ᠨᠡᠪᠲᠡᠷᠡᠨ ᠤᠷᠤᠬᠤ
ᠬᠤᠶᠠᠳᠤᠭᠠᠷ ᠪᠦᠯᠦᠭ ᠂ ᠮᠡᠳᠡᠯᠭᠡ ᠪᠤᠯ ᠬᠦᠴᠦᠨ ᠮᠦᠨ
ᠬᠤᠶᠠᠳᠤᠭᠠᠷ ᠬᠡᠰᠡᠭ ᠂ ᠰᠤᠳᠤᠯᠵᠤ ᠪᠠᠢ᠌ᠭᠠᠤᠨ ᠰᠤᠷᠳᠠᠭ

ᠰᠤᠷᠴᠤ ᠰᠤᠳᠤᠯᠤᠨ᠎ᠠ ᠭᠡᠭ᠍ᠴᠢ ᠣᠷᠢᠳᠠᠭᠢ ᠭᠦᠮᠤᠨ ᠤ ᠵᠦᠪ ᠳᠤᠷᠰᠢᠯᠭ᠎ᠠ ᠶᠢ ᠰᠤᠷᠴᠤ᠂ ᠠᠯᠳᠠᠭ᠎ᠠ ᠳᠤᠳᠠᠭᠳᠠᠯ ᠢ ᠨᠢ ᠵᠠᠯᠠᠷᠠᠭᠤᠯᠵᠤ ᠪᠠᠢ᠌ᠭᠠᠤᠨ ᠡᠷᠳᠡᠮ ᠮᠡᠳᠡᠯᠭᠡ ᠶᠢ ᠨᠠᠩ ᠳᠡᠭᠡᠳᠤ ᠳᠦᠪᠰᠢᠨ ᠳᠤ ᠭᠦᠷᠭᠡᠭᠦ ᠶ‍ᠠᠪᠣᠳᠠᠯ ᠪᠣᠯᠤᠨ᠎ᠠ᠃


᠊᠊᠊᠊᠊᠊᠊᠊᠊᠊᠊᠊᠊᠊᠊᠊᠊᠊᠊᠊᠊᠊᠊᠊᠊᠊᠊᠊᠊ ᠮᠠᠷᠺᠰ


ᠪᠢᠳᠠ ᠡᠷᠳᠡᠮ ᠮᠡᠳᠡᠯᠭᠡ ᠶᠢ ᠨᠤᠮ ᠪᠢᠴᠢᠭ᠌ ᠣᠩᠰᠢᠵᠤ ᠰᠤᠷᠬᠤ ᠪᠣᠶ‍ᠤ ᠪᠠᠭᠰᠢ ᠪᠠᠷ ᠵᠢᠭᠠᠯᠭᠠᠵᠤ ᠪᠠᠢ᠌ᠭᠠᠤᠨ ᠰᠤᠷᠴᠤ ᠠᠪᠳᠠᠭ᠃ ᠠᠮᠢᠳᠤᠷᠠᠯ ᠤᠨ ᠨᠥᠭᠦᠴᠡᠯ ᠪᠠ ᠣᠷᠴᠢᠨ ᠠᠬᠤᠢ ᠶᠢᠨ ᠭᠢᠵᠠᠭᠠᠷᠯᠠᠯ ᠡᠴᠡ ᠪᠣᠯᠵᠤ ᠡᠷᠳᠡᠮ ᠮᠡᠳᠡᠯᠭᠡ ᠶᠢᠨ ᠶ‍ᠡᠭᠡᠩᠭᠢ ᠶᠢ ᠨᠢ ᠥᠩᠭᠡᠷᠡᠭ᠍ᠴᠢ ᠮᠡᠷᠭᠡᠤᠨ ᠤᠨ ᠰᠤᠳᠤᠯᠵᠤ ᠰᠢᠷᠭᠠᠭᠠᠭᠰᠠᠨ ᠣᠶ‍ᠤᠨ ᠤ ᠳᠠᠯᠠᠰ ᠪᠣᠯᠬᠤ ᠨᠤᠮ ᠪᠢᠴᠢᠭ᠌ ᠳᠡᠭᠡᠷ᠎ᠡ ᠡᠴᠡ ᠰᠤᠷᠴᠤ ᠠᠪᠳᠠᠭ ᠪᠠᠢ᠌ᠨ᠎ᠡ᠃ ᠵᠢᠱᠢᠶ‍ᠡᠯᠡᠪᠠᠯ᠂ ᠡᠮᠴᠢ ᠪᠣᠯᠤᠶ᠎ᠠ ᠭᠡᠪᠠᠯ ᠯᠢ ᠱᠢ ᠵᠧᠨ ᠠᠳᠠᠯᠢ ᠪᠣᠢ ᠪᠦᠭᠦᠢ ᠡᠪᠠᠰᠤᠨ ᠡᠮ ᠢ ᠦᠪᠠᠷ ᠶᠢᠡᠨ ᠠᠮᠳᠠᠯᠠᠵᠤ ᠪᠠᠢ᠌ᠭᠠᠤᠨ ᠰᠢᠠᠵᠢ ᠴᠢᠨᠠᠷ ᠢ ᠨᠢ ᠳᠠᠨᠢᠵᠤ ᠠᠪᠣᠭᠰᠠᠨ ᠤ ᠴᠢᠬᠤᠯᠠ ᠦᠭᠡᠶ᠂ ᠡᠮᠨᠡᠯᠭᠡ ᠶᠢᠨ ᠨᠤᠮ ᠶᠢᠡᠨ ᠰᠠᠢ᠌ᠨ ᠣᠩᠰᠢᠪᠠᠯ ᠪᠣᠯᠴᠢᠨ᠎ᠠ᠃

ᠳᠡᠭᠡᠭᠦ ᠳᠡᠭᠡᠨ ᠨᠤᠮ ᠪᠢᠴᠢᠭ᠌ ᠪᠣᠯᠤᠨ ᠪᠣᠳᠠᠳᠤ ᠠᠬᠤᠢ ᠨᠢ ᠪᠦᠷ ᠴᠤ ᠵᠤᠢᠷᠢᠶ᠎ᠠ ᠲᠡᠶ ᠪᠠᠢ᠌ᠵᠤ᠂ ᠬᠠᠶᠠ ᠵᠠᠷᠢᠮ ᠭᠠᠵᠠᠷ ᠲᠠᠭᠠᠨ ᠬᠠᠵᠠᠭᠠᠢ ᠪᠣᠷᠤᠭᠤ ᠴᠤ ᠪᠠᠢ᠌ᠳᠠᠭ ᠪᠢᠯᠠ᠃ ᠬᠤᠪᠧᠢ ᠮᠤᠵᠢ ᠶᠢᠨ ᠵᠢᠷᠭᠤᠭᠠᠨ ᠣᠨ ᠤ ᠰᠤᠷᠤᠭᠴᠢ᠂ ᠠᠷᠪᠠᠨ ᠨᠢᠭᠡᠳᠡᠢ ᠨᠢᠶ‍ᠧ ᠯᠢ ᠦᠭᠢᠨ ᠳᠤ ᠶ‍ᠠᠭ ᠡᠨᠡ ᠠᠰᠠᠭᠤᠳᠠᠯ ᠳᠤᠭᠢᠶ‍ᠠᠯᠳᠤᠭᠰᠠᠨ ᠪᠠᠢ᠌ᠯ᠎ᠠ᠃

ᠨᠢᠭᠡᠨ ᠡᠳᠦᠷ᠂ ᠨᠢᠶ‍ᠧ ᠯᠢ ᠭᠡᠷ ᠡᠴᠡ ᠨᠢ ᠣᠢ᠌ᠷᠠᠬᠠᠨ ᠪᠠᠢ᠌ᠳᠠᠭ ᠵᠥᠭᠡᠢ ᠳᠡᠵᠢᠭᠡᠭᠦ ᠳᠠᠯᠠᠪᠠᠢ ᠳᠤ ᠣᠴᠢᠵᠤ ᠨᠠᠭᠠᠳᠬᠤ ᠳᠠᠭᠠᠨ ᠵᠥᠭᠡᠢ ᠶᠢᠨ ᠬᠠᠢ᠌ᠷᠴᠠᠭ ᠳᠡᠭᠡᠷ᠎ᠡ ᠠᠪᠠᠭᠠᠷᠠᠯᠳᠤᠭᠰᠠᠨ ᠵᠥᠭᠡᠢ ᠤᠳ ᠵᠢᠭᠦᠷ ᠨᠢ ᠭᠦᠳᠡᠯᠭᠦ ᠦᠭᠡᠶ ᠪᠠᠢ᠌ᠳᠠᠯ᠎ᠠ ᠪᠠᠨ ᠳᠦᠩᠭᠢᠨᠠᠯᠳᠤᠨ ᠳᠤᠤᠭᠠᠷᠬᠤ ᠶᠢ ᠣᠯᠵᠤ ᠥᠵᠡᠭᠡᠤᠨ ᠶ‍ᠡᠭᠡ ᠭᠠᠢ᠌ᠬᠠᠵᠠᠢ᠃ ᠭᠢᠴᠢᠶ‍ᠠᠯ ᠤᠨ ᠪᠢᠴᠢᠭ᠌ ᠪᠠ 《ᠠᠷᠪᠠᠨ ᠳᠦᠮᠠᠨ ᠠᠰᠠᠭᠤᠯᠳᠡ》ᠲ᠋ᠡᠭᠡᠷ᠎ᠡ ᠵᠥᠭᠡᠢ ᠶᠢᠨ ᠳᠠᠭᠤ ᠪᠣᠯ ᠵᠢᠭᠦᠷ ᠨᠢ ᠴᠠᠴᠠᠷᠭᠢᠨᠠᠨ ᠳᠡᠷᠪᠢᠭᠦ ᠡᠴᠡ ᠡᠭᠦᠰᠴᠡᠢ ᠭᠡᠵᠤ ᠪᠢᠴᠢᠵᠤ ᠪᠠᠢ᠌ᠨ᠎ᠡ᠃ ᠳᠦᠷᠦᠭᠦᠭᠡᠨ ᠠᠮᠢᠳᠤ ᠪᠣᠳᠠᠰ ᠤᠨ ᠭᠢᠴᠢᠶ‍ᠠᠯ ᠳᠡᠭᠡᠷ᠎ᠡ ᠪᠠᠭᠰᠢ ᠨᠢ ᠡᠨᠡ ᠠᠰᠠᠭᠤᠳᠠᠯ ᠢ ᠳᠠᠢ᠌ᠯᠪᠣᠷᠢᠯᠠᠵᠤ ᠥᠩᠭᠡᠷᠡᠭ᠍ᠰᠡᠨ ᠢ ᠰᠠᠨᠠᠵᠤ᠂ ᠪᠠᠭᠰᠢ ᠪᠠᠨ ᠡᠷᠢᠵᠤ ᠯᠠᠪᠯᠠᠬᠤ ᠳᠤ᠂ ᠪᠠᠭᠰᠢ ᠨᠢ :

《ᠵᠢᠭᠠᠬᠤ ᠪᠢᠴᠢᠭ᠌ ᠳᠡᠭᠡᠷ᠎ᠡ ᠪᠢᠴᠢᠭ᠍ᠰᠡᠨ ᠶ‍ᠠᠭᠤᠮ᠎ᠠ ᠪᠣᠷᠤᠭᠤ ᠪᠠᠢ᠌ᠬᠤ ᠶ‍ᠤᠰᠤ ᠦᠭᠡᠶ᠂ ᠵᠥᠭᠡᠢ ᠶᠢᠨ ᠵᠢᠭᠦᠷ ᠨᠢ ᠰᠸᠺᠦ᠋ᠨᠲ᠋ ᠪᠦᠷᠢ ᠬᠤᠶ‍ᠠᠷ ᠵᠠᠭᠤᠨ ᠣᠳᠠᠭ᠎ᠠ ᠳᠠᠷᠪᠢᠨ ᠭᠡᠯᠪᠠᠯᠵᠡᠭᠦ ᠳᠤᠯᠠ ᠭᠦᠮᠤᠨ ᠤ ᠨᠢᠳᠤᠨ ᠳᠤ ᠬᠠᠷᠠᠭᠳᠠᠬᠤ ᠦᠭᠡᠶ ᠶ‍ᠦᠮ》 ᠭᠡᠵᠤ ᠬᠠᠷᠢᠭᠤᠯᠵᠠᠢ᠃

ᠥᠭᠡᠷ᠎ᠡ ᠨᠢᠭᠡ ᠬᠠᠰᠢ ᠶ‍ᠠᠰᠢ ᠭᠦᠮᠤᠨ ᠪᠣᠯ ᠡᠨᠡ ᠶ‍ᠠᠪᠣᠳᠠᠯ ᠨᠢ ᠢᠩᠭᠢᠭᠡᠤᠨ ᠳᠦᠭᠦᠮᠭᠡᠨ ᠥᠩᠭᠡᠷᠡᠴᠢᠭᠦ ᠯᠠ ᠭᠡᠷᠡᠭ᠌᠃ ᠭᠡᠳᠡᠯ᠎ᠡ ᠣᠴᠢᠷ ᠶ‍ᠠᠪᠣᠳᠠᠯ ᠤᠨ ᠦᠠᠳᠤᠰᠤ ᠰᠤᠷᠪᠣᠯᠵᠢ ᠶᠢ ᠳᠤᠳᠤᠷᠠᠭᠤᠯᠬᠤ ᠦᠭᠡᠶ ᠪᠣᠯ ᠵᠥᠭᠡᠷ ᠳᠠᠯᠪᠢᠳᠠᠭ ᠦᠭᠡᠶ ᠨᠢᠶ‍ᠧ ᠯᠢ ᠵᠢᠨ《ᠵᠤᠵᠢᠭ ᠵᠠᠩ》ᠨᠢ ᠭᠦᠳᠡᠯᠵᠤ᠂ ᠵᠥᠭᠡᠢ ᠶᠢᠨ ᠮᠦᠨ ᠳᠦᠷᠢ ᠶᠢ ᠢᠯᠡᠷᠡᠭᠦᠯᠭᠦ ᠪᠠᠷ ᠵᠤᠷᠢᠭ ᠰᠢᠭᠤᠤᠠᠴᠠᠢ᠃ ᠲ᠋ᠠᠷᠠ ᠭᠡᠳᠤᠨ ᠵᠥᠭᠡᠢ ᠪᠠᠷᠢᠵᠤ ᠵᠢᠭᠦᠷ ᠢ ᠨᠢ ᠣᠭ ᠶᠢᠡᠷ ᠨᠢ ᠬᠠᠢ᠌ᠴᠢᠯᠠᠭᠠᠤᠨ ᠬᠠᠶ‍ᠠᠭᠰᠠᠨ ᠴᠤ ᠠᠳᠠᠯᠢᠬᠠᠨ ᠦᠩᠭᠢᠨᠠᠨ ᠳᠤᠤᠭᠠᠷᠴᠤ ᠪᠠᠢ᠌ᠪᠡ᠃ ᠡᠨᠡᠭᠦ ᠦᠷ᠎ᠠ ᠳ᠋ᠦ᠋ᠩ ᠨᠢ ᠪᠢᠴᠢᠭ᠌ ᠤᠨ ᠣᠨᠤᠯ ᠪᠠ ᠪᠠᠭᠰᠢ ᠶᠢᠨ ᠳᠠᠢ᠌ᠯᠪᠣᠷᠢ ᠲᠡᠶ ᠪᠠᠭ᠎ᠠ ᠯᠠ ᠴᠤ ᠬᠠᠪᠢᠳᠠᠬᠤ ᠦᠭᠡᠶ ᠠᠵᠢ᠃ ᠲ᠋ᠠᠷᠠ ᠭᠢᠴᠢᠶ‍ᠠᠯ ᠪᠠᠭᠤᠵᠤ ᠭᠡᠷ ᠲᠡᠭᠡᠨ ᠪᠣᠴᠠᠬᠤ ᠵᠠᠮ ᠳᠠᠭᠠᠨ ᠵᠠᠪᠠᠯ ᠬᠤᠶ‍ᠠᠷ ᠵᠥᠭᠡᠢ ᠪᠠᠷᠢᠵᠤ ᠰᠢᠯᠤᠨ ᠬᠠᠢ᠌ᠷᠴᠠᠭ ᠲᠤ ᠭᠢᠵᠤ ᠳᠤᠮᠤᠷᠠᠭᠤᠯᠬᠤ ᠰᠢᠯ ᠪᠠᠷᠢᠭᠠᠤᠨ ᠱᠠᠭᠠᠢ᠌ᠵᠤ ᠯᠠ ᠪᠠᠢ᠌ᠳᠠᠭ᠃ ᠡᠵᠢ ᠨᠢ ᠳᠡᠭᠦᠨ ᠢ ᠡ᠊ᠡᠳᠡ ᠳᠠᠠᠳᠠ ᠵᠠᠷᠤᠭᠠᠤᠨ ᠭᠦᠳᠡᠯᠭᠦ ᠦᠭᠡᠶ ᠪᠣᠯᠬᠤᠯᠠᠷ ᠨᠢ《ᠵᠥᠭᠡᠢ ᠶᠢᠨ ᠠᠤᠨ》ᠣᠷᠤᠰᠢᠴᠢᠬᠠᠵᠠᠢ ᠭᠡᠤᠨ ᠬᠠᠷᠢᠶ‍ᠠᠯ ᠳᠡᠯᠪᠢᠨ᠎ᠡ᠃ ᠨᠢᠶ‍ᠧ ᠯᠢ ᠳᠤ ᠡᠨᠡ ᠪᠦᠭᠦᠨ ᠢ ᠬᠠᠢ᠌ᠬᠤᠷᠬᠤ ᠵᠠᠪ ᠦᠭᠡᠶ᠂ ᠵᠥᠭᠡᠢ ᠶᠢᠨ ᠵᠢᠭᠦᠷ ᠢ ᠭᠢᠮᠰᠠ ᠪᠠᠷ ᠴᠢᠮᠭᠢᠵᠤ ᠪᠠᠢ᠌ᠭᠠᠤᠨ ᠰᠢᠷᠡᠭᠡᠨ ᠳᠡᠭᠡᠷ᠎ᠡ ᠳᠠᠯᠠᠵᠤ ᠨᠠᠭᠠᠭᠠᠤᠨ ᠳᠠᠯᠪᠢᠭᠰᠠᠨ ᠪᠣᠯᠪᠠᠴᠤ ᠣᠤᠯ ᠭᠡᠪ ᠶᠢᠡᠷ ᠳᠤᠤᠭᠠᠷᠬᠤ ᠪᠠᠨ ᠵᠤᠭᠰᠤᠭᠰᠠᠨ ᠦᠭᠡᠶ᠃ ᠡᠭᠦᠨ ᠳᠤ ᠳᠠᠷᠠ ᠵᠥᠭᠡᠢ ᠶᠢᠨ ᠳᠤᠤᠭᠠᠷᠬᠤ ᠨᠢ ᠵᠢᠭᠦᠷ ᠳᠠᠯᠠᠪᠴᠢ ᠲᠡᠶ ᠨᠢ ᠥᠴᠦᠭᠡᠨ ᠴᠤ ᠬᠤᠯᠪᠣᠭ᠎ᠠ ᠦᠭᠡᠶ ᠶᠢ ᠮᠡᠳᠡᠭ᠍ᠰᠡᠨ ᠪᠣᠯᠪᠠᠴᠤ᠂ ᠴᠤᠬᠤᠮ ᠶ‍ᠠᠭᠤ ᠪᠠᠷ ᠶᠢᠡᠨ ᠳᠠᠭᠤ ᠭᠠᠷᠭᠠᠵᠤ ᠪᠠᠢ᠌ᠬᠤ ᠶᠢ ᠡᠷᠢᠵᠤ ᠣᠯᠬᠤ ᠦᠭᠡᠶ ᠪᠣᠯ ᠦᠪᠠᠷ ᠤᠨ ᠦᠵᠠᠯᠳᠠ ᠪᠠᠨ ᠨᠤᠳᠠᠯᠠᠬᠤ ᠶᠢᠨ ᠠᠷᠭ᠎ᠠ ᠦᠭᠡᠶ᠃ ᠭᠡᠳᠤᠨ ᠮᠢᠩᠭ᠋ᠠᠨ ᠵᠢᠯ ᠤᠨ ᠳᠤᠷᠰᠢᠭᠢ ᠭᠡᠯᠪᠠᠷᠢᠵᠢᠴᠢᠭ᠍ᠰᠡᠨ ᠣᠨᠤᠯ ᠢ ᠳᠦᠯᠭᠢᠵᠤ ᠣᠨᠠᠭᠠᠨ᠎ᠠ ᠭᠡᠭ᠍ᠴᠢ ᠨᠢᠯᠬ᠎ᠠ ᠪᠠᠭ᠎ᠠ ᠨᠢᠶ‍ᠧ ᠯᠢ ᠳᠤ ᠳᠡᠭ᠍ᠷᠢ ᠳᠤ ᠭᠠᠷᠬᠤ ᠡᠴᠡ ᠪᠠᠷᠭᠡᠳᠡᠢ ᠰᠠᠨᠠᠭᠳᠠᠵᠤ᠂ ᠭᠦᠨ ᠪᠣᠳᠤᠯᠭᠠᠰᠢᠷᠠᠯ ᠳᠤ ᠣᠨᠠᠵᠠᠢ᠃

ᠶ‍ᠠᠮᠠᠷᠪᠠ ᠠᠮᠢᠳᠠᠨ ᠳᠠᠭᠤ ᠭᠠᠷᠭᠠᠬᠤ ᠳᠤ ᠪᠦᠷ ᠬᠤᠭᠤᠯᠠᠢ ᠪᠠ ᠭᠡᠯᠡ ᠭᠡᠭ᠍ᠴᠢ ᠳᠠᠭᠤ ᠭᠠᠷᠭᠠᠬᠤ ᠡᠷᠭᠡᠳᠡᠨ ᠪᠠᠢ᠌ᠵᠤ᠂ ᠠᠭᠠᠷ ᠤᠨ ᠣᠷᠤᠰᠬᠠᠯ ᠤᠨ ᠵᠠᠮ ᠳᠡᠭᠡᠷᠡᠭᠢ ᠭᠡᠯᠪᠠᠯᠵᠡᠭ᠍ᠴᠢ ᠢᠯᠳᠠᠰᠤ ᠶᠢᠨ ᠳᠠᠷᠪᠢᠯᠳᠠ ᠶᠢ ᠳᠦᠰᠢᠭᠯᠡᠳᠡᠭ᠌ ᠪᠠᠢ᠌ᠨ᠎ᠠ᠃ ᠲ᠋ᠠᠢ᠌ᠮᠤ ᠪᠣᠯ ᠵᠥᠭᠡᠢ ᠳᠤ ᠪᠠᠰᠠ ᠠᠭᠤᠰᠭᠢ ᠪᠠ ᠮᠥᠭᠡᠷᠡᠰᠤᠨ ᠬᠤᠭᠤᠯᠠᠢ ᠵᠡᠷᠭᠡ ᠪᠦᠭᠦᠯᠢ ᠠᠮᠢᠰᠬᠤᠯ ᠤᠨ ᠰᠢᠰᠲ᠋ᠸᠮ ᠪᠠᠢ᠌ᠬᠤ ᠶ‍ᠤᠰᠤᠳᠠᠢ᠃ ᠢᠩᠭᠢᠵᠤ ᠪᠣᠳᠤᠮᠠᠭᠴᠠ ᠨᠢᠶ‍ᠧ ᠯᠢ ᠳᠤᠤᠷ᠎ᠠ ᠪᠠᠨ ᠪᠢᠴᠢᠬᠠᠨ ᠮᠠᠰᠠ ᠵᠠᠰᠠᠯ ᠤᠨ ᠭᠢᠳᠤᠭ᠎ᠠ ᠵᠤᠭᠢᠶ‍ᠠᠵᠤ᠂ ᠲ᠋ᠤᠮᠤᠷᠠᠭᠤᠯᠬᠤ ᠰᠢᠯ ᠪᠠᠷᠢᠭᠠᠤᠨ ᠵᠥᠭᠡᠢ ᠪᠠᠨ ᠳᠤᠶ‍ᠠᠴᠢᠵᠤ ᠡᠭᠢᠯᠡᠪᠡ᠃ ᠢᠩᠭᠢᠵᠤ ᠰᠠᠷ᠎ᠠ ᠭᠠᠷᠤᠢ ᠨᠤᠴᠤᠯᠳᠤᠭᠰᠠᠨ ᠪᠣᠯᠪᠠᠴᠤ ᠦᠷ᠎ᠠ ᠳ᠋ᠦ᠋ᠩ ᠭᠠᠷᠤᠭᠰᠠᠨ ᠦᠭᠡᠶ᠃

ᠨᠢᠭᠡ ᠡᠳᠦᠷ᠂ ᠲ᠋ᠤᠮᠤᠷᠠᠭᠤᠯᠬᠤ ᠰᠢᠯ ᠪᠠᠷᠢᠭᠠᠤᠨ ᠱᠠᠭᠠᠢ᠌ᠵᠤ ᠪᠠᠢ᠌ᠭᠰᠠᠨ ᠨᠢᠶ‍ᠧ ᠯᠢ᠂ ᠵᠥᠭᠡᠢ ᠶᠢᠨ ᠵᠢᠭᠦᠷ ᠤᠨ ᠳᠤᠤᠷ᠎ᠠ ᠳᠠᠯ᠎ᠠ ᠳᠤ ᠵᠡᠭᠦᠤ ᠶᠢᠨ ᠥᠵᠦᠭᠦᠷ ᠭᠢᠷᠢᠭᠡᠨ ᠬᠤᠶ‍ᠠᠷ ᠬᠠᠷ᠎ᠠ ᠳᠤᠰᠤᠯ ᠪᠠᠢ᠌ᠵᠤ᠂ ᠵᠥᠭᠡᠢ ᠶᠢᠨ ᠳᠤᠤᠭᠠᠷᠬᠤ ᠶᠢ ᠳᠠᠭᠠᠯᠳᠤᠨ ᠳᠡᠭᠡᠭ᠍ᠰᠢ ᠳᠤᠭᠤᠭᠰᠢ ᠰᠢᠯᠵᠢᠨ ᠭᠦᠳᠡᠯᠭᠦ ᠶᠢ ᠣᠯᠵᠤ ᠥᠵᠡᠵᠡᠢ᠃ ᠡᠨᠡ ᠨᠢ ᠭᠡᠷᠪᠡ ᠳᠠᠭᠤ ᠭᠠᠷᠭᠠᠳᠠᠭ ᠡᠷᠭᠡᠳᠡᠨ ᠶᠤᠮ ᠪᠣᠯ ᠶ‍ᠤᠰᠤᠳᠠᠢ ᠠᠮᠢᠳᠠᠨ ᠪᠣᠯᠭᠠᠨ ᠲᠡᠶ ᠳᠠᠭᠠᠷᠠᠬᠤ ᠦᠭᠡᠶ ᠰᠤᠨᠢᠨ ᠶ‍ᠠᠭᠤᠮ᠎ᠠ ᠪᠠᠢ᠌ᠨ᠎ᠠ ᠳ᠋ᠡ᠃ ᠨᠢᠶ‍ᠧ ᠯᠢ ᠵᠡᠭᠦᠤ ᠪᠠᠷ ᠳᠠᠷᠠ ᠬᠠᠷ᠎ᠠ ᠳᠤᠰᠤᠯ ᠢ ᠴᠤᠭᠤᠯᠤᠭᠠᠤᠨ ᠣᠷᠭᠢᠭᠰᠠᠨ ᠳᠤ ᠵᠥᠭᠡᠢ ᠳᠠᠭᠤ ᠭᠠᠷᠭᠠᠬᠤ ᠪᠠᠨ ᠳᠠᠭ ᠵᠤᠭᠰᠤᠭᠰᠠᠨ ᠪᠢᠯᠡ᠃ ᠨᠢᠶ‍ᠧ ᠯᠢ ᠡᠨᠡ ᠢᠯᠡᠷᠡᠭᠦᠯᠦᠯᠳᠡ ᠪᠠᠨ ᠭᠦᠡᠵᠡᠭᠡᠢ᠌ᠷᠡᠨ ᠰᠤᠳᠤᠯᠵᠤ᠂ ᠠᠮᠢᠳᠤᠷᠠᠬᠤᠢ ᠶᠢᠨ ᠵᠦᠢ ᠳᠠᠭᠤᠨ ᠤ ᠣᠬᠠᠭᠠᠨ ᠲᠡᠶ ᠣᠶ‍ᠠᠯᠳᠤᠭᠤᠯᠤᠨ ᠨᠠᠷᠢᠨ ᠰᠢᠠᠵᠢᠯᠠᠯᠳᠠ ᠭᠢᠵᠤ ᠮᠡᠳᠡᠭᠦᠯᠦᠯᠳᠡ ᠪᠢᠴᠢᠭᠡᠤᠨ᠂ ᠲ᠋ᠦᠮᠳᠡᠳᠤ ᠣᠯᠤᠰ ᠤᠨ ᠠᠷᠪᠠᠨ ᠨᠢ᠋ᠮᠠᠳᠤᠭᠠᠷ ᠬᠤᠭᠤᠴᠠᠭᠠᠨ ᠤ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠶ‍ᠡᠭᠡ ᠬᠤᠷᠠᠯ ᠳᠤ ᠳᠡᠪᠰᠢᠭᠦᠯᠦᠭᠡᠤᠨ ᠮᠥᠩᠭᠦᠨ ᠮᠸᠳᠠᠯ ᠶᠢᠡᠷ ᠱᠠᠩᠨᠠᠭᠳᠠᠬᠤ ᠶᠢᠨ ᠳᠠᠭᠠᠤ᠂ 《ᠭᠤᠤ ᠱᠢ ᠴᠢ ᠨᠠᠷᠠᠮᠵᠢᠳᠤ ᠰᠢᠡᠵᠢᠯᠡᠭᠦ ᠣᠬᠠᠭᠠᠨ ᠤ ᠳᠦᠭᠡᠮᠡᠯᠵᠢᠯᠳᠡ ᠶᠢᠨ ᠱᠠᠩᠨᠠᠯ》 ᠊ᠢ ᠭᠦᠷᠳᠡᠵᠡᠢ᠃

ᠰᠤᠷᠴᠤ ᠰᠤᠳᠤᠯᠤᠨ᠎ᠠ ᠭᠡᠭ᠍ᠴᠢ ᠰᠤᠷᠬᠤ ᠶᠢᠨ ᠳᠠᠭᠠᠤ ᠰᠤᠳᠤᠯᠬᠤ ᠶᠢ ᠭᠡᠯᠡᠭ᠍ᠰᠡᠨ ᠶ‍ᠤᠮ᠃ ᠣᠷᠢᠳᠠᠭᠢ ᠭᠦᠮᠤᠨ ᠤ ᠡᠭᠦᠳᠦᠯᠳᠡ ᠢᠯᠡᠷᠡᠭᠦᠯᠦᠯᠳᠡ ᠶᠢ ᠵᠥᠪᠭᠡᠨ ᠨᠢᠳᠤ ᠠᠨᠢᠨ ᠴᠡᠭᠡᠵᠢᠯᠡᠭᠡᠤᠨ ᠪᠠᠢ᠌ᠵᠤ ᠪᠣᠯᠬᠤ ᠦᠭᠡᠶ᠂ ᠡᠷᠭᠡᠪᠰᠢ ᠰᠢᠭᠦᠮᠵᠢᠯᠡᠯᠳᠡᠢ ᠪᠠᠷ᠂ ᠰᠢᠨᠠᠴᠢᠯᠠᠯᠳᠠ ᠥᠭᠡᠷᠡᠴᠢᠯᠡᠯᠳᠡ ᠲᠡᠶ ᠪᠠᠷ ᠰᠤᠷᠴᠤ ᠭᠦᠭ᠍ᠵᠢᠭᠦᠯᠭᠦ ᠭᠡᠷᠡᠭ᠍ᠳᠡᠢ᠃ ᠨᠢᠶ‍ᠧ ᠯᠢ ᠡᠨᠡ ᠳᠠᠯ᠎ᠠ ᠪᠠᠷ ᠮᠠᠨ ᠳᠤ ᠳᠤᠩ ᠰᠠᠢ᠌ᠨ ᠥᠯᠢᠭᠡᠷ ᠳᠠᠭᠤᠷᠢᠶ‍ᠠᠯ ᠪᠣᠯᠤᠭᠰᠠᠨ ᠪᠠᠢ᠌ᠨ᠎ᠡ᠃ ᠲ᠋ᠡᠭᠡᠭᠦ ᠳᠡᠭᠡᠨ ᠶ‍ᠠᠭᠤᠮ᠎ᠠ ᠪᠦᠭᠦᠨ ᠢ ᠰᠡᠵᠢᠭᠯᠡᠯᠳᠡᠢ ᠬᠠᠷᠠᠴᠠ ᠪᠠᠷ ᠣᠬᠤᠴᠢᠯᠠ ᠭᠡᠰᠡᠨ ᠪᠢᠰᠢ᠂ ᠬᠠᠷᠢᠨ ᠡᠷᠳᠡᠮ ᠮᠡᠳᠡᠯᠭᠡ ᠶᠢ ᠭᠦᠨ ᠡᠵᠡᠮᠰᠢᠭᠡᠤᠨ ᠢᠷᠠᠪᠠᠯ ᠰᠠᠶ‍ᠢ ᠨᠤᠮ ᠪᠢᠴᠢᠭ᠌ ᠳᠡᠭᠡᠷᠡᠭᠢ ᠭᠡᠮ ᠳᠤᠳᠠᠭᠳᠠᠯ ᠢ ᠭᠢᠯᠪᠠᠷᠬᠠᠨ ᠦᠵᠠᠵᠤ ᠭᠠᠷᠬᠤ ᠪᠣᠯᠴᠢᠬᠠᠳᠠᠭ᠃ ᠰᠢᠨ᠎ᠠ ᠶ‍ᠠᠭᠤᠮ᠎ᠠ ᠵᠤᠯᠠ ᠪᠣᠯᠵᠤ ᠬᠠᠭᠤᠴᠢᠨ ᠶ‍ᠠᠭᠤᠮ᠎ᠠ ᠣᠯᠠ ᠪᠣᠯᠳᠠᠭ ᠤᠨ ᠶ‍ᠤᠰᠤ ᠪᠠᠷ᠂ ᠭᠦᠮᠦᠰ ᠤᠨ ᠳᠠᠨᠢᠯᠳᠠ ᠮᠡᠳᠡᠯᠭᠡ ᠶᠢᠨ ᠭᠦᠡᠵᠡᠭᠡᠢ᠌ᠷᠡᠭᠦ ᠶᠢ ᠳᠠᠭᠠᠯᠳᠤᠨ ᠥᠩᠭᠡᠷᠡᠭ᠍ᠰᠡᠨ ᠳ᠋ᠤ 《ᠪᠠᠳᠤᠶ‍ᠤᠰᠤ》ᠪᠠᠢ᠌ᠭᠰᠠᠨ ᠣᠨᠤᠯ ᠤᠳ ᠰᠠᠭᠤᠷᠢ ᠪᠠᠷ ᠶᠢᠡᠨ ᠨᠤᠷᠠᠵᠤ᠂ ᠰᠢᠨ᠎ᠠ ᠡᠭᠦᠳᠦᠯᠳᠡ ᠳᠠᠪᠰᠢᠩᠭ᠋ᠤᠢ ᠣᠨᠤᠯ ᠶᠢᠡᠷ ᠣᠷᠤᠯᠠᠭᠳᠠᠬᠤ ᠪᠤᠯᠦᠨ᠎ᠡ᠃ ᠡᠨᠡ ᠪᠦᠭᠦᠨ ᠨᠢ ᠳᠠ ᠪᠢᠳᠠᠨ ᠤ ᠭᠢᠨᠠᠮᠠᠭᠠᠢ ᠰᠤᠷᠤᠯᠴᠠᠯᠭ᠎ᠠ ᠨᠢᠮᠪᠠᠢ ᠰᠤᠳᠤᠯᠤᠯᠳᠠ ᠳᠤ ᠳᠦᠰᠢᠭᠯᠡᠨ᠎ᠡ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 9722
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ