ᠨᠡᠪᠲᠡᠷᠡᠨ ᠤᠷᠤᠬᠤ
ᠭᠤᠷᠪᠠ

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠦᠷᠴᠤ ᠥᠵᠡᠭᠡᠳᠦᠢ ᠭᠠᠵᠠᠷ ᠭᠡᠮ

ᠭᠦᠷᠭᠦ ᠨᠢ ᠬᠠᠰᠢ ᠯᠠ ᠵᠣᠢ᠌ᠳᠠᠢ ᠳ᠋ᠠ᠂

ᠭᠡᠯᠡᠯᠴᠡᠵᠤ ᠪᠠᠷᠠᠭᠠᠳᠤᠢ ᠬᠤᠯᠪᠣᠭ᠎ᠠ ᠭᠡᠮ

ᠭᠡᠯᠡᠭᠦ ᠨᠢ ᠮᠦᠨ ᠯᠠ ᠵᠣᠢ᠌ᠳᠠᠢ ᠳ᠋ᠠ᠃

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠠᠭᠠᠨ ᠢᠳᠡᠭᠡᠨ ᠤ ᠠᠮᠳᠠ ᠭᠡᠵᠤ

ᠠᠮᠠᠨ ᠳᠤ ᠣᠷᠤᠪᠠᠯ ᠳᠤᠰᠤ ᠰᠢᠤ᠂

ᠴᠢᠩᠭᠢᠰ ᠬᠠᠭᠠᠨ ᠤ ᠥᠯᠢᠭᠡᠷ ᠭᠡᠵᠤ

ᠠᠪᠣᠭᠠᠤᠨ ᠭᠡᠯᠡᠪᠠᠯ ᠰᠢᠯᠦᠭ᠌ ᠰᠢᠤ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠷᠭᠤᠳ ᠤᠨ ᠠᠷᠪᠠᠨ ᠠᠢ᠌ᠮᠠᠭ ᠢ

ᠳᠦᠢᠦᠡᠭᠡᠷᠳᠤ ᠭᠡᠨ ᠥᠳᠦᠭᠡᠪᠡ︖

ᠣᠷᠠᠨ ᠵᠠᠩᠭ᠋ᠤᠤ ᠶᠢᠨ ᠴᠡᠷᠢᠭ᠌

ᠶᠠᠮᠠᠷ ᠭᠠᠵᠠᠷ ᠪᠠᠭᠤᠪᠠ︖

ᠭᠡᠷᠡᠢ᠌ᠤᠨ ᠤᠨ ᠰᠢᠨ ᠸᠠᠩ ᠢᠯᠠᠭᠤ

ᠭᠡᠨ ᠲᠡᠶ ᠰᠠᠨᠠᠭ᠎ᠠ ᠨᠢᠭᠡᠳᠪᠡ︖

ᠨᠢ᠋ᠮᠠᠨ ᠢ ᠰᠡᠷᠭᠡᠢ᠌ᠯᠡᠭᠦ ᠨᠠᠷ᠎ᠠ ᠪᠠᠷ

ᠬᠠᠮᠢᠭᠠᠭᠢ ᠲᠡᠶ ᠨᠠᠢ᠌ᠯᠠᠷ᠎ᠠ ᠢᠷᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠷᠭᠤᠳ ᠤᠨ ᠠᠷᠪᠠᠨ ᠠᠢ᠌ᠮᠠᠭ ᠢ

ᠳᠦᠢᠦᠡᠭᠡᠷᠳᠤ ᠵᠠᠮᠤᠬ᠎ᠠ ᠥᠳᠦᠭᠡᠪᠡ᠂

ᠣᠷᠠᠨ ᠵᠠᠩᠭ᠋ᠤᠤ ᠶᠢᠨ ᠴᠡᠷᠢᠭ᠌

ᠴᠠᠨ᠎ᠠ ᠳᠠᠯ᠎ᠠ ᠳᠤ ᠪᠠᠭᠤᠪᠠ᠃

ᠭᠡᠷᠡᠢ᠌ᠤᠨ ᠤᠨ ᠰᠢᠨ ᠸᠠᠩ ᠢᠯᠠᠭᠤ

ᠵᠠᠮᠤᠬ᠎ᠠ ᠲᠡᠶ ᠰᠠᠨᠠᠭ᠎ᠠ ᠨᠢᠭᠡᠳᠪᠡ᠂

ᠨᠢ᠋ᠮᠠᠨ ᠢ ᠰᠡᠷᠭᠡᠢ᠌ᠯᠡᠭᠦ ᠨᠠᠷ᠎ᠠ ᠪᠠᠷ

ᠡᠩᠭᠦᠤᠨ ᠲᠡᠶ ᠨᠠᠢ᠌ᠯᠠᠷ᠎ᠠ ᠢᠷᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠮᠤᠵᠢᠨ ᠤ ᠪᠢᠴᠢᠬᠠᠨ ᠵᠠᠩᠵᠤᠨ ᠨᠤᠭᠤᠳ

ᠶᠠᠭᠤ ᠶᠢ ᠪᠠᠢ᠌ᠯᠳᠤᠵᠤ ᠶᠠᠭᠠᠭᠢᠪᠠ︖

ᠮᠤᠬᠤᠯᠠᠢ ᠠᠯᠤᠰ ᠡᠴᠡ ᠰᠤᠨᠤᠰᠤᠭᠠᠤᠨ

ᠶᠠᠮᠠᠷ ᠠᠷᠭ᠎ᠠ ᠪᠠᠷ ᠶᠠᠭᠠᠭᠢᠪᠠ︖

ᠭᠡᠷᠡᠢ᠌ᠤᠨ ᠤᠨ ᠴᠡᠷᠢᠭ᠌ ᠶᠢᠡᠷ ᠣᠪᠯᠠᠵᠤ

ᠬᠠᠮᠢᠭᠠᠭᠢ ᠭᠦᠷᠢᠶᠡᠨ ᠳᠤ ᠣᠷᠤᠪᠠ︖

ᠭᠡᠷᠰᠡᠤ ᠮᠤᠬᠤᠯᠠᠢ ᠱᠠᠯᠠᠪᠳᠠᠵᠤ

ᠭᠡᠨ ᠢ ᠪᠠᠷᠢᠵᠤ ᠠᠪᠣᠪᠠ︖

ᠬᠣᠢ᠌ᠬᠤᠷ ᠰᠢᠷᠭᠤᠯ ᠪᠠᠷᠳᠠᠩ ᠢ

ᠵᠠᠩᠵᠤᠨ ᠳᠤᠭᠳᠤᠩᠭ᠋ᠤ ᠭᠡᠷᠭᠢᠪᠡ︖

ᠬᠠᠷᠭᠢᠰ ᠬᠠᠷ᠎ᠠ ᠪᠠᠷᠭᠡ ᠵᠢ

ᠵᠦᠷᠴᠢᠳ ᠤᠨ ᠰᠥᠪᠠᠭᠡᠳᠡᠢ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠮᠤᠵᠢᠨ ᠤ ᠪᠢᠴᠢᠬᠠᠨ ᠵᠠᠩᠵᠤᠨ ᠨᠤᠭᠤᠳ

ᠳᠤᠷᠭᠤᠳ ᠲᠡᠶ ᠪᠠᠢ᠌ᠯᠳᠤᠵᠤ ᠣᠳᠠᠪᠠ᠂

ᠮᠤᠬᠤᠯᠠᠢ ᠠᠯᠤᠰ ᠡᠴᠡ ᠰᠤᠨᠤᠰᠤᠭᠠᠤᠨ

ᠮᠡᠷᠭᠡᠨ ᠠᠷᠭ᠎ᠠ ᠪᠠᠨ ᠣᠯᠠᠷᠢᠭᠤᠯᠪᠠ᠃

ᠭᠡᠷᠡᠢ᠌ᠤᠨ ᠤᠨ ᠴᠡᠷᠢᠭ᠌ ᠶᠢᠡᠷ ᠣᠪᠯᠠᠵᠤ

ᠡᠡᠩᠭᠦᠤᠨ ᠤᠨ ᠭᠦᠷᠢᠶᠡᠨ ᠳᠤ ᠣᠷᠤᠪᠠ ᠂

ᠭᠡᠷᠰᠡᠤ ᠮᠤᠬᠤᠯᠠᠢ ᠱᠠᠯᠠᠪᠳᠠᠵᠤ

ᠣᠷᠠᠨ ᠵᠠᠩᠭ᠋ᠤᠤ ᠶᠢ ᠪᠠᠷᠢᠵᠤ ᠠᠪᠣᠪᠠ᠃

ᠬᠣᠢ᠌ᠬᠤᠷ ᠰᠢᠷᠭᠤᠯ ᠪᠠᠷᠳᠠᠩ ᠢ

ᠵᠠᠩᠵᠤᠨ ᠳᠤᠭᠳᠤᠩᠭ᠋ᠤ ᠴᠠᠪᠴᠢᠪᠠ᠂

ᠬᠠᠷᠭᠢᠰ ᠬᠠᠷ᠎ᠠ ᠪᠠᠷᠭᠡ ᠵᠢ

ᠵᠦᠷᠴᠢᠳ ᠤᠨ ᠰᠥᠪᠠᠭᠡᠳᠡᠢ ᠳᠤᠰᠴᠤ ᠪᠠᠢ᠌ᠯᠳᠤᠪᠠ᠃

ᠠ ᠄ ᠵᠧ ᠭᠦᠶ‍ᠢ ᠥᠨᠡᠭᠡᠷ ᠳᠠᠢ᠌ᠮᠤ ᠤᠤ᠂

ᠳᠤᠷᠭᠤᠳ ᠤᠨ ᠭᠤᠴᠢᠨ ᠨᠢᠭᠡᠨ ᠨᠤᠳᠤᠭ ᠢ

ᠳᠦᠪᠰᠢᠦᠡᠭᠡᠵᠤ ᠳᠠᠭᠠᠭᠤᠯᠤᠭᠰᠠᠨ ᠭᠡᠨ ᠪᠣᠢ︖

ᠳᠠᠷᠤᠭᠳᠠᠵᠤ ᠪᠠᠷᠢᠭᠳᠠᠭᠰᠠᠨ ᠣᠷᠠᠨ ᠵᠠᠩᠭ᠋ᠤᠤ ᠵᠢ

ᠳᠠᠷᠤᠢ ᠭᠡᠯᠳᠦᠷᠢᠭᠦᠯᠦᠭ᠍ᠰᠡᠨ ᠠᠯᠢ ᠣᠯᠤᠰ ᠪᠣᠢ︖

ᠠᠷᠪᠠᠨ ᠳᠠᠪᠣᠳᠠᠢ ᠪᠣᠯᠤᠭ᠎ᠠ ᠭᠡᠭ᠍ᠴᠢ

ᠭᠡᠨ ᠭᠦᠮᠤᠨ ᠤ ᠭᠡᠦᠭᠡᠨ ᠪᠣᠢ︖

ᠡᠶᠡᠪᠠᠷ ᠳᠤᠭᠳᠠᠬᠤ ᠳᠤ ᠭᠦᠷᠭᠡᠭ᠍ᠰᠡᠨ ᠵᠢᠠᠷ

ᠭᠡᠨ ᠤ ᠶᠠᠮᠠᠷ ᠬᠠᠳᠤᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠷᠭᠤᠳ ᠤᠨ ᠭᠤᠴᠢᠨ ᠨᠢᠭᠡᠨ ᠨᠤᠳᠤᠭ ᠢ

ᠳᠦᠪᠰᠢᠦᠡᠭᠡᠵᠤ ᠳᠠᠭᠠᠭᠤᠯᠤᠭᠰᠠᠨ ᠳᠠᠮᠤᠵᠢᠨ᠂

ᠳᠠᠷᠤᠭᠳᠠᠵᠤ ᠪᠠᠷᠢᠭᠳᠠᠭᠰᠠᠨ ᠣᠷᠠᠨ ᠵᠠᠩᠭ᠋ᠤᠤ ᠵᠢ

ᠳᠠᠷᠤᠢ ᠭᠡᠯᠳᠦᠷᠢᠭᠦᠯᠦᠭ᠍ᠰᠡᠨ ᠪᠧᠲ᠋ᠡ᠋ ᠣᠯᠤᠰ᠃

ᠠᠷᠪᠠᠨ ᠳᠠᠪᠣᠳᠠᠢ ᠪᠣᠯᠤᠭ᠎ᠠ ᠭᠡᠭ᠍ᠴᠢ

ᠣᠷᠠᠨ ᠵᠠᠩᠭ᠋ᠤᠤ ᠶᠢᠨ ᠭᠡᠦᠭᠡᠨ᠂

ᠡᠶᠡᠪᠠᠷ ᠳᠤᠭᠳᠠᠬᠤ ᠳᠤ ᠭᠦᠷᠭᠡᠭ᠍ᠰᠡᠨ ᠵᠢᠠᠷ

ᠬᠠᠰᠠᠷ ᠤᠨ ᠰᠤᠯᠠ ᠬᠠᠳᠤᠨ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠩᠭᠦᠤᠨ ᠤᠨ ᠨᠠᠷ᠎ᠠ ᠪᠠᠷ ᠭᠠᠷᠤᠭᠰᠠᠨ ᠨᠢ

ᠭᠡᠨ ᠤ ᠣᠷᠠᠨ ᠠᠷᠭ᠎ᠠ ᠪᠣᠢ︖

ᠴᠠᠭᠠᠨ ᠣᠷᠭᠢᠭᠤᠯ ᠳᠤ ᠬᠠᠭᠤᠷᠳᠠᠭᠳᠠᠭᠰᠠᠨ ᠨᠢ

ᠭᠡᠨ ᠨᠠᠷᠠᠳᠤ ᠭᠠᠢ᠌ᠬᠠᠯ ᠪᠣᠢ︖

ᠢᠯᠠᠭᠳᠠᠵᠤ ᠳᠠᠷᠤᠭᠳᠠᠵᠤ ᠡᠭᠡᠭ᠍ᠰᠡᠨ

ᠭᠡᠨ ᠭᠡᠨ ᠬᠤᠶᠠᠭᠤᠯᠠ ᠪᠣᠢ︖

ᠶᠠᠷᠰᠢᠭ ᠥᠳᠦᠭᠡᠭᠦ ᠶᠢ ᠪᠣᠷᠤᠭᠤᠰᠢᠶᠠᠭᠰᠠᠨ

ᠶᠡᠭᠡ ᠸᠠᠩ ᠬᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠩᠭᠦᠤᠨ ᠤᠨ ᠨᠠᠷ᠎ᠠ ᠪᠠᠷ ᠭᠠᠷᠤᠭᠰᠠᠨ ᠨᠢ

ᠵᠢᠨᠦᠡᠭ᠌ ᠤᠨ ᠣᠷᠠᠨ ᠠᠷᠭ᠎ᠠ ᠪᠠᠢ᠌ᠨ᠎ᠠ᠂

ᠴᠠᠭᠠᠨ ᠣᠷᠭᠢᠭᠤᠯ ᠳᠤ ᠬᠠᠭᠤᠷᠳᠠᠭᠳᠠᠭᠰᠠᠨ ᠨᠢ

ᠰᠢᠨ ᠸᠠᠩ ᠢᠯᠠᠭᠤ ᠭᠠᠢ᠌ᠬᠠᠯ ᠪᠠᠢ᠌ᠨ᠎ᠠ᠃

ᠢᠯᠠᠭᠳᠠᠵᠤ ᠳᠠᠷᠤᠭᠳᠠᠵᠤ ᠡᠭᠡᠭ᠍ᠰᠡᠨ

ᠢᠯᠠᠭᠤ᠂ ᠵᠠᠮᠤᠬ᠎ᠠ ᠬᠤᠶᠠᠭᠤᠯᠠ ᠪᠠᠢ᠌ᠨ᠎ᠠ᠂

ᠶᠠᠷᠰᠢᠭ ᠥᠳᠦᠭᠡᠭᠦ ᠶᠢ ᠪᠣᠷᠤᠭᠤᠰᠢᠶᠠᠭᠰᠠᠨ

ᠶᠡᠭᠡ ᠸᠠᠩ ᠬᠠᠨ ᠳᠤᠭᠤᠷᠢᠯ ᠪᠠᠢ᠌ᠨ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠠᠢ᠌ᠬᠠᠮᠰᠢᠭᠳᠤ ᠪᠧᠲ᠋ᠡ᠋ ᠣᠯᠤᠰ

ᠶᠠᠭᠤ ᠶᠠᠭᠠᠭᠢᠬᠤ ᠶᠢ ᠮᠠᠠᠳᠤᠭᠤᠯᠤᠭᠰᠠᠨ ᠪᠣᠢ︖

ᠭᠤᠷᠯᠤᠰ ᠤᠨ ᠨᠠᠷᠠᠨ ᠬᠠᠭᠠᠨ

ᠭᠡᠨ ᠤ ᠭᠡᠦᠭᠡᠨ ᠲᠡᠶ ᠣᠷᠤᠭᠯᠠᠭᠰᠠᠨ ᠪᠣᠢ︖

ᠨᠠᠴᠢᠨ ᠱᠤᠩᠬᠤᠷ ᠰᠢᠪᠠᠭᠤᠨ ᠢ

ᠬᠠᠮᠢᠭᠠᠭᠢ ᠭᠦᠮᠤᠨ ᠡᠷᠭᠦᠭ᠍ᠰᠡᠨ ᠪᠣᠢ︖

ᠨᠢᠭᠦᠯᠡᠰᠭᠦᠢ ᠳᠠᠮᠤᠵᠢᠨ ᠳᠡᠭᠦᠨ ᠢ

ᠭᠡᠨ ᠭᠡᠮᠡᠨ ᠨᠡᠷᠡᠯᠡᠭ᠍ᠰᠡᠨ ᠪᠣᠢ

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠠᠢ᠌ᠬᠠᠮᠰᠢᠭᠳᠤ ᠪᠧᠲ᠋ᠡ᠋ ᠣᠯᠤᠰ

ᠡᠶᠡᠳᠡᠭᠦ ᠥᠷᠦᠰᠢᠶᠡᠭᠦ ᠶᠢ ᠮᠠᠠᠳᠤᠭᠤᠯᠤᠭᠰᠠᠨ ᠶᠤᠮ᠂

ᠭᠤᠷᠯᠤᠰ ᠤᠨ ᠨᠠᠷᠠᠨ ᠬᠠᠭᠠᠨ

ᠪᠠᠯᠭᠦᠳᠡᠢ ᠶᠢᠨ ᠭᠡᠦᠭᠡᠨ ᠲᠡᠶ ᠣᠷᠤᠭᠯᠠᠭᠰᠠᠨ ᠶᠤᠮ᠃

ᠨᠠᠴᠢᠨ ᠱᠤᠩᠬᠤᠷ ᠰᠢᠪᠠᠭᠤᠨ ᠢ

ᠣᠢ᠌ᠷᠠᠤᠨ ᠤᠨ ᠥᠷᠦᠰᠦᠭᠦᠦᠮᠢ ᠡᠷᠭᠦᠭ᠍ᠰᠡᠨ ᠶᠤᠮ᠂

ᠨᠢᠭᠦᠯᠡᠰᠭᠦᠢ ᠳᠠᠮᠤᠵᠢᠨ ᠡᠴᠡ ᠥᠷᠦᠰᠦᠭᠦᠦᠮᠢ ᠵᠢ

ᠣᠷᠤᠰᠢᠭᠴᠢ ᠭᠡᠮᠡᠨ ᠨᠡᠷᠡᠯᠡᠭ᠍ᠰᠡᠨ ᠶᠤᠮ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠯᠤᠭᠠᠢ ᠠᠭᠤᠯᠠᠨ ᠠᠪᠠ ᠳᠡᠭᠡᠷ᠎ᠡ

ᠠᠯᠢ ᠠᠯᠢ ᠨᠢ ᠡᠪᠳᠡᠷᠡᠯᠴᠡᠪᠡ︖

ᠣᠯᠢᠶᠠᠨ ᠭᠤᠤᠯ ᠤᠨ ᠭᠦᠪᠠᠭᠡ ᠡᠴᠡ

ᠶᠠᠮᠠᠷ ᠭᠦᠮᠤᠨ ᠨᠢ ᠪᠣᠷᠤᠭᠤᠯᠠᠪᠠ︖

ᠬᠠᠰ ᠬᠠᠢ᠌ᠨᠤᠭ ᠯᠤᠤ ᠶᠢᠨ ᠮᠤᠷᠢ ᠪᠠᠷ

ᠭᠡᠨ ᠭᠤᠤᠯ ᠢ ᠭᠡᠳᠦᠯᠪᠡ︖

ᠬᠠᠮᠤᠭ ᠴᠡᠷᠢᠭ᠌ ᠨᠢ ᠳᠡᠭᠦᠨ ᠶᠢᠡᠨ ᠳᠠᠭᠠᠵᠤ

ᠶᠠᠭᠤ ᠪᠠᠷ ᠮᠦᠷᠠᠨ ᠢ ᠳᠤᠭᠤᠯᠪᠠ︖

ᠲᠦᠷᠦ ᠶᠢᠨ ᠠᠯᠪᠠ ᠠᠪᠬᠤ ᠪᠠᠨ

ᠲᠦᠰᠢᠮᠠᠯ ᠭᠡᠨ ᠨᠢ ᠳᠤᠭᠳᠠᠭᠠᠪᠠ︖

ᠳᠠᠭᠳᠠᠭ᠎ᠠ ᠪᠣᠯᠤᠨ ᠮᠤᠤᠷ ᠢ

ᠶᠠᠭᠤᠨ ᠤ ᠳᠤᠭᠠᠨ ᠳᠤ ᠠᠪᠴᠢᠷᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠯᠤᠭᠠᠢ ᠠᠭᠤᠯᠠ ᠶᠢᠨ ᠠᠪᠠ ᠳᠡᠭᠡᠷ᠎ᠡ

ᠪᠧᠲ᠋ᠡ᠋᠂ ᠵᠠᠷᠤᠳ ᠡᠪᠳᠡᠷᠡᠯᠴᠡᠪᠡ᠂

ᠣᠯᠢᠶᠠᠨ ᠭᠤᠤᠯ ᠤᠨ ᠭᠦᠪᠠᠭᠡ ᠡᠴᠡ

ᠰᠤᠯᠤᠩᠭ᠋ᠤᠳ ᠤᠨ ᠸᠠᠩᠴᠤᠭ ᠪᠣᠷᠤᠭᠤᠯᠠᠪᠠ᠃

ᠬᠠᠰ ᠬᠠᠢ᠌ᠨᠤᠭ ᠯᠤᠤ ᠶᠢᠨ ᠮᠤᠷᠢ ᠪᠠᠷ

ᠳᠠᠮᠤᠵᠢᠨ ᠭᠤᠤᠯ ᠢ ᠭᠡᠳᠦᠯᠪᠡ᠂

ᠬᠠᠮᠤᠭ ᠴᠡᠷᠢᠭ᠌ ᠨᠢ ᠳᠡᠭᠦᠨ ᠶᠢᠡᠨ ᠳᠠᠭᠠᠵᠤ

ᠭᠦᠯᠦᠭ᠌ ᠶᠢᠡᠷ ᠮᠦᠷᠠᠨ ᠢ ᠳᠤᠭᠤᠯᠪᠠ᠃

ᠲᠦᠷᠦ ᠶᠢᠨ ᠠᠯᠪᠠ ᠠᠪᠬᠤ ᠪᠠᠨ

ᠲᠦᠰᠢᠮᠠᠯ ᠪᠣᠭᠤᠷᠴᠢ ᠳᠤᠭᠳᠠᠭᠠᠪᠠ᠂

ᠳᠠᠭᠳᠠᠭ᠎ᠠ ᠪᠣᠯᠤᠨ ᠮᠤᠤᠷ ᠢ

ᠳᠠᠳᠠᠪᠣᠷᠢᠯᠠᠬᠤ ᠳᠤᠭᠠᠨ ᠳᠤ ᠠᠪᠴᠢᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠭᠳᠠᠭ᠎ᠠ ᠪᠣᠯᠤᠨ ᠮᠤᠤᠷ ᠲ᠋ᠤ

ᠶᠠᠮᠠᠷ ᠶᠠᠭᠤᠮ᠎ᠠ ᠶᠢ ᠳᠦᠷᠭᠢᠪᠠ︖

ᠲᠦᠷᠴᠢᠭᠢᠨᠠᠳᠠᠯ᠎ᠠ ᠭᠠᠯ ᠨᠤᠴᠤᠭᠠᠭᠠᠤᠨ

ᠬᠠᠮᠢᠭᠠᠰᠢ ᠳᠠᠯᠪᠢᠨ ᠣᠷᠤᠭᠤᠯᠪᠠ︖

ᠳᠡᠭᠡᠭᠦᠷ ᠳᠤᠤᠭᠤᠷ ᠭᠠᠯ

ᠶᠠᠮᠠᠷ ᠬᠤᠳᠠ ᠶᠢ ᠰᠢᠳᠠᠭᠠᠪᠠ︖

ᠳᠦᠷᠭᠡᠨ ᠱᠠᠯᠠᠮᠠᠭᠠᠢ ᠪᠣᠭᠤᠷᠴᠢ

ᠭᠡᠨ ᠢ ᠭᠦᠡᠵᠢᠯᠡ ᠳ᠋ᠤᠨᠢ ᠭᠦᠯᠢᠪᠡ︖

ᠸᠠᠩᠴᠤᠭ᠂ ᠮᠠᠰᠢ᠂ ᠲᠦᠷᠦ ᠨᠡᠷ ᠢ

ᠭᠡᠨ ᠭᠦᠮᠤᠨ ᠭᠡᠯᠳᠦᠷᠢᠭᠦᠯᠪᠡ︖

ᠪᠣᠰᠤᠳ ᠠᠷᠪᠠᠨ ᠨᠢ᠋ᠮᠠᠨ ᠨᠤᠶᠠᠤᠨ ᠢ ᠨᠢ

ᠭᠡᠨ ᠳᠡᠭᠡᠨ ᠶᠠᠭᠤ ᠪᠠᠷ ᠳᠦᠭᠡᠭᠡᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠭᠳᠠᠭ᠎ᠠ ᠪᠣᠯᠤᠨ ᠮᠤᠤᠷ ᠤᠳ ᠳᠤ

ᠳᠠᠪᠠᠷᠬᠠᠢ ᠱᠤᠤ ᠶᠢ ᠳᠦᠷᠭᠢᠪᠠ᠂

ᠲᠦᠷᠴᠢᠭᠢᠨᠠᠳᠠᠯ᠎ᠠ ᠭᠠᠯ ᠨᠤᠴᠤᠭᠠᠭᠠᠤᠨ

ᠬᠤᠳᠠᠨ ᠳ᠋ᠤᠨᠢ ᠳᠠᠯᠪᠢᠨ ᠣᠷᠤᠭᠤᠯᠪᠠ᠃

ᠳᠡᠭᠡᠭᠦᠷ ᠳᠤᠤᠭᠤᠷ ᠭᠠᠯ

ᠪᠠᠢ ᠱᠠᠨ ᠴᠸᠩ ᠢ ᠰᠢᠳᠠᠭᠠᠪᠠ᠂

ᠳᠦᠷᠭᠡᠨ ᠱᠠᠯᠠᠮᠠᠭᠠᠢ ᠪᠣᠭᠤᠷᠴᠢ

ᠸᠠᠩᠴᠤᠭ ᠢ ᠭᠦᠡᠵᠢᠯᠡ ᠳ᠋ᠤᠨᠢ ᠭᠦᠯᠢᠪᠡ᠃

ᠸᠠᠩᠴᠤᠭ᠂ ᠮᠠᠰᠢ᠂ ᠲᠦᠷᠦ ᠨᠡᠷ ᠢ

ᠡᠵᠡᠨ ᠳᠠᠮᠤᠵᠢᠨ ᠭᠡᠯᠳᠦᠷᠢᠭᠦᠯᠪᠡ᠂

ᠪᠣᠰᠤᠳ ᠠᠷᠪᠠᠨ ᠨᠢ᠋ᠮᠠᠨ ᠨᠤᠶᠠᠤᠨ ᠢ ᠨᠢ

ᠲᠦᠰᠢᠮᠠᠤᠨ ᠲᠡᠭᠡᠨ ᠪᠣᠭᠤᠯ ᠶᠢᠡᠷ ᠳᠦᠭᠡᠭᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠶᠡᠭᠡ ᠪᠧᠲ᠋ᠡ᠋ ᠶᠢᠨ ᠴᠡᠷᠢᠭ᠌

ᠠᠯᠢ ᠣᠯᠤᠰ ᠢ ᠰᠥᠷᠳᠡᠭᠦᠯᠪᠡ︖

ᠥᠭᠡᠷ ᠤᠨ ᠠᠷᠠᠰᠤᠨ ᠰᠠᠯ ᠤᠳ ᠵᠢᠠᠨ

ᠶᠠᠮᠠᠷ ᠮᠦᠷᠠᠨ ᠳᠡᠭᠡᠷ᠎ᠡ ᠵᠢᠭᠰᠡᠭᠠᠪᠡ︖

ᠪᠧᠲ᠋ᠡ᠋ ᠶᠢᠨ ᠡᠯᠴᠢ ᠵᠠᠯᠮ᠎ᠠ

ᠬᠠᠮᠢᠭᠠᠭᠢ ᠲᠦᠰᠢᠮᠠᠤᠨ ᠯᠦᠭᠡ ᠮᠥᠴᠡᠭᠡᠷᠭᠡᠪᠠ︖

ᠪᠣᠳᠤᠯᠭ᠎ᠠ ᠡᠷᠳᠡᠮ ᠶᠢᠡᠨ ᠭᠠᠷᠭᠠᠨ

ᠭᠡᠳᠦᠭᠦᠯᠡ ᠶᠠᠭᠠᠭᠢᠵᠤ ᠰᠠᠭᠤᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠶᠡᠭᠡ ᠪᠧᠲ᠋ᠡ᠋ ᠶᠢ᠌ᠨ ᠴᠡᠷᠢᠭ᠌

ᠡᠳᠡᠭᠡᠤᠨ ᠰᠤᠯᠤᠩᠭ᠋ᠤᠰ ᠢ ᠰᠥᠷᠳᠡᠭᠦᠯᠪᠡ᠂

ᠥᠭᠡᠷ ᠤᠨ ᠠᠷᠠᠰᠤᠨ ᠰᠠᠯ ᠤᠳ ᠵᠢᠠᠨ

ᠥᠨᠡᠭᠡᠨ ᠮᠦᠷᠠᠨ ᠳᠡᠭᠡᠷ᠎ᠡ ᠵᠢᠭᠰᠠᠭᠠᠪᠠ᠃

ᠪᠧᠲ᠋ᠡ᠋ ᠶᠢᠨ ᠡᠯᠴᠢ ᠵᠠᠯᠮ᠎ᠠ

ᠰᠤᠯᠤᠩᠭ᠋ᠤᠰ ᠤᠨ ᠲᠦᠰᠢᠮᠠᠤᠨ ᠯᠦᠭᠡ ᠮᠥᠴᠡᠭᠡᠷᠭᠡᠪᠠ᠂

ᠪᠣᠳᠤᠯᠭ᠎ᠠ ᠡᠷᠳᠡᠮ ᠶᠢᠡᠨ ᠭᠠᠷᠭᠠᠨ

ᠭᠠᠭᠴᠠᠭᠠᠷ ᠣᠳᠠᠳᠠᠯ᠎ᠠ ᠰᠠᠭᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠳᠤᠨ ᠳᠠᠢ᠌ᠱᠢ᠂ ᠴᠠᠭᠠᠨ ᠬᠠᠭᠠᠨ

ᠬᠠᠮᠢᠭᠠᠭᠢ ᠭᠡᠨ ᠢ ᠪᠢᠰᠢᠷᠠᠪᠠ︖

ᠪᠠᠯᠡᠭ᠌ ᠤᠨ ᠳᠡᠷᠢᠭᠦᠨ ᠪᠣᠯᠭᠠᠵᠤ

ᠭᠡᠨ ᠶᠢᠡᠨ ᠶᠠᠭᠠᠭᠢᠬᠤ ᠪᠠᠷ ᠮᠡᠳᠡᠭᠦᠯᠪᠡ︖

ᠰᠡᠷᠭᠦᠯᠡᠩ ᠭᠦᠩᠵᠤ ᠭᠤᠤᠯ ᠤᠨ ᠰᠠᠷᠠᠨ

ᠭᠡᠨ ᠤ ᠶᠠᠮᠠᠷ ᠬᠠᠳᠤᠨ ᠪᠣᠯᠪᠠ︖

ᠰᠤᠯᠤᠩᠭ᠋ᠤᠰ ᠤᠨ ᠡᠵᠡᠨ ᠪᠣᠬ᠎ᠠ ᠴᠠᠭᠠᠨ

ᠶᠠᠮᠠᠷ ᠴᠤᠯᠠ ᠳᠠᠭᠠᠨ ᠳᠤᠭᠳᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠳᠤᠨ ᠳᠠᠢ᠌ᠱᠢ᠂ ᠴᠠᠭᠠᠨ ᠬᠠᠭᠠᠨ

ᠪᠧᠲ᠋ᠡ᠋ ᠶᠢᠨ ᠳᠠᠮᠤᠵᠢᠨ ᠢ ᠪᠢᠰᠢᠷᠠᠪᠠ᠂

ᠪᠠᠯᠡᠭ᠌ ᠤᠨ ᠲ᠋ᠡᠷᠢᠭᠦᠨ ᠪᠣᠯᠭᠠᠵᠤ

ᠭᠦᠩᠵᠤ ᠪᠠᠨ ᠭᠦᠷᠭᠡᠭᠦ ᠪᠠᠷ ᠮᠡᠳᠡᠭᠦᠯᠪᠡ᠃

ᠰᠡᠷᠭᠦᠯᠡᠩ ᠭᠦᠩᠵᠤ ᠭᠤᠤᠯ ᠤᠨ ᠰᠠᠷᠠᠨ

ᠳᠠᠮᠤᠵᠢᠨ ᠤ ᠰᠤᠯᠠ ᠬᠠᠳᠤᠨ ᠪᠣᠯᠪᠠ᠂

ᠰᠤᠯᠤᠩᠭ᠋ᠤᠰ ᠤᠨ ᠡᠵᠡᠨ ᠪᠣᠬ᠎ᠠ ᠴᠠᠭᠠᠨ

ᠬᠠᠭᠠᠨ ᠤ ᠴᠤᠯᠠ ᠳᠠᠭᠠᠨ ᠳᠤᠭᠳᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠶᠠᠪᠣᠵᠤ ᠰᠤᠷᠤᠭᠰᠠᠨ ᠵᠠᠮᠤᠬ᠎ᠠ

ᠭᠡᠨ ᠲᠡᠶ ᠵᠥᠪᠳᠡᠭᠡᠤᠨ ᠮᠤᠷᠳᠠᠪᠠ︖

ᠰᠤᠷᠢᠠᠴᠤᠭ ᠭᠦᠷᠤ ᠬᠤᠳᠠᠨ ᠳ᠋ᠤ

ᠰᠠᠷᠯᠠᠭ ᠤᠨ ᠭᠡᠨ ᠢ ᠥᠳᠦᠭᠡᠪᠡ︖

ᠳᠠᠯᠳᠠᠯᠠᠵᠤ ᠣᠳᠠᠭᠰᠠᠨ ᠴᠢᠯᠭᠡᠷ ᠪᠦᠭᠡ

ᠳᠠᠷᠤᠢ ᠶᠠᠭᠤ ᠶᠠᠭᠠᠭᠢᠪᠠ︖

ᠳᠣᠢ᠌ᠤᠨ ᠤᠨ ᠭᠤᠯᠭᠤᠭᠴᠢ ᠬᠠᠷ᠎ᠠ ᠡᠮ᠎ᠡ ᠵᠢ

ᠳᠠᠭᠠᠭᠤᠯᠵᠤ ᠶᠠᠭᠠᠭᠢᠵᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠶᠠᠪᠣᠵᠤ ᠰᠤᠷᠤᠭᠰᠠᠨ ᠵᠠᠮᠤᠬ᠎ᠠ

ᠢᠯᠠᠭᠤ ᠲᠡᠶ ᠵᠦᠪᠳᠠᠵᠤ ᠮᠤᠷᠳᠠᠪᠠ᠂

ᠰᠤᠷᠢᠠᠴᠤᠭ ᠭᠦᠷᠤ ᠬᠤᠳᠠᠨ ᠳ᠋ᠤ

ᠰᠠᠷᠯᠠᠭ ᠤᠨ ᠵᠠᠯᠢᠳᠤ ᠶᠢ ᠥᠳᠦᠭᠡᠪᠡ᠃

ᠳᠠᠯᠳᠠᠯᠠᠵᠤ ᠣᠳᠠᠭᠰᠠᠨ ᠴᠢᠯᠭᠡᠷ ᠪᠦᠭᠡ

ᠳᠠᠷᠤᠢ ᠵᠠᠷᠯᠢᠭ ᠭᠦᠯᠢᠶᠡᠪᠡ᠂

ᠳᠣᠢ᠌ᠤᠨ ᠤᠨ ᠭᠤᠯᠭᠤᠭᠴᠢ ᠬᠠᠷ᠎ᠠ ᠡᠮ᠎ᠡ ᠵᠢ

ᠳᠠᠭᠠᠭᠤᠯᠵᠤ ᠭᠠᠷᠴᠤ ᠢᠷᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠪᠠᠯᠠᠭᠠᠤᠨ ᠪᠣᠴᠠᠬᠤ ᠳᠠᠭᠠᠨ ᠳᠠᠮᠤᠵᠢᠨ

ᠶᠠᠮᠠᠷ ᠭᠠᠵᠠᠷ ᠶᠢᠡᠷ ᠢᠷᠠᠪᠠ︖

ᠣᠯᠠᠭᠠᠪᠣᠷᠳᠤ ᠳᠤᠪᠣ ᠶᠢᠨ ᠪᠣᠷᠤ ᠳᠤᠬᠤᠢ ᠳ᠋ᠤ

ᠭᠡᠨ ᠳᠤᠰᠴᠤ ᠮᠥᠷᠭᠦᠪᠡ︖

ᠠᠯᠳᠠᠨ ᠰᠤᠳᠤᠳᠤ ᠨᠠᠴᠢᠨ

ᠶᠠᠭᠤᠨ ᠳᠡᠭᠡᠷ᠎ᠡ ᠣᠷᠢᠳᠠᠭᠠᠤᠨ ᠰᠠᠭᠤᠪᠠ︖

ᠣᠷᠠᠨ ᠭᠠᠴᠤᠭ ᠣᠴᠢᠭᠠᠤᠨ ᠠᠪᠳᠠᠯ᠎ᠠ

ᠶᠠᠭᠤ ᠨᠢ ᠰᠢᠷᠢᠯᠳᠤᠨ ᠰᠢᠯᠵᠢᠪᠠ︖

ᠶᠠᠭᠤ ᠪᠣᠰᠬᠠᠭᠰᠠᠨ ᠵᠤᠭᠤᠷᠢ ᠵᠢ

ᠪᠦᠭᠦᠳᠡᠭᠡᠷ ᠥᠵᠡᠭᠡᠤᠨ ᠰᠤᠴᠢᠪᠠ︖

ᠶᠠᠮᠠᠷ ᠬᠤᠯᠠᠭᠠᠢ ᠭᠡᠨ ᠢ

ᠪᠠᠷᠢᠪᠴᠢᠯᠠᠵᠤ ᠳᠠᠷᠤᠨ ᠭᠦᠯᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠪᠠᠯᠠᠭᠠᠤᠨ ᠪᠣᠴᠠᠬᠤ ᠵᠠᠮ ᠳᠠᠭᠠᠨ ᠳᠠᠮᠤᠵᠢᠨ

ᠳᠠᠷᠢᠶᠠᠳᠤ ᠶᠢᠨ ᠳᠠᠯ᠎ᠠ ᠪᠠᠷ ᠢᠷᠠᠪᠠ᠂

ᠣᠯᠠᠭᠠᠪᠣᠷᠳᠤ ᠳᠤᠪᠣ ᠶᠢᠨ ᠪᠣᠷᠤ ᠳᠤᠬᠤᠢ ᠳ᠋ᠤ

ᠴᠢᠯᠭᠡᠷ ᠪᠦᠭᠡ ᠳᠤᠰᠴᠤ ᠮᠥᠷᠭᠦᠪᠡ᠃

ᠠᠯᠳᠠᠨ ᠰᠤᠳᠤᠳᠤ ᠨᠠᠴᠢᠨ

ᠣᠯᠪᠣᠭ ᠳᠡᠭᠡᠷ᠎ᠡ ᠣᠷᠢᠳᠠᠭᠠᠤᠨ ᠰᠠᠭᠤᠪᠠ᠂

ᠣᠷᠠᠨ ᠭᠠᠴᠤᠭ ᠣᠴᠢᠭᠠᠤᠨ ᠠᠪᠳᠠᠯ᠎ᠠ

ᠣᠯᠪᠣᠭ ᠰᠢᠷᠢᠯᠳᠤᠨ ᠰᠢᠯᠵᠢᠪᠠ᠃

ᠵᠢᠳᠠ ᠪᠣᠰᠬᠠᠭᠰᠠᠨ ᠵᠤᠭᠤᠷᠢ ᠵᠢ

ᠪᠦᠭᠦᠳᠡᠭᠡᠷ ᠥᠵᠡᠭᠡᠤᠨ ᠰᠤᠴᠢᠪᠠ᠂

ᠵᠠᠨᠤᠯᠳᠤ ᠴᠢᠯᠭᠡᠷ ᠪᠦᠭᠡ ᠵᠢ

ᠪᠠᠷᠢᠪᠴᠢᠯᠠᠵᠤ ᠳᠠᠷᠤᠨ ᠭᠦᠯᠢᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠤᠯᠭᠤᠭᠴᠢ ᠬᠠᠷ᠎ᠠ ᠡᠮ᠎ᠡ

ᠭᠠᠷ ᠲᠠᠭᠠᠨ ᠶᠠᠭᠤ ᠪᠠᠷᠢᠪᠠ︖

ᠭᠡᠨ ᠢ ᠴᠠᠪᠴᠢᠬᠤ ᠭᠡᠤᠨ

ᠭᠡᠨ ᠳᠤ ᠭᠠᠷ ᠶᠢᠡᠨ ᠴᠠᠪᠴᠢᠭᠤᠯᠪᠠ︖

ᠳᠤᠭ᠂ ᠰᠢᠭᠦᠷ ᠢ ᠭᠡᠨ ᠠᠪᠴᠤ

ᠳᠠᠢ᠌ᠰᠤᠨ ᠢ ᠪᠠᠶ᠎ᠠ ᠳᠡᠭᠡᠨ ᠳᠠᠳᠠᠪᠠ︖

ᠭᠡᠨ ᠭᠡᠨ ᠭᠦᠷᠦᠯᠴᠡᠨ ᠢᠷᠠᠵᠤ

ᠪᠦᠰᠡᠯᠡᠭ᠍ᠳᠡᠭ᠍ᠰᠡᠨ ᠡᠵᠡᠨ ᠶᠢᠡᠨ ᠳᠡᠩᠭᠡᠷᠡᠭᠦᠯᠪᠡ︖

ᠴᠢᠯᠭᠡᠷ ᠪᠦᠭᠡ ᠶᠢᠨ ᠳᠤᠯᠤᠭᠠᠢ ᠵᠢ

ᠰᠠᠷᠯᠠᠭ ᠣᠯᠤᠰ ᠳᠤᠨᠢ ᠶᠠᠭᠠᠭᠢᠪᠠ︖

ᠭᠤᠯᠭᠤᠭᠴᠢ ᠡᠮ᠎ᠡ ᠶᠢᠨ ᠭᠠᠷ ᠢ

ᠵᠠᠯᠢᠳᠤ ᠬᠠᠭᠠᠨ ᠳ᠋ᠤᠨᠢ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠤᠯᠭᠤᠭᠴᠢ ᠬᠠᠷ᠎ᠠ ᠡᠮ᠎ᠡ

ᠭᠠᠷ ᠲᠠᠭᠠᠨ ᠰᠥᠭᠡ ᠪᠠᠷᠢᠵᠠᠢ᠂

ᠳᠠᠮᠤᠵᠢᠨ ᠤ ᠭᠦᠯ ᠢ ᠴᠠᠪᠴᠢᠬᠤ ᠭᠡᠤᠨ

ᠪᠠᠯᠭᠦᠳᠡᠢ ᠳᠤ ᠭᠠᠷ ᠶᠢᠡᠨ ᠴᠠᠪᠴᠢᠭᠤᠯᠵᠠᠢ᠃

ᠳᠤᠭ᠂ ᠰᠢᠭᠦᠷ ᠢ ᠵᠠᠯᠮ᠎ᠠ ᠠᠪᠴᠤ

ᠳᠠᠢ᠌ᠰᠤᠨ ᠢ ᠪᠠᠶ᠎ᠠ ᠪᠠᠷ ᠳᠠᠳᠠᠪᠠ᠂

ᠪᠣᠭᠤᠷᠴᠢ᠂ ᠮᠤᠬᠤᠯᠠᠢ ᠭᠦᠷᠦᠯᠴᠡᠨ ᠢᠷᠠᠵᠤ

ᠪᠦᠰᠡᠯᠡᠭ᠍ᠳᠡᠭ᠍ᠰᠡᠨ ᠡᠵᠡᠨ ᠶᠢᠡᠨ ᠳᠡᠩᠭᠡᠷᠡᠭᠦᠯᠪᠡ᠃

ᠴᠢᠯᠭᠡᠷ ᠪᠦᠭᠡ ᠶᠢᠨ ᠳᠤᠯᠤᠭᠠᠢ ᠵᠢ

ᠰᠠᠷᠯᠠᠭ ᠣᠯᠤᠰ ᠳᠤᠨᠢ ᠪᠠᠯᠡᠭᠯᠡᠪᠡ᠂

ᠭᠤᠯᠭᠤᠭᠴᠢ ᠡᠮ᠎ᠡ ᠶᠢᠨ ᠭᠠᠷ ᠢ

ᠵᠠᠯᠢᠳᠤ ᠬᠠᠭᠠᠨ ᠳ᠋ᠤᠨᠢ ᠱᠠᠩᠨᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠠᠷᠠ ᠨᠢᠭᠡ ᠠᠪᠠ ᠳᠡᠭᠡᠷ᠎ᠡ

ᠳᠠᠮᠤᠵᠢᠨ ᠳᠤ ᠭᠡᠨ ᠳᠤᠯᠳᠣᠢ᠌ᠤᠠᠪᠠ︖

ᠳᠠᠩᠭ᠋ᠤᠳ ᠤᠨ ᠭᠦᠷᠪᠠᠯᠵᠡᠨ ᠭᠤᠸ᠎ᠠ ᠵᠢ

ᠶᠠᠭᠠᠭᠢᠵᠤ ᠶᠠᠭᠠᠭᠢᠬᠤ ᠦᠭᠡᠶ ᠦᠦ ᠭᠡᠪᠡ︖

ᠣᠵᠢᠳ ᠰᠠᠮᠠᠭᠤᠨ ᠢ ᠵᠢᠭ᠍ᠰᠢᠳᠡᠭ᠌

ᠥᠷᠯᠦᠭ᠌ ᠳᠠᠮᠤᠵᠢᠨ ᠶᠠᠭᠠᠭᠢᠪᠠ︖

ᠣᠯᠢᠭ ᠦᠭᠡᠶ ᠶᠠᠪᠣᠭ᠎ᠠ ᠶᠢ ᠭᠦᠭᠡᠭᠡᠵᠤ

ᠣᠷᠳᠤᠨ ᠤ ᠳᠤᠰᠢᠶᠠᠯ ᠡᠴᠡ ᠨᠢ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠠᠷᠠ ᠨᠢᠭᠡ ᠠᠪᠠ ᠳᠡᠭᠡᠷ᠎ᠡ

ᠳᠠᠮᠤᠵᠢᠨ ᠳᠤ ᠶᠠᠪᠣᠭ᠎ᠠ ᠳᠤᠯᠳᠣᠢ᠌ᠤᠠᠪᠠ᠂

ᠳᠠᠩᠭ᠋ᠤᠳ ᠤᠨ ᠭᠦᠷᠪᠠᠯᠵᠡᠨ ᠭᠤᠸ᠎ᠠ ᠵᠢ

ᠳᠠ ᠮᠢᠨᠢ ᠪᠣᠯᠢᠶᠠᠵᠤ ᠠᠪᠬᠤ ᠦᠭᠡᠶ ᠦᠦ ᠭᠡᠪᠡ᠃

ᠣᠵᠢᠳ ᠰᠠᠮᠠᠭᠤᠨ ᠢ ᠵᠢᠭ᠍ᠰᠢᠳᠡᠭ᠌

ᠥᠷᠯᠦᠭ᠌ ᠳᠠᠮᠤᠵᠢᠨ ᠠᠭᠤᠷᠰᠠᠪᠠ᠂

ᠣᠯᠢᠭ ᠦᠭᠡᠶ ᠶᠠᠪᠣᠭ᠎ᠠ ᠶᠢ ᠭᠦᠭᠡᠭᠡᠵᠤ

ᠣᠷᠳᠤᠨ ᠤ ᠳᠤᠰᠢᠶᠠᠯ ᠡᠴᠡ ᠨᠢ ᠣᠭᠴᠤᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠯᠢᠳᠤ ᠬᠠᠭᠠᠨ ᠵᠠᠯᠢ ᠪᠠᠨ ᠭᠠᠷᠭᠠᠵᠤ

ᠵᠠᠮᠤᠬ᠎ᠠ ᠭᠠᠢ᠌ᠬᠠᠯ ᠶᠠᠭᠤ ᠪᠣᠯᠪᠠ︖

ᠶ‍ᠢᠰᠤᠨ ᠠᠢ᠌ᠮᠠᠭ ᠡᠴᠡ ᠴᠡᠷᠢᠭ᠌ ᠵᠢᠭᠡᠯᠡᠵᠤ

ᠡᠵᠡᠨ ᠳᠠᠮᠤᠵᠢᠨ ᠳᠤ ᠶᠠᠭᠤ ᠪᠣᠯᠪᠠ︖

ᠪᠧᠲ᠋ᠡ᠋ ᠶᠢᠨ ᠡᠵᠡᠨ ᠳᠠᠮᠤᠵᠢᠨ

ᠵᠠᠭᠤᠨ ᠲᠦᠰᠢᠮᠠᠤᠨ ᠲᠡᠶ ᠪᠠᠨ ᠶᠠᠭᠠᠭᠢᠪᠠ︖

ᠪᠣᠷᠤᠭᠤ ᠬᠠᠠᠳᠤᠵᠤ ᠬᠠᠨᠢᠶᠠᠭᠠᠤᠨ

ᠵᠢᠨᠦᠡᠭ᠌ ᠶᠠᠭᠤ ᠮᠡᠳᠡᠭ᠍ᠳᠡᠪᠡ︖

ᠵᠠᠯᠮ᠎ᠠ᠂ ᠬᠤᠳᠠᠭᠠᠨ᠎ᠠ ᠪᠠᠭᠢ ᠬᠤᠶᠠᠭᠤᠯᠠ ᠵᠢ

ᠶᠠᠮᠠᠷ ᠡᠯᠴᠢ ᠪᠠᠷ ᠮᠤᠷᠳᠠᠭᠤᠯᠪᠠ︖

ᠮᠢᠩᠭ᠋ᠠᠨ ᠳᠡᠮᠡᠭᠡᠨ ᠠᠴᠢᠶ᠎ᠠ ᠲᠡᠶ ᠪᠠᠷ

ᠠᠯᠢ ᠣᠯᠤᠰ ᠲᠤ ᠢᠯᠡᠭᠡᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠯᠢᠳᠤ ᠬᠠᠭᠠᠨ ᠵᠠᠯᠢ ᠪᠠᠨ ᠭᠠᠷᠭᠠᠵᠤ

ᠵᠠᠮᠤᠬ᠎ᠠ ᠭᠠᠢ᠌ᠬᠠᠯ ᠰᠢᠪᠦᠭᠡ ᠪᠣᠯᠪᠠ᠂

ᠶ‍ᠢᠰᠤᠨ ᠠᠢ᠌ᠮᠠᠭ ᠡᠴᠡ ᠴᠡᠷᠢᠭ᠌ ᠵᠢᠭᠡᠯᠡᠵᠤ

ᠡᠵᠡᠨ ᠳᠠᠮᠤᠵᠢᠨ ᠳᠤ ᠳᠠᠢ᠌ᠰᠤᠨ ᠪᠣᠯᠪᠠ᠃

ᠪᠧᠲ᠋ᠡ᠋ ᠶᠢᠨ ᠬᠠᠭᠠᠨ ᠳᠠᠮᠤᠵᠢᠨ

ᠵᠠᠭᠤᠨ ᠲᠦᠰᠢᠮᠠᠤᠨ ᠲᠡᠶ ᠪᠠᠨ ᠵᠦᠪᠳᠠᠪᠠ᠂

ᠪᠣᠷᠤᠭᠤ ᠬᠠᠠᠳᠤᠵᠤ ᠬᠠᠨᠢᠶᠠᠭᠠᠤᠨ

ᠵᠢᠨᠦᠡᠭ᠌ ᠠᠷᠭ᠎ᠠ ᠮᠡᠳᠡᠭ᠍ᠳᠡᠪᠡ᠃

ᠵᠠᠯᠮ᠎ᠠ᠂ ᠬᠤᠳᠠᠭᠠᠨ᠎ᠠ ᠪᠠᠭᠢ ᠬᠤᠶᠠᠭᠤᠯᠠ ᠵᠢ

ᠡᠶᠡᠰᠭᠦ ᠡᠯᠴᠢ ᠪᠠᠷ ᠮᠤᠷᠳᠠᠭᠤᠯᠪᠠ᠂

ᠮᠢᠩᠭ᠋ᠠᠨ ᠳᠡᠮᠡᠭᠡᠨ ᠠᠴᠢᠶ᠎ᠠ ᠲᠡᠶ ᠪᠠᠷ

ᠰᠠᠷᠯᠠᠭ ᠣᠯᠤᠰ ᠲᠤ ᠢᠯᠡᠭᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠯᠮ᠎ᠠ ᠪᠣᠯᠤᠨ ᠬᠤᠳᠠᠭᠠᠨ᠎ᠠ ᠪᠠᠭᠢ

ᠶᠠᠮᠠᠷ ᠬᠤᠳᠠᠨ ᠳᠤ ᠭᠦᠷᠪᠡ︖

ᠮᠢᠩᠭ᠋ᠠᠨ ᠳᠡᠮᠡᠭᠡᠨ ᠠᠴᠢᠶ᠎ᠠ ᠪᠠᠨ

ᠶᠠᠮᠠᠷ ᠬᠠᠭᠠᠨ ᠳᠤ ᠮᠡᠳᠡᠭᠦᠯᠪᠡ︖

ᠡᠵᠡᠨ ᠳᠠᠮᠤᠵᠢᠨ ᠤ ᠰᠠᠨᠠᠭ᠎ᠠ ᠪᠠᠷ

ᠶᠠᠭᠤᠨ ᠳᠤ ᠢᠷᠠᠪᠠ ᠭᠡᠵᠤ ᠭᠡᠯᠡᠪᠡ︖

ᠡᠳᠡᠭᠡᠤᠨ ᠰᠠᠷᠯᠠᠭ ᠰᠡᠵᠢᠭᠯᠡᠭᠡᠤᠨ

ᠭᠡᠨ ᠢ ᠬᠠᠮᠢᠭ᠎ᠠ ᠪᠠᠭᠤᠯᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠯᠮ᠎ᠠ ᠪᠣᠯᠤᠨ ᠬᠤᠳᠠᠭᠠᠨ᠎ᠠ ᠪᠠᠭᠢ

ᠰᠤᠷᠢᠠᠴᠤᠭ ᠬᠤᠳᠠ ᠳᠤ ᠭᠦᠷᠪᠡ᠂

ᠮᠢᠩᠭ᠋ᠠᠨ ᠳᠡᠮᠡᠭᠡᠨ ᠠᠴᠢᠶ᠎ᠠ ᠪᠠᠨ

ᠵᠠᠯᠢᠳᠤ ᠬᠠᠭᠠᠨ ᠳᠤ ᠮᠡᠳᠡᠭᠦᠯᠪᠡ᠃

ᠡᠵᠡᠨ ᠳᠠᠮᠤᠵᠢᠨ ᠤ ᠰᠠᠨᠠᠭ᠎ᠠ ᠪᠠᠷ

ᠡᠶᠡᠳᠡᠷ᠎ᠡ ᠢᠷᠠᠪᠠ ᠭᠡᠵᠤ ᠭᠡᠯᠡᠪᠡ᠂

ᠡᠳᠡᠭᠡᠤᠨ ᠰᠠᠷᠯᠠᠭ ᠰᠡᠵᠢᠭᠯᠡᠭᠡᠤᠨ

ᠵᠠᠯᠮ᠎ᠠ ᠨᠡᠷ ᠢ ᠭᠠᠳᠠᠨ᠎ᠠ ᠪᠠᠭᠤᠯᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠤᠷᠢᠭ ᠰᠠᠮᠪᠠᠭ᠎ᠠ ᠬᠤᠶᠠᠷ ᠢ

ᠭᠡᠨ ᠳᠡᠷᠢᠭᠦᠯᠡᠨ ᠭᠡᠷᠡᠭᠯᠡᠪᠡ︖

ᠵᠡᠪᠰᠡᠭ᠌ ᠶᠢᠡᠷ ᠪᠠᠶ᠎ᠠ ᠪᠠᠨ ᠰᠢᠷᠬᠠᠳᠤᠭᠤᠯᠵᠤ

ᠶᠠᠮᠠᠷ ᠶᠠᠭᠤᠮ᠎ᠠ ᠪᠠᠨ ᠭᠠᠯᠳᠠᠪᠠ︖

ᠴᠡᠷᠢᠭ᠌ ᠤᠳ ᠴᠢᠨᠢ ᠮᠠᠨ ᠢ ᠳᠡᠭᠡᠷᠡᠮᠳᠡᠪᠡ ᠭᠡᠵᠤ

ᠠᠯᠢ ᠭᠠᠵᠠᠷ ᠳᠤᠨᠢ ᠣᠴᠢᠵᠠᠭᠠᠪᠠ︖

ᠰᠠᠷᠯᠠᠭ ᠤᠨ ᠣᠯᠠᠨ ᠲᠦᠰᠢᠮᠠᠤᠨ ᠨᠠᠷ

ᠶᠠᠭᠠᠭᠢᠵᠤ ᠶᠠᠭᠠᠭᠢᠨ ᠣᠷᠤᠭᠤᠯᠪᠠ︖

ᠵᠠᠯᠢᠳᠤ ᠬᠠᠭᠠᠨ ᠰᠡᠵᠢᠭᠯᠡᠵᠤ

ᠭᠡᠨ ᠢ ᠶᠠᠭᠠᠭᠢᠬᠤ ᠭᠡᠪᠡ︖

ᠵᠠᠮᠤᠬ᠎ᠠ ᠬᠣᠢ᠌ᠬᠤᠷ ᠬᠣᠢ᠌ᠬᠤᠷᠯᠠᠵᠤ

ᠭᠡᠨ ᠢ ᠨᠢ ᠭᠡᠳᠦᠢ ᠳᠤ ᠪᠠᠷᠢᠶ᠎ᠠ ᠭᠡᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠤᠷᠢᠭ ᠰᠠᠮᠪᠠᠭ᠎ᠠ ᠬᠤᠶᠠᠷ ᠢ

ᠵᠠᠯᠮ᠎ᠠ ᠳᠡᠷᠢᠭᠦᠯᠡᠨ ᠭᠡᠷᠡᠭᠯᠡᠪᠡ᠂

ᠵᠡᠪᠰᠡᠭ᠌ ᠶᠢᠡᠷ ᠪᠠᠶ᠎ᠠ ᠪᠠᠨ ᠰᠢᠷᠬᠠᠳᠤᠭᠤᠯᠵᠤ

ᠬᠠᠭᠤᠷᠮᠠᠭ ᠪᠠᠯᠡᠭ᠌ ᠶᠢᠡᠨ ᠭᠠᠯᠳᠠᠪᠠ᠃

ᠴᠡᠷᠢᠭ᠌ ᠤᠳ ᠴᠢᠨᠢ ᠮᠠᠨ ᠢ ᠳᠡᠭᠡᠷᠡᠮᠳᠡᠪᠡ ᠭᠡᠵᠤ

ᠰᠤᠷᠢᠠᠴᠤᠭ ᠬᠤᠳᠠᠨ ᠳ᠋ᠤᠨᠢ ᠣᠴᠢᠵᠠᠭᠠᠪᠠ᠂

ᠰᠠᠷᠯᠠᠭ ᠤᠨ ᠣᠯᠠᠨ ᠲᠦᠰᠢᠮᠠᠤᠨ ᠨᠠᠷ

ᠰᠠᠠᠳᠤᠷᠤᠨ ᠶᠠᠭᠠᠷᠠᠨ ᠣᠷᠤᠭᠤᠯᠪᠠ᠃

ᠵᠠᠯᠢᠳᠤ ᠬᠠᠭᠠᠨ ᠰᠡᠵᠢᠭᠯᠡᠵᠤ

ᠵᠠᠯᠮ᠎ᠠ ᠨᠡᠷ ᠢ ᠠᠯᠠᠭᠤᠯᠬᠤ ᠭᠡᠪᠡ᠂

ᠵᠠᠮᠤᠬ᠎ᠠ ᠬᠣᠢ᠌ᠬᠤᠷ ᠬᠣᠢ᠌ᠬᠤᠷᠯᠠᠵᠤ

ᠳᠠᠮᠤᠵᠢᠨ ᠢ ᠣᠷᠢᠳᠠᠪᠠᠷ ᠪᠠᠷᠢᠶ᠎ᠠ ᠭᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠰᠠᠷᠯᠠᠭ ᠲᠡᠶ ᠴᠢᠭᠤᠯᠭᠠᠨ ᠨᠠᠢ᠌ᠯᠠᠨ᠎ᠠ ᠭᠡᠵᠤ

ᠪᠧᠲ᠋ᠡ᠋ ᠶᠢᠨ ᠭᠡᠳᠤᠨ ᠲᠦᠮᠡ ᠭᠦᠳᠡᠯᠪᠡ︖

ᠵᠢᠨᠦᠡᠭ᠌ ᠤᠨ ᠳᠤᠭᠢᠶ᠎ᠠ ᠡᠴᠡ ᠬᠤᠵᠢᠮᠳᠠᠭᠠᠤᠨ

ᠳᠠᠮᠤᠵᠢᠨ ᠶᠠᠭᠤ ᠭᠦᠯᠢᠶᠡᠪᠡ︖

ᠴᠡᠷᠢᠭ᠌ ᠤᠨ ᠴᠠᠭᠠᠵᠠ ᠶᠢ ᠶᠠᠪᠣᠭᠤᠯᠬᠤ

ᠪᠧᠲ᠋ᠡ᠋ ᠶᠢᠨ ᠶᠤᠰᠤ ᠶᠠᠮᠠᠷ ᠪᠣᠢ︖

ᠰᠤᠷᠪᠣᠯᠵᠢᠳᠤ ᠶᠠᠰᠤᠳᠠᠨ ᠴᠤ ᠳᠤᠷᠭᠠᠭᠳᠠᠵᠤ

ᠪᠦᠭᠦᠳᠡ ᠣᠯᠤᠰ ᠶᠠᠭᠠᠭᠢᠭᠰᠠᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠰᠠᠷᠯᠠᠭ ᠲ᠋ᠠᠢ ᠴᠢᠭᠤᠯᠭᠠᠨ ᠨᠠᠢ᠌ᠯᠠᠨ᠎ᠠ ᠭᠡᠵᠤ

ᠪᠧᠲ᠋ᠡ᠋ ᠶᠢᠨ ᠳᠠᠪᠤᠨ ᠲᠦᠮᠡ ᠭᠦᠳᠡᠯᠪᠡ᠂

ᠵᠢᠨᠦᠡᠭ᠌ ᠤᠨ ᠳᠤᠭᠢᠶ᠎ᠠ ᠡᠴᠡ ᠬᠤᠵᠢᠮᠳᠠᠭᠠᠤᠨ

ᠳᠠᠮᠤᠵᠢᠨ ᠳᠤᠷᠭᠠᠭᠤᠯᠢ ᠭᠦᠯᠢᠶᠡᠪᠡ᠃

ᠴᠡᠷᠢᠭ᠌ ᠤᠨ ᠴᠠᠭᠠᠵᠠ ᠶᠢ ᠶᠠᠪᠣᠭᠤᠯᠬᠤ

ᠪᠧᠲ᠋ᠡ᠋ ᠶᠢᠨ ᠶᠤᠰᠤ ᠴᠢᠩᠭ᠋᠎ᠠ

ᠰᠤᠷᠪᠣᠯᠵᠢᠳᠤ ᠶᠠᠰᠤᠳᠠᠨ ᠴᠤ ᠳᠤᠷᠭᠠᠭᠳᠠᠵᠤ

ᠪᠦᠭᠦᠳᠡ ᠣᠯᠤᠰ ᠭᠢᠴᠢᠶᠠᠮᠵᠢᠳᠠᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠡᠯᠦᠬ᠎ᠠ᠂ ᠰᠥᠭᠡ ᠬᠤᠶᠠᠭᠤᠯᠠ

ᠰᠠᠷᠯᠠᠭ ᠤᠨ ᠶᠠᠭᠤᠨ ᠳᠤ ᠣᠷᠤᠪᠠ︖

ᠵᠠᠯᠢᠳᠤ ᠬᠠᠭᠠᠨ ᠢ ᠳᠠᠷᠤᠬᠤ ᠪᠠᠷ

ᠴᠠᠴᠠᠷ ᠤᠨ ᠬᠠᠮᠢᠭ᠎ᠠ ᠨᠢ ᠪᠠᠢ᠌ᠯᠳᠤᠪᠠ︖

ᠭᠢᠯᠦᠭᠡᠨ᠂ ᠬᠤᠢ᠌ᠯᠡᠳᠡᠷ ᠬᠤᠶᠠᠭᠤᠯᠠ

ᠬᠠᠮᠵᠢᠨ ᠢᠷᠠᠵᠤ ᠶᠠᠭᠠᠭᠢᠪᠠ︖

ᠭᠡᠷᠡᠭ᠌ ᠲᠤ ᠳᠤᠷᠠᠳᠠᠢ ᠵᠠᠯᠢᠳᠤ ᠵᠢ

ᠳᠦᠷᠪᠡ ᠬᠤᠪᠢᠶᠡᠵᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠡᠯᠦᠬ᠎ᠠ᠂ ᠰᠥᠭᠡ ᠬᠤᠶᠠᠭᠤᠯᠠ

ᠰᠠᠷᠯᠠᠭ ᠤᠨ ᠭᠦᠷᠢᠶᠡᠨ ᠳᠤ ᠣᠷᠤᠪᠠ᠂

ᠵᠠᠯᠢᠳᠤ ᠬᠠᠭᠠᠨ ᠢ ᠳᠠᠷᠤᠬᠤ ᠪᠠᠷ

ᠴᠠᠴᠠᠷ ᠤᠨ ᠳᠤᠳᠤᠷ᠎ᠠ ᠪᠠᠢ᠌ᠯᠳᠤᠪᠠ᠂

ᠭᠢᠯᠦᠭᠡᠨ᠂ ᠬᠤᠢ᠌ᠯᠡᠳᠡᠷ ᠬᠤᠶᠠᠭᠤᠯᠠ ᠴᠤ

ᠬᠠᠮᠵᠢᠨ ᠢᠷᠠᠵᠤ ᠳᠤᠯᠤᠯᠳᠤᠪᠠ᠂

ᠭᠡᠷᠡᠭ᠌ ᠲᠤ ᠳᠤᠷᠠᠳᠠᠢ ᠵᠠᠯᠢᠳᠤ ᠵᠢ

ᠳᠦᠷᠪᠡ ᠬᠤᠪᠢᠶᠠᠵᠤ ᠠᠯᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠰᠠᠷᠯᠠᠭ ᠮᠦᠷᠠᠨ ᠤ ᠣᠰᠤᠨ ᠳ᠋ᠤ

ᠭᠡᠨ ᠮᠡᠯᠡᠭᠡᠢ ᠪᠣᠯᠪᠠ︖

ᠰᠢᠪᠠᠷ ᠪᠠᠯᠴᠢᠭ ᠲᠤ ᠥᠩᠭᠦᠷᠢᠳᠡᠨ

ᠶᠠᠮᠠᠷ ᠶᠠᠩᠵᠤ ᠪᠠᠷ ᠵᠢᠭᠤᠳᠠᠪᠠ︖

ᠳᠤᠭᠳᠦᠩᠭ᠋ᠤ᠂ ᠰᠥᠪᠠᠭᠡᠳᠢ ᠬᠤᠶᠠᠭᠤᠯᠠ

ᠰᠤᠷᠢᠠᠴᠤᠭ ᠬᠤᠳᠠᠨ ᠵᠥᠭ᠌ ᠶᠠᠭᠠᠭᠢᠪᠠ︖

ᠵᠠᠯᠮ᠎ᠠ᠂ ᠬᠤᠳᠠᠭᠠᠨ᠎ᠠ ᠪᠠᠭᠢ ᠬᠤᠶᠠᠭᠤᠯᠠ

ᠬᠠᠭᠠᠯᠭ᠎ᠠ ᠨᠡᠭᠡᠭᠡᠵᠤ ᠭᠠᠷᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠰᠠᠷᠯᠠᠭ ᠮᠦᠷᠠᠨ ᠤ ᠣᠰᠤᠨ ᠳ᠋ᠤ

ᠵᠠᠮᠤᠬ᠎ᠠ ᠮᠡᠯᠡᠭᠡᠢ ᠪᠣᠯᠪᠠ᠂

ᠰᠢᠪᠠᠷ ᠪᠠᠯᠴᠢᠭ ᠲᠤ ᠥᠩᠭᠦᠷᠢᠳᠡᠨ

ᠰᠢᠪ ᠳᠠᠰᠤ ᠵᠢᠭᠤᠳᠠᠪᠠ᠃

ᠳᠤᠭᠳᠦᠩᠭ᠋ᠤ᠂ ᠰᠥᠪᠠᠭᠡᠳᠡᠢ ᠬᠤᠶᠠᠭᠤᠯᠠ

ᠰᠤᠷᠢᠠᠴᠤᠭ ᠬᠤᠳᠠᠨ ᠵᠥᠭ᠌ ᠳᠠᠭᠠᠷᠢᠪᠠ᠂

ᠵᠠᠯᠮ᠎ᠠ᠂ ᠬᠤᠳᠠᠭᠠᠨ᠎ᠠ ᠪᠠᠭᠢ ᠬᠤᠶᠠᠭᠤᠯᠠ

ᠬᠠᠭᠠᠯᠭ᠎ᠠ ᠨᠡᠭᠡᠭᠡᠵᠤ ᠣᠭᠳᠤᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠦᠭᠡᠮᠡᠯ ᠱᠠᠩ ᠶᠢᠡᠷ ᠭᠦᠭᠢᠭᠦᠯᠭᠦ ᠳ᠋ᠤ

ᠳᠡᠷᠢᠭᠦᠨ ᠤ ᠳᠡᠷᠢᠭᠦᠨ ᠳ᠋ᠤᠨᠢ ᠭᠡᠨ ᠪᠣᠢ︖

ᠳᠠᠮᠤᠵᠢᠨ ᠢᠭ᠍ᠳᠦᠯᠤᠨ ᠪᠠᠶᠠᠰᠴᠤ

ᠳᠡᠭᠦᠨ ᠳᠤ ᠭᠦᠷᠳᠡᠭᠡᠭ᠍ᠰᠡᠨ ᠨᠢ ᠶᠠᠭᠤ ᠪᠣᠢ︖

ᠡᠵᠡᠨ ᠤ ᠪᠠᠨ ᠣᠷᠳᠤᠨ ᠢ ᠬᠠᠮᠠᠭᠠᠯᠠᠭᠰᠠᠨ

ᠠᠷᠪᠠᠨ ᠭᠤᠷᠪᠠᠳᠠᠢ ᠭᠡᠨ ᠪᠣᠢ︖

ᠡᠷᠭᠡᠳᠤ ᠳᠠᠮᠤᠵᠢᠨ ᠳᠤ ᠥᠷᠦᠰᠢᠶᠡᠭ᠍ᠳᠡᠭ᠍ᠰᠡᠨ

ᠰᠠᠷᠯᠠᠭ ᠤᠨ ᠠᠯᠢ ᠭᠦᠪᠠᠭᠦᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠦᠭᠡᠮᠡᠯ ᠱᠠᠩ ᠶᠢᠡᠷ ᠭᠦᠭᠢᠭᠦᠯᠭᠦ ᠳ᠋ᠤ

ᠳᠡᠷᠢᠭᠦᠨ ᠤ ᠳᠡᠷᠢᠭᠦᠨ ᠳ᠋ᠤᠨᠢ ᠵᠠᠯᠮ᠎ᠠ᠂

ᠳᠠᠮᠤᠵᠢᠨ ᠢᠭ᠍ᠳᠦᠯᠤᠨ ᠪᠠᠶᠠᠰᠴᠤ

ᠳᠡᠭᠦᠨ ᠳᠤ ᠭᠦᠷᠳᠡᠭᠡᠭ᠍ᠰᠡᠨ ᠨᠢ ᠢᠯᠳᠤ᠂ ᠮᠤᠷᠢ᠃

ᠡᠵᠡᠨ ᠤ ᠪᠠᠨ ᠣᠷᠳᠤᠨ ᠢ ᠬᠠᠮᠠᠭᠠᠯᠠᠭᠰᠠᠨ

ᠠᠷᠪᠠᠨ ᠭᠤᠷᠪᠠᠳᠠᠢ ᠪᠠᠶᠠᠨ᠂

ᠡᠷᠭᠡᠳᠤ ᠳᠠᠮᠤᠵᠢᠨ ᠳᠤ ᠥᠷᠦᠰᠢᠶᠡᠭ᠍ᠳᠡᠭ᠍ᠰᠡᠨ

ᠰᠠᠷᠯᠠᠭ ᠤᠨ ᠡᠨᠡ ᠭᠦᠪᠠᠭᠦᠨ᠃

ᠠ ᠄ ᠵᠧ ᠭᠦᠶ‍ᠢ ᠥᠨᠡᠭᠡᠷ ᠳᠠᠢ᠌ᠮᠤ ᠤᠤ᠂

ᠰᠠᠷᠯᠠᠭ ᠢ ᠳᠡᠢ᠌ᠯᠦᠭ᠍ᠰᠡᠨ ᠪᠧᠲ᠋ᠡ᠋ ᠣᠯᠤᠰ

ᠶᠠᠭᠤ ᠶᠢ ᠳᠤᠭᠳᠠᠭᠠᠨ᠎ᠠ ᠭᠡᠵᠤ ᠵᠦᠪᠳᠠᠪᠠ︖

ᠴᠢᠩᠭᠢᠭᠡᠤᠨ ᠳᠤᠭᠮᠤᠭ ᠤᠨ ᠵᠥᠭ᠌

ᠭᠡᠳᠤᠨ ᠵᠠᠮ ᠶᠢᠡᠷ ᠴᠡᠷᠢᠭᠯᠡᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠰᠠᠷᠯᠠᠭ ᠢ ᠳᠡᠢ᠌ᠯᠦᠭ᠍ᠰᠡᠨ ᠪᠧᠲ᠋ᠡ᠋ ᠣᠯᠤᠰ

ᠳᠤᠭᠮᠤᠭ ᠢ ᠳᠤᠭᠳᠠᠭᠠᠨ᠎ᠠ ᠭᠡᠵᠤ ᠵᠦᠪᠳᠠᠪᠠ᠂

ᠴᠢᠩᠭᠢᠭᠡᠤᠨ ᠳᠤᠭᠮᠤᠭ ᠤᠨ ᠵᠥᠭ᠌

ᠭᠤᠷᠪᠠᠨ ᠵᠠᠮ ᠶᠢᠡᠷ ᠴᠡᠷᠢᠭᠯᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠮᠠᠭᠤ ᠰᠠᠨᠠᠭᠠᠳᠤ ᠵᠠᠮᠤᠬ᠎ᠠ

ᠮᠡᠭᠡ ᠪᠠᠨ ᠬᠠᠮᠢᠭ᠎ᠠ ᠪᠢᠰᠢᠯᠭᠠᠭᠰᠠᠨ ᠪᠣᠢ︖

ᠮᠤᠬᠤᠷ ᠣᠯᠤᠭᠠᠢ ᠭᠤᠤᠯ ᠳ᠋ᠤ

ᠮᠤᠬᠤᠭᠳᠠᠭᠤᠯᠬᠤ ᠶᠠᠭᠤ ᠪᠠᠨ ᠪᠠᠯᠡᠳᠭᠡᠭ᠍ᠰᠡᠨ ᠪᠣᠢ︖

ᠴᠠᠭᠠᠰᠢ ᠴᠠᠭᠠᠰᠢ ᠳᠡᠢ᠌ᠯᠦᠭ᠍ᠳᠡᠭ᠍ᠰᠡᠭᠡᠷ

ᠶᠠᠮᠠᠷ ᠭᠠᠵᠠᠷ ᠲᠠᠭᠠᠨ ᠣᠬᠤᠷᠢᠭᠰᠠᠨ ᠪᠣᠢ︖

ᠴᠠᠭᠠᠳᠤ ᠵᠢᠯᠭ᠎ᠠ ᠶᠢᠨ ᠡᠭᠢᠨ ᠳ᠋ᠤ

ᠶᠠᠭᠤᠨ ᠤ ᠶᠠᠭᠤ ᠪᠠᠷ ᠬᠠᠭᠤᠷᠤᠭᠰᠠᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠮᠠᠭᠤ ᠰᠠᠨᠠᠭᠠᠳᠤ ᠵᠠᠮᠤᠬ᠎ᠠ

ᠮᠡᠭᠡ ᠪᠠᠨ ᠳᠤᠭᠮᠤᠭ ᠲᠤ ᠪᠢᠰᠢᠯᠭᠠᠵᠠᠢ᠂

ᠮᠤᠬᠤᠷ ᠣᠯᠤᠭᠠᠢ ᠭᠤᠤᠯ ᠳ᠋ᠤ

ᠮᠤᠬᠤᠭᠳᠠᠭᠤᠯᠬᠤ ᠵᠢᠭᠰᠠᠭᠠᠯ ᠶᠢᠡᠨ ᠪᠠᠯᠡᠳᠭᠡᠵᠡᠢ᠃

ᠴᠠᠭᠠᠰᠢ ᠴᠠᠭᠠᠰᠢ ᠳᠡᠢ᠌ᠯᠦᠭ᠍ᠳᠡᠭ᠍ᠰᠡᠭᠡᠷ

ᠰᠠᠨᠠᠭᠠᠳᠠᠢ ᠭᠠᠵᠠᠷ ᠲᠠᠭᠠᠨ ᠣᠬᠤᠷᠢᠵᠠᠢ᠂

ᠴᠠᠭᠠᠳᠤ ᠵᠢᠯᠠᠭ᠎ᠠ ᠶᠢᠨ ᠡᠭᠢᠨ ᠳᠤ

ᠴᠡᠷᠢᠭ᠌ ᠤᠨ ᠭᠦᠷᠢᠶ᠎ᠡ ᠪᠠᠷ ᠬᠠᠭᠤᠷᠴᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠤᠭᠤᠰᠤᠨ ᠭᠦᠷᠢᠶ᠎ᠡ ᠶᠢ ᠥᠵᠡᠭᠡᠤᠨ

ᠬᠠᠭᠤᠷᠳᠠᠭᠳᠠᠭᠰᠠᠨ ᠶᠢᠡᠨ ᠳᠠᠮᠤᠵᠢᠨ ᠶᠠᠭᠠᠭᠢᠭᠰᠠᠨ ᠪᠣᠢ︖

ᠬᠤᠷᠳᠤᠬᠠᠨ ᠳᠤᠤᠷ᠎ᠠ ᠪᠠᠨ ᠡᠭᠡᠭᠦᠶ᠎ᠡ

ᠭᠦᠡᠳᠡᠢ ᠵᠢᠯᠠᠭ᠎ᠠ ᠶᠠᠭᠠᠭᠢᠭᠰᠠᠨ ᠪᠣᠢ︖

ᠨᠡᠮᠥᠢᠭ᠍ᠰᠡᠨ ᠬᠠᠳᠠᠨ ᠤ ᠳᠡᠭᠡᠭᠦᠷ

ᠳᠦᠢᠦᠡᠭᠡᠷᠳᠤ ᠵᠠᠮᠤᠬ᠎ᠠ ᠶᠠᠭᠠᠭᠢᠭᠰᠠᠨ ᠪᠣᠢ︖

ᠨᠦᠵᠢ ᠶᠢ ᠵᠠᠪᠠᠯ ᠪᠢᠴᠠᠯᠤᠶ᠎ᠠ ᠭᠡᠤᠨ

ᠳᠠᠮᠤᠵᠢᠨ ᠮᠤᠷᠢ ᠪᠠᠨ ᠶᠠᠭᠠᠭᠢᠭᠰᠠᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠤᠭᠤᠰᠤᠨ ᠭᠦᠷᠢᠶ᠎ᠡ ᠶᠢ ᠥᠵᠡᠭᠡᠤᠨ

ᠬᠠᠭᠤᠷᠳᠠᠭᠳᠠᠭᠰᠠᠨ ᠶᠢᠡᠨ ᠳᠠᠮᠤᠵᠢᠨ ᠮᠠᠳᠠᠵᠠᠢ᠂

ᠬᠤᠷᠳᠤᠬᠠᠨ ᠳᠤᠤᠷ᠎ᠠ ᠪᠠᠨ ᠡᠭᠡᠭᠦᠶ᠎ᠡ

ᠭᠦᠡᠳᠡᠢ ᠵᠢᠯᠠᠭ᠎ᠠ ᠴᠤ ᠪᠢᠳᠡᠭᠦᠮᠵᠢᠯᠡᠭ᠍ᠳᠡᠵᠡᠢ᠃

ᠨᠡᠮᠥᠢᠭ᠍ᠰᠡᠨ ᠬᠠᠳᠠᠨ ᠤ ᠳᠡᠭᠡᠭᠦᠷ

ᠳᠦᠢᠦᠡᠭᠡᠷᠳᠤ ᠵᠠᠮᠤᠬ᠎ᠠ ᠬᠠᠷᠠᠭᠳᠠᠪᠠ᠂

ᠨᠦᠵᠢ ᠶᠢ ᠵᠠᠪᠠᠯ ᠪᠢᠴᠠᠯᠤᠶ᠎ᠠ ᠭᠡᠤᠨ

ᠳᠠᠮᠤᠵᠢᠨ ᠮᠤᠷᠢ ᠪᠠᠨ ᠳᠠᠰᠢᠭᠤᠷᠳᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠥᠭᠡᠷ ᠫᠣᠤ ᠳᠤᠤᠭᠠᠷᠴᠤ

ᠦᠨᠳᠦᠷ ᠬᠠᠳᠠ ᠶᠠᠭᠠᠭᠢᠪᠠ︖

ᠡᠯᠳᠡᠪ ᠰᠥᠷᠡᠭᠡᠢ ᠴᠢᠯᠠᠭᠤ ᠨᠤᠭᠤᠳ

ᠥᠭᠦᠯ ᠳᠠᠭᠠᠷᠢᠭᠤᠯᠵᠤ ᠶᠠᠭᠠᠭᠢᠪᠠ︖

ᠠᠪᠣᠷᠭᠤ ᠳᠠᠮᠤᠵᠢᠨ ᠤ ᠠᠷᠤ ᠡᠴᠡ

ᠠᠯᠳᠠᠨ ᠯᠤᠤ ᠶᠠᠭᠠᠭᠢᠪᠠ︖

ᠠᠶᠤᠩᠭ᠋᠎ᠠ ᠭᠡᠷᠡᠯ ᠤᠨ ᠳᠤᠮᠳᠠᠭᠤᠷ

ᠠᠶᠤᠯ ᠲᠡᠶ ᠴᠢᠯᠠᠭᠤ ᠶᠢ ᠶᠠᠭᠠᠭᠢᠪᠠ︖

ᠭᠦᠮᠤᠨ ᠤ ᠦᠪᠡᠷ ᠤᠨ ᠴᠡᠷᠢᠭ᠌ ᠤᠳ

ᠭᠡᠨ ᠨᠢ ᠴᠤ ᠪᠦᠷ ᠶᠠᠭᠠᠭᠢᠪᠠ︖

ᠭᠡᠷᠡᠭ᠌ ᠤᠨ ᠣᠭᠤᠳᠠ ᠵᠠᠮᠤᠬ᠎ᠠ ᠵᠢᠨ

ᠭᠡᠢ᠌ᠮᠦᠷᠢ ᠨᠢ ᠪᠦᠷ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠥᠭᠡᠷ ᠫᠣᠤ ᠳᠤᠤᠭᠠᠷᠴᠤ

ᠦᠨᠳᠦᠷ ᠬᠠᠳᠠ ᠨᠤᠷᠠᠪᠠ᠂

ᠡᠯᠳᠡᠪ ᠰᠥᠷᠡᠭᠡᠢ ᠴᠢᠯᠠᠭᠤ ᠨᠤᠭᠤᠳ

ᠥᠭᠦᠯ ᠳᠠᠭᠠᠷᠢᠭᠤᠯᠤᠵᠤ ᠪᠦᠮᠪᠦᠷᠢᠪᠡ᠃

ᠠᠪᠣᠷᠭᠤ ᠳᠠᠮᠤᠵᠢᠨ ᠤ ᠠᠷᠤ ᠡᠴᠡ

ᠠᠯᠳᠠᠨ ᠯᠤᠤ ᠢᠯᠠᠷᠠᠪᠠ᠂

ᠠᠶᠤᠩᠭ᠋᠎ᠠ ᠭᠡᠷᠡᠯ ᠤᠨ ᠳᠤᠮᠳᠠᠭᠤᠷ

ᠠᠶᠤᠯ ᠲᠡᠶ ᠴᠢᠯᠠᠭᠤ ᠶᠢ ᠵᠠᠢ᠌ᠯᠠᠭᠤᠯᠪᠠ᠃

ᠭᠦᠮᠤᠨ ᠤ ᠦᠪᠡᠷ ᠤᠨ ᠴᠡᠷᠢᠭ᠌ ᠤᠳ

ᠭᠡᠨ ᠨᠢ ᠴᠤ ᠪᠦᠷ ᠦᠵᠡᠪᠠ᠂

ᠭᠡᠷᠡᠭ᠌ ᠤᠨ ᠣᠭᠤᠳᠠ ᠵᠠᠮᠤᠬ᠎ᠠ ᠵᠢᠨ

ᠭᠡᠢ᠌ᠮᠦᠷᠢ ᠨᠢ ᠪᠦᠷ ᠭᠡᠪᠳᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠭᠮᠤᠭ ᠤᠨ ᠨᠥᠭᠦᠭᠡ ᠭᠦᠷᠢᠶ᠎ᠡ ᠵᠢ

ᠭᠡᠨ ᠤ ᠴᠡᠷᠢᠭ᠌ ᠳᠠᠷᠤᠪᠠ︖

ᠳᠤᠪᠳᠤᠯᠵᠤ ᠢᠷᠡᠭ᠍ᠰᠡᠨ ᠰᠤᠳᠤ ᠭᠠᠷᠤᠳᠢ ᠵᠢ

ᠭᠡᠨ ᠴᠠᠪᠴᠢᠵᠤ ᠣᠨᠠᠭᠠᠪᠠ︖

ᠡᠵᠡᠨ ᠳᠡᠭᠡᠨ ᠭᠤᠮᠤᠳᠠᠭᠰᠠᠨ ᠪᠣᠷᠤ ᠠᠷᠰᠯᠠᠨ

ᠡᠷᠡᠯᠭᠡᠭ᠌ ᠮᠤᠬᠤᠯᠠᠢ ᠶᠢ ᠶᠠᠭᠠᠭᠢᠪᠠ︖

ᠡᠨᠡ ᠡᠳᠦᠷ ᠴᠡᠷᠢᠭ᠌ ᠤᠨ ᠵᠢᠨᠦᠡᠭ᠌

ᠦᠷᠦᠰᠢᠶᠠᠯ ᠶᠢᠡᠨ ᠪᠠᠰᠠ ᠨᠢᠭᠡ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠭᠮᠤᠭ ᠤᠨ ᠨᠥᠭᠦᠭᠡ ᠭᠦᠷᠢᠶ᠎ᠡ ᠵᠢ

ᠮᠤᠬᠤᠯᠠᠢ ᠶᠢᠨ ᠴᠡᠷᠢᠭ᠌ ᠳᠠᠷᠤᠪᠠ᠂

ᠳᠤᠪᠳᠤᠯᠤᠵᠤ ᠢᠷᠡᠭ᠍ᠰᠡᠨ ᠰᠤᠳᠤ ᠭᠠᠷᠤᠳᠠᠢ ᠵᠢ

ᠪᠣᠭᠤᠷᠴᠢ ᠴᠠᠪᠴᠢᠨ ᠣᠨᠠᠭᠠᠪᠠ᠃

ᠡᠵᠡᠨ ᠳᠡᠭᠡᠨ ᠭᠤᠮᠤᠳᠠᠭᠰᠠᠨ ᠪᠣᠷᠤ ᠠᠷᠰᠯᠠᠨ

ᠡᠷᠡᠯᠭᠡᠭ᠌ ᠮᠤᠬᠤᠯᠠᠢ ᠶᠢ ᠳᠠᠭᠠᠪᠠ᠂

ᠡᠨᠡ ᠡᠳᠦᠷ ᠴᠡᠷᠢᠭ᠌ ᠤᠨ ᠵᠢᠨᠦᠡᠭ᠌

ᠦᠷᠦᠰᠢᠶᠠᠯ ᠶᠢᠡᠨ ᠪᠠᠰᠠ ᠨᠢᠭᠡ ᠥᠵᠡᠭᠦᠯᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠳᠠ ᠶᠢᠨ ᠴᠠᠭᠠᠨ ᠱᠠᠭᠠᠵᠠᠭᠠᠢ

ᠬᠤᠤᠰ ᠶᠢᠡᠷ ᠢᠷᠠᠵᠤ ᠶᠠᠭᠠᠭᠢᠪᠠ︖

ᠬᠠᠰᠢᠷ ᠮᠤᠬᠤᠯᠠᠢ ᠰᠤᠴᠢᠵᠤ

ᠭᠦᠪᠴᠢ ᠶᠢᠨ ᠳᠦᠯᠭᠡ ᠪᠠᠨ ᠶᠠᠭᠠᠭᠢᠪᠠ︖

ᠪᠤᠭᠤᠷᠴᠢ᠂ ᠬᠤᠢ᠌ᠯᠡᠳᠡᠷ᠂ ᠵᠥᠯᠭᠡᠳᠡᠢ ᠵᠢ

ᠶᠠᠮᠠᠷ ᠬᠤᠳᠠᠨ ᠵᠥᠭ᠌ ᠮᠤᠷᠳᠠᠭᠤᠯᠪᠠ︖

ᠪᠠᠶ᠎ᠠ ᠪᠠᠷ ᠶᠢᠡᠨ ᠮᠤᠬᠤᠯᠠᠢ ᠴᠡᠷᠢᠭ᠌ ᠠᠪᠴᠤ

ᠭᠡᠨ ᠶᠢᠡᠨ ᠳᠤᠰᠠᠯᠠᠷ᠎ᠠ ᠳᠤᠪᠳᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠳᠠ ᠶᠢᠨ ᠴᠠᠭᠠᠨ ᠱᠠᠭᠠᠵᠠᠭᠠᠢ

ᠬᠤᠤᠰ ᠶᠢᠡᠷ ᠢᠷᠠᠵᠤ ᠱᠠᠭᠰᠢᠪᠠ᠂

ᠬᠠᠰᠢᠷ ᠮᠤᠬᠤᠯᠠᠢ ᠰᠤᠴᠢᠵᠤ

ᠭᠦᠪᠴᠢ ᠶᠢᠨ ᠳᠦᠯᠭᠡ ᠪᠠᠨ ᠳᠦᠯᠭᠡᠳᠡᠪᠡ᠃

ᠪᠤᠭᠤᠷᠴᠢ᠂ ᠬᠤᠢ᠌ᠯᠡᠳᠡᠷ᠂ ᠵᠥᠯᠭᠡᠳᠡᠢ ᠵᠢ

ᠭᠦᠷᠤ ᠬᠤᠳᠠᠨ ᠵᠥᠭ᠌ ᠮᠤᠷᠳᠠᠭᠤᠯᠪᠠ᠂

ᠪᠠᠶ᠎ᠠ ᠪᠠᠷ ᠶᠢᠠᠨ ᠮᠤᠬᠤᠯᠠᠢ ᠴᠡᠷᠢᠭ᠌ ᠠᠪᠴᠤ

ᠡᠵᠡᠨ ᠶᠢᠡᠨ ᠳᠤᠰᠠᠯᠠᠷ᠎ᠠ ᠳᠤᠪᠳᠤᠯᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠮᠤᠬ᠎ᠠ ᠶᠢᠨ ᠭᠤᠷᠪᠠᠨ ᠴᠡᠷᠢᠭ᠌ ᠢ

ᠵᠠᠮ ᠳ᠋ᠤᠨᠢ ᠭᠡᠨ ᠪᠠᠷᠢᠪᠴᠢᠯᠠᠪᠠ︖

ᠶᠡᠭᠡ ᠭᠦᠷᠤ ᠬᠤᠳᠠ ᠶᠢ ᠴᠢᠨᠢ

ᠶᠠᠭᠠᠭᠢᠵᠤ ᠠᠪᠣᠪᠠ ᠭᠡᠵᠤ ᠭᠡᠯᠡᠪᠡ︖

ᠡᠭᠡᠨᠡᠷ ᠭᠡᠦᠭᠡᠤᠨ ᠲᠡᠶ ᠪᠠᠨ ᠣᠴᠠᠷᠠᠶ᠎ᠠ ᠭᠡᠪᠠᠯ

ᠡᠷᠭᠢᠵᠤ ᠵᠠᠮᠤᠬ᠎ᠠ ᠶᠢ ᠶᠠᠭᠠᠭᠢ ᠭᠡᠪᠡ︖

ᠦᠨᠦᠭᠢ ᠭᠤᠷᠪᠠᠨ ᠴᠡᠷᠢᠭ᠌

ᠥᠭᠡ ᠶᠢ ᠨᠢ ᠶᠠᠭᠠᠭᠢᠵᠤ ᠶᠠᠪᠣᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠮᠤᠬ᠎ᠠ ᠶᠢᠨ ᠭᠤᠷᠪᠠᠨ ᠴᠡᠷᠢᠭ᠌ ᠢ

ᠵᠠᠮ ᠳ᠋ᠤᠨᠢ ᠮᠤᠬᠤᠯᠠᠢ ᠪᠠᠷᠢᠪᠴᠢᠯᠠᠪᠠ᠂

ᠶᠡᠭᠡ ᠭᠦᠷᠤ ᠬᠤᠳᠠ ᠶᠢ ᠴᠢᠨᠢ

ᠡᠵᠡᠯᠡᠵᠤ ᠠᠪᠣᠪᠠ ᠭᠡᠵᠤ ᠭᠡᠯᠡᠪᠡ᠃

ᠡᠭᠡᠨᠡᠷ ᠭᠡᠦᠭᠡᠤᠨ ᠲᠡᠶ ᠪᠠᠨ ᠣᠴᠠᠷᠠᠶ᠎ᠠ ᠭᠡᠪᠠᠯ

ᠡᠷᠭᠢᠵᠤ ᠵᠠᠮᠤᠬ᠎ᠠ ᠶᠢ ᠬᠤᠳᠠᠯ ᠭᠡᠯᠡ ᠭᠡᠪᠡ᠂

ᠦᠨᠦᠭᠢ ᠭᠤᠷᠪᠠᠨ ᠴᠡᠷᠢᠭ᠌

ᠥᠭᠡ ᠶᠢ ᠨᠢ ᠭᠦᠢᠴᠤᠨᠭᠡᠵᠤ ᠶᠠᠪᠣᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠢᠳᠡᠭᠡᠭᠡᠤᠨ ᠵᠠᠮᠤᠬ᠎ᠠ ᠶᠢ ᠢᠷᠡᠭᠦᠯᠡᠷ

ᠡᠰᠡᠷᠭᠦ ᠡᠴᠡ ᠨᠢ ᠭᠡᠨ ᠨᠡᠷ ᠬᠠᠷᠪᠣᠵᠠᠭᠠᠪᠠ︖

ᠳᠤᠭᠮᠤᠭ ᠤᠨ ᠴᠡᠷᠢᠭ᠌ ᠪᠣᠳᠠᠷᠠᠵᠤ

ᠶᠠᠭᠤ ᠨᠢ ᠭᠠᠵᠠᠷ ᠣᠨᠠᠪᠠ︖

ᠳᠤᠯᠤᠭᠠᠢ ᠪᠠᠨ ᠵᠠᠮᠤᠬ᠎ᠠ ᠳᠠᠷᠤᠵᠤ

ᠠᠯᠢ ᠵᠥᠭ᠌ ᠵᠢᠯᠢ᠌ᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠢᠳᠡᠭᠡᠭᠡᠤᠨ ᠵᠠᠮᠤᠬ᠎ᠠ ᠢᠷᠡᠭᠦᠯᠡᠷ

ᠡᠰᠡᠷᠭᠦ ᠡᠴᠡ ᠨᠢ ᠮᠤᠬᠤᠯᠠᠢ ᠨᠡᠷ ᠬᠠᠷᠪᠣᠵᠠᠭᠠᠪᠠ᠂

ᠳᠤᠭᠮᠤᠭ ᠤᠨ ᠴᠡᠷᠢᠭ᠌ ᠪᠣᠳᠠᠷᠠᠵᠤ

ᠳᠤᠭ ᠨᠢ ᠭᠠᠵᠠᠷ ᠣᠨᠠᠪᠠ᠂

ᠳᠤᠯᠤᠭᠠᠢ ᠪᠠᠨ ᠵᠠᠮᠤᠬ᠎ᠠ ᠳᠠᠷᠤᠵᠤ

ᠭᠡᠷᠡᠢ᠌ᠤᠨ ᠤᠨ ᠵᠥᠭ᠌ ᠲᠡᠭᠡᠨ ᠵᠢᠯᠢ᠌ᠪᠠ᠃

ᠠ ᠄ ᠵᠧ ᠭᠦᠶ‍ᠢ ᠥᠨᠡᠭᠡᠷ ᠳᠠᠢ᠌ᠮᠤ᠂

ᠪᠣᠷᠤ ᠠᠷᠰᠯᠠᠨ ᠳᠠᠷᠠ ᠳᠠᠰᠢᠷᠠᠮ

ᠭᠦᠷᠤ ᠬᠤᠳᠠ ᠪᠠᠨ ᠶᠠᠭᠠᠭᠢᠪᠠ︖

ᠪᠣᠭᠤᠷᠴᠢ᠂ ᠪᠣᠭᠤᠷᠤᠯ ᠨᠡᠷ ᠴᠤ

ᠬᠤᠯᠢᠯᠳᠤᠨ ᠴᠤᠭᠭᠠᠷ ᠶᠠᠭᠠᠭᠢᠪᠠ︖

ᠬᠤᠳᠠᠨ ᠳᠤᠳᠤᠷ᠎ᠠ ᠭᠡᠨᠡᠳᠲᠡ

ᠭᠦᠴᠦᠳᠤ ᠫᠣᠤ ᠶᠢ ᠭᠡᠷᠭᠢᠪᠡ︖

ᠬᠤᠤᠰ ᠦᠭᠡᠶ ᠴᠡᠩᠭᠡᠯ ᠶᠢᠡᠨ ᠣᠷᠭᠢᠭᠠᠤᠨ

ᠮᠡᠭᠡᠳᠤ ᠬᠠᠭᠠᠨ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠣᠷᠤ ᠠᠷᠰᠯᠠᠨ ᠳᠠᠷᠠ ᠳᠠᠰᠢᠷᠠᠮ ᠳ᠋ᠤ

ᠭᠦᠷᠤ ᠬᠤᠳᠠ ᠶᠢ ᠨᠡᠭᠡᠭᠡᠯᠭᠡᠪᠡ᠂

ᠪᠣᠭᠤᠷᠴᠢ᠂ ᠪᠣᠭᠤᠷᠤᠯ ᠨᠡᠷ ᠴᠤ

ᠬᠤᠯᠢᠯᠳᠤᠨ ᠴᠤᠭᠭᠠᠷ ᠣᠷᠤᠪᠠ᠃

ᠬᠤᠳᠠᠨ ᠳᠤᠳᠤᠷ᠎ᠠ ᠭᠡᠨᠡᠳᠲᠡ

ᠭᠦᠴᠦᠳᠤ ᠫᠣᠤ ᠶᠢ ᠳᠤᠤᠭᠠᠷᠭᠠᠪᠠ᠂

ᠬᠤᠤᠰ ᠦᠭᠡᠶ ᠴᠡᠩᠭᠡᠯ ᠶᠢᠡᠨ ᠣᠷᠭᠢᠭᠠᠤᠨ

ᠮᠡᠭᠡᠳᠤ ᠬᠠᠭᠠᠨ ᠪᠣᠷᠤᠭᠤᠯᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠰᠡᠷ᠂ ᠪᠠᠯᠭᠦᠳᠡᠢ ᠶᠢᠨ ᠴᠡᠷᠢᠭ᠌

ᠶᠠᠭᠠᠭᠢᠭᠰᠠᠨ ᠴᠢᠭ᠌ ᠲᠡᠭᠡᠨ ᠳᠠᠢ᠌ᠯᠪᠠ︖

ᠭᠠᠷ ᠲᠠᠭᠠᠨ ᠭᠦᠴᠦᠳᠡᠢ ᠰᠥᠪᠠᠭᠡᠳᠡᠢ

ᠶᠠᠮᠠᠷ ᠭᠦᠮᠤᠨ ᠢ ᠪᠠᠷᠢᠪᠠ︖

ᠰᠦᠷ ᠵᠢᠪᠬᠤᠯᠠᠩᠳᠠᠢ ᠭᠢᠯᠦᠭᠡᠨ

ᠴᠤᠬᠤᠮ ᠭᠡᠨ ᠢ ᠠᠯᠠᠪᠠ︖

ᠭᠦᠷᠤ ᠬᠤᠳᠠ ᠶᠢ ᠬᠠᠭᠤᠷᠬᠤ ᠪᠠᠷ

ᠬᠠᠮᠢᠭᠠᠭᠢ ᠳᠤᠭ ᠢ ᠡᠷᠭᠦᠯᠴᠡᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠰᠡᠷ᠂ ᠪᠠᠯᠭᠦᠳᠡᠢ ᠶᠢᠨ ᠴᠡᠷᠢᠭ᠌

ᠬᠠᠠᠳᠤᠭᠰᠠᠨ ᠴᠢᠭ᠌ ᠲᠡᠭᠡᠨ ᠳᠠᠢ᠌ᠯᠪᠠ᠂

ᠭᠠᠷ ᠲᠠᠭᠠᠨ ᠭᠦᠴᠦᠳᠡᠢ ᠰᠥᠪᠠᠭᠡᠳᠡᠢ

ᠭᠠᠯᠵᠠᠭᠤ ᠪᠠᠷᠰ ᠢ ᠪᠠᠷᠢᠪᠴᠢᠯᠠᠪᠠ᠃

ᠰᠦᠷ ᠵᠢᠪᠬᠤᠯᠠᠩᠳᠠᠢ ᠭᠢᠯᠦᠭᠡᠨ

ᠰᠤᠭᠳᠤᠭᠤ ᠯᠤᠤ ᠶᠢ ᠠᠯᠠᠪᠠ᠂

ᠭᠦᠷᠤ ᠬᠤᠳᠠ ᠶᠢ ᠬᠠᠭᠤᠷᠬᠤ ᠪᠠᠷ

ᠳᠤᠭᠮᠤᠭ ᠤᠨ ᠳᠤᠭ ᠢ ᠡᠷᠭᠦᠯᠴᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠧᠲ᠋ᠡ᠋ ᠶᠢᠨ ᠣᠯᠠᠨ ᠪᠠᠭᠠᠳᠤᠷᠴᠤᠳ

ᠶᠠᠭᠠᠭᠢᠵᠤ ᠪᠠᠢ᠌ᠯᠳᠤᠨ ᠡᠭᠦᠰᠭᠡᠪᠡ︖

ᠪᠦᠭᠦᠨ ᠡᠴᠡ ᠣᠷᠢᠳᠠᠵᠤ ᠵᠤᠴᠢ

ᠭᠡᠨ ᠢ ᠬᠠᠷᠪᠤᠨ ᠣᠨᠠᠭᠠᠪᠠ︖

ᠳᠠᠪᠤᠨ ᠶᠡᠭᠡ ᠬᠤᠳᠠ ᠵᠢᠨ

ᠭᠡᠨ ᠢ ᠢᠩᠭᠢᠵᠤ ᠠᠮᠤᠷᠵᠢᠭᠤᠯᠪᠠ︖

ᠶ‍ᠢᠰᠤᠨ ᠪᠠᠭ᠎ᠠ ᠮᠤᠵᠢ ᠲᠡᠶ

ᠠᠯᠢᠨ ᠢ ᠢᠩᠭᠢᠵᠤ ᠳᠤᠭᠳᠠᠭᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠧᠲ᠋ᠡ᠋ ᠶᠢᠨ ᠣᠯᠠᠨ ᠪᠠᠭᠠᠳᠤᠷᠴᠤᠳ

ᠪᠦᠰᠡᠯᠡᠨ ᠪᠠᠢ᠌ᠯᠳᠤᠵᠤ ᠡᠭᠦᠰᠭᠡᠪᠡ᠂

ᠪᠦᠭᠦᠨ ᠡᠴᠡ ᠣᠷᠢᠳᠠᠵᠤ ᠵᠤᠴᠢ

ᠮᠡᠭᠡᠳᠤ ᠶᠢ ᠬᠠᠷᠪᠤᠨ ᠣᠨᠠᠭᠠᠪᠠ᠃

ᠳᠠᠪᠤᠨ ᠶᠡᠭᠡ ᠬᠤᠳᠠ ᠵᠢᠨ

ᠠᠷᠠᠤᠨ ᠢ ᠢᠩᠭᠢᠵᠤ ᠠᠮᠤᠷᠵᠢᠭᠤᠯᠪᠠ᠂

ᠶ‍ᠢᠰᠤᠨ ᠪᠠᠭ᠎ᠠ ᠮᠤᠵᠢ ᠳᠠᠢ

ᠳᠤᠭᠮᠤᠭ ᠢ ᠢᠩᠭᠢᠵᠤ ᠳᠤᠭᠳᠠᠭᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠷᠪᠠᠨ ᠨᠢ᠋ᠮᠠᠨ ᠤᠭ᠍ᠶᠤ ᠡᠷᠳᠡᠨᠢ ᠵᠢ

ᠭᠡᠨ ᠳᠡᠭᠡᠨ ᠲᠦᠰᠢᠮᠠᠯ ᠨᠢ ᠡᠷᠭᠦᠪᠡ︖

ᠠᠯᠳᠠᠨ ᠭᠡᠯᠭᠢᠶ᠎ᠡ ᠪᠠᠳᠤ ᠵᠢᠷᠤᠮ ᠤᠨ

ᠶᠠᠭᠤ ᠪᠣᠯᠭᠠᠨ ᠮᠡᠳᠡᠭᠦᠯᠪᠡ︖

ᠶ‍ᠢᠰᠤᠨ ᠡᠷᠳᠡᠨᠢ ᠶᠢᠨ ᠪᠣᠭᠤᠨ ᠰᠤᠶᠤᠭ᠎ᠠ ᠪᠠᠨ

ᠡᠵᠡᠨ ᠨᠢ ᠲᠦᠰᠢᠮᠠᠤᠨ ᠲᠡᠭᠡᠨ ᠶᠠᠭᠠᠭᠢᠪᠠ︖

ᠡᠷ᠎ᠡ ᠭᠦᠮᠤᠨ ᠤ ᠶ‍ᠢᠰᠤᠨ ᠡᠷᠳᠡᠮ ᠭᠡᠵᠤ

ᠦᠨᠢᠷ ᠮᠤᠩᠭ᠋ᠤᠯ ᠳᠤ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠷᠪᠠᠨ ᠨᠢ᠋ᠮᠠᠨ ᠤᠭ᠍ᠶᠤ ᠡᠷᠳᠡᠨᠢ ᠵᠢ

ᠡᠵᠡᠨ ᠳᠡᠭᠡᠨ ᠲᠦᠰᠢᠮᠠᠤᠨ ᠨᠢ ᠡᠷᠭᠦᠪᠡ᠂

ᠠᠯᠳᠠᠨ ᠭᠡᠯᠭᠢᠶ᠎ᠡ ᠪᠠᠳᠤ ᠵᠢᠷᠤᠮ ᠤᠨ

ᠠᠢ᠌ᠯᠠᠤᠠᠬᠠᠯ ᠪᠣᠯᠭᠠᠨ ᠮᠡᠳᠡᠭᠦᠯᠪᠡ᠃

ᠶ‍ᠢᠰᠤᠨ ᠡᠷᠳᠡᠨᠢ ᠶᠢᠨ ᠪᠣᠭᠤᠨ ᠰᠤᠶᠤᠭ᠎ᠠ ᠪᠠᠨ

ᠡᠵᠡᠨ ᠨᠢ ᠲᠦᠰᠢᠮᠠᠤᠨ ᠲᠡᠭᠡᠨ ᠱᠠᠩᠨᠠᠪᠠ᠂

ᠡᠷ᠎ᠡ ᠭᠦᠮᠤᠨ ᠤ ᠶ‍ᠢᠰᠤᠨ ᠡᠷᠳᠡᠮ ᠭᠡᠵᠤ

ᠦᠨᠢᠷ ᠮᠤᠩᠭ᠋ᠤᠯ ᠳᠤ ᠣᠯᠠᠮᠵᠢᠯᠠᠭᠳᠠᠪᠠ᠃

ᠬᠤᠶᠠᠭᠤᠯᠠ ᠄ ᠵᠧ ᠭᠦᠶ‍ᠢ ᠥᠨᠡᠭᠡᠷ ᠳᠠᠢ᠌ᠮᠤ ᠯᠠ ᠳ᠋ᠠ᠂

ᠳᠤᠭᠮᠤᠭ ᠢ ᠳᠠᠷᠤᠭᠰᠠᠨ ᠪᠠᠶᠠᠷ ᠳᠡᠭᠡᠷ᠎ᠡ

ᠲᠦᠷ ᠪᠠᠬᠠᠨ ᠵᠠᠪᠰᠠᠷᠯᠠᠶ᠎ᠠ᠂

ᠳᠤᠷᠤᠭᠰᠢ ᠪᠠᠨ ᠶᠠᠮᠠᠷ ᠪᠣᠯᠬᠤ ᠵᠢ

ᠳᠠᠷᠠᠭ᠎ᠠ ᠪᠠᠷ ᠠᠭᠠᠵᠢᠮ ᠳᠤᠯᠢᠯᠠᠭᠤᠯᠤᠶ᠎ᠠ᠃

ᠵᠤᠬᠢᠶᠠᠭᠴᠢ᠄ ᠯᠤᠤᠽᠡᠷ
ᠳᠠᠷᠤᠮ᠄ 8801
ᠴᠠᠭ᠄ 2007 ᠤᠨ ᠤ 07 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ