ᠨᠡᠪᠲᠡᠷᠡᠨ ᠤᠷᠤᠬᠤ
ᠶᠢᠰᠦ ᠂ ᠨᠤ᠊ ᠱᠦᠵᠢ

ᠰᠠᠯᠬᠢ ᠲᠣᠭᠣᠰᠣ ᠦᠭᠡᠶ ᠴᠤ ᠭᠣᠣᠯ ᠬᠠᠭᠠᠷᠢᠮ᠎ᠠ ᠵᠢᠬᠡᠬᠥᠨ ᠲᠡᠶ ᠬᠦᠬᠡᠬᠡ ᠡᠪᠣᠯ ᠤᠨ ᠨᠢᠬᠡᠨ ᠡᠳᠣᠷ ᠭᠠᠶᠠ ᠬᠣᠨᠢᠨ ᠳᠤ ᠭᠠᠷᠪᠠ᠃ ᠲᠠᠷᠠ᠂ ᠪᠠᠶᠠᠠᠴᠠᠭᠠᠨ ᠤ ᠭᠣᠣᠯ ᠣᠷᠣᠢ ᠡᠴᠡ ᠵᠠᠬᠥᠡᠰᠢ ᠪᠠᠭᠣᠭᠰᠠᠨ ᠵᠢᠯᠠᠭ᠎ᠠ ᠶᠢᠨ ᠠᠮᠨ ᠪᠠᠷ ᠬᠣᠨᠢ ᠪᠠᠨ ᠪᠡᠯᠴᠢᠬᠡᠵᠦ᠂ ᠪᠣᠳᠠᠨ ᠨᠥᠮᠥᠷᠢ ᠨᠠᠷᠠᠯᠠᠨ ᠬᠦᠯ ᠠᠮᠠᠷᠠᠨ᠎ᠠ᠃ ᠬᠦᠢᠳᠡ ᠣᠷᠣᠭᠰᠠᠨ ᠡᠴᠡ ᠨᠠᠭᠠᠰᠢ ᠭᠠᠶᠠ ᠡᠳᠣᠷ ᠨᠢ ᠬᠣᠨᠢ ᠬᠠᠷᠢᠭᠣᠯᠵᠣ᠂ ᠣᠷᠣᠢ ᠳᠠᠭᠠᠨ ᠢᠩ ᠤᠨ ᠬᠡᠷ ᠲᠡᠭᠡᠨ ᠣᠴᠢᠵᠣ ᠬᠣᠨᠣᠳᠠᠭ ᠪᠠᠢ᠌ᠪᠠ᠃ ᠮᠠᠯ ᠤᠨ ᠲᠣᠪᠣ ᠨᠢ ᠪᠠᠶᠠᠠᠴᠠᠭᠠᠨ ᠤ ᠵᠠᠬᠥᠨ ᠡᠮᠣᠨᠠᠬᠢ ᠲᠣᠬᠣᠢ ᠳᠤ ᠪᠠᠢ᠌ᠳᠠᠭ ᠡᠴᠡ ᠠᠢ᠌ᠯ ᠡᠴᠠ ᠨᠠᠯᠢᠶᠠᠳ ᠵᠠᠢ᠌ᠳᠠᠭᠣ᠃ ᠣᠭ ᠨᠢ ᠬᠣᠨᠢᠴᠢᠨ ᠡᠪᠥᠬᠡᠨ ᠲᠣᠪᠣ ᠪᠠᠨ ᠭᠠᠭᠴᠠᠭᠠᠷ ᠰᠠᠬᠢᠵᠣ᠂ ᠡᠮᠠᠰ ᠬᠡᠣᠬᠡᠥᠨ ᠨᠢ ᠠᠢ᠌ᠯ ᠳᠠᠭᠠᠨ ᠰᠠᠭᠣᠳᠠᠭ ᠪᠠᠢ᠌ᠯ᠎ᠠ᠃ ᠬᠦᠢᠳᠡᠨ ᠣᠷᠣᠭᠰᠠᠨ ᠤ ᠲᠠᠷᠠᠭ᠎ᠠ ᠡᠪᠥᠬᠡᠨ᠄

᠊᠊᠊᠊᠊᠊᠊᠊᠊᠊᠊᠊᠊᠊᠊ ᠬᠦᠯ ᠭᠠᠷ ᠵᠦᠪ ᠵᠠᠷᠣᠭᠳᠠᠬᠣ ᠦᠭᠡᠶ ᠪᠣᠯᠪᠠ᠃ ᠶᠢᠰᠤ ᠶᠢᠨ ᠬᠦᠢᠳᠡᠨ ᠳᠤ ᠡᠳᠣᠷᠵᠢᠨ ᠬᠣᠨᠢ ᠲᠠᠭᠠᠭᠠᠳ ᠠᠯᠢ ᠵᠢᠯᠠᠭᠠᠨ ᠳᠤ ᠬᠦᠯᠳᠡᠬᠥᠰᠦ ᠪᠣᠯᠬᠣ ᠶᠢ ᠬᠡᠨ ᠮᠠᠳᠠᠨ᠎ᠠ︖ ᠬᠡᠬᠥ ᠵᠠᠷᠬᠡ ᠪᠠᠷ ᠤᠩᠰᠢᠭᠰᠠᠭᠠᠷ ᠪᠠᠢ᠌ᠭᠠᠳ ᠬᠣᠨᠢᠨ ᠤ ᠬᠠᠪᠰᠣᠷᠣᠭᠴᠢ ᠣᠯᠪᠠ᠃ ᠬᠠᠪᠰᠣᠷᠣᠭᠴᠢ ᠨᠢ ᠶᠠᠷᠢᠶᠠᠨ ᠦᠭᠡᠶ ᠭᠠᠶᠠ ᠪᠠᠢ᠌ᠯ᠎ᠠ᠃ ᠬᠣᠶᠠᠭᠣᠯᠠ ᠬᠠᠭᠠᠰ ᠡᠳᠣᠷ ᠶᠢᠠᠷ ᠡᠬᠡᠯᠵᠢᠯᠡᠨ ᠬᠠᠷᠢᠭᠣᠯᠳᠠᠭ᠃

ᠡᠪᠥᠬᠡᠨ᠂ ᠦᠯᠢᠬᠡᠷ ᠲᠤ ᠲᠣᠷᠠᠳᠠᠢ ᠬᠦᠮᠥᠨ ᠪᠠᠢ᠌ᠪᠠ᠃ ᠬᠣᠭᠣᠷ ᠬᠢᠷᠥᠬᠡᠳᠡᠵᠦ ᠴᠢᠳᠠᠳᠠᠭ ᠪᠠᠢ᠌ᠭᠰᠠᠨ ᠴᠤ ᠬᠣᠭᠣᠷ ᠶᠢᠠᠨ 《ᠬᠠᠭᠣᠴᠢᠨ ᠢ ᠪᠠᠯᠪᠠᠴᠢᠬᠤ》 ᠬᠦᠳᠡᠯᠬᠡᠬᠡᠨ ᠲᠣᠮᠳᠠ ᠰᠠᠯᠪᠠ ᠴᠣᠬᠢᠭᠣᠯᠵᠣ᠂ ᠣᠳᠠᠰᠣ ᠪᠠᠷ ᠨᠢ ᠣᠷᠭᠠᠨ ᠡᠰᠢ ᠣᠷᠢᠶᠠᠭᠠᠳ ᠠᠮᠠᠷᠠᠭᠰᠠᠨ᠃ ᠬᠡᠪᠡᠴᠦ ᠰᠣᠷᠣᠭᠰᠠᠨ ᠵᠠᠩ ᠢ ᠰᠣᠷ ᠶᠢᠠᠷ ᠪᠣᠭᠣᠵᠣ ᠪᠣᠯᠬᠣ ᠦᠭᠡᠶ ᠬᠡᠳᠡᠭ ᠶᠢᠠᠷ ᠡᠪᠥᠬᠡᠨ᠂ ᠬᠣᠨᠢᠨ ᠡᠴᠡ ᠪᠠᠨ ᠣᠷᠣᠵᠣ ᠢᠷᠡᠬᠡᠥᠨ ᠬᠣᠶᠠᠷ ᠬᠣᠠᠳᠠᠭ᠎ᠠ ᠪᠠᠨ ᠰᠢᠮᠡᠴᠢᠬᠡᠪᠡᠯ ᠪᠠᠷᠢᠭᠰᠠᠨ ᠰᠠᠪᠬ᠎ᠠ ᠪᠠᠨ ᠬᠢᠷᠥᠬᠡᠳᠡᠨ ᠲᠣᠯᠣᠭᠠᠢ ᠲᠠᠮᠠᠷᠣᠳᠠᠭᠣᠯᠵᠣ ᠵᠠᠩᠵᠣᠨ ᠬᠣᠶᠠᠭᠯᠠᠳᠠᠭ᠃ ᠡᠪᠥᠬᠡᠨ ᠦᠪᠡᠷ ᠶᠢᠠᠨ ᠲᠡᠬᠡᠲᠦ ᠳᠤ ᠨᠢ ᠬᠣᠭᠣᠷᠴᠢ ᠭᠠᠷᠣᠯ᠎ᠠ ᠬᠡᠬᠥ ᠦᠭᠡᠶ ᠪᠣᠯ ᠪᠠᠭ᠎ᠠ ᠳᠠᠭᠠᠨ ᠫᠠᠵᠠᠢ ᠳᠤ ᠱᠠᠪᠢ ᠣᠷᠣᠯ᠎ᠠ ᠬᠡᠵᠦ ᠠᠢ᠌ᠯᠠᠳᠳᠠᠭ ᠴᠤ ᠦᠨᠡᠨ ᠬᠣᠳᠠᠯ ᠢ ᠨᠢ ᠬᠡᠨ ᠮᠡᠳᠡᠬᠥ ᠪᠣᠢ︖ ᠨᠢᠬᠡ ᠡᠳᠣᠷ ᠡᠪᠥᠬᠡᠨ ᠲᠡᠬᠡᠷ᠎ᠡ ᠬᠠᠯᠠᠰᠠᠭᠣ ᠪᠣᠯᠵᠣ᠂ ᠭᠠᠶᠠ ᠳᠤ ᠵᠠᠪᠠᠯ ᠦᠯᠢᠬᠡᠷ ᠬᠡᠯᠡᠵᠦ ᠦᠭ᠍‍ᠬᠥ ᠶᠣᠮ ᠬᠡᠵᠦ ᠵᠢᠣᠠᠬᠥᠬᠡᠥᠨ᠂ 《ᠭᠣᠷᠪᠠᠨ ᠣᠯᠣᠰ》 ᠤᠨ ᠭᠣᠧᠨᠨ ᠬᠥᠩ ᠢ 《ᠱᠦᠢ ᠬᠤ》 ᠶᠢᠨ ᠯᠢ ᠺᠦᠢ ᠲᠡᠶ ᠪᠠᠢ᠌ᠯᠳᠣᠭᠣᠯᠪᠠ᠃ ᠭᠠᠶᠠ ᠬᠡᠲᠦᠢ᠌ᠪᠡᠷ ᠦᠯᠢᠬᠡᠷ ᠮᠡᠳᠡᠬᠥ ᠦᠭᠡᠶ ᠪᠣᠯᠪᠠᠴᠣ ᠰᠣᠨᠣᠰᠣᠭᠰᠠᠨ ᠨᠢ ᠪᠠᠢ᠌ᠬᠣ ᠦᠭᠡᠶ ᠦᠦ︖ ᠮᠦᠨ ᠰᠣᠨᠣᠰᠪᠠᠯ ᠨᠠᠢ᠌ᠴᠠᠮᠵᠢ ᠦᠭᠡᠶ ᠰᠠᠨᠠᠭᠳᠠᠭᠠᠳ ᠪᠠᠢ᠌ᠬᠣᠯᠠᠷ ᠲᠠᠢ᠌ᠯᠵᠣ ᠲᠡᠢ᠌ᠯᠥᠭᠳᠡᠬᠥ ᠨᠢ ᠢᠯᠭᠠᠷᠠᠬᠣ ᠡᠴᠡ ᠡᠮᠣᠨ᠎ᠠ ᠶᠠᠪᠣᠬᠣ ᠬᠡᠵᠦ ᠦᠨᠳᠡᠯᠵᠡᠪᠡ᠃

᠊᠊᠊᠊᠊᠊᠊᠊᠊᠊᠊᠊᠊᠊᠊ ᠮᠠᠷᠭᠠᠰᠢ ᠡᠷᠳᠠ ᠴᠢᠨᠣ ᠡᠬᠡᠯᠵᠢ᠃ ᠡ᠊ᠠᠳᠠ ᠬᠣᠨᠣᠴᠢᠬ᠎ᠠ︕ ᠬᠡᠵᠦ ᠡᠪᠥᠬᠡᠨ ᠱᠠᠯᠠᠨ᠎ᠠ᠃ ᠭᠠᠶᠠ ᠬᠡᠰᠡᠭ ᠲᠥᠭ᠍ᠳᠡᠷᠡᠭ᠍ᠰᠡᠨ ᠶᠢᠠᠨ ᠡᠷᠠᠣᠪᠴᠢ ᠶ᠋‍ᠢᠨ ᠦᠰᠤ ᠨᠢ ᠬᠠᠯᠴᠠᠭᠠᠢ᠌ᠷᠠᠭᠰᠠᠨ ᠴᠣᠯᠭᠣᠢ ᠠᠷᠠᠰᠣᠨ ᠮᠠᠯᠠᠭᠠᠢ ᠪᠠᠨ ᠰᠢᠬᠥᠷᠡᠬᠡᠥᠨ ᠭᠠᠷᠴᠣ ᠢᠷᠠᠯ᠎ᠠ᠃

ᠰᠠᠷᠠᠭᠣᠯᠬᠠᠨ ᠰᠦᠨᠢ ᠪᠠᠢ᠌ᠪᠠ᠃ ᠭᠠᠶᠠ ᠮᠠᠯ ᠤᠨ ᠲᠣᠪᠣ ᠡᠴᠡ ᠭᠠᠷᠴᠣ ᠢᠩ ᠤᠨ ᠬᠡᠷ ᠶᠢᠠᠨ ᠴᠢᠭ᠍ᠯᠠᠪᠠ᠃ ᠠᠯᠢᠶ᠎ᠠ ᠶᠢᠨ ᠭᠣᠣᠯ ᠲᠡᠬᠡᠬᠥᠷ ᠶᠢᠠᠨ ᠪᠦᠷᠬᠥᠨ ᠬᠦᠯᠳᠡᠵᠦ᠂ ᠮᠥᠰᠤ ᠨᠢ ᠨᠠᠯᠢᠶᠠᠳ ᠶᠡᠬᠡ ᠲᠠᠯᠠᠨ᠂ ᠡ᠊ᠠᠳᠠ ᠲᠠᠠᠳᠠ ᠣᠪᠣᠭᠣᠷ ᠮᠥᠰᠥᠨ ᠣᠪᠣᠭ᠎ᠠ ᠬᠠᠷᠠᠭᠳᠠᠨ᠎ᠠ᠃ ᠬᠡᠨᠡᠳᠳᠡ ᠮᠥᠰᠥᠨ ᠤ 《ᠲ᠋ᠢᠰ》 ᠬᠢᠨ ᠬᠠᠭᠠᠷᠠᠬᠣ ᠲᠠᠭᠣᠨ ᠶᠢᠠᠷ ᠮᠥᠰᠥᠨ ᠠᠭᠣᠯᠠ ᠴᠠᠪᠠ ᠭᠠᠷᠴᠣ᠂ ᠰᠢᠬᠠᠭᠳᠠᠵᠣ ᠪᠠᠢ᠌ᠭᠰᠠᠨ ᠣᠰᠣ ᠨᠢ ᠣᠷᠬᠢᠯᠣᠨ ᠬᠠᠯᠢᠶ᠎ᠠ ᠲᠠᠯᠠᠷᠠᠨ᠎ᠠ᠃ ᠭᠠᠶᠠ ᠮᠥᠰᠥᠨ ᠤ ᠬᠦᠪᠡᠬᠡ ᠲᠠᠭᠠᠨ ᠶᠠᠪᠣᠯ᠎ᠠ᠃ ᠠᠢ᠌ᠯ ᠣᠷᠴᠢᠮ ᠬᠡᠳᠥᠨ ᠬᠡᠣᠬᠡᠥᠨ ᠮᠥᠰᠥᠨ ᠲᠡᠬᠡᠷ᠎ᠡ ᠨᠠᠭᠠᠳᠴᠣ ᠪᠠᠢ᠌ᠬᠣ ᠨᠢ ᠰᠠᠷᠠᠨ ᠤ ᠬᠡᠢ᠌ᠪᠥᠷ ᠬᠡᠷᠡᠯ ᠳᠤ ᠲᠣᠳᠣᠬᠠᠨ ᠦᠵᠡᠭ᠍ᠳᠡᠵᠦ᠂ ᠢᠨᠢᠶᠠᠯᠳᠣᠨ ᠪᠠᠷᠬᠢᠷᠠᠯᠴᠠᠬᠣ ᠨᠢ ᠰᠣᠨᠣᠰᠳᠠᠨ᠎ᠠ᠃ ᠲᠠᠳᠠ ᠮᠥᠰᠥᠨ ᠠᠭᠣᠯᠠ ᠪᠣᠯᠢᠶᠠᠯᠳᠣᠨ ᠨᠠᠭᠠᠳᠴᠣ ᠪᠠᠢ᠌ᠪᠠ᠃ ᠣᠪᠣᠭᠣᠷ ᠤᠨ ᠣᠷᠣᠢ ᠲᠡᠬᠡᠷ᠎ᠡ ᠲᠠᠮᠣᠷ᠎ᠠ ᠶᠢᠨ ᠬᠦᠤ᠄ 《ᠰᠢᠬᠡᠰᠦᠳᠡᠢ ᠪᠣᠯ ᠭᠠᠷᠴᠣ ᠢᠷ᠎ᠠ》 ᠬᠡᠰᠡᠨ ᠰᠢᠭ᠌ ᠰᠦᠪᠡᠬᠡ ᠲᠣᠯᠣᠨ ᠵᠤᠭᠰᠣᠨ᠎ᠠ᠃ ᠨᠦᠬᠥᠬᠡ ᠬᠡᠲᠦ ᠨᠢ ᠭᠠᠷ ᠭᠠᠷ ᠶᠢᠠᠨ ᠬᠣᠯᠪᠣᠵᠣ᠂ ᠲᠡᠬᠡᠭ᠍ᠰᠢ ᠮᠠᠴᠣᠨ ᠭᠠᠷᠳᠠᠯ᠎ᠠ ᠪᠠᠨ ᠲᠠᠬᠢᠨ ᠲᠥᠯᠬᠢᠭ᠍ᠳᠡᠨ ᠭᠣᠯᠭᠣᠷᠢᠵᠣ᠂ ᠲᠡᠬᠡᠷ᠎ᠡ ᠲᠡᠬᠡᠷ᠎ᠡ ᠪᠠᠨ ᠪᠦᠬᠡᠮᠨᠡᠷᠡᠨ ᠣᠨᠠᠨ᠎ᠠ᠃ ᠲᠠᠮᠣᠷ᠎ᠠ ᠶᠢᠨ ᠬᠦᠤ ᠪᠠᠶ᠎ᠠ ᠪᠠᠷ ᠬᠠᠮᠣᠭ ᠡᠴᠠ ᠣᠷᠤᠢ᠌ᠯᠠᠭ᠃ ᠪᠣᠰᠣᠳ ᠨᠢ ᠲᠡᠬᠥᠨ ᠡᠴᠡ ᠮᠥᠰᠥᠨ ᠠᠭᠣᠯᠠ  ᠪᠠᠨ ᠪᠣᠯᠢᠶᠠᠵᠣ ᠲᠡᠢ᠌ᠯᠬᠥ ᠦᠭᠡᠶ ᠣᠴᠢᠷ ᠣᠳᠠᠭᠰᠠᠨ ᠴᠤ ᠦᠭᠡᠶ ᠨᠠᠭᠠᠳᠣᠮ ᠨᠢ ᠢᠳᠠ ᠦᠭᠡᠶ ᠪᠣᠯᠣᠯ᠎ᠠ ᠪᠣᠯᠣᠯᠳᠠᠢ᠂ ᠦᠬᠡᠷ᠎ᠡ ᠶᠠᠩᠵᠣ ᠪᠠᠷ ᠨᠠᠭᠠᠳᠬᠣ ᠪᠣᠯᠪᠠ᠃ ᠪᠠᠭᠠᠳᠣᠷ᠄

᠊᠊᠊᠊᠊᠊᠊᠊᠊᠊᠊᠊᠊᠊᠊ ᠪᠢᠳᠠ ᠡᠮᠣᠨ᠎ᠠ ᠪᠠᠢ᠌ᠭ᠎ᠠ ᠮᠥᠰᠥᠨ ᠠᠭᠣᠯᠠ ᠬᠦᠷᠳᠡᠯ᠎ᠡ ᠬᠦᠶᠥᠵᠦ ᠣᠷᠣᠯᠳᠣᠶ᠎ᠠ᠂ ᠬᠡᠨ ᠨᠢ ᠬᠣᠴᠣᠷᠪᠠᠯ ᠪᠠᠶᠠᠨ ᠮᠠᠯᠴᠢᠨ ᠤ ᠬᠦᠤ ᠪᠣᠯᠵᠣ ᠣᠯᠠᠨ ᠤ ᠡᠮᠣᠨ᠎ᠠ ᠪᠦᠬᠦᠢ᠌ᠨ ᠶᠠᠯ᠎ᠠ ᠪᠠᠨ ᠲᠣᠭᠠᠴᠢᠨ᠎ᠠ︕ ᠬᠡᠪᠡ᠃ ᠬᠦᠣᠴᠥᠥᠯ ᠨᠢ᠄ 《ᠡᠨᠠ ᠰᠠ‍‌ᠶᠢ ᠠᠪᠣᠰᠢᠳᠠᠢ》 ᠬᠡᠵᠦ ᠲᠡᠪᠬᠡᠴᠡᠬᠥ ᠳᠤ ᠦᠬᠢᠥᠨ ᠨᠢ ᠬᠠᠷᠢᠨ ᠲᠤᠷ᠎ᠠ ᠦᠭᠡᠶ᠃ ᠬᠦᠶᠥᠵᠦ ᠣᠷᠣᠯᠳᠣᠪᠠᠯ ᠲᠠᠳᠠ ᠬᠦᠣᠴᠥᠥᠯ ᠡᠴᠡ ᠬᠣᠴᠣᠷᠬᠣ ᠨᠢ ᠯᠠᠪᠳᠠᠢ᠃ ᠢᠩᠬᠢᠪᠠᠯ ᠪᠠᠶᠠᠨ ᠮᠠᠯᠴᠢᠨ ᠤ ᠦᠬᠢᠨ ᠪᠣᠯᠵᠣ ᠣᠯᠠᠨ ᠤ ᠡᠮᠣᠨ᠎ᠠ ᠪᠦᠬᠦᠢ᠌ᠨ᠎ᠡ ᠬᠡᠳᠡᠭ ᠶᠢᠠᠨ ᠮᠠᠳᠠᠵᠣ ᠪᠠᠢ᠌ᠪᠠ᠃

᠊᠊᠊᠊᠊᠊᠊᠊᠊᠊᠊᠊᠊᠊᠊ ᠪᠦᠬᠦᠢ᠌ᠯ᠎ᠡ ᠬᠡᠥᠨ ᠬᠠᠮᠢᠶ᠎ᠠ ᠦᠭᠡᠶ᠃ ᠪᠢᠳᠠ ᠨᠠᠭᠠᠳᠣᠮ ᠬᠢᠵᠣ ᠪᠠᠢ᠌ᠬᠣ ᠶᠣᠮ ᠴᠢᠨᠢ︕ ᠬᠡᠵᠦ ᠬᠦᠣᠴᠥᠥᠯ ᠨᠢ ᠠᠷᠭᠠᠳᠠᠵᠣ᠂ ᠵᠠᠷᠢᠮ ᠨᠢ 《ᠨᠠᠭᠠᠳᠬᠣ ᠦᠭᠡᠶ ᠪᠣᠯ ᠮᠥᠰᠥᠨ ᠲᠡᠬᠡᠷ᠎ᠡ ᠲᠠᠷᠣᠨ᠎ᠠ》 ᠬᠡᠵᠦ ᠠᠶᠣᠯᠭᠠᠨ᠎ᠠ᠃

᠊᠊᠊᠊᠊᠊᠊᠊᠊᠊᠊᠊᠊᠊᠊ ᠨᠢᠬᠡ᠂ ᠬᠣᠶᠠᠷ︕ ᠬᠡᠵᠦ ᠪᠠᠭᠠᠳᠣᠷ ᠲᠣᠬᠢᠶ᠎ᠠ ᠲᠠᠯᠪᠢᠮᠠᠭᠴᠠ ᠲᠠᠳᠠ ᠡᠮᠣᠨᠠᠬᠢ ᠮᠥᠰᠥᠨ ᠠᠭᠣᠯᠠ ᠵᠦᠭ᠌ ᠠᠮᠢ ᠲᠠᠮᠠᠴᠠᠨ ᠬᠦᠶᠥᠯᠲᠦᠪᠡ᠃ ᠵᠠᠷᠢᠮ ᠨᠢ ᠲᠠᠮᠠᠢ ᠬᠦᠶᠥᠬᠥ ᠦᠭᠡᠶ ᠭᠣᠯᠭᠣᠷᠢᠨ ᠣᠨᠠᠵᠣ᠂ ᠲᠠᠬᠢᠨ ᠪᠣᠰᠣᠭᠠᠳ ᠭᠦᠶᠦᠨ᠎ᠠ᠃ ᠣᠷᠣᠯᠳᠣᠭᠠᠨ ᠤ ᠡᠴᠣᠰ ᠲᠤ ᠭᠠᠩᠷᠠᠢ ᠶ᠋‍ᠢᠨ ᠪᠠᠭ᠎ᠠ ᠦᠬᠢᠨ᠂ ᠬᠣᠨᠢᠴᠢᠨ ᠡᠪᠥᠬᠡᠨ ᠤ ᠬᠡᠯᠡᠬᠡᠢ ᠬᠦᠤ ᠬᠣᠶᠠᠷ ᠬᠣᠴᠣᠷᠴᠢᠬᠠᠪᠠ᠃

᠊᠊᠊᠊᠊᠊᠊᠊᠊᠊᠊᠊᠊᠊᠊ ᠬᠣᠸᠡᠷ᠎ᠡ᠂ ᠬᠡᠯᠡᠬᠡᠢ ᠬᠣᠶᠠᠷ ᠬᠣᠴᠣᠷᠴᠠᠢ᠂ ᠪᠦᠬᠥᠢ︕

᠊᠊᠊᠊᠊᠊᠊᠊᠊᠊᠊᠊᠊᠊᠊ ᠪᠢ ᠪᠠᠶᠠᠨ ᠮᠠᠯᠴᠢᠨ ᠤ ᠦᠬᠢᠨ ᠪᠢᠰᠢ︕ ᠬᠡᠵᠦ ᠲᠠᠷᠠ ᠦᠬᠢᠨ ᠣᠬᠢᠯᠠᠩ ᠠᠯᠳᠠᠨ᠎ᠠ᠃ ᠬᠡᠯᠡᠬᠡᠢ ᠬᠦᠤ ᠬᠠᠷᠢᠨ ᠲᠠᠳᠠᠨ ᠲᠡᠶ ᠴᠣᠭ ᠣᠯᠵᠣ ᠨᠠᠭᠠᠳᠣᠭᠰᠠᠨ ᠳᠠᠭᠠᠨ ᠲᠣᠩ ᠪᠠᠶᠠᠷᠯᠠᠵᠣ᠂ ᠡᠪᠥᠳᠥᠭ ᠶᠢᠠᠨ ᠲᠣᠯᠳᠠᠯ᠎ᠠ ᠲᠣᠩᠭ᠋ᠤᠢ᠌ᠵᠣ ᠬᠢ ᠬᠢ ᠢᠨᠢᠶᠠᠨ᠎ᠠ᠃

᠊᠊᠊᠊᠊᠊᠊᠊᠊᠊᠊᠊᠊᠊᠊ ᠬᠣᠸᠡᠷ᠎ᠡ ᠪᠠᠰᠠ ᠲᠣᠩᠭ᠋ᠣᠢ︕ ᠬᠣᠴᠣᠷᠴᠢᠬᠠᠭᠠᠳ᠃

᠊᠊᠊᠊᠊᠊᠊᠊᠊᠊᠊᠊᠊᠊᠊ ᠪᠦᠬᠦᠢ᠌ᠬᠥ ᠦᠭᠡᠶ ᠪᠣᠯ ᠦᠮᠣᠲᠦ ᠶᠢ ᠴᠢᠨᠢ ᠲᠠᠢ᠌ᠯᠣᠨ᠎ᠠ︕ ᠲᠠᠳᠠ ᠲᠠᠯ᠎ᠠ ᠲᠠᠯ᠎ᠠ ᠡᠴᠡ ᠨᠢ ᠪᠠᠷᠬᠢᠷᠠᠯᠴᠠᠨ᠎ᠠ᠃ ᠭᠠᠩᠷᠠᠢ ᠶᠢᠨ ᠪᠠᠭ᠎ᠠ ᠦᠬᠢᠨ ᠣᠰᠣᠨ ᠨᠢᠳᠣᠯᠠᠵᠣ᠂ ᠨᠢᠰᠤ ᠪᠠᠨ ᠱᠣᠷ ᠱᠣᠷ ᠲᠠᠳᠠᠭᠠᠳ ᠬᠡᠯᠡᠬᠡᠢ ᠲᠡᠶ ᠵᠠᠷᠬᠡᠴᠡᠨ ᠪᠦᠬᠦᠢ᠌ᠯ᠎ᠡ᠃

᠊᠊᠊᠊᠊᠊᠊᠊᠊᠊᠊᠊᠊᠊᠊ ᠶᠠᠯ᠎ᠠ ᠪᠠᠨ ᠬᠦᠯᠢᠶᠡ︕

᠊᠊᠊᠊᠊᠊᠊᠊᠊᠊᠊᠊᠊᠊᠊ ᠪᠢ ᠁

ᠲᠠᠷᠠ ᠦᠬᠢᠨ ᠶᠠᠭᠣ ᠬᠡᠯᠡᠬᠥ ᠪᠠᠨ ᠣᠯᠣᠭᠰᠠᠨ ᠦᠭᠡᠶ᠃ ᠬᠡᠯᠡᠬᠡᠢ ᠮᠦᠨ ᠣᠯᠠᠨ ᠤ ᠦᠬᠡᠳᠡ ᠡᠴᠡ ᠲᠠᠷᠪᠠᠢ᠌ᠨ ᠢᠨᠢᠶᠠᠨ᠎ᠠ᠃

᠊᠊᠊᠊᠊᠊᠊᠊᠊᠊᠊᠊᠊᠊᠊ ᠬᠡᠯᠡᠬᠡᠢ᠂ ᠴᠢ ᠤᠬᠤᠨ᠎ᠠ ᠪᠣᠯᠵᠣ ᠬᠣᠸᠡᠷ᠎ᠡ ᠶᠢ ᠣᠬᠣᠨᠠᠳᠠᠬᠣ ᠦᠭᠡᠶ ᠦᠦ︖ ᠬᠡᠯᠡᠬᠡᠢ ᠬᠦᠤ᠂ ᠤᠬᠤᠨ᠎ᠠ ᠶᠢ ᠲᠠᠭᠣᠷᠢᠶᠠᠨ ᠬᠠᠮᠠᠷ ᠶ᠋‍ᠢᠠᠷ ᠶᠢᠠᠨ ᠪᠠᠪᠠᠨᠠᠭᠰᠠᠭᠠᠷ ᠬᠣᠸᠡᠷ᠎ᠡ ᠳᠤ ᠤᠢ᠌ᠷᠠᠳᠣᠨ ᠣᠴᠢᠳᠠᠯ᠎ᠠ ᠲᠠᠷᠠ ᠦᠬᠢᠨ ᠢᠴᠢᠬᠥ ᠳᠡᠭᠡᠨ ᠨᠢᠭᠣᠷ ᠶᠢᠠᠨ ᠪᠦᠳᠡᠬᠡᠵᠦ᠂ ᠮᠥᠰᠥᠨ ᠲᠡᠬᠡᠷ᠎ᠡ ᠯᠠᠭ ᠬᠡᠳᠡᠯ᠎ᠡ ᠰᠠᠭᠣᠭᠠᠳ ᠡᠬᠡᠷ ᠲᠠᠳᠠᠨ ᠣᠬᠢᠯᠠᠪᠠ᠃ ᠲᠣᠭᠣᠷᠢᠭᠰᠠᠨ ᠬᠡᠲᠦ ᠨᠢ ᠨᠢᠳᠣᠨ ᠡᠴᠡ ᠪᠠᠨ ᠣᠰᠣ ᠭᠠᠷᠳᠠᠯ᠎ᠠ ᠢᠨᠢᠶᠡᠯᠴᠡᠬᠡᠥᠨ᠂ ᠬᠡᠨᠡᠳᠳᠡ ᠤᠢ᠌ᠷᠠᠳᠣᠨ ᠢᠷᠡᠬᠥ ᠭᠠᠶᠠ ᠶᠢ ᠦᠵᠡᠮᠡᠭ᠍ᠴᠡ ᠬᠡᠷ ᠦᠬᠡᠳᠡ ᠪᠠᠨ ᠭᠣᠳ ᠲᠣᠳᠠᠭᠠᠪᠠ᠃ ᠭᠠᠶᠠ᠂ ᠭᠠᠩᠷᠠᠢ ᠶᠢᠨ ᠪᠠᠭ᠎ᠠ ᠦᠬᠢᠨ ᠢ ᠡᠷᠬᠥᠨ ᠪᠣᠰᠬᠠᠵᠣ᠄

᠊᠊᠊᠊᠊᠊᠊᠊᠊᠊᠊᠊᠊᠊᠊ ᠮᠥᠰᠥᠨ ᠲᠡᠬᠡᠷ᠎ᠡ ᠰᠠᠭᠣᠭᠠᠳ ᠵᠢᠩᠬᠢᠨᠠᠨ᠎ᠠ ᠰᠢᠤ᠂ ᠪᠣᠰᠣᠭᠠᠳ ᠬᠠᠷᠢ︕ ᠬᠡᠪᠡ᠃ ᠲᠠᠷᠠ ᠦᠬᠢᠨ ᠭᠠᠷ ᠶᠢᠠᠨ ᠰᠠᠵᠢᠨ᠂ ᠪᠠᠢ᠌ᠭᠰᠠᠨ ᠭᠣᠮᠣᠳᠠᠯ ᠬᠢᠯᠢᠰᠳᠠᠯ ᠶᠢᠠᠨ ᠭᠠᠶᠠ ᠳᠤ ᠭᠠᠷᠭᠠᠵᠣ᠄

᠊᠊᠊᠊᠊᠊᠊᠊᠊᠊᠊᠊᠊᠊᠊ ᠪᠦᠷ ᠴᠢᠨᠣ ᠣᠷᠰᠢᠭ᠂ ᠴᠢᠮ᠎ᠠ ᠳᠤ ᠠᠳᠠᠯᠢ ᠪᠠᠶᠠᠨ ᠮᠠᠯᠴᠢᠨ ᠪᠠᠢ᠌ᠭᠰᠠᠨ ᠦᠭᠡᠶ ᠪᠣᠯ ᠪᠢ ᠢᠩᠬᠢᠵᠣ ᠲᠣᠷᠣᠮᠵᠢᠯᠠᠭᠳᠠᠨ᠎ᠠ ᠦᠦ︖ ᠬᠡᠵᠦ ᠬᠡᠯᠡᠬᠡᠥᠨ ᠨᠢᠯᠪᠣᠰᠣ ᠪᠦᠮᠪᠥᠷᠢᠬᠥᠯᠥᠭᠰᠠᠬᠡᠷ ᠬᠦᠶᠥᠨ ᠣᠣᠠᠪᠠ᠃

ᠭᠠᠶᠠ ᠶᠢᠨ ᠲᠣᠳᠣᠷ᠎ᠠ ᠭᠠᠰᠢᠭᠣᠨ ᠣᠷᠬᠢᠪᠠ᠃ ᠲᠠᠷᠠ ᠦᠪᠡᠷ ᠤᠨ ᠬᠢ ᠪᠠᠨ ᠣᠯᠠᠨ ᠤ ᠡᠮᠣᠨ᠎ᠠ ᠪᠦᠬᠦᠢ᠌ᠵᠦ ᠪᠠᠢ᠌ᠭᠰᠠᠨ ᠶᠢᠠᠨ ᠰᠠᠨᠠᠪᠠ᠃ ᠣᠳᠣ ᠬᠡᠣᠬᠡᠥᠨ ᠬᠦᠷᠳᠡᠯ᠎ᠡ ᠪᠦᠷ ᠢᠩᠬᠢᠵᠣ ᠨᠠᠭᠠᠳᠬᠣ ᠪᠣᠯᠴᠢᠬᠠᠯ᠎ᠠ᠃ ᠡᠨᠠ ᠴᠤᠬᠤᠮ ᠶᠠᠭᠣᠨ ᠡᠴᠡ ᠪᠣᠯᠪᠠ︖ ᠢᠩᠬᠢᠵᠣ ᠪᠣᠳᠣᠬᠣ ᠡᠴᠠ ᠨᠣ᠊ ᠱᠦᠵᠢ ᠶᠢᠨ ᠲᠠᠷᠠ ᠬᠠᠷᠠᠴᠠ ᠲᠡᠬᠥᠨ ᠢ ᠴᠣᠷᠬᠢᠵᠣ ᠪᠠᠢ᠌ᠮᠠᠷ ᠰᠠᠨᠠᠭᠳᠠᠨ᠎ᠠ᠃ ᠠᠪᠣ ᠶᠢᠨ ᠬᠢᠨᠢ ᠬᠡᠯᠡᠳᠡᠭ ᠴᠢᠨ᠋ᠸ᠎ᠠ ᠶᠢᠨ ᠬᠠᠷᠠᠴᠠ ᠲ᠋ᠠᠢ ᠲᠠᠷᠠ ᠨᠢᠳᠣ︕

ᠢᠩ ᠤᠨ ᠬᠡᠷ ᠲᠡᠭᠡᠨ ᠣᠷᠣᠵᠣ ᠬᠡᠪᠳᠡᠳᠡᠯ᠎ᠡ ᠡᠬᠥᠳᠡᠨ ᠵᠠᠪᠰᠠᠷ ᠶᠢᠠᠷ ᠴᠠᠢ᠌ᠯᠠᠰᠬᠢᠨ ᠬᠢᠯᠠᠭᠠᠨ ᠦᠯᠥᠭᠴᠢᠨ ᠣᠷᠣᠵᠣ ᠢᠷᠠᠪᠠ᠃

᠊᠊᠊᠊᠊᠊᠊᠊᠊᠊᠊᠊᠊᠊᠊ ᠨᠢᠰᠬᠡ︕

ᠭᠠᠶᠠ ᠦᠵᠡᠬᠡᠥᠨ ᠦᠨᠳᠡᠢ᠌ᠨ ᠪᠣᠰᠪᠠ᠃ ᠲᠠᠷᠠ ᠨᠣᠬᠠᠢ ᠶᠡᠬᠡ ᠬᠣᠯᠠ ᠡᠴᠡ ᠬᠦᠶᠥᠵᠦ ᠢᠷᠡᠭ᠍ᠰᠡᠨ ᠲᠥᠯᠥᠪᠳᠡᠢ᠃ ᠡᠪᠣᠯ ᠤᠨ ᠴᠠᠭ ᠬᠡᠯᠡ ᠪᠠᠨ ᠭᠠᠷᠭᠠᠨ ᠬᠠᠬᠠᠯᠵᠠᠨ᠎ᠠ᠃ ᠡᠨᠠ ᠣᠳᠠᠭ᠎ᠠ ᠲᠠᠷᠠ ᠶᠠᠭᠣ ᠴᠤ ᠠᠪᠴᠢᠷᠠᠭᠰᠠᠨ ᠦᠭᠡᠶ᠃ ᠬᠦᠰᠡᠷ ᠡᠷᠬᠢᠴᠠᠵᠣ ᠪᠠᠢ᠌ᠨ ᠪᠠᠢ᠌ᠨ ᠴᠣᠩᠬᠤ ᠪᠠᠷ ᠭᠠᠳᠠᠭᠰᠢ ᠬᠠᠷᠠᠨ ᠬᠦᠩᠬᠡᠨ ᠭᠠᠰᠠᠯᠣᠨ᠎ᠠ᠃ 《ᠡᠨᠠ ᠦᠯᠥᠭᠴᠢᠨ ᠴᠢᠨ᠋ᠸ᠎ᠠ ᠪᠣᠶᠣ ᠠᠵᠢᠷᠭᠠᠨ ᠨᠣᠬᠠᠢ ᠳᠤ ᠲᠠᠭᠣᠭᠳᠠᠵᠣ ᠢᠷᠡᠭ᠍ᠰᠡᠨ ᠶᠣᠮ ᠪᠠᠢ᠌ᠨ᠎ᠠ》 ᠬᠡᠵᠦ ᠭᠠᠶᠠ ᠪᠣᠳᠣᠨ ᠴᠢᠮᠡᠬᠡ ᠴᠢᠩᠨᠠᠪᠠ᠃ ᠠᠯᠣᠰ ᠲᠤ ᠴᠢᠨ᠋ᠸ᠎ᠠ ᠤᠯᠢᠬᠤ ᠪᠠᠷ ᠠᠢ᠌ᠯ ᠤᠨ ᠨᠣᠬᠠᠳ ᠲᠠᠭᠣᠨ ᠠᠪᠣᠯᠴᠠᠨ ᠣᠯᠢᠯᠴᠠᠵᠣ᠂ ᠰᠦᠨᠢ ᠶᠢᠨ ᠨᠠᠮ ᠵᠢᠮ ᠢ ᠡᠪᠳᠠᠨ᠎ᠠ᠃

ᠲᠠᠯᠳᠣ ᠴᠢᠨ᠋ᠸ᠎ᠠ ᠪᠠᠶᠠᠠᠴᠠᠭᠠᠨ ᠤ ᠡᠩᠬᠡᠷ ᠤᠨ ᠬᠠᠳᠠᠨ ᠲᠡᠬᠡᠷ᠎ᠡ ᠣᠴᠤᠢ᠌ᠨ ᠰᠠᠭᠣᠭᠠᠳ᠂ ᠬᠢᠯᠠᠭᠠᠨ ᠦᠯᠥᠭᠴᠢᠨ ᠭᠠᠷᠴᠣ ᠢᠷᠡᠬᠥ ᠵᠢ ᠬᠦᠯᠢᠶᠡᠵᠦ ᠪᠠᠢ᠌ᠯ᠎ᠠ᠃ ᠵᠤ᠋ ᠶᠢᠨ ᠲᠡᠬᠡᠷ᠎ᠡ ᠪᠠᠨ ᠲᠠᠯ ᠲᠡᠶ ᠰᠠᠭᠠᠷᠠᠯ ᠬᠦᠬᠡ ᠴᠢᠨ᠋ᠸ᠎ᠠ ᠡᠨᠠ ᠨᠣᠳᠣᠭ ᠶᠢᠠᠷ ᠶᠠᠪᠣᠳᠠᠭ ᠢ ᠡᠠᠳᠠᠬᠢ ᠬᠦᠮᠥᠰ ᠪᠦᠷ ᠮᠡᠳᠡᠳᠡᠭ᠃

ᠬᠢᠯᠠᠭᠠᠨ ᠦᠯᠥᠭᠴᠢᠨ᠂ ᠲᠠᠯᠳᠣ ᠴᠢᠨ᠋ᠸ᠎ᠠ ᠲᠡᠶ ᠨᠡᠢ᠌ᠯᠡᠬᠡᠥᠨ ᠨᠠᠯᠢᠶᠠᠳ ᠣᠳᠠᠭᠰᠠᠨ ᠪᠠᠢ᠌ᠵᠠᠢ᠃ ᠠᠢ᠌ᠯ ᠡᠴᠡ ᠬᠦᠬᠡᠬᠡᠭ᠍ᠳᠡᠵᠦ ᠭᠠᠷᠣᠭᠰᠠᠨ ᠤ ᠲᠠᠷᠠᠭ᠎ᠠ ᠲᠠᠷᠠ᠂ ᠪᠠᠶᠠᠠᠴᠠᠭᠠᠨ ᠠᠭᠣᠯᠠᠨ ᠤ ᠠᠷᠤ ᠶᠢᠨ ᠭᠣᠤ ᠳ᠋ᠡᠬᠢ ᠨᠦᠬᠡᠨ ᠳᠤ ᠰᠢᠷᠭᠣᠭᠰᠠᠨ ᠶᠣᠮ᠃ ᠲᠠᠷᠠ ᠨᠢ ᠪᠠᠶᠠᠠᠴᠠᠭᠠᠨ ᠠᠭᠣᠯᠠᠨ ᠤ ᠠᠷᠤ ᠡᠴᠡ ᠵᠠᠬᠥᠨ ᠬᠤᠢ᠌ᠰᠢ ᠰᠣᠠᠵᠣ ᠭᠠᠷᠣᠭᠰᠠᠨ ᠬᠦᠪᠥᠷᠴᠡᠭ ᠤᠨ ᠡᠩᠬᠡᠷ ᠲᠠᠬᠢ ᠪᠣᠰᠣᠭ᠎ᠠ ᠬᠠᠳᠠ ᠲᠡᠶ ᠬᠦᠨ ᠵᠡᠪᠡ ᠳᠤ ᠪᠠᠢ᠌ᠳᠠᠭ ᠶᠣᠮ᠃ ᠡᠷᠬᠢᠨ ᠲᠣᠭᠣᠷᠢᠨ ᠳᠤ ᠨᠢ ᠦᠬᠡᠷ ᠴᠢᠯᠠᠭᠣ ᠲᠦᠩᠬᠦᠢ᠌ᠯᠴᠡᠵᠦ᠂ ᠡᠪᠠᠰᠣ ᠦᠯᠣᠩ ᠢᠭᠴᠣᠷᠠᠨ᠎ᠠ᠃ ᠪᠢᠳᠡᠬᠥᠤ ᠬᠠᠷᠠᠩᠭ᠋ᠣᠢ ᠨᠦᠬᠡᠨ ᠳᠤ ᠬᠡᠲᠦ ᠬᠣᠨᠣᠭ ᠬᠡᠪᠳᠡᠬᠡᠥᠨ ᠴᠣᠬᠢᠭᠳᠠᠭᠰᠠᠨ ᠰᠢᠷᠬ᠎ᠠ ᠨᠢ ᠠᠨᠠᠵᠣ ᠢᠷᠡᠭ᠍ᠰᠡᠨ ᠴᠤ ᠬᠡᠳᠡᠰᠤ ᠨᠢ ᠨᠢᠷᠣᠭᠣ ᠲᠡᠶ ᠪᠠᠨ ᠨᠠᠭᠠᠯᠳᠣᠬᠣ ᠰᠢᠬᠠᠨ᠂ ᠬᠡᠬᠡᠷ᠎ᠡ ᠶᠢᠨ ᠡᠠᠩ ᠪᠠᠷᠢᠬᠤ ᠪᠠᠢ᠌ᠳᠣᠭᠠᠢ ᠬᠦᠶᠥᠬᠥ ᠲᠠᠩᠬᠡᠬᠡ ᠴᠤ ᠦᠭᠡᠶ ᠪᠣᠯᠵᠠᠢ᠃ ᠲᠠᠷᠠ᠂ ᠬᠠ ᠭᠣᠶ᠎ᠠ ᠪᠠᠨ ᠲᠣᠯᠢᠶᠠᠨ ᠡᠳᠣᠷ ᠥᠩᠬᠡᠷᠡᠬᠡᠨ᠎ᠡ᠃ ᠡᠨᠠ ᠦᠶᠡᠰ ᠲᠠᠯᠳᠣ ᠴᠢᠨ᠋ᠸ᠎ᠠ ᠲᠡᠬᠥᠨ ᠤ ᠡᠮᠣᠨ᠎ᠠ ᠢᠯᠠᠷᠠᠪᠠ᠃ ᠣᠣᠯ ᠨᠢ ᠡᠨᠠ ᠨᠦᠬᠡ ᠪᠣᠯ ᠲᠠᠯᠳᠣ ᠴᠢᠨ᠋ᠸ᠎ᠠ ᠪᠠ ᠲᠡᠬᠥᠨ ᠤ ᠦᠯᠥᠭᠴᠢᠨ ᠬᠢᠴᠢᠢ ᠶᠢᠨ ᠡᠬᠥᠷ ᠪᠠᠢ᠌ᠭᠰᠠᠨ ᠪᠠᠢ᠌ᠵᠠᠢ᠃ ᠥᠩᠬᠡᠷᠡᠭ᠍ᠴᠢ ᠵᠢᠯ ᠦᠯᠥᠭᠴᠢᠨ ᠬᠢᠴᠢᠢ ᠨᠢ ᠬᠠᠪᠬᠠᠨ ᠳᠤ ᠣᠨᠠᠵᠣ ᠠᠩᠴᠢᠨ ᠤ ᠭᠠᠷ ᠲᠤ ᠦᠷᠳᠥᠭᠰᠡᠨ ᠡᠴᠡ ᠲᠠᠷᠠ ᠭᠠᠭᠴᠠᠭᠠᠷ ᠬᠡᠶᠥᠷᠡᠨ ᠲᠡᠨᠦᠬᠥ ᠪᠣᠯᠵᠣ᠂ ᠪᠠᠢ᠌ᠨ ᠪᠠᠢ᠌ᠨ ᠡᠵᠡᠬᠥᠢ ᠬᠠᠶᠠᠭᠳᠠᠭᠰᠠᠨ ᠡᠨᠠ ᠡᠬᠥᠷ ᠶᠢᠠᠨ ᠡᠷᠬᠢᠵᠣ ᠦᠵᠡᠳᠡᠭ ᠪᠠᠢ᠌ᠪᠠ᠃ ᠰᠠ‍‌ᠶᠢ ᠡᠬᠢᠯᠡᠬᠡᠥᠨ ᠬᠢᠯᠠᠭᠠᠨ ᠦᠯᠥᠭᠴᠢᠨ ᠨᠦᠬᠡᠨ ᠠᠮᠠᠰᠠᠷ ᠶᠢᠠᠨ ᠠᠷᠬᠢᠷᠠᠭᠠᠳ ᠲᠠᠯᠳᠣ ᠴᠢᠨ᠋ᠸ᠎ᠠ ᠶᠢ ᠤᠢ᠌ᠷᠠᠳᠣᠭᠣᠯᠣᠭᠰᠠᠨ ᠦᠭᠡᠶ᠃ ᠲᠠᠷᠠ ᠴᠢᠨ᠋ᠸ᠎ᠠ ᠡᠳᠣᠷ ᠪᠦᠷᠢ ᠲᠠᠣᠯᠠᠢ᠂ ᠪᠦᠳᠦᠨ᠎ᠠ ᠵᠠᠷᠬᠡ ᠠᠮᠢᠳᠠᠨ ᠪᠠ ᠵᠠᠷᠢᠮ ᠳᠠᠭᠠᠨ ᠠᠮᠢᠳᠠᠨ ᠤ ᠬᠠ ᠭᠣᠶ᠎ᠠ ᠶᠢ ᠵᠠᠭᠣᠵᠣ ᠢᠷᠡᠬᠡᠥᠨ ᠨᠦᠬᠡᠨ ᠠᠮᠠᠰᠠᠷ ᠲᠡᠬᠡᠷ᠎ᠡ ᠨᠢ ᠲᠠᠯᠪᠢᠭᠠᠳ ᠰᠠᠬᠢᠵᠣ ᠬᠣᠨᠣᠳᠠᠭ᠃

ᠴᠢᠨ᠋ᠸ᠎ᠠ᠂ ᠨᠣᠬᠠᠢ ᠬᠣᠶᠠᠭᠣᠯᠠ ᠠᠭᠠᠵᠢᠮ ᠶᠢᠠᠷ ᠲᠠᠰᠴᠣ ᠢᠷᠠᠯ᠎ᠠ᠃ ᠢᠩᠬᠢᠵᠣ ᠪᠠᠢ᠌ᠳᠠᠯ᠎ᠠ ᠬᠢᠯᠠᠭᠠᠨ ᠦᠯᠥᠭᠴᠢᠨ ᠬᠥᠭ᠌ ᠲᠤ ᠭᠠᠷᠪᠠ᠃ ᠠᠵᠢᠷᠭᠠᠨ ᠴᠢᠨ᠋ᠸ᠎ᠠ ᠶᠠᠭ ᠡᠨᠠ ᠲᠣᠬᠢᠶᠠᠯ ᠢ ᠬᠦᠯᠢᠶᠡᠵᠦ ᠪᠠᠢ᠌ᠭᠰᠠᠨ ᠰᠢᠭ ᠦᠯᠥᠭᠴᠢᠨ ᠨᠣᠬᠠᠢ ᠶᠢᠨ ᠠᠮᠨ ᠬᠠᠮᠠᠷ ᠢ ᠨᠢ ᠲᠣᠯᠢᠶᠠᠨ ᠦᠬᠥᠬᠡᠷᠳᠡᠵᠦ᠂ ᠲᠤᠷ᠎ᠠ ᠬᠦᠰᠡᠯ ᠢ ᠨᠢ ᠣᠯᠣᠭᠠᠳ ᠲᠣᠣᠷᠯᠠᠯᠳᠣᠪᠠ᠃ ᠦᠬᠡᠷ᠎ᠡ ᠬᠡᠳᠥᠨ ᠠᠵᠢᠷᠭᠠᠨ ᠴᠢᠨ᠋ᠸ᠎ᠠ ᠢᠷᠡᠭ᠍ᠰᠡᠨ ᠪᠣᠯᠪᠠᠴᠣ ᠲᠠᠯᠳᠣ ᠴᠢᠨ᠋ᠸ᠎ᠠ ᠡᠴᠡ ᠰᠥᠷᠳᠡᠬᠡᠥᠨ ᠤᠢ᠌ᠷᠠᠳᠴᠣ ᠴᠢᠳᠠᠭᠰᠠᠨ ᠦᠭᠡᠶ᠃ ᠲᠠᠷᠠ ᠡᠳᠣᠷ ᠡᠴᠡ ᠡᠬᠢᠯᠠᠨ ᠲᠠᠯᠳᠣ ᠴᠢᠨ᠋ᠸ᠎ᠠ᠂ ᠬᠢᠯᠠᠭᠠᠨ ᠦᠯᠥᠭᠴᠢᠨ ᠬᠣᠶᠠᠷ ᠡᠨᠠ ᠬᠥ ᠬᠠᠳᠠᠭᠣ ᠪᠡᠷᠬᠡ ᠪᠠᠢ᠌ᠭᠠᠯᠢ ᠠᠬᠣᠢ ᠳᠤ ᠠᠮᠢ ᠪᠠᠶ᠎ᠠ ᠪᠠᠨ ᠬᠣᠯᠪᠣᠨ ᠠᠮᠢᠳᠣᠷᠠᠭᠰᠠᠭᠠᠷ ᠢᠷᠠᠪᠠ᠃

ᠬᠢᠯᠠᠭᠠᠨ ᠦᠯᠥᠭᠴᠢᠨ ᠲᠠᠪᠣᠨ ᠴᠢᠨᠣᠠᠴᠢᠷ ᠭᠠᠷᠭᠠᠪᠠ᠃ ᠬᠦᠬᠡᠷᠥᠬᠥᠨ ᠲᠠᠪᠣᠨ ᠠᠮᠢᠳᠠᠨ ᠶᠢᠠᠨ ᠦᠰᠬᠡᠬᠥ ᠶᠢᠨ ᠲᠥᠯᠣᠬᠡ ᠲᠠᠷᠠ ᠡᠳᠣᠷᠵᠢᠨ ᠲᠠᠪᠠᠭ ᠶᠢᠠᠨ ᠴᠣᠭᠣᠷᠠᠳᠠᠯ᠎ᠠ ᠬᠦᠶᠥᠳᠡᠭ᠃ ᠬᠡᠳᠡᠯ᠎ᠡ ᠲᠠᠪᠣᠨ ᠪᠡᠯᠳᠡᠷᠬᠡ ᠨᠢ ᠦᠪᠡᠷ ᠶᠢᠠᠨ ᠠᠮᠢ ᠵᠢᠭᠣᠬᠣ ᠴᠢᠳᠠᠯ ᠲᠡᠶ ᠪᠣᠯᠵᠣ ᠢᠷᠡᠬᠡᠥᠨ ᠬᠠᠷᠢᠨ ᠭᠠᠢ᠌ᠳᠠᠭᠰᠠᠨ ᠪᠠᠢ᠌ᠯ᠎ᠠ᠃ ᠬᠠᠪᠣᠷ ᠤᠨ ᠴᠢᠨ᠋ᠸ᠎ᠠ ᠣᠰᠠᠳᠬᠠᠬᠣ ᠶᠡᠬᠡ ᠠᠪᠠ ᠶᠢᠨ ᠬᠣᠮᠣᠷᠭᠠᠨ ᠳᠤ ᠲᠠᠳᠠ ᠪᠦᠬᠥᠳᠡᠬᠡᠷ ᠬᠣᠮᠢᠭᠳᠠᠵᠣ ᠲᠠᠯᠳᠣ ᠴᠢᠨ᠋ᠸ᠎ᠠ᠂ ᠬᠢᠯᠠᠭᠠᠨ ᠦᠯᠥᠭᠴᠢᠨ ᠬᠣᠶᠠᠷ ᠵᠤᠯ ᠶᠢᠠᠷ ᠬᠣᠯᠬᠢᠵᠣ ᠭᠠᠷᠣᠭᠰᠠᠨ ᠴᠤ ᠲᠠᠪᠣᠨ ᠪᠡᠯᠳᠡᠷᠬᠡ ᠨᠢ ᠨᠢᠬᠡ ᠴᠤ ᠭᠠᠷᠴᠣ ᠲᠡᠢ᠌ᠯᠥᠭᠰᠡᠨ ᠦᠭᠡᠶ᠃ ᠫᠣᠤ ᠶᠢᠨ ᠰᠣᠮᠣᠨ ᠳᠤ ᠡᠯᠬᠥᠭ᠍ᠳᠡᠬᠥ ᠨᠢ ᠡᠯᠬᠥᠭ᠍ᠳᠡᠵᠦ᠂ ᠠᠪᠠ ᠶᠢᠨ ᠨᠣᠬᠠᠢ ᠳᠤ ᠲᠡᠯᠡᠭ᠍ᠳᠡᠬᠥ ᠨᠢ ᠲᠡᠯᠡᠭ᠍ᠳᠡᠬᠡᠥᠨ ᠭᠠᠰᠠᠯᠵᠣ ᠭᠠᠩᠬᠢᠨᠠᠵᠣ ᠪᠠᠢ᠌ᠭᠰᠠᠨ ᠢ ᠨᠢ ᠬᠢᠯᠠᠭᠠᠨ ᠦᠯᠥᠭᠴᠢᠨ ᠰᠣᠨᠣᠰᠣᠭᠠᠳ ᠨᠢᠳᠣ ᠨᠢ ᠬᠠᠷᠠᠯᠠᠵᠣ᠂ ᠲᠣᠳᠣᠷ᠎ᠠ ᠨᠢ ᠬᠠᠷ᠎ᠠ ᠪᠠᠭᠣᠵᠣ ᠪᠠᠢ᠌ᠭᠰᠠᠨ᠁

ᠲᠠᠯᠳᠣ ᠴᠢᠨ᠋ᠸ᠎ᠠ᠂ ᠬᠠᠳᠠᠨ ᠲᠡᠬᠡᠷ᠎ᠡ ᠣᠴᠤᠢ᠌ᠵᠣ ᠣᠷᠳᠣᠯᠠᠭᠣᠯᠣᠨ ᠣᠯᠢᠬᠤ ᠳᠤ ᠠᠢ᠌ᠯ ᠤᠨ ᠨᠣᠬᠠᠳ ᠲᠠᠬᠢᠭᠠᠳ ᠯᠠ ᠤᠢ᠌ᠮᠠᠵᠣ ᠡᠬᠢᠯᠠᠪᠠ᠃ ᠬᠢᠯᠠᠭᠠᠨ ᠦᠯᠥᠭᠴᠢᠨ᠂ ᠭᠠᠶᠠ ᠶᠢᠨ ᠡᠩᠬᠡᠷ ᠬᠣᠷᠮᠣᠢ ᠶᠢ ᠬᠡᠲᠦ ᠦᠨᠥᠷᠯᠡᠬᠡᠥᠨ ᠰᠦᠨᠢ ᠶᠢᠨ ᠪᠦᠷᠣᠩᠬᠥᠢ ᠳᠤ ᠲᠠᠯᠳᠠ ᠣᠷᠣᠪᠠ᠃

ᠲᠠᠷᠠ ᠣᠳᠠᠭᠠᠨ ᠤ ᠶᠡᠬᠡ ᠬᠣᠮᠣᠷᠭᠠᠨ ᠡᠴᠡ ᠬᠤᠢ᠌ᠰᠢ ᠠᠢ᠌ᠯ ᠳᠤ ᠪᠣᠭ ᠲᠡᠶ ᠪᠣᠯᠵᠠᠢ ᠬᠡᠵᠦ ᠣᠪᠣᠭ᠎ᠠ ᠠᠢ᠌ᠯ ᠤᠨ ᠬᠢᠨ ᠱᠣᠣᠬᠢᠯᠳᠣᠬᠣ ᠪᠣᠯᠪᠠ᠃

᠊᠊᠊᠊᠊᠊᠊᠊᠊᠊᠊᠊᠊᠊᠊ ᠲᠣᠩ ᠴᠠᠭᠠᠨ ᠪᠣᠰᠣᠭ᠎ᠠ ᠠᠮᠢᠳᠠᠨ ᠬᠡᠨ᠎ᠡ᠃

᠊᠊᠊᠊᠊᠊᠊᠊᠊᠊᠊᠊᠊᠊᠊ ᠡᠷᠬᠡ ᠶᠢᠨ ᠪᠣᠷᠣ ᠰᠠᠭᠠᠷᠠᠯ ᠡᠯᠵᠢᠬᠡ ᠶᠢ ᠠᠷᠣᠠᠰᠢ ᠪᠠᠨ ᠬᠠᠠᠳᠣᠨ ᠣᠨᠣᠵᠣ᠂ ᠰᠡᠬᠥᠯ ᠢᠶᠡᠷ ᠶᠢᠠᠨ ᠵᠠᠯᠠᠭᠠᠳ ᠶᠠᠪᠣᠵᠣ ᠪᠠᠢ᠌ᠭᠰᠠᠨ ᠬᠡᠨ᠎ᠡ ᠰᠢᠤ᠃

ᠢᠩ ᠬᠦᠯᠦᠵᠤ ᠪᠠᠢ᠌ᠭᠰᠠᠨ ᠡᠮᠠᠰ ᠦᠬᠢᠥᠨ ᠬᠣᠭᠣᠷᠣᠠᠳᠣ ᠪᠠᠨ ᠢᠪᠢᠷ ᠰᠢᠪᠢᠷ ᠶᠠᠷᠢᠯᠴᠠᠨ᠎ᠠ᠃ ᠪᠣᠰᠣᠭ᠎ᠠ ᠴᠠᠭᠠᠨ ᠴᠢᠳᠬᠥᠷ ᠤᠨ ᠵᠤᠭᠤᠭ ᠢᠩᠬᠢᠬᠡᠥᠨ ᠯᠠ ᠨᠠᠮᠵᠢᠭᠰᠠᠨ ᠪᠢᠰᠢ᠃ ᠢᠳᠡᠬᠡᠬᠥᠢ᠎ᠡ ᠪᠡᠷᠬᠡ ᠰᠣᠨᠢᠨ ᠣᠴᠢᠷ ᠤᠳ ᠵᠠᠯᠭᠠᠪᠠᠷ ᠭᠠᠷᠴᠣ᠂ ᠠᠢ᠌ᠯ ᠤᠨ ᠬᠦᠮᠥᠰ ᠤᠨ ᠬᠦᠯ ᠣᠯᠠ ᠶᠢ ᠠᠯᠳᠠᠭᠣᠯᠪᠠ᠃ ᠨᠣ᠊ ᠱᠦᠵᠢ ᠰᠦᠨᠢ ᠰᠢᠬᠡᠬᠥ ᠪᠠᠷ ᠭᠠᠷᠣᠭᠠᠳ ᠴᠢᠳᠬᠥᠷ ᠡᠴᠡ ᠠᠶᠣᠬᠣ ᠳᠠᠭᠠᠨ ᠰᠦᠨᠡᠰᠤ ᠨᠢ ᠵᠠᠢ᠌ᠯᠠᠭᠰᠠᠨ᠂ ᠰᠠᠬᠠᠯᠳᠣ ᠡᠶᠢ ᠪᠠᠷ ᠲᠣᠮ ᠬᠢᠯᠬᠡᠵᠦ ᠵᠠᠰᠠᠭᠣᠯᠣᠭᠰᠠᠨ᠂ ᠡᠷᠬᠡ ᠶᠢᠨ ᠪᠣᠷᠣ ᠰᠠᠭᠠᠷᠠᠯ ᠡᠯᠵᠢᠬᠡ ᠭᠠᠯᠵᠠᠭᠣᠷᠠᠵᠣ ᠬᠠ ᠭᠣᠶ᠎ᠠ ᠪᠠᠨ ᠲᠠᠰᠣ ᠲᠠᠰᠣ ᠬᠠᠵᠠᠭᠰᠠᠨ᠂ ᠠᠢ᠌ᠯ ᠤᠨ ᠲᠠᠬᠢᠶᠠᠳ ᠰᠦᠨᠢ ᠲᠣᠮᠳᠠ ᠪᠠᠷ ᠲᠣᠣᠭᠠᠷᠬᠣ ᠪᠣᠯᠣᠭᠰᠠᠨ᠁

ᠲᠠᠷᠠ ᠰᠦᠨᠢ ᠨᠣ᠊ ᠱᠦᠵᠢ ᠰᠢᠬᠡᠬᠥ ᠪᠠᠷ ᠭᠠᠷᠳᠠᠯ᠎ᠠ ᠡᠮᠣᠨ᠎ᠠ ᠡᠴᠡ ᠨᠢ ᠪᠣᠰᠣᠭ᠎ᠠ ᠴᠠᠭᠠᠨ ᠶᠠᠭᠣᠮ᠎ᠠ ᠴᠣᠷᠤᠢ᠌ᠭᠠᠳ ᠢᠷᠡᠬᠥᠯᠡᠷ ᠲᠠᠷᠠ ᠠᠶᠣᠬᠣ ᠳᠠᠭᠠᠨ ᠠᠭᠰᠢᠭᠣᠨ ᠰᠢᠩᠬᠡᠨ ᠶᠢᠠᠨ ᠪᠦᠷ ᠦᠮᠣᠳᠥᠨ ᠳᠡᠭᠡᠨ ᠲᠠᠯᠪᠢᠴᠢᠬᠠᠵᠠᠢ᠃ ᠮᠠᠷᠭᠠᠰᠢ ᠨᠢ ᠬᠠᠷ᠎ᠠ ᠡᠳᠣᠷ ᠶᠢᠠᠷ ᠬᠦᠵᠢᠯᠡ ᠪᠠᠷ ᠶᠢᠠᠨ ᠲᠣᠯᠣᠭᠠᠢ ᠪᠠᠨ ᠣᠷᠢᠶᠠᠵᠣ᠂ ᠴᠠᠴᠠᠷᠠᠵᠣ ᠲᠠᠭᠵᠢᠨ ᠣᠯᠢᠭᠣ ᠰᠣᠯᠢᠭᠣ ᠶᠠᠷᠢᠵᠣ ᠪᠠᠢ᠌ᠯ᠎ᠠ ᠬᠡᠬᠥ ᠶᠣᠮ᠃ ᠡ᠊ ᠡᠷᠬᠢᠯᠡᠭ᠍ᠴᠢ ᠣᠴᠢᠵᠣ ᠦᠵᠡᠬᠡᠥᠨ ᠰᠠᠬᠠᠯᠳᠣ ᠡᠶᠢ ᠳᠤ ᠬᠦᠮᠥᠨ ᠶᠠᠪᠣᠭᠣᠯᠪᠠ᠃

ᠰᠠᠬᠠᠯᠳᠣ ᠡᠶᠢ᠄ 《ᠪᠢ ᠦᠬᠥᠬᠥ ᠬᠡᠵᠦ ᠪᠠᠢ᠌ᠨ᠎ᠠ᠃》 ᠬᠡᠵᠦ ᠪᠠᠶ᠎ᠠ ᠪᠠᠨ ᠢᠷᠣᠯᠠᠨ ᠣᠴᠠᠷᠠᠭᠰᠠᠨ ᠪᠣᠯᠭᠠᠨ ᠳᠤ ᠬᠡᠯᠡᠳᠡᠭ ᠪᠣᠯᠪᠠᠴᠣ ᠮᠦᠨ ᠯᠠ ᠠᠮᠢᠳᠣ ᠪᠠᠢ᠌ᠭᠰᠠᠭᠠᠷ᠃ ᠲᠡᠬᠡᠷ᠎ᠡ ᠰᠠᠷ᠎ᠠ ᠲᠠᠷᠠ ᠡᠪ ᠡᠷᠡᠬᠦᠯ ᠪᠠᠢ᠌ᠵᠣ ᠪᠠᠢ᠌ᠭᠠᠳ ᠪᠠᠰᠠ᠄

᠊᠊᠊᠊᠊᠊᠊᠊᠊᠊᠊᠊᠊᠊᠊ ᠪᠢ ᠦᠬᠥᠬᠥ ᠬᠡᠵᠦ ᠪᠠᠢ᠌ᠨ᠎ᠠ᠃ ᠨᠠᠳᠠ ᠬᠡᠷ ᠬᠢᠵᠣ ᠦᠭ᠌︕ ᠬᠡᠵᠦ ᠶᠠᠷᠢᠭᠰᠠᠭᠠᠷ ᠪᠠᠢ᠌ᠭᠠᠳ ᠠᠪᠰᠠ ᠪᠠᠨ ᠪᠡᠯᠡᠲᠦᠬᠥᠯᠦᠬᠡᠥᠨ ᠠᠪᠴᠢᠬᠠᠭᠰᠠᠨ ᠶᠣᠮ᠃ ᠣᠴᠢᠭᠰᠠᠨ ᠬᠣᠶᠠᠷ ᠬᠦᠮᠥᠨ ᠦᠪᠣᠩ ᠬᠡᠷ ᠲᠤ ᠨᠢ ᠣᠷᠣᠪᠠᠯ ᠬᠦᠮᠥᠨ ᠦᠭᠡᠶ᠃ ᠡᠨᠠ ᠡᠶᠢ ᠬᠠᠮᠢᠭ᠎ᠠ ᠲᠣᠭᠣᠷᠢᠴᠢᠬᠠᠭᠰᠠᠨ ᠪᠣᠯ︖ ᠬᠡᠵᠦ ᠪᠣᠷᠣ ᠮᠦᠷ ᠢᠶᠡᠷ ᠶᠢᠠᠨ ᠡᠷᠬᠢᠬᠥ ᠶᠢ ᠵᠠᠪᠳᠣᠳᠠᠯ᠎ᠠ ᠠᠷᠤ ᠳᠤ ᠨᠢ᠄

᠊᠊᠊᠊᠊᠊᠊᠊᠊᠊᠊᠊᠊᠊᠊ ᠡᠶᠢ ᠳᠡᠭᠡᠨ ᠣᠰᠣ ᠠᠪᠴᠢᠷᠠᠭᠠᠳ ᠦᠭ᠌ ᠪᠦᠬᠡᠷ᠎ᠡ ᠡ︕ ᠬᠡᠬᠥ ᠲᠠᠭᠣᠨ ᠭᠠᠷᠪᠠ᠃ ᠣᠷᠪᠠᠵᠣ ᠬᠠᠠᠳᠣᠭᠠᠳ ᠦᠵᠡᠪᠡᠯ ᠵᠠᠬᠥᠨ ᠬᠠᠨ᠎ᠠ ᠶᠢ ᠲᠠᠭᠠᠭᠣᠯᠵᠣ ᠲᠠᠯᠪᠢᠭᠰᠠᠨ ᠰᠢᠨᠡᠬᠡᠨ ᠠᠪᠰᠠᠨ ᠲᠣᠳᠣᠷ᠎ᠠ ᠡᠴᠡ ᠪᠣᠭᠣᠷᠣᠯ ᠲᠣᠯᠣᠭᠠᠢ ᠦᠷᠪᠦᠢ᠌ᠬᠡᠥᠨ ᠭᠠᠷᠴᠣ ᠢᠷᠡᠭ᠍ᠰᠡᠨ ᠨᠢ ᠰᠠᠬᠠᠯᠳᠣ ᠡᠶᠢ ᠪᠠᠢ᠌ᠯ᠎ᠠ᠃ ᠣᠴᠢᠭᠰᠠᠨ ᠬᠣᠶᠠᠷ ᠬᠦᠮᠥᠨ ᠰᠦᠨᠡᠰᠤ ᠪᠠᠨ ᠭᠠᠷᠳᠠᠯ᠎ᠠ ᠠᠶᠣᠵᠣ ᠠᠷᠠᠢ ᠭᠠᠷᠴᠣ ᠬᠦᠶᠥᠭᠰᠡᠨ ᠦᠭᠡᠶ᠂ ᠡᠨᠠ ᠡᠶᠢ ᠦᠬᠥᠴᠢᠬᠡᠭ᠍ᠰᠡᠨ ᠶᠣᠮ ᠦᠦ︖ ᠠᠮᠢᠳᠣ ᠶᠣᠮ ᠦᠦ︖ ᠬᠡᠵᠦ ᠰᠠᠵᠢᠭ᠍ᠯᠠᠵᠣ ᠪᠠᠢ᠌ᠪᠠᠴᠣ᠄

᠊᠊᠊᠊᠊᠊᠊᠊᠊᠊᠊᠊᠊᠊᠊ ᠨᠣ᠊ ᠱᠦᠵᠢ ᠴᠢᠳᠬᠥᠷ ᠡᠴᠡ ᠠᠶᠣᠭᠠᠳ ᠰᠦᠨᠡᠰᠤ ᠨᠢ ᠵᠠᠢ᠌ᠯᠠᠴᠢᠬᠠᠯ᠎ᠠ ᠬᠡᠨ᠎ᠡ᠃ ᠡᠶᠢ ᠲᠠ ᠲᠣᠮᠨᠠᠭᠠᠳ᠁ ᠬᠡᠳᠡᠯ᠎ᠡ ᠰᠠᠬᠠᠯᠳᠣ ᠡᠶᠢ ᠠᠭᠣᠷ ᠬᠦᠷᠴᠦ᠂ ᠭᠠᠩᠰᠠᠨ ᠲᠣᠯᠣᠭᠠᠢ ᠪᠠᠷ ᠶᠢᠠᠨ ᠠᠪᠰᠠᠨ ᠠᠮᠠᠰᠠᠷ ᠢ ᠲᠣᠭᠰᠢᠵᠣ᠄

᠊᠊᠊᠊᠊᠊᠊᠊᠊᠊᠊᠊᠊᠊᠊ ᠲᠠᠷᠠ ᠮᠠᠭᠣ ᠪᠡᠯᠳᠡᠷᠬᠡ ᠬᠣᠬᠢ ᠨᠢ︕ ᠬᠡᠥᠨ ᠲᠠᠬᠢᠭᠠᠳ ᠠᠪᠰᠠᠨ ᠳᠠᠭᠠᠨ ᠣᠷᠣᠭᠠᠳ ᠬᠡᠪᠳᠡᠴᠢᠬᠡᠪᠡ᠃

᠊᠊᠊᠊᠊᠊᠊᠊᠊᠊᠊᠊᠊᠊᠊ ᠡᠶᠢ ᠲᠠ ᠬᠠᠭᠣᠴᠢᠨ ᠬᠦᠮᠥᠨ᠁ ᠪᠣᠶᠠᠨ ᠢ ᠪᠣᠳᠣᠭᠠᠳ᠁

᠊᠊᠊᠊᠊᠊᠊᠊᠊᠊᠊᠊᠊᠊᠊ ᠬᠠᠢ︕ ᠡᠨᠠ ᠬᠡᠣᠬᠡᠥᠨ ᠤᠨ ᠶᠠᠷᠰᠢᠭ ᠭᠡᠵᠢ᠂ ᠡᠷᠯᠢᠭ᠌ ᠲᠤ ᠣᠴᠢᠬᠤ ᠬᠦᠮᠥᠨ ᠢ ᠴᠤ ᠠᠮᠠᠷ ᠶᠠᠪᠣᠭᠣᠯᠬᠣ ᠦᠭᠡᠶ︕ ᠬᠡᠵᠦ ᠦᠨᠳᠡᠢ᠌ᠬᠥ ᠳᠤ ᠲᠠᠳᠠ ᠬᠣᠶᠠᠷ ᠰᠣᠭᠣᠳᠠᠭᠠᠳ ᠠᠪᠰᠠᠨ ᠡᠴᠡ ᠨᠢ ᠡᠷᠬᠥᠵᠦ ᠭᠠᠷᠭᠠᠪᠠ᠃ ᠰᠠᠬᠠᠯᠳᠣ ᠡᠶᠢ ᠦᠪᠣᠩ ᠬᠡᠷ ᠤᠨ ᠶᠢᠠᠨ ᠣᠨᠢ ᠡᠴᠡ ᠲᠡᠬᠥᠵᠢᠯᠡᠭ᠍ᠰᠡᠨ ᠪᠢᠴᠢᠬᠠᠨ ᠰᠠᠭᠰᠣ ᠪᠠᠨ ᠲᠠᠮᠳᠠᠷᠢᠨ ᠣᠯᠵᠣ᠂ ᠣᠷᠪᠠᠭᠣᠯᠣᠭᠰᠠᠭᠠᠷ ᠪᠠᠢ᠌ᠵᠣ ᠠᠯᠠᠭᠠᠨ ᠬᠢᠷᠢ ᠴᠤᠬᠤᠷ ᠴᠠᠭᠠᠰᠣ ᠭᠠᠷᠭᠠᠭᠠᠳ᠄

᠊᠊᠊᠊᠊᠊᠊᠊᠊᠊᠊᠊᠊᠊᠊ ᠡᠬᠥᠨ ᠢ ᠠᠪᠠᠴᠢᠵᠣ ᠰᠢᠳᠠᠭᠠᠭᠠᠳ ᠦᠨᠡᠰᠤ ᠶᠢ ᠨᠢ ᠠᠷᠢᠬᠢ ᠪᠠᠷ ᠲᠠᠷᠣᠭᠣᠯᠵᠣ ᠣᠣᠭᠣᠯᠭᠠᠴᠢᠬ᠎ᠠ ᠬᠡᠪᠡ᠃ ᠲᠠᠷᠠ ᠰᠠᠢ᠌ᠭ ᠢ ᠣᠣᠭᠣᠭᠠᠳ ᠰᠦᠨᠡᠰᠤ ᠨᠢ ᠭᠠᠷᠣᠭᠰᠠᠨ ᠨᠣ᠊ ᠱᠦᠵᠢ ᠪᠣᠰᠴᠣ ᠢᠷᠠᠪᠠ᠃

ᠨᠣ᠊ ᠱᠦᠵᠢ ᠶᠢᠨ ᠨᠢᠳᠣᠨ ᠳᠤ ᠪᠠᠢ᠌ᠨ ᠪᠠᠢ᠌ᠨ ᠴᠢᠨ᠋ᠸ᠎ᠠ ᠦᠵᠡᠭ᠍ᠳᠡᠬᠥ ᠪᠣᠯᠵᠣ᠂ ᠵᠦᠬᠡᠷ ᠰᠠᠭᠣᠵᠣ ᠪᠠᠢ᠌ᠭᠰᠠᠭᠠᠷ 《 ᠴᠢᠨ᠋ᠸ᠎ᠠ᠂ ᠴᠢᠨ᠋ᠸ᠎ᠠ︕》 ᠬᠡᠵᠦ ᠬᠦᠶᠥᠨ ᠪᠣᠰᠣᠨ᠎ᠠ᠃ 《ᠨᠣ᠊ ᠱᠦᠵᠢ ᠬᠡᠢ ᠰᠣᠯᠢᠶ᠎ᠠ ᠲᠡᠶ ᠪᠣᠯᠴᠢᠬᠠᠵᠠᠢ᠃》 ᠬᠡᠵᠦ ᠠᠢ᠌ᠯ ᠤᠨ ᠬᠦᠮᠥᠰ ᠬᠡᠯᠡᠯᠴᠡᠨ᠎ᠡ᠃ ᠨᠢᠬᠡ ᠡᠳᠣᠷ ᠲᠠᠷᠠ ᠠᠷᠪᠠ ᠲᠠᠷᠣᠳᠠᠭ ᠫᠣᠤ ᠪᠠᠨ ᠵᠦᠯᠬᠥᠵᠦ ᠲᠣᠮᠳᠠᠭᠣᠷ ᠶᠢᠠᠨ ᠰᠣᠮᠣ ᠪᠦᠰᠡᠯᠠᠬᠡᠥᠨ ᠠᠪᠠᠯᠠᠬᠣ ᠪᠠᠷ ᠭᠠᠷᠬᠣ ᠬᠡᠪᠡ᠃ ᠡᠷᠬᠡ ᠬᠠᠵᠠᠭᠣ ᠳᠤ ᠨᠢ ᠢᠷᠠᠵᠣ᠄

᠊᠊᠊᠊᠊᠊᠊᠊᠊᠊᠊᠊᠊᠊᠊ ᠲᠡᠬᠡᠷ᠎ᠡ ᠣᠳᠠᠭᠠᠨ ᠤ ᠬᠣᠮᠣᠷᠭᠠᠨ ᠳᠤ ᠴᠢᠨ᠋ᠸ᠎ᠠ ᠶᠢ ᠪᠦᠷ ᠣᠰᠠᠳᠬᠠᠵᠠᠢ᠃ ᠦᠯᠠᠳᠡᠭ᠍ᠰᠡᠨ ᠨᠢᠬᠡ ᠬᠣᠶᠠᠷ ᠨᠢ ᠴᠤ ᠰᠢᠯᠵᠢᠬᠡᠥᠨ ᠶᠠᠪᠣᠴᠢᠬᠠᠭᠰᠠᠨ ᠪᠡᠢ᠌ᠯᠬᠥᠢ︕ ᠬᠡᠵᠦ ᠬᠣᠷᠢᠭᠯᠠᠪᠠᠯ ᠨᠣ᠊ ᠱᠦᠵᠢ᠂ ᠬᠠᠷ᠎ᠠ ᠮᠣᠷᠢᠨ ᠳᠠᠭᠠᠨ ᠡᠮᠠᠬᠡᠯ ᠲᠣᠬᠣᠭᠠᠳ᠄

᠊᠊᠊᠊᠊᠊᠊᠊᠊᠊᠊᠊᠊᠊᠊ ᠬᠡᠷ ᠲᠤ ᠭᠠᠯ ᠪᠣᠤ ᠲᠠᠰᠣᠯ︕ ᠬᠡᠵᠦ ᠬᠡᠯᠡᠬᠡᠥᠨ ᠮᠣᠷᠳᠠᠪᠠ᠃

ᠲᠠᠷᠠ ᠡᠳᠣᠷ ᠨᠢ ᠨᠣ᠊ ᠱᠦᠵᠢ ᠳᠤ ᠴᠢᠨ᠋ᠸ᠎ᠠ ᠲᠠᠭᠠᠷᠠᠭᠰᠠᠨ ᠦᠭᠡᠶ ᠪᠣᠯᠪᠠᠴᠣ ᠬᠣᠨᠢᠴᠢᠨ ᠡᠪᠥᠬᠡᠨ ᠢ ᠶᠡᠬᠡ ᠰᠠᠠᠳᠣᠷᠭᠠᠭᠰᠠᠨ ᠪᠠᠢ᠌ᠯ᠎ᠠ᠃ ᠦᠳᠡ ᠶᠢᠨ ᠬᠤᠢ᠌ᠨ᠎ᠠ ᠨᠢ ᠬᠣᠨᠢᠴᠢᠨ ᠡᠪᠥᠬᠡᠨ ᠤ ᠡᠬᠡᠯᠵᠢ ᠪᠣᠯᠵᠣ᠂ ᠪᠠᠶᠠᠠᠴᠠᠭᠠᠨ ᠤ ᠵᠠᠬᠥᠨ ᠬᠤᠢ᠌ᠳᠣ ᠵᠢᠯᠠᠭ᠎ᠠ ᠪᠠᠷ ᠬᠣᠨᠢ ᠪᠠᠨ ᠪᠡᠯᠴᠢᠬᠡᠵᠦ ᠪᠠᠢ᠌ᠳᠠᠯ᠎ᠠ ᠬᠡᠨᠡᠳᠳᠡ ᠰᠥᠷᠥᠭ ᠤᠨ ᠲᠥᠷᠣᠬᠥᠨ ᠳ᠋ᠡᠬᠢ ᠢᠮᠠᠭᠠᠳ ᠲᠣᠷᠬᠢᠨ ᠵᠠᠬ᠎ᠠ ᠡᠴᠡ ᠪᠠᠨ ᠦᠷᠬᠥᠪᠡ᠃ ᠪᠣᠳᠠᠨ ᠣᠭ ᠲ᠋ᠤ ᠪᠣᠭᠵᠤᠢ᠌ᠵᠣ ᠪᠠᠢ᠌ᠭᠰᠠᠨ ᠡᠪᠥᠬᠡᠨ ᠬᠦᠶᠥᠨ ᠪᠣᠰᠴᠣ ᠦᠵᠡᠪᠡᠯ ᠴᠠᠭᠠᠨ᠎ᠠ ᠬᠢᠷ᠎ᠠ ᠲᠡᠬᠡᠷ᠎ᠡ ᠬᠣᠶᠠᠷ ᠴᠠᠢ᠌ᠪᠣᠷ ᠶᠠᠭᠣᠮ᠎ᠠ ᠨᠠᠭᠠᠰᠢ ᠪᠠᠨ ᠥᠩᠬᠡᠯᠵᠡᠵᠦ ᠪᠠᠢ᠌ᠪᠠ᠃ ᠬᠡᠬᠡᠷ᠎ᠡ ᠶᠢᠨ ᠨᠣᠬᠠᠢ ᠢᠷᠡᠭ᠍ᠰᠡᠨ ᠢ ᠮᠠᠳᠠᠵᠣ ᠡᠪᠥᠬᠡᠨ᠄ 《ᠵᠸ︕ ᠲᠦ᠋ !》 ᠬᠡᠵᠦ ᠪᠠᠷᠬᠢᠷᠠᠭᠰᠠᠨ ᠪᠣᠯᠪᠠᠴᠣ ᠰᠢᠯᠪᠢᠬᠥᠷ ᠪᠠᠷᠢᠭᠰᠠᠨ ᠭᠠᠭᠴᠠ ᠬᠦᠮᠥᠨ ᠡᠴᠡ ᠠᠶᠣᠬᠣ ᠶᠠᠩᠵᠣ ᠦᠭᠡᠶ ᠰᠢᠭᠣᠳ ᠲᠠᠭᠠᠷᠢᠭᠠᠳ ᠢᠷᠠᠯ᠎ᠠ᠃ ᠨᠢᠬᠡ ᠨᠢ ᠵᠤ᠋ ᠶᠢᠨ ᠲᠡᠬᠡᠷ᠎ᠡ ᠪᠠᠨ ᠲᠠᠯ ᠲᠡᠶ ᠰᠠᠭᠠᠷᠠᠯ ᠬᠦᠬᠡ ᠴᠢᠨ᠋ᠸ᠎ᠠ᠂ ᠨᠦᠬᠥᠬᠡ ᠨᠢ ᠬᠠᠷᠢᠨ ᠦᠪᠡᠷ ᠤᠨ ᠬᠢᠨᠢ ᠲᠡᠵᠢᠬᠡᠵᠦ ᠪᠠᠢ᠌ᠭᠰᠠᠨ ᠬᠢᠯᠠᠭᠠᠨ ᠦᠯᠥᠭᠴᠢᠨ ᠮᠦᠨ ᠪᠣᠯᠬᠣ ᠶᠢ ᠲᠠᠨᠢᠭᠠᠳ ᠡᠪᠥᠬᠡᠨ ᠤ ᠬᠤᠢ᠌ᠬ᠎ᠠ ᠶᠢᠨ ᠦᠰᠤ ᠨᠢ ᠪᠣᠰᠴᠣ᠄

᠊᠊᠊᠊᠊᠊᠊᠊᠊᠊᠊᠊᠊᠊᠊ ᠨᠢᠰᠬᠡ᠂ ᠨᠢᠰᠬᠡ︕ ᠬᠡᠵᠦ ᠴᠢᠨᠡᠬᠡ ᠮᠠᠳᠠᠨ ᠪᠠᠷᠬᠢᠷᠠᠪᠠ᠃ ᠲᠠᠷᠠ ᠨᠣᠬᠠᠢ ᠲᠣᠣᠷ᠎ᠠ ᠪᠠᠨ ᠵᠤᠭᠰᠣᠴᠢᠬᠠᠪᠠ᠃ ᠲᠠᠯᠳᠣ ᠴᠢᠨ᠋ᠸ᠎ᠠ ᠬᠠᠷᠢᠨ ᠨᠢᠬᠡ ᠢᠰᠢᠬᠡ ᠶᠢ ᠪᠠᠭᠠᠯᠵᠠᠭᠣᠷᠳᠠᠵᠣ᠂ ᠰᠢᠯᠢᠨ ᠬᠦᠵᠦᠬᠥᠨ ᠲᠡᠬᠡᠷ᠎ᠡ ᠪᠠᠨ ᠬᠠᠶᠠᠮᠠᠭᠴᠠ ᠰᠢᠯᠢ ᠲᠠᠪᠠᠨ ᠵᠢᠭᠣᠳᠠᠪᠠ᠃ ᠬᠢᠯᠠᠭᠠᠨ ᠦᠯᠥᠭᠴᠢᠨ᠂ ᠡᠵᠠᠨ ᠶᠢᠠᠨ ᠬᠢᠯᠠᠩ ᠬᠢᠯᠠᠩ ᠬᠠᠷᠠᠭᠰᠠᠭᠠᠷ ᠬᠤᠢ᠌ᠨ᠎ᠠ ᠡᠴᠡ ᠨᠢ ᠲᠠᠯᠳᠠ ᠣᠷᠣᠪᠠ᠃

ᠮᠠᠷᠭᠠᠰᠢ ᠨᠢ ᠨᠣ᠊ ᠱᠦᠵᠢ ᠬᠡᠳᠥᠨ ᠬᠦᠮᠥᠨ ᠲᠠᠭᠠᠭᠣᠯᠵᠣ᠂ ᠪᠠᠶᠠᠠᠴᠠᠭᠠᠨ ᠤ ᠠᠷᠤ ᠦᠪᠥᠷ ᠶᠢᠠᠷ ᠨᠠᠩᠵᠢᠯᠳᠠ ᠬᠢᠪᠠ᠃ ᠲᠠᠳᠠ ᠨᠠᠷᠠ ᠣᠨᠠᠳᠠᠯ᠎ᠠ ᠲᠣᠭᠣᠷᠢᠭᠰᠠᠨ ᠪᠣᠯᠪᠠᠴᠣ ᠲᠠᠯᠳᠣ ᠴᠢᠨ᠋ᠸ᠎ᠠ ᠶᠢᠨ ᠪᠠᠷ᠎ᠠ ᠶᠢ ᠬᠠᠷᠠᠭᠰᠠᠨ ᠦᠭᠡᠶ᠃ ᠢᠰᠢᠬᠡᠨ ᠤ ᠰᠡᠭ ᠢ ᠴᠤ ᠣᠯᠣᠭᠰᠠᠨ ᠦᠬᠡᠢ ᠪᠣᠴᠠᠵᠣ ᠢᠷᠠᠪᠠ᠃

ᠨᠣ᠊ ᠱᠦᠵᠢ ᠶᠠᠪᠠᠭᠠᠨ ᠶᠢᠠᠷ ᠬᠡᠬᠡᠷ᠎ᠡ ᠬᠡᠰᠦᠳᠡᠭ ᠪᠣᠯᠪᠠ᠃ ᠬᠡᠳᠥᠨ ᠡᠳᠣᠷ ᠠᠭᠣᠯᠠ ᠬᠠᠳᠠ ᠠᠪᠠᠷᠢᠵᠣ᠂ ᠨᠤᠢ᠌ᠷ ᠬᠣᠭᠣᠯᠠ ᠬᠠᠰᠣᠭᠳᠠᠭᠰᠠᠨ ᠡᠴᠠ ᠨᠢᠳᠣ ᠨᠢ ᠬᠦᠩᠬᠦᠢᠢᠵᠦ᠂ ᠴᠢᠷᠠᠢ ᠨᠢ ᠴᠢᠯᠪᠠᠢ᠌ᠵᠠᠢ᠃ ᠬᠡᠪᠡᠴᠦ ᠲᠠᠷᠠ ᠠᠳᠠ ᠣᠷᠣᠰᠢᠭᠰᠠᠨ ᠰᠢᠭ ᠡᠳᠣᠷᠵᠢᠨ 《 ᠴᠢᠨ᠋ᠸ᠎ᠠ᠂ ᠴᠢᠨ᠋ᠸ᠎ᠠ》 ᠬᠡᠬᠥ ᠪᠣᠯᠵᠣ᠂ ᠰᠦᠨᠢ ᠣᠠᠳᠠᠪᠠᠴᠣ ᠫᠣᠤ ᠪᠠᠨ ᠡᠪᠥᠷᠯᠡᠳᠡᠭ ᠪᠠᠢ᠌ᠪᠠ᠃ ᠨᠢᠬᠡ ᠡᠳᠣᠷ ᠲᠠᠷᠠ ᠪᠠᠶᠠᠠᠴᠠᠭᠠᠨ ᠤ ᠵᠠᠬᠥᠨ ᠬᠤᠢ᠌ᠳᠣ ᠵᠢᠯᠠᠭ᠎ᠠ ᠶᠢᠨ ᠪᠣᠰᠣᠭ᠎ᠠ ᠴᠢᠯᠠᠭᠣᠨ ᠤ ᠲᠣᠣᠷ᠎ᠠ ᠴᠢᠨ᠋ᠸ᠎ᠠ ᠶᠢᠨ ᠡᠬᠥᠷ ᠪᠠᠢ᠌ᠬᠣ ᠶᠢ ᠮᠠᠳᠠᠪᠠ᠃ ᠡᠬᠥᠷ ᠲᠤ ᠨᠢ ᠪᠡᠯᠳᠡᠷᠬᠡ ᠪᠠᠢ᠌ᠬᠣ ᠡᠰᠠᠬᠥ ᠶᠢ ᠮᠡᠳᠡᠬᠥ ᠦᠭᠡᠶ ᠣᠴᠢᠷ ᠰᠢᠬᠡᠪᠥᠷ ᠲᠣᠮᠳᠠ ᠪᠣᠭᠵᠤᠢ᠌ᠨ᠂ ᠴᠢᠨ᠋ᠸ᠎ᠠ ᠶᠢᠨ ᠬᠦᠳᠡᠯᠬᠡᠬᠡᠨ ᠢ ᠠᠵᠢᠭᠯᠠᠵᠣ ᠰᠠᠭᠣᠭᠰᠠᠨ ᠶᠢᠠᠨ ᠮᠥᠯᠬᠥᠵᠦ ᠮᠢᠷᠢᠶᠠᠭᠰᠠᠭᠠᠷ ᠣᠢ᠌ᠷᠠᠳᠣᠨ ᠣᠴᠢᠪᠠ᠃ ᠦᠬᠡᠷ ᠴᠢᠯᠠᠭᠣᠨ ᠤ ᠲᠠᠯᠳᠠ ᠪᠥᠭ᠍‍ᠬᠥᠨ ᠨᠦᠬᠡᠨ ᠠᠮᠠᠰᠠᠷ ᠣᠷᠣᠭᠣ ᠫᠣᠤ ᠪᠠᠨ ᠣᠨᠢᠯᠠᠵᠣ ᠪᠠᠢ᠌ᠳᠠᠯ᠎ᠠ ᠬᠠᠵᠠᠭᠣ ᠡᠴᠠ ᠨᠢ ᠲᠣᠮᠣ ᠰᠠᠭᠠᠷᠠᠯ ᠴᠢᠨ᠋ᠸ᠎ᠠ ᠭᠠᠷᠴᠣ ᠢᠷᠠᠪᠠ᠃ ᠵᠤ᠋ ᠲᠡᠬᠡᠷᠡᠬᠢ ᠲᠠᠯ ᠳᠡᠭᠡᠨ ᠪᠣᠰᠴᠣ ᠰᠥᠷᠬᠢᠨ ᠦᠰᠥᠷᠥᠮᠡᠭ᠍ᠴᠡ ᠴᠢᠯᠠᠭᠣᠨ ᠲᠠᠯᠳᠠ ᠣᠷᠣᠪᠠ᠃ ᠨᠣ᠊ ᠱᠦᠵᠢ ᠫᠣᠤ ᠪᠠᠨ ᠴᠢᠩᠭ᠎ᠠ ᠠᠳᠬᠣᠵᠣ᠂ ᠦᠬᠡᠷ ᠴᠢᠯᠠᠭᠣᠨ ᠤ ᠨᠦᠬᠥᠬᠡ ᠲᠠᠯ᠎ᠠ ᠪᠠᠷ ᠣᠴᠢᠳᠠᠯ᠎ᠠ ᠨᠢᠳᠣᠨ ᠳᠤ ᠨᠢ ᠴᠣᠯ ᠴᠠᠭᠠᠨ ᠶᠠᠭᠣᠮ᠎ᠠ ᠴᠠᠢ᠌ᠯᠠᠰᠬᠢᠨ ᠦᠵᠡᠭ᠍ᠳᠡᠵᠦ ᠦᠬᠡᠳᠡ ᠡᠴᠡ ᠨᠢ ᠴᠣᠷᠤᠢ᠌ᠭᠠᠳ ᠢᠷᠡᠬᠥ ᠳᠤ ᠲᠡᠬᠥᠨ ᠤ ᠨᠢᠳᠣ ᠨᠢ ᠬᠠᠷᠠᠯᠠᠵᠣ᠂ ᠭᠠᠷ ᠨᠢ ᠴᠠᠴᠠᠷᠬᠢᠯᠠᠵᠣ ᠪᠠᠢ᠌ᠭᠰᠠᠭᠠᠷ ᠫᠣᠤ ᠪᠠᠨ ᠠᠯᠳᠠᠪᠠ᠃ ᠲᠠᠷᠠ ᠰᠦᠨᠢ ᠶᠢᠨ ᠰᠢᠬᠡᠬᠥ ᠪᠠᠷ ᠭᠠᠷᠬᠣ ᠳᠤ ᠨᠢ ᠲᠠᠭᠠᠷᠠᠯᠳᠣᠭᠰᠠᠨ ᠪᠣᠰᠣᠭ᠎ᠠ ᠴᠠᠭᠠᠨ ᠴᠢᠳᠬᠥᠷ ᠶᠠᠭ ᠮᠦᠨ᠃ ᠲᠡᠬᠥᠨ ᠤ ᠤᠬᠠᠭ᠎ᠠ ᠪᠠᠯᠠᠷᠠᠵᠣ ᠪᠠᠷᠬᠢᠷᠠᠬᠣ ᠰᠡᠬᠡᠬᠡ ᠴᠤ ᠪᠠᠢ᠌ᠭᠰᠠᠨ ᠦᠭᠡᠶ᠃    ᠦᠬᠡᠳᠡ ᠡᠴᠡ ᠨᠢ ᠬᠢᠯᠠᠭᠠᠨ ᠦᠯᠥᠭᠴᠢᠨ ᠴᠣᠷᠤᠢ᠌ᠨ ᠤᠢ᠌ᠷᠠᠳᠬᠣ ᠳᠤ ᠠᠷᠤ ᠳᠤ ᠨᠢ ᠲᠠᠯᠳᠣ ᠴᠢᠨ᠋ᠸ᠎ᠠ ᠬᠣᠷᠴᠠ ᠰᠢᠳᠣ ᠪᠠᠨ ᠢᠷᠵᠠᠢ᠌ᠯᠭᠠᠵᠣ ᠦᠰᠥᠷᠬᠥ ᠪᠠᠷ ᠪᠠᠵᠠᠭᠠᠪᠠ᠃ ᠶᠠᠭ ᠡᠨᠠ ᠦᠶᠡᠰ ᠬᠣᠯᠠ ᠡᠴᠡ ᠨᠢᠬᠡ ᠬᠦᠮᠥᠨ᠄

᠊᠊᠊᠊᠊᠊᠊᠊᠊᠊᠊᠊᠊᠊᠊ ᠨᠢᠰᠬᠡ᠂ ᠨᠢᠰᠬᠡ︕ ᠬᠡᠵᠦ ᠲᠠᠭᠣᠳᠠᠬᠣ ᠰᠣᠨᠣᠰᠳᠠᠪᠠ᠃ ᠭᠠᠶᠠ᠂ ᠰᠢᠯᠪᠢᠬᠥᠷ ᠶᠢᠠᠨ ᠪᠠᠷᠢᠭᠰᠠᠭᠠᠷ ᠣᠨᠠᠵᠣ ᠲᠣᠰᠣᠨ ᠬᠦᠶᠥᠵᠦ ᠪᠠᠢ᠌ᠨ᠎ᠠ᠃ ᠭᠠᠶᠠ ᠶᠢᠨ ᠪᠠᠷᠬᠢᠷᠠᠬᠣ ᠶᠢ ᠰᠣᠨᠣᠰᠣᠭᠠᠳ ᠬᠢᠯᠠᠭᠠᠨ ᠦᠯᠥᠭᠴᠢᠨ ᠣᠬᠣᠷᠢᠵᠣ᠂ ᠲᠠᠯᠳᠣ ᠴᠢᠨ᠋ᠸ᠎ᠠ ᠴᠤ ᠠᠯᠮᠠᠢ᠌ᠷᠠᠪᠠ᠃

᠊᠊᠊᠊᠊᠊᠊᠊᠊᠊᠊᠊᠊᠊᠊ ᠨᠢᠰᠬᠡ᠂ ᠬᠣᠷᠳᠣᠨ ᠵᠠᠢ᠌ᠯᠠ︕ ᠬᠡᠵᠦ ᠭᠠᠶᠠ ᠬᠦᠶᠥᠬᠥ ᠲᠣᠮᠳᠠ ᠪᠠᠨ ᠪᠠᠷᠬᠢᠷᠠᠨ᠎ᠠ᠃ ᠨᠣ᠊ ᠱᠦᠵᠢ ᠰᠡᠬᠡᠬᠡ ᠣᠷᠣᠵᠣ᠂ ᠠᠯᠳᠠᠭᠰᠠᠨ ᠫᠣᠤ ᠪᠠᠨ ᠰᠢᠬᠥᠷᠡᠮᠡᠭ᠍ᠴᠡ ᠦᠰᠥᠷᠬᠥ ᠪᠠᠷ ᠪᠡᠯᠡᠳᠬᠡᠭ᠍ᠰᠡᠨ ᠲᠠᠯᠳᠣ ᠴᠢᠨ᠋ᠸ᠎ᠠ ᠶᠢ ᠣᠨᠢᠯᠠᠨ ᠭᠣᠬᠠᠳᠠᠬᠣ ᠳᠤ ᠦᠬᠡᠷ ᠴᠢᠯᠠᠭᠣ ᠶᠢ ᠲᠣᠷᠬᠢᠳᠠᠯ᠎ᠠ ᠲᠣᠣᠭᠠᠷᠬᠣ ᠫᠣᠤ ᠶᠢᠨ ᠲᠠᠭᠣᠨ ᠤ ᠲᠣᠮᠳᠠ ᠲᠠᠷᠠ ᠴᠢᠨ᠋ᠸ᠎ᠠ ᠬᠡᠲᠦ ᠪᠦᠮᠪᠥᠷᠢᠬᠡᠥᠨ ᠨᠠᠪᠳᠠᠰᠬᠢᠨ ᠣᠨᠠᠪᠠ᠃ ᠲᠠᠬᠢᠨ ᠣᠷᠪᠠᠭᠠᠳ ᠬᠠᠠᠳᠣᠳᠠᠯ᠎ᠠ ᠬᠢᠯᠠᠭᠠᠨ ᠦᠯᠥᠭᠴᠢᠨ ᠨᠢᠬᠡᠠᠳᠡ ᠴᠢᠯᠠᠭᠣᠨ ᠤ ᠲᠠᠯᠳᠠ ᠣᠷᠣᠵᠣ ᠪᠠᠷ᠎ᠠ ᠰᠣᠷᠠᠭ ᠦᠭᠡᠶ ᠪᠣᠯᠴᠢᠬᠠᠭᠰᠠᠨ ᠪᠠᠢ᠌ᠯ᠎ᠠ᠃

ᠭᠠᠶᠠ ᠲᠡᠬᠡᠷ᠎ᠡ ᠲᠡᠬᠡᠷ᠎ᠡ ᠠᠮᠢᠰᠬᠣᠭᠠᠳᠠᠭᠰᠠᠭᠠᠷ ᠨᠣ᠊ ᠱᠦᠵᠢ ᠶᠢᠨ ᠲᠡᠷᠬᠡᠳᠡ ᠬᠦᠶᠥᠵᠦ ᠢᠷᠠᠪᠠ᠃ ᠨᠣ᠊ ᠱᠦᠵᠢ ᠠᠮᠢ ᠮᠠᠠᠳᠣ ᠭᠠᠷᠣᠭᠰᠠᠨ ᠶᠢᠠᠨ ᠰᠠ‍‌ᠶᠢ ᠯᠠ ᠣᠬᠠᠭᠠᠷᠠᠵᠣ ᠬᠦᠨ ᠨᠢᠬᠡ ᠠᠮᠢᠰᠬᠣᠪᠠ᠃ ᠲᠠᠳᠠ ᠬᠣᠶᠠᠭᠣᠯᠠ ᠦᠬᠡᠷ ᠴᠢᠯᠠᠭᠣᠨ ᠤ ᠡᠩᠬᠡᠷ ᠲᠠᠮᠠᠬᠢᠯᠠᠨ᠂ ᠦᠬᠡ ᠲᠠᠭᠣ ᠦᠭᠡᠶ ᠨᠠᠯᠢᠶᠠᠳ ᠰᠠᠭᠣᠪᠠ᠃ ᠭᠠᠶᠠ ᠪᠣᠰᠴᠣ ᠬᠣᠨᠢᠨ ᠳᠠᠭᠠᠨ ᠶᠠᠪᠣᠬᠣ ᠬᠡᠳᠡᠯ᠎ᠡ ᠨᠣ᠊ ᠱᠦᠵᠢ ᠲᠡᠬᠥᠨ ᠢ ᠵᠤᠭᠰᠣᠭᠠᠵᠣ᠄

᠊᠊᠊᠊᠊᠊᠊᠊᠊᠊᠊᠊᠊᠊᠊ ᠭᠠᠶᠠ᠂ ᠴᠢ ᠨᠠᠳᠠ ᠬᠣᠷᠣᠰᠴᠣ ᠪᠡᠢ᠌ᠯᠬᠥᠢ᠂ ᠬᠡᠪᠡᠴᠦ ᠨᠠᠳᠠ ᠦᠬᠡᠷ᠎ᠡ ᠠᠷᠭ᠎ᠠ ᠦᠭᠡᠶ᠃

᠊᠊᠊᠊᠊᠊᠊᠊᠊᠊᠊᠊᠊᠊᠊ ᠨᠣᠬᠠᠳᠠᠢ᠂ ᠪᠢ ᠴᠢᠮ᠎ᠠ ᠳᠤ ᠭᠣᠮᠣᠳᠠᠬᠣ ᠦᠭᠡᠶ ᠪᠢ ᠬᠡᠨ ᠳᠤ ᠴᠤ ᠭᠣᠮᠣᠳᠠᠬᠣ ᠦᠭᠡᠶ ᠬᠡᠥᠨ ᠭᠠᠶᠠ ᠬᠣᠨᠢᠨ ᠤ ᠪᠠᠨ ᠬᠤᠢ᠌ᠨ᠎ᠠ ᠡᠴᠠ ᠶᠠᠪᠣᠪᠠ᠃

᠊᠊᠊᠊᠊᠊᠊᠊᠊᠊᠊᠊᠊᠊᠊ ᠡᠨᠠ ᠰᠦᠨᠢ ᠬᠣᠶᠠᠭᠣᠯᠠ ᠡᠬᠡ ᠶᠢᠨ ᠣᠩᠭ᠋ᠣᠨ ᠲᠡᠬᠡᠷ᠎ᠡ ᠣᠴᠢᠶ᠎ᠠ︕ ᠬᠡᠵᠦ ᠨᠣᠬᠠᠳᠠᠢ ᠬᠤᠢ᠌ᠨ᠎ᠠ ᠡᠴᠡ ᠨᠢ ᠪᠠᠷᠬᠢᠷᠠᠪᠠ᠃

ᠲᠠᠷᠠ ᠰᠦᠨᠢ ᠬᠦᠮᠥᠰ ᠤᠨ ᠬᠦᠯ ᠬᠣᠷᠢᠶᠠᠭᠳᠠᠭᠰᠠᠨ ᠤ ᠲᠠᠷᠠᠭ᠎ᠠ ᠬᠡᠣᠬᠡᠥᠨ ᠤᠨ ᠣᠪᠣᠭᠠᠨ ᠤ ᠡᠩᠬᠡᠷ ᠪᠠᠢ᠌ᠭ᠎ᠠ ᠣᠩᠭ᠋ᠣᠨ ᠤ ᠲᠡᠷᠬᠡᠳᠡ ᠬᠣᠶᠠᠷ ᠬᠦᠮᠥᠨ ᠣᠴᠢᠵᠣ᠂ ᠣᠳᠠᠭᠠᠨ ᠰᠠᠭᠣᠭᠠᠳ ᠪᠣᠴᠠᠭᠰᠠᠨ ᠢ ᠲᠣᠭ ᠨᠤᠢ᠌ᠷ ᠲᠠᠭᠠᠨ ᠪᠠᠢ᠌ᠭᠰᠠᠨ ᠠᠢ᠌ᠯ ᠤᠨ ᠬᠦᠮᠥᠰ ᠬᠡᠨ ᠨᠢ ᠴᠤ ᠮᠡᠳᠡᠭ᠍ᠰᠡᠨ ᠦᠭᠡᠶ᠃

ᠬᠡᠬᠡ ᠣᠷᠣᠬᠣ ᠦᠶ᠎ᠡ ᠪᠠᠷ ᠭᠠᠶᠠ ᠵᠠᠬᠥᠳᠥᠯᠠᠬᠡᠥᠨ ᠰᠠᠷᠠᠪᠠ᠃ ᠵᠠᠬᠥᠳᠥᠨ ᠳᠤ ᠨᠢ ᠰᠠᠬᠠᠯᠳᠣ ᠡᠶᠢ ᠬᠡᠷ ᠲᠤ ᠨᠢ ᠣᠷᠣᠵᠣ ᠢᠷᠡᠬᠡᠥᠨ᠄ 《ᠵᠠ᠂ ᠡᠶᠢ ᠨᠢ ᠶᠠᠪᠣᠬᠣ ᠴᠠᠭ ᠲᠣᠯᠴᠢᠬᠠᠯ᠎ᠠ᠃ ᠬᠦᠤ ᠮᠢᠨᠢ ᠰᠠᠢ᠌ᠨ ᠰᠠᠭᠣᠵᠣ ᠪᠠᠢ ᠳ᠋‍ᠠ︕》 ᠬᠡᠵᠦ ᠬᠡᠯᠡᠬᠡᠥᠨ ᠭᠠᠷᠴᠣ ᠶᠠᠪᠣᠭᠰᠠᠨ᠃ ᠡᠨᠠ ᠡᠶᠢ ᠬᠠᠮᠢᠭ᠎ᠠ ᠶᠠᠪᠣᠬᠣ ᠬᠡᠰᠡᠨ ᠪᠣᠯ︖ ᠬᠡᠵᠦ ᠭᠠᠶᠠ ᠰᠠᠶᠢ ᠶᠢᠨ ᠵᠠᠬᠥᠲᠦ ᠪᠠᠨ ᠡᠷᠬᠢᠴᠡᠬᠥᠯᠵᠦ ᠪᠠᠢ᠌ᠭᠰᠠᠭᠠᠷ ᠬᠡᠨᠡᠳᠳᠡ ᠰᠡᠬᠡᠰᠬᠢᠨ᠄

ᠰᠠᠬᠠᠯᠳᠣ ᠡᠶᠢ ᠦᠬᠥᠴᠢᠬᠡᠵᠡᠢ︕ ᠬᠡᠵᠦ ᠲᠦᠲᠦᠨᠡᠨ ᠬᠦᠶᠥᠨ ᠪᠣᠰᠪᠠ᠃

ᠰᠠᠬᠠᠯᠳᠣ ᠡᠶᠢ ᠦᠨᠡᠬᠡᠷ ᠠᠮᠢᠰᠭᠣᠭ᠎ᠠ ᠬᠣᠷᠢᠶᠠᠴᠢᠬᠠᠭᠰᠠᠨ ᠪᠠᠢ᠌ᠯ᠎ᠠ᠃ ᠠᠪᠰᠠᠨ ᠲᠣᠯᠣᠭᠠᠢ ᠶᠢᠨ ᠬᠠᠵᠠᠭᠣ ᠳᠤ ᠱᠥᠯᠥᠨ ᠲᠣᠰᠣᠨ ᠳ᠋ᠸᠩ ᠰᠡᠬᠥᠳᠡᠬᠡᠨᠡᠨ᠂ ᠬᠡᠪᠳᠡᠬᠡ ᠠᠪᠰᠠᠨ ᠲᠣᠳᠣᠷᠠᠬᠢ ᠶᠢ ᠪᠦᠷᠥᠭ ᠪᠠᠷᠣᠭ ᠬᠡᠷᠡᠯᠲᠦᠬᠥᠯᠦᠨ᠎ᠠ᠃ ᠰᠠᠬᠠᠯᠳᠣ ᠡᠶᠢ ᠠᠪᠰᠠᠨ ᠲᠣᠳᠣᠷ᠎ᠠ ᠪᠠᠨ ᠲᠡᠬᠡᠭ᠍ᠰᠢ ᠬᠠᠷᠠᠨ ᠬᠡᠪᠳᠡᠵᠦ᠂ ᠨᠢᠭᠣᠷ ᠴᠢᠷᠠᠢ ᠳᠤ ᠨᠢ ᠣᠳᠠᠭᠠᠨ ᠰᠠᠭᠣᠭᠠᠳ ᠣᠢ᠌ᠳᠬᠣ ᠳᠠᠭᠠᠨ᠄ 《ᠵᠠ᠂ ᠶᠠᠪᠣᠶ᠎ᠠ︕》 ᠬᠡᠰᠡᠨ ᠲᠦᠯᠦᠪ ᠢᠯᠠᠷᠠᠵᠣ ᠪᠠᠢ᠌ᠯ᠎ᠠ᠃ ᠲᠠᠷᠠ ᠦᠪᠡᠷ ᠶᠢᠠᠨ ᠲᠠᠷᠢ ᠲᠡᠭ᠍ᠰᠢ ᠬᠣᠪᠴᠠᠯᠠᠨ ᠲᠡᠬᠡᠬᠥᠷ ᠶᠢᠠᠨ ᠭ᠍ᠬᠢᠷ ᠬᠦᠷᠥᠬᠡ ᠦᠭᠡᠶ ᠴᠠᠭᠠᠨ ᠪᠦᠰ ᠶᠢᠠᠷ ᠬᠣᠴᠢᠵᠣ᠂ ᠵᠦᠪᠬᠡᠨ ᠠᠪᠰᠠᠨ ᠠᠮᠠᠰᠠᠷ ᠢ ᠲᠠᠷᠣᠬᠣ ᠣᠴᠢᠷ ᠯᠠ ᠲᠣᠳᠠᠵᠣ ᠪᠠᠢ᠌ᠯ᠎ᠠ᠃

ᠨᠢᠬᠡᠳᠥᠯ ᠡᠴᠡ ᠡᠷᠣᠬᠡ ᠶᠢᠨ ᠴᠡᠷᠢᠭ᠌ ᠤᠨ ᠫᠣᠤ ᠶᠢ ᠬᠣᠷᠢᠶᠠᠨ ᠠᠪᠬᠣ ᠵᠠᠷᠯᠢᠭ ᠢᠷᠠᠪᠠ᠃ ᠬᠦᠮᠥᠨ ᠤ ᠬᠡᠯᠡᠯᠴᠡᠬᠡ ᠪᠠᠷ ᠨᠢᠬᠡᠳᠥᠯ ᠤᠨ ᠰᠣᠮᠣ ᠲᠠᠷᠢ ᠶᠢᠨ ᠬᠦᠮᠥᠷᠬᠡ ᠳᠤ ᠭᠠᠯ ᠣᠷᠣᠵᠣ᠂ ᠬᠣᠶᠠᠷ ᠮᠢᠨ᠎ᠠ ᠲᠠᠯᠪᠠᠷᠠᠨ᠂ ᠪᠠᠰᠠ ᠨᠢᠬᠡ ᠶᠡᠬᠡ ᠫᠣᠤ ᠶᠢᠨ ᠰᠣᠮᠣ ᠨᠢ ᠬᠡᠷᠡᠮ ᠤᠨ ᠭᠠᠳᠠᠨ᠎ᠠ ᠰᠠᠵᠢᠭᠳᠠᠵᠣ ᠣᠴᠢᠭᠰᠠᠨ ᠪᠣᠯᠪᠠᠴᠣ ᠲᠡᠯᠪᠡᠷᠡᠭ᠍ᠰᠡᠨ ᠦᠭᠡᠶ᠂ ᠡᠪᠠᠰᠣᠨ ᠲᠣᠮᠳᠠ ᠬᠦᠯᠳᠡᠢ᠌ᠨ ᠬᠡᠪᠳᠡᠵᠦ ᠪᠠᠢ᠌ᠯ᠎ᠠ ᠬᠡᠬᠥ ᠶᠣᠮ᠃ ᠵᠠᠷᠢᠮ ᠨᠢ᠄ 《ᠬᠦᠳᠡᠬᠡ ᠭᠠᠳᠠᠭ᠎ᠠ ᠦᠭᠡᠶ ᠫᠣᠤ ᠰᠣᠮᠣ ᠪᠠᠷ ᠶᠠᠭᠣ ᠬᠢᠨ᠎ᠠ︖ ᠬᠣᠷᠢᠶᠠᠬᠣ ᠨᠢ ᠲᠠᠭᠠᠷᠠᠨ᠎ᠠ》 ᠬᠡᠵᠡᠬᠡᠵᠦ ᠪᠠᠢ᠌ᠯ᠎ᠠ᠃

ᠡᠷᠣᠬᠡ ᠶᠢᠨ ᠴᠡᠷᠢᠭ᠌ ᠤᠨ ᠫᠣᠤ ᠰᠣᠮᠣ ᠶᠢ ᠬᠣᠷᠢᠶᠠᠨ ᠠᠪᠴᠣ ᠠᠪᠳᠠᠷᠠᠯᠠᠭᠠᠳ ᠨᠢᠬᠡᠳᠥᠯ ᠳᠤ ᠬᠦᠷᠬᠡᠬᠥ ᠪᠠᠷ ᠪᠡᠯᠡᠳᠬᠡᠵᠦ ᠪᠠᠢ᠌ᠳᠠᠯ᠎ᠠ ᠲᠡᠬᠡᠷ᠎ᠡ ᠡᠴᠡ ᠨᠣ᠊ ᠱᠦᠵᠢ ᠶᠢ ᠠᠵᠢᠯ ᠰᠢᠯᠵᠢᠬᠥᠯᠬᠥ ᠪᠢᠴᠢᠭ᠌ ᠢᠷᠠᠪᠠ᠃ ᠨᠣ᠊ ᠱᠦᠵᠢ ᠣᠪᠣᠭ᠎ᠠ ᠠᠢ᠌ᠯ ᠡᠴᠡ ᠶᠠᠪᠣᠬᠣ ᠪᠣᠯᠣᠯ᠎ᠠ᠃ ᠲᠠᠷᠠ ᠡᠳᠣᠷ᠂ ᠨᠣ᠊ ᠱᠦᠵᠢ ᠬᠠᠷ᠎ᠠ ᠮᠣᠷᠢ ᠪᠠᠨ ᠣᠨᠣᠵᠣ᠂ ᠫᠣᠤ ᠰᠣᠮᠣ ᠲᠡᠬᠡᠬᠡᠭ᠍ᠰᠡᠨ ᠦᠬᠡᠷ ᠲᠡᠷᠬᠡ ᠶᠢ ᠭᠠᠶᠠ ᠪᠠᠷᠢᠭᠠᠳ ᠠᠷᠤ ᠳ᠋ᠤᠨᠢ ᠪᠠᠰᠠ ᠬᠣᠶᠠᠷ ᠡᠷᠣᠬᠡ ᠶᠢᠨ ᠴᠡᠷᠢᠭ᠌ ᠶᠠᠪᠠᠭᠠᠨ ᠶᠢᠠᠷ ᠲᠠᠭᠠᠭᠰᠠᠨ ᠡᠢ᠌ᠮᠣ ᠨᠢᠬᠡ ᠴᠣᠪᠣᠭ᠎ᠠ᠂ ᠣᠪᠣᠭ᠎ᠠ ᠠᠢ᠌ᠯ ᠡᠴᠡ ᠨᠢᠬᠡᠳᠥᠯ ᠢ ᠴᠢᠭ᠍ᠯᠡᠭ᠍ᠰᠡᠨ ᠰᠢᠷ᠎ᠠ ᠵᠠᠮ ᠶᠢᠠᠷ ᠴᠣᠪᠣᠷᠠᠯᠳᠣᠨ ᠭᠠᠷᠣᠯ᠎ᠠ᠃ ᠦᠷᠪᠥᠰ ᠦᠷᠪᠥᠰ ᠰᠠᠯᠬᠢᠨ ᠵᠠᠮ ᠤᠨ ᠲᠣᠭᠣᠰᠣ ᠶᠢ ᠬᠦᠳᠡᠯᠬᠡᠨ᠎ᠡ᠃ ᠨᠣ᠊ ᠱᠦᠵᠢ ᠨᠣᠭᠳᠣᠨ ᠴᠣᠯᠪᠣᠭᠣᠷ ᠤᠨ ᠦᠵᠦᠬᠥᠷ ᠶᠢᠠᠷ ᠮᠣᠷᠢ ᠪᠠᠨ ᠰᠢᠷᠪᠢᠨ ᠬᠡᠲᠦ ᠲᠣᠭᠰᠢᠭᠣᠯᠪᠠᠯ ᠲᠠᠬᠢᠭᠠᠳ ᠵᠢᠯᠣᠭᠣ ᠪᠠᠨ ᠲᠠᠳᠠᠵᠣ ᠠᠷᠤ ᠶᠢᠨ ᠬᠦᠮᠥᠨ ᠶ᠋‍ᠢᠠᠨ ᠬᠦᠯᠢᠶᠡᠨ᠎ᠡ᠃ ᠭᠠᠶᠠ᠂ ᠦᠬᠡᠷ ᠲᠡᠷᠬᠡᠨ ᠤ ᠵᠦᠪᠳᠡᠢ ᠲᠠᠯ᠎ᠠ ᠳᠤ ᠠᠷᠠᠯᠳᠠᠵᠣ ᠰᠠᠭᠣᠭᠠᠳ ᠬᠣᠩᠭ᠋ᠤ ᠡᠪᠠᠷᠳᠠᠢ ᠬᠠᠯᠢᠭᠣᠨ ᠦᠬᠡᠷ ᠢ ᠪᠠᠢ᠌ᠨ ᠪᠠᠢ᠌ᠨ 《ᠴᠦᠬᠥ᠂ ᠴᠦᠬᠥ︕》 ᠬᠡᠵᠦ ᠰᠢᠪᠳᠠᠬᠣ ᠳᠤ ᠲᠠᠷᠠ ᠦᠬᠡᠷ ᠬᠡᠲᠦ ᠰᠢᠯᠢᠪᠠᠯᠵᠠᠪᠠᠯ ᠲᠠᠬᠢᠭᠠᠳ ᠯᠠ ᠭᠤᠢ᠌ᠭᠣᠷᠠᠵᠣ ᠡᠬᠢᠯᠡᠬᠥ ᠳᠤ ᠬᠣᠶᠠᠷ ᠡᠷᠣᠬᠡ ᠶᠢᠨ ᠴᠡᠷᠢᠭ᠌᠄

᠊᠊᠊᠊᠊᠊᠊᠊᠊᠊᠊᠊᠊᠊᠊ ᠠᠭᠠᠵᠢᠭᠣ ᠶᠠᠪᠣᠭ ᠴᠠᠭᠠᠰᠢ︕ ᠨᠢᠬᠡᠳᠥᠯ ᠳᠤ ᠨᠠᠷᠠ ᠲᠡᠶ ᠣᠷᠣᠪᠠᠯ ᠪᠣᠯᠣᠯ᠎ᠠ ᠬᠡᠵᠦ ᠶᠠᠪᠣᠭᠣᠳᠠ ᠲᠣᠮᠳᠠ ᠪᠠᠨ ᠲᠠᠮᠠᠬᠢ ᠪᠠᠨ ᠣᠷᠢᠶᠠᠵᠣ ᠨᠣᠴᠣᠭᠠᠵᠣ ᠵᠠᠪᠳᠣᠨ᠎ᠠ᠃

ᠵᠤᠬᠢᠶᠠᠭᠴᠢ᠄ ᠬᠠᠷᠭᠤᠢ
ᠳᠠᠷᠤᠮ᠄ 21438
ᠴᠠᠭ᠄ 2005 ᠤᠨ ᠤ 08 ᠰᠠᠷ᠎ᠠ ᠶᠢᠨ 09
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ