ᠨᠡᠪᠲᠡᠷᠡᠨ ᠤᠷᠤᠬᠤ
ᠲᠤᠯᠤᠭ᠎ᠠ ᠂ ᠳᠡᠭᠡᠷᠡᠮ ᠤᠨ ᠳᠦᠷᠦᠬᠦᠦ

ᠴᠡᠷᠢᠭ᠌ ᠤᠨ ᠲᠣᠭᠣᠰᠣ ᠲᠠᠷᠣᠭᠳᠠᠪᠠ᠃ ᠡᠳᠣᠷ ᠬᠣᠨᠣᠭ ᠨᠠᠳᠠ ᠣᠢ᠌ᠳᠬᠠᠷᠳᠠᠢ ᠰᠠᠨᠠᠭᠳᠠᠵᠣ ᠪᠠᠢ᠌ᠯ᠎ᠠ᠃ ᠨᠢᠴᠢᠭ᠌‍ᠮ᠎ᠠ᠂ ᠨᠢᠩᠪᠣ ᠵᠢ ᠲᠠᠭᠠᠭᠠᠳ ᠶᠠᠪᠣᠴᠢᠬᠠᠪᠠ᠃ ᠡᠵᠢ ᠴᠤ ᠨᠠᠮᠢ᠋ᠢ ᠬᠠᠶᠠᠭᠠᠳ ᠲᠠᠷᠠ ᠬᠥ ᠦᠨᠢᠳᠡ ᠶᠢᠨ ᠠᠮᠣᠷᠯᠢᠩᠭ᠋ᠣᠢ ᠣᠷᠣᠨ ᠳᠠᠭᠠᠨ ᠶᠠᠪᠣᠴᠢᠬᠠᠪᠠ᠃ ᠪᠢ ᠪᠠᠢ᠌ᠨ ᠪᠠᠢ᠌ᠨ ᠨᠣᠬᠠᠳᠠᠢ ᠶᠢ ᠰᠠᠨᠠᠭᠠᠨ ᠳᠤ ᠣᠷᠣᠳᠠᠭ ᠪᠠᠢ᠌ᠯ᠎ᠠ᠃ ᠨᠣᠬᠠᠳᠠᠢ᠂ ᠡᠪᠥᠬᠡ ᠪᠠᠨ ᠲᠠᠭᠠᠭᠠᠳ ᠬᠠᠮᠢᠭ᠎ᠠ ᠶᠠᠪᠣᠴᠢᠬᠠᠭᠰᠠᠨ ᠪᠣᠯ︖ ᠬᠡᠨᠡᠳᠳᠡ ᠨᠢᠬᠡ ᠡᠳᠣᠷ ᠲᠠᠷᠠ ᠬᠥ ᠡᠯᠵᠢᠬᠡᠨ ᠲᠡᠷᠬᠡᠨ  ᠳᠡᠭᠡᠨ ᠰᠠᠭᠣᠭᠠᠳ ᠢᠷᠡᠳᠡᠭ ᠴᠤ ᠪᠣᠯ ᠦᠦ︖ ᠬᠡᠵᠦ ᠪᠣᠳᠣᠬᠣ ᠳᠠᠭᠠᠨ ᠨᠠᠭᠠᠳᠴᠣ ᠪᠠᠢ᠌ᠭᠰᠠᠨ ᠭᠣᠣᠯ ᠤᠨ ᠲᠣᠬᠣᠢ᠂ ᠳ᠋ᠠᠨᠳᠠᠷ ᠠᠯᠠᠭ ᠪᠣᠶᠣ ᠣᠰᠣᠨ ᠬᠣᠷᠯᠣ ᠶᠢᠨ ᠦᠨᠳᠡᠬᠡ ᠪᠠᠢ᠌ᠳᠠᠭ ᠵᠠᠢ᠌ᠷ ᠴᠢᠯᠠᠭᠣᠨ ᠲᠡᠬᠡᠬᠥᠷ ᠡᠷᠬᠢᠴᠠᠵᠣ ᠦᠵᠡᠳᠡᠭ ᠰᠠᠨ᠃ ᠨᠡᠬᠥ ᠶᠠᠪᠣᠭᠰᠠᠨ ᠤ ᠲᠠᠷᠠᠭᠠᠬᠠᠨ ᠨᠢᠬᠡ ᠡᠳᠣᠷ ᠪᠢ ᠬᠡᠣᠬᠡᠥᠨ ᠤᠨ ᠣᠪᠣᠭᠠᠨ ᠲᠡᠬᠡᠷ᠎ᠡ ᠭᠠᠷᠪᠠ᠃ ᠣᠪᠣᠭᠠᠨ ᠤ ᠭᠣᠣᠯ ᠣᠷᠣᠢ ᠲᠡᠬᠡᠷ᠎ᠡ ᠨᠡᠬᠥ ᠶᠢᠨ ᠬᠠᠶᠠᠵᠣ ᠶᠠᠪᠣᠭᠰᠠᠨ ᠡᠪᠳᠡᠷᠬᠡᠢ ᠲᠠᠩᠺ ᠪᠠᠢ᠌ᠯ᠎ᠠ᠃ ᠡᠮᠣᠨ᠎ᠠ ᠪᠠᠨ ᠣᠷᠳᠣ ᠫᠣᠤ ᠭᠣᠵᠤᠢ᠌ᠯᠭᠠᠭᠰᠠᠨ ᠲᠣᠮᠣ ᠬᠠᠷ᠎ᠠ ᠲᠠᠮᠣᠷ ᠮᠠᠩᠰᠢᠭᠣᠷᠠᠨ ᠣᠠᠳᠠᠵᠣ ᠪᠠᠢ᠌ᠭ᠎ᠠ ᠠᠷᠢᠶᠠᠳᠠᠨ ᠰᠢᠭ ᠬᠦᠯᠳᠡᠢ᠌ᠨ ᠬᠡᠪᠳᠡᠨ᠎ᠡ᠃ ᠭᠠᠭᠴᠠᠭᠠᠷ ᠪᠤᠯᠬᠤᠷ ᠪᠢ ᠰᠥᠷᠳᠡᠬᠡᠥᠨ ᠵᠠᠬ᠎ᠠ ᠳᠤ ᠨᠢ ᠣᠴᠢᠭᠰᠠᠨ ᠦᠭᠡᠶ᠃ ᠮᠠᠷᠭᠠᠰᠢ ᠨᠢ ᠲᠠᠬᠢᠭᠠᠳ ᠤᠴᠢᠬᠤ ᠳᠤ ᠠᠯᠢᠶ᠎ᠠ ᠢᠰᠢᠬᠡ ᠨᠣᠭᠦᠳ ᠲᠡᠬᠡᠬᠥᠷ ᠲᠣᠣᠭᠣᠷ ᠨᠢ ᠲᠣᠭᠯᠠᠵᠣ᠂ ᠬᠣᠨᠢᠳ ᠰᠡᠬᠥᠳᠡᠷ ᠲᠤ ᠨᠢ ᠲᠣᠯᠣᠭᠠᠢ ᠪᠠᠨ ᠰᠢᠭᠠᠨ ᠵᠤᠭᠰᠣᠵᠣ ᠪᠠᠢ᠌ᠪᠠ᠃ ᠪᠢ ᠵᠤᠷᠢᠭ ᠣᠷᠣᠵᠣ ᠭᠠᠳᠠᠭᠣᠷ ᠨᠢ ᠨᠢᠬᠡ ᠲᠣᠭᠣᠷᠢᠭᠠᠳ ᠡᠬᠥᠳᠡ ᠶᠢ ᠨᠢ ᠣᠯᠣᠭᠰᠠᠨ ᠦᠭᠡᠶ᠃ ᠠᠷᠠᠭᠠᠳᠣ ᠬᠦᠷᠳᠥᠨ ᠲᠡᠬᠡᠷ᠎ᠡ ᠨᠢ ᠭᠠᠷᠴᠣ ᠲᠡᠬᠡᠭ᠍ᠰᠢ ᠦᠨᠳᠡᠢ᠌ᠨ ᠦᠵᠡᠪᠡᠯ ᠣᠷᠣᠢ ᠲᠡᠬᠡᠷ᠎ᠡ ᠡᠴᠠ ᠨᠢ ᠲᠣᠷᠣᠭᠰᠢ ᠪᠠᠭᠣᠬᠣ ᠡᠬᠥᠳᠡ ᠨᠢ ᠵᠢᠭᠠᠬᠠᠨ ᠵᠠᠪᠰᠠᠷᠯᠠᠭᠳᠠᠵᠣ᠂ ᠬᠦᠠᠳᠡᠢ ᠬᠠᠷᠠᠩᠭ᠋ᠣᠢ ᠨᠦᠬᠡ ᠣᠩᠭ᠋ᠤᠢ᠌ᠵᠣ ᠪᠠᠢ᠌ᠪᠠ᠃ ᠬᠠᠷᠢᠵᠣ ᠢᠷᠬᠥ ᠵᠠᠮ ᠳᠠᠭᠠᠨ ᠪᠢ ᠬᠡᠠᠳᠡᠨ ᠲᠠᠷᠬᠠᠨ ᠲᠡᠶ ᠠᠭᠣᠯᠵᠠᠵᠣ᠄

᠊᠊᠊᠊᠊᠊᠊᠊᠊᠊᠊᠊᠊᠊᠊ ᠣᠪᠣᠭᠠᠨ ᠣᠷᠣᠢ ᠲᠡᠬᠡᠷ᠎ᠡ ᠨᠡᠬᠥ ᠶᠢᠨ ᠬᠠᠶᠠᠭᠰᠠᠨ ᠲᠠᠩᠺ ᠪᠠᠢ᠌ᠨ᠎ᠠ ᠬᠡᠵᠦ ᠬᠡᠯᠡᠵᠦ ᠦᠭ᠍ᠪᠡ᠃ ᠬᠡᠳᠡᠯ᠎ᠡ ᠬᠡᠲᠦᠬᠡᠨ ᠬᠣᠨᠣᠭ ᠤᠨ ᠲᠠᠷᠠᠭ᠎ᠠ ᠬᠡ᠊ᠠᠳᠡᠨ ᠲᠠᠷᠬᠠᠨ ᠤ ᠡᠨᠳᠡᠭ᠍ᠰᠡᠨ ᠴᠢᠮᠡᠬᠡ ᠶᠢ ᠰᠣᠨᠣᠰᠣᠨ᠎ᠠ ᠬᠡᠵᠦ ᠰᠠᠨᠠᠭᠠᠨ ᠳᠤ ᠦᠭᠡᠶ ᠪᠠᠢ᠌ᠯ᠎ᠠ᠃ ᠲᠠᠷᠠ ᠡᠳᠣᠷ ᠬᠣᠨᠢᠴᠢᠨ ᠲᠠᠩᠺ ᠤᠨ ᠲᠣᠣᠭᠣᠷ ᠣᠷᠣᠭᠰᠠᠨ ᠢᠰᠢᠬᠡ ᠶᠢ ᠬᠦᠬᠡᠬᠡᠵᠦ ᠭᠠᠷᠭᠠᠬᠣ ᠬᠡᠵᠦ ᠤᠴᠢᠬᠤ ᠳᠤ ᠦᠮᠠᠬᠡᠢ ᠦᠨᠥᠷ ᠭᠠᠷᠣᠭᠠᠳ ᠪᠠᠢ᠌ᠬᠣᠯᠠᠷ ᠡᠬᠥᠳᠡ ᠪᠠᠷ ᠨᠢ ᠱᠠᠭᠠᠢ᠌ᠪᠠᠯ ᠬᠡᠠᠳᠡᠨ ᠲᠠᠷᠬᠠᠨ ᠤ ᠬᠠᠯᠵᠠᠨ ᠲᠣᠯᠣᠭᠠᠢ ᠦᠵᠡᠭ᠍ᠳᠡᠵᠦ᠂ ᠬᠦᠠᠲᠦ ᠲᠠᠮᠣᠷ ᠶᠢᠠᠷ ᠴᠡᠬᠡᠵᠢ ᠪᠠᠨ ᠨᠦᠲᠦᠬᠥᠯᠵᠦ ᠦᠬᠥᠭ᠍ᠰᠡᠨ ᠬᠡᠨ᠎ᠡ᠃ ᠬᠡᠠᠳᠡᠨ ᠲᠠᠷᠬᠠᠨ ᠢ ᠣᠷᠣᠰᠢᠭᠣᠯᠣᠭᠰᠠᠨ ᠤ ᠲᠠᠷᠠᠭ᠎ᠠ ᠠᠪᠣ ᠲᠠᠷᠠ ᠡᠪᠳᠡᠷᠬᠡᠢ ᠲᠠᠩᠺ ᠢ ᠠᠷᠪᠠᠨ ᠦᠬᠡᠷ ᠶᠢᠠᠷ ᠴᠢᠷᠥᠬᠥᠯᠵᠦ᠂ ᠠᠯᠢᠶ᠎ᠠ ᠶᠢᠨ ᠭᠣᠣᠯ ᠤᠨ ᠲᠡᠬᠡᠲᠦ ᠡᠬᠢ ᠳ᠋ᠡᠬᠢ ᠬᠦᠯ ᠦᠭᠡᠶ ᠨᠠᠭᠣᠷ ᠲᠤ ᠵᠢᠪᠥᠬᠥᠯᠵᠦ ᠬᠠᠶᠠᠭᠰᠠᠨ ᠶᠣᠮ᠃

ᠪᠢ᠂ ᠨᠣᠬᠠᠳᠠᠢ ᠶᠢ ᠶᠠᠭᠣᠨ ᠳᠤ ᠮᠣᠷᠢ ᠪᠣᠯᠭᠠᠵᠣ ᠣᠨᠣᠳᠠᠭ ᠪᠠᠢ᠌ᠯ᠎ᠠ︖ ᠬᠡᠵᠦ ᠵᠠᠷᠢᠮ ᠳᠠᠭᠠᠨ ᠪᠠᠶ᠎ᠠ ᠪᠠᠨ ᠵᠢᠮᠡᠯᠠᠳᠡᠭ᠃ ᠬᠡᠪᠡᠴᠦ ᠲᠠᠷᠠ ᠪᠠᠰᠠ ᠨᠠᠳᠠ ᠲᠡᠶ ᠠᠳᠠᠭᠠᠷᠬᠠᠵᠣ ᠦᠰᠢᠯᠲᠦᠬᠡᠥᠨ ᠪᠠᠢ᠌ᠳᠠᠭ ᠶᠣᠮ ᠴᠢᠨᠢ︕ ᠨᠢᠬᠡ ᠣᠳᠠᠭ᠎ᠠ ᠪᠢᠳᠠ ᠬᠣᠭᠣᠰᠣᠨ ᠢᠩ ᠢ ᠵᠢᠣᠠᠬᠥᠨ ᠡᠷᠬᠢᠬᠥᠯᠵᠦ᠂ ᠴᠢᠯᠠᠭᠣᠨ ᠪᠣᠯᠣ ᠶᠢ ᠨᠢ ᠲᠦᠴᠢᠬᠢᠨᠡᠬᠥᠯᠵᠦ ᠪᠠᠢ᠌ᠳᠠᠯ᠎ᠠ ᠡᠪᠥᠬᠡ ᠨᠢ ᠣᠯᠣᠭᠠᠳ ᠮᠡᠳᠡᠴᠢᠬᠡᠪᠡ᠃ ᠲᠠᠷᠠ ᠡᠪᠥᠬᠡ ᠪᠠᠨ ᠣᠯᠵᠣ ᠦᠵᠡᠮᠡᠭ᠍ᠴᠡ ᠢᠩ ᠤᠨ ᠲᠣᠣᠭᠣᠷ ᠰᠢᠷᠭᠣᠨ ᠣᠷᠣᠵᠣ ᠨᠠᠳᠠ ᠪᠠᠷ ᠬᠠᠷᠢᠨ ᠫᠣᠤ ᠶᠢᠨ ᠠᠮᠨ ᠪᠦᠭ᠍ᠯᠡᠭ᠍ᠰᠡᠨ ᠶᠣᠮ᠃ ᠮᠡᠭ᠍ᠵᠢᠬᠡᠷ ᠡᠪᠥᠬᠡᠨ ᠨᠠᠮᠢ᠋ᠢ ᠴᠣᠬᠢᠵᠣ ᠴᠢᠳᠠᠬᠣ ᠦᠭᠡᠶ ᠬᠡᠳᠡᠭ ᠢ ᠮᠠᠳᠠᠵᠣ ᠪᠠᠢ᠌ᠪᠠᠴᠣ ᠮᠢᠨᠣ ᠲᠣᠳᠣᠷ᠎ᠠ ᠲᠠᠪᠠ ᠦᠭᠡᠶ ᠪᠣᠯᠵᠣ ᠣᠷᠣᠢ ᠨᠢ ᠨᠢᠬᠡ ᠯᠣᠤ ᠬᠣᠧᠨᠷᠳᠡᠢ ᠱᠠᠭᠠᠵᠠᠩ ᠠᠶᠠᠭ᠎ᠠ ᠶᠢ ᠬᠠᠭ᠎ᠠ ᠰᠠᠪᠠᠵᠣ ᠠᠭᠣᠷ ᠶᠢᠠᠨ ᠭᠠᠷᠭᠠᠭᠰᠠᠨ ᠶᠣᠮ᠃ ᠣᠳᠣ ᠲᠠᠳᠠ ᠪᠦᠷ ᠶᠠᠪᠣᠴᠢᠬᠠᠭᠰᠠᠨ ᠡᠴᠡ ᠨᠠᠳᠠ ᠡᠯᠠᠢ ᠬᠣᠯᠠᠢ ᠰᠠᠨᠠᠭᠳᠠᠨ᠎ᠠ᠃ ᠠᠪᠣ ᠶᠠᠮᠠᠷ ᠨᠢᠬᠡᠨ ᠣᠴᠢᠷ ᠲᠤ ᠶᠠᠭᠠᠷᠠᠵᠣ ᠪᠠᠢ᠌ᠭ᠎ᠠ ᠪᠣᠯᠣᠯᠳᠠᠢ᠂ ᠭᠠᠳᠠᠭᠰᠢ ᠭᠠᠷᠬᠣ ᠨᠢ ᠠᠷᠪᠢᠳᠴᠣ᠂ ᠭᠠᠷᠬᠣ ᠪᠣᠯᠭᠠᠨ ᠬᠡᠲᠦ ᠬᠣᠨᠣᠭᠠᠳ ᠢᠷᠡᠳᠡᠭ᠃ ᠡᠴᠣᠰ ᠲᠡᠭᠡᠨ ᠠᠪᠣ ᠶᠢᠨ ᠠᠶᠣᠵᠣ ᠰᠠᠠᠳᠣᠷᠴᠣ ᠪᠠᠢ᠌ᠭᠰᠠᠨ ᠣᠴᠢᠷ ᠨᠢ ᠲᠣᠯᠣᠭᠠᠳ ᠢᠷᠡᠴᠢᠬᠡᠬᠥ ᠨᠢ ᠲᠠᠷᠠ᠃ ᠲᠠᠷᠠ ᠡᠳᠣᠷ ᠲᠠᠷᠪᠠ ᠵᠠᠯᠠᠨ ᠤ ᠬᠢᠨ ᠳᠤ ᠶᠠᠷᠣ ᠡᠴᠡ ᠢᠷᠠᠵᠣ ᠥᠩᠬᠡᠷᠡᠬᠡ ᠦᠭᠡᠶ ᠣᠠᠴᠠᠭᠠᠢ ᠵᠤᠴᠢᠨ ᠵᠠᠯᠠᠷᠠᠵᠣ ᠪᠠᠭᠣᠭᠰᠠᠨ ᠶᠣᠮ᠃

ᠨᠡᠬᠥ ᠣᠷᠣᠵᠣ ᠢᠷᠡᠭ᠍ᠰᠡᠨ ᠤ ᠬᠣᠶᠠᠷ ᠵᠢᠯ ᠤᠨ ᠲᠠᠷᠠᠭᠠᠬᠢ ᠡᠪᠣᠯ ᠤᠨ ᠨᠢᠬᠡᠨ ᠡᠳᠣᠷ᠂ ᠪᠠᠶᠠᠠᠴᠠᠭᠠᠨ ᠤ ᠡᠩᠬᠡᠷ ᠲᠠᠬᠢ ᠮᠠᠨ ᠤ ᠰᠠᠭᠣᠷᠢᠰᠢᠯ ᠢ ᠴᠢᠭ᠍ᠯᠠᠵᠣ ᠪᠦᠯᠥᠭ ᠮᠣᠷᠢᠳᠠᠨ ᠢᠷᠡᠬᠥ ᠬᠠᠷᠠᠭᠳᠠᠪᠠ᠃ ᠮᠣᠷᠢᠳ ᠤᠨ ᠲᠠᠬ᠎ᠠ ᠲᠡᠶ ᠲᠣᠭᠣᠷᠠᠢ ᠬᠦᠯᠳᠡᠬᠥᠤ ᠭᠠᠵᠠᠷ ᠢ ᠴᠠᠪᠴᠢᠯᠠᠬᠣ ᠳᠤ ᠪᠠᠷᠢᠯᠳᠣᠨ ᠬᠦᠯᠳᠡᠭ᠍ᠰᠡᠨ ᠴᠠᠰᠣ ᠰᠢᠷᠣᠢ ᠬᠣᠯᠠ ᠬᠣᠯᠠ ᠦᠰᠥᠷᠴᠦ᠂ ᠰᠠᠯᠬᠢ ᠡᠰᠡᠷᠬᠥ ᠮᠣᠷᠢᠳ ᠤᠨ ᠬᠠᠮᠠᠷ ᠰᠠᠷᠬᠠᠯᠵᠠᠨ᠂ ᠴᠠᠩ ᠬᠦᠥᠷᠬᠡ ᠲᠠᠳᠠᠭᠠᠳ ᠠᠭᠣᠷ ᠰᠠᠪᠰᠠᠨ᠎ᠠ᠃ ᠨᠣᠬᠠᠳ ᠤᠢ᠌ᠮᠠᠵᠣ᠂ ᠠᠯᠪᠠᠳᠣ ᠵᠠᠷᠣᠴᠠ ᠨᠡᠷ ᠱᠣᠣᠬᠢᠯᠳᠣᠬᠣ ᠪᠠᠷ ᠠᠪᠣ᠂ ᠵᠤᠴᠢᠨ ᠶ᠋‍ᠢᠠᠨ ᠣᠭᠳᠣᠬᠣ ᠪᠠᠷ ᠭᠠᠷᠪᠠ᠃ ᠪᠣᠯᠠᠭᠠᠨ ᠲᠡᠬᠡᠷ᠎ᠡ ᠲᠠᠩᠬᠡᠢ᠌ᠭ᠍ᠰᠡᠨ ᠦᠨᠳᠥᠷ ᠬᠡᠬᠡᠷ ᠮᠣᠷᠢᠨ ᠡᠴᠡ ᠪᠡᠶᠡᠷᠬᠡᠭ᠌ ᠦᠨᠳᠥᠷ ᠬᠦᠮᠥᠨ ᠪᠠᠭᠣᠵᠣ ᠢᠷᠡᠬᠡᠥᠨ ᠠᠪᠣ ᠶᠢᠨ ᠦᠬᠡᠳᠡ ᠡᠴᠡ ᠠᠯᠳᠠ ᠲᠠᠯᠢᠮ ᠶᠢᠠᠷ ᠠᠯᠬᠤᠨ᠎ᠠ᠃ ᠠᠪᠣ ᠦᠵᠡᠮᠡᠭ᠍ᠴᠡ ᠲᠠᠨᠢᠪᠠ᠄

᠊᠊᠊᠊᠊᠊᠊᠊᠊᠊᠊᠊᠊᠊᠊ ᠬᠦᠶ‍ᠢ᠂ ᠬᠠᠷ᠎ᠠ ᠯᠣᠣᠰ︕

᠊᠊᠊᠊᠊᠊᠊᠊᠊᠊᠊᠊᠊᠊᠊ ᠪᠠᠶᠠᠠᠴᠠᠭᠠᠨ ᠤ ᠲᠠᠷᠪᠠᠭ᠎ᠠ︕

ᠲᠠᠳᠠ ᠬᠣᠶᠠᠭᠣᠯᠠ ᠢᠩᠬᠢᠵᠣ ᠮᠡᠨᠳᠥᠯᠠᠬᠡᠥᠨ ᠭᠠᠵᠠᠷ ᠲᠣᠷᠬᠢᠳᠠᠯ᠎ᠠ ᠲᠠᠰ ᠲᠠᠰ ᠬᠦᠬᠥᠷᠡᠪᠡ᠃ ᠬᠡᠷ ᠲᠤ ᠣᠷᠣᠭᠰᠠᠨ ᠤ ᠲᠠᠷᠠᠭ᠎ᠠ ᠲᠠᠷᠠ᠄

᠊᠊᠊᠊᠊᠊᠊᠊᠊᠊᠊᠊᠊᠊᠊ ᠵᠠ᠂ ᠲᠠᠷᠪᠠᠭ᠎ᠠ ᠴᠢ ᠪᠠᠶᠠᠠᠴᠠᠭᠠᠨ ᠤ ᠡᠩᠬᠡᠷ ᠶᠢᠠᠨ ᠨᠦᠬᠡᠯᠡᠬᠡᠥᠨ ᠲᠠᠪᠠᠳᠠᠢ ᠢᠴᠡᠬᠡᠯᠡᠵᠦ ᠪᠠᠢ᠌ᠨ᠎ᠠ ᠪᠢᠵᠠ︖ ᠬᠡᠵᠦ ᠦᠨᠡᠬᠡᠨ ᠯᠣᠪᠣᠣᠵᠠ ᠶᠢᠨ ᠶᠢᠠᠨ ᠣᠭᠣᠰᠣᠷ ᠢ ᠠᠯᠳᠠᠷᠠᠭᠠᠵᠣ᠂ ᠬᠦᠮᠥᠰᠬᠡ ᠰᠣᠷᠮᠣᠣᠰᠣ ᠲᠡᠶ ᠨᠢ ᠪᠠᠷᠢᠯᠳᠣᠭᠰᠠᠨ ᠮᠥᠰᠤ ᠴᠠᠰᠣ ᠶᠢ ᠭᠠᠷ ᠤᠨ ᠠᠯᠠᠭ᠎ᠠ ᠪᠠᠷ ᠱᠣᠳᠣᠷᠬᠣ ᠳᠤ ᠨᠢ ᠪᠢ ᠵᠢᠰᠣ ᠶᠢ ᠨᠢ ᠦᠵᠡᠬᠡᠥᠨ ᠰᠥᠷᠳᠡᠵᠦ ᠠᠪᠣᠪᠠ᠃ ᠢᠷᠡᠭ᠍ᠰᠡᠨ ᠵᠤᠴᠢᠨ ᠲᠡᠬᠡᠪᠥᠷ ᠲᠣᠯᠣᠮ᠎ᠠ ᠦᠨᠳᠥᠷ ᠪᠠᠶ᠎ᠠ ᠲ᠋ᠠᠢ᠂ ᠲᠦᠬᠥᠷᠢᠭ᠌ ᠬᠠᠷ᠎ᠠ ᠴᠢᠷᠠᠢ ᠨᠢ ᠬᠤᠢ᠌ᠬᠠᠯᠠᠭᠳᠠᠭᠰᠠᠨ ᠶᠣᠮ ᠰᠢᠭ ᠡ᠊ᠠᠳᠠ ᠲᠠᠠᠳᠠ ᠨᠢ ᠴᠣᠬᠣᠷᠳᠠᠵᠣ᠂ ᠵᠠᠬᠥᠨ ᠨᠢᠳᠣᠨ ᠳᠤ ᠨᠢ ᠴᠠᠭ᠎ᠠ ᠣᠨᠠᠭᠰᠠᠨ ᠡᠴᠡ ᠬᠠᠷ᠎ᠠ ᠴᠠᠭᠠᠨ ᠬᠣᠶᠠᠷ ᠠᠰᠳᠠᠭᠠᠨ ᠨᠢᠳᠣ ᠪᠠᠷ ᠴᠣᠷᠬᠢᠨ ᠬᠠᠷᠠᠬᠣ ᠨᠢ ᠰᠦᠨᠢ ᠯᠠᠪ ᠬᠠᠷ᠎ᠠ ᠲᠠᠷᠣᠨ᠎ᠠ ᠪᠠᠢ᠌ᠬᠣ ᠬᠡᠵᠦ ᠪᠣᠳᠣᠭᠣᠯᠣᠮᠠᠷ ᠪᠠᠢ᠌ᠪᠠ᠃ ᠬᠠᠷ᠎ᠠ ᠯᠣᠣᠰ ᠤᠨ ᠲᠡᠬᠡᠷᠡᠮ ᠬᠡᠵᠦ ᠬᠦᠮᠥᠰ ᠬᠡᠯᠡᠯᠴᠡᠬᠡᠥᠨ ᠪᠠᠢ᠌ᠭᠰᠠᠨ ᠨᠢ ᠡᠢ᠌ᠮᠣ ᠶᠥᠭ᠍ᠵᠢᠷ ᠲᠡᠶ ᠬᠦᠮᠥᠨ ᠪᠠᠢ᠌ᠭᠰᠠᠨ ᠠᠵᠠᠢ᠃ ᠲᠡᠬᠡᠷᠡᠮ ᠤᠨ ᠲᠥᠷᠣᠬᠥᠤ᠄

᠊᠊᠊᠊᠊᠊᠊᠊᠊᠊᠊᠊᠊᠊᠊ ᠦᠨᠦ ᠣᠷᠣᠢ ᠡ᠊ᠠᠳᠠ ᠬᠣᠨᠣᠭᠯᠠᠨ᠎ᠠ᠃ ᠮᠣᠷᠢᠳ ᠶᠢᠠᠨ ᠰᠠᠢ᠌ᠨ ᠣᠰᠣᠯᠠᠵᠣ ᠡᠪᠠᠰᠣᠯᠠ︕ ᠬᠡᠵᠦ ᠲᠣᠣᠷᠠᠬᠢ ᠬᠦᠮᠥᠰ ᠲᠡᠭᠡᠨ ᠲᠣᠰᠢᠶᠠᠭᠠᠳ᠂ ᠦᠪᠡᠷ ᠶᠢᠠᠨ ᠵᠠᠯᠠᠨ ᠠᠪᠣ ᠲᠡᠶ ᠰᠢᠷᠡᠬᠡ ᠬᠠᠪᠴᠢᠨ ᠰᠠᠭᠣᠯ᠎ᠠ᠃ ᠬᠠᠷ᠎ᠠ ᠯᠣᠣᠰ ᠤᠨ ᠲᠡᠬᠡᠷᠡᠮ ᠲᠠᠷᠬᠠᠨ ᠬᠣᠰᠢᠭᠣᠨ ᠡᠴᠡ ᠪᠣᠰᠴᠣ᠂ ᠵᠠᠬᠥᠨ ᠪᠠᠷᠠᠭᠣᠨ ᠭᠠᠷ ᠵᠠᠷᠣᠳ᠂ ᠬᠣᠶᠠᠷ ᠦᠵᠥᠮᠣᠴᠢᠨ ᠤ ᠨᠣᠳᠣᠭ ᠶᠢᠠᠷ ᠰᠥᠯᠵᠢᠯᠳᠥᠨ 《ᠮᠠᠯᠠᠭᠠᠢ ᠲᠠᠯᠪᠢᠪᠠᠯ ᠮᠢᠨᠣ ᠬᠡᠷ᠂ ᠮᠠᠷᠭᠠᠰᠢ ᠶᠠᠪᠣᠪᠠᠯ ᠲᠠᠨ ᠤ ᠬᠡᠷ》 ᠬᠡᠭ᠍ᠴᠢ ᠪᠠᠷ ᠠᠮᠤ ᠬᠦᠨᠡᠰᠤ ᠪᠣᠯᠢᠶᠠᠨ᠂ ᠠᠮᠢᠳᠣ ᠬᠦᠮᠥᠨ ᠶᠢᠠᠷ ᠬᠣᠭᠣᠯᠯᠠᠬᠣ ᠡᠴᠡ ᠪᠣᠰᠣᠳ ᠢ ᠪᠦᠷ ᠦᠢᠯᠡᠳᠳᠡᠭ ᠬᠡᠵᠦ ᠬᠦᠮᠥᠰ ᠶᠠᠷᠢᠵᠠᠭᠠᠳᠠᠭ ᠪᠢᠯᠠ᠃ ᠲᠠᠳᠠ᠂ ᠵᠠᠯᠠᠨ ᠤ ᠬᠢᠨ ᠳᠤ ᠠᠰᠢᠭ ᠦᠭᠡᠶ ᠴᠢᠮᠡᠬᠡ ᠶᠢ ᠠᠪᠴᠢᠷᠠᠪᠠ᠃ ᠣᠯᠠᠭᠠᠨ ᠤ ᠴᠡᠷᠢᠭ᠌ ᠶᠠᠭ ᠨᠢᠳᠣᠨ ᠲᠣᠣᠷ᠎ᠠ ᠲᠣᠯᠵᠣ ᠢᠷᠡᠬᠡᠥᠨ ᠪᠠᠢ᠌ᠳᠠᠯ ᠬᠦᠮᠥᠰᠬᠡ ᠰᠢᠳᠠᠮ᠎ᠠ ᠪᠠᠴᠢᠮ ᠪᠣᠯᠴᠢᠬᠠᠭᠰᠠᠨ ᠶᠣᠮ ᠬᠡᠨ᠎ᠡ᠃

᠊᠊᠊᠊᠊᠊᠊᠊᠊᠊᠊᠊᠊᠊᠊ ᠪᠠᠯᠣ ᠢᠷᠠᠪᠠᠯ ᠪᠠᠢ᠌ᠭᠰᠠᠨ ᠡᠳ᠋ ᠬᠣᠭᠰᠢᠯ ᠴᠢᠨᠢ ᠪᠦᠷ ᠬᠦᠮᠥᠨ ᠤ ᠬᠢ ᠪᠣᠯᠵᠣ᠂ ᠡᠠᠶ᠎ᠠ ᠦᠬᠡᠢ᠌ᠳᠡᠪᠡᠯ ᠬᠦᠵᠦᠬᠥᠨ ᠳᠤ ᠴᠢᠨᠢ ᠲᠡᠬᠡᠰᠦ ᠣᠷᠣᠨ᠎ᠠ ᠳ᠋‍ᠠ︕ ᠬᠡᠵᠦ ᠬᠠᠷ᠎ᠠ ᠯᠣᠣᠰ ᠮᠥᠯᠵᠢᠵᠦ ᠪᠠᠢ᠌ᠭᠰᠠᠨ ᠦᠬᠡᠷ ᠤᠨ ᠲᠠᠯᠣ ᠪᠠᠨ ᠬᠦᠰᠡᠷ ᠰᠢᠳᠠᠪᠠ᠃ ᠡᠨᠠ ᠨᠢ ᠶᠠᠭ ᠠᠪᠣ ᠶ᠋‍ᠢᠨ ᠡᠳᠣᠷ ᠤᠨ ᠪᠣᠳᠣᠯ ᠰᠦᠨᠢ ᠶᠢᠨ ᠵᠠᠬᠥᠳᠥᠨ ᠳᠤ ᠨᠢ ᠣᠷᠣᠵᠣ᠂ ᠲᠠᠷᠢᠬᠢ ᠲᠣᠯᠣᠭᠠᠢ ᠶᠢ ᠰᠢᠨᠠᠯᠭᠠᠵᠣ ᠪᠠᠢ᠌ᠭᠰᠠᠨ ᠣᠴᠢᠷ ᠪᠠᠢ᠌ᠯ᠎ᠠ᠃ 《ᠴᠠᠭ ᠲᠥᠷᠤ ᠶᠠᠭᠠᠬᠢᠵᠣ ᠬᠣᠪᠢᠷᠠᠬᠣ ᠶᠢ ᠬᠡᠨ ᠮᠠᠳᠠᠨ᠎ᠠ︖ ᠡᠨᠠ ᠴᠤ ᠨᠠᠮᠢ᠋ᠢ ᠠᠶᠣᠯᠭᠠᠵᠣ᠂ ᠨᠢᠬᠡ ᠴᠠᠭ ᠤᠨ ᠬᠣᠭᠣᠯᠠᠨ ᠤ ᠲᠥᠯᠣᠬᠡ ᠬᠣᠳᠠᠯ ᠫᠣᠣᠳᠠᠬᠣ ᠡᠷ᠎ᠠ ᠪᠢᠰᠢ ᠳ᠋‍ᠠ︕》 ᠬᠡᠵᠦ ᠵᠠᠯᠠᠨ ᠪᠣᠳᠣᠵᠣ᠄

᠊᠊᠊᠊᠊᠊᠊᠊᠊᠊᠊᠊᠊᠊᠊ ᠶᠢᠷᠳᠢᠨᠴᠣ ᠶᠢ ᠡᠯᠠᠬᠡᠵᠦ ᠶᠡᠬᠡ ᠶᠢ ᠦᠵᠡᠭ᠍ᠰᠡᠨ ᠢᠶᠡᠷ ᠶᠢᠠᠨ ᠴᠢ ᠬᠡᠯᠡᠵᠦ ᠦᠵᠡ᠂ ᠪᠢᠳᠠ ᠶᠠᠭᠠᠬᠢᠪᠠᠯ ᠲᠠᠭᠠᠷᠠᠨ᠎ᠠ︖ ᠬᠡᠵᠦ ᠬᠠᠷ᠎ᠠ ᠯᠣᠣᠰ ᠢ ᠴᠢᠷᠠᠢ᠌ᠳᠠᠬᠣ ᠳᠤ ᠲᠠᠷᠠ᠂ ᠦᠬᠡᠷ ᠤᠨ ᠴᠢᠮᠦᠬᠡ ᠶᠢ ᠫᠠᠷᠴᠢᠬᠢᠨᠠᠳᠠᠯ᠎ᠠ ᠮᠣᠰᠬᠢᠵᠣ ᠲᠣᠳᠣᠷᠠᠬᠢ ᠴᠢᠮᠦᠬᠡᠨ ᠲᠣᠰᠣ ᠶᠢ ᠨᠢ ᠰᠣᠷᠣᠭᠰᠠᠨ ᠢᠶᠡᠨ᠄

᠊᠊᠊᠊᠊᠊᠊᠊᠊᠊᠊᠊᠊᠊᠊ ᠬᠠᠢ᠌ᠷᠬᠠᠨ ᠬᠠᠨ ᠤ ᠬᠦᠨ ᠣᠢ ᠳᠤ ᠰᠢᠷᠭᠣᠵᠣ ᠪᠠᠢ᠌ᠳᠠᠯ ᠢ ᠠᠵᠢᠬᠤ ᠡᠴᠡ ᠳ᠋‍ᠠ︕ ᠬᠡᠪᠡ᠃ ᠠᠪᠣ ᠬᠠᠷᠢᠭᠣ ᠬᠡᠯᠡᠭ᠍ᠰᠡᠨ ᠦᠭᠡᠶ᠃ ᠡᠮᠣᠨᠠᠬᠢ ᠬᠣᠠᠳᠠᠭ᠎ᠠ ᠲᠡᠶ ᠪᠠᠨ ᠠᠪᠴᠣ ᠬᠦᠠᠳᠥᠷᠪᠡ᠃ ᠡᠨᠠ ᠦᠶᠡᠰ ᠬᠠᠷ᠎ᠠ ᠯᠣᠣᠰ᠂ ᠨᠠᠮᠢ᠋ᠢ ᠰᠠ‍‌ᠶᠢ ᠯᠠ ᠣᠯᠵᠣ ᠦᠵᠡᠭ᠍ᠰᠡᠨ ᠰᠢᠭ᠌ ᠬᠠᠷ᠎ᠠ ᠴᠠᠭᠠᠨ ᠨᠢᠳᠣ ᠪᠠᠷ ᠶᠢᠠᠨ ᠰᠢᠷᠪᠢᠵᠣ ᠠᠪᠣᠭᠰᠠᠨ ᠢᠶᠡᠨ᠄

᠊᠊᠊᠊᠊᠊᠊᠊᠊᠊᠊᠊᠊᠊᠊ ᠡᠨᠠ ᠴᠢᠨᠢ ᠵᠤᠯᠵᠠᠭ᠎ᠠ ᠲᠠᠷᠪᠠᠭ᠎ᠠ ᠦᠦ︖ ᠬᠡᠵᠦ ᠶᠠᠮᠠᠷ ᠴᠤ ᠣᠴᠢᠷ ᠪᠣᠯᠵᠣ ᠪᠠᠢ᠌ᠭ᠎ᠠ ᠦᠭᠡᠶ ᠰᠢᠭ᠌ ᠬᠥᠭ᠍ᠳᠡᠢ ᠢᠨᠢᠶᠠᠨ᠎ᠠ᠃ ᠪᠢ᠂ ᠬᠠᠷ᠎ᠠ ᠯᠣᠣᠰ ᠤᠨ ᠪᠦᠰᠡᠨ ᠳᠡᠭᠡᠨ ᠵᠢᠰᠢᠬᠥᠯᠡᠵᠦ ᠬᠠᠪᠴᠢᠭᠣᠯᠣᠭᠰᠠᠨ ᠭᠠᠷ ᠫᠣᠤ ᠶᠢ ᠨᠢ ᠰᠣᠨᠢᠷᠬᠠᠵᠣ᠂ ᠨᠢᠳᠣ ᠰᠠᠯᠭᠠᠯ ᠦᠭᠡᠶ ᠰᠢᠷᠳᠠᠵᠣ ᠪᠠᠢ᠌ᠳᠠᠯ᠎ᠠ ᠲᠠᠷᠠ ᠫᠣᠤ ᠪᠠᠨ ᠠᠪᠴᠣ᠄

᠊᠊᠊᠊᠊᠊᠊᠊᠊᠊᠊᠊᠊᠊᠊ ᠪᠠᠬᠠᠷᠠᠵᠣ ᠪᠠᠢ᠌ᠪᠠᠯ ᠴᠢᠮ᠎ᠠ ᠳᠤ ᠦᠭ᠍‍ᠬᠥᠢ᠎ᠡ︕ ᠬᠡᠪᠡ᠃ ᠫᠣᠤ ᠨᠢ ᠨᠠᠳᠠ ᠲᠣᠩ ᠬᠦᠠᠲᠦ ᠰᠠᠨᠠᠭᠳᠠᠪᠠ᠃ ᠰᠣᠮᠣ ᠨᠢ ᠬᠠᠷᠢᠨ ᠬᠣᠨᠢᠨ ᠬᠣᠷᠭᠣᠯ ᠰᠢᠭ ᠮᠤᠬᠤᠷ ᠬᠠᠷ᠎ᠠ ᠲᠠᠭᠠᠷᠢᠳᠠᠰᠣ ᠨᠣᠭᠣᠳ ᠪᠠᠢ᠌ᠬᠣ ᠶᠢ ᠦᠵᠡᠬᠡᠥᠨ ᠪᠢ᠂ ᠨᠢᠩᠪᠣ ᠶᠢᠨ ᠬᠣᠯᠠᠭᠠᠢ᠌ᠯᠠᠳᠠᠭ ᠲᠠᠷᠠ ᠰᠣᠮᠣ ᠵᠢ ᠰᠠᠨᠠᠭᠠᠨ ᠳᠤ ᠣᠷᠣᠪᠠ᠃ ᠨᠢᠴᠢᠭ᠌‍ᠮ᠎ᠠ ᠶᠢᠨ ᠠᠶᠣᠵᠣ ᠪᠦᠯᠳᠡᠯᠵᠡᠭ᠍ᠰᠡᠨ ᠨᠢᠳᠣ ᠶᠢ ᠴᠤ ᠰᠠᠨᠠᠭᠠᠨ ᠳᠤ ᠣᠷᠣᠬᠣ ᠪᠠᠷ ᠭᠠᠷ ᠮᠢᠨᠢ ᠦᠯᠤ ᠮᠡᠳᠡᠭ ᠴᠠᠴᠠᠷᠬᠢᠯᠠᠵᠣ᠂ ᠫᠣᠤ ᠶᠢ ᠨᠢ ᠪᠣᠴᠠᠭᠠᠨ ᠦᠭ᠍‍ᠬᠥᠬᠡᠥᠨ ᠭᠠᠷᠴᠣ ᠶᠠᠪᠣᠪᠠ᠃

ᠲᠠᠷᠠ ᠰᠦᠨᠢ ᠪᠢ ᠬᠣᠣᠰ ᠭᠠᠷ ᠫᠣᠤ ᠪᠠᠷᠢᠵᠣ ᠰᠠᠬᠠᠯᠳᠣ᠂ ᠰᠣᠯᠢᠷ ᠬᠣᠶᠠᠷ ᠲᠡᠬᠡᠷᠡᠮ ᠢ ᠨᠡᠬᠡᠵᠦ ᠪᠠᠢ᠌ᠨ᠎ᠠ ᠬᠡᠵᠦ ᠵᠠᠬᠥᠳᠥᠯᠠᠪᠡ᠃ ᠬᠡᠳᠥᠨ ᠬᠦᠠᠳᠡᠢ ᠲᠠᠮᠵᠢᠳᠠᠯ᠎ᠠ ᠰᠣᠯᠢᠷ ᠤᠨ ᠮᠣᠷᠢ ᠨᠢ ᠫᠦᠯᠡᠷᠠᠬᠡᠥᠨ ᠵᠤᠭᠰᠣᠴᠢᠬᠠᠪᠠ᠃ ᠲᠠᠷᠠ ᠮᠣᠷᠢᠨ ᠡᠴᠡ ᠪᠠᠨ ᠭᠣᠯᠭᠣᠷᠢᠨ ᠪᠠᠭᠣᠵᠣ ᠮᠢᠨᠣ ᠡᠮᠣᠨ᠎ᠠ ᠰᠦᠬᠥᠲᠦᠬᠡᠥᠨ᠄ 《ᠠᠮᠢ ᠦᠷᠥᠰᠢᠶᠡ︕ ᠪᠠᠭ᠎ᠠ ᠨᠣᠶᠠᠨ ᠠᠮᠢ ᠶᠢ ᠮᠢᠨᠢ ᠦᠷᠥᠰᠢᠶᠡ︕》 ᠬᠡᠵᠦ ᠭᠣᠬᠢᠩ ᠭᠠᠬᠢᠩ ᠮᠥᠷᠬᠥᠵᠦ ᠪᠠᠢ᠌ᠨ᠎ᠠ᠃ ᠪᠢ ᠭᠣᠣᠯ ᠮᠠᠩᠨᠠᠢ ᠲᠡᠬᠡᠷ᠎ᠡ ᠨᠢ ᠫᠣᠤ ᠪᠠᠨ ᠲᠣᠯᠭᠠᠵᠣ᠄ 《ᠮᠠᠭᠣ ᠯᠤᠢ᠌ᠪᠠᠷᠴᠢᠨ᠂ ᠬᠠᠷᠢ ᠶᠢᠨ ᠵᠢᠷᠣᠭ᠎ᠠ ᠨᠣᠬᠠᠢ︕》 ᠬᠡᠵᠦ ᠬᠠᠷᠢᠶᠠᠭᠠᠳ ᠲᠣᠩᠭ᠋ᠣᠷᠴᠠᠭᠯᠠᠳᠠᠯ᠎ᠠ ᠢᠰᠬᠥᠯᠥᠨ᠂ ᠲᠠᠬᠢᠨ ᠰᠠᠬᠠᠯᠳᠣ ᠲᠡᠬᠡᠷᠡᠮ ᠤᠨ ᠬᠤᠢ᠌ᠨ᠎ᠠ ᠡᠴᠡ ᠲᠠᠷᠣᠨ ᠨᠡᠬᠡᠵᠦ ᠣᠴᠢᠪᠠ᠃ ᠰᠠᠬᠠᠯᠳᠣ ᠨᠠᠷᠠᠨ ᠤ ᠣᠨᠣᠭᠰᠠᠨ ᠲᠠᠷᠠ ᠮᠣᠷᠢ ᠬᠠᠷᠢᠨ ᠣᠵᠢᠷᠭ᠎ᠠ ᠲᠡᠶ ᠰᠠᠪᠠᠰᠣ ᠪᠠᠢ᠌ᠯ᠎ᠠ᠃ ᠦᠬᠡᠳᠡ ᠬᠠᠠᠳᠣᠪᠠᠯ ᠠᠯᠠᠭᠳᠠᠭ᠎ᠠ ᠰᠢᠭ ᠰᠣᠨᠣᠯᠵᠠᠭᠠᠳ ᠪᠢᠴᠢᠬᠠᠨ ᠪᠣᠯᠳᠠᠭᠠᠷ ᠤᠳ ᠢ ᠬᠡᠲᠦᠬᠡᠨ ᠬᠠᠷᠠᠢ᠌ᠭᠠᠳ ᠲᠣᠭᠣᠰᠣᠨ ᠳᠠᠭᠠᠨ ᠲᠠᠷᠣᠭᠳᠠᠭᠣᠯᠵᠣ ᠪᠠᠢ᠌ᠪᠠ᠃ ᠪᠢ ᠡᠮᠠᠬᠡᠯ ᠲᠡᠬᠡᠷ᠎ᠡ ᠪᠠᠨ ᠦᠨᠳᠡᠢ᠌ᠵᠦ ᠮᠣᠷᠢ ᠪᠠᠨ ᠰᠢᠪᠠᠳᠠᠪᠠ᠃ ᠮᠢᠨᠣ ᠬᠠᠯᠢᠭᠣᠨ ᠦᠷᠢᠶ᠎ᠡ ᠶᠠᠪᠣᠬᠣ ᠲᠣᠳᠣᠮ ᠴᠢᠩᠭ᠋ᠠᠷᠠᠵᠣ᠂ ᠭᠣᠤ ᠭᠠᠩᠭ᠎ᠠ ᠶᠢ ᠠᠰᠯᠠᠭᠰᠠᠨ ᠴᠢᠭ᠌ ᠲᠡᠭᠡᠨ ᠬᠠᠷᠠᠢ᠌ᠨ ᠭᠠᠷᠴᠣ ᠰᠠᠬᠠᠯᠳᠣ ᠶᠢ ᠪᠣᠳᠠᠷᠠᠳᠠᠯ᠎ᠠ ᠨᠡᠬᠡᠬᠡᠥᠨ ᠣᠴᠢᠯ᠎ᠠ᠃ ᠪᠢ ᠫᠣᠤ ᠪᠠᠨ ᠡᠷᠬᠥᠪᠡ᠃ ᠴᠢᠬᠢ ᠱᠣᠣᠬᠢᠨ ᠨᠢᠳᠣ ᠡᠷᠢᠶᠠᠯᠵᠠᠵᠣ ᠪᠠᠢ᠌ᠭᠰᠠᠨ ᠴᠤ ᠣᠪᠣᠭ᠎ᠠ ᠬᠠᠷᠠᠭᠠᠨ ᠳᠠᠭᠠᠨ ᠰᠠᠬᠠᠯᠳᠣ ᠶᠢᠨ ᠲᠥᠨᠲᠦᠬᠡᠷ ᠲᠣᠯᠣᠭᠠᠢ ᠶᠢ ᠣᠷᠣᠭᠣᠯᠵᠣ ᠠᠪᠣᠭᠠᠳ ᠫᠣᠤ ᠪᠠᠨ ᠭᠣᠬᠠᠳᠠᠳᠠᠯ᠎ᠠ ᠡᠮᠣᠨ᠎ᠠ ᠶᠠᠭᠣ ᠴᠤ ᠦᠵᠡᠭ᠍ᠳᠡᠬᠥ ᠦᠭᠡᠶ ᠪᠣᠯᠪᠠ᠃ ᠨᠢᠬᠡ ᠮᠡᠳᠡᠬᠥᠯ᠎ᠡ ᠪᠢ ᠰᠠᠬᠠᠯᠳᠣ ᠶᠢ ᠨᠡᠬᠡᠵᠦ ᠪᠠᠢ᠌ᠭ᠎ᠠ ᠪᠢᠰᠢ ᠬᠠᠷᠢᠨ ᠠᠰᠬ᠎ᠠ ᠬᠠᠳᠠᠨ ᠤ ᠢᠷᠮᠡᠭ ᠲᠡᠬᠡᠷ᠎ᠡ ᠢᠷᠡᠬᠡᠥᠨ ᠵᠤᠭᠰᠣᠵᠣ ᠪᠠᠢ᠌ᠯ᠎ᠠ᠁

ᠪᠢᠳᠠ ᠬᠠᠢ᠌ᠷᠬᠠᠨ ᠬᠠᠨ ᠤ ᠬᠦᠨ ᠣᠢ ᠳᠤ ᠰᠢᠷᠭᠣᠬᠣ ᠪᠠᠷ ᠪᠣᠯᠪᠠ᠃ ᠡᠨᠠ ᠬᠣᠭᠣᠷᠣᠠᠳᠣ ᠠᠯᠪᠠᠳᠣ ᠵᠠᠷᠣᠴᠠ ᠨᠡᠷ ᠢᠯᠠᠳᠳᠠ ᠴᠦᠬᠡᠷᠡᠭ᠍ᠰᠡᠨ ᠪᠠᠢ᠌ᠯ᠎ᠠ᠃ ᠵᠠᠷᠢᠮ ᠨᠢ ᠬᠡᠷ ᠲᠡᠷᠬᠡ ᠲᠡᠶ ᠪᠠᠨ ᠨᠡᠬᠥᠬᠡᠥᠨ ᠶᠠᠪᠣᠴᠢᠬᠠᠪᠠ᠃ ᠵᠠᠷᠢᠮ ᠨᠢ ᠬᠡᠷ ᠶᠢᠠᠨ ᠬᠠᠶᠠᠭᠠᠳ ᠰᠦᠨᠢ ᠪᠠᠷ ᠣᠷᠭᠣᠵᠣ᠂ ᠬᠡᠳᠦ ᠬᠣᠨᠣᠭ ᠤᠨ ᠲᠠᠷᠠᠭ᠎ᠠ ᠬᠣᠷᠢ ᠰᠢᠬᠠᠮ ᠯᠠ ᠬᠦᠮᠥᠨ ᠦᠯᠠᠳᠡᠭ᠍ᠰᠡᠨ ᠪᠠᠢ᠌ᠯ᠎ᠠ᠃ ᠠᠪᠣ ᠡᠬᠥᠨ ᠢ ᠮᠠᠳᠠᠵᠣ ᠪᠠᠢ᠌ᠭᠰᠠᠨ ᠴᠣ ᠲᠣᠣᠭᠠᠷᠣᠭᠰᠠᠨ ᠦᠭᠡᠶ᠃ ᠶᠠᠪᠣᠬᠣ ᠲᠠᠷᠠ ᠡᠳᠣᠷ ᠪᠠᠶᠠᠠᠴᠠᠭᠠᠨ ᠤ ᠣᠷᠣᠢ ᠲᠡᠬᠡᠷ᠎ᠡ ᠭᠠᠷᠴᠣ ᠪᠣᠳᠣᠯᠭᠠᠰᠢᠷᠠᠨ ᠵᠤᠭᠰᠣᠵᠣ ᠪᠠᠢ᠌ᠬᠣ ᠨᠢ ᠶᠠᠭ᠄ 《ᠲᠠᠷᠪᠠ ᠪᠢ ᠢᠩᠬᠢᠬᠡᠥᠨ ᠯᠠ ᠲᠡᠬᠡᠷᠡᠮ ᠪᠣᠯᠴᠢᠬᠠᠨ᠎ᠠ ᠦᠦ︖》 ᠬᠡᠵᠦ ᠡᠷᠠᠬᠡᠯᠵᠡᠵᠦ ᠪᠠᠢ᠌ᠬᠣ ᠰᠢᠭ ᠪᠠᠢ᠌ᠯ᠎ᠠ᠃

ᠲᠠᠷᠪᠠ ᠵᠠᠯᠠᠨ᠂ ᠬᠠᠷ᠎ᠠ ᠯᠣᠣᠰ ᠤᠨ ᠲᠡᠬᠡᠷᠡᠮ ᠲᠡᠶ ᠨᠠᠢ᠌ᠯᠠᠨ ᠪᠣᠰᠴᠣ ᠭᠠᠷᠣᠯ᠎ᠠ ᠬᠡᠰᠡᠨ ᠴᠢᠮᠡᠬᠡ ᠵᠢᠬᠥᠷ ᠣᠷᠭᠣᠭᠰᠠᠨ ᠰᠢᠭ ᠲᠦᠳᠡᠬᠡᠨ ᠲᠠᠷᠬᠠᠪᠠ᠃ ᠡᠬᠥᠨ ᠢ ᠰᠣᠨᠣᠰᠣᠭᠠᠳ ᠬᠠᠷ᠎ᠠ ᠯᠣᠣᠰ᠂ ᠠᠪᠣ ᠶᠢᠨ ᠮᠠᠯᠠᠭᠠᠢ ᠶᠢᠨ ᠣᠷᠣᠢ ᠲᠡᠬᠡᠷᠡᠬᠢ ᠵᠢᠩᠰᠠ ᠶᠢ ᠵᠢᠭᠠᠵᠣ᠄

᠊᠊᠊᠊᠊᠊᠊᠊᠊᠊᠊᠊᠊᠊᠊ ᠪᠢ ᠴᠤ ᠫᠣᠩᠰᠣᠭ ᠪᠠᠶᠠᠨ ᠤ ᠠᠳᠣᠭᠣᠴᠢᠨ ᠶᠠᠪᠣᠭᠰᠠᠨ ᠬᠦᠮᠥᠨ᠃ ᠲᠠᠳᠠᠯᠳᠣᠬᠣ ᠶᠠᠭᠣᠮ᠎ᠠ ᠦᠭᠡᠶ᠃ ᠲᠠᠷᠪᠠ ᠴᠢ ᠬᠠᠷᠢᠨ ᠵᠠᠷᠬᠡ ᠵᠢᠩᠰᠡ ᠲᠡᠶ ᠲᠡᠬᠡᠷᠡᠮ ᠪᠣᠯᠴᠢᠬᠠᠯ᠎ᠠ᠃ ᠬᠡᠮᠰᠢᠵᠦ ᠪᠠᠢ᠌ᠪᠠᠯ ᠣᠳᠣ ᠬᠠᠷᠢᠭᠰᠠᠨ ᠴᠤ ᠣᠷᠤᠢ᠌ᠳᠠᠬᠣ ᠦᠭᠡᠶ ᠰᠢᠤ ᠬᠡᠵᠦ ᠨᠠᠭᠠᠳᠣᠮ ᠦᠨᠡᠨ ᠤ ᠬᠣᠭᠣᠷᠣᠠᠳᠣ ᠬᠡᠯᠡᠨ᠂ ᠮᠦᠨ ᠯᠠ ᠬᠠᠷ᠎ᠠ ᠴᠠᠭᠠᠨ ᠨᠢᠳᠣ ᠪᠠᠨ ᠰᠥᠷᠳᠡᠢ ᠬᠢᠯᠠᠯᠵᠠᠭᠣᠯᠣᠨ᠎ᠠ᠃ ᠠᠪᠣ ᠰᠣᠨᠣᠰᠣᠭᠰᠠᠨ ᠪᠣᠯᠪᠠᠴᠣ ᠦᠬᠡᠷ᠎ᠡ ᠶᠠᠭᠣᠮᠠᠨ ᠳᠤ ᠰᠠᠨᠠᠭ᠎ᠠ ᠪᠣᠯᠵᠣ ᠪᠠᠢ᠌ᠭ᠎ᠠ ᠪᠠᠢ᠌ᠳᠠᠯ ᠲᠡᠶ᠂ ᠠᠯᠣᠰ ᠲᠤ ᠬᠦᠳᠠᠩᠳᠡᠬᠥ ᠬᠠᠢ᠌ᠷᠬᠠᠨ ᠬᠠᠨ ᠤ ᠣᠷᠣᠢ ᠵᠦᠭ᠌ ᠰᠢᠷᠳᠡᠭ᠍ᠰᠡᠨ ᠶ᠋‍ᠢᠠᠨ ᠬᠠᠷ᠎ᠠ ᠮᠣᠷᠢᠨ ᠳᠠᠭᠠᠨ ᠲᠠᠰᠢᠭᠣᠷ ᠦᠭ‍ᠪᠡ᠃

ᠬᠠᠢ᠌ᠷᠬᠠᠨ ᠬᠠᠨ ᠬᠡᠵᠦ ᠬᠦᠨ ᠬᠦᠨ ᠭᠣᠤ ᠵᠢᠯᠠᠭ᠎ᠠ ᠲᠡᠶ᠂ ᠵᠢᠯᠠᠭ᠎ᠠ ᠪᠦᠬᠥᠨ ᠡᠴᠡ ᠨᠢ ᠣᠰᠣ ᠲᠡᠶ᠂ ᠪᠢᠳᠡᠬᠥᠤ ᠣᠢ ᠪᠠᠯᠠᠷ ᠰᠢᠭᠣᠢ ᠪᠦᠷᠬᠥᠭ᠍ᠰᠡᠨ ᠰᠥᠷᠯᠢᠭ᠌ ᠦᠨᠳᠥᠷ ᠬᠠᠢ᠌ᠷᠬᠠᠨ ᠪᠠᠢ᠌ᠯ᠎ᠠ᠃ ᠨᠠᠷᠢᠨ ᠱᠣᠪᠬᠣ ᠣᠷᠬᠢᠯ ᠤᠳ ᠨᠢᠬᠡ ᠨᠢ ᠨᠢᠬᠡᠨ ᠡᠴᠡ ᠪᠠᠨ ᠣᠷᠤᠢ᠌ᠯᠠᠬᠣ ᠬᠡᠰᠡᠨ ᠰᠢᠭ᠌ ᠲᠡᠭ᠍ᠳᠡᠷ ᠲᠡᠭ᠍ᠳᠡᠷ ᠴᠣᠷᠤᠢ᠌ᠯᠴᠠᠨ᠂ ᠮᠥᠰᠤ ᠴᠠᠰᠣᠨ ᠳᠤ ᠬᠣᠴᠢᠭᠳᠠᠭᠰᠠᠨ ᠲᠣᠯᠣᠭᠠᠳ ᠤᠨ ᠣᠷᠣᠢ ᠨᠢ ᠨᠠᠷᠠᠨ ᠤ ᠬᠡᠷᠡᠯ ᠳᠤ ᠴᠠᠢ᠌ᠯᠵᠠᠨ᠎ᠠ᠃ ᠪᠢᠳᠠ ᠬᠣᠷᠢᠭᠣᠯ ᠬᠡᠮᠡᠬᠥ ᠭᠠᠵᠠᠷ ᠢᠷᠠᠵᠣ ᠮᠠᠢ᠌ᠬᠠᠨ ᠲᠣᠪᠣ ᠪᠠᠨ ᠪᠣᠰᠬᠠᠪᠠ᠃ ᠠᠭᠣᠯᠠ ᠶᠢᠨ ᠡᠮᠣᠨ᠎ᠠ ᠡᠩᠬᠡᠷ ᠲᠠᠬᠢ ᠬᠦᠨ ᠵᠢᠯᠠᠭ᠎ᠠ ᠶᠢᠨ ᠠᠮᠨ ᠶᠢ ᠬᠠᠰᠢᠭᠠᠳ ᠲᠠᠯᠪᠢᠭᠰᠠᠨ ᠰᠢᠭ ᠬᠦᠲᠦᠬᠥᠷ ᠪᠠᠢ᠌ᠳᠠᠭ ᠡᠴᠡ ᠭᠠᠳᠠᠨᠠᠬᠢ ᠬᠦᠮᠥᠨ ᠶᠠᠭ ᠣᠷᠣᠢ ᠲᠡᠬᠡᠷ᠎ᠡ ᠡᠴᠠ ᠨᠢ ᠥᠩᠬᠡᠢ᠌ᠵᠦ ᠦᠵᠡᠬᠥ ᠦᠭᠡᠶ ᠪᠣᠯ ᠡ᠊ᠠᠳᠠ ᠡᠢ᠌ᠮᠣ ᠬᠦᠠᠳᠡᠢ ᠪᠠᠢ᠌ᠬᠣ ᠶᠢ ᠮᠡᠳᠡᠬᠥ ᠦᠭᠡᠶ᠃ ᠬᠣᠷᠢᠭᠣᠯ ᠤᠨ ᠠᠮᠨ ᠡᠴᠡ ᠭᠠᠳᠠᠭᠰᠢ ᠦᠵᠡᠪᠡᠯ ᠬᠠᠷᠢᠨ ᠨᠠᠯᠢᠶᠠᠳ ᠬᠣᠯᠠ ᠶᠢ ᠦᠵᠡᠵᠦ ᠪᠣᠯᠬᠣ ᠪᠠᠢ᠌ᠪᠠ᠃ ᠬᠡᠲᠦ ᠬᠣᠨᠣᠭ ᠤᠨ ᠲᠠᠷᠠᠭ᠎ᠠ ᠠᠪᠣ᠂ ᠬᠠᠷ᠎ᠠ ᠯᠣᠣᠰ ᠲ᠋ᠠᠢ ᠬᠣᠶᠠᠭᠣᠯᠠ ᠪᠣᠯᠠᠭ᠎ᠠ ᠶᠢᠨ ᠠᠷᠠᠰᠣ᠂ ᠪᠣᠭᠣ ᠶᠢᠨ ᠡᠪᠠᠷ᠂ ᠰᠢᠷᠵᠠᠩ ᠡᠴᠡ ᠲᠡᠷᠢᠬᠥᠯᠡᠨ ᠠᠷᠠᠰᠣ ᠨᠣᠣᠰᠣ ᠶᠢ ᠬᠡᠳᠥᠨ ᠮᠣᠷᠢᠨ ᠳᠤ ᠲᠡᠩᠨᠠᠬᠥᠯᠥᠨ ᠠᠴᠢᠶᠠᠯᠠᠭᠠᠳ᠂ ᠬᠦᠳᠥᠯᠣᠬᠡ ᠮᠣᠷᠢ ᠲᠡᠶ ᠬᠡᠳᠥᠨ ᠬᠦᠮᠥᠨ ᠶᠢᠠᠨ ᠲᠠᠭᠠᠭᠣᠯᠣᠨ ᠶᠠᠪᠣᠵᠣ ᠣᠣᠠᠪᠠ᠃

ᠲᠠᠷᠠ ᠬᠡᠳᠥᠨ ᠡᠳᠣᠷ ᠪᠢ ᠬᠣᠷᠢᠭᠣᠯ ᠳᠤ ᠬᠣᠷᠢᠭᠳᠠᠨ ᠪᠣᠬᠢᠨᠢᠳᠣᠬᠣ ᠳᠠᠭᠠᠨ ᠠᠭᠣᠯᠠ ᠪᠠᠷ ᠬᠡᠰᠦᠳᠡᠭ ᠪᠠᠢ᠌ᠪᠠ᠃ ᠨᠢᠬᠡ ᠡᠳᠣᠷ ᠠᠭᠳᠠᠴᠢᠨ ᠡᠴᠡ ᠮᠣᠷᠢ ᠣᠯᠵᠣ ᠣᠨᠣᠭᠠᠳ ᠶᠠᠪᠣᠭᠰᠠᠭᠠᠷ ᠪᠠᠢ᠌ᠵᠣ ᠨᠠᠯᠢᠶᠠᠳ ᠬᠣᠯᠠ ᠭᠠᠷᠴᠢᠬᠠᠭᠰᠠᠨ ᠪᠠᠢ᠌ᠯ᠎ᠠ᠃ ᠬᠡᠳᠡᠰᠤ ᠭᠣᠷᠴᠢᠬᠢᠨᠠᠨ ᠲᠣᠣᠭᠠᠷᠬᠣ ᠪᠠᠷ ᠵᠢᠯᠣᠭᠣ ᠪᠠᠨ ᠡᠷᠬᠢᠬᠥᠯᠵᠦ ᠪᠣᠴᠠᠬᠣ ᠵᠠᠮ ᠶᠢᠠᠨ ᠡᠯᠬᠥᠪᠡ᠃ ᠨᠢᠬᠡᠨ ᠬᠠᠳᠠᠨ ᠬᠣᠰᠢᠭᠣ ᠶᠢ ᠣᠷᠢᠶᠠᠭᠠᠳ ᠣᠷᠣᠳᠠᠯ᠎ᠠ ᠪᠣᠳᠠᠨ ᠲᠣᠮᠳᠠ ᠡᠴᠡ ᠬᠣᠶᠠᠷ ᠴᠢᠨ᠋ᠸ᠎ᠠ ᠦᠰᠥᠷᠥᠨ ᠭᠠᠷᠴᠣ ᠢᠷᠠᠪᠠ᠃ ᠬᠠᠯᠵᠠ ᠲᠣᠯᠭᠠᠷᠠᠭᠰᠠᠨ ᠳᠠᠭᠠᠨ ᠪᠠᠯᠠᠳᠠᠨ ᠰᠠᠠᠳᠣᠷᠴᠣ ᠵᠢᠯᠣᠭᠣ ᠲᠠᠷᠣᠳᠠᠯ᠎ᠠ ᠠᠷᠤ ᠡᠴᠡ ᠪᠠᠰᠠ ᠬᠡᠳᠥᠨ ᠴᠢᠨ᠋ᠸ᠎ᠠ ᠬᠡᠳᠡᠵᠦ ᠪᠠᠢ᠌ᠭᠰᠠᠨ ᠠᠵᠠᠢ᠃ ᠡᠨᠠ ᠦᠶᠡᠰ ᠪᠢ ᠰᠠ‍‌ᠶᠢ ᠰᠥᠷᠥᠭ ᠴᠢᠨ᠋ᠸ᠎ᠠ ᠳᠤ ᠪᠦᠰᠡᠯᠡᠭ᠍ᠳᠡᠭ᠍ᠰᠡᠨ ᠶ᠋ᠢᠠᠨ ᠮᠠᠳᠠᠵᠣ᠂ ᠬᠤᠢ᠌ᠬ᠎ᠠ ᠶᠢᠨ ᠦᠰᠤ ᠪᠣᠰᠪᠠ᠃ ᠣᠨᠣᠭᠰᠠᠨ ᠮᠣᠷᠢ ᠬᠠᠮᠠᠷ ᠲᠣᠷᠬᠢᠭᠣᠯᠣᠨ ᠡᠢ᠌ᠰᠢ ᠲᠠᠢ᠌ᠰᠢ ᠬᠣᠯᠮᠠᠯᠵᠠᠨ᠎ᠠ᠃ ᠦᠯᠥᠨ ᠴᠢᠨᠣ ᠠ ᠨᠣᠭᠣᠳ ᠬᠣᠷᠴᠠ ᠰᠣᠶᠣᠭ᠎ᠠ ᠪᠠᠨ ᠢᠷᠵᠠᠢ᠌ᠯᠭᠠᠨ ᠠᠷᠬᠢᠷᠠᠵᠣ᠂ ᠨᠢᠬᠡ ᠯᠠ ᠲᠠᠭᠠᠷᠢᠮᠠᠭᠴᠠ ᠶᠢᠰᠣᠨ ᠲᠠᠢ᠌ᠰᠢ ᠲᠠᠯᠠᠨ ᠲᠠᠳᠠᠬᠣ ᠪᠠᠷ ᠪᠡᠯᠡᠬᠡᠨ ᠪᠣᠯᠣᠭᠰᠠᠨ ᠪᠠᠢ᠌ᠯ᠎ᠠ᠃ ᠠᠶᠣᠬᠣ ᠶᠢᠨ ᠡᠷᠬᠡ ᠪᠠᠷ ᠪᠢ᠄

᠊᠊᠊᠊᠊᠊᠊᠊᠊᠊᠊᠊᠊᠊᠊ ᠠᠮᠢ ᠠᠪᠣᠷᠠ︕ ᠬᠡᠵᠦ ᠴᠢᠨᠡᠬᠡ ᠮᠠᠳᠠᠨ ᠪᠠᠷᠬᠢᠷᠠᠬᠣ ᠳᠤ ᠠᠭᠣᠯᠠ ᠬᠠᠳᠠ ᠪᠠᠰᠠ᠄ 《ᠠᠮᠢ ᠊᠊᠊᠊᠊᠊᠊᠊᠊᠊᠊᠊᠊᠊᠊ ᠠᠪᠣᠷᠠ ᠊᠊᠊᠊᠊᠊᠊᠊᠊᠊᠊᠊᠊᠊᠊》 ᠬᠡᠵᠦ ᠣᠷᠳᠣᠬᠠᠨ ᠴᠣᠣᠷᠢᠶ᠎ᠠ ᠲᠠᠳᠠᠨ᠎ᠠ᠃ ᠭᠣᠳᠣᠯ ᠤᠨ ᠲᠥᠷᠡᠢ ᠳᠡᠭᠡᠨ ᠬᠠᠪᠴᠢᠭᠣᠯᠣᠭᠰᠠᠨ ᠬᠡᠳᠡ ᠬᠢᠳᠣᠭ᠎ᠠ ᠪᠠᠨ ᠠᠪᠬᠣ ᠴᠤ ᠰᠡᠬᠡᠬᠡ ᠪᠠᠢ᠌ᠭᠰᠠᠨ ᠦᠭᠡᠶ᠃ ᠮᠣᠷᠢ ᠣᠬᠣᠷᠢᠭᠰᠠᠭᠠᠷ ᠡᠭᠴᠡ ᠬᠠᠳᠠᠨ ᠤ ᠲᠣᠣᠷ᠎ᠠ ᠣᠴᠢᠪᠠ᠃ ᠣᠯᠠᠩᠭ᠋ᠠᠰᠣᠭᠰᠠᠨ ᠴᠢᠨ᠋ᠸ᠎ᠠ ᠨᠣᠭᠣᠳ ᠬᠦᠷᠢᠶᠡᠯᠡᠨ ᠠᠪᠴᠣ ᠢᠳᠡᠭ ᠢᠳᠡᠭ  ᠶ᠋‍ᠢᠡᠷ ᠤᠢ᠌ᠷᠠᠳᠣᠨ᠎ᠠ᠃ ᠡᠨᠠ ᠬᠥ ᠭ᠍ᠱᠡᠨ ᠳᠤ ᠣᠢ ᠲᠣᠳᠣᠷ᠎ᠠ ᠡᠴᠡ ᠬᠡᠨᠡᠳᠳᠡ ᠫᠣᠤ ᠶᠢᠨ ᠲᠠᠭᠣᠨ ᠭᠠᠷᠴᠣ ᠬᠠᠮᠣᠭ ᠤᠢ᠌ᠷ᠎ᠠ ᠪᠠᠢ᠌ᠭᠰᠠᠨ ᠴᠢᠨ᠋ᠸ᠎ᠠ ᠭᠠᠰᠠᠯᠠᠬᠣ ᠶᠢᠨ ᠵᠠᠪ ᠦᠭᠡᠶ ᠲᠠᠷᠠᠢ᠌ᠨ ᠣᠨᠠᠬᠣ ᠳᠤ ᠨᠦᠬᠥᠬᠡ ᠬᠡᠲᠦ ᠨᠢ ᠴᠤ ᠭᠠᠰᠠᠯᠵᠣ ᠭᠠᠩᠬᠢᠨᠠᠭᠰᠠᠭᠠᠷ ᠪᠣᠳᠠᠨ ᠲᠣᠮᠳᠠᠭᠣᠷ ᠠᠮᠢ ᠵᠤᠯᠪᠠᠨ ᠲᠣᠳᠠᠭᠠᠪᠠ᠃ ᠣᠢ ᠲᠣᠳᠣᠷ᠎ᠠ ᠡᠴᠡ ᠴᠣᠯᠭᠣᠢ ᠠᠷᠠᠰᠣᠨ ᠬᠣᠪᠴᠠᠰᠣ ᠲᠡᠶ ᠠᠩᠴᠢᠨ ᠭᠠᠷᠴᠣ ᠢᠷᠡᠬᠡᠥᠨ᠄

᠊᠊᠊᠊᠊᠊᠊᠊᠊᠊᠊᠊᠊᠊᠊ ᠬᠡᠳᠥᠢ ᠠᠶᠣᠮᠰᠢᠭᠳᠠᠢ ᠪᠣᠢ︖ ᠴᠢ ᠲᠠᠪᠠᠭᠣ ᠵᠤᠯ ᠲᠡᠶ ᠬᠦᠮᠥᠨ ᠡ︕ ᠬᠡᠵᠦ ᠰᠢᠳᠣ ᠪᠠᠨ ᠢᠷᠵᠠᠢ᠌ᠯᠭᠠᠨ ᠲᠠᠷᠠᠢ᠌ᠨ ᠣᠨᠠᠭᠰᠠᠨ ᠴᠢᠨ᠋ᠸ᠎ᠠ ᠶᠢ ᠵᠢᠭᠠᠵᠣ ᠬᠡᠯᠡᠨ᠎ᠡ᠃ ᠪᠢ ᠰᠠ‍‌ᠶᠢ ᠰᠡᠬᠡᠰᠬᠢᠵᠦ ᠮᠣᠷᠢᠨ ᠡᠴᠡ ᠪᠠᠨ ᠪᠠᠭᠣᠯ᠎ᠠ᠃ ᠠᠩᠴᠢᠨ ᠦᠬᠡᠷ ᠴᠢᠯᠠᠭᠣᠨ ᠲᠡᠬᠡᠷ᠎ᠡ ᠰᠠᠭᠤᠭᠠᠳ᠄

᠊᠊᠊᠊᠊᠊᠊᠊᠊᠊᠊᠊᠊᠊᠊ ᠬᠡᠷ ᠴᠢᠨᠢ ᠬᠠᠮᠢᠭᠠᠬᠢ︖ ᠬᠡᠬᠥ ᠳᠤ᠂ ᠪᠢ ᠡᠭ᠌ ᠮᠡᠭ ᠬᠡᠥᠨ ᠬᠠᠷᠢᠭᠣᠯᠣᠭᠰᠠᠨ ᠦᠭᠡᠶ᠃ ᠲᠠᠷᠠ ᠲᠠᠬᠢᠨ᠄

᠊᠊᠊᠊᠊᠊᠊᠊᠊᠊᠊᠊᠊᠊᠊ ᠠᠪᠠ ᠬᠢᠵᠣ ᠪᠠᠢ᠌ᠨ᠎ᠠ ᠦᠦ︖ ᠬᠡᠬᠥ ᠳᠤ ᠪᠢ ᠲᠣᠯᠣᠭᠠᠢ ᠲᠣᠬᠢᠪᠠ᠃

᠊᠊᠊᠊᠊᠊᠊᠊᠊᠊᠊᠊᠊᠊᠊ ᠡᠨᠠ ᠲᠠᠢ᠌ᠨ ᠲᠠᠵᠢᠨ ᠤ ᠰᠠᠮᠠᠭᠣᠨ ᠴᠠᠭ ᠭᠠᠭᠴᠠ ᠵᠠᠷᠢᠮ ᠶᠢᠠᠷ ᠶᠠᠪᠣᠬᠣ ᠳᠠᠭᠠᠨ ᠬᠡᠷᠰᠠᠥᠯᠠᠪᠡᠯ ᠲᠡᠬᠡᠷ᠎ᠡ︕ ᠬᠡᠵᠦ ᠠᠩᠴᠢᠨ ᠨᠠᠳᠠ ᠰᠠᠨᠠᠭᠣᠯᠵᠣ ᠬᠡᠯᠡᠬᠥ ᠶᠢᠨ ᠲᠠᠭᠠᠤ ᠡᠪᠣᠷ ᠡᠴᠡ ᠪᠠᠨ ᠰᠢᠷᠠᠭᠰᠠᠨ ᠮᠢᠬ᠎ᠠ ᠭᠠᠷᠭᠠᠵᠣ ᠨᠠᠳᠠ ᠨᠢᠬᠡ ᠪᠣᠷᠴᠠ ᠦᠭ‍ᠪᠡ᠃ ᠲᠠᠬᠢᠨ ᠡᠪᠣᠷ ᠶ᠋ᠢᠠᠨ ᠲᠠᠮᠳᠠᠷᠢᠵᠣ ᠬᠠᠪᠳᠠᠭᠠᠢ ᠯᠣᠩᠬᠤ ᠲᠡᠶ ᠶᠠᠭᠣᠮ᠎ᠠ ᠭᠠᠷᠭᠠᠭᠠᠳ ᠦᠪᠡᠷ ᠶᠢᠠᠨ ᠨᠢᠬᠡ ᠪᠠᠯᠭᠣᠵᠣ ᠲᠠᠮᠰᠢᠶᠠᠯᠠᠭᠰᠠᠨ ᠶᠢᠠᠨ ᠨᠠᠳᠠ ᠦᠭ᠍‍ᠬᠥ ᠬᠡᠵᠦ ᠭᠠᠷ ᠰᠣᠩᠭ᠋ᠠᠪᠠ᠃ ᠠᠷᠢᠬᠢᠨ ᠤ ᠦᠨᠥᠷ ᠰᠠᠩᠬᠢᠨᠡᠬᠥ ᠪᠠᠷ ᠪᠢ ᠲᠣᠯᠣᠭᠠᠢ ᠰᠠᠵᠢᠪᠠ᠃

᠊᠊᠊᠊᠊᠊᠊᠊᠊᠊᠊᠊᠊᠊᠊ ᠰᠣᠨᠣᠰᠬᠣ ᠳᠤ ᠬᠠᠷ᠎ᠠ ᠯᠣᠣᠰ ᠤᠨ ᠲᠡᠬᠡᠷᠡᠮ᠂ ᠲᠠᠷᠪᠠ ᠵᠠᠯᠠᠨ ᠲᠡᠶ ᠨᠠᠢ᠌ᠯᠠᠨ ᠪᠣᠰᠴᠣ ᠭᠠᠷᠣᠭᠠᠳ ᠪᠠᠯᠣ ᠬᠤᠢ᠌ᠨ᠎ᠠ ᠡᠴᠡ ᠨᠢ ᠨᠡᠬᠡᠵᠦ ᠪᠠᠢ᠌ᠨ᠎ᠠ ᠬᠡᠨ᠎ᠡ᠃ ᠪᠠᠯᠣ ᠲᠡᠶ ᠲᠠᠭᠠᠷᠠᠪᠠᠯ ᠬᠠᠮᠢᠶ᠎ᠠ ᠦᠭᠡᠶ᠂ ᠲᠠᠳᠠ ᠡᠬᠡᠯ ᠠᠷᠠᠳ ᠢ ᠬᠣᠣᠷᠯᠠᠬᠣ ᠦᠭᠡᠶ ᠶᠣᠮ᠃ ᠲᠡᠬᠡᠷᠡᠮ ᠬᠡᠳᠡᠭ ᠴᠢᠨᠢ ᠬᠠᠷᠢᠨ ᠬᠦᠮᠥᠨ ᠠᠯᠠᠭᠠᠳ ᠨᠢᠳᠣ ᠴᠠᠪᠴᠢᠬᠤ ᠦᠭᠡᠶ ᠣᠯᠣᠰ ᠰᠢᠤ ᠬᠡᠨ᠎ᠡ᠃ ᠪᠢ ᠠᠩᠴᠢᠨ ᠤ ᠶᠠᠷᠢᠬᠤ ᠶᠢ ᠲᠣᠭᠣᠢ ᠯᠨ ᠰᠣᠨᠣᠰᠴᠣ ᠰᠠᠭᠣᠪᠠ᠃

ᠬᠠᠷᠢᠬᠤ ᠵᠠᠮ ᠳᠠᠭᠠᠨ ᠪᠢ᠂ ᠪᠠᠯᠣ ᠶᠢᠨ ᠲᠣᠬᠠᠢ ᠪᠣᠳᠣᠭᠰᠠᠭᠠᠷ ᠪᠠᠢ᠌ᠪᠠ᠃ 《ᠪᠠᠯᠣ ᠰᠠᠢ᠌ᠨ ᠬᠦᠮᠥᠰ ᠰᠢᠤ᠂ ᠡᠬᠡᠯ ᠠᠷᠠᠳ ᠢ ᠬᠣᠣᠷᠯᠠᠳᠠᠭ ᠦᠭᠡᠶ》 ᠬᠡᠰᠡᠨ ᠠᠩᠴᠢᠨ ᠤ ᠦᠬᠡ ᠠᠬᠢᠨ ᠲᠠᠬᠢᠨ ᠪᠣᠳᠣᠭᠳᠠᠨ᠎ᠠ᠃ ᠪᠢ ᠲᠠᠮᠠᠭᠠᠳᠣ ᠴᠡᠷᠢᠭ᠌ ᠢ ᠦᠵᠡᠵᠦ ᠥᠩᠬᠡᠷᠡᠪᠡ᠃ ᠨᠠᠷᠠᠨ ᠴᠡᠷᠢᠭ᠌ ᠲᠡᠶ ᠴᠤ ᠬᠠᠷᠭᠣᠭᠰᠠᠨ᠃ ᠡᠨᠠ ᠪᠠᠯᠣ ᠬᠡᠳᠡᠭ ᠨᠢ ᠴᠤᠬᠤᠮ ᠶᠠᠠᠮᠷ ᠴᠡᠷᠢᠭ᠌ ᠪᠣᠯᠬᠣ ᠶᠢ ᠪᠢ ᠮᠡᠳᠡᠬᠥ ᠦᠭᠡᠶ ᠪᠠᠢ᠌ᠪᠠ᠃ ᠬᠠᠷᠢᠵᠣ ᠢᠷᠡᠭ᠍ᠰᠡᠨ ᠤ ᠲᠠᠷᠠᠭ᠎ᠠ ᠪᠢ ᠡᠨᠠ ᠣᠴᠢᠷ ᠢ ᠬᠡᠨ ᠳᠤ ᠴᠤ ᠬᠡᠯᠡᠭ᠍ᠰᠡᠨ ᠦᠭᠡᠶ ᠥᠩᠬᠡᠷᠡᠬᠥᠯᠪᠡ᠁

ᠰᠢᠭᠣᠷᠭ᠎ᠠ ᠨᠠᠮᠵᠢᠵᠣ ᠴᠠᠰᠣ ᠪᠣᠷᠠᠬᠣ ᠪᠠᠨ ᠵᠤᠭᠰᠣᠭᠰᠠᠨ ᠡᠪᠣᠯ ᠤᠨ ᠨᠢᠬᠡ ᠡᠳᠣᠷ ᠤᠨ ᠪᠦᠷᠥᠢ ᠲᠠᠰᠣᠷᠠᠬᠣ ᠦᠶ᠎ᠡ ᠪᠠᠷ ᠱᠠᠭᠠᠵᠠᠭᠠᠢ ᠬᠣᠳᠠ ᠶᠢᠨ ᠪᠠᠷᠠᠭᠣᠨ ᠬᠤᠢ᠌ᠨ᠎ᠠ ᠡᠴᠡ ᠬᠡᠳᠥᠨ ᠮᠣᠷᠢᠳᠠᠨ ᠲᠣᠭᠰᠢᠭᠣᠯᠣᠭᠰᠠᠭᠠᠷ ᠣᠷᠣᠵᠣ ᠢᠷᠠᠪᠠ᠃ ᠲᠠᠳᠠ ᠨᠠᠷᠢᠨ ᠭᠣᠳᠣᠮᠵᠢ ᠪᠠᠷ ᠮᠣᠰᠬᠢᠷᠠᠯᠳᠣᠨ ᠶᠠᠪᠣᠭᠰᠠᠭᠠᠷ ᠨᠢᠬᠡ ᠶᠡᠬᠡ ᠬᠦᠷᠢᠶᠡᠨ ᠳᠤ ᠣᠷᠣᠵᠣ ᠢᠷᠡᠬᠡᠥᠨ ᠡᠮᠣᠨ᠎ᠠ ᠶᠠᠪᠣᠭ᠎ᠠ ᠬᠦᠮᠥᠨ ᠨᠢ ᠮᠣᠷᠢᠨ ᠡᠴᠡ ᠪᠠᠨ ᠪᠠᠭᠣᠬᠣ ᠳᠤ ᠲᠠᠭᠠᠯᠳᠣᠭᠰᠠᠨ ᠬᠡᠲᠦ ᠨᠢ ᠴᠤ ᠲᠥᠷᠣᠬᠡ ᠮᠣᠯᠳᠣᠯᠠᠪᠠ᠃ ᠵᠢᠬᠥᠷ ᠤᠨ ᠬᠡᠷ ᠡᠴᠡ ᠬᠡᠳᠥᠨ ᠬᠦᠮᠥᠨ ᠭᠠᠷᠴᠣ ᠢᠷᠡᠬᠡᠥᠨ ᠮᠣᠷᠢᠳ ᠢ ᠨᠢ ᠰᠠᠷᠠᠪᠴᠢᠨ ᠲᠣᠣᠷ᠎ᠠ ᠠᠪᠠᠴᠢᠪᠠ᠃ ᠴᠢᠮᠡᠬᠡ ᠬᠡᠯᠡᠬᠥ ᠪᠠᠷ ᠣᠷᠣᠭᠰᠠᠨ ᠬᠦᠮᠥᠨ ᠪᠥᠭ᠌ ᠪᠥᠭ᠌ ᠬᠦᠶᠥᠵᠦ ᠢᠷᠡᠬᠡᠥᠨ᠄

᠊᠊᠊᠊᠊᠊᠊᠊᠊᠊᠊᠊᠊᠊᠊ ᠲᠣᠳᠣᠭᠰᠢ ᠮᠣᠷᠢᠯᠨ︕ ᠬᠡᠵᠦ ᠭᠠᠷ ᠲᠠᠯᠪᠢᠨ ᠵᠤᠭᠰᠣᠪᠠ᠃ ᠬᠠᠷ᠎ᠠ ᠯᠣᠣᠰ ᠬᠣᠪᠴᠠᠰᠣᠨ ᠲᠡᠬᠡᠷᠡᠬᠢ ᠰᠢᠷᠣᠢ ᠲᠣᠭᠣᠰᠣ ᠪᠠᠨ ᠬᠦᠪᠢᠬᠡᠥᠨ ᠭᠣᠣᠯ ᠬᠡᠷ ᠤᠨ ᠡᠬᠥᠳᠡ ᠣᠷᠣᠭᠣ ᠴᠠᠳᠬᠣᠯᠠᠩ ᠲᠡᠮᠠᠬᠡ ᠰᠢᠭ᠌ ᠴᠠᠰᠣ ᠱᠠᠵᠢᠬᠢᠨᠠᠭᠣᠯᠣᠨ ᠯᠡᠨᠳᠡᠭ ᠯᠡᠨᠳᠡᠭ ᠠᠯᠬᠣᠪᠠ᠃ ᠬᠡᠷ ᠲᠤ ᠨᠢ ᠣᠷᠣᠪᠠᠯ ᠬᠢᠯᠠᠩ ᠲᠣᠯᠣᠭᠠᠢ ᠲᠡᠶ ᠵᠦᠵᠢᠷ ᠬᠠᠷ᠎ᠠ ᠡᠷ᠎ᠠ ᠪᠣᠰᠴᠣ ᠢᠷᠡᠬᠡᠥᠨ᠄

᠊᠊᠊᠊᠊᠊᠊᠊᠊᠊᠊᠊᠊᠊᠊ ᠣ᠂ ᠯᠣᠣᠰ ᠵᠠᠯᠠᠷᠠᠵᠣ ᠪᠠᠭᠣᠯ᠎ᠠ᠃ ᠮᠣᠷᠢᠯᠨ᠂ ᠮᠣᠷᠢᠯᠨ︕ ᠬᠡᠵᠦ ᠬᠠᠴᠢᠨ ᠠᠯᠪᠠᠷᠠᠬᠣ ᠶᠠᠩᠵᠣ ᠲᠡᠶ ᠦᠬᠡᠯᠡᠨ᠎ᠡ᠃ ᠬᠠᠷ᠎ᠠ ᠯᠣᠣᠰ ᠭᠠᠷ ᠢ ᠨᠢ ᠠᠳᠬᠣᠵᠣ᠄

᠊᠊᠊᠊᠊᠊᠊᠊᠊᠊᠊᠊᠊᠊᠊ ᠡᡁᠧᠢ ᠰᠧᠯᠢᠩ ᠯᠠᠭᠱᠠᠨ ᠲᠣᠩᠭ᠋ᠠᠯᠠᠭ ᠪᠢᠵᠠ︖ ᠬᠡᠵᠦ ᠮᠡᠨᠳᠥᠯᠠᠬᠡᠥᠨ᠂ ᠲᠠᠷᠪᠠ ᠵᠠᠯᠠᠨ ᠢ ᠴᠠᠭᠠᠳᠣᠬᠢ ᠳᠠᠭᠠᠨ ᠲᠠᠨᠢᠯᠴᠠᠭᠣᠯᠵᠣ ᠦᠭ‍ᠪᠡ᠃ ᠡᡁᠧᠢ ᠰᠧᠯᠢᠩ᠄

᠊᠊᠊᠊᠊᠊᠊᠊᠊᠊᠊᠊᠊᠊᠊ ᠪᠠᠶᠠᠠᠴᠠᠭᠠᠨ ᠤ ᠲᠠᠷᠪᠠᠭ᠎ᠠ ᠬᠡᠵᠦ ᠬᠡᠯᠡᠬᠡᠥᠨ ᠪᠠᠢ᠌ᠭᠰᠠᠨ ᠴᠢᠨᠢ ᠲᠠ ᠶᠣᠮ ᠦᠦ︖ ᠬᠡᠵᠦ ᠠᠮᠨ ᠲᠠᠷᠪᠠᠢ᠌ᠨ ᠢᠨᠢᠶᠡᠬᠡᠥᠨ ᠬᠢᠯᠠᠩ ᠲᠣᠯᠣᠭᠠᠢ ᠪᠠᠨ ᠢᠯᠪᠢᠪᠠ᠃ ᠡᡁᠧᠢ ᠰᠧᠯᠢᠩ ᠪᠣᠯ ᠮᠦᠨ ᠴᠤ ᠡᠨᠠ ᠬᠠᠪᠢ ᠶᠢᠨ ᠶᠢᠠᠨ ᠲᠡᠬᠡᠷᠡᠮ ᠤᠨ ᠲᠥᠷᠣᠬᠥᠤ ᠪᠠᠢ᠌ᠯ᠎ᠠ᠃ ᠣᠳᠠᠯ ᠦᠭᠡᠶ ᠰᠢᠷᠡᠬᠡ ᠵᠠᠰᠠᠭᠳᠠᠪᠠ᠃ ᠠᠮᠳᠠᠳᠣ ᠰᠠᠷᠬᠣᠳ ᠬᠣᠪᠣᠷ ᠢᠳᠡᠬᠡᠨ ᠰᠢᠷᠡᠬᠡ ᠲᠦᠬᠥᠷᠠᠩ ᠦᠷᠥᠭᠳᠡᠵᠦ ᠲᠠᠳᠠ ᠬᠣᠠᠳᠠᠭ᠎ᠠ ᠡᠷᠬᠥᠵᠡᠬᠡᠪᠡ᠃ ᠬᠡᠲᠦ ᠲᠣᠭᠣᠷᠢᠭᠰᠠᠨ ᠤ ᠲᠠᠷᠠᠭ᠎ᠠ ᠡᠷᠠᠬᠡ ᠵᠢᠷᠣᠭ᠎ᠠ ᠦᠭᠡᠶ ᠪᠣᠯᠵᠣ ᠡᡁᠧᠢ ᠰᠧᠯᠢᠩ᠄

᠊᠊᠊᠊᠊᠊᠊᠊᠊᠊᠊᠊᠊᠊᠊ ᠪᠠᠢ᠌ᠳᠠᠯ ᠢ ᠨᠢ ᠦᠵᠡᠬᠥ ᠳᠤ ᠡ᠊ᠠᠳᠠ ᠣᠳᠠᠭᠠᠨ ᠰᠠᠭᠣᠵᠣ ᠪᠣᠯᠬᠣ ᠭᠠᠵᠠᠷ ᠪᠢᠰᠢ᠂ ᠬᠣᠵᠢᠮ ᠤᠨ ᠡᠳᠣᠷ ᠬᠣᠶᠠᠷ ᠲᠡᠬᠥᠤ ᠶᠢ ᠵᠤᠪᠠᠭᠠᠨ᠎ᠠ ᠳᠠ ! ᠬᠡᠵᠦ ᠵᠠᠮ ᠶᠢᠠᠨ ᠵᠠᠰᠠᠵᠣ ᠬᠡᠯᠡᠨ᠎ᠡ᠃ ᠡᠨᠠ ᠦᠬᠡ ᠨᠢ ᠲᠠᠳᠠ ᠬᠣᠶᠠᠭᠣᠯᠠ ᠶᠢᠨ ᠢᠷᠡᠭ᠍ᠰᠡᠨ ᠣᠴᠢᠷ ᠶᠢᠠᠨ ᠭᠠᠷᠭᠠᠵᠣ ᠬᠡᠯᠡᠬᠥ ᠰᠠᠢ᠌ᠨ ᠲᠣᠬᠢᠶᠠᠯ ᠬᠡᠵᠦ ᠪᠣᠳᠣᠭᠰᠠᠨ ᠬᠠᠷ᠎ᠠ ᠯᠣᠣᠰ᠄

᠊᠊᠊᠊᠊᠊᠊᠊᠊᠊᠊᠊᠊᠊᠊ ᠲᠡᠬᠡᠪᠡᠯ ᠪᠢᠳᠠ ᠡᠠᠬ᠎ᠠ ᠶᠢᠨ ᠶᠡᠬᠡ ᠨᠥᠮᠥᠷᠢ ᠳᠤ ᠬᠣᠷᠭᠣᠳᠠᠵᠣ᠂ ᠵᠤᠪᠠᠬᠣ ᠣᠴᠢᠷ ᠦᠭᠡᠶ ᠪᠣᠯᠣᠨ᠎ᠠ᠃ ᠬᠡᠪᠡᠴᠦ ᠣᠳᠣ ᠲᠡᠬᠡᠷ᠎ᠡ ᠪᠠᠨ ᠪᠠᠬᠠᠨ ᠪᠠᠷᠢᠳᠠᠯ ᠲᠣᠳᠠᠵᠣ ᠪᠠᠢ᠌ᠬᠣ ᠡᠴᠡ ᠡᠠᠬ᠎ᠠ ᠶᠢ ᠵᠤᠪᠠᠭᠠᠬᠣ ᠪᠠᠷ ᠢᠷᠠᠯ᠎ᠠ ᠬᠡᠵᠦ ᠰᠢᠭᠣᠳ ᠬᠡᠯᠡᠪᠡ᠃ ᠡᡁᠧᠢ ᠰᠧᠯᠢᠩ ᠰᠣᠨᠣᠰᠣᠭᠠᠳ ᠮᠦᠨ ᠯᠠ ᠲᠣᠯᠣᠭᠠᠢ ᠪᠠᠨ ᠢᠯᠪᠢᠨ᠄

᠊᠊᠊᠊᠊᠊᠊᠊᠊᠊᠊᠊᠊᠊᠊ ᠦᠨᠦ ᠴᠢᠨᠢ ᠣᠯᠠᠭᠠᠨ ᠤ ᠴᠡᠷᠢᠭ᠌ ᠣᠷᠳᠣᠭᠣᠷ ᠬᠤᠢ᠌ᠭᠣᠷ ᠡᠴᠡ ᠰᠢᠬᠠᠭᠠᠳ᠂ ᠶᠠᠪᠣᠵᠣ ᠰᠠᠭᠣᠬᠣ ᠳᠤ ᠲᠦᠪᠡᠭ᠌ ᠪᠣᠯᠴᠢᠬᠠᠯ᠎ᠠ᠃ ᠬᠡᠪᠡᠴᠦ ᠡᠠᠬ᠎ᠠ ᠨᠢ ᠠᠷᠭᠠᠴᠠᠴᠢᠬᠠᠨ᠎ᠠ︕ ᠵᠠ᠂ ᠣᠣᠭᠣ᠂ ᠣᠣᠭᠣ ᠬᠡᠵᠦ ᠶᠠᠩᠨᠠᠨ᠎ᠠ᠃ ᠡᡁᠧᠢ ᠰᠧᠯᠢᠩ ᠬᠡᠨᠡᠳᠳᠡ ᠪᠠᠢ᠌ᠭᠰᠠᠭᠠᠷ ᠡᠪᠰᠢᠶᠠᠵᠣ ᠨᠠᠢ᠌ᠳᠠᠭᠠᠯᠭᠠᠨ ᠲᠣᠳᠣᠷ᠎ᠠ ᠬᠡᠷ ᠲᠡᠭᠡᠨ ᠶᠠᠭᠠᠷᠠᠨ ᠣᠷᠣᠪᠠ᠃ ᠬᠠᠷ᠎ᠠ ᠯᠣᠣᠰ ᠠᠷᠤ ᠡᠴᠡ ᠨᠢ ᠬᠠᠷᠠᠭᠰᠠᠭᠠᠷ᠄

᠊᠊᠊᠊᠊᠊᠊᠊᠊᠊᠊᠊᠊᠊᠊ ᠦᠨᠦᠬᠢ ᠶᠢᠨ ᠴᠢᠨᠢ ᠬᠠᠷ᠎ᠠ ᠲᠠᠮᠠᠬᠢᠨ ᠤ ᠬᠣᠷᠣᠬᠠᠢ ᠨᠢ ᠬᠦᠳᠡᠯᠴᠢᠬᠡᠵᠡᠢ᠃ ᠣᠳᠠᠬᠣ ᠦᠭᠡᠶ ᠰᠡᠷᠪᠡᠯᠵᠡᠬᠡᠥᠨ ᠭᠠᠷᠣᠭᠠᠳ ᠢᠷᠠᠨ᠎ᠠ ᠬᠡᠵᠦ ᠲᠠᠷᠪᠠ ᠵᠠᠯᠠᠠᠨ ᠳᠤ ᠰᠢᠪᠠᠨᠠᠪᠠ᠃

ᠲᠠᠷᠠ ᠣᠷᠣᠢ ᠬᠠᠷ᠎ᠠ ᠯᠣᠣᠰ᠂ ᠲᠠᠷᠪᠠ ᠬᠣᠶᠠᠭᠣᠯᠠ ᠠᠪᠠᠴᠢᠭᠰᠠᠨ ᠪᠣᠯᠠᠭ᠎ᠠ ᠶᠢᠨ ᠠᠷᠠᠰᠣ᠂ ᠪᠣᠭᠣ ᠶᠢᠨ ᠴᠢᠰᠣᠨ ᠡᠪᠠᠷ ᠵᠠᠷᠬᠡ ᠪᠠᠷ ᠬᠦᠷᠥᠯᠴᠡᠬᠦᠢ᠌ᠴᠡ ᠫᠣᠤ ᠰᠣᠮᠣ ᠣᠯᠣᠭᠠᠳ ᠰᠠᠳᠬᠢᠯ ᠬᠠᠨᠣᠮᠵᠢᠳᠠᠢ ᠭᠠᠷᠴᠣ ᠢᠷᠠᠪᠠ᠃ ᠡᠬᠥᠳᠡᠨ ᠲᠡᠬᠡᠷ᠎ᠡ ᠨᠢ ᠢᠷᠡᠬᠡᠥᠨ ᠬᠠᠷ᠎ᠠ ᠯᠣᠣᠰ᠄

᠊᠊᠊᠊᠊᠊᠊᠊᠊᠊᠊᠊᠊᠊᠊ ᠪᠢ ᠴᠢᠮᠢ᠋ᠢ ᠨᠢᠬᠡ ᠭᠠᠵᠠᠷ ᠲᠠᠭᠠᠭᠣᠯᠵᠣ ᠣᠴᠢᠶ᠎ᠠ᠃ ᠲᠠᠠᠳᠠ ᠬᠠᠷᠢᠨ ᠬᠡᠨ ᠬᠡᠳᠡᠭ ᠶᠢᠠᠨ ᠮᠡᠳᠡᠭ᠍ᠳᠡᠵᠦ ᠪᠣᠯᠬᠣ ᠦᠭᠡᠶ ᠰᠢᠤ ᠬᠡᠪᠡ᠃ ᠲᠠᠳᠠ ᠶᠠᠪᠣᠭᠰᠠᠭᠠᠷ ᠨᠢᠬᠡᠨ ᠠᠰᠠᠷ ᠲᠤ ᠣᠷᠣᠵᠣ ᠢᠷᠠᠪᠠ᠃ ᠣᠯᠠᠭᠠᠨ ᠨᠣᠭᠣᠭᠠᠨ ᠳ᠋ᠸᠩ ᠲᠣᠧᠨᠯᠡᠵᠦ᠂ ᠭᠣᠶ᠎ᠠ ᠬᠠᠰᠠ ᠪᠠᠨ ᠢᠯᠨ ᠭᠠᠷᠭᠠᠭᠰᠠᠨ ᠡᠮᠠᠰ ᠵᠦᠷᠢᠯᠲᠦᠵᠦ ᠪᠠᠢ᠌ᠬᠣ ᠶᠢ ᠦᠵᠡᠬᠡᠥᠨ ᠲᠠᠷᠪᠠ ᠰᠠ‍‌ᠶᠢ ᠶᠠᠮᠠᠷ ᠭᠠᠵᠠᠷ ᠬᠡᠳᠡᠭ ᠢ ᠮᠠᠳᠠᠪᠠ᠃ ᠮᠥᠭ᠍ᠳᠡᠨ᠂ ᠬᠠᠷᠪᠢᠨ ᠶ᠋‍ᠢᠠᠷ ᠶᠠᠩᠬᠠᠨ ᠤ ᠬᠦᠷᠢᠶᠡᠯᠠᠩ ᠪᠠᠢ᠌ᠨ᠎ᠠ ᠬᠡᠵᠦ ᠰᠣᠨᠣᠰᠣᠭᠰᠠᠨ ᠡᠴᠡ ᠪᠢᠰᠢ ᠤᠢ᠌ᠷᠬᠠᠨ ᠪᠠᠢ᠌ᠭ᠎ᠠ ᠱᠠᠭᠠᠵᠠᠭᠠᠢ ᠬᠣᠳᠠ ᠳᠤ ᠪᠠᠰᠠ ᠡᠢ᠌ᠮᠣ ᠭᠠᠵᠠᠷ ᠪᠠᠢ᠌ᠬᠣ ᠶᠢ ᠮᠡᠳᠡᠬᠡᠥᠨ ᠮᠢᠬ᠎ᠠ ᠦᠵᠡᠭ᠍ᠰᠡᠨ ᠮᠣᠣᠷ ᠰᠢᠭ ᠰᠠᠬᠠᠯ ᠨᠢ ᠰᠡᠷᠪᠡᠢ᠌ᠬᠡᠥᠨ ᠢᠷᠠᠪᠠ᠃ ᠬᠦᠮᠥᠰᠬᠡ ᠨᠢᠳᠣ ᠪᠠᠨ ᠵᠢᠷᠣᠵᠣ᠂ ᠡᠣ᠋ ᠡᠩᠬᠡᠰᠬᠡ ᠰᠢᠪᠠᠭᠰᠠᠨ ᠲᠠᠷᠭᠣᠨ ᠡᠮ᠎ᠠ ᠲᠠᠳᠠᠨ ᠢ ᠣᠭᠳᠣᠨ ᠠᠪᠴᠣ᠄

᠊᠊᠊᠊᠊᠊᠊᠊᠊᠊᠊᠊᠊᠊᠊ ᠶᠣ᠋᠂ ᠬᠠᠷ᠎ᠠ ᠡᠠᠬ᠎ᠠ ᠬᠠᠮᠢᠭ᠎ᠠ ᠶᠠᠪᠣᠭᠠᠳ ᠣᠷᠴᠢᠮ ᠨᠠᠭᠠᠰᠢ ᠬᠠᠠᠳᠣᠭᠰᠠᠨ ᠦᠭᠡᠶ ᠪᠣᠢ︖ ᠬᠡᠵᠦ ᠬᠠᠷ᠎ᠠ ᠯᠣᠣᠰ ᠤᠨ ᠮᠥᠷᠤ ᠲᠠᠯᠣ ᠵᠢ ᠴᠢᠮᠬᠢᠨ ᠨᠠᠭᠠᠯᠢᠩᠬᠠᠢ᠌ᠯᠠᠭᠰᠠᠨ ᠶᠢᠠᠨ ᠲᠣᠳᠣᠷ᠎ᠠ ᠬᠡᠷ ᠣᠷᠣᠭᠣ᠄

᠊᠊᠊᠊᠊᠊᠊᠊᠊᠊᠊᠊᠊᠊᠊ ᠬᠡᠣᠬᠡᠠᠴᠥᠥᠨ ᠡ᠂ ᠵᠤᠴᠢᠨ ᠣᠭᠳᠣ︕ ᠬᠡᠵᠦ ᠪᠠᠷᠬᠢᠷᠠᠯ᠎ᠠ᠁

ᠬᠡᠬᠡ ᠣᠷᠣᠬᠣ ᠬᠢᠷᠢ ᠪᠠᠷ ᠬᠠᠷ᠎ᠠ ᠯᠣᠣᠰ ᠶᠠᠭᠠᠷᠠᠨ ᠲᠠᠷᠪᠠ ᠵᠠᠯᠠᠨ ᠢ ᠲᠠᠭᠣᠳᠠᠬᠣ ᠪᠠᠷ ᠢᠷᠡᠬᠥ ᠳᠤ ᠵᠠᠯᠠᠨ ᠮᠦᠨ ᠣᠯᠣᠭᠰᠠᠨ ᠡᠮ᠎ᠠ ᠶᠢᠨ ᠶᠢᠠᠨ ᠲᠡᠬᠡᠷ᠎ᠡ ᠣᠭᠣᠬᠢᠯᠠᠵᠣ ᠪᠠᠢ᠌ᠪᠠ᠃ ᠵᠠᠮ ᠳᠠᠭᠠᠨ ᠭᠠᠷᠣᠭᠠᠳ ᠲᠠᠷᠪᠠ᠄

᠊᠊᠊᠊᠊᠊᠊᠊᠊᠊᠊᠊᠊᠊᠊ ᠶᠢᠰᠤ ᠲᠠᠪᠠᠳᠠᠯ᠎ᠠ ᠠᠵᠢᠶᠠᠷᠬᠣ ᠴᠤ ᠦᠭᠡᠶ ᠣᠯᠠᠮ ᠱᠣᠳᠣᠷᠣᠨ᠎ᠠ ᠬᠦᠶ‍ᠢ ᠬᠡᠵᠦ ᠰᠦᠨᠢ ᠶᠢᠨ ᠶᠠᠪᠣᠳᠠᠯ ᠳᠠᠭᠠᠨ ᠰᠣᠭᠳᠣᠭᠣᠷᠠᠨ ᠬᠡᠯᠡᠬᠥ ᠳᠤ ᠬᠠᠷ᠎ᠠ ᠯᠣᠣᠰ᠄

᠊᠊᠊᠊᠊᠊᠊᠊᠊᠊᠊᠊᠊᠊᠊ ᠶᠠᠭᠠᠬᠢᠪᠠ︖ ᠶᠠᠩᠬᠠᠨ ᠡᠮ᠎ᠠ ᠳᠤ ᠲᠠᠳᠠᠭᠳᠠᠴᠢᠬᠠᠪᠠ ᠦᠦ︖ ᠴᠢ ᠭᠠᠷ ᠶᠢᠠᠨ ᠲᠡᠯᠬᠡᠵᠦ ᠦᠵᠡ︕ ᠬᠡᠪᠡ᠃ ᠲᠠᠷᠪᠠ᠂ ᠬᠣᠷᠣᠭᠣ ᠪᠠᠨ ᠭᠠᠷᠭᠠᠵᠣ ᠦᠵᠡᠪᠡᠯ ᠲᠣᠮᠳᠠ ᠬᠣᠷᠣᠭᠣᠨ ᠳᠠᠭᠠᠨ ᠵᠠᠬᠥᠵᠦ ᠪᠠᠢ᠌ᠭᠰᠠᠨ ᠠᠯᠳᠠᠨ ᠪᠦᠯᠡᠵᠡᠭ ᠨᠢ ᠠᠯᠠᠭ᠎ᠠ ᠪᠣᠯᠣᠭᠰᠠᠨ ᠪᠠᠢ᠌ᠯ᠎ᠠ᠃ ᠬᠠᠷ᠎ᠠ ᠯᠣᠣᠰ ᠡᠬᠥᠨ ᠢ ᠠᠩᠬᠠᠷᠣᠭᠠᠳ ᠵᠠᠪᠳᠣᠭᠰᠠᠨ ᠪᠠᠢ᠌ᠵᠠᠢ᠃ ᠲᠠᠷᠠ᠄

᠊᠊᠊᠊᠊᠊᠊᠊᠊᠊᠊᠊᠊᠊᠊ ᠰᠢᠳᠣᠷᠭᠣ ᠪᠠᠨ ᠱᠣᠯᠣᠵᠣ ᠰᠢᠮᠨᠣᠰ ᠶᠢᠠᠨ ᠲᠠᠬᠢᠬᠣ ᠭᠠᠵᠠᠷ ᠰᠢᠤ ᠲᠠᠠᠳᠠ ᠴᠢᠨᠢ︕ ᠨᠠᠳᠠ ᠲᠠᠭᠠᠷᠠᠭᠰᠠᠨ ᠡᠮ᠎ᠠ ᠲᠣᠯᠣᠳᠣᠭᠠᠷ ᠲᠡᠬᠡᠷ᠎ᠡ ᠪᠠᠨ ᠰᠢᠬᠡᠰᠦ ᠠᠯᠳᠠᠴᠢᠬᠠᠯ᠎ᠠ ᠬᠡᠵᠦ ᠵᠠᠪᠠᠵᠢ ᠪᠠᠷ ᠶᠢᠠᠨ ᠢᠨᠢᠶᠠᠪᠠ᠁

ᠰᠠᠷ᠎ᠠ ᠪᠣᠯᠣᠯ᠎ᠠ᠃ ᠬᠣᠰᠢᠭᠣᠨ ᠴᠡᠷᠢᠭ᠌ ᠴᠢᠮᠡᠬᠡ ᠦᠭᠡᠶ᠃ ᠪᠠᠯᠣ ᠴᠤ ᠪᠠᠷ᠎ᠠ ᠦᠭᠡᠶ ᠪᠠᠢ᠌ᠪᠠ᠃ ᠨᠢᠬᠡ ᠡᠳᠣᠷ ᠬᠠᠷ᠎ᠠ ᠯᠣᠣᠰ᠂ ᠲᠠᠷᠪᠠ ᠵᠠᠯᠠᠨ ᠲᠡᠶ ᠬᠣᠶᠠᠭᠣᠯᠠ ᠮᠠᠢ᠌ᠬᠠᠨ ᠳᠠᠭᠠᠨ ᠰᠠᠭᠣᠭᠠᠳ ᠮᠣᠩᠭ᠋ᠣᠯ ᠰᠢᠳᠠᠷ᠎ᠠ ᠨᠠᠭᠠᠳᠴᠣ ᠪᠠᠢ᠌ᠪᠠ᠃ ᠬᠠᠷᠠᠭᠠᠨ᠎ᠠ ᠶᠢᠨ ᠬᠣᠵᠣᠣᠯ᠎ᠠ ᠶ᠋‍ᠢᠨ ᠭᠠᠯ ᠣᠯᠠᠯᠵᠠᠵᠣ᠂ ᠲᠡᠬᠡᠷ᠎ᠡ ᠨᠢ ᠪᠣᠭᠣᠨ ᠮᠢᠬ᠎ᠠ ᠫᠣᠯ ᠫᠣᠯ ᠪᠣᠴᠠᠯᠣᠨ᠎ᠠ᠃ ᠬᠠᠷ᠎ᠠ ᠯᠣᠣᠰ ᠲᠡᠬᠡᠷ᠎ᠡ ᠪᠠᠶ᠎ᠠ ᠪᠠᠨ ᠨᠢᠴᠥᠬᠥᠯᠡᠵᠦ᠂ ᠰᠡᠬᠥᠵᠢ ᠲᠠᠷᠣᠨ ᠴᠡᠬᠡᠵᠢ ᠠᠯᠠᠭᠠᠳᠠᠴᠢᠬᠠᠭᠰᠠᠨ᠄

᠊᠊᠊᠊᠊᠊᠊᠊᠊᠊᠊᠊᠊᠊᠊ ᠱᠠᠭ︕ ᠬᠡᠵᠦ ᠲᠠᠷᠪᠠ ᠵᠠᠯᠠᠨ ᠢ ᠰᠢᠬᠠᠮᠳᠠᠭᠣᠯᠣᠨ᠎ᠠ᠃ ᠲᠠᠳᠠ ᠬᠤᠶᠠᠭᠤᠯᠠ ᠶᠢ ᠶᠠᠭ ᠰᠢᠳᠠᠷ᠎ᠠ ᠶᠢᠨ ᠪᠠᠬᠠᠨ ᠳᠤ ᠣᠷᠣᠵᠣ᠂ ᠢᠳᠠᠨ ᠲᠡᠬᠡᠷ᠎ᠡ ᠪᠠᠨ ᠪᠠᠢ᠌ᠳᠠᠯ᠎ᠠ ᠣᠢ ᠲᠣᠳᠣᠷ᠎ᠠ ᠡᠴᠡ ᠫᠣᠤ ᠶᠢᠨ ᠲᠠᠭᠣᠨ ᠭᠠᠷᠪᠠ᠃ ᠠᠩᠴᠢᠨ ᠪᠣᠭᠣ ᠬᠠᠷᠪᠣᠵᠣ ᠪᠠᠢ᠌ᠨ᠎ᠠ ᠬᠡᠵᠦ ᠪᠣᠳᠣᠭᠠᠳ ᠬᠣᠶᠠᠭᠣᠯᠠ ᠰᠡᠵᠢᠭ᠍ᠯᠡᠭ᠍ᠰᠡᠨ ᠴᠤ ᠦᠭᠡᠶ ᠦᠷᠬᠥᠯᠵᠢᠯᠡᠨ ᠨᠠᠭᠠᠳᠣᠨ᠎ᠠ᠃ ᠫᠣᠤ ᠶᠢᠨ ᠲᠠᠭᠣᠨ ᠣᠯᠠᠮ ᠰᠢᠷᠥᠬᠥᠰᠴᠦ᠂ ᠬᠦᠮᠥᠰ ᠦᠢᠮᠡᠯᠲᠦᠬᠥ ᠪᠠᠷ ᠲᠠᠳᠠ ᠰᠠ‍‌ᠶᠢ ᠪᠠᠢ᠌ᠳᠠᠯ ᠪᠢᠰᠢ ᠪᠣᠯᠣᠭᠰᠠᠨ ᠢ ᠮᠠᠳᠠᠵᠣ᠂ ᠫᠣᠤ ᠪᠠᠨ ᠰᠢᠬᠥᠷᠡᠨ ᠦᠰᠥᠷᠬᠢᠯᠡᠨ ᠭᠠᠷᠴᠣ ᠦᠵᠡᠪᠡᠯ ᠬᠣᠷᠢᠭᠣᠯ ᠤᠨ ᠵᠢᠯᠠᠭ᠎ᠠ ᠶᠢ ᠪᠠᠯᠣ ᠪᠦᠰᠡᠯᠠᠴᠢᠬᠡᠭ᠍ᠰᠡᠨ ᠪᠠᠢ᠌ᠯ᠎ᠠ᠃ ᠡ᠊ᠠᠳᠠ ᠲᠠᠠᠳᠠ ᠣᠯᠠᠭᠠᠨ ᠲᠣᠭ ᠲᠠᠷᠪᠠᠯᠵᠠᠨ ᠪᠦᠷᠢᠶᠡᠨ ᠲᠠᠭᠣ ᠬᠠᠩᠬᠢᠨᠠᠵᠣ᠂ ᠲᠣᠭ ᠤᠨ ᠲᠣᠣᠷ᠎ᠠ ᠮᠡᠭ᠍ᠵᠢᠬᠡᠷ ᠡᠪᠥᠬᠡᠨ᠂ ᠨᠣᠬᠠᠳᠠᠢ ᠬᠣᠶᠠᠭᠣᠯᠠ ᠵᠤᠭᠰᠣᠨ᠎ᠠ᠃ ᠲᠠᠳᠠ ᠬᠣᠶᠠᠭᠣᠯᠠ ᠪᠠᠯᠣ ᠶᠢ ᠵᠠᠮᠴᠢᠯᠠᠵᠣ ᠢᠷᠡᠭ᠍ᠰᠡᠨ ᠪᠠᠢ᠌ᠵᠠᠢ᠃ ᠲᠡᠭ᠍ᠷᠢ ᠡᠴᠠ ᠪᠠᠭᠣᠭᠠᠳ ᠢᠷᠡᠭ᠍ᠰᠡᠨ ᠰᠢᠭ᠌ ᠬᠡᠨᠡᠳᠳᠡ ᠡᠢ᠌ᠮᠣ ᠣᠯᠠᠨ ᠴᠡᠷᠢᠭ᠌ ᠭᠠᠷᠣᠭᠠᠳ ᠢᠷᠡᠬᠥ ᠳᠤ ᠲᠡᠬᠡᠷᠡᠮ ᠤᠨ ᠴᠡᠷᠢᠭ᠌ ᠣᠠᠳᠣᠢ ᠰᠣᠠᠳᠣᠢ ᠪᠠᠨ ᠠᠯᠳᠠᠷᠠᠵᠣ᠂ ᠫᠣᠤ ᠶᠢᠨ ᠰᠣᠮᠣ ᠪᠠᠨ ᠪᠦᠷ ᠰᠣᠯᠢᠭᠠᠳ ᠠᠪᠴᠢᠬᠠᠭᠰᠠᠨ ᠪᠠᠢ᠌ᠪᠠ᠃ ᠬᠠᠷ᠎ᠠ ᠯᠣᠣᠰ ᠦᠨᠳᠥᠷ ᠬᠡᠬᠡᠷ ᠮᠣᠷᠢᠨ  ᠳᠠᠭᠠᠨ ᠮᠣᠷᠳᠠᠵᠣ᠂ ᠭᠠᠯᠵᠠᠭᠣᠷᠠᠭᠰᠠᠨ ᠪᠣᠬ᠎ᠠ ᠰᠢᠭ ᠣᠷᠢᠯᠠᠨ ᠰᠣᠮᠣᠨ ᠮᠥᠨᠳᠥᠷ ᠤᠨ ᠲᠣᠣᠭᠣᠷ ᠰᠢᠷᠭᠣᠯᠠᠨ ᠣᠷᠣᠪᠠ᠃ ᠣᠷᠳᠣ ᠫᠣᠤ ᠶᠢᠨ ᠶ᠋‍ᠢᠠᠨ ᠰᠣᠮᠣ ᠶᠢ ᠮᠠᠷᠳᠠᠭᠰᠠᠨ ᠡᠴᠡ ᠬᠣᠯᠠ ᠰᠢᠳᠠᠨ ᠶᠠᠪᠣᠭᠣᠯᠵᠣ᠂ ᠭᠠᠷ ᠫᠣᠤ ᠪᠠᠨ ᠰᠣᠭᠣᠯᠣᠨ ᠠᠪᠣᠪᠠ᠃ ᠬᠤᠢ᠌ᠨ᠎ᠠ ᠡᠴᠡ ᠨᠢ ᠬᠡᠳᠥᠨ ᠲᠡᠬᠡᠷᠡᠮ ᠲᠠᠭᠠᠵᠣ ᠪᠦᠰᠡᠯᠡᠯᠳᠡ ᠶᠢ ᠰᠢᠪᠳᠣᠯᠬᠣ ᠬᠡᠰᠡᠨ ᠪᠣᠯᠪᠠᠴᠣ ᠬᠡᠲᠦ ᠰᠠᠷᠪᠠᠭᠠᠨᠠᠭᠠᠳ ᠲᠣᠩᠭ᠋ᠣᠷᠴᠠᠭᠯᠠᠨ ᠣᠨᠠᠪᠠ᠃ ᠦᠨᠳᠥᠷ ᠬᠡᠬᠡᠷ ᠰᠠᠯᠬᠢᠨ ᠶ᠋‍ᠢᠪᠠᠷ ᠲᠠᠳᠠᠨ᠎ᠠ᠃ ᠬᠠᠷ᠎ᠠ ᠯᠣᠣᠰ ᠭᠠᠠᠵᠣᠭ᠎ᠠ ᠡᠴᠡ ᠪᠠᠨ ᠪᠠᠷᠢᠨ ᠮᠣᠷᠢᠨ ᠤ ᠪᠠᠨ ᠡᠯᠢᠬᠡᠨ ᠲᠣᠣᠷ᠎ᠠ ᠨᠢ ᠣᠷᠣᠵᠣ ᠬᠣᠶᠠᠷ ᠲᠠᠢ᠌ᠰᠢ ᠡᠬᠡᠯᠵᠢᠯᠡᠨ ᠬᠠᠷᠪᠣᠵᠣ ᠪᠠᠢ᠌ᠪᠠ᠃ ᠬᠦᠲᠦᠬᠥᠷ ᠤᠨ ᠣᠷᠣᠢ ᠲᠡᠬᠡᠷ᠎ᠡ ᠭᠠᠷᠬᠣ ᠳᠤ ᠰᠣᠮᠣ ᠨᠢ ᠪᠠᠷᠠᠵᠣ᠂ ᠲᠠᠷᠠ ᠴᠤ ᠬᠦᠠᠳᠡᠢ ᠴᠡᠬᠡᠵᠢ ᠪᠠᠷ ᠶᠢᠠᠨ ᠰᠣᠮᠣᠨ ᠳᠤ ᠰᠦᠪᠡᠯᠡᠭ᠍ᠳᠡᠨ᠂ ᠮᠣᠷᠢᠨ ᠲᠡᠬᠡᠷ᠎ᠡ ᠪᠠᠨ ᠬᠡᠲᠦ ᠲᠠᠢ᠌ᠪᠠᠯᠵᠠᠭᠠᠳ ᠲᠠᠯᠳᠠ ᠣᠷᠣᠯ᠎ᠠ᠃

ᠲᠡᠬᠡᠷᠡᠮ ᠤᠨ ᠠᠯᠠᠭᠳᠠᠬᠣ ᠨᠢ ᠠᠯᠠᠭᠳᠠᠵᠣ᠂ ᠪᠠᠷᠢᠭᠳᠠᠬᠣ ᠨᠢ ᠪᠠᠷᠢᠭᠳᠠᠪᠠ᠃ ᠮᠠᠨᠠᠷᠠᠨ ᠣᠨᠠᠭᠰᠠᠨ ᠬᠠᠷ᠎ᠠ ᠯᠣᠣᠰ ᠤᠨ ᠬᠦᠯ ᠨᠢ ᠲᠥᠷᠣᠬᠡᠨ ᠡᠴᠠ ᠪᠠᠨ ᠮᠣᠯᠳᠣᠷᠠᠭᠰᠠᠨ ᠦᠭᠡᠶ᠃ ᠬᠡᠬᠡᠷ ᠮᠣᠷᠢ ᠲᠡᠬᠥᠨ ᠢ ᠴᠢᠷᠣᠨ ᠲᠠᠪᠬᠢᠵᠣ᠂ ᠮᠣᠷᠢ ᠶᠢ ᠪᠠᠷᠢᠭᠠᠳ ᠠᠪᠳᠠᠯ᠎ᠠ ᠲᠡᠬᠥᠨ ᠤ ᠭᠣᠶ᠎ᠠ ᠨᠢ ᠨᠢᠴᠠ ᠢᠰᠬᠥᠯᠥᠭᠳᠡᠵᠦ᠂ ᠬᠠᠴᠠᠷ ᠨᠢᠭᠣᠷ ᠨᠢ ᠲᠠᠨᠢᠭᠳᠠᠬᠣ ᠦᠭᠡᠶ ᠪᠣᠯᠴᠢᠬᠠᠭᠰᠠᠨ ᠪᠠᠢ᠌ᠯ᠎ᠠ᠃ ᠬᠦᠯᠢᠶᠡᠰᠣᠳᠡᠢ ᠪᠠᠢ᠌ᠭᠰᠠᠨ ᠲᠠᠷᠪᠠ ᠵᠠᠯᠠᠨ ᠦᠵᠡᠬᠡᠥᠨ ᠨᠢᠳᠣ ᠨᠢ ᠣᠯᠠᠭᠠᠨ ᠶᠢᠠᠷ ᠡᠷᠬᠢᠯᠳᠣᠨ᠂ ᠣᠶᠠᠵᠣ ᠪᠠᠢ᠌ᠭᠰᠠᠨ ᠲᠡᠷᠬᠡᠨ ᠪᠣᠯᠣ ᠶᠢᠨ ᠭᠣᠷᠪᠠᠨ ᠬᠡᠬᠡᠰᠦ ᠶᠢ ᠮᠣᠯᠭᠣ ᠴᠢᠩᠭ᠋ᠠᠭᠠᠵᠣ ᠭᠠᠵᠠᠷ ᠡᠯᠢᠬᠡᠳᠡᠨ ᠣᠨᠠᠪᠠ᠃ ᠲᠡᠯᠴᠢᠯᠡᠬᠡᠥᠨ ᠪᠠᠢ᠌ᠬᠣᠯᠠᠷ ᠲᠡᠬᠥᠨ ᠢ ᠢᠰᠠᠬᠡᠢ ᠪᠠᠷ ᠪᠣᠭᠣᠵᠣ ᠰᠠ‍‌ᠶᠢ ᠲᠣᠷᠭᠣᠪᠠ᠃

ᠲᠠᠳᠠᠨ ᠢ ᠪᠠᠶᠠᠠᠴᠠᠭᠠᠨ ᠤ ᠡᠩᠬᠡᠷ ᠲᠠᠬᠢ ᠰᠠᠭᠣᠷᠢᠰᠢᠯ ᠳᠤ ᠠᠪᠴᠣ ᠢᠷᠠᠪᠠ᠃ ᠬᠣᠶᠠᠷ ᠬᠣᠨᠣᠭ ᠤᠨ ᠲᠠᠷᠠᠭ᠎ᠠ᠂ ᠲᠡᠬᠡᠷ᠎ᠡ ᠡᠴᠠ᠄ 《ᠲᠡᠬᠡᠷᠡᠮ ᠤᠨ ᠲᠥᠷᠣᠬᠥᠤ ᠲᠠᠷᠪᠠ ᠶᠢ ᠲᠣᠬᠠᠢ ᠶᠢᠨ ᠭᠠᠵᠠᠷ ᠲᠣᠨᠢ ᠠᠯᠠᠬᠣ ᠬᠡᠷᠡᠭ᠍ᠳᠡᠢ》 ᠬᠡᠰᠡᠨ ᠵᠠᠷᠯᠢᠭ ᠢᠷᠠᠪᠠ᠃ ᠫᠣᠣᠳᠠᠨ ᠠᠯᠠᠬᠣ ᠦᠶ᠎ᠡ ᠳᠤ᠄ 《ᠦᠬᠡ ᠪᠠᠢ᠌ᠪᠠᠯ ᠬᠡᠯᠡ︕》 ᠬᠡᠰᠡᠨ ᠳᠤ ᠲᠠᠷᠠ᠄

᠊᠊᠊᠊᠊᠊᠊᠊᠊᠊᠊᠊᠊᠊᠊ ᠡᠮᠠᠰ ᠬᠡᠣᠬᠡᠥᠨ ᠲᠤ ᠶᠠᠯ᠎ᠠ ᠦᠭᠡᠶ᠂ ᠲᠠᠳᠠᠨ ᠢ ᠠᠭᠣᠴᠢᠯᠠᠬᠣ ᠪᠣᠪᠠ ᠦᠦ︖ ᠬᠡᠰᠡᠨ ᠪᠠᠢ᠌ᠪᠠ᠃ ᠲᠠᠷᠪᠠ ᠵᠠᠯᠠᠨ ᠢ ᠬᠡᠣᠬᠡᠥᠨ ᠤᠨ ᠣᠪᠣᠭᠠᠨ ᠤ ᠡᠩᠬᠡᠷ ᠫᠣᠣᠳᠠᠨ ᠠᠯᠠᠭᠰᠠᠨ ᠶᠣᠮ᠃ ᠶᠡᠬᠡ ᠬᠠᠳᠣᠨ ᠨᠢ ᠲᠥᠷᠬᠥᠮ ᠳᠡᠭᠡᠨ ᠬᠠᠷᠢᠭᠠᠳ ᠲᠠᠬᠢᠵᠣ ᠨᠠᠭᠠᠰᠢ ᠬᠠᠠᠳᠣᠭᠰᠠᠨ ᠦᠭᠡᠶ᠃ ᠢᠩᠬᠢᠬᠡᠥᠨ ᠯᠠ ᠭᠠᠶᠠ ᠢᠩ ᠤᠨ ᠬᠡᠷ ᠲᠤ ᠰᠠᠭᠣᠬᠣ ᠪᠣᠯᠵᠣ᠂ ᠨᠠᠰᠣ ᠪᠠᠷ ᠶᠢᠠᠨ ᠢᠩ ᠤᠨ ᠬᠡᠷ ᠤᠨ ᠰᠠᠬᠢᠭᠣᠯ ᠪᠣᠯᠬᠣ ᠲᠠᠪᠢᠯᠠᠩ ᠨᠢ ᠲᠣᠳᠣᠷᠠᠪᠠ᠃

ᠵᠤᠬᠢᠶᠠᠭᠴᠢ᠄ ᠬᠠᠷᠭᠤᠢ
ᠳᠠᠷᠤᠮ᠄ 24025
ᠴᠠᠭ᠄ 2005 ᠤᠨ ᠤ 08 ᠰᠠᠷ᠎ᠠ ᠶᠢᠨ 08
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ