ᠨᠡᠪᠲᠡᠷᠡᠨ ᠤᠷᠤᠬᠤ
ᠲᠠᠪᠤ ᠂ 1452 ᠤᠨ ᠡᠴᠡ 1645 ᠤᠨ ᠬᠦᠷᠲᠡᠯ᠎ᠡ

1452 ᠣᠨ(ᠬᠠᠷ᠎ᠠ ᠪᠠᠴᠢᠨ ᠵᠢᠯ᠂ ᠮᠢᠩ ᠣᠯᠤᠰ ᠤᠨ ᠵᠢᠩ ᠲᠡᠶ ᠶᠢᠨ ᠭᠤᠳᠠᠭᠠᠷ ᠣᠨ)᠄

ᠮᠦᠨ ᠣᠨ ᠳᠤ ᠡᠰᠡᠨ ᠳᠠᠢ᠌ᠱᠢ ᠵᠡᠭᠦᠨ ᠮᠤᠩᠭ᠋ᠤᠯ ᠤᠨ ᠳᠠᠢ᠌ᠽᠦᠩ ᠬᠠᠭᠠᠨ (ᠳᠤᠭᠳᠤᠭ᠎ᠠ ᠪᠣᠬ᠎ᠠ)᠊ᠢ ᠳᠠᠢ᠌ᠯᠠᠪᠠᠢ ᠃ ᠲ᠋ᠠᠢ᠌ᠽᠦᠩ ᠬᠠᠭᠠᠨ ᠴᠡᠷᠢᠭ᠌ ᠳᠡᠷᠦᠭᠳᠡᠵᠤ᠂ ᠭᠡᠷᠦᠯᠤᠨ ᠵᠥᠭ᠌ ᠳᠤᠳᠠᠭᠠᠨ ᠶᠠᠪᠣᠭᠠᠤᠨ ᠭᠤᠷᠯᠤᠰ ᠤᠨ ᠴᠠᠪᠳᠠᠨ ᠤ ᠭᠠᠷ ᠲᠤ ᠬᠤᠷᠤᠭᠠᠭᠳᠠᠪᠠᠢ᠃ ᠲ᠋ᠠᠢ᠌ᠽᠦᠩ ᠬᠠᠭᠠᠨ ᠰᠠᠭᠤᠷᠢᠨ᠎ᠠ ᠬᠤᠷᠢᠨ ᠵᠢᠯ ᠪᠣᠯᠪᠠᠢ᠃

ᠮᠦᠨ ᠤᠨ᠎ᠡ᠂ ᠡᠰᠡᠨ ᠳᠠᠢ᠌ᠱᠢ ᠦᠪᠡᠷ ᠤᠨ ᠪᠠᠶ᠎ᠠ ᠪᠠᠨ ᠲᠡᠶ ᠦᠨ ᠣᠯᠤᠰ ᠤᠨ ᠳᠡᠭ᠍ᠷᠢᠯᠢᠭ᠌ ᠪᠣᠭᠳᠠ ᠬᠠᠭᠠᠨ ᠭᠡᠮᠡᠨ ᠡᠷᠭᠦᠮᠵᠢᠯᠡᠵᠤ᠂ ᠡᠤᠨ ᠤ ᠴᠤᠯᠠ ᠶᠢ ᠳᠢᠶᠠᠨ ᠶᠤᠸᠠᠨ (天元) ᠭᠡᠮᠡᠪᠠᠢ᠃

1454 ᠣᠨ (ᠭᠦᠭᠡ ᠨᠤᠬᠠᠢ ᠵᠢᠯ᠂ ᠮᠢᠩ ᠣᠯᠤᠰ ᠤᠨ ᠵᠢᠩ ᠲᠡᠶ ᠶᠢᠨ ᠳᠠᠪᠣᠳᠤᠭᠠᠷ ᠣᠨ)᠄

ᠮᠦᠨ ᠣᠨ᠎ᠠ ᠂ ᠣᠢ᠌ᠷᠠᠤᠨ ᠤᠨ ᠳᠤᠳᠤᠭᠠᠳᠤ ᠳᠤ ᠨᠤᠶᠠᠤᠨ ᠤᠨ ᠡᠷᠭᠡ ᠪᠣᠯᠢᠶᠠᠯᠳᠤᠬᠤ ᠭᠢᠮᠤᠷᠠᠯ ᠳᠤ ᠡᠰᠡᠨ ᠳᠠᠢ᠌ᠱᠢ ᠢᠯᠠᠭᠳᠠᠵᠤ ᠪᠠᠭᠠᠳᠤᠳ ᠤᠨ ᠠᠯᠠᠭ ᠳᠠᠮᠤᠷ ᠴᠢᠩᠰᠠᠩ ᠳᠤ ᠠᠯᠠᠭᠳᠠᠪᠠᠢ᠃ ᠡᠭᠦᠡᠴᠡ ᠡᠭᠢᠯᠡᠨ ᠣᠢ᠌ᠷᠠᠤᠠᠴᠤᠳ ᠪᠦᠭᠦ ᠮᠤᠩᠭ᠋ᠤᠯ ᠢ ᠵᠠᠭᠢᠷᠤᠨ ᠨᠤᠶᠠᠯᠠᠬᠤ ᠡᠷᠭᠡ ᠪᠠᠨ ᠠᠯᠳᠠᠪᠠᠢ᠃

1475 ᠣᠨ (ᠭᠦᠭᠡᠭ᠍ᠴᠢᠨ ᠬᠤᠨᠢᠨ ᠵᠢᠯ᠂ ᠮᠢᠩ ᠣᠯᠤᠰ ᠤᠨ ᠴᠸᠩᠬᠤᠧᠨ ᠶᠢᠨ ᠠᠷᠪᠠᠨ ᠨᠢᠭᠡᠨ ᠣᠨ)᠄

ᠮᠦᠨ ᠣᠨ᠎ᠠ᠂ ᠠᠵᠠᠢ ᠳᠠᠵᠠᠢ ᠶᠢᠨ ᠣᠢ᠌ᠷᠠᠤᠨ ᠬᠠᠳᠤᠨ ᠡᠴᠡ ᠳᠦᠷᠦᠭ᠍ᠰᠡᠨ ᠭᠦᠤ ᠮᠠᠠᠳᠤᠭᠤᠯ ᠳᠠᠢ᠌ᠵᠢ ᠬᠤᠷᠢᠨ ᠨᠢ᠋ᠮᠠᠨ ᠨᠠᠰᠤᠨ ᠳᠠᠭᠠᠨ ᠶᠡᠭᠡ ᠣᠷᠤ ᠰᠠᠭᠤᠵᠤ᠂ ᠪᠣᠯᠬᠤ ᠵᠢᠨᠤᠩ ᠪᠠᠶᠡᠮᠥᠩᠭᠡ ᠲᠡᠶ ᠬᠤᠶᠠᠭᠤᠯᠠ ᠵᠢᠷᠭᠤᠭᠠᠨ ᠲᠦᠮᠡᠨ ᠢ ᠮᠠᠳᠠᠨ ᠶᠠᠪᠣᠪᠠᠢ᠃

1479 ᠣᠨ (ᠰᠢᠷᠠᠭᠴᠢᠨ ᠭᠠᠬᠠᠢ ᠵᠢᠯ᠂ ᠮᠢᠩ ᠣᠯᠤᠰ ᠤᠨ ᠴᠸᠩᠬᠤᠧᠨ ᠶᠢᠨ ᠠᠷᠪᠠᠨ ᠳᠠᠪᠤᠨ ᠣᠨ)᠄

ᠮᠦᠨ ᠣᠨ ᠳᠤ ᠮᠠᠠᠳᠤᠭᠤᠯ ᠬᠠᠭᠠᠨ ᠨᠠᠰᠤ ᠪᠠᠷᠠᠵᠤ ᠠᠭᠪᠠᠷᠵᠢ ᠶᠢᠨ ᠠᠴᠢ᠂ ᠬᠠᠷᠬᠤᠴᠠᠭ ᠤᠨ ᠭᠦᠪᠠᠭᠦᠨ ᠪᠠᠶᠡᠮᠥᠩᠭᠡ ᠶᠡᠭᠡ ᠣᠷᠤ ᠰᠠᠭᠤᠪᠠᠢ᠃

1482 ᠣᠨ (ᠬᠠᠷ᠎ᠠ ᠪᠠᠷᠰ ᠵᠢᠯ᠂ ᠮᠢᠩ ᠣᠯᠤᠰ ᠤᠨ ᠴᠸᠩᠬᠤᠧᠨ ᠶᠢᠨ ᠠᠷᠪᠠᠨ ᠨᠢ᠋ᠮᠠᠳᠤᠭᠠᠷ ᠣᠨ)᠄

ᠮᠦᠨ ᠣᠨ ᠳᠤ ᠮᠠᠠᠳᠤᠭᠤᠯ ᠬᠠᠭᠠᠨ ᠤ ᠪᠠᠭ᠎ᠠ ᠬᠠᠳᠤᠨ ᠪᠠᠳᠦᠮᠦ᠋ᠩᠭᠡ ᠶᠢ ᠳᠠᠮᠵᠢᠨ ᠶᠡᠭᠡ ᠣᠷᠤ ᠰᠠᠭᠤᠯᠭᠠᠵᠤ᠂ ᠬᠠᠭᠠᠨ ᠤ ᠴᠤᠯᠠ ᠶᠢ ᠳᠠᠶᠤᠨ ᠬᠠᠭᠠᠨ ᠭᠡᠮᠡᠨ ᠨᠠᠷᠠᠢ᠌ᠤᠠᠪᠠᠢ᠃

1510 ᠣᠨ (ᠴᠠᠭᠠᠭᠴᠢᠨ ᠮᠤᠷᠢᠨ ᠵᠢᠯ᠂ ᠮᠢᠩ ᠣᠯᠤᠰ ᠤᠨ ᠾᠸᠩ ᠳ᠋ᠧ ᠶᠢᠨ ᠳᠠᠪᠣᠳᠤᠭᠠᠷ ᠣᠨ)᠄

ᠮᠦᠨ ᠣᠨ ᠳᠤ ᠳᠠᠶᠤᠨ ᠬᠠᠭᠠᠨ ᠵᠡᠭᠦᠨ ᠭᠤᠷᠪᠠᠨ ᠲᠦᠮᠡᠨ ᠢ ᠠᠪᠴᠤ ᠮᠤᠷᠳᠠᠭᠠᠤᠨ ᠳᠠᠯᠠᠨ ᠳᠡᠷᠢᠭᠦᠨ ᠤ ᠭᠠᠵᠠᠷ ᠲᠤ ᠪᠠᠷᠠᠭᠤᠨ ᠭᠤᠷᠪᠠᠨ ᠲᠦᠮᠡᠨ ᠤ ᠣᠷᠪᠠᠯᠭᠠᠨ ᠢ ᠳᠡᠷᠦᠪᠠᠢ᠃ ᠡᠭᠦᠨ ᠤ ᠳᠠᠷᠠᠭ᠎ᠠ ᠪᠠᠷ ᠪᠠᠰᠠ ᠮᠤᠩᠭ᠋ᠤᠯᠵᠢᠨ᠂ ᠲᠦᠮᠠᠤᠨ ᠤᠨ ᠣᠷᠪᠠᠯᠭ᠎ᠠ ᠶᠢ ᠳᠦᠷᠭᠡᠨ ᠤ ᠭᠤᠤᠯ ᠳᠤ ᠳᠠᠷᠤᠪᠠ᠃

1527 ᠣᠨ (ᠣᠯᠠᠭᠴᠢᠨ ᠭᠠᠬᠠᠢ ᠵᠢᠯ᠂ ᠮᠢᠩ ᠣᠯᠤᠰ ᠤᠨ ᠵᠢᠶᠠ ᠵᠢᠩ ᠤᠨ ᠵᠢᠷᠭᠤᠳᠤᠭᠠᠷ ᠣᠨ)᠄

ᠮᠦᠨ ᠣᠨ ᠳᠤ ᠲᠦᠷᠦᠪᠣᠯᠤᠳ ᠤᠨ ᠭᠦᠪᠠᠭᠦᠨ ᠪᠣᠳᠢ ᠠᠯᠠᠭ ᠢ ᠨᠠᠰᠤ ᠪᠠᠭ᠎ᠠ ᠭᠡᠮᠡᠨ ᠳᠡᠭᠦᠨ ᠤ ᠠᠪᠠᠭ᠎ᠠ ᠨᠢ ᠪᠠᠷᠰᠪᠣᠯᠤᠳ ᠶᠡᠭᠡ ᠣᠷᠤ ᠰᠠᠭᠤᠪᠠᠢ᠃

1528 ᠣᠨ (ᠰᠢᠷ᠎ᠠ ᠬᠤᠯᠤᠭᠠᠨ᠎ᠠ ᠵᠢᠯ᠂ ᠮᠢᠩ ᠣᠯᠤᠰ ᠤᠨ ᠵᠢᠶᠠ ᠵᠢᠩ ᠤᠨ ᠳᠤᠯᠤᠳᠤᠭᠠᠷ ᠣᠨ)᠄

ᠮᠦᠨ ᠣᠨ᠎ᠠ᠂ ᠪᠣᠳᠢ ᠠᠯᠠᠭ ᠵᠡᠭᠦᠨ ᠭᠤᠷᠪᠠᠨ ᠲᠦᠮᠡᠨ ᠢ ᠠᠪᠴᠤ ᠣᠷᠳᠤᠰ ᠤᠨ ᠡᠵᠡᠨ ᠤ ᠨᠢ᠋ᠮᠠᠨ ᠴᠠᠭᠠᠨ ᠭᠡᠷ ᠲᠤ ᠢᠷᠠᠵᠤ ᠮᠥᠷᠭᠦᠭᠡᠤᠨ ᠪᠠᠷᠰᠪᠣᠯᠤᠳ ᠠᠪᠠᠭ᠎ᠠ ᠡᠴᠡ ᠪᠠᠨ ᠬᠠᠭᠠᠨ ᠡᠷᠭᠡ ᠪᠠᠨ ᠪᠣᠴᠠᠭᠠᠨ ᠠᠪᠴᠤ ᠶᠡᠭᠡ ᠣᠷᠤ ᠰᠠᠭᠤᠪᠠᠢ᠃

1547 ᠣᠨ (ᠣᠯᠠᠭᠴᠢᠨ ᠬᠤᠨᠢᠨ ᠵᠢᠯ᠂ ᠮᠢᠩ ᠣᠯᠤᠰ ᠤᠨ ᠵᠢᠶᠠ ᠵᠢᠩ ᠤᠨ ᠬᠤᠷᠢᠨ ᠵᠢᠷᠭᠤᠳᠤᠭᠠᠷ ᠣᠨ)᠄

ᠮᠦᠨ ᠣᠨ᠎ᠠ᠂ ᠪᠣᠳᠢ ᠠᠯᠠᠭ ᠬᠠᠭᠠᠨ ᠨᠠᠰᠤᠨ ᠡᠴᠦᠰ ᠪᠣᠯᠪᠠᠢ᠃ ᠬᠠᠭᠠᠨ ᠰᠠᠭᠤᠷᠢᠨ᠎ᠠ ᠬᠤᠷᠢᠨ ᠵᠢᠯ ᠪᠣᠯᠪᠠᠢ᠃

1548 ᠣᠨ (ᠰᠢᠷ᠎ᠠ ᠪᠠᠴᠢᠨ ᠵᠢᠯ᠂ ᠮᠢᠩ ᠣᠯᠤᠰ ᠤᠨ ᠵᠢᠶᠠ ᠵᠢᠩ ᠤᠨ ᠬᠤᠷᠢᠨ ᠳᠤᠯᠤᠳᠤᠭᠠᠷ ᠣᠨ)᠄

ᠮᠦᠨ ᠣᠨ᠎ᠠ ᠪᠣᠳᠢ ᠠᠯᠠᠭ ᠬᠠᠭᠠᠨ ᠤ ᠠᠬᠠᠮᠠᠤᠨ ᠭᠦᠪᠠᠭᠦᠨ ᠳᠠᠷᠠᠢ᠌ᠰᠤᠨ ᠭᠦᠳᠡᠩ ᠬᠠᠭᠠᠨ ᠶᠡᠭᠡ ᠣᠷᠤ ᠵᠠᠯᠭᠠᠮᠵᠢᠯᠠᠪᠠᠢ᠃

1557 ᠣᠨ (ᠣᠯᠠᠭᠴᠢᠨ ᠮᠤᠭᠠᠢ ᠵᠢᠯ᠂ ᠮᠢᠩ ᠣᠯᠤᠰ ᠤᠨ ᠵᠢᠶᠠ ᠵᠢᠩ ᠤᠨ ᠭᠤᠴᠢᠨ ᠵᠢᠷᠭᠤᠳᠤᠭᠠᠷ ᠣᠨ)᠄

ᠮᠦᠨ ᠣᠨ᠎ᠠ᠂ ᠲ᠋ᠠᠷᠠᠢ᠌ᠰᠤᠨ ᠭᠦᠳᠡᠩ ᠬᠠᠭᠠᠨ ᠨᠠᠰᠤᠨ ᠡᠴᠦᠰ ᠪᠣᠯᠪᠠᠢ᠃ ᠬᠠᠭᠠᠨ ᠰᠠᠭᠤᠷᠢᠨ᠎ᠠ ᠠᠷᠪᠠᠨ ᠵᠢᠯ ᠪᠣᠯᠪᠠᠢ᠃

1558 ᠣᠨ (ᠰᠢᠷ᠎ᠠ ᠮᠤᠷᠢᠨ ᠵᠢᠯ᠂ ᠮᠢᠩ ᠣᠯᠤᠰ ᠤᠨ ᠵᠢᠶᠠ ᠵᠢᠩ ᠤᠨ ᠭᠤᠴᠢᠨ ᠳᠤᠯᠤᠳᠤᠭᠠᠷ ᠣᠨ)᠄

ᠮᠦᠨ ᠣᠨ᠎ᠠ᠂ ᠲ᠋ᠠᠷᠠᠢ᠌ᠰᠤᠨ ᠭᠦᠳᠡᠩ ᠬᠠᠭᠠᠨ ᠤ ᠠᠬᠠᠮᠠᠤᠨ ᠭᠦᠪᠠᠭᠦᠨ ᠲᠦᠮᠡᠨ ᠳᠠᠢ᠌ᠵᠢ ᠶᠡᠭᠡ ᠣᠷᠤ ᠰᠠᠭᠤᠵᠤ᠂ ᠲᠦᠮᠡᠨ ᠵᠠᠰᠠᠭᠳᠤ ᠬᠠᠭᠠᠨ ᠭᠡᠮᠡᠨ ᠠᠯᠳᠠᠷᠰᠢᠪᠠᠢ᠃

1578 ᠣᠨ (ᠰᠢᠷ᠎ᠠ ᠪᠠᠷᠰ ᠵᠢᠯ᠂ ᠮᠢᠩ ᠣᠯᠤᠰ ᠤᠨ ᠸᠠᠨ ᠯᠢ ᠶᠢᠨ ᠵᠢᠷᠭᠤᠳᠤᠭᠠᠷ ᠣᠨ)᠄

ᠮᠦᠨ ᠣᠨ᠂ ᠲᠦᠮᠠᠤᠨ ᠤᠨ ᠠᠯᠳᠠᠨ ᠭᠡᠭᠡᠨ ᠬᠠᠭᠠᠨ ᠭᠤᠳᠠᠭᠠᠷ ᠲᠦᠷᠦᠯ ᠤᠨ ᠳᠠᠯᠠᠢ ᠪᠯᠠᠮ᠎ᠠ ᠰᠤᠤᠠᠨᠠᠮᠵᠠᠮᠰᠤ ᠲᠡᠶ ᠭᠦᠭᠡ ᠨᠠᠭᠤᠷ ᠤᠨ ᠴᠠᠪᠴᠢᠶᠠᠯ ᠤᠨ ᠰᠦᠮ᠎ᠡ ᠳᠤ ᠠᠩᠬᠠᠨ ᠤ ᠠᠭᠤᠯᠵᠠᠯᠳᠠ ᠪᠣᠯᠵᠤ ᠰᠢᠷ᠎ᠠ ᠶᠢᠨ ᠱᠠᠰᠢᠨ ᠢ ᠮᠤᠩᠭ᠋ᠤᠯ ᠣᠷᠤᠨ ᠳᠤ ᠳᠡᠯᠭᠡᠷᠡᠭᠦᠯᠭᠦ ᠳᠤᠬᠠᠢ ᠬᠠᠤᠯᠢ ᠳᠤᠭᠳᠠᠭᠠᠨ ᠪᠠᠳᠦᠯᠡᠪᠠᠢ᠃ ᠡᠭᠦᠡᠴᠡ ᠡᠭᠢᠯᠡᠨ ᠰᠢᠷ᠎ᠠ ᠶᠢᠨ ᠱᠠᠰᠢᠨ ᠮᠤᠩᠭ᠋ᠤᠯ ᠣᠷᠤᠨ ᠳᠤ ᠳᠠᠷᠬᠠᠵᠤ ᠳᠡᠯᠭᠡᠷᠡᠭᠦ ᠪᠣᠯᠪᠠᠢ᠃

1579 ᠣᠨ (ᠰᠢᠷᠠᠭᠴᠢᠨ ᠳᠠᠤᠯᠠᠢ ᠵᠢᠯ᠂ ᠮᠢᠩ ᠣᠯᠤᠰ ᠤᠨ ᠸᠠᠨ ᠯᠢ ᠶᠢᠨ ᠳᠤᠯᠤᠳᠤᠭᠠᠷ ᠣᠨ)᠄

ᠮᠦᠨ ᠣᠨ᠎ᠠ᠂ ᠲᠦᠮᠠᠤᠨ ᠤᠨ ᠠᠯᠳᠠᠨ ᠭᠡᠭᠡᠨ ᠬᠠᠭᠠᠨ ᠤ ᠵᠠᠯᠠᠯᠭ᠎ᠠ ᠪᠠᠷ ᠭᠠᠪᠢᠶᠠᠳᠤ ᠳ᠋ᠦᠩᠭᠦᠷ ᠤᠨ ᠬᠤᠪᠢᠯᠭᠠᠨ ᠮᠠᠠᠵᠤᠰᠢᠷᠢ ᠬᠤᠳᠤᠭᠳᠤ ᠮᠤᠩᠭ᠋ᠤᠯ ᠣᠷᠤᠨ ᠳᠤ ᠢᠷᠠᠪᠠᠢ᠃

ᠪᠠᠰᠠ ᠮᠦᠨ ᠣᠨ ᠳᠤ ᠠᠯᠳᠠᠨ ᠭᠡᠭᠡᠨ ᠬᠠᠭᠠᠨ ᠭᠦᠭᠡᠬᠤᠳᠡᠨ᠎ᠡ ᠶᠡᠭᠡ ᠵᠤᠤ ᠰᠦᠮ᠎ᠡ ᠶᠢ ᠡᠭᠦᠰᠭᠡᠨ ᠪᠠᠢ᠌ᠭᠤᠯᠪᠠᠢ᠃

1581 ᠣᠨ (ᠴᠠᠭᠠᠭᠴᠢᠨ ᠮᠤᠭᠠᠢ ᠵᠢᠯ᠂ ᠮᠢᠩ ᠣᠯᠤᠰ ᠤᠨ ᠸᠠᠨ ᠯᠢ ᠶᠢᠨ ᠶ‍ᠢᠰᠦᠳᠦᠭᠡᠷ ᠣᠨ)᠄

ᠮᠦᠨ ᠣᠨ᠎ᠠ᠂ ᠠᠯᠳᠠᠨ ᠭᠡᠭᠡᠨ ᠬᠠᠭᠠᠨ ᠨᠠᠰᠤ ᠪᠠᠷᠠᠵᠤ ᠳᠠᠷᠠᠭ᠎ᠠ ᠵᠢᠯ ᠳ᠋ᠤᠨᠢ ᠳᠡᠭᠦᠨ ᠤ ᠭᠦᠪᠠᠭᠦᠨ ᠳᠦᠭᠦᠷᠡᠩ ᠰᠡᠩᠭᠡ ᠬᠤᠩ ᠳᠠᠢ᠌ᠵᠢ ᠰᠠᠭᠤᠷᠢᠨ ᠵᠠᠯᠭᠠᠮᠵᠢᠯᠠᠵᠤ ᠰᠠᠴᠠᠨ ᠬᠠᠭᠠᠨ ᠭᠡᠮᠡᠭᠦ ᠴᠤᠯᠠ ᠣᠯᠪᠠᠢ᠃

1585 ᠣᠨ (ᠭᠦᠭᠡᠭ᠍ᠴᠢᠨ ᠳᠠᠭᠢᠶ᠎ᠠ ᠵᠢᠯ᠂ ᠮᠢᠩ ᠣᠯᠤᠰ ᠤᠨ ᠸᠠᠨ ᠯᠢ ᠶᠢᠨ ᠠᠷᠪᠠᠨ ᠭᠤᠷᠪᠠᠳᠤᠭᠠᠷ ᠣᠨ)᠄

ᠮᠦᠨ ᠤᠨ᠎ᠡ᠂ ᠳᠦᠭᠦᠷᠡᠩ ᠰᠡᠩᠭᠡ ᠭᠦᠭᠡᠬᠤᠳᠡ ᠶᠢᠨ ᠭᠠᠵᠠᠷ ᠰᠢᠷᠡᠭᠡᠳᠤ ᠵᠤᠤ ᠶᠢ(ᠦᠯᠵᠡᠢ ᠶᠢ ᠡᠭᠡᠨᠡᠭ᠍ᠳᠡ ᠪᠣᠯᠭᠠᠭᠴᠢ ᠰᠦᠮ᠎ᠡ) ᠡᠭᠦᠰᠭᠡᠨ ᠪᠠᠢ᠌ᠭᠤᠯᠪᠠᠢ᠃

1586 ᠣᠨ (ᠣᠯᠠᠭᠠᠨ ᠨᠤᠬᠠᠢ ᠵᠢᠯ᠂ ᠮᠢᠩ ᠣᠯᠤᠰ ᠤᠨ ᠸᠠᠨ ᠯᠢ ᠶᠢᠨ ᠠᠷᠪᠠᠨ ᠳᠦᠷᠪᠠᠳᠦᠭᠡᠷ ᠣᠨ)᠄

ᠮᠦᠨ ᠣᠨ᠎ᠠ ᠬᠠᠯᠬ᠎ᠠ ᠶᠢᠨ ᠠᠪᠠᠳᠠᠢ ᠬᠠᠨ ᠣᠷᠬᠤᠨ ᠭᠤᠤᠯ ᠤᠨ ᠵᠡᠭᠦᠨ ᠡᠷᠭᠢ ᠳᠡᠭᠡᠷ᠎ᠡ ᠭᠤᠪᠢ ᠶᠢᠨ ᠠᠷᠤ ᠳ᠋ᠠᠭᠢ ᠰᠢᠷ᠎ᠠ ᠶᠢᠨ ᠱᠠᠰᠢᠨ ᠤ ᠠᠩᠬᠠᠳᠤᠭᠠᠷ ᠰᠥᠮ᠎ᠡ ᠊᠊᠊᠊᠊᠊᠊᠊᠊᠊᠊᠊᠊᠊᠊ ᠡᠷᠳᠡᠨᠢ ᠵᠤᠤ ᠭᠡᠢ᠌ᠤᠨ ᠢ ᠡᠭᠦᠰᠭᠡᠨ ᠪᠠᠢ᠌ᠭᠤᠯᠪᠠᠢ᠃

ᠪᠠᠰᠠ ᠮᠦᠨ ᠣᠨ᠎ᠠ᠂ ᠮᠤᠩᠭ᠋ᠤᠯ ᠤᠨ ᠣᠯᠤᠰ ᠲᠦᠷᠦ ᠶᠢᠨ ᠵᠢᠦᠡᠭᠦᠯᠳᠡᠨ ᠣᠷᠳᠤᠰ ᠤᠨ ᠬᠤᠳᠤᠭᠳᠠᠢ ᠰᠠᠴᠠᠨ ᠬᠤᠩ ᠳᠠᠢ᠌ᠵᠢ ᠳᠦᠴᠢᠨ ᠵᠢᠷᠭᠤᠭᠠᠳᠠᠢ ᠨᠠᠰᠤ ᠪᠠᠷᠠᠪᠠᠢ᠃

1587 ᠣᠨ (ᠣᠯᠠᠭᠴᠢᠨ ᠭᠠᠬᠠᠢ ᠵᠢᠯ᠂ ᠮᠢᠩ ᠣᠯᠤᠰ ᠤᠨ ᠸᠠᠨ ᠯᠢ ᠶᠢᠨ ᠠᠷᠪᠠᠨ ᠳᠠᠪᠣᠳᠤᠭᠠᠷ ᠣᠨ)᠄

ᠮᠦᠨ ᠣᠨ ᠳᠤ ᠬᠠᠷᠠᠴᠢᠨ ᠤ ᠠᠶᠤᠰᠢ ᠭᠦᠦᠰᠢ ᠡᠨᠡᠳᠭᠡᠭ᠌ ᠲᠦᠪᠡᠳ ᠵᠡᠷᠭᠡ ᠬᠠᠷᠢ ᠭᠡᠯᠡᠨ ᠤ ᠥᠭᠡᠰ ᠢ ᠮᠤᠩᠭ᠋ᠤᠯ ᠥᠰᠦᠭ᠌ ᠶᠢᠡᠷ ᠭᠠᠯᠢᠭᠴᠢᠯᠠᠵᠤ ᠪᠢᠴᠢᠭᠦ ᠳᠤ ᠵᠤᠷᠢᠭᠤᠯᠤᠨ 《ᠠᠯᠢ ᠭᠠᠯᠢ ᠥᠰᠦᠭ᠌》 ᠊ᠢ ᠵᠤᠬᠢᠶᠠᠵᠤ ᠪᠦᠳᠦᠭᠡᠪᠠᠢ᠃

1588 ᠣᠨ (ᠰᠢᠷ᠎ᠠ ᠬᠤᠯᠤᠭᠠᠨ᠎ᠠ ᠵᠢᠯ᠂ ᠮᠢᠩ ᠣᠯᠤᠰ ᠤᠨ ᠸᠠᠨ ᠯᠢ ᠶᠢᠨ ᠠᠷᠪᠠᠨ ᠵᠢᠷᠭᠤᠳᠤᠭᠠᠷ ᠣᠨ)᠄

ᠳᠦᠭᠦᠷᠡᠩ ᠰᠡᠩᠭᠡ ᠶᠢᠨ ᠣᠷᠢᠯᠭ᠎ᠠ ᠪᠠᠷ ᠭᠦᠭᠡᠬᠤᠳᠡᠨ᠎ᠡ ᠨᠤᠮ ᠳᠠᠯᠪᠢᠬᠤ ᠪᠠᠷ ᠢᠷᠡᠭ᠍ᠰᠡᠨ ᠳᠠᠯᠠᠢ ᠪᠯᠠᠮ᠎ᠠ ᠰᠤᠤᠠᠨᠠᠮᠵᠠᠮᠰᠤ ᠮᠦᠨ ᠣᠨ ᠳᠤ ᠮᠤᠩᠭ᠋ᠤᠯ ᠤᠨ ᠪᠠᠷᠠᠭᠤᠨ ᠭᠠᠷᠤᠨ ᠵᠢᠭᠠᠰᠤᠳᠠᠢ ᠭᠡᠮᠡᠭᠦ ᠭᠠᠵᠠᠷ ᠳᠠᠭᠠᠯ ᠪᠣᠯᠪᠠᠢ᠃

1592 ᠣᠨ (ᠬᠠᠷ᠎ᠠ ᠯᠤᠤ ᠵᠢᠯ᠂ ᠮᠢᠩ ᠣᠯᠤᠰ ᠤᠨ ᠸᠠᠨ ᠯᠢ ᠶᠢᠨ ᠬᠤᠷᠢᠳᠤᠭᠠᠷ ᠣᠨ)᠄

ᠮᠦᠨ ᠣᠨ᠎ᠠ᠂ ᠮᠤᠩᠭ᠋ᠤᠯ ᠤᠨ ᠲᠦᠮᠡᠨ ᠵᠠᠰᠠᠭᠳᠤ ᠬᠠᠭᠠᠨ ᠨᠠᠰᠤᠨ ᠡᠴᠦᠰ ᠪᠣᠯᠪᠠᠢ᠃ ᠬᠠᠭᠠᠨ ᠰᠠᠭᠤᠷᠢᠨ᠎ᠠ ᠭᠤᠴᠢᠨ ᠳᠠᠪᠤᠨ ᠵᠢᠯ ᠪᠣᠯᠪᠠᠢ᠃

1599 ᠣᠨ (ᠰᠢᠷᠠᠭᠴᠢᠨ ᠭᠠᠬᠠᠢ ᠵᠢᠯ᠂ ᠮᠢᠩ ᠣᠯᠤᠰ ᠤᠨ ᠸᠠᠨ ᠯᠢ ᠶᠢᠨ ᠬᠤᠷᠢᠨ ᠳᠤᠯᠤᠳᠤᠭᠠᠷ ᠣᠨ)᠄

ᠮᠦᠨ ᠣᠨ ᠳᠤ ᠬᠤᠱᠤᠳ ᠤᠨ ᠪᠠᠢ᠌ᠪᠠᠭᠠᠰ ᠬᠠᠨ ᠤ ᠨᠢ᠋ᠮᠠᠳᠤᠭᠠᠷ ᠭᠦᠪᠠᠭᠦᠨ ᠽᠠᠶ᠎ᠠ ᠪᠠᠠᠳᠢᠳᠠ ᠨᠠᠮᠬᠠᠢ᠌ᠵᠠᠮᠰᠤ ᠮᠠᠠᠳᠤᠯᠠᠪᠠᠢ᠃

1601 ᠣᠨ (ᠴᠠᠭᠠᠭᠴᠢᠨ ᠥᠭᠡᠷ ᠵᠢᠯ᠂ ᠮᠢᠩ ᠣᠯᠤᠰ ᠤᠨ ᠸᠠᠨ ᠯᠢ ᠶᠢᠨ ᠬᠤᠷᠢᠨ ᠶ‍ᠢᠰᠦᠳᠦᠭᠡᠷ ᠣᠨ)᠄

ᠮᠦᠨ ᠣᠨ᠎ᠠ᠂ ᠭᠤᠳᠠᠭᠠᠷ ᠳᠠᠯᠠᠢ ᠪᠯᠠᠮ᠎ᠠ ᠶᠢᠨ ᠭᠡᠷᠢᠶᠡᠰ ᠶᠢᠡᠷ ᠠᠯᠳᠠᠨ ᠭᠡᠭᠡᠨ ᠬᠠᠭᠠᠨ ᠤ ᠠᠴᠢ ᠰᠦᠮᠢᠷ ᠮᠡᠷᠭᠡᠨ ᠳᠠᠢ᠌ᠵᠢ ᠶᠢᠨ ᠭᠦᠪᠠᠭᠦᠨ ᠶᠤᠠᠳᠤᠠᠵᠠᠮᠰᠤ ᠶᠢ ᠳᠠᠯᠢ ᠪᠯᠠᠮ᠎ᠠ ᠶᠢᠨ ᠬᠤᠪᠢᠯᠭᠠᠨ ᠭᠡᠮᠡᠨ ᠡᠷᠭᠦᠮᠵᠢᠯᠡᠪᠠᠢ᠃

1602 ᠣᠨ (ᠬᠠᠷ᠎ᠠ ᠪᠠᠷᠰ ᠵᠢᠯ᠂ ᠮᠢᠩ ᠣᠯᠤᠰ ᠤᠨ ᠸᠠᠨ ᠯᠢ ᠶᠢᠨ ᠭᠤᠴᠢᠳᠤᠭᠠᠷ ᠣᠨ)᠄

ᠮᠦᠨ ᠤᠨ᠎ᠡ᠂ ᠳᠦᠳᠦᠭᠡᠷ ᠲᠦᠷᠦᠯ ᠤᠨ ᠳᠠᠯᠠᠢ ᠪᠯᠠᠮ᠎ᠠ ᠶᠤᠠᠳᠤᠠᠵᠠᠮᠰᠤ ᠮᠤᠩᠭ᠋ᠤᠯ ᠤᠨ ᠪᠠᠷᠠᠭᠤᠨ ᠭᠤᠷᠪᠠᠨ ᠲᠦᠮᠡᠨ ᠡᠴᠡ ᠲᠦᠪᠡᠳ ᠲᠤ ᠵᠠᠯᠠᠭᠳᠠᠨ ᠣᠴᠢᠪᠠᠢ᠃

ᠮᠦᠨ ᠣᠨ᠎ᠠ᠂ ᠮᠤᠩᠭ᠋ᠤᠯ ᠤᠨ ᠪᠣᠶᠠᠨ ᠰᠠᠴᠠᠨ ᠬᠠᠭᠠᠨ ᠨᠠᠰᠤᠨ ᠡᠴᠦᠰ ᠪᠣᠯᠪᠠᠢ᠃

1604 ᠣᠨ (ᠭᠦᠭᠡ ᠯᠤᠤ ᠵᠢᠯ᠂ ᠮᠢᠩ ᠣᠯᠤᠰ ᠤᠨ ᠸᠠᠨ ᠯᠢ ᠶᠢᠨ ᠭᠤᠴᠢᠨ ᠬᠤᠶᠠᠳᠤᠭᠠᠷ ᠣᠨ)᠄

ᠮᠦᠨ ᠣᠨ᠎ᠠ᠂ ᠪᠣᠶᠠᠨ ᠰᠠᠴᠠᠨ ᠬᠠᠭᠠᠨ ᠤ ᠠᠴᠢ (ᠮᠠᠩᠬᠤᠰ ᠳᠠᠢ᠌ᠵᠢ ᠶᠢᠨ ᠭᠦᠪᠠᠭᠦᠨ) ᠯᠢᠭ᠍ᠳᠡᠨ ᠪᠠᠭᠠᠳᠤᠷ ᠳᠠᠢ᠌ᠵᠢ ᠶᠡᠭᠡ ᠣᠷᠤ ᠰᠡᠭᠦᠵᠤ᠂ ᠯᠢᠭ᠍ᠳᠡᠨ ᠬᠤᠳᠤᠭᠳᠤ ᠬᠠᠭᠠᠨ ᠭᠡᠮᠡᠨ ᠠᠯᠳᠠᠷᠰᠢᠪᠠᠢ᠃

ᠮᠦᠨ ᠣᠨ᠎ᠠ ᠮᠠᠢ᠌ᠳᠠᠷᠢ ᠬᠤᠳᠤᠭᠳᠤ ᠳᠠᠯᠠᠢ ᠪᠯᠠᠮ᠎ᠠ ᠶᠢᠨ ᠳᠤᠮᠢᠯᠠᠯᠭ᠎ᠠ ᠪᠠᠷ ᠲᠦᠪᠡᠳ ᠡᠴᠡ ᠮᠤᠩᠭ᠋ᠤᠯ ᠳᠤ ᠭᠦᠷᠴᠤ ᠢᠷᠠᠪᠠᠢ᠃

ᠪᠠᠰᠠ ᠮᠦᠨ ᠣᠨ᠎ᠠ᠂ ᠮᠤᠩᠭ᠋ᠤᠯ ᠤᠨ ᠠᠯᠳᠠᠷᠳᠤ ᠳᠡᠦᠭᠡᠴᠢᠨ ᠰᠠᠭᠠᠩ ᠰᠠᠴᠠᠨ ᠬᠤᠩ ᠳᠠᠢ᠌ᠵᠢ ᠣᠷᠳᠤᠰ ᠤᠨ ᠶᠡᠭᠡ ᠰᠢᠪᠠᠷᠳᠠᠢ ᠳᠤ ᠪᠠᠳᠤ ᠳᠠᠢ᠌ᠵᠢ ᠶᠢᠨ ᠭᠡᠷ ᠲᠤ ᠮᠠᠠᠳᠤᠯᠠᠪᠠᠢ᠃

1607 ᠣᠨ (ᠣᠯᠠᠭᠴᠢᠨ ᠬᠤᠨᠢᠨ ᠵᠢᠯ᠂ ᠮᠢᠩ ᠣᠯᠤᠰ ᠤᠨ ᠸᠠᠨ ᠯᠢ ᠶᠢᠨ ᠭᠤᠴᠢᠨ ᠳᠠᠪᠣᠳᠤᠭᠠᠷ ᠣᠨ)᠄

ᠮᠦᠨ ᠣᠨ᠎ᠠ᠂ ᠲ᠋ᠤᠷᠭᠤᠳ ᠤᠨ ᠮᠡᠷᠭᠡᠨ ᠳᠠᠪᠠᠨ᠎ᠠ ᠶᠢᠨ ᠭᠦᠪᠠᠭᠦᠨ ᠠᠪᠢᠳᠠ (ᠳᠠᠷᠤᠢ ᠨᠠᠢ᠌ᠵᠢ ᠳᠣᠢ᠌ᠨ ᠬᠤᠳᠤᠭᠳᠤ) ᠣᠢ᠌ᠷᠠᠤᠨ ᠡᠴᠡ ᠲᠦᠪᠡᠳ ᠤᠨ ᠷᠠᠰᠢᠯᡁᠦ᠋ᠩᠪᠣ ᠳᠤ ᠭᠦᠷᠴᠤ᠂ ᠪᠠᠡᠴᠢᠨ ᠡᠷᠳᠡᠨᠢ ᠡᠴᠡ ᠰᠠᠠᠸᠠᠷ ᠠᠪᠴᠤ ᠳᠠᠠᠳᠠ ᠪᠣᠷᠬᠠᠨ ᠤ ᠨᠤᠮ ᠱᠠᠰᠢᠨ ᠢ ᠪᠢᠰᠢᠯᠭᠠᠪᠠᠢ᠃

1616 ᠣᠨ (ᠣᠯᠠᠭᠠᠨ ᠯᠤᠤ ᠵᠢᠯ᠂ ᠮᠢᠩ ᠣᠯᠤᠰ ᠤᠨ ᠸᠠᠨ ᠯᠢ ᠶᠢᠨ ᠳᠦᠴᠢᠨ ᠳᠦᠷᠪᠡᠨ ᠣᠨ᠂ ᠴᠢᠩ ᠣᠯᠤᠰ ᠤᠨ ᠳᠡᠭ᠍ᠷᠢ ᠶᠢᠨ ᠪᠣᠱᠤᠭᠳᠤ ᠶᠢᠨ ᠳᠡᠷᠢᠭᠦᠨ ᠣᠨ)᠄

ᠮᠦᠨ ᠣᠨ᠎ᠠ᠂ ᠮᠠᠠᠵᠤ ᠶᠢᠨ ᠨᠤᠷᠬᠠᠴᠢ ᠵᠦᠷᠴᠢᠳ ᠤᠨ ᠣᠯᠠᠨ ᠠᠢ᠌ᠮᠠᠭ ᠢ ᠬᠤᠷᠢᠶᠠᠨ ᠨᠢᠭᠡᠤᠨᠭᠡᠵᠤ᠂ ᠵᠡᠭᠦᠨ ᠬᠣᠢ᠌ᠳᠤ ᠣᠷᠤᠨ᠎ᠠ ᠬᠣᠢ᠌ᠳᠤ ᠠᠯᠳᠠᠨ ᠣᠯᠤᠰ ᠢ ᠪᠠᠢ᠌ᠭᠤᠯᠪᠠᠢ᠃ ᠣᠨ ᠤ ᠴᠤᠯᠠ ᠶᠢ ᠳᠡᠭ᠍ᠷᠢ ᠶᠢᠨ ᠪᠣᠱᠤᠭᠳᠤ ᠭᠡᠮᠡᠪᠠᠢ᠃

ᠪᠠᠰᠠ ᠮᠦᠨ ᠣᠨ᠎ᠠ᠂ ᠽᠠᠶ᠎ᠠ ᠪᠠᠠᠳᠢᠳᠠ ᠨᠠᠮᠬᠠᠢ᠌ᠵᠠᠮᠰᠤ ᠣᠢ᠌ᠷᠠᠤᠨ ᠡᠴᠡ ᠭᠦᠭᠡᠨᠡᠭᠦᠷ ᠲᠤ ᠭᠦᠷᠴᠤ᠂ ᠮᠥᠨ ᠲ᠋ᠡ᠊ᠨᠳᠡ ᠡᠴᠡ ᠲᠦᠪᠡᠳ ᠤᠨ ᠪᠷᠠᠢ᠌ᠪᠣᠩ ᠭᠡᠢ᠌ᠤᠨ ᠲᠤ ᠭᠦᠷᠴᠤ ᠨᠤᠮ ᠪᠢᠰᠢᠯᠭᠠᠵᠤ ᠰᠠᠭᠤᠪᠠᠢ᠃

1624 ᠣᠨ (ᠭᠦᠭᠡ ᠬᠤᠯᠤᠭᠠᠨ᠎ᠠ ᠵᠢᠯ᠂ ᠮᠢᠩ ᠣᠯᠤᠰ ᠤᠨ ᠳᠢᠶᠠᠨ ᠴᠢ ᠶᠢᠨ ᠳᠦᠳᠦᠭᠡᠷ ᠣᠨ᠂ ᠴᠢᠩ ᠣᠯᠤᠰ ᠤᠨ ᠳᠡᠭ᠍ᠷᠢ ᠶᠢᠨ ᠪᠣᠱᠤᠭᠳᠤ ᠶᠢᠨ ᠶ‍ᠢᠰᠦᠳᠦᠭᠡᠷ ᠣᠨ)᠄

ᠮᠦᠨ ᠣᠨ᠎ᠠ᠂ ᠬᠤᠷᠴᠢᠨ ᠪᠣᠯᠤᠨ ᠦᠪᠣᠷ ᠬᠠᠯᠬ᠎ᠠ ᠶᠢᠨ ᠵᠠᠷᠤᠳ᠂ ᠪᠠᠭᠠᠷᠢᠨ ᠵᠡᠷᠭᠡ ᠠᠢ᠌ᠮᠠᠭ ᠤᠳ ᠮᠠᠠᠵᠤ ᠶᠢᠨ ᠨᠤᠷᠬᠠᠴᠢ ᠶᠢᠨ ᠥᠳᠦᠭᠡᠯᠭᠡ ᠪᠠᠷ ᠯᠢᠭ᠍ᠳᠡᠨ ᠬᠠᠭᠠᠨ ᠡᠴᠡ ᠣᠷᠪᠠᠵᠤ ᠮᠠᠠᠵᠤ ᠳᠤ ᠪᠠᠭᠤᠵᠤ ᠥᠭ᠍ᠪᠠᠢ᠃

1625 ᠣᠨ (ᠭᠦᠭᠡᠭ᠍ᠴᠢᠨ ᠥᠭᠡᠷ ᠵᠢᠯ᠂ ᠮᠢᠩ ᠣᠯᠤᠰ ᠤᠨ ᠳᠢᠶᠠᠨ ᠴᠢ ᠶᠢᠨ ᠳᠠᠪᠣᠳᠤᠭᠠᠷ ᠣᠨ᠂ ᠴᠢᠩ ᠣᠯᠤᠰ ᠤᠨ ᠳᠡᠭ᠍ᠷᠢ ᠶᠢᠨ ᠪᠣᠱᠤᠭᠳᠤ ᠶᠢᠨ ᠠᠷᠪᠠᠳᠤᠭᠠᠷ ᠣᠨ)᠄

ᠮᠦᠨ ᠣᠨ ᠤ ᠡᠪᠦᠯ᠂ ᠯᠢᠭ᠍ᠳᠡᠨ ᠬᠤᠳᠤᠭᠳᠤ ᠬᠠᠭᠠᠨ ᠮᠠᠠᠵᠤ ᠳᠤ ᠪᠠᠭᠤᠵᠤ ᠦᠭ‍ᠭᠦᠭ᠍ᠰᠡᠨ ᠬᠤᠷᠴᠢᠨ ᠠᠢ᠌ᠮᠠᠭ ᠢ ᠳᠠᠢ᠌ᠯᠠᠷ᠎ᠠ ᠮᠤᠷᠢᠯᠡᠪᠡ᠃ ᠥᠩᠭᠦᠳᠡᠢ ᠶᠢᠨ ᠭᠦᠪᠠᠭᠦᠨ ᠣᠤᠪᠠ ᠮᠠᠠᠵᠤ ᠶᠢᠨ ᠴᠡᠷᠢᠭ᠌ ᠲᠡᠶ ᠬᠤᠯᠪᠣᠭᠠᠯᠠᠵᠤ ᠯᠢᠭ᠍ᠳᠡᠨ ᠬᠠᠭᠠᠨ ᠢ ᠳᠤᠰᠴᠤ ᠪᠠᠢ᠌ᠯᠳᠤᠭᠠᠤᠨ ᠯᠢᠭ᠍ᠳᠡᠨ ᠤ ᠴᠡᠷᠢᠭ᠌ ᠢ ᠶᠡᠭᠡᠳᠡ ᠢᠯᠠᠪᠠ᠃

1627 ᠣᠨ (ᠣᠯᠠᠭᠴᠢᠨ ᠳᠠᠤᠯᠠᠢ ᠵᠢᠯ᠂ ᠮᠢᠩ ᠣᠯᠤᠰ ᠤᠨ ᠳᠢᠶᠠᠨ ᠴᠢ ᠵᠢᠨ  ᠲ᠋ᠤᠯᠤᠳᠤᠭᠠᠷ ᠣᠨ᠂ ᠴᠢᠩ ᠣᠯᠤᠰ ᠤᠨ ᠳᠡᠭ᠍ᠷᠢ ᠶᠢᠨ ᠰᠠᠴᠠᠨ ᠤ ᠠᠩᠬᠠᠨ ᠣᠨ)᠄

ᠮᠦᠨ ᠣᠨ ᠳᠤ ᠯᠢᠭ᠍ᠳᠡᠨ ᠬᠤᠳᠤᠭᠳᠤ ᠬᠠᠭᠠᠨ ᠪᠠᠰᠠ ᠮᠠᠠᠵᠤ ᠳᠤ ᠪᠠᠭᠤᠵᠤ ᠦᠭ‍ᠭᠦᠭ᠍ᠰᠡᠨ ᠦᠪᠣᠷ ᠬᠠᠯᠬ᠎ᠠ ᠶᠢ ᠳᠠᠢ᠌ᠯᠠᠷ᠎ᠠ ᠮᠤᠷᠢᠯᠠᠪᠠ᠃

1628 ᠣᠨ (ᠰᠢᠷ᠎ᠠ ᠯᠤᠤ ᠵᠢᠯ᠂ ᠮᠢᠩ ᠣᠯᠤᠰ ᠤᠨ ᠽᠦᠩ ᠵᠧᠨ ᠤ ᠳᠡᠷᠢᠭᠦᠨ ᠣᠨ᠂ ᠴᠢᠩ ᠣᠯᠤᠰ ᠤᠨ ᠳᠡᠭ᠍ᠷᠢ ᠶᠢᠨ ᠰᠠᠴᠠᠨ ᠤ ᠬᠤᠶᠠᠳᠤᠭᠠᠷ ᠣᠨ)᠄

ᠮᠦᠨ ᠤᠨ᠎ᠡ᠂ ᠯᠢᠭ᠍ᠳᠡᠨ ᠬᠠᠭᠠᠨ ᠪᠠᠷ ᠪᠠᠷᠠᠭᠤᠨ ᠭᠤᠷᠪᠠᠨ ᠲᠦᠮᠡᠨ ᠣᠷᠤᠭᠤ ᠮᠤᠷᠢᠯᠠᠵᠤ᠂ ᠬᠠᠷᠠᠴᠢᠨ᠂ ᠲᠦᠮᠠᠤᠨ ᠵᠡᠷᠭᠡ ᠠᠢ᠌ᠮᠠᠭ ᠢ ᠡᠷᠭᠡᠰᠢᠶᠡᠨ ᠠᠪᠣᠪᠠᠢ᠃ ᠣᠷᠳᠤᠰ ᠤᠨ ᠵᠢᠨᠤᠩ ᠨᠤᠶᠠᠨ ᠶᠡᠭᠡ ᠬᠠᠭᠠᠨ᠎ᠠ ᠳᠠᠭᠠᠷ᠎ᠠ ᠢᠷᠠᠪᠠᠢ᠃

ᠪᠠᠰᠠ ᠮᠦᠨ ᠣᠨ᠎ᠠ᠂ ᠲ᠋ᠤᠷᠭᠤᠳ ᠤᠳ ᠬᠣ᠊ ᠥᠷᠯᠦᠭ᠌ ᠤᠨ ᠳᠠᠢ᠌ᠴᠢᠯᠠᠯᠭ᠎ᠠ ᠪᠠᠷ ᠵᠡᠭᠦᠡᠭᠠᠷ ᠡᠴᠡ ᠢᠵᠢᠯ ᠮᠦᠷᠠᠨ ᠤ ᠳᠤᠤᠷᠠᠳᠤ ᠣᠷᠤᠰᠬᠠᠯ ᠣᠷᠤᠨ ᠳᠠᠰᠢ ᠨᠡᠭᠦᠳᠡᠯᠯᠡᠪᠠᠢ᠃

1631 ᠣᠨ (ᠴᠠᠭᠠᠭᠴᠢᠨ ᠬᠤᠨᠢᠨ ᠵᠢᠯ᠂ ᠮᠢᠩ ᠣᠯᠤᠰ ᠤᠨ ᠽᠦᠩ ᠵᠧᠨ ᠤ ᠳᠦᠳᠦᠭᠡᠷ ᠣᠨ᠂ ᠴᠢᠩ ᠣᠯᠤᠰ ᠤᠨ ᠳᠡᠭ᠍ᠷᠢ ᠶᠢᠨ ᠰᠠᠴᠠᠨ ᠤ ᠳᠠᠪᠣᠳᠤᠭᠠᠷ ᠣᠨ)᠄

ᠮᠦᠨ ᠤᠨ᠎ᠡ᠂ ᠯᠢᠭ᠍ᠳᠡᠨ ᠬᠤᠳᠤᠭᠳᠤ ᠬᠠᠭᠠᠨ ᠳᠠᠭᠢᠨ ᠵᠡᠭᠦᠡᠰᠢ ᠴᠡᠷᠢᠭᠯᠡᠵᠤ᠂ ᠰᠢᠷ᠎ᠡ ᠮᠦᠷᠠᠨ ᠤ ᠣᠮᠠᠷᠠᠳᠤ ᠭᠦᠪᠠᠭᠡ ᠭᠦᠷᠳᠡᠯ᠎ᠡ ᠠᠶᠠᠯᠠᠪᠠᠢ᠃

1632 ᠣᠨ (ᠬᠠᠷ᠎ᠠ ᠪᠠᠴᠢᠨ ᠵᠢᠯ᠂ ᠮᠢᠩ ᠣᠯᠤᠰ ᠤᠨ ᠽᠦᠩ ᠵᠧᠨ ᠤ ᠳᠠᠪᠣᠳᠤᠭᠠᠷ ᠣᠨ᠂ ᠴᠢᠩ ᠣᠯᠤᠰ ᠤᠨ ᠳᠡᠭ᠍ᠷᠢ ᠶᠢᠨ ᠰᠠᠴᠠᠨ ᠤ ᠵᠢᠷᠭᠤᠳᠤᠭᠠᠷ ᠣᠨ)᠄

ᠮᠦᠨ ᠣᠨ ᠤ ᠳᠠᠪᠤᠨ ᠰᠠᠷᠠᠳᠠ ᠠᠷᠤ ᠬᠤᠷᠴᠢᠨ ᠪᠣᠯᠤᠨ ᠮᠠᠠᠵᠤ ᠭᠦᠴᠤᠨ ᠬᠠᠮᠳᠤᠷᠠᠵᠤ ᠯᠢᠭ᠍ᠳᠡᠨ ᠬᠠᠭᠠᠨ ᠤ ᠡᠰᠡᠷᠭᠦ ᠳᠤᠪᠳᠦᠯᠪᠠᠢ᠃ ᠯᠢᠭ᠍ᠳᠡᠨ ᠬᠤᠳᠤᠭᠳᠤ ᠬᠠᠭᠠᠨ ᠪᠠᠢ᠌ᠯᠳᠤᠨ ᠶᠠᠳᠠᠵᠤ ᠬᠠᠷᠢᠶᠠᠳᠠᠨ ᠢᠷᠭᠡᠨ ᠠᠷᠪᠠ ᠭᠠᠷᠤᠢ ᠲᠦᠮᠡᠨ ᠭᠦᠮᠤᠨ ᠠᠮᠠ ᠪᠠᠨ ᠠᠪᠴᠤ ᠴᠠᠬᠠᠷ ᠡᠴᠡ ᠭᠦᠭᠡ ᠨᠠᠭᠤᠷ ᠣᠷᠤᠭᠤ ᠨᠡᠭᠦᠳᠡᠯᠯᠡᠪᠠᠢ᠃

1634 ᠣᠨ (ᠭᠦᠭᠡ ᠨᠤᠬᠠᠢ ᠵᠢᠯ᠂ ᠮᠢᠩ ᠣᠯᠤᠰ ᠤᠨ ᠽᠦᠩ ᠵᠧᠨ ᠤ ᠳᠤᠯᠤᠳᠤᠭᠠᠷ ᠣᠨ᠂ ᠴᠢᠩ ᠣᠯᠤᠰ ᠤᠨ ᠳᠡᠭ᠍ᠷᠢ ᠶᠢᠨ ᠰᠠᠴᠠᠨ ᠤ ᠨᠢ᠋ᠮᠠᠳᠤᠭᠠᠷ ᠣᠨ)᠄

ᠮᠦᠨ ᠤᠨ᠎ᠡ᠂ ᠯᠢᠭ᠍ᠳᠡᠨ ᠬᠤᠳᠤᠭᠳᠤ ᠬᠠᠭᠠᠨ ᠭᠦᠭᠡ ᠨᠠᠭᠤᠷ ᠤᠨ ᠰᠢᠷ᠎ᠠ ᠳᠠᠯ᠎ᠠ ᠨᠠᠷᠠᠳᠤ ᠭᠠᠵᠠᠷ ᠭᠦᠷᠦᠭᠡᠤᠨ ᠨᠠᠰᠤᠨ ᠶᠡᠭᠦᠦᠡᠪᠠᠢ᠃ ᠬᠡᠭᠡᠨ ᠰᠠᠭᠤᠷᠢᠨ᠎ᠠ ᠭᠤᠴᠢᠨ ᠨᠢᠭᠡᠨ ᠣᠨ ᠪᠣᠯᠪᠠᠢ᠃

1635 ᠣᠨ (ᠭᠦᠭᠡᠭ᠍ᠴᠢᠨ ᠭᠠᠬᠠᠢ ᠵᠢᠯ᠂ ᠮᠢᠩ ᠣᠯᠤᠰ ᠤᠨ ᠽᠦᠩ ᠵᠧᠨ ᠤ ᠨᠢ᠋ᠮᠠᠳᠤᠭᠠᠷ ᠣᠨ᠂ ᠮᠠᠠᠵᠤ ᠶᠢᠨ ᠳᠡᠭ᠍ᠷᠢ ᠶᠢᠨ ᠰᠠᠴᠠᠨ ᠤ ᠶ‍ᠢᠰᠦᠳᠦᠭᠡᠷ ᠣᠨ)᠄

ᠮᠦᠨ ᠣᠨ᠎ᠠ᠂ ᠴᠤᠷᠤᠰ ᠠᠢ᠌ᠮᠠᠭ ᠤᠨ ᠳᠦᠷᠦᠭᠦᠤ ᠬᠠᠷ᠎ᠠ ᠬᠤᠯᠠᠨ ᠨᠠᠰᠤ ᠪᠠᠷᠠᠪᠠᠢ᠃

ᠮᠦᠨ ᠣᠨ᠎ᠠ᠂ ᠮᠠᠠᠵᠤ ᠶᠢᠨ ᠰᠠᠴᠠᠨ ᠬᠠᠭᠠᠨ ᠤ ᠳᠡᠭᠦᠤ ᠳ᠋ᠤᠷᠭᠤᠨ ᠪᠠᠷᠠᠭᠤᠠᠰᠢ ᠴᠡᠷᠢᠭᠯᠡᠨ ᠮᠤᠷᠳᠠᠭᠠᠤᠨ ᠬᠠᠳᠤᠨ ᠭᠤᠤᠯ ᠤᠨ ᠪᠠᠷᠠᠭᠤᠠᠳᠠᠭᠢ ᠳᠤᠯᠢ ᠨᠠᠷᠠᠳᠤ ᠭᠠᠵᠠᠷ᠎ᠠ ᠯᠢᠭ᠍ᠳᠡᠨ ᠬᠤᠳᠤᠭᠳᠤ ᠬᠠᠭᠠᠨ ᠤ ᠥᠯᠡᠳᠡᠭ᠍ᠳᠡᠯ ᠭᠦᠴᠤᠨ ᠢ ᠳᠠᠢ᠌ᠯᠠᠨ ᠡᠡᠪᠦᠪᠠᠢ᠃ ᠯᠢᠭ᠍ᠳᠡᠨ ᠬᠠᠭᠠᠨ ᠤ ᠰᠤᠳᠠᠢ ᠬᠠᠳᠤᠨ ᠬᠠᠭᠠᠨ ᠭᠦᠪᠠᠭᠦᠨ ᠬᠠᠷᠢᠶᠠᠳᠤ ᠠᠯᠪᠠᠳᠤ ᠪᠠᠨ ᠳᠠᠭᠠᠭᠤᠯᠵᠤ᠂ ᠭᠤᠪᠢ ᠶᠢᠨ ᠡᠮᠦᠨ᠎ᠡ ᠪᠣᠴᠠᠨ ᠢᠷᠡᠭᠡᠤᠨ ᠮᠠᠠᠵᠤ ᠶᠢᠨ ᠰᠠᠴᠠᠨ ᠬᠠᠭᠠᠨ ᠳᠤ ᠪᠠᠭᠤᠨ ᠥᠭ᠍ᠪᠠᠢ᠃ ᠴᠢᠩᠭᠢᠰ ᠤᠨ ᠠᠯᠳᠠᠨ ᠣᠷᠤᠭ ᠤᠨ ᠭᠤᠤᠯ ᠭᠡᠯᠭᠢᠶ᠎ᠡ᠂ ᠮᠤᠩᠭ᠋ᠤᠯ ᠤᠨ ᠣᠯᠠᠨ ᠠᠢ᠌ᠮᠠᠭ ᠤᠨ ᠲᠦᠪ ᠪᠣᠯᠤᠭᠰᠠᠨ ᠵᠡᠭᠦᠨ ᠭᠠᠷᠤᠨ ᠴᠠᠬᠠᠷ ᠲᠦᠮᠡᠨ ᠤ ᠭᠦᠴᠤᠨ ᠡᠨᠡᠴᠢᠯᠡᠨ ᠮᠥᠭᠦᠪᠠᠢ᠃

ᠮᠦᠨ ᠣᠨ᠎ᠠ᠂ ᠷᠢᠠᠴᠢᠨ ᠵᠢᠨᠤᠩ ᠣᠷᠳᠤᠰ ᠢ ᠳᠠᠭᠠᠭᠤᠯᠤᠨ ᠮᠠᠠᠵᠤ ᠶᠢᠨ ᠰᠠᠴᠠᠨ ᠬᠠᠭᠠᠨ ᠳᠤ ᠪᠠᠭᠤᠵᠤ ᠥᠭ᠍ᠪᠠᠢ᠃

ᠪᠠᠰᠠ ᠮᠦᠨ ᠣᠨ᠎ᠠ᠂ ᠬᠠᠷ᠎ᠠ ᠬᠤᠯᠠᠨ ᠤ ᠭᠦᠪᠠᠭᠦᠨ ᠪᠠᠭᠠᠳᠤᠷ ᠬᠤᠩ ᠳᠠᠢ᠌ᠵᠢ ᠵᠡᠭᠦᠡᠭᠠᠷ ᠤᠨ ᠬᠠᠨ ᠣᠷᠤ ᠶᠢ ᠵᠠᠯᠭᠠᠮᠵᠢᠯᠠᠪᠠᠢ᠃

1636 ᠣᠨ (ᠣᠯᠠᠭᠠᠨ ᠬᠤᠯᠤᠭᠠᠨ᠎ᠠ ᠵᠢᠯ᠂ ᠮᠢᠩ ᠣᠯᠤᠰ ᠤᠨ ᠽᠦᠩ ᠵᠧᠨ ᠤ ᠶ‍ᠢᠰᠦᠳᠦᠭᠡᠷ ᠣᠨ᠂ ᠴᠢᠩ ᠣᠯᠤᠰ ᠤᠨ ᠳᠡᠭᠡᠳᠤ ᠡᠷᠳᠡᠮᠳᠤ ᠶᠢᠨ ᠳᠡᠷᠢᠭᠦᠨ ᠣᠨ)᠄

ᠮᠦᠨ ᠣᠨ᠎ᠠ᠂ ᠭᠤᠪᠢ ᠶᠢᠨ ᠡᠮᠦᠨᠡᠭᠢ ᠠᠷᠪᠠᠨ ᠵᠢᠷᠭᠤᠭᠠᠨ ᠠᠢ᠌ᠮᠠᠭ ᠤᠨ ᠳᠦᠴᠢ ᠶ‍ᠢᠰᠤᠨ ᠹᠧᠤᠳᠠᠯ ᠨᠤᠶᠠᠤᠨ ᠬᠤᠳᠠᠯᠠ ᠶᠢ ᠴᠢᠭᠤᠯᠭᠠᠭᠴᠢ ᠮᠥᠭ᠍ᠳᠡᠨ ᠬᠤᠳᠠᠨ᠎ᠠ ᠴᠢᠭᠤᠯᠭᠠᠨ ᠪᠣᠯᠵᠤ᠂ ᠮᠠᠠᠵᠤ ᠶᠢᠨ ᠳᠠᠢ᠌ᠽᠦᠩ ᠬᠠᠭᠠᠨ ᠢ ᠮᠤᠩᠭ᠋ᠤᠯ ᠤᠨ ᠶᠡᠭᠡ ᠬᠠᠭᠠᠨ 《ᠪᠣᠭᠳᠠ ᠰᠠᠴᠠᠨ ᠬᠡᠭᠡᠨ》 ᠭᠡᠵᠤ ᠡᠷᠭᠦᠮᠵᠢᠯᠡᠪᠡ᠃ ᠡᠭᠦᠡᠴᠡ ᠭᠤᠪᠢ ᠶᠢᠨ ᠡᠮᠦᠨᠡᠳᠤ ᠶᠢᠨ ᠣᠯᠠᠨ ᠮᠤᠩᠭ᠋ᠤᠯ ᠠᠢ᠌ᠮᠠᠭ ᠮᠠᠠᠵᠤ ᠶᠢᠨ ᠵᠠᠭᠢᠷᠤᠯ ᠳᠤ ᠣᠷᠤᠪᠠᠢ᠃

ᠪᠠᠰᠠ ᠮᠦᠨ ᠣᠨ ᠤ ᠨᠠᠮᠤᠷ ᠨᠢ ᠬᠤᠱᠤᠳ ᠤᠨ ᠲᠦᠷᠦᠪᠠᠢ᠌ᠬᠤ (ᠭᠦᠦᠰᠢ ᠬᠠᠭᠠᠨ) ᠳᠦᠳᠦᠭᠡᠷ ᠳᠦᠷᠢ ᠶᠢᠨ ᠪᠠᠠᠴᠢᠨ ᠡᠷᠳᠡᠨᠢ ᠯᠤᠪᠰᠠᠩᠴᠣᠢ᠌ᠵᠢᠵᠠᠯᠰᠠᠨ᠂ ᠲ᠋ᠠᠪᠣᠳᠤᠭᠠᠷ ᠳᠦᠷᠢ ᠶᠢᠨ ᠳᠠᠯᠠᠢ ᠪᠯᠠᠮ᠎ᠠ ᠯᠤᠪᠰᠠᠩᠵᠠᠮᠰᠤ ᠶᠢᠨ ᠭᠤᠶᠤᠴᠢᠯᠠᠯᠭ᠎ᠠ ᠪᠠᠷ ᠳᠦᠷᠪᠡᠨ ᠣᠢ᠌ᠷᠠᠤᠨ ᠤᠨ ᠬᠤᠯᠪᠣᠭᠠᠳᠤ ᠴᠡᠷᠢᠭ᠌ ᠢ ᠠᠪᠴᠤ ᠪᠠᠷ ᠭᠦᠯ᠂ ᠬᠠᠮᠢᠯ ᠢ ᠳᠠᠮᠵᠢᠵᠤ ᠠᠮᠳᠠᠤ ᠶᠢᠨ ᠭᠠᠵᠠᠷ ᠲᠤ ᠳᠠᠢ᠌ᠯᠠᠨ ᠭᠦᠷᠦᠭᠡᠤᠨ᠂ ᠬᠠᠯᠬ᠎ᠠ ᠶᠢᠨ ᠴᠤᠭᠳᠤ ᠳᠠᠢ᠌ᠵᠢ ᠶᠢ ᠣᠯᠠᠭᠠᠨ ᠬᠤᠰᠢᠭᠤ ᠭᠡᠮᠡᠭᠦ ᠭᠠᠵᠠᠷ ᠢᠯᠠᠭᠠᠤᠨ ᠭᠦᠭᠡ ᠨᠠᠭᠤᠷ ᠢ ᠡᠵᠡᠯᠡᠨ ᠠᠪᠣᠪᠠᠢ᠃

1638 ᠣᠨ (ᠰᠢᠷ᠎ᠠ ᠪᠠᠷᠰ ᠵᠢᠯ᠂ ᠮᠢᠩ ᠣᠯᠤᠰ ᠤᠨ ᠽᠦᠩ ᠵᠧᠨ ᠤ ᠠᠷᠪᠠᠨ ᠨᠢᠭᠡᠳᠦᠭᠡᠷ ᠣᠨ᠂ ᠴᠢᠩ ᠣᠯᠤᠰ ᠤᠨ ᠳᠡᠭᠡᠳᠤ ᠡᠷᠳᠡᠮᠳᠤ ᠶᠢᠨ ᠭᠤᠳᠠᠭᠠᠷ ᠣᠨ)᠄  ᠮᠦᠨ ᠣᠨ ᠤ ᠵᠢᠷᠭᠤᠭᠠᠨ ᠰᠠᠷᠠᠳᠠ ᠮᠠᠠᠵᠤ ᠶᠢᠨ ᠰᠠᠴᠠᠨ ᠬᠠᠭᠠᠨ ᠣᠤᠯ ᠤᠨ 《ᠮᠤᠩᠭ᠋ᠤᠯ ᠶᠠᠮᠤᠨ》 ᠊ᠢ 《ᠭᠠᠳᠠᠭᠠᠳᠤ ᠮᠤᠩᠭ᠋ᠤᠯ ᠤᠨ ᠲᠦᠷᠦ ᠶᠢ ᠵᠠᠰᠠᠬᠤ ᠶᠠᠪᠣᠳᠠᠯ ᠤᠨ ᠶᠡᠮᠤᠨ》 ᠭᠡᠮᠡᠨ ᠥᠭᠡᠷᠡᠴᠢᠯᠡᠪᠠᠢ᠃

1639 ᠣᠨ (ᠰᠢᠷᠠᠭᠴᠢᠨ ᠳᠠᠤᠯᠠᠢ ᠵᠢᠯ᠂ ᠮᠢᠩ ᠣᠯᠤᠰ ᠤᠨ ᠽᠦᠩ ᠵᠧᠨ ᠤ ᠠᠷᠪᠠᠨ ᠬᠤᠶᠠᠳᠤᠭᠠᠷ ᠣᠨ᠂ ᠴᠢᠩ ᠣᠯᠤᠰ ᠤᠨ ᠳᠡᠭᠡᠳᠤ ᠡᠷᠳᠡᠮᠳᠤ ᠶᠢᠨ ᠳᠦᠳᠦᠭᠡᠷ ᠣᠨ)᠄

ᠮᠦᠨ ᠣᠨ᠎ᠠ᠂ ᠬᠠᠯᠠᠬ᠎ᠠ ᠶᠢᠨ ᠡᠯ᠎ᠡ ᠠᠢ᠌ᠮᠠᠭ ᠤᠨ ᠹᠧᠤᠳᠠᠯ ᠨᠤᠶᠡᠳ᠂ ᠰᠢᠷᠡᠭᠡᠳᠤ ᠴᠠᠭᠠᠨ ᠨᠠᠭᠤᠷ ᠲᠤ ᠴᠢᠭᠤᠯᠭᠠᠨ ᠪᠣᠯᠵᠤ ᠲᠦᠰᠢᠶᠠᠳᠤ ᠬᠠᠨ ᠭᠤᠮᠪᠣᠳᠤᠷᠴᠢ ᠶᠢᠨ ᠳᠠᠪᠤᠨ ᠨᠠᠰᠤᠳᠠᠢ ᠭᠦᠪᠠᠭᠦᠨ ᠢ ᠳᠤᠯᠤᠭᠠᠨ ᠣᠳᠤᠭ ᠬᠠᠯᠬ᠎ᠠ ᠶᠢᠨ ᠪᠦᠭᠦᠳᠡ ᠶᠢᠨ ᠶᠡᠭᠡ ᠬᠤᠪᠢᠯᠭᠠᠨ ᠭᠡᠮᠡᠨ ᠪᠣᠭᠳᠠ ᠶᠢᠨ ᠰᠢᠷᠡᠭᠡᠨ᠎ᠡ ᠰᠠᠭᠤᠯᠭᠠᠪᠠᠢ᠃

ᠪᠠᠰᠠ ᠮᠦᠨ ᠣᠨ᠎ᠠ᠂ ᠣᠢ᠌ᠷᠠᠤᠨ ᠤᠨ ᠽᠠᠶ᠎ᠠ ᠪᠠᠠᠳᠢᠳᠠ ᠨᠠᠮᠬᠠᠢ᠌ᠵᠠᠮᠰᠤ ᠲᠦᠪᠡᠳ ᠡᠴᠡ ᠣᠢ᠌ᠷᠠᠤᠨ ᠲᠠᠭᠠᠨ ᠪᠣᠴᠠᠨ ᠢᠷᠡᠭᠡᠤᠨ ᠮᠤᠩᠭ᠋ᠤᠯ ᠣᠷᠤᠨ᠎ᠠ ᠰᠢᠷ᠎ᠠ ᠶᠢᠨ ᠱᠠᠰᠢᠨ ᠢ ᠳᠡᠯᠭᠡᠷᠡᠭᠦᠯᠵᠤ ᠶᠠᠪᠣᠪᠠᠢ᠃

1640 ᠣᠨ (ᠴᠠᠭᠠᠨ ᠯᠤᠤ ᠵᠢᠯ᠂ ᠮᠢᠩ ᠣᠯᠤᠰ ᠤᠨ ᠽᠦᠩ ᠵᠧᠨ ᠤ ᠠᠷᠪᠠᠨ ᠭᠤᠷᠪᠠᠳᠤᠭᠠᠷ ᠣᠨ᠂ ᠴᠢᠩ ᠣᠯᠤᠰ ᠤᠨ ᠳᠡᠭᠡᠳᠤ ᠡᠷᠳᠡᠮᠳᠤ ᠶᠢᠨ ᠳᠠᠪᠣᠳᠤᠭᠠᠷ ᠣᠨ)᠄

ᠮᠦᠨ ᠣᠨ᠎ᠠ᠂ ᠪᠠᠭᠠᠳᠤᠷ ᠬᠤᠩ ᠳᠠᠢ᠌ᠵᠢ ᠪᠠᠷ ᠳᠡᠷᠢᠭᠦᠯᠡᠭ᠍ᠰᠡᠨ ᠣᠢ᠌ᠷᠠᠤᠨ ᠤᠨ ᠹᠧᠤᠳᠠᠯ ᠨᠤᠶᠠᠤᠨ᠂ ᠵᠠᠰᠠᠭᠳᠤ ᠬᠠᠨ ᠳᠡᠷᠢᠭᠦᠳᠡᠢ ᠬᠠᠯᠬ᠎ᠠ ᠶᠢᠨ ᠹᠧᠤᠳᠠᠯ ᠨᠤᠶᠠᠤᠨ ᠵᠢᠴᠢ ᠭᠦᠭᠡ ᠨᠠᠭᠤᠷ ᠤᠨ ᠬᠤᠱᠤᠳ ᠤᠨ ᠭᠦᠦᠰᠢ ᠬᠠᠭᠠᠨ᠂ ᠭᠦᠡᠳᠡᠯᠡᠨ ᠣᠪᠠᠰᠢ᠂ ᠲ᠋ᠤᠷᠭᠤᠳ ᠤᠨ ᠬᠣ᠊ ᠥᠷᠯᠦᠭ᠌ ᠳᠠᠨ ᠳᠠᠷᠪᠠᠭᠠᠳᠠᠢ ᠳᠤ ᠶᠡᠭᠡ ᠴᠢᠭᠤᠯᠭᠠᠨ ᠪᠣᠯᠵᠤ 《ᠮᠤᠩᠭ᠋ᠤᠯ ᠊᠊᠊᠊᠊᠊᠊᠊᠊᠊᠊᠊᠊᠊᠊ ᠣᠢ᠌ᠷᠠᠤᠨ ᠤᠨ ᠴᠠᠭᠠᠵᠠ ᠪᠢᠴᠢᠭ᠌》 ᠊ᠢ ᠳᠤᠭᠳᠠᠭᠠᠨ ᠪᠠᠳᠤᠯᠠᠪᠠᠢ᠃

ᠡᠭᠦᠡᠴᠡ ᠡᠭᠢᠯᠡᠨ ᠬᠠᠯᠬ᠎ᠠ ᠣᠢ᠌ᠷᠠᠤᠨ ᠤᠨ ᠬᠠᠷᠢᠴᠠᠭ᠎ᠠ ᠨᠢᠭᠡᠨ ᠰᠢᠨ᠎ᠠ ᠳᠡᠦᠭᠡᠨ ᠱᠠᠳᠤ ᠦᠶ᠎ᠡ ᠳᠤ ᠰᠢᠯᠵᠢᠨ ᠣᠷᠤᠪᠠᠢ᠃

1641 ᠣᠨ (ᠴᠠᠭᠠᠭᠴᠢᠨ ᠮᠤᠭᠠᠢ ᠵᠢᠯ᠂ ᠮᠢᠩ ᠣᠯᠤᠰ ᠤᠨ ᠼᠦᠩ ᠵᠧᠨ ᠤ ᠠᠷᠪᠠᠨ ᠳᠦᠷᠪᠠᠳᠦᠭᠡᠷ ᠣᠨ᠂ ᠴᠢᠩ ᠣᠯᠤᠰ ᠤᠨ ᠳᠡᠭᠡᠳᠤ ᠡᠷᠳᠡᠮᠳᠤ ᠶᠢᠨ ᠵᠢᠷᠭᠤᠳᠤᠭᠠᠷ ᠣᠨ)᠄

ᠮᠦᠨ ᠣᠨ᠎ᠠ᠂ ᠬᠤᠱᠤᠳ ᠤᠨ ᠭᠦᠦᠰᠢ ᠬᠠᠭᠠᠨ ᠰᠢᠷ᠎ᠠ ᠶᠢᠨ ᠱᠠᠰᠢᠨ ᠢ ᠳᠡᠮᠵᠢᠭᠦ ᠨᠠᠷ᠎ᠠ ᠪᠠᠷ ᠲᠦᠪᠡᠳ ᠲᠤ ᠳᠠᠭᠢᠨ ᠴᠡᠷᠢᠭᠯᠡᠨ ᠣᠷᠤᠭᠠᠤᠨ ᠽᠠᠩᠪᠠ ᠬᠠᠭᠠᠨ ᠳᠠᠠᠵᠢᠠᠸᠠᠩᠪᠣ ᠶᠢ ᠪᠠᠷᠢᠵᠤ ᠠᠯᠠᠭᠠᠤᠨ ᠪᠦᠭᠦ ᠲᠦᠪᠡᠳ ᠢ ᠡᠷᠭᠡᠰᠢᠶᠡᠪᠠᠢ᠃

1642 ᠣᠨ (ᠬᠠᠷ᠎ᠠ ᠮᠤᠷᠢᠨ ᠵᠢᠯ᠂ ᠮᠢᠩ ᠣᠯᠤᠰ ᠤᠨ ᠼᠦᠩ ᠵᠧᠨ ᠤ ᠠᠷᠪᠠᠨ ᠳᠠᠪᠣᠳᠤᠭᠠᠷ ᠣᠨ᠂ ᠴᠢᠩ ᠣᠯᠤᠰ ᠤᠨ ᠳᠡᠭᠡᠳᠤ ᠡᠷᠳᠡᠮᠳᠤ ᠶᠢᠨ ᠳᠤᠯᠤᠳᠤᠭᠠᠷ ᠣᠨ)᠄

ᠮᠦᠨ ᠣᠨ ᠤ ᠪᠢᠯᠢᠭ᠌ ᠤᠨ ᠣᠯᠠᠷᠢᠯ ᠤᠨ ᠬᠤᠶᠠᠳᠤᠭᠠᠷ ᠰᠠᠷᠠᠳᠠ ᠭᠦᠦᠰᠢ ᠬᠠᠭᠠᠨ ᠭᠦᠭᠡ ᠨᠠᠭᠤᠷ ᠲᠦᠪᠡᠳ ᠤᠨ ᠨᠠᠢ᠌ᠳᠠ ᠪᠦᠭᠦᠳᠡ ᠶᠢᠨ ᠬᠠᠭᠠᠨ ᠭᠡᠮᠡᠨ ᠡᠷᠭᠦᠮᠵᠢᠯᠡᠭ᠍ᠳᠡᠭᠡᠤᠨ ᠳᠠᠯᠠᠢ ᠯᠠᠮ᠎ᠠ ᠶᠢ ᡀᠠᠰᠠ ᠳᠤ ᠰᠠᠭᠤᠯᠭᠠᠨ ᠡᠮᠦᠨ᠎ᠡ ᠲᠦᠪᠡᠳ ᠣᠢ᠌ ᠶᠢᠨ ᠭᠠᠵᠠᠷ ᠣᠷᠤᠨ ᠢ ᠵᠠᠭᠢᠷᠤᠭᠤᠯᠵᠤ᠂ ᠪᠠᠠᠴᠢᠨ ᠡᠷᠳᠡᠨᠢ ᠶᠢ ᠷᠠᠰᠢᠯᡁᠦ᠋ᠩᠪᠣ ᠳᠤ ᠰᠠᠭᠤᠯᠭᠠᠨ᠂ ᠣᠮᠠᠷᠠᠳᠤ ᠲᠦᠪᠡᠳ ᠽᠠᠩ ᠤᠨ ᠭᠠᠵᠠᠷ ᠣᠷᠤᠨ ᠢ ᠵᠠᠭᠢᠷᠤᠭᠤᠯᠬᠤ ᠶᠢᠨ ᠬᠠᠮᠳᠤᠳᠠ ᠪᠠᠰᠠ ᠰᠤᠨᠤᠮᠴᠣᠢ᠌ᠮᠫᠠᠯ ᠢ ᠳᠢᠪ ᠳᠠᠯᠪᠢᠵᠤ ᠱᠠᠰᠢᠨ ᠤ ᠭᠡᠷᠡᠭ᠌ ᠶᠠᠪᠣᠳᠠᠯ ᠢ ᠮᠠᠳᠠᠨ ᠵᠡᠭᠢᠷᠦᠭᠤᠯᠪᠡ᠃ ᠡᠭᠦᠡᠴᠡ ᠡᠭᠢᠯᠡᠨ ᠲᠦᠪᠡᠳ ᠤᠨ ᠣᠯᠤᠰ ᠲᠦᠷᠦ ᠶᠢᠨ ᠭᠡᠷᠡᠭ᠌ ᠶᠠᠪᠣᠳᠠᠯ ᠢ ᠰᠢᠭᠤᠳ ᠭᠦᠦᠰᠢ ᠬᠠᠭᠠᠨ ᠮᠠᠳᠠᠨ ᠵᠠᠭᠢᠷᠬᠤ ᠪᠣᠯᠪᠠᠢ᠃

ᠪᠠᠰᠠ ᠮᠦᠨ ᠣᠨ ᠳᠤ ᠭᠦᠦᠰᠢ ᠬᠠᠭᠠᠨ ᠪᠣᠯᠤᠨ ᠳᠠᠪᠣᠳᠤᠭᠠᠷ ᠳᠦᠷᠢ ᠶᠢᠨ ᠳᠠᠯᠠᠢ ᠪᠯᠠᠮ᠎ᠠ ᠯᠤᠪᠰᠠᠩᠵᠠᠮᠰᠤ ᠪᠠᠷ ᠢᠯᠭᠤᠭᠰᠠᠨ ᠬᠤᠳᠤᠭᠳᠤ ᠶᠢ ᠡᠯᠴᠢᠨ ᠶᠢᠡᠷ ᠬᠤᠳᠠᠯᠠ ᠶᠢ ᠴᠢᠭᠤᠯᠭᠠᠭᠴᠢ ᠮᠥᠭ᠍ᠳᠡᠨ ᠬᠤᠳᠠᠨ᠎ᠠ ᠳᠤᠮᠢᠯᠠᠨ ᠣᠴᠢᠭᠤᠯᠵᠤ᠂ ᠮᠠᠠᠵᠤ ᠶᠢᠨ ᠬᠤᠩ ᠳᠠᠢ᠌ᠵᠢ ᠯᠤᠭ᠎ᠠ ᠬᠠᠷᠢᠴᠠᠭ᠎ᠠ ᠠᠪᠣᠭᠤᠯᠪᠠᠢ᠃

1645 ᠣᠨ (ᠭᠦᠭᠡᠭ᠍ᠴᠢᠨ ᠳᠠᠭᠢᠶ᠎ᠠ ᠵᠢᠯ᠂ ᠴᠢᠩ ᠣᠯᠤᠰ ᠤᠨ ᠡᠶᠡᠪᠠᠷ ᠵᠠᠰᠠᠭᠴᠢ ᠶᠢᠨ ᠬᠤᠶᠠᠳᠤᠭᠠᠷ ᠣᠨ)᠄

ᠮᠦᠨ ᠣᠨ ᠳᠤ ᠭᠦᠦᠰᠢ ᠬᠠᠭᠠᠨ ᠡᠴᠡ ᠷᠠᠰᠢᠯᡁᠦ᠋ᠩᠪᠣ ᠭᠡᠢ᠌ᠤᠨ ᠤᠨ ᠬᠤᠳᠤᠭᠳᠤ ᠯᠤᠪᠽᠠᠩᠴᠣᠢ᠌ᠵᠢᠵᠠᠯᠰᠠᠨ ᠳ᠋ᠤ 《ᠪᠠᠠᠴᠢᠨ ᠪᠤᠭᠳᠡ》 ᠭᠡᠮᠡᠭᠦ ᠴᠤᠯᠠ ᠣᠯᠭᠤᠵᠤ᠂ ᠬᠣᠢ᠌ᠳᠤ ᠲᠦᠪᠡᠳ ᠽᠠᠩ ᠤᠨ ᠭᠠᠵᠠᠷ ᠣᠷᠤᠨ ᠢ ᠳᠡᠭᠦᠪᠠᠷ ᠵᠠᠭᠢᠷᠤᠭᠤᠯᠪᠠᠢ᠃

ᠳᠠᠷᠤᠮ᠄ 19981
ᠴᠠᠭ᠄ 2006 ᠤᠨ ᠤ 04 ᠰᠠᠷ᠎ᠠ ᠶᠢᠨ 16
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ