠭᠦᠤ ᠳᠦᠷᠪᠡᠨ ᠭᠦᠯᠦᠭ᠌ ᠳᠡᠭᠡᠨ

ᠶᠠᠭᠤ ᠪᠣᠯᠭᠠᠨ ᠳᠠᠭᠠᠭᠤᠯᠪᠠ︖

ᠪᠣᠬ᠎ᠠ ᠴᠠᠭᠠᠨ ᠬᠠᠭᠠᠨ ᠢ

ᠬᠠᠮᠢᠭᠠᠭᠢ ᠬᠤᠳᠠᠨ ᠳᠤ ᠰᠠᠭᠤᠯᠭᠠᠪᠠ︖

ᠳᠦᠳᠡᠭᠦ ᠳᠦᠷᠭᠡᠨ᠂ ᠥᠯᠵᠡᠢ ᠨᠡᠷ ᠵᠢᠠᠷ

ᠠᠯᠢ ᠬᠤᠳᠠᠤᠨ ᠢ ᠬᠠᠮᠢᠶᠠᠷᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠤᠷᠯᠤᠰ ᠤᠨ ᠨᠢ᠋ᠮᠠᠨ ᠵᠠᠩᠵᠤᠨ ᠢ

ᠭᠢᠠᠳᠠᠨ ᠡᠴᠡ ᠳᠠᠮᠤᠵᠢᠨ ᠰᠤᠯᠠᠯᠠᠪᠠ᠂

ᠳᠦᠷᠪᠡᠨ ᠳᠡᠭᠦᠤ ᠳᠦᠷᠪᠡᠨ ᠭᠦᠯᠦᠭ᠌ ᠳᠡᠭᠡᠨ

ᠲᠦᠰᠢᠮᠠᠯ ᠪᠣᠯᠭᠠᠨ ᠳᠠᠭᠠᠭᠤᠯᠪᠠ᠃

ᠪᠣᠬ᠎ᠠ ᠴᠠᠭᠠᠨ ᠬᠠᠭᠠᠨ ᠢ

ᠭᠤᠷᠯᠤᠰ ᠤᠨ ᠶᠡᠭᠡ ᠬᠤᠳᠠᠨ ᠳᠤ ᠰᠠᠭᠤᠯᠭᠠᠪᠠ᠂

ᠳᠦᠳᠡᠭᠦ ᠳᠦᠷᠭᠡᠨ᠂ ᠥᠯᠵᠡᠢ ᠨᠡᠷ ᠵᠢᠠᠷ

ᠪᠣᠰᠤᠳ ᠬᠤᠳᠠᠤᠨ ᠢ ᠬᠠᠮᠢᠶᠠᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠨᠠᠷᠠᠨ ᠬᠠᠭᠠᠨ ᠢ ᠭᠡᠯᠳᠦᠷᠢᠭᠦᠯᠵᠤ

ᠶᠠᠮᠠᠷ ᠭᠠᠵᠠᠷ ᠰᠠᠭᠤᠯᠭᠠᠪᠠ︖

ᠪᠣᠭᠤᠷᠴᠢ᠂ ᠪᠣᠭᠤᠷᠤᠯ ᠨᠡᠷ ᠯᠤᠭ᠎ᠠ

ᠭᠡᠨ ᠣᠷᠤᠭ ᠬᠤᠳᠠ ᠪᠣᠯᠪᠠ︖

ᠠᠯᠳᠠᠠᠱᠠᠭ᠎ᠠ᠂ ᠰᠤᠯᠤᠩᠭ᠋ᠤᠸ᠎ᠠ ᠬᠤᠶᠠᠷ ᠤᠨ

ᠶᠠᠮᠠᠷ ᠶᠠᠭᠤ ᠶᠢ ᠳᠡᠭᠦᠰᠭᠡᠪᠡ︖

ᠳᠤᠰᠬᠤ᠂ ᠬᠠᠰ ᠳᠤᠶᠠᠭ᠎ᠠ ᠬᠤᠶᠠᠷ ᠤᠨ

ᠶᠠᠮᠠᠷ ᠶᠠᠭᠤ ᠶᠢ ᠭᠦᠢᠴᠤᠨᠭᠡᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠨᠠᠷᠠᠨ ᠬᠠᠭᠠᠨ ᠢ ᠭᠡᠯᠳᠦᠷᠢᠭᠦᠯᠵᠤ

ᠬᠠᠷ᠎ᠠ ᠭᠢᠭᠦᠯ ᠳᠤ ᠰᠠᠭᠤᠯᠭᠠᠪᠠ᠂

ᠪᠣᠭᠤᠷᠴᠢ᠂ ᠪᠣᠭᠤᠷᠤᠯ ᠨᠡᠷ ᠯᠤᠭ᠎ᠠ

ᠨᠠᠷᠠᠨ ᠬᠠᠭᠠᠨ ᠣᠷᠤᠭ ᠬᠤᠳᠠ ᠪᠣᠯᠪᠠ᠃

ᠠᠯᠳᠠᠠᠱᠠᠭ᠎ᠠ᠂ ᠰᠤᠯᠤᠩᠭ᠋ᠤᠸ᠎ᠠ ᠬᠤᠶᠠᠷ ᠤᠨ

ᠣᠷᠤᠭ ᠬᠤᠷᠢᠮ ᠢ ᠳᠡᠭᠦᠰᠭᠡᠪᠡ᠂

ᠳᠤᠰᠬᠤ᠂ ᠬᠠᠰ ᠳᠤᠶᠠᠭ᠎ᠠ ᠬᠤᠶᠠᠷ ᠤᠨ

ᠲᠦᠷᠦ ᠬᠤᠷᠢᠮ ᠢ ᠭᠦᠢᠴᠤᠨᠭᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠦᠷᠪᠡᠨ ᠭᠦᠯᠦᠭ᠌ ᠶᠢᠡᠨ ᠵᠠᠷᠤᠵᠤ

ᠶᠠᠮᠠᠷ ᠶᠠᠭᠤᠨ ᠳᠤ ᠶᠠᠪᠣᠭᠤᠯᠪᠠ︖

ᠳᠡᠭᠦᠰ ᠭᠦᠴᠦᠳᠡᠨ ᠡᠷ᠎ᠡ ᠪᠠ

ᠶᠠᠮᠠᠷ ᠶᠠᠮᠠᠷ ᠤᠳ ᠢ ᠰᠤᠩᠭ᠋ᠤᠭᠤᠯᠪᠠ︖

ᠠᠢ᠌ᠮᠠᠭ ᠪᠦᠷᠢ ᠶᠢᠨ ᠭᠠᠵᠠᠷ

ᠶᠠᠭᠤᠨ ᠤ ᠪᠠᠭᠤᠳᠠᠯ ᠪᠠᠢ᠌ᠭᠤᠯᠪᠠ︖

ᠣᠬᠠᠭᠠᠨ ᠰᠡᠷᠭᠦᠯᠡᠩ ᠣᠯᠠᠨ ᠳ᠋ᠤ

ᠶᠠᠮᠠᠷ ᠥᠰᠦᠭ᠌ ᠢ ᠰᠤᠷᠭᠠᠯᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠦᠷᠪᠡᠨ ᠭᠦᠯᠦᠭ᠌ ᠶᠢᠡᠨ ᠵᠠᠷᠤᠵᠤ

ᠶᠡᠭᠡ ᠰᠢᠯᠭᠠᠯᠭᠠᠨ ᠢ ᠶᠠᠪᠣᠭᠤᠯᠪᠠ᠂

ᠳᠡᠭᠦᠰ ᠭᠦᠴᠦᠳᠡᠨ ᠡᠷ᠎ᠡ ᠪᠠ

ᠰᠠᠴᠠᠨ ᠰᠡᠷᠭᠦᠯᠡᠩ ᠤᠳ ᠢ ᠰᠤᠩᠭ᠋ᠤᠭᠤᠯᠪᠠ᠃

ᠠᠢ᠌ᠮᠠᠭ ᠪᠦᠷᠢ ᠶᠢᠨ ᠭᠠᠵᠠᠷ

ᠰᠤᠷᠭᠠᠯ ᠤᠨ ᠪᠠᠭᠤᠳᠠᠯ ᠪᠠᠢ᠌ᠭᠤᠯᠪᠠ᠂

ᠣᠬᠠᠭᠠᠨ ᠰᠡᠷᠭᠦᠯᠡᠩ ᠣᠯᠠᠨ ᠳ᠋ᠤ

ᠣᠢ᠌ᠭᠤᠷ ᠥᠰᠦᠭ᠌ ᠢ ᠰᠤᠷᠭᠠᠯᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠡᠷᠢᠭ᠌ ᠤᠨ ᠳᠤᠭ᠎ᠠ ᠶᠢ ᠴᠥᠭᠡᠤᠨᠭᠡᠭᠦ ᠵᠢ

ᠭᠡᠨ ᠣᠷᠤᠵᠤ ᠠᠢ᠌ᠯᠠᠤᠠᠬᠠᠪᠠ︖

ᠴᠢᠭᠢᠷᠠᠭ ᠡᠴᠡ ᠴᠢᠭᠢᠷᠠᠭ ᠢ ᠰᠤᠩᠭ᠋ᠤᠬᠤ ᠳ᠋ᠤ

ᠭᠡᠨ ᠵᠠᠷᠯᠢᠭ ᠪᠣᠯᠪᠠ︖

ᠡᠷᠡᠯᠭᠡᠭ᠌ ᠵᠠᠩᠵᠤᠨ ᠰᠠᠢ᠌ᠳ ᠤᠳ

ᠶᠠᠭᠤᠨ ᠤ ᠳᠤᠭ᠎ᠠ ᠶᠢ ᠴᠥᠭᠡᠤᠨᠭᠡᠪᠡ︖

ᠪᠣᠯᠤᠳ ᠭᠦᠴᠦᠳᠤ ᠳᠠᠪᠤᠨ ᠲᠦᠮᠡ ᠳ᠋ᠤ

ᠶᠠᠭᠤ ᠶᠠᠭᠤ ᠨᠡᠮᠡᠭᠦᠯᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠡᠷᠢᠭ᠌ ᠤᠨ ᠳᠤᠭ᠎ᠠ ᠶᠢ ᠴᠥᠭᠡᠤᠨᠭᠡᠭᠦ ᠵᠢ

ᠮᠤᠬᠤᠯᠠᠢ ᠣᠷᠤᠵᠤ ᠠᠢ᠌ᠯᠠᠤᠠᠬᠠᠪᠠ᠂

ᠴᠢᠭᠢᠷᠠᠭ ᠡᠴᠡ ᠴᠢᠭᠢᠷᠠᠭ ᠢ ᠰᠤᠩᠭ᠋ᠤᠬᠤ ᠵᠢ

ᠳᠠᠮᠤᠵᠢᠨ ᠵᠠᠷᠯᠢᠭ ᠪᠣᠯᠪᠠ᠃

ᠡᠷᠡᠯᠭᠡᠭ᠌ ᠵᠠᠩᠵᠤᠨ ᠰᠠᠢ᠌ᠳ ᠤᠳ

ᠴᠡᠷᠢᠭ᠌ ᠤᠨ ᠳᠤᠭ᠎ᠠ ᠶᠢ ᠴᠥᠭᠡᠤᠨᠭᠡᠪᠡ᠂

ᠪᠣᠯᠤᠳ ᠭᠦᠴᠦᠳᠤ ᠳᠠᠪᠤᠨ ᠲᠦᠮᠡ ᠳ᠋ᠤ

ᠭᠦᠨᠡᠰᠤ ᠳᠡᠵᠢᠭᠡᠯ ᠨᠡᠮᠡᠭᠦᠯᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠨᠡ ᠳᠠᠢ᠌ᠰᠤᠨ ᠢ ᠨᠠᠪᠳᠠᠯᠤᠨ ᠭᠠᠷᠴᠤ

ᠡᠨᠡᠳᠭᠡᠭ᠌ ᠲᠤ ᠭᠦᠷᠦᠶ᠎ᠡ ᠭᠡᠰᠡᠨ ᠭᠡᠨ ᠪᠣᠢ︖

ᠡᠡᠭ᠌ ᠣᠯᠠᠨ ᠭᠡᠷ ᠴᠡᠷᠢᠭ᠌ ᠵᠢᠠᠨ

ᠨᠠᠢ᠌ᠳᠠ ᠪᠠᠷ ᠢ ᠵᠠᠷᠯᠠᠭᠰᠠᠨ ᠭᠡᠨ ᠪᠣᠢ︖

ᠲᠡᠶ ᠰᠠᠴᠠᠨ᠂ ᠲ᠋ᠤᠷᠭᠠᠨ ᠰᠢᠷ᠎ᠠ ᠳᠡᠷᠢᠭᠦᠯᠡᠨ

ᠣᠯᠤᠰ ᠶᠢᠡᠨ ᠰᠠᠭᠢᠬᠤ ᠭᠡᠳᠦᠢ ᠲᠦᠮᠡ ᠪᠣᠢ︖

ᠳᠠᠮᠤᠵᠢᠨ᠂ ᠮᠤᠬᠤᠯᠠᠢ ᠳᠠᠢ᠌ᠴᠢᠯᠠᠨ

ᠳᠠᠢ᠌ᠨ ᠳᠤ ᠮᠤᠷᠳᠠᠬᠤ ᠭᠡᠳᠦᠢ ᠲᠦᠮᠡ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠨᠡ ᠳᠠᠢ᠌ᠰᠤᠨ ᠢ ᠨᠠᠪᠳᠠᠯᠤᠨ ᠭᠠᠷᠴᠤ

ᠡᠨᠡᠳᠭᠡᠭ᠌ ᠲᠤ ᠭᠦᠷᠦᠶ᠎ᠡ ᠭᠡᠰᠡᠨ ᠳᠠᠮᠤᠵᠢᠨ᠂

ᠡᠡᠭ᠌ ᠣᠯᠠᠨ ᠭᠡᠷ ᠴᠡᠷᠢᠭ᠌ ᠵᠢᠠᠨ

ᠨᠠᠢ᠌ᠳᠠ ᠪᠠᠷ ᠢ ᠵᠠᠷᠯᠠᠭᠰᠠᠨ ᠮᠤᠬᠤᠯᠠᠢ᠃

ᠲᠡᠶ ᠰᠠᠴᠠᠨ᠂ ᠲ᠋ᠤᠷᠭᠠᠨ ᠰᠢᠷ᠎ᠠ ᠳᠡᠷᠢᠭᠦᠯᠡᠨ

ᠣᠯᠤᠰ ᠶᠢᠡᠨ ᠰᠠᠭᠢᠬᠤ ᠳᠦᠴᠢᠨ ᠲᠦᠮᠡ᠂

ᠳᠠᠮᠤᠵᠢᠨ᠂ ᠮᠤᠬᠤᠯᠠᠢ ᠳᠠᠢ᠌ᠴᠢᠯᠠᠨ

ᠳᠠᠢ᠌ᠨ ᠳᠤ ᠮᠤᠷᠳᠠᠬᠤ ᠠᠷᠪᠠᠨ ᠳᠠᠪᠤᠨ ᠲᠦᠮᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠠᠭᠠᠵᠠ ᠶᠢᠨ ᠫᠣᠤ ᠶᠢᠨ ᠳᠦᠷᠢᠮ ᠵᠢᠠᠷ

ᠭᠡᠨ ᠴᠤ ᠳᠦᠷᠦᠭᠡ ᠳᠦᠷᠦᠭᠡᠪᠴᠢᠯᠡᠪᠡ︖

ᠴᠡᠷᠢᠭ᠌ ᠤᠨ ᠵᠢᠨᠦᠡᠭ᠌ ᠥᠵᠡᠭᠡᠤᠨ

ᠶᠠᠭᠤ ᠶᠠᠭᠠᠭᠢᠵᠤ ᠮᠥᠷᠭᠦᠪᠡ︖

ᠳᠤᠭᠳᠤᠩᠭ᠋ᠤ ᠬᠤᠰᠢᠭᠤᠴᠢ ᠪᠣᠯᠵᠤ

ᠶᠠᠮᠠᠷ ᠭᠠᠵᠠᠷ ᠭᠦᠷᠪᠡ︖

ᠠᠵᠢᠨᠠᠢ ᠮᠤᠷᠢᠨ ᠵᠢᠭᠰᠠᠭᠠᠯ ᠵᠢᠠᠨ

ᠶᠠᠮᠠᠷ ᠠᠭᠤᠯᠠ ᠶᠢᠨ ᠡᠮᠦᠨ᠎ᠡ ᠵᠢᠭᠰᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠠᠭᠠᠵᠠ ᠶᠢᠨ ᠫᠣᠤ ᠶᠢᠨ ᠳᠦᠷᠢᠮ ᠵᠢᠠᠷ

ᠳᠠᠮᠤᠵᠢᠨ ᠴᠤ ᠳᠦᠷᠦᠭᠡ ᠳᠦᠷᠦᠭᠡᠪᠴᠢᠯᠡᠪᠡ᠂

ᠴᠡᠷᠢᠭ᠌ ᠤᠨ ᠵᠢᠨᠦᠡᠭ᠌ ᠥᠵᠡᠭᠡᠤᠨ

ᠵᠢᠷᠦᠭᠡ ᠢᠭ᠍ᠳᠦᠯᠤᠨ ᠮᠥᠷᠭᠦᠪᠡ᠃

ᠳᠤᠭᠳᠤᠩᠭ᠋ᠤ ᠬᠤᠰᠢᠭᠤᠴᠢ ᠪᠣᠯᠵᠤ

ᠬᠠᠷ᠎ᠠ ᠭᠢᠭᠦᠯ ᠳᠤ ᠭᠦᠷᠪᠡ᠂

ᠠᠵᠢᠨᠠᠢ ᠮᠤᠷᠢᠨ ᠵᠢᠭᠰᠠᠭᠠᠯ ᠵᠢᠠᠨ

ᠭᠠᠯ ᠠᠭᠤᠯᠠ ᠶᠢᠨ ᠡᠮᠦᠨ᠎ᠡ ᠵᠢᠭᠰᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠯᠴᠢ ᠪᠠᠷ ᠢᠷᠡᠭᠡᠤᠨ ᠪᠧᠲ᠋ᠡ᠋ ᠶᠢᠨ ᠡᠭᠦᠳᠡᠨ ᠳ᠋ᠤ

ᠥᠭᠦᠭᠦ ᠭᠡᠰᠡᠨ ᠭᠡᠨ ᠳᠠᠷᠠ︖

ᠡᠨᠡ ᠭᠦᠮᠤᠨ ᠢ ᠥᠭᠦᠭᠦᠯᠦᠭ᠍ᠰᠡᠨ ᠦᠭᠡᠶ ᠪᠠᠷ

ᠠᠮᠢᠳᠤ ᠪᠣᠴᠠᠭᠤᠯᠤᠭᠰᠠᠨ ᠭᠡᠨ ᠳᠠᠷᠠ︖

ᠡᠭᠡᠵᠤ ᠬᠠᠷᠢᠭᠰᠠᠨ ᠴᠠᠰ ᠠᠭᠤᠯᠠ ᠵᠢ

ᠳᠡᠷᠭᠡᠨ᠎ᠡ ᠬᠤᠷᠢᠭᠤᠯᠤᠭᠰᠠᠨ ᠬᠠᠮᠢᠭᠠᠭᠢ ᠡᠵᠡᠨ︖

ᠳᠡᠢ᠌ᠯᠦᠭ᠍ᠰᠡᠨ ᠴᠠᠭ ᠲᠤ ᠳᠡᠭᠦᠨ ᠵᠢᠠᠷ

ᠳᠤᠭ ᠳᠠᠭᠢᠨ᠎ᠠ ᠭᠡᠰᠡᠨ ᠶᠠᠮᠠᠷ ᠬᠠᠭᠠᠨ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠯᠴᠢ ᠪᠠᠷ ᠢᠷᠡᠭᠡᠤᠨ ᠪᠧᠲ᠋ᠡ᠋ ᠶᠢᠨ ᠡᠭᠦᠳᠡᠨ ᠳ᠋ᠤ

ᠥᠭᠦᠭᠦ ᠭᠡᠰᠡᠨ ᠴᠠᠰ ᠠᠭᠤᠯᠠ᠂

ᠡᠨᠡ ᠭᠦᠮᠤᠨ ᠢ ᠥᠭᠦᠭᠦᠯᠦᠭ᠍ᠰᠡᠨ ᠦᠭᠡᠶ ᠪᠠᠷ

ᠠᠮᠢᠳᠤ ᠪᠣᠴᠠᠭᠤᠯᠤᠭᠰᠠᠨ ᠮᠤᠬᠤᠯᠠᠢ᠃

ᠡᠭᠡᠵᠤ ᠬᠠᠷᠢᠭᠰᠠᠨ ᠴᠠᠰ ᠠᠭᠤᠯᠠ ᠵᠢ

ᠳᠡᠷᠭᠡᠨ᠎ᠡ ᠬᠤᠷᠢᠭᠤᠯᠤᠭᠰᠠᠨ ᠬᠠᠷᠯᠢᠭᠤᠳ ᠤᠨ ᠡᠵᠡᠨ᠂

ᠳᠡᠢ᠌ᠯᠦᠭ᠍ᠰᠡᠨ ᠴᠠᠭ ᠲᠤ ᠳᠡᠭᠦᠨ ᠵᠢᠠᠷ

ᠳᠤᠭ ᠳᠠᠭᠢᠨ᠎ᠠ ᠭᠡᠰᠡᠨ ᠠᠷᠰᠯᠠᠨ ᠬᠠᠭᠠᠨ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ᠂ ᠠᠷᠰᠯᠠᠨ ᠡᠰᠡᠷᠭᠦᠯᠡᠵᠤ

《ᠬᠡᠭᠡᠨ》 ᠥᠰᠦᠭ᠌ ᠢ ᠶᠠᠭᠠᠭᠢᠪᠠ︖

ᠪᠧᠲ᠋ᠡ᠋᠂ ᠬᠠᠷᠯᠢᠭᠤᠳ ᠤᠨ ᠠᠷᠪᠠᠨ ᠵᠠᠩᠵᠤᠨ

ᠬᠠᠷᠭᠤᠯᠳᠤᠨ ᠪᠠᠢ᠌ᠯᠳᠤᠭᠠᠤᠨ ᠭᠡᠷᠭᠢᠪᠡ︖

ᠬᠠᠷᠯᠢᠭᠤᠳ ᠤᠨ ᠶᠡᠭᠡ ᠴᠡᠷᠢᠭ᠌

ᠪᠧᠲ᠋ᠡ᠋ ᠶᠢᠨ ᠭᠦᠷᠢᠶ᠎ᠡ ᠶᠢ ᠶᠠᠭᠠᠭᠢᠪᠠ︖

ᠭᠡᠳᠦᠷᠭᠡᠢ ᠮᠡᠷᠭᠡᠨ ᠮᠤᠬᠤᠯᠠᠢ

ᠪᠣᠭᠤᠵᠢᠳᠤ ᠡᠪᠠᠰᠤ ᠪᠠᠷ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ᠂ ᠠᠷᠰᠯᠠᠨ ᠡᠰᠡᠷᠭᠦᠯᠡᠵᠤ

《ᠬᠡᠭᠡᠨ》 ᠥᠰᠦᠭ᠌ ᠢ ᠰᠢᠭᠦᠮᠵᠢᠯᠡᠪᠡ᠂

ᠪᠧᠲ᠋ᠡ᠋᠂ ᠬᠠᠷᠯᠢᠭᠤᠳ ᠤᠨ ᠠᠷᠪᠠᠨ ᠵᠠᠩᠵᠤᠨ

ᠬᠠᠷᠭᠤᠯᠳᠤᠨ ᠪᠠᠢ᠌ᠯᠳᠤᠭᠠᠤᠨ ᠰᠠᠯᠤᠯᠴᠠᠪᠠ᠃

ᠬᠠᠷᠯᠢᠭᠤᠳ ᠤᠨ ᠶᠡᠭᠡ ᠴᠡᠷᠢᠭ᠌

ᠪᠧᠲ᠋ᠡ᠋ ᠶᠢᠨ ᠭᠦᠷᠢᠶ᠎ᠡ ᠶᠢ ᠬᠠᠭᠠᠪᠠ᠂

ᠭᠡᠳᠦᠷᠭᠡᠢ ᠮᠡᠷᠭᠡᠨ ᠮᠤᠬᠤᠯᠠᠢ

ᠪᠣᠭᠤᠵᠢᠳᠤ ᠡᠪᠠᠰᠤ ᠪᠠᠷ ᠵᠠᠪᠠ ᠠᠪᠣᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ ᠤ ᠮᠠᠶ‍ᠢᠭ ᠶᠢᠡᠷ ᠶᠠᠩᠵᠤᠯᠠᠭᠠᠤᠨ

ᠶᠠᠮᠠᠷ ᠬᠠᠭᠠᠨ ᠪᠠᠷᠠᠭᠤᠠᠰᠢ ᠪᠠᠨ ᠪᠣᠢ︖

ᠲᠦᠷᠦ ᠶᠢᠨ ᠵᠢᠨᠦᠡᠭ᠌ ᠤᠨ ᠠᠷᠭ᠎ᠠ ᠪᠠᠷ

ᠠᠯᠢ ᠡᠵᠡᠨ ᠬᠣᠢ᠌ᠰᠢ ᠪᠠᠨ ᠪᠣᠢ︖

ᠬᠠᠷᠯᠢᠭᠤᠳ ᠤᠨ ᠵᠠᠩᠵᠤᠨ ᠰᠢᠷ᠎ᠠ ᠭᠤᠤᠯ ᠢ

ᠶᠠᠭᠠᠭᠢᠵᠤ ᠠᠯᠠᠭᠰᠠᠨ ᠴᠠᠭᠠᠳᠠᠢ ᠪᠣᠢ︖

ᠣᠭᠳᠤᠵᠤ ᠢᠷᠡᠭ᠍ᠰᠡᠨ ᠮᠥᠩᠭᠦᠨ ᠰᠠᠷᠠᠨ ᠢ

ᠭᠡᠷᠭᠢᠵᠤ ᠪᠠᠷᠢᠪᠴᠢᠯᠠᠭᠰᠠᠨ ᠬᠣᠢ᠌ᠯᠠᠳᠠᠷ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ ᠤ ᠮᠠᠶ‍ᠢᠭ ᠶᠢᠡᠷ ᠶᠠᠩᠵᠤᠯᠠᠭᠠᠤᠨ

ᠨᠠᠷᠠᠨ ᠬᠠᠭᠠᠨ ᠪᠠᠷᠠᠭᠤᠠᠰᠢ ᠪᠠᠨ᠂

ᠲᠦᠷᠦ ᠶᠢᠨ ᠵᠢᠨᠦᠡᠭ᠌ ᠤᠨ ᠠᠷᠭ᠎ᠠ ᠪᠠᠷ

ᠳᠠᠮᠤᠵᠢᠨ ᠡᠵᠡᠨ ᠬᠣᠢ᠌ᠰᠢ ᠪᠠᠨ᠃

ᠬᠠᠷᠯᠢᠭᠤᠳ ᠤᠨ ᠵᠠᠩᠵᠤᠨ ᠰᠢᠷ᠎ᠠ ᠭᠤᠤᠯ ᠢ

ᠬᠠᠷᠪᠣᠵᠤ ᠠᠯᠠᠭᠰᠠᠨ ᠴᠠᠭᠠᠳᠠᠢ᠂

ᠣᠭᠳᠤᠵᠤ ᠢᠷᠡᠭ᠍ᠰᠡᠨ ᠮᠥᠩᠭᠦᠨ ᠰᠠᠷᠠᠨ ᠢ

ᠣᠷᠬᠠᠯᠠᠵᠤ ᠪᠠᠷᠢᠪᠴᠢᠯᠠᠭᠰᠠᠨ ᠬᠣᠢ᠌ᠯᠠᠳᠠᠷ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠢᠮᠪᠢ ᠳᠠᠷᠬᠠᠨ ᠢ ᠪᠠᠷᠢᠪᠴᠢᠯᠠᠭᠠᠤᠨ

ᠶᠠᠪᠣᠭ᠎ᠠ ᠶᠢ ᠪᠦᠮᠪᠦᠷᠢᠭᠦᠯᠦᠭ᠍ᠰᠡᠨ ᠭᠡᠨ ᠳᠠᠷᠠ︖

ᠴᠠᠭᠢᠯᠭᠠᠨ ᠮᠠᠳᠤ ᠭᠢᠯᠢᠩᠨᠡᠭᠡᠤᠨ

ᠪᠠᠢ᠌ᠯᠳᠤᠷ᠎ᠠ ᠣᠷᠤᠭᠰᠠᠨ ᠭᠡᠨ ᠳᠠᠷᠠ︖

ᠳᠠᠮᠤᠷ ᠰᠢᠳᠠᠮ ᠶᠢᠡᠷ ᠠᠷᠰᠯᠠᠨ ᠬᠠᠭᠠᠨ ᠤ

ᠳᠠᠷᠢᠭᠢ ᠶᠢ ᠳᠡᠯᠪᠠᠯᠦᠭ᠍ᠰᠡᠨ ᠭᠡᠨ ᠳᠠᠷᠠ︖

ᠳᠡᠢ᠌ᠯᠦᠭ᠍ᠰᠡᠨ ᠣᠯᠠᠨ ᠤ ᠪᠠᠨ ᠰᠠᠢ᠌ᠨ ᠵᠢᠠᠷ

ᠳᠡᠭᠡᠰᠤᠨ ᠡᠴᠡ ᠰᠠᠯᠤᠭᠰᠠᠨ ᠭᠡᠨ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠢᠮᠪᠢ ᠳᠠᠷᠬᠠᠨ ᠢ ᠪᠠᠷᠢᠪᠴᠢᠯᠠᠭᠠᠤᠨ

ᠶᠠᠪᠣᠭ᠎ᠠ ᠶᠢ ᠪᠦᠮᠪᠦᠷᠢᠭᠦᠯᠦᠭ᠍ᠰᠡᠨ ᠠᠷᠰᠯᠠᠨ ᠬᠠᠭᠠᠨ᠂

ᠴᠠᠭᠢᠯᠭᠠᠨ ᠮᠠᠳᠤ ᠭᠢᠯᠢᠩᠨᠡᠭᠡᠤᠨ

ᠪᠠᠢ᠌ᠯᠳᠤᠷ᠎ᠠ ᠣᠷᠤᠭᠰᠠᠨ ᠳᠠᠮᠤᠵᠢᠨ᠃

ᠳᠠᠮᠤᠷ ᠰᠢᠳᠠᠮ ᠶᠢᠡᠷ ᠠᠷᠰᠯᠠᠨ ᠬᠠᠭᠠᠨ ᠤ

ᠳᠠᠷᠢᠭᠢ ᠶᠢ ᠳᠡᠯᠪᠠᠯᠦᠭ᠍ᠰᠡᠨ ᠮᠤᠬᠤᠯᠠᠢ᠂

ᠳᠡᠢ᠌ᠯᠦᠭ᠍ᠰᠡᠨ ᠣᠯᠠᠨ ᠤ ᠪᠠᠨ ᠰᠠᠢ᠌ᠨ ᠵᠢᠠᠷ

ᠳᠡᠭᠡᠰᠤᠨ ᠡᠴᠡ ᠰᠠᠯᠤᠭᠰᠠᠨ ᠴᠢᠮᠪᠢ ᠳᠠᠷᠬᠠᠨ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠰ ᠮᠦᠷᠠᠨ ᠢ ᠵᠢᠳᠠᠯᠠᠨ ᠣᠨᠠᠭᠠᠭᠰᠠᠨ

ᠬᠠᠷ᠎ᠠ ᠭᠦᠴᠦᠳᠤ ᠭᠡᠨ ᠳᠠᠷᠠ︖

ᠨᠠᠷᠠᠨ ᠬᠠᠭᠠᠨ ᠤ ᠭᠦᠵᠦᠭᠦᠤ ᠪᠠᠷ

ᠨᠠᠪᠳᠠ ᠵᠢᠳᠠᠯᠠᠭᠰᠠᠨ ᠭᠡᠨ ᠳᠠᠷᠠ︖

ᠵᠠᠭ ᠮᠤᠳᠤ ᠶᠢ ᠵᠠᠯ᠎ᠠ ᠳᠡᠭᠡᠰᠤ ᠪᠠᠷ

ᠳᠤᠰᠢᠵᠤ ᠪᠠᠷᠢᠭᠰᠠᠨ ᠭᠡᠨ ᠳᠠᠷᠠ︖

ᠵᠢᠷᠠᠨ ᠲᠦᠮᠡᠨ ᠬᠠᠷᠯᠢᠭᠤᠳ ᠢ

ᠦᠷᠦᠰᠢᠶᠠᠯ ᠶᠢᠡᠷ ᠳᠠᠭᠠᠭᠤᠯᠤᠭᠰᠠᠨ ᠭᠡᠨ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠰ ᠮᠦᠷᠠᠨ ᠢ ᠵᠢᠳᠠᠯᠠᠵᠤ ᠣᠨᠠᠭᠠᠭᠰᠠᠨ

ᠬᠠᠷ᠎ᠠ ᠭᠦᠴᠦᠳᠤ ᠨᠠᠷᠠᠨ ᠬᠠᠭᠠᠨ᠂

ᠨᠠᠷᠠᠨ ᠬᠠᠭᠠᠨ ᠤ ᠭᠦᠵᠦᠭᠦᠤ ᠪᠠᠷ

ᠨᠠᠪᠳᠠ ᠵᠢᠳᠠᠯᠠᠭᠰᠠᠨ ᠵᠠᠭ ᠮᠤᠳᠤ᠃

ᠵᠠᠭ ᠮᠤᠳᠤ ᠶᠢ ᠵᠠᠯ᠎ᠠ ᠳᠡᠭᠡᠰᠤ ᠪᠠᠷ

ᠳᠤᠰᠢᠵᠤ ᠪᠠᠷᠢᠭᠰᠠᠨ ᠴᠡᠴᠡᠭ᠌᠂

ᠵᠢᠷᠠᠨ ᠲᠦᠮᠡᠨ ᠬᠠᠷᠯᠢᠭᠤᠳ ᠢ

ᠦᠷᠦᠰᠢᠶᠠᠯ ᠶᠢᠡᠷ ᠳᠠᠭᠠᠭᠤᠯᠤᠭᠰᠠᠨ ᠵᠢᠨᠦᠡᠭ᠌᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠭ ᠮᠤᠳᠤ ᠶᠢᠨ ᠵᠢᠷᠦᠭᠡ ᠪᠠᠷ

ᠶᠠᠮᠠᠷ ᠬᠠᠭᠠᠨ ᠢ ᠳᠠᠭᠢᠪᠠ

ᠴᠥᠭᠡᠨ ᠶᠢᠡᠷ ᠣᠯᠠᠨ ᠢ ᠳᠡᠢ᠌ᠯᠦᠭ᠍ᠰᠡᠨ ᠵᠢᠠᠨ

ᠶᠠᠮᠠᠷ ᠮᠤᠬᠤᠯᠠᠢ ᠳᠠᠢ᠌ᠯᠪᠣᠷᠢᠯᠠᠪᠠ︖

ᠪᠢᠳᠡᠭᠦᠤ ᠳᠡᠷᠭᠡᠨ ᠤ ᠴᠠᠰ ᠠᠭᠤᠯᠠ

ᠶᠠᠭᠠᠭᠢᠵᠤ ᠶᠠᠭᠠᠭᠢᠬᠤ ᠶᠢ ᠭᠤᠶᠤᠪᠠ︖

ᠪᠠᠲ᠋ᠡ᠋ ᠶᠢᠨ ᠡᠵᠡᠨ ᠳᠠᠮᠤᠵᠢᠨ

ᠭᠡᠷᠭᠢᠨ ᠭᠡᠷᠭᠢᠵᠤ ᠠᠮᠢᠳᠤᠷᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠭ ᠮᠤᠳᠤ ᠶᠢᠨ ᠵᠢᠷᠦᠭᠡ ᠪᠠᠷ

ᠨᠠᠷᠠᠨ ᠬᠠᠭᠠᠨ ᠢ ᠳᠠᠭᠢᠪᠠ᠂

ᠴᠥᠭᠡᠨ ᠶᠢᠡᠷ ᠣᠯᠠᠨ ᠢ ᠳᠡᠢ᠌ᠯᠦᠭ᠍ᠰᠡᠨ ᠵᠢᠠᠨ

ᠵᠢᠨᠦᠡᠭ᠌ ᠮᠤᠬᠤᠯᠠᠢ ᠳᠠᠢ᠌ᠯᠪᠣᠷᠢᠯᠠᠪᠠ᠃

ᠪᠢᠳᠡᠭᠦᠤ ᠳᠡᠷᠭᠡᠨ ᠤ ᠴᠠᠰ ᠠᠭᠤᠯᠠ

ᠪᠠᠷᠢᠨ ᠥᠭᠦᠭᠦ ᠶᠢ ᠭᠤᠶᠤᠪᠠ᠂

ᠪᠧᠲ᠋ᠡ᠋ ᠶᠢᠨ ᠡᠵᠡᠨ ᠳᠠᠮᠤᠵᠢᠨ

ᠪᠠᠭᠳᠠᠭᠠᠵᠤ ᠰᠠᠢ᠌ᠰᠢᠶᠠᠵᠤ ᠠᠮᠢᠳᠤᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠷᠯᠢᠭᠤᠳ ᠢ ᠳᠤᠭᠳᠠᠭᠠᠭᠰᠠᠨ ᠳᠠᠮᠤᠵᠢᠨ

ᠠᠯᠢ ᠣᠷᠤᠨ ᠵᠥᠭ᠌ ᠣᠷᠤᠪᠠ︖

ᠬᠠᠷ᠎ᠠ ᠳᠠᠩᠭ᠋ᠤᠳ ᠤᠨ ᠰᠢᠳᠤᠷᠭᠤ ᠬᠠᠭᠠᠨ

ᠶᠠᠭᠤ ᠲᠡᠶ ᠪᠠᠨ ᠣᠭᠳᠤᠵᠤ ᠮᠥᠷᠭᠦᠪᠡ︖

ᠰᠢᠶᠠ ᠣᠯᠤᠰ ᠤᠨ ᠯᠢ ᠠᠨ ᠴᠢᠤᠸᠠᠨ

ᠶᠠᠮᠠᠷ ᠭᠠᠵᠠᠷ ᠢ ᠳᠤᠪᠳᠤᠯᠪᠠ︖

ᠴᠠᠭᠠᠳᠠᠢ᠂ ᠪᠣᠭᠤᠷᠴᠢ ᠱᠠᠯᠠᠮᠠᠭᠠᠢ᠌ᠯᠠᠨ

ᠶᠠᠭᠤ ᠶᠠᠭᠤ ᠪᠠᠨ ᠬᠠᠮᠠᠭᠠᠯᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠷᠯᠢᠭᠤᠳ ᠢ ᠳᠤᠭᠳᠠᠭᠠᠭᠰᠠᠨ ᠳᠠᠮᠤᠵᠢᠨ

ᠲᠦᠪᠡᠳ ᠤᠨ ᠣᠷᠤᠨ ᠵᠥᠭ᠌ ᠣᠷᠤᠪᠠ᠂

ᠬᠠᠷ᠎ᠠ ᠳᠠᠩᠭ᠋ᠤᠳ ᠤᠨ ᠰᠢᠳᠤᠷᠭᠤ ᠬᠠᠭᠠᠨ

ᠲᠦᠰᠢᠮᠠᠤᠨ ᠲᠡᠶ ᠪᠠᠨ ᠣᠭᠳᠤᠨ ᠮᠥᠷᠭᠦᠪᠡ᠃

ᠰᠢᠶᠠ ᠣᠯᠤᠰ ᠤᠨ ᠯᠢ ᠠᠨ ᠴᠢᠤᠸᠠᠨ

ᠯᠢ ᠴᠢᠯᠢ ᠬᠤᠷᠢᠶ᠎ᠠ ᠶᠢ ᠳᠤᠪᠳᠤᠯᠪᠠ᠂

ᠴᠠᠭᠠᠳᠠᠢ᠂ ᠪᠣᠭᠤᠷᠴᠢ ᠱᠠᠯᠠᠮᠠᠭᠠᠢ᠌ᠯᠠᠨ

ᠨᠤᠳᠤᠭ ᠣᠰᠤ ᠪᠠᠨ ᠬᠠᠮᠠᠭᠠᠯᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠦᠲᠤᠩ ᠤᠨ ᠡᠵᠡᠨ ᠪᠠᠪᠠᠫᠦ᠋

ᠬᠠᠮᠢᠭᠠᠭᠢ ᠴᠡᠷᠢᠭ᠌ ᠢ ᠭᠦᠡᠳᠡᠯᠢᠰᠪᠡ︖

ᠭᠦᠭᠡ ᠰᠢᠷᠠᠮᠤᠨ ᠴᠢᠯᠠᠭᠤ ᠵᠢ

ᠭᠡᠨ ᠬᠠᠷᠪᠣᠵᠤ ᠭᠡᠮᠭᠡᠯᠪᠡ︖

ᠭᠦᠡᠳᠡᠯᠢᠰᠴᠤ ᠢᠷᠡᠭ᠍ᠰᠡᠨ ᠪᠠᠪᠠᠫᠦ᠋

ᠶᠠᠭᠤᠨ ᠤ ᠬᠤᠪᠢᠯᠭᠠᠨ ᠭᠡᠵᠤ ᠪᠢᠰᠢᠷᠠᠪᠠ︖

ᠭᠦᠮᠤᠨ ᠪᠦᠷᠢ ᠰᠢᠷᠤᠢ ᠨᠠᠮᠠᠵᠤ

ᠶᠠᠮᠠᠷ ᠠᠭᠤᠯᠠ ᠶᠢ ᠪᠣᠵᠠᠭᠠᠢ᠌ᠷᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠦᠲᠤᠩ ᠤᠨ ᠡᠵᠡᠨ ᠪᠠᠪᠠᠫᠦ᠋

ᠪᠧᠲ᠋ᠡ᠋ ᠶᠢᠨ ᠴᠡᠷᠢᠭ᠌ ᠢ ᠭᠦᠡᠳᠡᠯᠢᠰᠪᠡ᠂

ᠭᠦᠭᠡ ᠰᠢᠷᠠᠮᠤᠨ ᠴᠢᠯᠠᠭᠤ ᠵᠢ

ᠳᠠᠮᠤᠵᠢᠨ ᠬᠠᠷᠪᠣᠵᠤ ᠭᠡᠮᠭᠡᠯᠪᠡ᠃

ᠭᠦᠡᠳᠡᠯᠢᠰᠴᠤ ᠢᠷᠡᠭ᠍ᠰᠡᠨ ᠪᠠᠪᠠᠫᠦ᠋

ᠬᠤᠷᠮᠤᠰᠳᠠ ᠶᠢᠨ ᠬᠤᠪᠢᠯᠭᠠᠨ ᠭᠡᠵᠤ ᠪᠢᠰᠢᠷᠠᠪᠠ᠂

ᠭᠦᠮᠤᠨ ᠪᠦᠷᠢ ᠰᠢᠷᠤᠢ ᠨᠠᠮᠠᠵᠤ

《ᠳᠠᠮᠤᠷ ᠣᠯᠬᠤ ᠠᠭᠤᠯᠠ》 ᠵᠢ᠌ ᠪᠣᠵᠠᠭᠠᠢ᠌ᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠲᠦᠪᠡᠳ ᠤᠨ ᠬᠠᠭᠠᠨ ᠭᠦᠡᠯᠡᠭ᠌ ᠳᠤᠷᠵᠢ

《ᠶᠡᠭᠡ ᠳᠡᠮᠳᠡᠭ᠌ ᠪᠦᠳᠦᠭᠡᠯ》 ᠶᠠᠭᠠᠭᠢᠪᠠ︖

ᠭᠦᠴᠤᠨ ᠭᠦᠷᠳᠤᠨ ᠢ ᠣᠷᠴᠢᠭᠤᠯᠤᠭᠴᠢ ᠬᠠᠭᠠᠨ ᠭᠡᠵᠤ

ᠭᠦᠴᠦᠷᠭᠡᠭ᠌ ᠳᠠᠮᠤᠵᠢᠨ ᠢ ᠭᠡᠷᠭᠢᠪᠡ︖

ᠪᠯᠠᠮ᠎ᠠ ᠯᠤᠸᠠᠽᠠᠸ᠎ᠠ ᠠᠨᠠᠠᠳᠠ ᠺᠠᠷᠪᠢ ᠳ᠋ᠤ

ᠳᠠᠮᠤᠵᠢᠨ ᠶᠠᠭᠤ ᠶᠠᠭᠠᠭᠢᠪᠠ︖

ᠪᠠᠯᠪᠣ ᠶᠢᠨ ᠬᠠᠭᠠᠨ ᠸᠠᠷᠨᠠᠰᠢ

ᠪᠧᠲ᠋ᠡ᠋ ᠳᠤ ᠶᠠᠭᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠲᠦᠪᠡᠳ ᠤᠨ ᠬᠠᠭᠠᠨ ᠭᠦᠡᠯᠡᠭ᠌ ᠳᠤᠷᠵᠢ

《ᠶᠡᠭᠡ ᠳᠡᠮᠳᠡᠭ᠌ ᠪᠦᠳᠦᠭᠡᠯ》 ᠣᠩᠰᠢᠭᠤᠯᠪᠠ᠂

ᠭᠦᠴᠤᠨ ᠭᠦᠷᠳᠤᠨ ᠢ ᠣᠷᠴᠢᠭᠤᠯᠤᠭᠴᠢ ᠬᠠᠭᠠᠨ ᠭᠡᠵᠤ

ᠭᠦᠴᠦᠷᠭᠡᠭ᠌ ᠳᠠᠮᠤᠵᠢᠨ ᠢ ᠭᠦᠡᠳᠦᠯᠡᠪᠡ᠃

ᠪᠯᠠᠮ᠎ᠠ ᠯᠤᠸᠠᠽᠠᠸ᠎ᠠ ᠠᠨᠠᠠᠳᠠ ᠺᠠᠷᠪᠢ ᠳ᠋ᠤ

ᠳᠡᠮᠦᠵᠢᠨ ᠪᠠᠯᠡᠭ᠌ ᠢᠯᠡᠭᠡᠪᠡ᠂

ᠪᠠᠯᠪᠣ ᠶᠢᠨ ᠬᠠᠭᠠᠨ ᠸᠠᠷᠨᠠᠰᠢ

ᠪᠧᠲ᠋ᠡ᠋ ᠳᠤ ᠠᠯᠪᠠ ᠪᠠᠷᠢᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠶᠡᠭᠡ ᠪᠧᠲ᠋ᠡ᠋ ᠶᠢᠨ ᠴᠡᠷᠢᠭ᠌

ᠡᠨᠤᠨᠭᠡᠭ᠌ ᠤᠨ ᠵᠠᠬ᠎ᠠ ᠣᠷᠤᠭᠤ ᠶᠠᠭᠠᠭᠢᠪᠠ︖

ᠴᠢᠤᠠᠭᠠᠷᠠᠩ ᠤᠨ ᠳᠠᠪᠠᠭᠠᠨ ᠳᠡᠭᠡᠷ᠎ᠡ

ᠰᠸᠷᠤ ᠭᠦᠷᠦᠭᠡᠰᠤ ᠭᠡᠷᠭᠢᠪᠡ︖

ᠰᠥᠭᠦᠳᠦᠭ᠍ᠰᠡᠨ ᠳᠠᠷᠠ ᠭᠦᠷᠦᠭᠡᠰᠤᠨ ᠳ᠋ᠤ

ᠳᠠᠮᠤᠵᠢᠨ ᠰᠢᠷ᠎ᠠ ᠭ᠌‍ᠭᠢᠪ ᠶᠠᠭᠠᠭᠢᠪᠠ︖

ᠱᠠᠭᠢᠮᠤᠨᠢ ᠶᠢᠨ ᠣᠷᠤᠨ ᠳᠤ ᠭᠦᠷᠦᠯ ᠦᠭᠡᠶ ᠪᠠᠷ

ᠪᠧᠲ᠋ᠠᠴᠤᠳ ᠰᠥᠰᠦᠭᠯᠡᠵᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠶᠡᠭᠡ ᠪᠧᠲ᠋ᠡ᠋ ᠶᠢᠨ ᠴᠡᠷᠢᠭ᠌

ᠡᠨᠤᠨᠭᠡᠭ᠌ ᠤᠨ ᠵᠠᠬ᠎ᠠ ᠣᠷᠤᠭᠤ ᠣᠷᠤᠪᠠ᠂

ᠴᠢᠤᠠᠭᠠᠷᠠᠩ ᠤᠨ ᠳᠠᠪᠠᠭᠠᠨ ᠳᠡᠭᠡᠷ᠎ᠡ

ᠰᠸᠷᠤ ᠭᠦᠷᠦᠭᠡᠰᠤ ᠢᠷᠠᠪᠠ᠃

ᠰᠥᠭᠦᠳᠦᠭ᠍ᠰᠡᠨ ᠳᠠᠷᠠ ᠭᠦᠷᠦᠭᠡᠰᠤᠨ ᠳ᠋ᠤ

ᠳᠠᠮᠤᠵᠢᠨ ᠰᠢᠷ᠎ᠠ ᠭ᠌‍ᠭᠢᠪ ᠵᠡᠭᠦᠯᠭᠡᠪᠡ᠂

ᠱᠠᠭᠢᠮᠤᠨᠢ ᠶᠢᠨ ᠣᠷᠤᠨ ᠳᠤ ᠭᠦᠷᠦᠯ ᠦᠭᠡᠶ ᠪᠠᠷ

ᠪᠧᠲ᠋ᠠᠴᠤᠳ ᠰᠥᠰᠦᠭᠯᠡᠵᠤ ᠡᠭᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠢᠩ ᠦᠨᠡᠨ ᠶᠢᠡᠷ ᠶᠤᠰᠤᠯᠠᠭᠰᠠᠨ

ᠴᠠᠭᠠᠨ ᠳᠠᠪᠠᠯᠳᠤ ᠶᠢᠨ ᠡᠵᠡᠨ ᠭᠡᠨ ᠪᠣᠢ︖

ᠶᠤᠰᠤᠨ ᠤ ᠪᠠᠯᠡᠭ᠌ ᠲᠡᠶ ᠳᠠᠭᠠᠭᠰᠠᠨ

ᠷᠤᠮ ᠤᠨ ᠡᠵᠡᠨ ᠭᠡᠨ ᠪᠣᠢ︖

ᠣᠴᠤᠭ᠎ᠠ ᠣᠯᠤᠰ᠂ ᠴᠢ ᠣᠯᠤᠰ ᠢ ᠳᠠᠭᠠᠭᠤᠯᠤᠭᠰᠠᠨ

ᠡᠯᠴᠢ ᠲᠦᠰᠢᠮᠠᠯ ᠭᠡᠨ ᠪᠣᠢ︖

ᠦᠨᠡᠨ ᠢ ᠮᠡᠳᠡᠭᠦ ᠦᠭᠡᠶ ᠭᠡᠳᠡᠷᠡᠭᠦᠯᠦᠭ᠍ᠰᠡᠨ

ᠡᠳᠡᠭᠡᠤᠨ ᠰᠠᠷᠳᠠᠭᠴᠢᠨ ᠤ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠢᠩ ᠦᠨᠡᠨ ᠶᠢᠡᠷ ᠶᠤᠰᠤᠯᠠᠭᠰᠠᠨ

ᠴᠠᠭᠠᠨ ᠳᠠᠪᠠᠯᠳᠤ ᠶᠢᠨ ᠡᠵᠡᠨ ᠭᠦᠷᠬ᠎ᠠ᠂

ᠶᠤᠰᠤᠨ ᠤ ᠪᠠᠯᠡᠭ᠌ ᠲᠡᠶ ᠳᠠᠭᠠᠭᠰᠠᠨ

ᠷᠤᠮ ᠤᠨ ᠡᠵᠡᠨ ᠰᠠᠩᠴᠤᠪ᠃

ᠣᠴᠤᠭ᠎ᠠ ᠣᠯᠤᠰ᠂ ᠴᠢ ᠣᠯᠤᠰ ᠢ ᠳᠠᠭᠠᠭᠤᠯᠤᠭᠰᠠᠨ

ᠡᠯᠴᠢ ᠲᠦᠰᠢᠮᠠᠯ ᠴᠠᠰ ᠠᠭᠤᠯᠠ᠂

ᠦᠨᠡᠨ ᠢ ᠮᠡᠳᠡᠭᠦ ᠦᠭᠡᠶ ᠭᠡᠳᠡᠷᠡᠭᠦᠯᠦᠭ᠍ᠰᠡᠨ

ᠡᠳᠡᠭᠡᠤᠨ ᠰᠠᠷᠳᠠᠭᠴᠢᠨ ᠤ ᠠᠮᠪᠠᠭᠠᠢ ᠬᠠᠭᠠᠨ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠴᠤᠭ᠎ᠠ ᠣᠯᠤᠰ ᠤᠨ ᠮᠠᡁᠠᠪᠠᠯ᠎ᠠ

ᠡᠷᠭᠡᠳᠤ ᠳᠠᠮᠤᠵᠢᠨ ᠳᠤ ᠶᠠᠭᠠᠭᠢᠪᠠ︖

ᠴᠢ ᠣᠯᠤᠰ ᠤᠨ ᠪᠠᠯᠠᠷᠢᠮᠪᠣ

ᠶᠡᠭᠡ ᠦᠷᠦᠰᠢᠶᠠᠯ ᠳᠤ ᠭᠡᠷᠭᠢᠪᠡ︖

ᠭᠦᠮᠤᠨ ᠤ ᠰᠠᠤᠠᠭᠢᠯ ᠢ ᠡᠵᠡᠯᠡᠭᠦ ᠵᠢ

ᠴᠠᠭᠠᠳᠠᠢ ᠳᠤ ᠳᠠᠮᠤᠵᠢᠨ ᠶᠠᠭᠠᠭᠢᠪᠠ︖

ᠯᠥᠸᠧ ᠽᠢ ᠴᠸᠩ᠂ ᠯᠢ ᠴᠢᠯᠢ ᠬᠤᠷᠢᠶ᠎ᠠ ᠵᠢᠨ

ᠢᠷᠭᠡᠤᠨ ᠢ ᠨᠡᠭᠦᠯᠭᠡᠭ᠍ᠰᠡᠨ ᠢ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠴᠤᠭ᠎ᠠ ᠣᠯᠤᠰ ᠤᠨ ᠮᠠᡁᠠᠪᠠᠯ᠎ᠠ

ᠡᠷᠭᠡᠳᠤ ᠳᠠᠮᠤᠵᠢᠨ ᠳᠤ ᠵᠤᠯᠭᠠᠪᠠ᠂

ᠴᠢ ᠣᠯᠤᠰ ᠤᠨ ᠪᠠᠯᠠᠷᠢᠮᠪᠣ

ᠶᠡᠭᠡ ᠦᠷᠦᠰᠢᠶᠠᠯ ᠳᠤ ᠮᠥᠷᠭᠦᠪᠡ᠃

ᠭᠦᠮᠤᠨ ᠤ ᠰᠠᠤᠠᠭᠢᠯ ᠢ ᠡᠵᠡᠯᠡᠭᠦ ᠵᠢ

ᠴᠠᠭᠠᠳᠠᠢ ᠳᠤ ᠳᠠᠮᠤᠵᠢᠨ ᠰᠤᠷᠭᠠᠪᠠ᠂

ᠯᠥᠸᠧ ᠽᠢ ᠴᠸᠩ᠂ ᠯᠢ ᠴᠢᠯᠢ ᠬᠤᠷᠢᠶ᠎ᠠ ᠵᠢᠨ

ᠡᠷᠭᠡᠤᠨ ᠢ ᠨᠡᠭᠦᠯᠭᠡᠭ᠍ᠰᠡᠨ ᠢ ᠪᠣᠷᠤᠭᠤᠰᠢᠶᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠷ ᠪᠢᠴᠢᠭ᠌ ᠳᠠᠷᠬᠠᠭᠠᠵᠤ

ᠭᠡᠴᠢᠨᠡᠭᠡᠨ ᠶᠡᠭᠡ ᠣᠯᠤᠰ ᠭᠦᠳᠡᠯᠪᠡ︖

ᠵᠠᠷᠯᠢᠭ ᠳᠤᠩᠬᠠᠭ ᠨᠠᠪᠳᠠᠷᠠᠵᠤ

ᠭᠡᠴᠢᠨᠡᠭᠡᠨ ᠪᠠᠭ᠎ᠠ ᠠᠢ᠌ᠮᠠᠭ ᠴᠤᠭᠯᠠᠪᠠ︖

ᠡᠵᠡᠨ ᠳᠠᠮᠤᠵᠢᠨ ᠪᠣᠷᠬᠠᠨ ᠬᠠᠯᠳᠤᠨ ᠡᠴᠡ

ᠶᠠᠮᠠᠷ ᠭᠤᠤᠯ ᠤᠨ ᠵᠥᠭ᠌ ᠢᠷᠠᠪᠠ︖

ᠶ‍ᠢᠰᠤᠨ ᠡᠡᠭ᠌ ᠤᠨ ᠲᠦᠰᠢᠮᠠᠤᠨ ᠨᠠᠷ

ᠭᠡᠳᠤᠨ ᠣᠭᠳᠤᠯᠭ᠎ᠠ ᠪᠠᠷ ᠣᠭᠳᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠷ ᠪᠢᠴᠢᠭ᠌ ᠳᠠᠷᠬᠠᠭᠠᠵᠤ

ᠭᠤᠴᠢᠨ ᠵᠢᠷᠭᠤᠭᠠᠨ ᠶᠡᠭᠡ ᠣᠯᠤᠰ ᠭᠦᠳᠡᠯᠪᠡ᠂

ᠵᠠᠷᠯᠢᠭ ᠳᠤᠩᠬᠠᠭ ᠨᠠᠪᠳᠠᠷᠠᠵᠤ

ᠳᠠᠯᠠᠨ ᠬᠤᠶᠠᠷ ᠪᠠᠭ᠎ᠠ ᠠᠢ᠌ᠮᠠᠭ ᠴᠤᠭᠯᠠᠪᠠ᠃

ᠡᠵᠡᠨ ᠳᠠᠮᠤᠵᠢᠨ ᠪᠣᠷᠬᠠᠨ ᠬᠠᠯᠳᠤᠨ ᠡᠴᠡ

ᠮᠦᠡᠭ᠌ ᠭᠤᠤᠯ ᠤᠨ ᠵᠥᠭ᠌ ᠢᠷᠠᠪᠠ᠂

ᠶ‍ᠢᠰᠤᠨ ᠡᠡᠭ᠌ ᠤᠨ ᠲᠦᠰᠢᠮᠠᠤᠨ ᠨᠠᠷ

ᠶ‍ᠢᠰᠤᠨ ᠣᠭᠳᠤᠯᠭ᠎ᠠ ᠪᠠᠷ ᠣᠭᠳᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠦᠷᠪᠡᠨ ᠰᠠᠷ᠎ᠠ ᠶᠢᠨ ᠨᠢᠭᠡᠨ᠎ᠡ

ᠳᠡᠭ᠍ᠷᠢ ᠭᠠᠵᠠᠷ ᠢ ᠶᠠᠭᠠᠭᠢᠭᠰᠠᠨ ᠪᠣᠢ︖

ᠳᠡᠭᠡᠳᠤ ᠦᠵᠢᠨ ᠤ ᠦᠨᠳᠦᠷ ᠬᠤᠳᠤᠭ ᠢ

ᠳᠠᠮᠤᠵᠢᠨ ᠳᠠᠭᠠᠤᠠᠬᠠᠵᠤ ᠭᠡᠷᠭᠢᠭ᠍ᠰᠡᠨ ᠪᠣᠢ︖

ᠥᠷᠭᠡᠨ ᠴᠢᠭᠤᠯᠭᠠᠨ ᠤ ᠣᠯᠠᠨ

ᠡᠵᠡᠨ ᠤ ᠪᠠᠨ ᠳᠡᠷᠭᠡᠳᠡ ᠶᠠᠭᠠᠭᠢᠭᠰᠠᠨ ᠪᠣᠢ︖

ᠶᠡᠭᠡ ᠬᠠᠭᠠᠨ ᠪᠣᠯᠳᠤᠭᠠᠢ ᠭᠡᠵᠤ

ᠥᠷᠯᠦᠭ᠌ ᠳᠤᠷᠭᠠᠨ ᠰᠢᠷ᠎ᠠ ᠭᠡᠷᠭᠢᠭ᠍ᠰᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠦᠷᠪᠡᠨ ᠰᠠᠷ᠎ᠠ ᠶᠢᠨ ᠨᠢᠭᠡᠨ᠎ᠡ

ᠳᠡᠭ᠍ᠷᠢ ᠭᠠᠵᠠᠷ ᠢ ᠳᠠᠭᠢᠭᠰᠠᠨ᠂

ᠳᠡᠭᠡᠳᠤ ᠦᠵᠢᠨ ᠤ ᠦᠨᠳᠦᠷ ᠬᠤᠳᠤᠭ ᠢ

ᠳᠠᠮᠤᠵᠢᠨ ᠳᠠᠭᠠᠤᠠᠬᠠᠵᠤ ᠮᠥᠷᠭᠦᠭ᠍ᠰᠡᠨ᠃

ᠥᠷᠭᠡᠨ ᠴᠢᠭᠤᠯᠭᠠᠨ ᠤ ᠣᠯᠠᠨ

ᠡᠵᠡᠨ ᠤ ᠪᠠᠨ ᠳᠡᠷᠭᠡᠳᠡ ᠰᠥᠭᠦᠳᠦᠭ᠍ᠰᠡᠨ᠂

ᠶᠡᠭᠡ ᠬᠠᠭᠠᠨ ᠪᠣᠯᠳᠤᠭᠠᠢ ᠭᠡᠵᠤ

ᠥᠷᠯᠦᠭ᠌ ᠳᠤᠷᠭᠠᠨ ᠰᠢᠷ᠎ᠠ ᠠᠢ᠌ᠯᠠᠤᠠᠬᠠᠭᠰᠠᠨ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠢᠯᠢᠭ᠍ᠳᠤ ᠰᠠᠯᠭᠢ ᠪᠠᠷ ᠢᠯᠡᠷᠡᠭ᠍ᠰᠡᠨ ᠢ

ᠶᠠᠮᠠᠷ ᠴᠢᠯᠠᠭᠤ ᠪᠠᠷ ᠳᠠᠢ᠌ᠯᠤᠨ᠎ᠠ ᠪᠣᠢ︖

ᠪᠢᠳᠤᠷᠢᠶᠠᠨ ᠴᠢᠯᠠᠭᠤᠨ ᠳᠡᠭᠡᠷ᠎ᠡ ᠰᠠᠭᠤᠭᠰᠠᠨ ᠢ

ᠶᠠᠮᠠᠷ ᠰᠢᠪᠠᠭᠤ ᠪᠠᠷ ᠳᠠᠢ᠌ᠯᠤᠨ᠎ᠠ ᠪᠣᠢ︖

ᠴᠢᠩᠭᠢᠰ᠂ ᠴᠢᠩᠭᠢᠰ᠂ ᠴᠢᠩᠭᠢᠰ ᠭᠡᠵᠤ

ᠶᠠᠭᠤ ᠨᠢ ᠳᠤᠩᠭ᠋ᠤᠳᠤᠭᠰᠠᠨ ᠶᠢᠡᠷ ᠳᠠᠢ᠌ᠯᠤᠨ᠎ᠠ ᠪᠣᠢ︖

ᠴᠢᠯᠠᠭᠤ ᠶᠢ ᠮᠤᠬᠤᠯᠠᠢ ᠬᠠᠭᠠᠯᠤᠭᠠᠤᠨ

ᠶᠠᠭᠤ ᠶᠢ ᠣᠯᠤᠭᠰᠠᠨ ᠶᠢᠡᠷ ᠳᠠᠢ᠌ᠯᠤᠨ᠎ᠠ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠢᠯᠢᠭ᠍ᠳᠤ ᠰᠠᠯᠭᠢ ᠪᠠᠷ ᠢᠯᠡᠷᠡᠭ᠍ᠰᠡᠨ

ᠪᠢᠳᠤᠷᠢᠶᠠᠨ ᠴᠢᠯᠠᠭᠤ ᠪᠠᠷ ᠳᠠᠢ᠌ᠯᠤᠶ᠎ᠠ᠂

ᠪᠢᠳᠤᠷᠢᠶᠠᠨ ᠴᠢᠯᠠᠭᠤᠨ ᠳᠡᠭᠡᠷ᠎ᠡ ᠰᠠᠭᠤᠭᠰᠠᠨ ᠢ

ᠬᠤᠪᠢᠯᠭᠠᠨ ᠰᠢᠪᠠᠭᠤ ᠪᠠᠷ ᠳᠠᠢ᠌ᠯᠤᠶ᠎ᠠ᠃

ᠴᠢᠩᠭᠢᠰ᠂ ᠴᠢᠩᠭᠢᠰ᠂ ᠴᠢᠩᠭᠢᠰ ᠭᠡᠵᠤ

ᠰᠢᠪᠠᠭᠤ ᠨᠢ ᠳᠤᠩᠭ᠋ᠤᠳᠤᠭᠰᠠᠨ ᠶᠢᠡᠷ ᠳᠠᠢ᠌ᠯᠤᠶ᠎ᠠ᠂

ᠴᠢᠯᠠᠭᠤ ᠶᠢ ᠮᠤᠬᠤᠯᠠᠢ ᠬᠠᠭᠠᠯᠤᠭᠠᠤᠨ

ᠬᠠᠰ ᠢ ᠣᠯᠤᠭᠰᠠᠨ ᠶᠢᠡᠷ ᠳᠠᠢ᠌ᠯᠤᠶ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠯᠠᠭᠠᠨ ᠪᠠᠷᠰ ᠵᠢᠯ ᠳ᠋ᠤ

ᠶᠠᠮᠠᠷ ᠣᠯᠤᠰ ᠪᠠᠢ᠌ᠭᠤᠯᠤᠭᠳᠠᠪᠠ︖

ᠠᠷᠪᠠᠨ ᠬᠤᠶᠠᠷ ᠰᠠᠷ᠎ᠠ ᠶᠢᠨ ᠨᠢᠭᠡᠨ ᠳ᠋ᠤ

ᠶᠠᠮᠠᠷ ᠬᠠᠭᠠᠨ ᠣᠷᠤ ᠰᠠᠭᠤᠪᠠ︖

ᠮᠦᠡᠭ᠌ ᠨᠠᠷᠠᠳᠤ ᠣᠯᠤᠰ ᠤᠨ ᠭᠤᠤᠯ ᠡᠴᠡ

ᠶᠠᠮᠠᠷ ᠳᠠᠢ᠌ᠽᠤ ᠳᠠᠭᠤᠷᠢᠰᠪᠠ︖

ᠮᠤᠩᠭ᠋ᠤᠯ ᠭᠡᠮᠡᠭᠦ ᠡᠨᠡ ᠨᠠᠷ᠎ᠠ

ᠠᠯᠢ ᠡᠳᠦᠷ ᠡᠴᠡ ᠡᠭᠦᠰᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠯᠠᠭᠠᠨ ᠪᠠᠷᠰ ᠵᠢᠯ ᠳ᠋ᠤ

ᠭᠦᠭᠡ ᠮᠤᠩᠭ᠋ᠤᠯ ᠣᠯᠤᠰ ᠪᠠᠢ᠌ᠭᠤᠯᠤᠭᠳᠠᠪᠠ᠂

ᠠᠷᠪᠠᠨ ᠬᠤᠶᠠᠷ ᠰᠠᠷ᠎ᠠ ᠶᠢᠨ ᠨᠢᠭᠡᠨ ᠳ᠋ᠤ

ᠴᠢᠩᠭᠢᠰ ᠬᠠᠭᠠᠨ ᠣᠷᠤ ᠰᠠᠭᠤᠪᠠ᠃

ᠮᠦᠡᠭ᠌ ᠨᠠᠷᠠᠳᠤ ᠣᠯᠤᠰ ᠤᠨ ᠭᠤᠤᠯ ᠡᠴᠡ

ᠪᠣᠭᠳᠠ ᠳᠠᠢ᠌ᠽᠤ ᠳᠠᠭᠤᠷᠢᠰᠪᠠ᠂

ᠮᠤᠩᠭ᠋ᠤᠯ ᠭᠡᠮᠡᠭᠦ ᠡᠨᠡ ᠨᠠᠷ᠎ᠠ

ᠳᠠᠷᠠ ᠡᠳᠦᠷ ᠡᠴᠡ ᠡᠭᠦᠰᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠶ‍ᠢᠰᠦᠭᠡᠢ ᠪᠠᠭᠠᠳᠤᠷ ᠢ ᠨᠡᠭᠡᠵᠤ ᠡᠷᠭᠦᠮᠵᠢᠯᠡᠨ

ᠶᠠᠮᠠᠷ ᠪᠠᠭᠠᠳᠤᠷ ᠯᠢᠶ‍ᠸᠽᠤ ᠭᠡᠪᠡ︖

ᠥᠭᠡᠯᠤᠨ ᠦᠵᠢᠨ ᠢ ᠭᠢᠴᠢᠶᠡᠩᠭᠦᠢᠯᠡᠨ ᠡᠷᠭᠦᠵᠤ

ᠶᠠᠮᠠᠷ ᠢᠷᠦᠭᠡᠯᠳᠤ ᠳᠡᠢ᠌ᠭᠡᠤ ᠭᠡᠪᠡ︖

ᠪᠦᠷᠳᠡᠭᠡᠯᠵᠢᠨ ᠵᠦᠰᠤᠨ ᠲᠦᠪ ᠬᠠᠳᠤᠨ ᠢ

ᠶᠠᠮᠠᠷ ᠶᠡᠭᠡᠮᠰᠦᠭ᠌ ᠬᠤᠸᠡᠩᠭᠡᠤ ᠪᠣᠯᠭᠠᠪᠠ︖

ᠵᠢᠰᠦᠳᠤ᠂ ᠵᠢᠰᠦᠯᠢᠭ᠌᠂ ᠭᠤᠤᠯ ᠤᠨ ᠰᠠᠷᠠᠨ ᠢ

ᠠᠯᠢ ᠠᠯᠢ ᠡᠷᠭᠢᠮ ᠹᠧᠢ ᠪᠣᠯᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠶ‍ᠢᠰᠦᠭᠡᠢ ᠪᠠᠭᠠᠳᠤᠷ ᠢ ᠨᠡᠭᠡᠵᠤ ᠡᠷᠭᠦᠮᠵᠢᠯᠡᠨ

《ᠴᠢᠭᠢᠷᠠᠭ ᠪᠠᠭᠠᠳᠤᠷ ᠯᠢᠶ‍ᠸᠽᠤ》 ᠭᠡᠪᠡ᠂

ᠥᠭᠡᠯᠤᠨ ᠦᠵᠢᠨ ᠢ ᠭᠢᠴᠢᠶᠡᠩᠭᠦᠢᠯᠡᠨ ᠡᠷᠭᠦᠵᠤ

《ᠥᠯᠡᠭᠦᠤ ᠢᠷᠦᠭᠡᠯᠳᠤ ᠲᠡᠶ ᠴᠢᠩ ᠳᠡᠢ᠌ᠭᠡᠤ》 ᠭᠡᠪᠡ᠃

ᠪᠦᠷᠳᠡᠭᠡᠯᠵᠢᠨ ᠵᠦᠰᠤᠨ ᠲᠦᠪ ᠬᠠᠳᠤᠨ ᠢ

《ᠭᠡᠷᠡᠯᠳᠤ ᠶᠡᠭᠡᠮᠰᠦᠭ᠌ ᠬᠤᠸᠡᠩᠭᠡᠤ》 ᠪᠣᠯᠭᠠᠪᠠ᠂

ᠵᠢᠰᠦᠳᠤ᠂ ᠵᠢᠰᠦᠯᠢᠭ᠌᠂ ᠭᠤᠤᠯ ᠤᠨ ᠰᠠᠷᠠᠨ ᠢ

ᠵᠡᠭᠦᠨ ᠪᠠᠷᠠᠭᠤᠨ 《ᠡᠷᠭᠢᠮ ᠹᠧᠢ》 ᠪᠣᠯᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠰᠡᠷ᠂ ᠪᠠᠯᠭᠦᠳᠡᠢ᠂ ᠤᠴᠢᠭ᠂ ᠭᠠᠴᠤᠭ ᠢ

ᠳᠦᠷᠪᠡᠨ ᠶᠠᠮᠠᠷ ᠸᠠᠩ ᠪᠣᠯᠭᠠᠪᠠ︖

ᠵᠦᠴᠢ᠂ ᠴᠠᠭᠠᠳᠠᠢ᠂ ᠥᠭᠡᠳᠡᠢ᠂ ᠲ᠋ᠦᠯᠤᠢ ᠵᠢ

ᠳᠦᠷᠪᠡᠨ ᠶᠠᠮᠠᠷ ᠸᠠᠩ ᠪᠣᠯᠭᠠᠪᠠ︖

ᠲᠡᠶ ᠰᠠᠴᠠᠨ᠂ ᠲ᠋ᠤᠷᠭᠠᠨ ᠰᠢᠷ᠎ᠠ ᠬᠤᠶᠠᠭᠤᠯᠠ ᠵᠢ

ᠶᠠᠭᠤᠨ ᠤ ᠶᠠᠮᠠᠷ ᠰᠠᠢ᠌ᠳ ᠪᠣᠯᠭᠠᠪᠠ︖

ᠮᠤᠬᠤᠯᠠᠢ᠂ ᠪᠣᠭᠤᠷᠴᠢ ᠬᠤᠶᠠᠭᠤᠯᠠ ᠵᠢ

ᠶᠠᠮᠠᠷ ᠡᠷᠭᠢᠮ ᠳᠤ ᠳᠡᠪᠰᠢᠭᠦᠯᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠡᠰᠡᠷ᠂ ᠪᠠᠯᠭᠦᠳᠡᠢ᠂ ᠤᠴᠢᠭ᠂ ᠭᠠᠴᠤᠭ ᠢ

ᠳᠦᠷᠪᠡᠨ ᠲᠦᠷᠦᠯ ᠤᠨ ᠸᠠᠩ ᠪᠣᠯᠭᠠᠪᠠ᠂

ᠵᠦᠴᠢ᠂ ᠴᠡᠭᠡᠳᠡᠢ᠂ ᠥᠭᠡᠳᠡᠢ᠂ ᠲ᠋ᠦᠯᠤᠢ ᠵᠢ

ᠳᠦᠷᠪᠡᠨ ᠳᠠᠢ᠌ᠽᠢ ᠸᠠᠩ ᠪᠣᠯᠭᠠᠪᠠ᠃

ᠲᠡᠶ ᠰᠠᠴᠠᠨ᠂ ᠲ᠋ᠤᠷᠭᠠᠨ ᠰᠢᠷ᠎ᠠ ᠬᠤᠶᠠᠭᠤᠯᠠ ᠵᠢ

ᠪᠢᠴᠢᠭ᠌ ᠤᠨ ᠳᠡᠷᠢᠭᠦᠨ ᠰᠠᠢ᠌ᠳ ᠪᠣᠯᠭᠠᠪᠠ᠂

ᠮᠤᠬᠤᠯᠠᠢ᠂ ᠪᠣᠭᠤᠷᠴᠢ ᠬᠤᠶᠠᠭᠤᠯᠠ ᠵᠢ

ᠵᠢᠨᠦᠡᠭ᠌᠂ ᠳᠦᠮᠡᠨ ᠤ ᠨᠤᠶᠠᠨ ᠳᠤ ᠳᠡᠪᠰᠢᠭᠦᠯᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠣᠭᠤᠷᠴᠢ᠂ ᠪᠣᠭᠤᠷᠤᠯ᠂ ᠴᠤᠤ ᠮᠡᠷᠭᠡᠨ ᠢ

ᠴᠢᠩᠭᠢᠰ ᠤᠨ ᠵᠢᠷᠭᠤᠭᠠᠨ ᠰᠠᠢ᠌ᠳ ᠲᠤ ᠶᠠᠭᠠᠭᠢᠨ᠎ᠠ︖

ᠰᠢᠷᠢ ᠬᠤᠳᠤᠭ᠂ ᠵᠠᠯᠮ᠎ᠠ᠂ ᠵᠠᠪᠠ ᠵᠢ

ᠳᠡᠭᠡᠷ᠎ᠡ ᠨᠢ ᠨᠠᠮᠠᠵᠤ ᠭᠡᠷᠭᠢᠨ᠎ᠡ︖

ᠭᠤᠴᠢᠨ ᠵᠢᠷᠭᠤᠭᠠᠨ ᠪᠠᠭᠠᠳᠤᠷ ᠢ ᠨᠢ

ᠳᠤᠳᠤᠭᠠᠳᠤ ᠪᠠᠭᠠᠳᠤᠷ ᠶᠠᠭᠤ ᠭᠡᠨ᠎ᠡ︖

ᠳᠠᠯᠠᠨ ᠬᠤᠶᠠᠷ ᠵᠠᠩᠵᠤᠨ ᠢ ᠨᠢ

ᠭᠠᠳᠠᠭᠠᠳᠤ ᠬᠤᠷᠴᠠ ᠶᠠᠭᠤ ᠭᠡᠨ᠎ᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠣᠭᠤᠷᠴᠢ᠂ ᠪᠣᠭᠤᠷᠤᠯ᠂ ᠴᠤᠤ ᠮᠡᠷᠭᠡᠨ ᠢ

ᠴᠢᠩᠭᠢᠰ ᠤᠨ ᠵᠢᠷᠭᠤᠭᠠᠨ ᠰᠠᠢ᠌ᠳ ᠲᠤ ᠳᠤᠭᠠᠯᠠᠶ᠎ᠠ᠂

ᠰᠢᠷᠢ ᠬᠤᠳᠤᠭ᠂ ᠵᠠᠯᠮ᠎ᠠ᠂ ᠵᠠᠪᠠ ᠵᠢ

ᠳᠡᠭᠡᠷ᠎ᠡ ᠨᠢ ᠨᠠᠮᠠᠵᠤ ᠳᠤᠭᠠᠴᠢᠶ᠎ᠠ᠃

ᠭᠤᠴᠢᠨ ᠵᠢᠷᠭᠤᠭᠠᠨ ᠪᠠᠭᠠᠳᠤᠷ ᠢ ᠨᠢ

ᠳᠤᠳᠤᠭᠠᠳᠤ ᠪᠠᠭᠠᠳᠤᠷ ᠵᠠᠩᠵᠤᠨ ᠭᠡᠶ᠎ᠡ᠂

ᠳᠠᠯᠠᠨ ᠬᠤᠶᠠᠷ ᠵᠠᠩᠵᠤᠨ ᠢ ᠨᠢ

ᠭᠠᠳᠠᠭᠠᠳᠤ ᠬᠤᠷᠴᠠ ᠰᠠᠢ᠌ᠳ ᠭᠡᠶ᠎ᠡ᠃

ᠠ ᠄ ᠪᠦᠭᠦᠳᠡ ᠶᠠᠯᠠᠳᠠᠨ ᠢ ᠭᠡᠯᠳᠦᠷᠢᠭᠦᠯᠦᠭ᠍ᠰᠡᠨ ᠢ

ᠶᠠᠮᠠᠷ ᠦᠷᠦᠰᠢᠶᠠᠯ ᠶᠢᠡᠷ ᠳᠠᠢ᠌ᠯᠤᠨ᠎ᠠ︖

ᠪᠣᠷᠬᠠᠨ ᠬᠠᠯᠳᠤᠨ᠎ᠠ ᠰᠦᠮ᠎ᠡ ᠪᠠᠢ᠌ᠭᠤᠯᠤᠭᠰᠠᠨ ᠢ

ᠶᠠᠭᠤᠨ ᠤ ᠣᠷᠤᠨ ᠶᠢᠡᠷ ᠳᠠᠢ᠌ᠯᠤᠨ᠎ᠠ︖

ᠮᠤᠬᠤᠯᠠᠢ᠂ ᠪᠣᠭᠤᠷᠴᠢ ᠬᠤᠶᠠᠷ ᠢ

ᠶᠠᠮᠠᠷ ᠵᠢᠦᠡᠭᠦᠯᠳᠡᠨ ᠶᠢᠡᠷ ᠳᠠᠢ᠌ᠯᠤᠨ᠎ᠠ︖

ᠮᠤᠩᠭ᠋ᠤᠯ ᠤᠨ ᠴᠢᠩᠭᠢᠰ ᠬᠠᠭᠠᠨ ᠢ

ᠶᠠᠮᠠᠷ ᠪᠠᠭᠠᠳᠤᠷ ᠶᠢᠡᠷ ᠳᠠᠢ᠌ᠯᠤᠨ᠎ᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠦᠭᠦᠳᠡ ᠶᠠᠯᠠᠳᠠᠨ ᠢ ᠭᠡᠯᠳᠦᠷᠢᠭᠦᠯᠦᠭ᠍ᠰᠡᠨ ᠢ

ᠥᠷᠯᠦᠭ᠌ ᠦᠷᠦᠰᠢᠶᠠᠯ ᠶᠢᠡᠷ ᠳᠠᠢ᠌ᠯᠤᠶ᠎ᠠ᠂

ᠪᠣᠷᠬᠠᠨ ᠬᠠᠯᠳᠤᠨ᠎ᠠ ᠰᠦᠮ᠎ᠡ ᠪᠠᠢ᠌ᠭᠤᠯᠤᠭᠰᠠᠨ ᠢ

ᠳᠠᠭᠢᠯᠭ᠎ᠠ ᠶᠢᠨ ᠣᠷᠤᠨ ᠶᠢᠡᠷ ᠳᠠᠢ᠌ᠯᠤᠶ᠎ᠠ᠃

ᠮᠤᠬᠤᠯᠠᠢ᠂ ᠪᠣᠭᠤᠷᠴᠢ ᠬᠤᠶᠠᠭᠤᠯᠠ ᠵᠢ

ᠳᠡᠭᠡᠳᠤ ᠵᠢᠦᠡᠭᠦᠯᠳᠡᠨ ᠶᠢᠡᠷ ᠳᠠᠢ᠌ᠯᠤᠶ᠎ᠠ᠂

ᠮᠤᠩᠭ᠋ᠤᠯ ᠤᠨ ᠴᠢᠩᠭᠢᠰ ᠬᠠᠭᠠᠨ ᠢ

ᠪᠣᠭᠳᠠ ᠪᠠᠭᠠᠳᠤᠷ ᠶᠢᠡᠷ ᠳᠠᠢ᠌ᠯᠤᠶ᠎ᠠ᠃

ᠬᠤᠶᠠᠭᠤᠯᠠ ᠄ ᠵᠧ ᠭᠦᠶ‍ᠢ ᠥᠨᠡᠭᠡᠷ ᠳᠠᠢ᠌ᠮᠤ ᠯᠠ ᠳ᠋ᠠ᠂

ᠥᠷᠯᠦᠭ᠌ ᠴᠢᠩᠭᠢᠰ ᠤᠨ ᠠᠯᠳᠠᠷ

ᠦᠨᠢᠳᠠ ᠮᠠᠠᠳᠤᠬᠤ ᠶᠢ ᠪᠠᠯᠭᠡᠯᠡᠶ᠎ᠡ᠂

ᠦᠨᠢᠷ ᠮᠤᠩᠭ᠋ᠤᠯ ᠤᠨ ᠥᠯᠢᠭᠡᠷ

ᠥᠷᠭᠡᠨ ᠳᠡᠯᠭᠡᠷᠡᠭᠦ ᠶᠢ ᠵᠦᠩᠨᠠᠶ᠎ᠠ᠃ᠵᠤᠭᠢᠶᠠᠭᠴᠢ ᠶᠢᠨ ᠳᠤᠬᠠᠢ ᠊᠊᠊᠊᠊᠊᠊᠊᠊᠊᠊᠊᠊᠊᠊

ᠵᠤᠬᠢᠶᠠᠭᠴᠢ ᠶᠢᠨ ᠳᠤᠬᠠᠢ ᠊᠊᠊᠊᠊᠊᠊᠊᠊᠊᠊᠊᠊᠊᠊

ᠳᠡᠮᠦᠷᠵᠢᠷᠦᠭᠡ ᠶᠢᠨ ᠯᠤᠤᠽᠠᠷ (ᠯᠤᠤᠽᠠᠷᠰᠠᠩᠪᠣ)1946 ᠣᠨ ᠳᠤ ᠵᠠᠷᠤᠳ ᠬᠤᠰᠢᠭᠤᠨ ᠤ ᠭᠦᠭᠦᠷᠭᠡ ᠠᠢ᠌ᠯ ᠳᠤ ᠲᠦᠷᠦᠵᠠᠢ᠃ 1958 ᠣᠨ ᠳᠤ ᠪᠠᠭ᠎ᠠ ᠰᠤᠷᠭᠠᠭᠤᠯᠢ ᠳᠤ ᠣᠷᠤᠵᠤ᠂ 1963 ᠊᠊᠊᠊᠊᠊᠊᠊᠊᠊᠊᠊᠊᠊᠊ 1968 ᠣᠨ᠎ᠠ ᠪᠠᠶᠠᠷᠳᠤᠬᠤᠰᠢᠭᠤ ᠳᠤᠮᠳᠠᠳᠤ ᠰᠤᠷᠭᠠᠭᠤᠯᠢ ᠳᠤ ᠰᠤᠷᠤᠯᠴᠠᠪᠠ᠃ 1963 ᠣᠨ ᠡᠴᠡ ᠰᠤᠷᠤᠯᠭ᠎ᠠ ᠶᠢᠨ ᠴᠢᠯᠦᠭᠡ ᠳᠡᠭᠡᠨ ᠬᠤᠭᠤᠷ ᠰᠤᠷᠴᠤ᠂ ᠬᠤᠭᠤᠷᠴᠢ ᠴᠣᠢ᠌ᠵᠢᠺᠠᠧᠨ ᠡᠴᠡ ᠥᠯᠢᠭᠡᠷ ᠬᠤᠯᠪᠣᠭ᠎ᠠ ᠰᠤᠷᠴᠤ ᠡᠭᠢᠯᠡᠵᠡᠢ᠃ 1976 ᠣᠨ ᠳᠤ ᠠᠵᠢᠯ ᠳᠤ ᠣᠷᠤᠯᠴᠠᠵᠤ ᠡᠮᠦᠨ᠎ᠡ ᠬᠣᠢ᠌ᠨ᠎ᠠ ᠵᠠᠷᠤᠳ ᠥᠯᠢᠭᠡᠷ ᠤᠨ ᠭᠡᠷ᠂ ᠵᠡᠭᠦᠨ ᠦᠵᠦᠮᠤᠴᠢᠨ ᠤ ᠰᠤᠶᠤᠯ ᠤᠨ ᠭᠡᠷ᠂ ᠵᠠᠷᠤᠳ ᠤᠨ ᠰᠤᠶᠤᠯ ᠤᠨ ᠭᠡᠷ ᠲᠤ ᠠᠵᠢᠯᠯᠠᠪᠠ᠃ 1983 ᠊᠊᠊᠊᠊᠊᠊᠊᠊᠊᠊᠊᠊᠊᠊ 1988 ᠣᠨ᠎ᠠ ᠦᠪᠣᠷ ᠮᠤᠩᠭ᠋ᠤᠯ ᠤᠨ ᠦᠨᠳᠦᠰᠦᠳᠠᠨ ᠤ ᠪᠠᠭᠰᠢ ᠶᠢᠨ ᠳᠡᠭᠡᠳᠤ ᠰᠤᠷᠭᠠᠭᠤᠯᠢ ᠶᠢᠨ ᠵᠠᠭᠢᠳᠠᠯ ᠶᠢᠡᠷ ᠰᠤᠷᠬᠤ ᠵᠢᠩᠭᠢᠨᠢ ᠠᠩᠭᠢ ᠶᠢᠨ ᠰᠤᠷᠤᠯᠭ᠎ᠠ ᠳᠡᠭᠦᠰᠭᠡᠨ ᠮᠠᠨ ᠤ ᠣᠷᠤᠨ ᠤ ᠬᠠᠮᠤᠭ ᠠᠩᠬᠠᠨ ᠤ ᠣᠶᠤᠳᠠᠨ ᠬᠤᠭᠤᠷᠴᠢ ᠪᠣᠯᠤᠭᠰᠠᠨ ᠶᠤᠮ᠃

1984 ᠣᠨ ᠳ᠋ᠤ 《ᠭᠦᠭᠡ ᠰᠤᠳᠤᠷ ᠤᠨ ᠪᠢᠳᠡᠭᠦᠤ ᠬᠤᠯᠪᠣᠭ᠎ᠠ》 ᠨᠢ 《ᠬᠤᠨ ᠭᠠᠯᠠᠭᠤ》 ᠰᠤᠨᠭᠦᠯ ᠤᠨ ᠣᠤᠠᠬ᠎ᠠ ᠣᠷᠠᠯᠢᠭ ᠤᠨ ᠰᠢᠯᠭᠠᠷᠠᠭᠤᠯᠤᠯᠳᠠ ᠳᠤ ᠭᠤᠷᠪᠠᠳᠤᠭᠠᠷ ᠳᠠᠰ ᠤᠨ ᠱᠠᠩᠨᠠᠯ᠂ 1993 ᠣᠨ ᠳᠤ ᠳᠤᠰ ᠭᠦᠮᠤᠨ ᠦᠪᠣᠷ ᠮᠤᠩᠭ᠋ᠤᠯ ᠤᠨ ᠠᠩᠬᠠᠳᠤᠭᠠᠷ ᠣᠳᠠᠭᠠᠨ ᠤ ᠬᠤᠭᠤᠷ ᠤᠨ ᠥᠯᠢᠭᠡᠷ ᠬᠤᠯᠪᠣᠭ᠎ᠠ ᠶᠢᠨ ᠣᠷᠤᠯᠳᠤᠭᠠᠨ ᠳᠤ ᠣᠠᠴᠠᠭᠠᠢ ᠱᠠᠩᠨᠠᠯ᠂ 2000 ᠣᠨ ᠳᠤ ᠪᠦᠭᠦ ᠣᠯᠤᠰ ᠤᠨ ᠬᠤᠭᠤᠷ ᠤᠨ ᠥᠯᠢᠭᠡᠷ ᠤᠨ ᠠᠩᠬᠠᠳᠤᠭᠠᠷ ᠣᠳᠠᠭᠠᠨ ᠤ ᠣᠷᠤᠯᠳᠤᠭᠠᠨ ᠳᠤ 《ᠭᠠᠪᠢᠶᠠᠳᠤ ᠬᠤᠭᠤᠷᠴᠢ》 ᠵᠢᠨ ᠱᠠᠩᠨᠠᠯ ᠵᠡᠷᠭᠡ ᠥᠪᠠᠷᠳᠡᠭᠡᠨ ᠵᠠᠰᠠᠬᠤ ᠣᠷᠤᠨ ᠤ ᠳᠠᠰ ᠤᠨ ᠠᠷᠪᠠᠭᠠᠤᠨ ᠱᠠᠩᠨᠠᠯ ᠳᠤᠰᠴᠤ ᠪᠢᠯᠠ᠃

ᠠᠯᠳᠠᠷᠳᠤ ᠬᠤᠭᠤᠷᠴᠢ ᠯᠤᠤᠽᠠᠷ ᠳᠤᠮᠳᠠᠳᠤ ᠣᠯᠤᠰ ᠤᠨ ᠳᠠᠭᠤᠷᠢᠯᠢᠭᠴᠢᠳ ᠤᠨ ᠨᠡᠢ᠌ᠭᠡᠮᠯᠢᠭ᠌ ᠤᠨ ᠭᠡᠰᠢᠭᠦᠨ᠂ ᠥᠪᠦᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠳᠠᠭᠤᠷᠢᠯᠢᠭᠴᠢᠳ ᠤᠨ ᠨᠡᠢ᠌ᠭᠡᠮᠯᠢᠭ᠌ ᠤᠨ ᠨᠠᠷ᠎ᠠ ᠭᠦᠡᠳᠦᠳᠤ ᠳᠠᠳ᠋ ᠳᠡᠷᠢᠭᠦᠯᠡᠭ᠍ᠴᠢ᠂ ᠳᠦᠩᠯᠢᠶ‍ᠦᠤ ᠬᠤᠳᠠ ᠶᠢᠨ ᠮᠤᠩᠭ᠋ᠤᠯ ᠬᠤᠭᠤᠷᠴᠢᠳ ᠤᠨ ᠨᠡᠢ᠌ᠭᠡᠮᠯᠢᠭ᠌ ᠤᠨ ᠳᠡᠷᠢᠭᠦᠯᠡᠭ᠍ᠴᠢ᠂ ᠵᠠᠷᠤᠳ ᠬᠤᠰᠢᠭᠤᠨ ᠤ ᠣᠯᠤᠰ ᠲᠦᠷᠦ ᠶᠢᠨ ᠵᠥᠪᠯᠡᠯᠭᠡᠨ ᠤᠨ ᠭᠡᠰᠢᠭᠦᠨ᠂ ᠵᠠᠷᠤᠳ ᠤᠨ ᠳᠠᠭᠤᠷᠢᠯᠢᠭᠴᠢᠳ ᠤᠨ ᠨᠡᠢ᠌ᠭᠡᠮᠯᠢᠭ᠌ ᠤᠨ ᠳᠡᠷᠢᠭᠦᠯᠡᠭ᠍ᠴᠢ᠂ ᠵᠠᠷᠤᠳ ᠥᠯᠢᠭᠡᠷ ᠬᠤᠯᠪᠣᠭ᠎ᠠ ᠶᠢᠨ ᠪᠦᠯᠭᠦᠮ ᠤᠨ ᠳᠠᠷᠤᠭ᠎ᠠ ᠵᠡᠷᠭᠡ ᠨᠡᠢ᠌ᠭᠡᠮ ᠤᠨ ᠳᠤᠰᠢᠶᠠᠯ ᠤᠳ ᠢ ᠡᠭᠦᠷᠭᠡᠯᠡᠵᠤ ᠶᠠᠪᠤᠭᠰᠠᠨ ᠶᠤᠮᠰᠠᠨ᠃

ᠵᠤᠬᠢᠶᠠᠭᠴᠢ᠄ ᠯᠤᠤᠽᠡᠷ
ᠳᠠᠷᠤᠮ᠄ 9434
ᠴᠠᠭ᠄ 2007 ᠤᠨ ᠤ 07 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ