ᠨᠡᠪᠲᠡᠷᠡᠨ ᠤᠷᠤᠬᠤ
ᠨᠢ᠋ᠮᠠ ᠂ ᠵᠤᠪᠠᠯᠠᠩ ᠤᠨ ᠦᠶᠡᠷ


ᠠᠯᠢ ᠴᠤ ᠵᠠᠮ ᠡᠴᠡ ᠡᠷᠭᠢᠵᠤ ᠪᠣᠴᠠᠵᠤ ᠪᠣᠯᠤᠨ᠎ᠠ

ᠠᠮᠢᠳᠤᠷᠠᠯ ᠤᠨ ᠵᠠᠮ ᠡᠴᠡ ᠬᠠᠯᠢᠵᠤ ᠦᠯᠦ ᠪᠣᠯᠤᠨ᠎ᠠ

᠊᠊᠊᠊᠊᠊᠊᠊᠊᠊᠊᠊᠊᠊᠊ ᠷ᠂ ᠭᠠᠮᠽᠠᠲ᠋ᠤᠪ


ᠬᠠᠮᠢᠭ᠎ᠠ ᠨᠢᠭᠡᠨ ᠰᠡᠷᠪᠠᠭᠡᠷ ᠳᠤᠯᠤᠭᠠᠤᠨ᠂ ᠨᠠᠮᠬᠠᠨ ᠬᠠᠮᠠᠷ ᠬᠤᠧᠨ ᠪᠦᠭᠦᠢ ᠬᠠᠷᠠᠭ᠎ᠠ ᠡᠴᠡᠭᠡᠵᠤ᠂ ᠭᠦᠯᠦᠭ᠌ ᠴᠤᠴᠠᠭᠠᠮ᠎ᠠ ᠴᠠᠢ᠌ᠳᠠᠮ ᠤᠨ ᠴᠠᠭᠠᠨ ᠳᠠᠯ᠎ᠠ ᠶᠢᠨ ᠳᠤᠮᠳᠠ ᠭᠠᠭᠴᠠᠬᠠᠨ ᠪᠣᠷᠤ ᠭᠡᠷ ᠰᠦᠮᠠᠢ᠌ᠨ ᠪᠦᠳᠡᠢ᠌ᠨ᠎ᠡ᠃ ᠳᠠᠯᠠᠢ ᠴᠤ ᠠᠭᠤᠷᠰᠢᠵᠤ ᠰᠢᠷᠭᠢᠮ᠎ᠠ ᠠᠭᠠᠭᠢᠮ᠎ᠠ ᠨᠠᠷᠠᠨ ᠳᠤᠤᠷ᠎ᠠ ᠳᠠᠷᠠ ᠭᠦᠡᠳᠡᠢ ᠶᠢᠨ ᠦᠨᠡᠰᠤ ᠪᠣᠯᠳᠠᠯ᠎ᠠ ᠪᠠᠨ ᠬᠠᠳᠠᠭᠰᠠᠨ ᠭᠠᠵᠠᠷ ᠤᠨ ᠭᠦᠷᠦᠰᠤ ᠵᠡᠪᠠᠭᠡᠢ᠌ᠷᠡᠨ ᠰᠠᠷᠠᠯᠳᠤᠵᠤ᠂ ᠶᠠᠳᠠᠵᠤ ᠵᠡᠷᠭᠡᠯᠭᠡ ᠴᠤ ᠦᠯᠦ ᠳᠠᠳᠠᠨ᠎ᠠ᠃ ᠮᠦᠨ ᠰᠢᠪᠠᠭᠤ ᠦᠯᠦ ᠨᠢᠰᠤᠨ᠎ᠠ᠃ ᠣᠭᠤᠳᠤᠨ᠎ᠠ ᠦᠯᠦ ᠭᠦᠶ‍ᠦᠯᠳᠦᠨ᠎ᠡ᠃ ᠪᠣᠷᠤ ᠭᠡᠷ ᠤᠨ ᠭᠠᠳᠠᠭ᠎ᠠ ᠭᠦᠷᠳᠡᠯ᠎ᠡ ᠭᠠᠭᠴᠠ ᠮᠠᠭᠤ ᠮᠤᠳᠤᠨ ᠳᠡᠷᠭᠡᠨ ᠡᠴᠡ ᠥᠭᠡᠷ᠎ᠡ ᠡᠳ᠋ᠯᠡᠯ ᠬᠤᠭᠰᠢᠯ ᠶᠠᠷᠤ ᠦᠭᠡᠶ ᠠᠭᠠᠤᠨ᠂ ᠪᠠᠢ᠌ᠬᠤ ᠡᠴᠡ ᠯᠠ ᠬᠤᠶᠠᠷ ᠳᠤᠭᠤᠢ ᠶᠢᠨ ᠭᠢᠨᠢ ᠬᠤᠭᠤᠷᠤᠠᠳᠤ ᠪᠠᠭ᠎ᠠ ᠳᠡᠮᠡᠭᠡᠨ ᠤ ᠬᠤᠭᠤᠰᠬᠠᠨ ᠭᠦᠭᠡ ᠥᠳᠡᠭᠡᠷᠢ ᠭᠦᠷᠦᠰᠤᠨ ᠳᠠᠯ᠎ᠠ ᠪᠠᠷ ᠶᠢᠡᠨ ᠰᠢᠷᠤᠢ ᠡᠮᠭᠦᠨ ᠭᠡᠪᠳᠡᠭᠦ ᠠᠵᠢᠶᠠᠮᠤ᠃

ᠭᠡᠷ ᠤᠨ ᠢᠰᠡᠭᠡᠢ ᠡᠭᠦᠳᠡ ᠳᠤᠳᠤᠷ᠎ᠠ ᠳᠠᠯ᠎ᠠ ᠡᠴᠡ ᠣᠮᠤᠰᠭᠢᠨ ᠰᠡᠭᠦᠭ᠍ᠳᠡᠵᠤ᠂ ᠬᠤᠷᠢ ᠭᠠᠷᠤᠢ ᠨᠠᠰᠤᠨ ᠤ ᠵᠠᠯᠠᠭᠤ ᠭᠡᠦᠭᠡᠨ ᠭᠠᠷᠴᠤ ᠢᠷᠠᠯ᠎ᠠ᠃ ᠴᠠᠴᠠᠷᠬᠠᠭ ᠦᠨᠳᠦᠷ ᠪᠠᠶᠠᠨ ᠳᠡᠭᠡᠨ ᠵᠤᠭᠢᠭᠰᠠᠨ ᠮᠢᠬᠠᠯᠢᠭᠳᠠᠭᠤ ᠪᠣᠷᠤ ᠴᠢᠷᠠᠢ ᠨᠢ ᠭᠦᠰᠡᠷ᠎ᠡ ᠲᠠᠭᠠᠨ ᠦᠵᠢᠷᠠᠵᠤ᠂ ᠵᠤᠤᠪᠠᠩᠳᠠᠭᠤ ᠭᠢᠷᠢᠨ᠎ᠠ ᠨᠠᠯᠢᠶᠠᠤᠨ ᠳᠤᠮᠤ ᠠᠯᠠᠭ ᠨᠢᠳᠤ ᠨᠢ ᠣᠬᠤᠷᠬᠠᠢ ᠳᠠᠭᠠᠨ ᠰᠢᠭᠢᠳᠤᠨ ᠬᠤᠩᠭᠣᠢ᠌ᠵᠠᠢ᠃ ᠬᠠᠷᠠᠴᠠᠨ ᠳᠤ ᠨᠢ ᠪᠠᠶ᠎ᠠ ᠵᠦᠳᠠᠷᠠᠵᠤ᠂ ᠰᠠᠤᠠᠭᠢᠯ ᠵᠤᠪᠠᠭᠰᠠᠨ ᠭᠦᠮᠤᠨ ᠤ ᠳᠣᠢ᠌ᠯᠳᠠᠭᠰᠠᠨ ᠴᠥᠭᠦᠷᠡᠯ᠂ ᠡᠴᠦᠰ ᠦᠭᠡᠶ ᠭᠤᠨᠢᠭ ᠭᠠᠴᠢᠭᠠᠯ ᠳᠦᠭᠦᠷᠡᠩ ᠠᠭᠠᠤᠨ᠃ ᠥᠷᠭᠦᠯᠵᠢ ᠳᠠᠢ᠌ᠮᠤ ᠪᠠᠢ᠌ᠳᠠᠭ ᠪᠣᠯᠪᠠᠤ ᠭᠡᠯᠳᠡᠢ ᠵᠤᠪᠭᠢᠨ ᠳᠤ ᠨᠢ ᠭᠦᠩᠭᠡᠨ ᠨᠢᠯᠪᠣᠰᠤ ᠬᠤᠷᠠᠭᠰᠠᠨ ᠥᠵᠡᠭ᠍ᠳᠡᠨ᠎ᠡ᠃ ᠳᠠᠷᠠᠪᠠᠷ ᠭᠡᠰᠡᠭ᠌ ᠵᠠᠭᠤᠷ᠎ᠠ ᠣᠷᠠᠨ ᠭᠦᠮᠦᠰᠭᠡ ᠪᠠᠨ ᠠᠳᠤᠷᠢᠭᠤᠯᠤᠨ ᠪᠣᠳᠤᠯᠭᠠᠰᠢᠷᠠᠵᠤ ᠵᠤᠭᠰᠤᠭᠰᠠᠨ ᠶᠢᠡᠨ ᠣᠷᠳᠤ ᠭᠡᠵᠢᠭᠡᠨ ᠤ ᠪᠠᠨ ᠥᠵᠦᠭᠦᠷ ᠶᠢᠡᠷ ᠬᠤᠩᠭ᠋ᠤ ᠪᠠᠨ ᠴᠤᠭᠢᠯᠠᠨ᠂ ᠰᠡᠭᠦᠵᠢᠨ ᠳᠡᠭᠡᠷ᠎ᠡ ᠪᠠᠨ ᠦᠯᠦ ᠮᠡᠳᠡᠭ᠌ ᠬᠤᠯᠪᠢᠯᠵᠠᠨ ᠶᠠᠪᠣᠭᠰᠠᠭᠠᠷ ᠳᠡᠷᠭᠡ ᠣᠷᠤᠭᠤ ᠣᠴᠢᠪᠠ᠃ ᠪᠦᠭ᠍ᠰᠡ ᠳᠠᠰᠢᠶᠠᠨ ᠤ ᠮᠢᠬ᠎ᠠ ᠳᠦᠭᠦᠷᠡᠩ᠂ ᠪᠠᠯᠭᠡᠭᠦᠰᠤ ᠨᠠᠷᠢᠨ᠂ ᠨᠢᠷᠤᠭᠤ ᠭᠤᠸᠠᠯᠢᠭ ᠳᠠᠷᠠ ᠪᠦᠰᠡᠭᠦᠢ ᠶᠢ ᠬᠠᠵᠠᠭᠤ ᠡᠴᠡ ᠨᠢ ᠶᠤᠮ ᠦᠦ᠂ ᠠᠷᠤ ᠡᠴᠡ ᠨᠢ ᠬᠠᠷᠠᠪᠠᠯ ᠣᠷᠠᠨ ᠭᠤᠸ᠎ᠠ ᠨᠢ ᠨᠢᠳᠤᠨ ᠳᠤ ᠢᠯᠡᠭᠦᠤ ᠠᠵᠢᠭᠯᠠᠭᠳᠠᠬᠤ ᠠᠮᠤᠢ᠃ ᠬᠠᠷᠢᠨ ᠡᠮᠦᠰᠦᠭ᠍ᠰᠡᠨ ᠵᠡᠭᠦᠭ᠍ᠰᠡᠨ ᠨᠢ ᠶᠠᠳᠠᠭᠤ ᠭᠦᠮᠤᠨ ᠳᠤ ᠴᠤ ᠴᠢᠮᠠᠯᠠᠭᠳᠠᠮ᠎ᠠ ᠪᠠᠢ᠌ᠪᠠ᠃ ᠲᠦᠮᠡᠨ ᠨᠥᠭᠦᠭᠡᠰᠤ ᠲᠡᠶ ᠳᠠᠪᠬᠤᠷ ᠳᠡᠷᠯᠢᠭ᠌ ᠡᠭᠡᠯᠳᠦᠷᠭᠡᠯᠡᠨ᠂ ᠰᠢᠳᠠᠮᠤᠰᠤ ᠮᠠᠳᠤ ᠨᠠᠷᠢᠬᠠᠨ ᠳᠠᠯᠢᠩᠪᠣ ᠪᠦᠰᠡ ᠵᠠᠩᠭᠢᠤᠠᠴᠠᠢ᠃ ᠰᠢᠯᠪᠢᠨ ᠳᠤ ᠨᠢ ᠴᠤᠭᠢᠭᠳᠠᠨ ᠳᠠᠪᠠᠯ ᠤᠨ ᠭᠢᠨᠢ ᠭᠠᠳᠠᠭᠠᠳᠤ ᠬᠤᠷᠮᠤᠢ ᠰᠡᠭᠦᠭ᠍ᠳᠡᠭ᠍ᠰᠡᠨ ᠳᠤ ᠴᠠᠭᠠᠨ᠎ᠠ ᠡᠴᠡ ᠨᠢ ᠭᠠᠩᠳᠠᠭᠰᠠᠨ ᠬᠤᠧᠨ ᠥᠩᠭᠡ ᠶᠢᠨ ᠳᠤᠳᠤᠭᠠᠳᠤ ᠬᠤᠷᠮᠤᠢ ᠴᠤᠭᠣᠢ᠌ᠬᠤ ᠶᠢ ᠦᠵᠡᠪᠠᠯ ᠣᠭ ᠨᠢ ᠡᠨᠡ ᠬᠤᠩᠭ᠋ᠤᠷ ᠪᠦᠰᠡᠭᠦᠢ ᠶᠢᠨ ᠳᠠᠪᠬᠤᠷ ᠳᠡᠷᠯᠢᠭ᠌ ᠭᠦᠰᠡᠷ᠎ᠡ ᠶᠢᠨ ᠰᠠᠷᠠᠯ ᠪᠣᠰᠤ᠂ ᠬᠠᠷᠢᠨ ᠣᠪᠬᠠᠨ ᠣᠯᠠᠭᠠᠨ ᠶᠤᠮ ᠦᠦ᠂ ᠭᠦᠷᠡᠩ ᠣᠯᠠᠭᠠᠨ ᠥᠩᠭᠡ ᠲᠡᠶ ᠪᠠᠢ᠌ᠭᠰᠠᠨ ᠢ ᠳᠠᠭᠠᠪᠣᠷᠢᠯᠠᠵᠤ ᠪᠣᠯᠬᠤ ᠪᠠᠢ᠌ᠯ᠎ᠠ᠃ ᠳᠠᠪᠤᠨ ᠵᠢᠯ ᠤᠨ ᠳᠡᠷᠳᠡᠭᠡ ᠭᠢᠮᠳᠠ ᠦᠨ᠎ᠡ ᠶᠢᠨ ᠴᠠᠭᠠᠨ ᠴᠤ᠋ ᠶᠠᠩᠪᠣᠤ ᠶᠢ ᠡᠮᠡᠭᠡᠨ ᠡᠵᠢ ᠶᠢᠨ ᠭᠢᠨᠢ ᠦᠶ᠎ᠡ ᠡᠴᠡ ᠠᠪᠳᠠᠷᠠᠨ ᠤ ᠭᠢᠨᠢ ᠢᠷᠤᠭᠠᠯ ᠳᠤ ᠭᠡᠪᠳᠡᠭ᠍ᠰᠡᠨ ᠭᠢᠳᠠᠤᠨ ᠬᠠᠠᠳᠠ ᠭᠡᠮᠡᠭᠦ ᠣᠯᠠᠭᠠᠨ ᠪᠣᠳᠤᠭ ᠶᠢᠡᠷ ᠳᠠᠴᠢᠭᠤ ᠮᠥᠴᠢᠭᠦᠤ ᠭᠦᠷᠭᠡᠨ ᠪᠣᠳᠤᠵᠤ᠂ ᠬᠠᠭᠤᠴᠢᠨ ᠳᠠᠪᠠᠯ ᠤᠨ ᠬᠠᠭᠤᠯᠭ᠎ᠠ ᠪᠠᠷ ᠳᠤᠳᠤᠷᠯᠠᠭᠰᠠᠨ ᠨᠢ ᠡᠳᠦᠭᠡ ᠡᠢ᠌ᠮᠤ ᠪᠣᠯᠤᠭᠠᠤᠨ ᠪᠣᠢ ᠶᠢ ᠴᠠᠢ᠌ᠳᠠᠮ ᠤᠨ ᠴᠠᠭᠠᠨ ᠳᠠᠯ᠎ᠠ ᠬᠠᠷ᠎ᠠ ᠭᠡᠷ ᠬᠤᠶᠠᠷ ᠤᠨ ᠬᠤᠩᠭ᠋ᠤᠷ ᠡᠵᠡᠨ ᠡᠨᠡ ᠭᠡᠦᠭᠡᠨ ᠡᠴᠡ ᠥᠭᠡᠷ᠎ᠡ ᠭᠡᠨ ᠴᠤ ᠡᠰᠡ ᠮᠡᠳᠡᠭᠦ ᠪᠢᠯᠠ᠃

ᠴᠡᠴᠡᠭ᠌ ᠤᠨ ᠭᠤᠷᠪᠠᠨ ᠰᠠᠷ᠎ᠠ᠂ ᠰᠢᠪᠠᠭᠤ ᠢᠷᠡᠭᠦ᠂ ᠪᠣᠴᠠᠬᠤ ᠵᠢᠷᠭᠤᠭᠠᠨ ᠰᠠᠷ᠎ᠠ ᠳᠠᠭᠠᠨ ᠭᠤᠳᠤᠯ ᠱᠠᠬᠠᠢ ᠠᠯᠢ ᠶᠢ ᠴᠤ ᠡᠮᠦᠰᠦᠭ᠍ᠰᠡᠨ ᠦᠭᠡᠶ ᠡᠴᠡ ᠭᠦᠯ ᠤᠨ ᠭᠢᠨᠢ ᠳᠠᠪᠠᠭ ᠲᠤ ᠭᠢᠷᠢ ᠪᠠᠷᠤᠭ ᠤᠨ ᠥᠷᠭᠡᠰᠤ ᠵᠠᠩᠭ᠋ᠤᠤ ᠵᠤᠭᠤᠭᠳᠠᠬᠤ ᠶᠢ ᠪᠣᠯᠢᠵᠤ᠂ ᠪᠠᠷᠤᠭ ᠡᠪᠠᠷ ᠪᠣᠯᠳᠠᠯ᠎ᠠ ᠪᠠᠨ ᠬᠠᠳᠠᠭᠤᠷᠠᠵᠠᠢ᠃

ᠬᠠᠷᠢᠨ ᠴᠢᠯᠡᠭᠡᠷ ᠳᠡᠭ᠍ᠰᠢᠭᠡᠨ ᠭᠦᠯ ᠤᠨ ᠭᠢᠨᠢ ᠪᠣᠯᠴᠢᠩ ᠨᠠᠷᠠ ᠰᠠᠯᠭᠢᠨ ᠳᠤ ᠳᠦᠯᠡᠭ᠍ᠳᠡᠵᠤ ᠭᠠᠩᠳᠠᠭᠰᠠᠨ ᠳᠤᠯᠠ ᠬᠠᠷᠠᠯᠠᠵᠤ ᠪᠣᠷᠤᠯᠠᠭᠠᠤᠨ ᠭᠡᠦᠭᠡᠨ ᠳᠤ ᠣᠷᠢ ᠥᠵᠡᠰᠭᠦᠯᠡᠩ ᠨᠡᠮᠡᠭ᠍ᠰᠡᠨ ᠠᠪᠠᠢ᠃ ᠡᠵᠡᠭ᠍ᠳᠡᠢ ᠳᠡᠷᠭᠡᠨ ᠤ ᠠᠷᠠᠯ ᠤᠨ ᠳᠡᠷᠭᠡᠳᠡ ᠣᠴᠢᠵᠤ ᠳᠤᠭᠤᠰᠤ ᠮᠠᠨᠠᠷᠠᠭᠤᠯᠤᠨ ᠰᠥᠭᠦᠷᠡᠵᠤ ᠰᠠᠭᠤᠭᠰᠠᠨ ᠶᠢᠡᠨ ᠵᠡᠭᠦᠨ ᠭᠠᠷ ᠶᠢᠡᠷ ᠶᠢᠡᠨ ᠬᠠᠷ᠎ᠠ ᠮᠤᠳᠤᠨ ᠠᠷᠠᠯ ᠡᠴᠡ ᠠᠤᠠᠬᠤᠨ ᠳᠠᠷᠤᠵᠤ᠂ ᠪᠠᠷᠠᠭᠤᠨ ᠭᠠᠷ ᠶᠢᠡᠨ ᠶᠠᠪᠣᠭᠤᠯᠤᠨ ᠨᠥᠭᠦᠭᠡ ᠭᠦᠭᠡ ᠥᠳᠡᠭᠡᠷᠢ ᠶᠢ ᠭᠠᠷᠭᠠᠵᠤ ᠢᠷᠠᠪᠠ᠃ ᠦᠨᠦᠷᠳᠠᠵᠤ ᠥᠵᠡᠭ᠍ᠰᠡᠨ ᠳᠤ ᠶᠠᠮᠠᠷ ᠴᠤ ᠦᠨᠦᠷ ᠪᠠᠢ᠌ᠭ᠎ᠠ ᠦᠭᠡᠶ ᠶᠤᠮ ᠦᠦ ᠨᠢᠭᠤᠷ ᠤᠨ ᠭᠢᠨᠢ ᠪᠠᠢ᠌ᠳᠠᠯ ᠳᠤ ᠥᠭᠡᠷᠡᠴᠢᠯᠡᠯᠳᠡ ᠣᠷᠤᠭᠰᠠᠨ ᠦᠭᠡᠶ᠃ ᠮᠦᠨ ᠯᠠ ᠵᠡᠭᠦᠨ ᠭᠠᠷ ᠶᠢᠡᠷ ᠶᠢᠡᠨ ᠠᠷᠠᠯ ᠲᠦᠰᠢᠵᠤ ᠪᠣᠰᠤᠭᠠᠤᠨ᠂ ᠥᠳᠡᠭᠡᠷᠢ ᠪᠠᠨ ᠣᠯᠵᠠᠷᠬᠠᠨ ᠬᠠᠷᠠᠭᠰᠠᠨ ᠶᠢᠡᠨ᠂ ᠳᠡᠷᠭᠡᠨ ᠤ ᠳᠤᠭᠤᠢ ᠣᠷᠤᠭᠤ ᠣᠴᠢᠵᠤ ᠭᠠᠭᠴᠠ ᠮᠠᠭᠤ ᠳᠠᠮᠤᠷ ᠣᠳᠠᠰᠤᠨ ᠴᠠᠭᠠᠷᠢᠭ ᠲᠡᠶ ᠳᠦᠷᠪᠡᠨ ᠳᠠᠯ᠎ᠠ ᠳᠠᠭᠠᠨ ᠨᠢᠭᠡ ᠨᠢᠭᠡ ᠴᠤᠭᠤᠴᠢᠵᠤ ᠬᠠᠭᠠᠷᠠᠭᠰᠠᠨ ᠬᠠᠷ᠎ᠠ ᠪᠣᠯᠤᠨ ᠳᠤ ᠭᠡᠳᠤ ᠰᠠᠢ᠌ᠨ ᠳᠠᠯᠠᠳᠤᠵᠤ ᠳᠤᠭᠤᠰᠤ ᠶᠢ ᠨᠢ ᠭᠦᠪᠢᠭᠡᠤᠨ ᠣᠷᠮ᠎ᠠ ᠵᠤᠷᠢᠭ᠎ᠠ ᠥᠭᠡᠢ᠌ᠭᠡᠨ ᠠᠯᠬᠤᠯᠠᠭᠰᠠᠭᠠᠷ ᠭᠡᠷ ᠤᠨ ᠶᠢᠡᠨ ᠡᠭᠦᠳᠡᠨ ᠳᠤ ᠭᠦᠷᠦᠯ᠎ᠡ᠃ ᠳᠡᠭᠡᠭᠡᠤᠨ ᠣᠷᠢᠳᠠ ᠨᠢ ᠪᠡᠯᠡᠳᠭᠡᠵᠤ ᠳᠠᠯᠪᠢᠭᠰᠠᠨ ᠪᠣᠯᠤᠯᠳᠠᠢ ᠳᠤᠮᠤ ᠳᠠᠮᠤᠷ ᠯᠠᠵᠠ ᠲᠡᠶ ᠣᠰᠤᠨ ᠳᠤ ᠨᠥᠭᠦᠭᠡᠭᠢ ᠬᠤᠭᠤᠰ ᠥᠳᠡᠭᠡᠷᠢ ᠪᠠᠨ ᠭᠢᠵᠤ ᠣᠷᠭᠢᠪᠠ᠃

《ᠶᠠᠪᠣᠭᠠᠤᠨ ᠢᠷᠠᠳᠠᠯ᠎ᠠ ᠳᠡᠪᠳᠦᠴᠢᠭᠡᠭ᠍ᠰᠡᠨ ᠪᠠᠢ᠌ᠨ᠎ᠠ ᠪᠢᠵᠠ᠃ ᠬᠠᠯᠠᠭᠤᠨ ᠵᠤᠨ ᠶᠢᠡᠷ ᠥᠭᠦᠭ᠍ᠰᠡᠨ ᠪᠣᠳᠤᠭᠤ ᠶᠤᠮ ᠳ᠋ᠠᠭ᠂ ᠯᠠᠪ ᠳᠤᠰᠤ ᠰᠠᠢ᠌ᠳᠠᠢ ᠪᠠᠢ᠌ᠭ᠎ᠠ᠃ ᠢᠩᠭᠢᠭᠦ ᠳᠤ ᠪᠢ ᠶᠠᠭᠠᠭᠢᠭᠠᠤᠨ ᠡᠭᠦᠨ ᠢ ᠰᠠᠨᠠᠭᠰᠠᠨ ᠦᠭᠡᠶ ᠪᠣᠢ︕ ᠪᠢᠳᠠ ᠭᠤᠷᠪᠠ ᠭᠡᠳᠤᠨ ᠬᠤᠨᠤᠭ ᠤᠨ ᠦᠯ ᠵᠤᠯᠭᠠᠬᠤ ᠬᠤᠭᠤᠯᠠ ᠲᠡᠶ ᠪᠣᠯᠤᠯ᠎ᠠ》 ᠭᠡᠵᠤ ᠪᠣᠳᠤᠭᠠᠤᠨ᠂ ᠳᠠᠮᠤᠷ ᠯᠠᠵᠠ ᠣᠷᠤᠭᠤ ᠨᠢᠭᠡ ᠬᠠᠷᠠᠭᠰᠠᠨ ᠶᠢᠡᠨ᠂ ᠢᠰᠡᠭᠡᠢ ᠡᠭᠦᠳᠡ ᠪᠠᠨ ᠴᠡᠪᠠᠷᠭᠡᠨ ᠰᠣᠢ᠌ᠯᠠᠭᠠᠤᠨ ᠣᠷᠤᠴᠢᠬᠠᠪᠠ᠃

ᠡᠭᠡ ᠶᠢᠨ ᠶᠢᠡᠨ ᠣᠷᠤᠵᠤ ᠢᠷᠡᠭᠦ ᠶᠢ ᠭᠦᠯᠢᠶᠡᠵᠤ᠂ ᠦᠯᠦᠨ ᠪᠦᠭᠡᠰᠤ ᠰᠢᠭ᠌ ᠵᠡᠭᠦᠳᠤ ᠵᠡᠷᠭᠡᠯᠭᠡᠨ ᠤ ᠴᠢᠷᠠᠢ ᠭᠠᠷᠭᠠᠨ ᠱᠤᠮᠪᠣᠢ᠌ᠯᠳᠤᠨ ᠰᠠᠭᠤᠭᠰᠠᠨ ᠬᠤᠶᠠᠷ ᠭᠦᠤ ᠶᠢᠨ ᠨᠢ᠋ᠮᠠ ᠭᠢᠷᠢ ᠨᠠᠰᠤᠨ ᠤ ᠳᠤᠮᠤᠬᠠᠨ ᠨᠢ ᠡᠵᠢ ᠪᠠᠨ ᠠᠷᠭᠠᠳᠠᠩᠭ᠋ᠤᠢ ᠬᠠᠷᠠᠵᠤ ᠄

᠊᠊᠊᠊᠊᠊᠊᠊᠊᠊᠊᠊᠊᠊᠊ ᠳᠠ ᠳᠡᠭᠡᠭᠡᠤᠨ ᠶᠠᠪᠣᠬᠤ ᠭᠡᠤᠨ ᠪᠠᠢ᠌ᠭ᠎ᠠ ᠶᠤᠮ ᠦᠦ⁈

᠊᠊᠊᠊᠊᠊᠊᠊᠊᠊᠊᠊᠊᠊᠊ ᠡᠵᠢ ᠨᠢ ᠳᠦᠷᠭᠡᠨ ᠬᠠᠷᠢᠭᠠᠤᠨ ᠢᠷᠡᠭᠦ ᠶᠤᠮ ᠴᠢᠨᠢ᠃ ᠬᠤᠭᠤᠯᠠ ᠠᠪᠣᠭᠠᠤᠨ᠂ ᠠᠪᠣ ᠶᠢ ᠨᠢ ᠳᠠᠭᠠᠭᠤᠯᠤᠭᠠᠤᠨ ᠭᠦᠷᠦᠭᠡᠤᠨ ᠢᠷᠠᠨ᠎ᠠ᠃

᠊᠊᠊᠊᠊᠊᠊᠊᠊᠊᠊᠊᠊᠊᠊ ᠳᠦᠷᠭᠡᠨ ᠢᠷᠠᠨ᠎ᠠ᠂ ᠨᠡᠭᠡᠷᠡᠨ︕ ᠳᠠᠢ᠌ᠮᠤ ᠡ᠂ ᠡᠵᠢ ᠡ ⁈

᠊᠊᠊᠊᠊᠊᠊᠊᠊᠊᠊᠊᠊᠊᠊ ᠳᠠᠢ᠌ᠮᠤ ᠡ᠂ ᠮᠢᠨᠤ ᠭᠦᠤ᠃

᠊᠊᠊᠊᠊᠊᠊᠊᠊᠊᠊᠊᠊᠊᠊ ᠳᠦᠷᠭᠡᠨ ᠢᠷᠠᠨ᠎ᠠ᠂ ᠳᠠ ᠬᠤᠷᠳᠤᠨ ᠢᠷᠠᠨ᠎ᠠ᠂ ᠳᠠᠢ᠌ᠮᠤ ᠡ᠃ ᠳᠠ ᠠᠪᠣ ᠶᠢ ᠳᠠᠭᠠᠭᠤᠯᠤᠭᠠᠤᠨ ᠢᠷᠠᠨ᠎ᠠ᠂ ᠳᠠᠢ᠌ᠮᠤ ᠡ︕

᠊᠊᠊᠊᠊᠊᠊᠊᠊᠊᠊᠊᠊᠊᠊ ᠳᠠᠢ᠌ᠮᠤ᠂ ᠳᠠᠢ᠌ᠮᠤ᠂ ᠮᠢᠨᠤ ᠬᠤᠶᠠᠷ ᠭᠦᠤ︕ ᠭᠡᠵᠤ ᠡᠭᠡ ᠵᠢᠷᠦᠭᠡ ᠪᠠᠨ ᠰᠢᠮᠰᠢᠷᠡᠭᠦᠯᠤᠨ ᠪᠠᠢ᠌ᠵᠤ ᠭᠡᠯᠡᠪᠡ᠃

᠊᠊᠊᠊᠊᠊᠊᠊᠊᠊᠊᠊᠊᠊᠊ ᠳᠠ ᠡᠢ᠌ᠮᠤ ᠬᠤᠨᠤᠭᠠᠤᠨ ᠢᠷᠠᠨ᠎ᠠ᠃ ᠳᠠᠢ᠌ᠮᠤ ᠦᠦ︖ ᠭᠡᠮᠡᠨ ᠭᠦᠤ ᠨᠢ ᠨᠢᠭᠡ ᠬᠤᠷᠤᠭᠤ ᠪᠠᠨ ᠭᠤᠵᠣᠢ᠌ᠯᠭᠠᠪᠠ᠃ ᠡᠭᠡ᠄

᠊᠊᠊᠊᠊᠊᠊᠊᠊᠊᠊᠊᠊᠊᠊ ᠳᠠᠢ᠌ᠮᠤ ᠭᠡᠵᠤ ᠰᠢᠪᠠᠨᠠᠵᠠᠢ᠃ ᠭᠡᠪᠠᠴᠤ ᠦᠪᠡᠷ ᠤᠨ ᠶᠢᠡᠨ ᠳᠠᠭᠤ ᠶᠢ ᠰᠤᠨᠤᠰᠤᠭᠰᠠᠨ ᠦᠭᠡᠶ᠃ ᠥᠨᠡᠭᠡᠷ ᠳᠠᠢ᠌ᠮᠤ ᠬᠤᠷᠳᠤᠨ ᠭᠦᠷᠦᠭᠡᠤᠨ ᠢᠷᠡᠴᠢᠭᠡᠭᠦ ᠠᠷᠭ᠎ᠠ ᠠᠨᠢᠷ ᠶᠢᠡᠨ ᠳᠠᠷᠠ ᠪᠦᠰᠡᠭᠦᠢ ᠮᠡᠳᠡᠭᠦ ᠦᠭᠡᠶ ᠯᠠ ᠪᠠᠢ᠌ᠯ᠎ᠠ᠃ ᠳᠤᠳᠤᠷ ᠭᠠᠵᠠᠷ ᠡᠴᠡ ᠪᠣᠳᠠᠭ᠎ᠠ ᠭᠤᠷᠢᠯ ᠳᠡᠭᠡᠪᠦᠷᠢᠯᠡᠭᠦ ᠠᠶᠠᠠᠴᠢᠳ ᠳᠠᠳᠠᠨ ᠤ ᠭᠢ ᠡᠴᠡ ᠯᠠᠪᠳᠠᠢ ᠬᠤᠶᠠᠷ ᠬᠤᠨᠤᠭ ᠤᠨ ᠭᠠᠵᠠᠷ ᠶᠢᠡᠷ ᠥᠩᠭᠡᠷᠡᠳᠡᠭ᠌ ᠳᠡᠭᠡᠷ᠎ᠡ ᠵᠡᠩᠴᠢᠭᠦᠤ ᠶᠢᠨ ᠵᠠᠮ ᠳᠡᠭᠡᠷ᠎ᠡ ᠭᠡᠳᠤᠨ ᠬᠤᠨᠤᠭ ᠰᠠᠭᠤᠵᠤ ᠠᠩᠬᠠᠨ ᠤ ᠠᠶᠠᠠᠴᠢᠳ ᠤ ᠪᠠᠷ᠎ᠠ ᠬᠠᠷᠠᠬᠤ ᠪᠠᠨ ᠡᠭᠡ ᠶᠠᠭᠠᠭᠢᠨ ᠮᠡᠳᠡᠭᠦ ᠪᠦᠯᠦᠭᠡ᠃

ᠨᠢᠳᠤᠨᠤᠨ ᠤ ᠶᠡᠭᠡ ᠵᠤᠳ ᠶᠢᠡᠷ ᠮᠠᠭᠤ ᠮᠤᠬᠤᠷ ᠦᠨᠢᠶ᠎ᠡ᠂ ᠭᠡᠳᠤᠨ ᠬᠤᠨᠢ ᠢᠮᠠᠭ᠎ᠠ ᠶᠢᠨ ᠶᠢᠡᠨ ᠳᠤᠷᠤᠰᠬ᠎ᠠ ᠶᠢ ᠬᠠᠭᠤᠯᠤᠭᠠᠤᠨ ᠪᠠᠷᠤᠭ ᠬᠠᠭᠠᠰᠬ᠎ᠠ ᠰᠠᠷ᠎ᠠ ᠶᠢᠨ ᠳᠤᠳᠤᠷ᠎ᠠ ᠯᠠ ᠡᠳᠡᠨ ᠤ ᠭᠢ ᠭᠡᠳᠡᠭ᠌ ᠠᠢ᠌ᠯ ᠮᠤᠳᠤ ᠪᠠᠨ ᠪᠠᠷᠢᠭᠰᠠᠨ ᠭᠤᠶᠤᠯᠭᠠᠴᠢᠨ ᠪᠣᠯᠵᠠᠢ᠃ ᠭᠠᠳᠠᠭᠤᠷ ᠨᠢ ᠭᠡᠷ ᠤᠨ ᠨᠤᠬᠠᠢ ᠴᠤ ᠱᠤᠩᠰᠢᠵᠤ ᠥᠩᠭᠡᠷᠡᠭᠦ ᠦᠭᠡᠶ ᠡᠨᠡ ᠭᠡᠦᠭᠡᠨ ᠤ ᠳᠤ ᠬᠠᠪᠣᠷ ᠤᠨ ᠡᠭᠢᠨ ᠰᠠᠷ᠎ᠠ ᠶᠢᠨ ᠬᠤᠷᠢᠳ ᠭᠠᠷᠤᠭᠰᠠᠨ ᠦᠶ᠎ᠡ ᠪᠠᠷ ᠵᠤᠩᠳᠤᠢ ᠵᠠᠯᠠᠨ ᠨᠢᠭᠡ ᠪᠠᠭᠤᠭᠰᠠᠨ ᠶᠤᠮ᠃ ᠪᠠᠤᠠᠮ᠎ᠠ ᠳᠡᠭᠡᠭᠦ ᠳᠤ ᠵᠡᠭᠦᠡᠳᠡᠢ ᠪᠠᠨ ᠰᠠᠭᠤᠭᠠᠤᠨ ᠡᠪᠠᠰᠤᠨ ᠤ ᠦᠨᠳᠦᠰᠦ ᠳᠡᠭᠦᠵᠤ ᠡᠪᠦᠯᠵᠢᠨ ᠳᠡᠵᠢᠭᠡᠭ᠍ᠰᠡᠨ ᠬᠠᠢ᠌ᠷᠠᠳᠠᠢ ᠬᠠᠷ᠎ᠠ ᠬᠠᠯᠵᠠᠨ ᠳᠦᠯᠦᠭᠡᠨ ᠤ ᠪᠠᠨ ᠠᠷᠠᠰᠤ ᠶᠢ ᠦᠪᠴᠢᠵᠤ ᠪᠠᠢ᠌ᠪᠠ᠃ ᠡᠳᠡᠨ ᠤ ᠭᠦᠷᠦᠩᠭᠡ ᠶᠢ ᠳᠠᠩᠰᠠ ᠳᠤᠭᠣᠢ᠌ᠯᠠᠭᠤᠯᠤᠨ ᠥᠴᠦᠭᠡᠳᠦᠷ ᠣᠷᠣᠢ᠌ᠬᠠᠨ ᠭᠤᠤᠯ ᠨᠢ ᠳᠠᠰᠤᠷᠠᠭᠰᠠᠨ ᠳᠠᠷᠠ ᠬᠤᠨᠢᠨ ᠤ ᠠᠮᠢ ᠦᠭᠡᠶ ᠴᠡᠩᠭᠡᠷ ᠨᠢᠳᠤ ᠵᠤᠴᠢᠨ ᠤ ᠮᠠᠠᠳᠤ ᠡᠷᠢᠭᠦ ᠭᠡᠰᠡᠨ ᠮᠠᠳᠤ ᠴᠠᠪᠴᠢᠯ ᠦᠭᠡᠶ ᠭᠦᠯᠢᠷᠡᠵᠤ ᠪᠠᠢ᠌ᠯ᠎ᠠ᠃

《ᠵᠠᠪᠠᠯ ᠯᠠ ᠡᠨᠡ ᠊ᠭ᠍ᠱᠡᠨ ᠳᠤ ᠮᠠᠨ ᠤ ᠮᠠᠭᠤ ᠭᠡᠷ ᠲᠤ ᠭᠦᠮᠤᠨ ᠵᠤᠴᠢᠯᠠᠬᠤ ᠪᠠᠢ᠌ᠭᠰᠠᠨ ᠪᠣᠯ ᠵᠤᠩᠳᠤᠢ ᠶᠢᠨ ᠣᠷᠤᠨ ᠳᠤ ᠮᠢᠬᠠᠴᠢᠨ ᠮᠠᠩᠭ᠋ᠤᠰ ᠴᠤ ᠪᠣᠯᠤᠭ ᠣᠷᠤᠵᠤ ᠢᠷᠡᠭᠦ ᠦᠭᠡᠶ︕ ᠢᠩᠭᠢᠵᠤ ᠴᠤ ᠠᠳᠠᠭ ᠤᠨ ᠭᠦᠮᠤᠨ ᠳᠤ ᠠᠯᠢ ᠮᠠᠭᠤ ᠪᠠᠨ ᠥᠵᠡᠭᠦᠯᠭᠦ ᠭᠡᠵᠤ ᠳ᠋ᠧ᠃ ᠮᠠᠨ ᠤ ᠣᠨᠠᠭᠰᠠᠨ ᠵᠤᠪᠠᠯᠠᠩ ᠤᠨ ᠦᠶᠡᠷ ᠮᠦᠨ ᠴᠤ ᠭᠦᠨ ᠡ︕》 ᠭᠡᠵᠤ ᠪᠠᠤᠠᠮ᠎ᠠ ᠳᠡᠭᠡᠭᠦ ᠳᠤ ᠪᠣᠳᠤᠵᠠᠢ᠃

ᠵᠤᠩᠳᠤᠢ ᠭᠡᠷ ᠳᠤᠳᠤᠷᠠᠭᠢ ᠶᠢ ᠨᠢ ᠡᠷᠭᠢᠭᠦᠯᠵᠤ ᠳᠤᠭᠤᠷᠢᠭᠤᠯᠤᠨ ᠬᠠᠷᠠᠵᠤ᠂ ᠡᠮᠦᠰᠦᠭ᠍ᠰᠡᠨ ᠵᠡᠭᠦᠭ᠍ᠰᠡᠨ ᠢ ᠨᠢ ᠶᠡᠭᠡᠯ᠎ᠡ ᠭᠤᠤᠴᠠᠳᠠᠢ ᠰᠢᠷᠪᠢᠭᠡᠤᠨ᠄

᠊᠊᠊᠊᠊᠊᠊᠊᠊᠊᠊᠊᠊᠊᠊ ᠴᠢ ᠴᠢᠨᠢ ᠬᠤᠨᠤᠴᠠᠨ ᠡᠴᠡ ᠯᠠ ᠨᠢᠭᠡ ᠭᠡᠦᠭᠡᠤᠨ ᠣᠯᠤᠭᠰᠠᠨ ᠡᠴᠡ ᠪᠢᠰᠢ᠂ ᠥᠭᠡᠷ᠎ᠡ ᠴᠤ ᠠᠷᠪᠢᠳᠠᠢ ᠶᠠᠭᠤᠮ᠎ᠠ ᠨᠡᠮᠡᠭ᠍ᠳᠡᠭᠡ ᠦᠭᠡᠶ ᠰᠢᠪ ᠳ᠋ᠧ︕ ᠡᠨᠡ ᠪᠠᠭ᠎ᠠ ᠴᠢᠨᠢ ᠳᠠᠷᠢᠭᠠᠩᠭ᠋᠎ᠠ ᠶᠢᠨ ᠬᠠᠩᠭ᠋ᠠᠢ ᠪᠠᠽᠠᠷ ᠤᠨ ᠭᠡᠦᠭᠡᠤᠨ ᠪᠢᠰᠢ ᠪᠢᠵᠠ ⁉ ᠠᠳᠠᠯᠢᠬᠠᠨ ᠴᠤ ᠶᠤᠮ ᠰᠢᠪ︕ ᠰᠢᠯᠢ ᠶᠢᠨ ᠭᠤᠤᠯ ᠤᠨ ᠰᠠᠢ᠌ᠬᠠᠨ ᠰᠤᠮᠢᠶ᠎ᠠ ᠶᠢᠨ ᠬᠠᠵᠠᠭᠤ ᠪᠠᠷ ᠴᠢᠮ᠎ᠠ ᠣᠷᠤᠭᠤ ᠳᠠᠪᠭᠢᠳᠠᠭ ᠪᠠᠢ᠌ᠬᠤ ᠨᠢ ᠦᠦ⁉ ᠶ‍ᠢᠰᠤᠨ ᠬᠤᠰᠢᠭᠤᠨ ᠤ ᠠᠳᠤᠭᠤ᠂ ᠶ‍ᠢᠰᠤᠨ ᠠᠢ᠌ᠮᠠᠭ ᠤᠨ ᠭᠡᠦᠭᠡᠨ ᠭᠦᠭᠡᠭᠡᠵᠤ ᠶᠠᠪᠣᠳᠠᠭ ᠠᠮᠢᠳᠠᠨ ᠳ᠋ᠠ᠃ ᠠᠳᠤᠭᠤ ᠬᠠᠷᠠᠬᠤᠯᠠᠷ ᠶᠢᠡᠨ ᠬᠤᠯᠠᠭᠠᠢ᠌ᠴᠢ ᠪᠣᠯᠳᠠᠭ᠂ ᠠᠪᠠᠭᠠᠢ ᠬᠠᠷᠠᠬᠤᠯᠠᠷ ᠶᠢᠡᠨ ᠣᠬᠤᠨ᠎ᠠ ᠪᠣᠯᠳᠠᠭ ᠶᠤᠮ ᠭᠡᠨ᠎ᠡ ᠪᠢᠯᠠ︕ ᠁

᠊᠊᠊᠊᠊᠊᠊᠊᠊᠊᠊᠊᠊᠊᠊ ᠵᠠᠯᠠᠨ ᠳᠠ ᠭᠦᠮᠤᠨ ᠤ ᠦᠷ᠎ᠡ ᠶᠢ ᠪᠢᠳᠡᠭᠡᠢ ᠢᠩᠭᠢᠵᠤ ᠶᠠᠷᠢ︕ ᠪᠢ ᠪᠠᠽᠠᠷ ᠲᠡᠶ ᠰᠤᠠᠳᠠᠯᠠᠳᠤᠨ ᠶᠠᠪᠣᠳᠠᠭ ᠪᠢᠰᠢ ᠪᠣᠯᠬᠤᠷ ᠮᠡᠳᠡᠭᠦ ᠦᠭᠡᠶ᠃ ᠳᠡᠭᠡᠭᠦ ᠳᠤ ᠪᠠᠨ ᠳᠠᠨ ᠤ ᠥᠭᠡ ᠶᠢ ᠬᠤᠳᠠᠯ ᠭᠡᠵᠤ ᠰᠠᠨᠠᠵᠤ ᠪᠠᠢ᠌ᠨ᠎ᠠ᠃ ᠳᠠ ᠴᠢᠨᠢ ᠯᠠ ᠬᠠᠷᠢᠨ ᠠᠪᠠᠭᠠᠢ ᠬᠠᠷᠠᠬᠤᠯᠠᠷ ᠶᠢᠡᠨ ᠭᠠᠯᠵᠠᠭᠤ ᠣᠬᠤᠨ᠎ᠠ ᠪᠣᠯᠳᠠᠭ ᠶᠤᠮ ᠪᠢᠯᠠ ᠰᠢᠤ ᠳ᠋ᠧ︕

ᠵᠤᠩᠳᠤᠢ ᠶᠠᠷᠢᠶ᠎ᠠ ᠶᠢ ᠨᠢ ᠣᠭᠳᠤ ᠰᠤᠨᠤᠰᠤᠭᠰᠠᠨ ᠦᠭᠡᠶ ᠳᠦᠷᠢ ᠭᠠᠷᠭᠠᠨ ᠥᠭᠦᠯᠡᠷᠤᠨ᠄

᠊᠊᠊᠊᠊᠊᠊᠊᠊᠊᠊᠊᠊᠊᠊ ᠪᠠᠽᠠᠷ ᠤᠨ ᠠᠪᠠᠯᠢ ᠭᠡᠷᠭᠡᠢ ᠰᠢᠯᠢ ᠶᠢᠨ ᠭᠤᠤᠯ ᠤᠨ ᠰᠤᠮᠢᠶ᠎ᠠ ᠭᠡᠵᠤ ᠭᠡᠦᠭᠡᠨ ᠪᠣᠢ᠃ ᠴᠢᠰᠤ ᠪᠠᠷ ᠳᠡᠭᠡᠭᠯᠨ᠂ ᠰᠠᠢ᠌ᠬᠠᠨ ᠴᠤ ᠠᠮᠢᠳᠠᠨ ᠳ᠋ᠠ᠃ ᠵᠠ ᠳᠡᠭᠡᠭᠡᠤᠨ ᠠᠷᠭᠠᠯᠠᠵᠤ ᠶᠠᠪᠣᠳᠠᠭ ᠨᠢ ᠠᠢ᠌ᠮᠠᠭ ᠬᠤᠰᠢᠭᠤ ᠪᠣᠯᠭᠠᠨ ᠳᠤ ᠳᠦᠭᠦᠷᠡᠩ︕ ᠠᠷᠭ᠎ᠠ ᠴᠤ ᠦᠭᠡᠶ ᠶᠤᠮ ᠪᠢᠵᠠ ᠳ᠋ᠧ᠂ ᠳᠠᠩᠳᠠ ᠣᠭᠤᠨᠤ ᠶᠢᠨ ᠳᠦᠭᠦᠭᠡᠢ ᠮᠢᠬ᠎ᠠ ᠢᠳᠠᠵᠤ᠂ ᠰᠢᠯᠢ ᠳᠡᠭᠡᠷ᠎ᠡ ᠰᠢᠯᠢᠷᠠᠵᠤ ᠶᠠᠪᠣᠳᠠᠭ ᠪᠣᠯᠬᠤᠯᠠᠷ ᠣᠷᠤᠭ᠎ᠠ ᠨᠢ ᠰᠠᠭᠠᠷᠠᠬᠤ ᠦᠭᠡᠶ ᠪᠠᠢ᠌ᠳᠠᠭ ᠪᠠᠢ᠌ᠭ᠎ᠠ︕ ᠣᠭᠤᠨᠤ ᠭᠡᠳᠡᠭ᠌ ᠴᠢᠨᠢ ᠣᠬᠤᠨ᠎ᠠ ᠰᠢᠤ ᠳ᠋ᠧ᠃

᠊᠊᠊᠊᠊᠊᠊᠊᠊᠊᠊᠊᠊᠊᠊ ᠳᠠᠭᠤ ᠪᠠᠨ ᠳᠠᠳᠠᠭᠠᠴᠢ︕ ᠶᠠᠮᠠᠷ ᠮᠠᠭᠤᠬᠠᠢ ᠶᠠᠭᠤᠮ᠎ᠠ ᠶᠠᠷᠢᠳᠠᠭ ᠵᠢᠭ᠍ᠳᠡᠢ᠌ ᠭᠡᠨᠡᠨ ᠠᠮᠢᠳᠡᠨ ᠪᠣᠢ︖ ᠭᠡᠵᠤ ᠪᠠᠤᠠᠮ᠎ᠠ ᠬᠠᠰᠭᠢᠷᠤᠭᠰᠠᠨ ᠳᠤ ᠵᠤᠩᠳᠤᠢ ᠮᠦᠨ ᠯᠠ ᠭᠡᠨᠡᠭ᠌ ᠦᠭᠡᠶ ᠪᠠᠷ᠄

᠊᠊᠊᠊᠊᠊᠊᠊᠊᠊᠊᠊᠊᠊᠊ ᠠᠳᠠᠭ ᠤᠨ ᠭᠡᠦᠭᠡᠨ ᠨᠢ ᠴᠢ ᠯᠠ ᠪᠠᠢ᠌ᠨ᠎ᠠ ᠰᠢᠤ︕ ᠳᠠᠨ ᠤ ᠭᠢ ᠪᠠᠷ ᠣᠢ᠌ᠷ᠎ᠠ ᠳᠤ ᠢᠷᠡᠭ᠍ᠰᠡᠨ ᠦᠦ ᠳ᠋ᠧ ⁈ ᠭᠡᠵᠡᠢ᠃

ᠪᠠᠤᠠᠮ᠎ᠠ ᠶᠢᠨ ᠨᠢᠳᠤ ᠳᠡᠭᠡᠭᠦ ᠳᠤ ᠵᠤᠩᠳᠤᠢ ᠳᠡᠭᠡᠷ᠎ᠡ ᠨᠢᠭᠡ ᠳᠤᠰᠴᠤ᠂ ᠬᠣᠢ᠌ᠳᠤ ᠠᠪᠳᠠᠷᠠᠨ ᠳᠡᠭᠡᠷ᠎ᠡ ᠨᠢᠭᠡ ᠳᠤᠰᠴᠤ ᠪᠣᠮᠪᠣᠯᠵᠠᠨ ᠪᠠᠢ᠌ᠭᠰᠠᠨ ᠶᠢᠡᠨ᠁ ᠭᠦᠭᠡᠷᠦᠭᠦᠢ ᠪᠦᠰᠡᠭᠦᠢ ᠣᠴᠢᠷ ᠦᠭᠡᠶ ᠭᠢᠩᠰᠢᠨ ᠣᠭᠢᠯᠠᠵᠤ ᠪᠢᠯᠠ᠃ ᠬᠤᠶᠠᠷ ᠭᠦᠤ ᠨᠢ ᠴᠤ ᠡᠭᠡ ᠶᠢ ᠪᠠᠨ ᠳᠠᠭᠠᠵᠤ ᠣᠷᠢᠯᠠᠯᠳᠤᠭᠰᠠᠨ ᠶᠤᠮ᠃

ᠮᠠᠭᠤ ᠭᠦᠮᠤᠨ ᠳᠤ ᠨᠢᠯᠪᠣᠰᠤ ᠪᠠᠨ ᠥᠵᠡᠭᠦᠯᠭᠦ ᠦᠭᠡᠶ ᠶᠢ ᠭᠢᠴᠢᠶᠡᠭ᠍ᠰᠡᠨ ᠭᠡᠦᠭᠡᠨ ᠭᠡᠳᠤᠨ ᠬᠤᠷᠤᠮ ᠤᠨ ᠳᠠᠷᠠᠭ᠎ᠠ ᠨᠢᠳᠤ ᠪᠠᠨ ᠬᠠᠠᠴᠤᠢ ᠪᠠᠷ ᠶᠢᠡᠨ ᠠᠷᠴᠢᠨ ᠬᠠᠭᠤᠷᠠᠢ ᠪᠣᠯᠭᠠᠭᠠᠤᠨ ᠳᠤᠯᠤᠭᠠᠢ ᠪᠠᠨ ᠡᠷᠭᠦᠨ᠄

᠊᠊᠊᠊᠊᠊᠊᠊᠊᠊᠊᠊᠊᠊᠊ ᠵᠠᠯᠠᠨ ᠳᠠ ᠳᠤᠭᠯᠠᠭᠠᠮ ᠭᠢᠵᠤ ᠳᠠᠭᠤᠰᠤᠭᠰᠠᠨ ᠪᠣᠯ ᠣᠳᠤ ᠶᠠᠪᠣ︕

᠊᠊᠊᠊᠊᠊᠊᠊᠊᠊᠊᠊᠊᠊᠊ ᠪᠢ ᠴᠢᠮ᠎ᠠ ᠪᠠᠷ ᠳᠤᠭᠯᠠᠭᠠᠮ ᠭᠢᠭᠡ ᠦᠭᠡᠶ᠂ ᠴᠢ ᠯᠠ ᠦᠪᠡᠷ ᠶᠢᠡᠨ ᠦᠪᠡᠷ ᠶᠢᠡᠷ ᠶᠢᠡᠨ ᠳᠤᠭᠯᠠᠭᠠᠮ ᠭᠢᠭ᠍ᠰᠡᠨ ᠪᠠᠢ᠌ᠬ᠎ᠠ︕ ᠁ ᠵᠠ ᠳᠠᠷᠠ ᠳᠤᠭᠯᠠᠭᠠᠮ ᠮᠤᠭᠯᠠᠭᠠᠮ ᠶᠠᠭᠠᠭᠢᠬᠤᠪ ᠭᠡᠤᠨ ᠡᠪᠦᠷ ᠡᠴᠡ ᠪᠠᠨ ᠨᠢᠭᠡᠨ ᠳᠤᠭᠳᠤᠢ ᠲᠡᠶ ᠪᠢᠴᠢᠭ᠌ ᠭᠠᠷᠭᠠᠵᠤ ᠡᠷᠭᠢᠭᠦᠯᠤᠨ ᠳᠤᠭᠤᠷᠢᠭᠤᠯᠤᠨ ᠭᠢᠮᠰᠠᠭᠠᠯᠳᠤᠨ ᠬᠠᠷᠠᠭᠰᠠᠨ ᠶᠢᠡᠨ᠄

᠊᠊᠊᠊᠊᠊᠊᠊᠊᠊᠊᠊᠊᠊᠊ ᠴᠢᠮᠢ᠋ᠢ ᠨᠤᠳᠤᠭ ᠰᠡᠯᠭᠦᠨ ᠨᠡᠭᠦᠯᠭᠡᠭᠦ ᠬᠤᠰᠢᠭᠤ ᠳᠠᠮᠠᠭ᠎ᠠ ᠶᠢᠨ ᠳᠤᠰᠢᠶᠠᠯ ᠭᠠᠷᠤᠭᠰᠠᠨ ᠢ ᠥᠴᠦᠭᠡᠨ ᠵᠠᠯᠠᠨ ᠮᠢᠨᠤ ᠪᠠᠶ᠎ᠠ ᠵᠠᠷᠯᠠᠨ ᠮᠡᠳᠡᠭ᠍ᠳᠡᠭᠦ ᠪᠠᠷ ᠪᠠᠶ᠎ᠠ ᠪᠠᠷ ᠢᠷᠠᠪᠠ᠃

᠊᠊᠊᠊᠊᠊᠊᠊᠊᠊᠊᠊᠊᠊᠊ ᠶᠠᠭᠤ ᠨᠤᠳᠤᠭ ᠰᠡᠯᠭᠦᠭᠦ︖ ᠬᠠᠮᠢᠭᠠᠰᠢ ᠪᠠᠨ ᠨᠡᠭᠦᠭᠦ ᠶᠤᠮ ᠪᠣᠢ︖ ᠶᠠᠭᠤ ᠭᠡᠵᠤ ᠨᠡᠭᠦᠭᠦ ᠶᠤᠮ ᠪᠣᠢ︖

᠊᠊᠊᠊᠊᠊᠊᠊᠊᠊᠊᠊᠊᠊᠊ ᠬᠤᠩᠭ᠋ᠤᠷ ᠭᠡᠦᠭᠡᠨ ᠳᠠᠨ ᠤ ᠪᠠᠶ᠎ᠠ ᠬᠠᠩᠭ᠋ᠠᠢ ᠵᠠᠮ ᠤᠨ ᠠᠮᠠᠰᠠᠷ ᠰᠠᠭᠢᠨ ᠡᠯᠳᠡᠪ ᠮᠠᠭᠤ ᠭᠦᠮᠤᠨ ᠲᠡᠶ ᠳᠤᠩᠱᠢᠯᠠᠨ ᠨᠥᠭᠦᠷᠯᠡᠵᠤ᠂ ᠰᠦᠨᠢᠳ ᠸᠠᠩ ᠤᠨ ᠬᠤᠰᠢᠭᠤᠨ ᠤ ᠨᠠᠷ᠎ᠠ ᠲᠦᠷᠦ ᠶᠢ ᠨᠢᠭᠡ ᠪᠢᠰᠢ ᠣᠳᠠᠭ᠎ᠠ ᠭᠤᠳᠤᠮᠰᠢᠭᠳᠠᠢ ᠪᠠᠷ ᠬᠤᠭᠤᠯᠤᠭᠰᠠᠨ ᠣᠴᠢᠷ ᠡᠨᠡ︕ ᠨᠥᠭᠦᠭᠡᠳᠡᠭᠦᠷ ᠴᠢ ᠬᠠᠯᠬ᠎ᠠ ᠳ᠋ᠠᠭᠢ ᠳᠤᠳᠤᠷ ᠭᠠᠵᠠᠷ ᠤᠨ ᠡᠷᠭᠢᠮᠰᠦᠭ᠌ ᠫᠦᠰᠡᠨ ᠤ ᠳ᠋ᠠᠩᠵᠢᠶᠠᠳᠠ ᠨᠡᠷ ᠤᠨ ᠠᠮᠢ ᠶᠢ ᠳᠤᠷ᠎ᠠ ᠪᠠᠷ ᠬᠤᠷᠤᠭᠠᠭᠰᠠᠨ᠂ ᠰᠠᠠᠰᠠᠷᠠᠢ᠌ᠳᠤᠷᠵᠢ ᠶᠢᠨ ᠬᠤᠰᠢᠭᠤᠨ ᠳᠤ ᠪᠣᠰᠤᠯᠭ᠎ᠠ ᠥᠢᠮᠡᠭᠡᠨ ᠳᠡᠭ᠍ᠳᠡᠭᠡᠯᠴᠡᠵᠤ᠂ ᠦᠷᠢ ᠶᠢᠨ ᠳᠠᠩᠰᠠ ᠳᠡᠷᠢᠭᠦᠳᠡᠨ ᠢ ᠰᠢᠳᠠᠭᠠᠨ᠂ ᠮᠠᠠᠵᠤ ᠬᠠᠭᠠᠨ ᠤ ᠡᠰᠡᠷᠭᠦ ᠵᠤᠷᠢᠭᠠᠷ ᠠᠪᠣᠷᠢᠯᠠᠵᠤ᠂ ᠡᠳᠦᠭᠡ ᠳᠡᠭᠡᠳᠤ ᠶᠢᠨ ᠵᠠᠷᠯᠢᠭ ᠶᠢᠡᠷ ᠳᠤᠯᠤᠭᠠᠢ ᠪᠠᠶ᠎ᠠ ᠬᠤᠶᠠᠷ ᠨᠢᠭᠡᠨᠲᠡ ᠠᠩᠭᠢᠳᠠ ᠪᠣᠯᠤᠭᠰᠠᠨ ᠪᠠᠶᠡᠷᠭᠦᠤ ᠭᠡᠮᠡᠭᠦ ᠣᠷᠭᠤᠳᠤᠤᠯ ᠬᠤᠯᠠᠭᠠᠢ᠌ᠴᠢ ᠶᠢᠨ ᠠᠷᠤ ᠭᠡᠷ ᠮᠦᠨ ᠤ ᠳᠤᠯᠠ ᠳᠠᠨᠠᠢ᠌ᠭᠢ ᠶᠢ ᠨᠤᠳᠤᠭ ᠤᠨ ᠳᠡᠭᠡᠰᠤᠨ ᠤ ᠵᠠᠬ᠎ᠠ ᠡᠮᠭᠦᠭᠦᠯᠤᠨ᠂ ᠵᠥᠭ᠌ ᠤᠨ ᠮᠠᠭᠤ ᠵᠡᠭᠦᠨ ᠬᠣᠢ᠌ᠳᠤ ᠵᠥᠭ᠌ ᠨᠡᠭᠦᠯᠭᠡᠵᠤ ᠨᠤᠳᠤᠭ ᠳᠤᠮᠤᠭᠠᠯᠠᠨ ᠰᠠᠭᠤᠯᠭᠠᠬᠤ ᠪᠠᠷ ᠬᠤᠰᠢᠭᠤ ᠳᠠᠮᠠᠭ᠎ᠠ ᠶᠢᠨ ᠭᠠᠵᠠᠷ ᠰᠢ᠌ᠳᠦᠭ᠍ᠰᠡᠨ ᠠᠵᠠᠢ᠃ ᠡᠭᠦᠨ ᠢ ᠮᠤᠩᠬᠠᠭ ᠵᠠᠯᠠᠨ ᠮᠢᠨᠤ ᠪᠠᠶ᠎ᠠ ᠭᠡᠮᠳᠤ ᠡᠮ᠎ᠡ ᠴᠢᠨᠤ ᠰᠤᠨᠤᠷ ᠲᠤ ᠶᠤᠰᠤᠭᠠᠷ ᠭᠦᠷᠭᠡᠵᠤ ᠪᠠᠢ᠌ᠨ᠎ᠠ᠃ ᠮᠠᠷᠭᠠᠰᠢ ᠠᠴᠢᠯᠠᠭ᠎ᠠ ᠢᠷᠠᠨ᠎ᠠ᠃ ᠨᠠᠭᠠᠳᠤ 《ᠳᠠᠷᠭᠤᠨ》 ᠬᠤᠨᠢᠨ ᠤ ᠪᠠᠨ ᠮᠢᠬ᠎ᠠ ᠶᠢ ᠪᠣᠷᠴᠠᠯᠠᠵᠤ ᠪᠡᠯᠡᠳᠭᠡᠴᠢᠭᠡᠤᠨ ᠬᠤᠶᠠᠷ ᠭᠡᠦᠭᠡᠤᠨ ᠶᠢᠡᠨ ᠡᠷᠳᠡᠭᠡᠨ ᠪᠣᠰᠬᠠᠴᠢᠬᠠᠭᠠᠤᠨ ᠪᠠᠢ᠌ᠭᠠᠷᠠᠢ ᠭᠡᠮᠡᠭᠡᠤᠨ ᠮᠥᠭᠡᠷᠤᠨ ᠬᠠᠮᠠᠷ ᠶᠢᠡᠨ ᠳᠡᠮᠳᠡᠷᠢᠭᠦ ᠮᠠᠳᠤ ᠳᠤᠭᠤᠭᠰᠢ ᠪᠠᠨ ᠰᠢᠪᠳᠤᠷᠤᠭᠰᠠᠨ ᠶᠢᠡᠨ ᠣᠷᠤᠵᠤ ᠢᠷᠡᠭ᠍ᠰᠡᠨ ᠰᠢᠭ᠌ ᠶᠢᠡᠨ ᠰᠠᠮ ᠪᠣᠰᠴᠤ᠂ ᠪᠠᠤᠠᠮ᠎ᠠ ᠶᠢᠨ ᠥᠴᠢᠭ᠍ᠰᠡᠨ ᠥᠭᠡᠨ ᠤ ᠬᠠᠷᠢᠭᠤ ᠶᠢ ᠴᠤ ᠰᠤᠨᠤᠰᠤᠭᠰᠠᠨ ᠦᠭᠡᠶ ᠪᠠᠷ ᠭᠠᠷᠴᠤ ᠣᠤᠠᠪᠠ᠃

ᠥᠨᠡᠭᠡᠷ ᠮᠠᠷᠭᠠᠰᠢ ᠨᠢ ᠨᠢᠭᠡ ᠭᠢᠳᠠᠤᠨ᠂ ᠬᠤᠶᠠᠭ ᠪᠠᠢ᠌ᠷᠢ ᠶᠢᠨ ᠬᠤᠶᠠᠷ ᠮᠤᠩᠭ᠋ᠤᠯ ᠡᠷ᠎ᠡ ᠥᠭᠡᠷ ᠳᠡᠷᠭᠡ ᠲᠡᠶ ᠢᠷᠠᠵᠤ ᠪᠠᠤᠠᠮ᠎ᠠ ᠶᠢᠨ ᠭᠢ ᠶᠢ ᠨᠡᠭᠦᠯᠭᠡᠨ ᠭᠦᠳᠡᠯᠭᠡᠭ᠍ᠰᠡᠨ ᠠᠵᠠᠢ᠃ ᠪᠦᠳᠤᠨ ᠬᠠᠭᠠᠰ ᠬᠤᠨᠤᠭ ᠶᠠᠪᠣᠭᠠᠤᠨ ᠡᠨᠡ ᠴᠠᠢ᠌ᠳᠠᠮ ᠤᠨ ᠴᠠᠭᠠᠨ ᠳᠠᠯ᠎ᠠ ᠶᠢᠨ ᠳᠤᠮᠳᠠᠭᠢ ᠦᠨᠦᠴᠢᠨ ᠱᠠᠩᠳᠠ ᠶᠢᠨ ᠠᠮᠠᠰᠠᠷ ᠢ ᠡᠮᠭᠦᠭᠦᠯᠵᠤ ᠬᠠᠶᠠᠭᠰᠠᠨ ᠶᠤᠮ᠃ ᠳᠤᠮᠤ ᠭᠦᠤ ᠶᠢᠨ ᠶᠢᠡᠨ ᠡᠮᠦᠨ᠎ᠡ ᠰᠥᠭᠦᠷᠡᠵᠤ ᠰᠠᠭᠤᠭᠠᠤᠨ ᠨᠢᠭᠡ ᠬᠤᠨᠤᠭᠠᠤᠨ ᠢᠷᠡᠭᠦ ᠦᠦ ᠭᠡᠰᠡᠨ ᠨᠡᠭᠡᠯ ᠬᠠᠳᠠᠭᠤ ᠲᠡᠶ ᠠᠰᠠᠭᠤᠯᠳᠠ᠂ ᠳᠤᠭᠰᠢᠨ ᠬᠠᠷ᠎ᠠ ᠨᠢᠳᠤᠨ ᠤ ᠭᠢᠨᠢ ᠬᠠᠷᠠᠴᠠ ᠬᠤᠶᠠᠷ ᠲᠤ ᠥᠴᠢᠭ᠌ ᠥᠭ᠍ᠴᠤ ᠴᠢᠳᠠᠬᠤ ᠦᠭᠡᠶ ᠡᠭᠦᠯᠡᠭᠡᠷᠳᠡᠨ ᠪᠠᠢ᠌ᠭᠰᠠᠨ ᠪᠠᠤᠠᠮ᠎ᠠ ᠶᠢᠨ ᠳᠤᠳᠤᠷ᠎ᠠ ᠳᠡᠭᠡᠷᠡᠭᠢ ᠶᠠᠪᠣᠳᠠᠯ ᠡᠷᠭᠢᠨ ᠰᠠᠨᠠᠭᠳᠠᠬᠤ ᠳᠤ ᠳᠡᠰᠦᠭ᠍ᠰᠡᠨ ᠦᠭᠡᠶ ᠰᠡᠭᠦᠷᠡᠰᠤ ᠠᠯᠳᠠᠭᠠᠤᠨ᠄ 《᠁ ᠪᠢᠳᠠᠨ ᠢ ᠳᠡᠭᠡᠵᠤ ᠨᠡᠭᠦᠯᠭᠡᠵᠤ ᠡ᠊ᠨᠳᠡ ᠠᠪᠴᠢᠷᠠᠵᠤ ᠬᠠᠶᠠᠭ᠎ᠠ ᠦᠭᠡᠶ ᠪᠣᠯ ᠵᠡᠩᠴᠢᠭᠦᠤ ᠶᠢᠨ ᠵᠠᠮ ᠮᠦᠨ ᠣᠢ᠌ᠷᠠᠬᠠᠨ ᠪᠠᠢ᠌ᠬᠤ ᠰᠠᠨ︕ ᠪᠠᠽᠠᠷ ᠮᠢᠨᠢ᠂ ᠴᠢ ᠮᠢᠨᠢ ᠥᠨᠡᠭᠡᠷ ᠳᠠᠢ᠌ᠮᠤ ᠭᠦᠮᠤᠨ ᠪᠠᠢ᠌ᠭᠰᠠᠨ ᠶᠤᠮ ᠦᠦ︖ ᠁ ᠰᠢᠯᠢ ᠳᠡᠭᠡᠷ᠎ᠡ ᠰᠢᠯᠢᠷᠠᠵᠤ ᠶᠠᠪᠣᠭ᠎ᠠ ᠪᠣᠯ ᠢᠷᠠᠮᠠᠷ ᠶᠤᠮ ᠳ᠋ᠠ︕ ᠁ ᠰᠢᠯᠢ ᠶᠢᠨ ᠭᠤᠤᠯ ᠳᠤ ᠪᠦᠭ‍ᠬᠦᠵᠤ ᠪᠠᠢ᠌ᠳᠠᠭ ᠪᠣᠯ ᠦᠦ︖ ᠁ ᠦᠭᠡᠶ᠂ ᠦᠭᠡᠶ᠂ ᠪᠠᠽᠠᠷ ᠳᠠᠢ᠌ᠮᠤ ᠦᠭᠡᠶ᠃ ᠦᠭᠡᠶ᠁ ᠳᠠᠢ᠌ᠮᠤ ᠴᠤ ᠶᠤᠮ ᠪᠢᠯᠢᠤ︖》 ᠭᠡᠵᠤ ᠪᠣᠳᠤᠭᠠᠤᠨ ᠳᠤᠳᠤᠷ᠎ᠠ ᠨᠢ ᠬᠠᠷᠠᠩᠭ᠋ᠣᠢ᠌ᠯᠠᠯ᠎ᠠ᠃

᠊᠊᠊᠊᠊᠊᠊᠊᠊᠊᠊᠊᠊᠊᠊ ᠡᠵᠢ ᠡ᠂ ᠴᠢ ᠶᠠᠭᠠᠭᠢᠭᠠᠤᠨ ᠨᠢᠳᠤ ᠪᠠᠨ ᠠᠨᠢᠭᠠᠤᠨ ᠪᠠᠢ᠌ᠭ᠎ᠠ ᠶᠤᠮ ᠪᠣᠢ︖ ᠨᠣᠢ᠌ᠷ ᠴᠢᠨᠢ ᠭᠦᠷᠦᠭᠡ ᠦᠦ︖ ᠳᠡᠭᠡᠪᠠᠯ ᠣᠠᠳᠠᠭᠠᠤᠨ ᠶᠠᠪᠣ ᠯᠠ ᠳ᠋ᠠ︕ ᠭᠡᠮᠡᠨ ᠳᠤᠮᠤ ᠭᠦᠤ ᠨᠢ ᠪᠦᠷ ᠣᠢ ᠳᠤᠢ ᠳᠤ ᠨᠢ ᠪᠠᠭᠤᠭ᠎ᠠ ᠦᠭᠡᠶ ᠶᠠᠭᠤᠮ᠎ᠠ ᠭᠡᠯᠡᠵᠤ᠂ ᠵᠢᠷᠦᠭᠡ ᠶᠢ ᠨᠢ ᠰᠢᠮᠰᠢᠷᠡᠭᠦᠯᠵᠡᠢ᠃ ᠭᠡᠪᠠᠴᠤ ᠨᠢ᠋ᠮᠠᠨ ᠨᠠᠰᠤᠳᠠᠢ ᠳᠠᠷᠠ ᠠᠮᠢᠳᠠᠨ ᠤ ᠰᠡᠷᠭᠦᠯᠡᠩ ᠣᠬᠠᠭᠠᠯᠢᠭ ᠢ ᠦᠵᠡᠵᠤ ᠰᠠᠤᠠᠭᠢᠯ ᠶᠢᠡᠨ ᠴᠢᠩᠭ᠋ᠠᠯᠠᠨ᠄

᠊᠊᠊᠊᠊᠊᠊᠊᠊᠊᠊᠊᠊᠊᠊ ᠵᠠ᠂ ᠡᠵᠢ ᠨᠢ ᠶᠠᠪᠣᠯ᠎ᠠ᠃ ᠪᠢ ᠯᠠᠪ ᠯᠠ ᠬᠤᠶᠠᠷ ᠬᠤᠨᠤᠨ᠎ᠠ ᠰᠢᠤ᠃ ᠴᠢ ᠡᠷ᠎ᠡ ᠭᠦᠮᠤᠨ︕ ᠳᠡᠭᠦᠤ ᠴᠢᠨᠢ ᠪᠠᠰᠠ ᠡᠷ᠎ᠡ ᠭᠦᠮᠤᠨ︕ ᠮᠢᠨᠤ ᠬᠤᠶᠠᠷ ᠭᠦᠤ ᠠᠶᠤᠬᠤ ᠦᠭᠡᠶ ᠡ᠃ ᠡᠵᠢ ᠶᠢᠨ ᠶᠢᠡᠨ ᠵᠠᠭᠢᠭᠰᠠᠨ ᠢ ᠯᠠ ᠪᠢᠳᠡᠭᠡᠢ ᠮᠠᠷᠳᠠᠭᠠᠷᠠᠢ︕

᠊᠊᠊᠊᠊᠊᠊᠊᠊᠊᠊᠊᠊᠊᠊ ᠪᠢ ᠳᠡᠭᠦᠤ ᠳᠤ ᠪᠠᠨ ᠣᠰᠤ ᠯᠠ ᠦᠭ‍ᠭᠦᠭᠡᠤᠨ ᠪᠠᠢ᠌ᠨ᠎ᠠ᠃

᠊᠊᠊᠊᠊᠊᠊᠊᠊᠊᠊᠊᠊᠊᠊ ᠳᠡᠭᠡᠭᠡᠷᠡᠢ᠂ ᠮᠢᠨᠤ ᠭᠦᠤ ᠮᠤᠳᠤᠨ ᠳᠦᠮᠫᠠᠨ ᠳᠤ ᠴᠢᠨᠢ ᠪᠣᠢ ᠰᠢᠤ ᠳ᠋ᠠ ᠭᠡᠵᠡᠢ᠃

ᠪᠠᠤᠠᠮ᠎ᠠ ᠰᠡᠭᠦᠯᠴᠢ ᠶᠢᠨ ᠶᠢᠡᠨ ᠠᠤᠠᠬᠤ ᠠᠷᠪᠠᠢ ᠶᠢ ᠦᠨᠦ ᠥᠷᠯᠦᠭᠡ ᠬᠤᠶᠠᠷ ᠭᠦᠤ ᠳᠤ ᠪᠠᠨ ᠵᠢᠭᠤᠷᠴᠤ ᠦᠭ‍ᠭᠦᠭ᠍ᠰᠡᠨ ᠪᠣᠯᠬᠤᠯᠠᠷ ᠪᠣᠳᠤᠭᠤ ᠰᠢᠭ ᠬᠤᠶᠠᠷ ᠠᠮᠢᠳᠠᠨ ᠶᠢᠡᠨ ᠬᠤᠭᠤᠰᠤᠨ ᠣᠷᠭᠢᠬᠤ ᠡᠴᠡ ᠥᠭᠡᠷ᠎ᠡ ᠠᠷᠭ᠎ᠠ ᠦᠭᠡᠶ ᠪᠠᠢ᠌ᠵᠠᠢ᠃

᠊᠊᠊᠊᠊᠊᠊᠊᠊᠊᠊᠊᠊᠊᠊ ᠭᠠᠯᠳᠠᠨ ᠡ᠂ ᠮᠢᠨᠤ ᠭᠦᠤ ᠴᠢ ᠡᠵᠢ ᠶᠢᠨ ᠥᠭᠡᠨ ᠳᠤ ᠰᠠᠢ᠌ᠨ ᠣᠷᠤᠳᠠᠭ ᠰᠢᠤ ᠳ᠋ᠠ︕ ᠳᠡᠭᠦᠤ ᠪᠠᠨ ᠬᠤᠭᠤᠯᠠ ᠨᠡᠭᠡᠭᠡᠤᠨ ᠣᠭᠢᠯᠠᠪᠠᠯ ᠶᠠᠭᠤ ᠭᠡᠵᠤ ᠭᠡᠯᠡᠭᠦ ᠪᠠᠨ ᠮᠠᠷᠳᠠᠭ᠎ᠠ ᠦᠭᠡᠶ ᠪᠢᠵᠠ ᠳ᠋ᠠ ⁉

ᠭᠠᠯᠳᠠᠨ ᠳᠡᠭᠡᠭ᠍ᠰᠢ ᠪᠠᠨ ᠬᠠᠷᠠᠵᠤ᠂ ᠳᠤᠭᠤᠨᠤᠨ ᠤ ᠪᠠᠨ ᠴᠠᠭᠠᠷᠢᠭ ᠡᠴᠡ ᠣᠶᠠᠭᠠᠳᠠᠢ ᠵᠢᠵᠢᠭ᠍‍ᠬᠡᠨ ᠴᠡᠩᠭᠡᠷ ᠭᠤᠳᠡᠢ ᠲᠡᠶ ᠶᠠᠭᠤᠮ᠎ᠠ ᠣᠷᠤᠭᠤ ᠭᠠᠷ ᠶᠢᠡᠨ ᠡᠷᠭᠦᠭᠡᠤᠨ ᠳᠡᠭᠦᠤ ᠳᠤ ᠪᠠᠨ ᠰᠤᠨᠤᠰᠬᠠᠬᠤ ᠦᠭᠡᠶ ᠭᠡᠮᠡᠨ ᠡᠭᠡ ᠶᠢᠨ ᠶᠢᠡᠨ ᠬᠠᠴᠠᠷ ᠢ ᠬᠠᠯᠠᠭᠤᠨ ᠠᠮᠢᠰᠬᠤᠭ᠎ᠠ ᠪᠠᠷ ᠶᠢᠡᠨ ᠳᠦᠭᠡᠨᠡᠨ ᠪᠠᠢ᠌ᠵᠤ᠄

᠊᠊᠊᠊᠊᠊᠊᠊᠊᠊᠊᠊᠊᠊᠊ 《ᠮᠢᠨᠤ ᠳᠡᠭᠦᠤ ᠳᠠᠷᠠ ᠠᠷᠪᠠᠢ ᠶᠢᠨ ᠭᠤᠷᠢᠯ ᠪᠠᠢ᠌ᠬᠤ ᠶᠢ ᠬᠠᠷᠠ︕ ᠡᠵᠢ ᠨᠢ ᠣᠳᠤᠬᠠᠨ ᠢᠷᠡᠭᠡᠤᠨ ᠴᠢ ᠪᠢᠳᠠ ᠬᠤᠶᠠᠷ ᠲᠤ ᠵᠢᠭᠤᠷᠴᠤ ᠦᠭ‍ᠭᠦᠨ᠎ᠡ᠃ ᠣᠰᠤᠨ ᠵᠢᠭᠤᠷᠴᠤ ᠢᠳᠠᠪᠠᠯ ᠮᠠᠭᠤᠬᠠᠢ᠂ ᠡᠵᠢ ᠰᠥ᠋ ᠠᠪᠴᠢᠷᠠᠨ᠎ᠠ᠃ ᠠᠪᠣ ᠰᠢᠷ᠎ᠠ ᠳᠤᠰᠤ ᠠᠪᠴᠢᠷᠠᠨ᠎ᠠ︕》 ᠢᠩᠭᠢᠵᠤ ᠯᠠ ᠭᠡᠯᠡᠨ᠎ᠡ ᠰᠢᠤ ᠳ᠋ᠠ ᠭᠡᠮᠡᠨ ᠰᠢᠪᠠᠨᠡᠭᠡᠤᠨ ᠨᠢᠭᠡ ᠶᠢ ᠭᠡᠨᠡᠳᠲᠡ ᠪᠣᠳᠤᠨ᠂ ᠳᠤᠳᠤᠷ᠎ᠠ ᠨᠢ ᠭᠤᠳᠤᠷᠠᠭᠰᠠᠨ ᠳᠤ ᠵᠢᠭᠠᠯ ᠭᠦᠤ ᠶᠢᠨ ᠴᠢᠷᠠᠢ ᠰᠡᠭᠦᠳᠡᠷᠳᠡᠢ ᠪᠠᠷᠣᠢ᠌ᠵᠤ ᠪᠠᠢ᠌ᠯ᠎ᠠ᠃

ᠡᠭᠡ ᠨᠢ ᠭᠦᠤ ᠶᠢᠨ ᠶᠢᠡᠨ ᠬᠤᠶᠠᠷ ᠰᠢᠨᠠ ᠳᠤ ᠠᠯᠠᠭ᠎ᠠ ᠪᠠᠨ ᠨᠠᠭᠠᠯᠳᠤᠭᠤᠯᠤᠨ ᠪᠠᠢ᠌ᠵᠤ᠂ ᠪᠠᠷᠠᠭᠤᠨ ᠬᠠᠴᠠᠷ ᠢ ᠨᠢ ᠦᠨᠦᠰᠪᠠ᠃ ᠭᠠᠯᠳᠠᠨ ᠵᠡᠭᠦᠨ ᠬᠠᠴᠠᠷ ᠶᠢᠡᠨ ᠦᠭ‍ᠭᠦᠭ᠍ᠰᠡᠨ ᠳᠤ᠄

᠊᠊᠊᠊᠊᠊᠊᠊᠊᠊᠊᠊᠊᠊᠊ ᠡᠵᠢ ᠨᠢ ᠢᠷᠡᠭᠡᠤᠨ ᠵᠡᠭᠦᠨ ᠬᠠᠴᠠᠷ ᠢ ᠨᠢ ᠦᠨᠦᠰᠤᠨ᠎ᠠ ᠭᠡᠵᠡᠢ᠃ ᠳᠡᠭᠡᠭᠡᠤᠨ ᠪᠣᠰᠴᠤ ᠣᠴᠢᠭᠠᠤᠨ ᠪᠠᠭ᠎ᠠ ᠭᠦᠤ ᠶᠢᠨ ᠶᠢᠡᠨ ᠪᠠᠷᠠᠭᠤᠨ ᠬᠠᠴᠠᠷ ᠢ ᠦᠨᠦᠰᠴᠤ᠄

᠊᠊᠊᠊᠊᠊᠊᠊᠊᠊᠊᠊᠊᠊᠊ ᠮᠦᠨ ᠴᠤ ᠡᠴᠢᠭᠡ ᠶᠢᠨ ᠶᠢᠡᠨ ᠮᠠᠩᠨᠠᠢ ᠶᠢ ᠳᠠᠭᠤᠷᠢᠶᠠᠴᠢᠬᠠᠭᠰᠠᠨ ᠳᠤᠬᠤ ᠰᠢᠤ︕ ᠭᠡᠤᠨ ᠳᠠᠭᠢᠨ ᠭᠦᠤ ᠶᠢᠨ ᠶᠢᠡᠨ ᠬᠠᠴᠠᠷ ᠲᠤ ᠣᠷᠤᠭᠤᠯ ᠶᠢᠡᠨ ᠭᠦᠷᠭᠡᠪᠡ᠃ ᠵᠡᠭᠦᠨ ᠨᠢᠳᠤᠨ ᠤ ᠭᠢᠨᠢ ᠳᠤᠤᠷ᠎ᠠ ᠳᠠᠳᠠᠵᠠᠢ᠃ ᠭᠦᠤ ᠶᠢᠨ ᠶᠢᠡᠨ ᠬᠠᠵᠠᠭᠤ ᠡᠴᠡ ᠬᠤᠯᠠᠳᠠᠮᠠᠷ ᠦᠭᠡᠶ ᠰᠠᠨᠠᠭᠳᠠᠪᠠ᠃ ᠭᠡᠪᠠᠴᠤ ᠶᠠᠪᠣᠬᠤ ᠯᠠ ᠶᠤᠰᠤᠳᠠᠢ ᠡᠴᠡ ᠬᠣᠢ᠌ᠰᠢ᠂ ᠶᠠᠪᠣᠯ ᠦᠭᠡᠶ ᠪᠣᠯᠬᠤ ᠦᠭᠡᠶ ᠭᠡᠵᠤ ᠮᠠᠳᠠᠵᠤ ᠪᠠᠢ᠌ᠭᠰᠠᠨ ᠡᠵᠢ᠂ ᠳᠡᠭᠡᠭᠡᠤᠨ ᠪᠣᠰᠤᠯ᠎ᠠ᠃ ᠭᠠᠯᠳᠠᠨ᠄

᠊᠊᠊᠊᠊᠊᠊᠊᠊᠊᠊᠊᠊᠊᠊ ᠮᠢᠨᠤ ᠮᠠᠩᠨᠠᠢ ᠠᠪᠣ ᠶᠢᠨ ᠶᠢᠡᠨ ᠮᠠᠩᠨᠠᠢ ᠶᠢ ᠳᠠᠭᠤᠷᠢᠶᠠᠭᠰᠠᠨ ᠦᠦ︖ ᠡᠵᠢ ᠡ᠃

᠊᠊᠊᠊᠊᠊᠊᠊᠊᠊᠊᠊᠊᠊᠊ ᠶᠠᠭᠤ ᠭᠡᠨ᠎ᠡ᠂ ᠮᠢᠨᠤ ᠭᠦᠤ︖

᠊᠊᠊᠊᠊᠊᠊᠊᠊᠊᠊᠊᠊᠊᠊ ᠮᠢᠨᠤ ᠮᠠᠩᠨᠠᠢ᠂ ᠠᠪᠣ ᠶᠢᠨ ᠶᠢᠡᠨ ᠮᠠᠩᠨᠠᠢ ᠶᠢ ᠳᠠᠭᠤᠷᠢᠶᠠᠭᠰᠠᠨ ᠦᠦ︖

᠊᠊᠊᠊᠊᠊᠊᠊᠊᠊᠊᠊᠊᠊᠊ ᠡᠨ᠂ ᠡᠡᠭ᠌᠂ ᠣᠳᠤ ᠯᠠ ᠣᠬᠠᠭᠠᠷᠠᠯ᠎ᠠ᠃ ᠳᠠᠭᠤᠷᠢᠶᠠᠯ ᠦᠭᠡᠶ ᠶᠠᠭᠠᠭᠢᠬᠤᠪ᠃ ᠮᠢᠨᠤ ᠭᠦᠤ ᠴᠢᠨᠢ ᠳᠠᠷᠠ ᠴᠢᠭ᠌ ᠶᠢᠡᠷ ᠶᠢᠡᠨ ᠠᠪᠣ ᠶᠤᠮ ᠴᠢᠨᠢ︕ ᠭᠡᠤᠨ ᠪᠠᠷᠠᠭᠤᠨ ᠬᠠᠴᠠᠷ ᠢ ᠨᠢ ᠢᠯᠢᠵᠤ ᠥᠭᠦᠭᠡᠷᠳᠡᠯ᠎ᠡ᠃ ᠳᠡᠭᠡᠭᠡᠤᠨ ᠡᠭᠦᠳᠡ ᠣᠷᠤᠭᠤ ᠱᠠᠯᠠᠮᠠᠭᠯᠠᠨ ᠠᠯᠬᠤᠵᠤ᠂ ᠵᠡᠭᠦᠨ ᠣᠷᠢᠳᠤ ᠬᠠᠳᠠᠪᠴᠢᠨ ᠳᠤ ᠪᠠᠨ ᠪᠡᠯᠡᠳᠭᠡᠵᠤ ᠳᠠᠯᠪᠢᠭᠰᠠᠨ ᠬᠤᠶᠠᠷ ᠬᠤᠭᠤᠰᠤᠨ ᠭᠤᠳᠡᠢ᠂ ᠬᠤᠶᠠᠷ ᠰᠠᠪᠠᠭ᠎ᠠ ᠮᠤᠳᠤ ᠶᠢ ᠪᠠᠷᠢᠭᠠᠤᠨ ᠡᠯᠡᠵᠤ ᠬᠤᠳᠣᠢ᠌ᠭᠰᠠᠨ ᠨᠠᠮᠬᠠᠨ ᠪᠣᠱᠤᠭ᠎ᠠ ᠶᠢ ᠠᠯᠬᠤᠵᠤ ᠭᠠᠷᠪᠠ᠃

ᠡᠭᠡ ᠭᠦᠭᠡᠭᠡᠭ᠍ᠳᠡᠵᠤ ᠳᠠᠭᠤᠭᠳᠠᠭᠰᠠᠨ ᠶᠤᠮ ᠰᠢᠭ ᠡᠷᠭᠢᠵᠤ ᠬᠠᠷᠠᠯ ᠦᠭᠡᠶ ᠶᠠᠪᠣᠴᠢᠬᠠᠯ᠎ᠠ᠃ ᠳᠡᠭᠦᠨ ᠢ ᠵᠤᠪᠠᠯᠠᠩ ᠤᠨ ᠶᠡᠭᠡ ᠦᠶᠡᠷ ᠤᠨ ᠨᠢᠭᠡᠨ ᠳᠤᠮᠤ ᠳᠤᠯᠭᠢᠶ᠎ᠠ ᠬᠠᠮᠤᠨ ᠣᠤᠠᠴᠤ ᠪᠣᠢ ᠮᠠᠳᠤ ᠥᠵᠡᠭ᠍ᠳᠡᠪᠠᠴᠤ ᠳᠠᠷᠠᠪᠠᠷ ᠥᠭᠦᠯ ᠢ ᠪᠣᠰᠤ ᠥᠪᠠᠷᠳᠡᠭᠡᠨ ᠳᠠᠳᠤᠢ ᠦᠭᠡᠶ ᠬᠤᠶᠠᠷ ᠭᠦᠤ ᠳᠤ ᠪᠠᠨ ᠠᠮᠢᠳᠤᠷᠠᠯ ᠢ ᠡᠷᠢᠭᠦ ᠪᠠᠷ ᠳᠠᠢ᠌ᠨ ᠭᠦ ᠶᠠᠭᠠᠷᠠᠭᠰᠠᠨ ᠠᠪᠠᠢ᠃

ᠵᠤᠬᠢᠶᠠᠭᠴᠢ᠄ ᠳ·ᠮᠠᠮ᠎ᠠ
ᠳᠠᠷᠤᠮ᠄ 7785
ᠴᠠᠭ᠄ 2007 ᠤᠨ ᠤ 03 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ