ᠨᠡᠪᠲᠡᠷᠡᠨ ᠤᠷᠤᠬᠤ
ᠲᠠᠪᠤᠳᠤᠭᠠᠷ ᠪᠦᠯᠦᠭ ᠂ ᠤᠬᠠᠭᠠᠷᠠᠵᠤ ᠠᠮᠢᠳᠤᠷᠠᠬᠤ ᠬᠤᠷᠸ᠎ᠠ
ᠨᠢ᠋ᠮᠠᠳᠤᠭᠠᠷ ᠬᠡᠰᠡᠭ ᠂ ᠪᠠᠭ

ᠡᠨᠡ ᠭᠡᠴᠡᠭᠦᠤ ᠬᠤᠷᠸ᠎ᠠ ᠳᠡᠭᠡᠷ᠎ᠡ ᠭᠡᠴᠡᠭᠦᠤ ᠪᠢᠰᠢ ᠴᠢᠷᠠᠢ᠌ᠯᠠᠵᠤ ᠶᠠᠪᠣᠬᠤ ᠯᠠ ᠰᠠᠢ᠌ᠬᠠᠨ ᠪᠣᠯᠪᠠ ᠦᠦ︕


᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠺᠢᠮᠤᠷᠠ᠂ ᠠᠶᠠᠺᠦ


ᠪᠢᠳᠠ ᠵᠥᠴᠦᠭᠡ ᠶᠢᠨ ᠳᠠᠯᠠᠪᠣᠷ ᠪᠣᠶᠤ ᠰᠦᠮ᠎ᠡ ᠶᠢᠨ ᠬᠤᠷᠠᠯ ᠳᠤ ᠳᠤᠭᠯᠠᠭᠴᠢᠳ ᠪᠣᠯᠤᠨ ᠯᠠᠮ᠎ᠠ ᠨᠡᠷ ᠡᠯᠳᠡᠪ ᠳᠦᠷᠰᠦ ᠶᠢᠨ ᠪᠠᠭ ᠵᠡᠭᠦᠵᠤ ᠴᠠᠮ ᠴᠠᠮᠨᠠᠨ ᠪᠦᠵᠢᠭ᠌ ᠥᠰᠦᠷᠭᠦ ᠶᠢ ᠥᠷᠭᠦᠯᠵᠢ ᠥᠵᠡᠳᠡᠭ᠌᠃ ᠡᠳᠡᠨᠦᠰ ᠤᠨ ᠪᠠᠭ ᠵᠡᠭᠦᠵᠤ ᠪᠠᠢ᠌ᠬᠤ ᠨᠢ ᠳᠤᠰᠬᠠᠵᠤ ᠪᠠᠢ᠌ᠬᠤ ᠶᠠᠪᠣᠳᠠᠯ ᠪᠣᠯᠤᠨ ᠳᠤᠭᠯᠠᠵᠤ ᠪᠦᠭᠦᠢ ᠳᠦᠷᠢ ᠶᠢᠨ ᠭᠡᠷᠡᠭ᠍ᠴᠡᠭᠡ ᠡᠴᠡ ᠪᠣᠯᠵᠠᠢ᠃ ᠠᠮᠢᠳᠤᠷᠠᠯ ᠤᠨ ᠳᠤᠮᠳᠠ᠂ ᠬᠠᠷᠢᠨ ᠵᠥᠴᠦᠭᠡ ᠶᠢᠨ ᠳᠠᠢ᠌ᠰᠠᠨ ᠳᠡᠭᠡᠷᠡᠭᠢ ᠲᠡᠶ ᠠᠳᠠᠯᠢ ᠪᠠᠷ ᠰᠠᠢ᠌ᠨ ᠮᠠᠭᠤ ᠭᠦᠮᠤᠨ ᠢ ᠵᠡᠭᠦᠭ᠍ᠰᠡᠨ ᠪᠠᠭ ᠶᠢᠡᠷ ᠨᠢ ᠥᠵᠡᠮᠡᠭ᠍ᠴᠡ ᠳᠠᠨᠢᠴᠢᠬᠤ ᠪᠢᠰᠢ ᠯᠠ ᠳ᠋ᠠ᠃

ᠠᠮᠢᠳᠤᠷᠠᠯ ᠤᠨ ᠶᠡᠭᠡ 《ᠳᠤᠭᠯᠠᠯᠳᠠ ᠶᠢᠨ ᠳᠠᠢ᠌ᠰᠠᠨ》 ᠳᠡᠭᠡᠷ᠎ᠡ᠂ ᠭᠦᠮᠦᠰ ᠦᠪᠡᠷ ᠦᠪᠡᠷ ᠤᠨ ᠬᠤᠪᠢᠳᠠᠭᠰᠠᠨ ᠳᠦᠷᠢ ᠪᠠᠨ ᠳᠤᠭᠯᠠᠬᠤ ᠳᠠᠭᠠᠨ ᠪᠦᠷ ᠴᠤ ᠨᠢᠳᠤᠨ ᠳᠤ ᠥᠵᠡᠭ᠍ᠳᠡᠭᠦ ᠦᠭᠡᠶ 《ᠨᠢᠭᠤᠴᠠ ᠪᠠᠭ》 ᠵᠡᠭᠦᠴᠢᠭ᠍ᠰᠡᠨ ᠪᠠᠢ᠌ᠳᠠᠭ᠃ ᠭᠦᠮᠤᠨ ᠭᠡᠵᠤ ᠡᠨᠡ ᠶ‍ᠢᠷᠳᠢᠠᠴᠤ ᠳᠤ ᠳᠦᠷᠦᠭ᠍ᠰᠡᠳ ᠪᠦᠭᠦᠨ ᠡᠨᠡ ᠳᠠᠢ᠌ᠰᠠᠨ ᠳᠡᠭᠡᠷ᠎ᠡ ᠭᠠᠷᠤᠭᠠᠤᠨ ᠵᠠᠪᠠᠯ ᠨᠢᠭᠡ ᠪᠦᠯᠦᠭ᠌ 《ᠵᠥᠴᠦᠭᠡ》 ᠳᠤᠭᠯᠠᠭᠰᠠᠨ ᠪᠠᠢ᠌ᠬᠤ ᠭᠡᠷᠡᠭ᠍ᠳᠡᠢ᠃ 《ᠵᠥᠴᠦᠭᠡ》 ᠳᠤᠭᠯᠠᠭᠰᠠᠨ ᠪᠣᠯᠭᠠᠨ 《ᠪᠠᠭ》 ᠵᠡᠭᠦᠭᠦ ᠶᠢᠨ ᠴᠢᠬᠤᠯᠠ ᠦᠭᠡᠶ ᠪᠣᠯᠪᠠᠴᠤ 《ᠪᠠᠭ》 ᠭᠡᠭ᠍ᠴᠢ ᠶᠠᠭᠤᠮ᠎ᠠ ᠦᠭᠡᠶ ᠪᠠᠢ᠌ᠵᠤ ᠥᠨᠡᠭᠡᠷ ᠪᠣᠯᠬᠤ ᠦᠭᠡᠶ᠃ ᠣᠳᠤᠷᠢᠳᠤᠯᠭ᠎ᠠ ᠶᠢᠨ ᠶᠢᠡᠨ ᠡᠮᠦᠨ᠎ᠡ ᠪᠣᠯ ᠵᠢᠰᠤᠷᠳᠠᠵᠤ ᠪᠢᠯᠳᠠᠤᠴᠢᠯᠠᠭᠰᠠᠨ 《ᠪᠣᠭᠤᠯᠴᠢ ᠪᠠᠭ》ᠵᠡᠭᠦᠵᠤ᠂ ᠰᠠᠤᠠᠭᠢᠯ ᠤᠨ ᠳᠤᠳᠤᠷ᠎ᠠ ᠪᠠᠨ 《ᠨᠦᠮᠦᠷᠴᠦ ᠪᠠᠢ᠌ᠭ᠎ᠠ 〈ᠪᠠᠷᠰ ᠤᠨ ᠠᠷᠠᠰᠤ〉 ᠵᠢ ᠴᠢᠨᠢ ᠬᠠᠭᠤᠯᠤᠭᠠᠤᠨ ᠬᠠᠶᠠᠳᠠᠭ ᠲᠤ ᠭᠦᠷᠪᠠᠯ ᠴᠢ ᠴᠢᠨᠢ ᠡᠯᠵᠢᠭᠡ ᠶᠢ ᠭᠦᠷᠭᠦ ᠦᠭᠡᠶ ᠠᠮᠢᠳᠠᠨ︕》 ᠭᠡᠵᠤ ᠭᠤᠯᠤᠵᠤ ᠪᠠᠰᠤᠮᠵᠢᠯᠠᠭᠰᠠᠨ ᠰᠠᠨᠠᠭ᠎ᠠ ᠪᠠᠨ ᠳᠠᠯᠳᠠᠯᠠᠵᠤ ᠪᠠᠢ᠌ᠳᠠᠭ᠃ ᠠᠳᠠᠯᠢ ᠵᠡᠷᠭᠡᠳᠡᠨ ᠤ ᠪᠠᠨ ᠡᠮᠦᠨ᠎ᠡ ᠪᠣᠯ ᠡᠶᠡᠯᠳᠡᠭ‍ᠬᠡᠨ ᠭᠢᠴᠢᠶᠡᠩᠭᠦᠢ 《ᠭᠤᠤᠯᠴᠢ ᠪᠠᠭ》 ᠵᠡᠭᠦᠵᠤ᠂ ᠳᠤᠳᠤᠷ᠎ᠠ ᠪᠠᠨ 《ᠳᠠᠨᠤᠰ ᠴᠢᠨᠢ ᠪᠦᠷ ᠨᠢᠭᠡ ᠪᠦᠯᠦᠭ᠌ 〈ᠭᠠᠳᠠᠨ᠎ᠠ ᠪᠠᠨ ᠭᠢᠯᠠᠠᠴᠠᠭ᠂ ᠳᠤᠳᠤᠨ᠎ᠠ ᠪᠠᠨ ᠫᠠᠯᠠᠠᠴᠠᠭ〉 ᠠᠷᠢᠭᠢᠨ ᠪᠣᠳᠤᠩ ᠪᠣᠳᠠᠭᠠᠨ ᠳᠤᠯᠤᠮ ᠤᠳ ᠪᠠᠢ᠌ᠭ᠎ᠠ ᠶᠤᠮ》 ᠭᠡᠵᠤ ᠳᠤᠭᠤᠵᠤ ᠶᠠᠳᠠᠨ ᠠᠳᠠᠭᠠᠷᠬᠠᠵᠤ ᠵᠢᠳᠦᠭᠡᠷᠭᠡᠭ᠍ᠰᠡᠨ ᠪᠣᠳᠤᠯ ᠶᠢᠡᠨ ᠨᠢᠭᠤᠵᠤ ᠪᠠᠢ᠌ᠳᠠᠭ᠃ ᠳᠤᠤᠷᠠᠳᠤ ᠳᠤᠰᠢᠶᠠᠯᠳᠠᠨ ᠤ ᠪᠠᠨ ᠡᠮᠦᠨ᠎ᠡ ᠪᠣᠯ ᠶᠡᠭᠡᠮᠰᠦᠭ᠌ ᠳᠦᠪᠯᠡᠭᠦᠨ 《ᠳᠡᠭᠡᠷᠡᠩᠭᠦᠢ ᠪᠠᠭ》 ᠵᠡᠭᠦᠵᠤ᠂ ᠠᠮᠠᠨ ᠳᠡᠭᠡᠷ᠎ᠡ ᠪᠠᠨ ᠭᠡᠯᠡᠭᠦ ᠦᠭᠡᠶ ᠪᠣᠯᠪᠠᠴᠤ ᠠᠯᠤᠰ ᠴᠠᠭᠠᠨ᠎ᠠ ᠪᠠᠨ 《ᠡᠨᠡ ᠮᠠᠭᠤᠰᠠᠢ᠌ᠨ ᠶᠠᠭᠤᠮᠠᠰ ᠲᠠᠭᠠᠨ ᠪᠢ ᠴᠢᠨᠢ ᠶᠤᠰᠤᠳᠠᠢ 〈ᠳᠡᠭ᠍ᠷᠢ〉 ᠭᠡᠵᠤ ᠮᠡᠳᠡᠭᠡᠷᠡᠢ》 ᠭᠡᠵᠤ ᠳᠡᠭᠡᠷᠡᠯᠭᠡᠨ ᠣᠮᠤᠭᠰᠢᠵᠤ ᠭᠠᠷᠤᠨ᠎ᠠ᠃ ᠭᠡᠭᠦ ᠳᠡᠭᠡᠨ ᠠᠳᠠᠯᠢᠬᠠᠨ ᠴᠠᠭ ᠲᠤ ᠠᠳᠠᠯᠢ ᠪᠣᠰᠤ ᠭᠦᠮᠤᠨ ᠤ ᠡᠮᠦᠨ᠎ᠡ ᠵᠡᠭᠦᠵᠤ ᠪᠠᠢ᠌ᠭᠰᠠᠨ 《ᠪᠠᠭ》 ᠶᠢᠡᠨ ᠳᠤᠤᠷ᠎ᠠ ᠪᠠᠨ ᠰᠤᠯᠢᠭᠠᠤᠨ ᠠᠮᠵᠢᠴᠢᠬᠠᠳᠠᠭ ᠨᠢ ᠪᠠᠰᠠ ᠨᠢᠭᠡᠨ ᠭᠠᠢ᠌ᠬᠠᠮᠰᠢᠭ ᠪᠢᠯᠠ᠃ ᠨᠢᠭᠡ ᠭᠦᠮᠤᠨ ᠢ ᠥᠭᠦᠨ ᠭᠤᠯᠤᠪᠠᠴᠤ ᠳᠤᠭᠤᠵᠤ ᠪᠢᠰᠢᠷᠡᠭ᠍ᠰᠡᠨ ᠰᠢᠠᠵᠢ ᠭᠠᠷᠭᠠᠨ᠂ ᠬᠤᠷᠤᠰᠤᠨ ᠵᠠᠨᠤᠵᠤ ᠪᠠᠢ᠌ᠬᠤ ᠭᠦᠮᠤᠨ ᠳᠡᠭᠡᠨ ᠴᠤ ᠨᠥᠭᠦᠷᠰᠡᠭ᠌ ᠴᠢᠷᠠᠢ ᠥᠵᠡᠭᠦᠯᠵᠤ᠂ ᠬᠣᠢ᠌ᠬᠤᠷ ᠢᠨᠢᠶᠠᠵᠤ ᠪᠠᠢ᠌ᠭᠠᠤᠨ ᠬᠣᠢ᠌ᠭᠤᠷ ᠨᠢ ᠭᠢᠳᠤᠭᠠᠯᠠᠴᠢᠳᠠᠭ ᠢ ᠳᠤᠭᠠᠴᠢᠯᠭᠠᠨ ᠦᠭᠡᠶ᠃ ᠥᠵᠡᠰᠭᠦᠯᠡᠩ ᠭᠤᠸ᠎ᠠ ᠦᠬᠢᠳ ᠢ ᠥᠵᠡᠭᠡᠤᠨ ᠳᠠᠴᠢᠶᠠᠩᠭ᠋ᠤᠢ ᠶᠢᠨ ᠰᠢᠯᠤᠰᠤ ᠪᠠᠨ ᠵᠠᠯᠭᠢᠪᠠᠴᠤ ᠲᠦᠪ ᠯᠠᠪᠳᠠᠭᠤᠨ ᠠᠪᠣᠷᠢᠯᠠᠭᠠᠤᠨ᠂ ᠵᠤᠭᠤᠰ ᠮᠥᠩᠭᠦᠨ ᠳᠤ ᠰᠢᠨᠤᠵᠤ ᠨᠢᠳᠤ ᠣᠯᠠᠢ᠌ᠪᠠᠴᠤ ᠭᠠᠤᠯᠢᠨ ᠤ ᠦᠨᠦᠷ ᠡᠴᠡ ᠵᠢᠭ᠍ᠰᠢᠭᠦ ᠨᠠᠮᠪᠠ ᠳᠠᠳᠠᠵᠤ᠂ ᠡᠳᠦᠷ ᠰᠦᠨᠢ ᠶᠢᠨ ᠬᠤᠪᠢᠨ ᠳᠤ ᠭᠦᠰᠡᠨ ᠭᠤᠷᠢᠯᠠᠭᠰᠠᠨ ᠵᠡᠷᠭᠡ ᠵᠢᠩᠰᠠ ᠪᠠᠨ ᠠᠯᠳᠠᠨ ᠶᠠᠪᠣᠭᠤᠯᠴᠢᠬᠠᠭᠠᠤᠨ ᠪᠠᠰᠠ ᠦᠯᠦ ᠳᠤᠭᠤᠮᠰᠤᠷᠯᠠᠬᠤ ᠳᠦᠷᠢᠯᠠᠵᠤ ᠴᠢᠳᠠᠳᠠᠭ ᠡᠷᠢᠶᠡᠨ ᠬᠤᠷᠸ᠎ᠠ ᠶᠢᠨ ᠬᠠᠯᠳᠠᠷ ᠴᠢᠷᠠᠢ ᠶᠠᠭᠠᠭᠢᠭᠰᠠᠨ ᠣᠷᠤᠰᠢᠯ ᠦᠭᠡᠶ ᠶᠤᠮ ᠪᠣᠢ︕

ᠳᠡᠭᠡᠯ᠎ᠡ ᠴᠤ ᠭᠦᠮᠦᠰ ᠤᠨ ᠵᠡᠭᠦᠵᠤ ᠪᠠᠢ᠌ᠬᠤ 《ᠨᠢᠭᠤᠴᠠ ᠪᠠᠭ》 ᠨᠢ ᠹᠦ ᠰᠦᠩ ᠯᠢᠩ ᠤᠨ 《ᠵᠢᠷᠤᠮᠠᠯ ᠠᠷᠠᠰᠤ》 ᠭᠡᠳᠡᠭ᠌ ᠵᠤᠬᠢᠶᠠᠯ ᠳ᠋ᠠᠭᠢ ᠭᠦᠯᠴᠢᠨ ᠴᠢᠦᠡᠭᠦᠷ ᠠᠳᠠᠯᠢ ᠭᠦᠮᠤᠨ ᠢᠳᠡᠭᠦ ᠪᠠᠷ ᠵᠤᠷᠢᠯᠭ᠎ᠠ ᠪᠠᠨ ᠪᠣᠯᠭᠠᠭᠰᠠᠨ ᠦᠭᠡᠶ ᠨᠢ ᠦᠨᠡᠨ᠃ ᠬᠠᠷᠢᠠᠴᠤ ᠶ‍ᠢᠷᠳᠢᠠᠴᠤ ᠶᠢᠨ ᠰᠢᠭᠤᠷᠭ᠎ᠠ ᠨᠡᠢ᠌ᠭᠡᠮ ᠤᠨ ᠳᠠᠪᠠᠯᠭᠠᠨ ᠳᠤᠮᠳᠠ ᠠᠮᠢ ᠪᠠᠶ᠎ᠠ ᠪᠠᠨ ᠡᠪᠳᠡᠢ᠌ᠭᠡᠨ ᠪᠦᠭᠡᠴᠡᠢ᠌ᠯᠡᠵᠤ᠂ ᠨᠡᠢ᠌ᠭᠡᠮ ᠤᠨ ᠬᠠᠷᠢᠯᠴᠠᠭᠠᠨ ᠤ 《ᠰᠢᠳᠤ ᠠᠷᠠᠭ᠎ᠠ》 ᠶᠢ ᠵᠠᠪᠰᠠᠷ ᠦᠭᠡᠶ ᠵᠠᠭᠤᠯᠭᠠᠨ᠂ ᠠᠮᠢᠳᠤᠷᠠᠯ ᠤᠨ ᠳᠤᠮᠤ ᠮᠠᠰᠢᠨ ᠤ ᠭᠡᠪ ᠤᠨ 《ᠡᠷᠭᠢᠯᠳᠡ》 ᠶᠢ ᠪᠠᠳᠤᠯᠠᠬᠤ ᠯᠠ ᠭᠡᠰᠡᠨ ᠰᠠᠨᠠᠭ᠎ᠠ᠃ ᠦᠨᠡᠨ ᠢ ᠭᠡᠯᠡᠪᠠᠯ ᠨᠡᠢ᠌ᠭᠡᠮ ᠨᠠᠢ᠌ᠳᠠ ᠳᠤ ᠬᠤᠤᠷ ᠭᠦᠨᠦᠭᠡᠯ ᠣᠴᠠᠷᠠᠭᠤᠯᠬᠤ ᠦᠭᠡᠶ ᠯᠠ ᠣᠷᠢᠳᠠᠯ ᠳᠤᠤᠷ᠎ᠠ ᠬᠤᠪᠢ ᠭᠦᠮᠤᠨ ᠤ ᠨᠢᠭᠤᠷ ᠳᠡᠭᠡᠷ᠎ᠡ ᠪᠠᠨ ᠶᠠᠭᠤ ᠵᠡᠭᠦᠭᠦ ᠨᠢ ᠪᠣᠰᠤᠳ ᠲᠡᠶ ᠶᠠᠮᠠᠷ ᠬᠠᠮᠢᠶ᠎ᠠ ᠲᠡᠶ ᠪᠣᠢ︖ ᠳᠡᠭᠡᠭᠦ ᠳᠤ ᠳᠤᠮᠳᠠᠳᠤ ᠣᠯᠤᠰ ᠤᠨ ᠭᠦᠮᠤᠨ ᠤ ᠨᠡᠷᠡᠯᠭᠡᠭ᠌ ᠠᠪᠣᠷᠢ ᠡᠴᠡ ᠪᠣᠯᠤᠭᠠᠤᠨ ᠪᠣᠰᠤᠳ ᠲᠤ ᠮᠠᠭᠤ ᠪᠠᠨ ᠥᠵᠡᠭᠦᠯᠭᠦ ᠳᠤᠷ᠎ᠠ ᠦᠭᠡᠶ ᠴᠢᠷᠮᠠᠢ᠌ᠳᠠᠭ ᠨᠢ ᠪᠠᠰᠠᠴᠤ 《ᠪᠠᠭ》 ᠵᠡᠭᠦᠭᠦ ᠶᠢᠨ ᠴᠢᠬᠤᠯᠠᠴᠢᠯᠭ᠎ᠠ ᠶᠢ ᠪᠣᠢ ᠪᠣᠯᠭᠠᠵᠠᠢ᠃ ᠡᠪᠯᠢᠭ᠌ ᠰᠠᠢ᠌ᠬᠠᠨ ᠮᠥᠰᠢᠶᠡᠩᠭᠦᠢ 《ᠪᠠᠭ》 ᠵᠡᠭᠦᠴᠢᠭᠡᠤᠨ ᠪᠠᠢ᠌ᠷᠢ ᠰᠠᠭᠤᠷᠢ ᠪᠠᠶᠠᠨ ᠶᠠᠳᠠᠭᠤ ᠶᠢ ᠢᠯᠭᠠᠬᠤ ᠦᠭᠡᠶ ᠳᠤᠳᠤᠨᠤᠰᠤᠭ ᠬᠠᠯᠠᠭᠤᠬᠠᠨ ᠶᠠᠪᠣᠵᠤ ᠯᠠ ᠪᠠᠢ᠌ᠪᠠᠯ ᠭᠦᠮᠦᠰ ᠲᠤ 《ᠣᠬᠠᠭᠠᠠᠳᠠᠢ》 ᠳᠦᠷᠦᠭ᠍ᠳᠡᠯ ᠥᠭ᠍ᠴᠤ ᠨᠡᠢ᠌ᠭᠡᠮ ᠤᠨ ᠬᠠᠷᠢᠯᠴᠠᠭᠠᠨ ᠳᠤᠮᠳᠠ ᠬᠠᠷᠰᠢ ᠰᠠᠭᠠᠤᠨ ᠪᠠᠭᠠᠳᠠᠢ ᠨᠢ ᠦᠨᠡᠨ᠃ ᠥᠩᠭᠡᠷᠡᠤ ᠬᠤᠷᠳᠤᠨ 《ᠪᠠᠭ》 ᠰᠤᠯᠢᠵᠤ ᠦᠨᠡᠨ ᠬᠤᠳᠠᠯ ᠶᠢᠡᠨ ᠮᠡᠳᠡᠭ᠍ᠳᠡᠭᠦ ᠦᠭᠡᠶ ᠭᠦᠭᠯᠡᠵᠤ ᠪᠠᠢ᠌ᠭᠠᠤᠨ 《ᠵᠢᠰᠤᠷ ᠵᠠᠯᠢᠬᠠᠢ》 ᠨᠠᠷ᠎ᠠ ᠣᠯᠴᠢᠬᠠᠪᠠᠯ ᠬᠠᠷᠢᠨ ᠵᠡᠭᠦᠭ᠍ᠰᠡᠨ ᠮᠠᠯᠠᠭᠠᠢ ᠠᠳᠠᠯᠢ ᠠᠪᠴᠤ ᠬᠠᠶᠠᠭᠠᠤᠨ ᠪᠣᠯᠬᠤ ᠶᠠᠭᠤᠮ᠎ᠠ ᠪᠢᠰᠢ ᠡ᠃ ᠳᠠᠭᠢᠪᠠᠯ 《ᠵᠢᠷᠤᠮᠠᠯ ᠠᠷᠠᠰᠤ》 ᠶᠠᠭᠠᠭᠢᠭᠰᠠᠨ ᠴᠤ 《ᠲᠦᠷᠦᠯᠭᠢ ᠠᠷᠠᠰᠤ》 ᠠᠳᠠᠯᠢ ᠳᠠᠭᠠᠯᠠᠮᠵᠢᠳᠠᠢ ᠪᠢᠰᠢ᠂ ᠬᠠᠷᠢᠨ 《ᠪᠠᠭ》 ᠵᠡᠭᠦᠭᠦ ᠦᠭᠡᠶ ᠶᠠᠪᠣᠪᠠᠯ 《ᠠᠰ ᠭᠡᠳᠡᠭ᠌ ᠨᠢ ᠳᠡᠨᠡᠭ᠌ ᠤᠨ ᠭᠢ》 ᠭᠡᠳᠡᠭ᠌ ᠶᠢᠡᠷ ᠭᠡᠳᠦᠷᠡᠭᠦ ᠳᠡᠭᠡᠨ 《ᠳᠡᠨᠡᠭ᠌》 ᠨᠠᠷ᠎ᠠ ᠣᠯᠤᠭᠠᠤᠨ ᠵᠤᠭᠰᠤᠬᠤ ᠡᠴᠡ ᠥᠭᠡᠷ᠎ᠡ ᠶᠠᠭᠠᠭᠢᠬᠤ ᠪᠣᠢ᠃ 《ᠪᠠᠭ》 ᠵᠡᠭᠦᠭᠦ ᠳᠤ ᠪᠠᠰᠠᠴᠤ ᠣᠠᠴᠠ ᠮᠡᠷᠭᠡᠵᠢᠯ ᠭᠡᠷᠡᠭ᠍ᠳᠡᠢ ᠭᠡᠳᠡᠭ᠌ ᠨᠢ ᠡᠨᠡ᠃ 《ᠵᠢᠷᠤᠮᠠᠯ ᠠᠷᠠᠰᠤ》 ᠬᠤᠷᠠᠢ᠌ᠯᠳᠠᠭᠤᠯᠵᠤ ᠪᠠᠢ᠌ᠭᠠᠤᠨ 《ᠳᠠᠪᠣᠰᠤ ᠶᠢ ᠨᠢ ᠠᠬᠠᠳᠠᠭᠤᠯᠵᠤ》 ᠨᠢᠭᠤᠷ ᠤᠨ ᠠᠷᠠᠰᠤ ᠪᠠᠨ ᠭᠡᠭᠡᠳᠡᠭ᠌ ᠲᠤ ᠭᠦᠷᠪᠠᠯ ᠴᠤᠬᠤᠮ ᠨᠢᠭᠡ ᠰᠢᠪᠰᠢᠭ᠌ ᠪᠣᠯᠤᠨ᠎ᠠ᠃ ᠥᠴᠦᠭᠡᠨ ᠣᠯᠵᠠᠨ ᠳᠤ ᠭᠤᠷᠢᠯᠠᠵᠤ ᠨᠢᠰᠤ ᠨᠢᠯᠪᠣᠰᠤ ᠪᠠᠨ ᠴᠢᠷᠦᠭ᠍ᠰᠡᠨ 《ᠭᠦᠭᠡᠷᠡᠭᠦᠢᠯᠡᠯᠳᠡᠢ ᠪᠠᠭ》 ᠵᠡᠭᠦᠭᠡᠤᠨ ᠴᠠᠢ᠌ᠯᠭᠠᠨ ᠰᠠᠤᠠᠭᠢᠯ ᠲᠡᠶ ᠭᠡᠳᠤ ᠶᠢ ᠨᠢ ᠮᠡᠭᠡᠯᠡᠵᠤ ᠴᠢᠳᠠᠴᠢᠬᠠᠭᠰᠠᠨ ᠶᠢᠡᠷ ᠪᠣᠳᠤᠶ᠎ᠠ᠃ ᠭᠡᠯ᠎ᠡ ᠴᠤ ᠣᠳᠠᠭ᠎ᠠ ᠳᠠᠷᠠᠭᠠᠯᠠᠨ ᠮᠡᠭᠡᠯᠡᠭ᠍ᠳᠡᠭᠡᠤᠨ ᠪᠠᠢ᠌ᠬᠤ ᠳᠡᠨᠡᠭ᠌ ᠭᠡᠵᠤ ᠶ‍ᠢᠷᠳᠢᠠᠴᠤ ᠳ᠋ᠤ ᠬᠤᠪᠣᠷ᠃ ᠭᠠᠩᠭ᠋ᠠᠩ ᠭᠦᠭᠡᠷᠦᠭᠦᠨ ᠥᠩᠭᠡ ᠵᠢᠰᠤᠨ ᠳᠤ ᠰᠢᠨᠤᠵᠤ ᠡᠷᠭᠢᠮᠰᠦᠭ ᠠᠪᠠᠬᠠᠢ ᠶᠢ ᠨᠢ ᠭᠤᠬᠠᠳᠠᠭᠠᠤᠨ ᠠᠪᠣᠭᠰᠠᠨ ᠶᠢᠡᠷ ᠰᠠᠨᠠᠴᠢᠬᠠᠶ᠎ᠠ᠃ ᠳᠡᠭᠡᠯ᠎ᠡ ᠴᠤ ᠬᠤᠷᠢᠮ ᠤᠨ ᠰᠢᠷᠡᠭᠡ ᠪᠠᠨ ᠬᠤᠷᠢᠶᠠᠭᠠᠤᠨ ᠬᠤᠳᠠᠯᠠ ᠵᠤᠴᠢᠨ ᠶᠢᠡᠨ ᠮᠤᠷᠳᠠᠭᠤᠯᠤᠭᠰᠠᠨ ᠤ ᠳᠠᠷᠠᠭ᠎ᠠ᠂ ᠵᠡᠭᠦᠭ᠍ᠰᠡᠨ 《ᠪᠠᠭ》 ᠴᠢᠨᠢ ᠠᠶᠠᠠᠳᠠᠭᠠᠨ ᠬᠤᠪᠬᠤᠷᠠᠭᠠᠤᠨ ᠰᠠᠢ᠌ᠬᠠᠨ ᠵᠡᠭᠦᠳᠤ ᠴᠢᠨᠢ ᠰᠠᠷᠨᠢᠬᠤ ᠪᠠᠨ ᠠᠯᠳᠠᠬᠤ ᠦᠭᠡᠶ᠃ ᠵᠡᠷᠯᠢᠭ᠌ ᠰᠠᠨᠠᠭᠠᠳᠠᠨ ᠪᠣᠯᠤᠨ ᠲᠦᠷᠦ ᠶᠢᠨ ᠵᠠᠪᠰᠢᠭᠴᠢᠳ 《ᠵᠢᠷᠤᠮᠠᠯ ᠠᠷᠠᠰᠤ》 ᠶᠢᠨ ᠠᠴᠢ ᠪᠠᠷ ᠵᠤᠷᠢᠯᠭ᠎ᠠ ᠳᠠᠭᠠᠨ ᠭᠦᠷᠳᠡᠭ᠌ ᠪᠣᠯᠪᠠᠴᠤ᠂ ᠳᠡᠦᠭᠡ ᠶᠢᠨ ᠭᠦᠷᠳᠤᠨ ᠤ ᠬᠤᠷᠴᠠ ᠰᠠᠯᠭᠢ ᠳᠡᠭᠦᠨ ᠢ ᠶᠠᠯᠳᠠᠷ ᠦᠭᠡᠶ ᠢᠷᠠᠭᠠᠤᠨ ᠬᠠᠶᠠᠴᠢᠬᠠᠳᠠᠭ ᠪᠢᠯᠠ᠃ ᠳᠡᠭᠡᠭᠡᠤᠨ ᠡᠴᠦᠰ ᠤᠨ ᠡᠴᠦᠰ ᠲᠡᠭᠡᠨ ᠬᠠᠰᠢᠯᠠ ᠦᠨᠦᠭᠢ 《ᠳᠡᠨᠡᠭ᠌》 ᠭᠡᠮᠡᠭ᠍ᠳᠡᠳᠡᠭ᠌ ᠲᠦᠷᠦᠯᠭᠢ ᠨᠢᠭᠤᠷ ᠤᠨ ᠠᠷᠠᠰᠤ ᠰᠠ‍‌ᠶᠢ 《ᠰᠢᠭᠤᠳ ᠨᠡᠪᠳᠡᠷᠡᠭᠦ ᠦᠨᠡᠮᠯᠠᠯ》 ᠪᠣᠯᠵᠤ ᠴᠢᠳᠠᠳᠠᠭ ᠶᠤᠮ ᠪᠠᠢ᠌ᠨ᠎ᠠ᠃

ᠣᠳᠤᠬᠠᠨ ᠤ ᠨᠡᠢ᠌ᠭᠡᠮ ᠤᠨ ᠳᠠᠪᠰᠢᠯᠳᠠ ᠳᠦᠷᠭᠡᠰᠴᠤ ᠠᠮᠢᠳᠤᠷᠠᠯ ᠤᠨ ᠠᠢ᠌ᠵᠢᠮ ᠬᠤᠷᠳᠤᠰᠴᠤ ᠪᠠᠢ᠌ᠭ᠎ᠠ ᠡᠷᠡᠨ ᠳᠤ᠂ ᠭᠦᠮᠦᠰ ᠪᠦᠷ ᠠᠵᠢᠯ ᠣᠢ᠌ᠯᠠᠰ ᠲᠡᠭᠡᠨ ᠮᠤᠩᠭ᠋ᠠᠨᠢᠭᠠᠤᠨ 《ᠵᠢᠷᠤᠮᠠᠯ ᠠᠷᠠᠰᠤ》 ᠰᠤᠨᠢᠷᠬᠠᠬᠤ ᠵᠠᠪ ᠴᠢᠯᠦᠭᠡ ᠭᠡᠵᠤ ᠬᠠᠨᠠᠰᠠ ᠣᠯᠳᠠᠬᠤ ᠠᠵᠢ᠂ 《ᠪᠠᠭ》 ᠵᠡᠭᠦᠭᠦ ᠦᠭᠡᠶ ᠪᠣᠯ ᠪᠣᠯᠬᠤ ᠦᠭᠡᠶ ᠴᠢᠬᠤᠯᠠᠴᠢᠯᠠᠭ᠎ᠠ ᠪᠠᠢ᠌ᠭᠠᠤᠨ ᠪᠠᠢ᠌ᠪᠠᠯ ᠭᠠᠭᠴᠠᠬᠠᠨ ᠶᠠᠩᠵᠤ ᠶᠢᠨ ᠭᠢ ᠶᠢ ᠵᠡᠭᠦᠬᠦ ᠦᠭᠡᠶ ᠪᠣᠯ ᠣᠯᠠᠭᠠᠨ ᠨᠢᠭᠤᠷ ᠶᠢᠡᠷ ᠶᠢᠡᠨ ᠠᠮᠢᠳᠤᠷᠠ ᠭᠡᠮᠡᠨ ᠰᠠᠨᠠᠭᠤᠯᠬᠤ ᠳᠤᠷ᠎ᠠ ᠭᠦᠷᠦᠭᠡᠤᠨ ᠪᠠᠢ᠌ᠨ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 8469
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ