☆ ᠭᠦᠭᠡ (ᠬᠦᠬᠡᠨᠠᠭᠤᠷ)
ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠤ ᠳᠣᠢ᠌ᠮᠤ ᠪᠠᠢ᠌ᠳᠠᠯ
【 ᠠᠭᠤᠯᠭ᠎ᠠ ᠶᠢᠨ ᠳᠤᠪᠴᠢ】 ᠳᠤᠰ ᠥᠭᠦᠯᠡᠯ ᠳᠤ 20 ᠵᠠᠭᠤᠨ ᠤ 80 ᠊ᠭᠠᠤᠨ ᠣᠨ ᠡᠴᠠ ᠨᠠᠭᠠᠰᠢᠭᠢ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠤ ᠪᠠᠢ᠌ᠳᠠᠯ ᠢ ᠳᠦᠭᠦᠮᠭᠡᠨ ᠳᠠᠨᠢᠯᠴᠠᠭᠤᠯᠵᠤ᠂ ᠳᠡᠭᠡᠳᠤ ᠮᠤᠩᠭ᠋ᠤᠯ ᠤᠨ ᠠᠮᠠᠨ ᠵᠤᠬᠢᠶᠠᠯ ᠤᠨ ᠰᠤᠳᠤᠯᠭᠠᠨ ᠤ ᠭᠦᠡᠵᠡᠭᠡᠢ᠌ᠷᠡᠭᠦ ᠶᠢ ᠳᠠᠭᠠᠯᠳᠤᠨ ᠰᠤᠳᠤᠯᠭᠠᠨ ᠤ ᠰᠠᠳᠤᠪ᠂ ᠠᠭᠤᠯᠭ᠎ᠠ ᠶᠢᠨ ᠴᠠᠷ᠎ᠠ ᠭᠦᠷᠢᠶ᠎ᠡ ᠦᠷᠭᠡᠳᠴᠤ᠂ ᠰᠤᠳᠤᠯᠭᠠᠨ ᠤ ᠠᠷᠭ᠎ᠠ ᠣᠨᠤᠯ ᠰᠢᠨᠠᠳᠴᠤ᠂ ᠡᠷᠳᠡᠮ ᠰᠢᠡᠵᠢᠯᠡᠭᠡᠨ ᠤ ᠭᠢᠷᠢ ᠲᠦᠪᠰᠢᠨ ᠨᠢ ᠴᠤ ᠠᠯᠬᠤᠮ ᠠᠯᠬᠤᠮ ᠶᠢᠡᠷ ᠳᠡᠭᠡᠭ᠍ᠰᠢᠯᠡᠵᠤ ᠪᠣᠢ ᠭᠡᠭᠦ ᠦᠵᠡᠯᠳᠠ ᠶᠢ ᠳᠡᠪᠰᠢᠭᠦᠯᠵᠡᠢ᠃
【 ᠵᠠᠩᠭᠢᠯᠠᠭ᠎ᠠ ᠶᠢᠨ ᠥᠭᠡ 】 ᠳᠡᠭᠡᠳᠤ ᠮᠤᠩᠭ᠋ᠤᠯ᠂ ᠠᠮᠠᠨ ᠵᠤᠬᠢᠶᠠᠯ᠂ ᠰᠤᠳᠤᠯᠤᠯ
ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠨᠢ ᠠᠯᠢ ᠡᠷᠳᠡ 18 ᠳ᠋ᠤᠭᠠᠷ ᠵᠠᠭᠤᠨ ᠤ ᠦᠶ᠎ᠡ ᠡᠴᠠ ᠡᠭᠢᠯᠡᠵᠡᠢ᠃ ᠳᠡᠭᠡᠳᠤ ᠮᠤᠩᠭ᠋ᠤᠯ ᠤᠨ ᠶᠡᠭᠡ ᠡᠷᠳᠡᠮᠳᠡᠨ ᠰᠦᠮᠪᠠ ᠬᠠᠮᠪᠣ ᠢᠰᠢᠪᠠᠯᠵᠤᠤᠷ ᠪᠣᠯ 《ᠭᠡᠰᠡᠷ ᠤᠨ ᠳᠤᠭᠤᠵᠢ》 ᠵᠢ ᠠᠩᠬ᠎ᠠ ᠰᠤᠳᠤᠯᠤᠭᠰᠠᠨ ᠡᠷᠳᠡᠮᠳᠡᠨ ᠪᠣᠯᠤᠨ᠎ᠠ᠃ ᠳᠠᠷᠠ ᠵᠢᠷᠭᠤᠳᠤᠭᠠᠷ ᠪᠠᠠᠴᠢᠨ ᠪᠠᠯᠳᠠᠠᠶᠸᠰᠢ ᠳᠤ ᠦᠭᠭᠦᠭ᠍ᠰᠡᠨ ᠵᠠᠭᠢᠳᠠᠯ ᠳᠠᠭᠠᠨ ᠭᠡᠰᠡᠷ ᠢ ᠳᠡᠦᠭᠡᠳᠤ ᠦᠨᠡᠨ ᠭᠦᠮᠤᠨ ᠭᠡᠵᠤ ᠥᠵᠡᠭ᠍ᠰᠡᠨ ᠪᠦᠭᠡᠳ ᠭᠡᠰᠡᠷ ᠤᠨ ᠳᠡᠦᠭᠡ ᠶᠢᠨ ᠦᠨᠡᠨ ᠮᠠᠭᠠᠤᠨ ᠲᠤ ᠰᠡᠵᠢᠭ᠍ᠳᠡᠢ ᠪᠠᠢ᠌ᠬᠤ ᠪᠠᠷ ᠥᠭᠦᠯᠡᠵᠡᠢ᠃ ᠡᠨᠡ ᠪᠣᠯ 《ᠭᠡᠰᠡᠷ ᠤᠨ ᠳᠤᠭᠤᠵᠢ》 ᠵᠢᠨ ᠬᠠᠮᠤᠭ ᠠᠩᠬᠠᠨ ᠤ ᠰᠤᠳᠤᠯᠭᠠᠨ ᠪᠣᠯᠤᠨ᠎ᠠ᠃
ᠦᠨᠡᠨ ᠳᠡᠭᠡᠨ ᠭᠡᠯᠡᠪᠠᠯ ᠳᠤᠰ ᠥᠭᠦᠯᠡᠯ ᠳᠤ ᠠᠮᠠᠨ ᠵᠤᠬᠢᠶᠠᠯ ᠤᠨ ᠴᠤᠭᠯᠠᠭᠤᠯᠭ᠎ᠠ ᠡᠮᠭᠢᠳᠭᠡᠯ ᠤᠨ ᠪᠠᠢ᠌ᠳᠠᠯ ᠢ ᠳᠠᠨᠢᠯᠴᠠᠭᠤᠯᠬᠤ ᠴᠢᠬᠤᠯᠠ ᠦᠭᠡᠶ ᠪᠠᠢ᠌ᠭᠰᠠᠨ ᠶᠤᠮ᠃ ᠭᠡᠪᠠᠴᠤ ᠭᠠᠷ ᠲᠤ ᠰᠢᠨ᠎ᠡ ᠨᠢᠭᠡᠨ ᠮᠠᠲ᠋ᠸᠷᠢᠶᠠᠯ ᠣᠯᠳᠠᠭᠰᠠᠨ ᠳᠤᠯᠠ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠴᠤᠭᠯᠠᠭᠤᠯᠭ᠎ᠠ ᠡᠮᠭᠢᠳᠭᠡᠯ ᠤᠨ ᠪᠠᠢ᠌ᠳᠠᠯ ᠢ ᠳᠦᠭᠦᠮᠭᠡᠨ ᠳᠠᠨᠢᠯᠴᠠᠭᠤᠯᠬᠤ ᠴᠢᠬᠤᠯᠠ ᠲᠡᠶ ᠪᠣᠯᠵᠠᠢ᠃ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠢ ᠠᠩᠬ᠎ᠠ 20 ᠳ᠋ᠤᠭᠠᠷ ᠵᠠᠭᠤᠨ ᠤ 50 ᠊ᠭᠠᠤᠨ ᠣᠨ ᠤ ᠳᠤᠮᠳᠠᠴᠢ ᠦᠶ᠎ᠡ ᠪᠠᠷ ᠦᠪᠣᠷ ᠮᠤᠩᠭ᠋ᠤᠯ ᠵᠡᠷᠭᠡ ᠭᠠᠵᠠᠷ ᠤᠨ ᠬᠠᠶᠠ ᠨᠢᠭᠡ ᠬᠤᠶᠠᠷ ᠭᠦᠮᠤᠨ ᠴᠤᠭᠯᠠᠭᠤᠯᠵᠤ ᠪᠠᠢ᠌ᠭᠰᠠᠨ ᠪᠣᠯᠤᠯᠳᠠᠢ᠃ ᠰᠡᠷᠡᠩᠭᠡᠷᠡᠯ ᠫᠷᠤᠪᠧᠰᠰᠤᠷ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠳᠤᠤᠯᠢ ᠶᠢ ᠡᠮᠭᠢᠳᠭᠡᠵᠤ ᠰᠤᠳᠤᠯᠤᠭᠰᠠᠨ ᠳᠣᠢ᠌ᠮᠤ ᠪᠠᠢ᠌ᠳᠠᠯ》 ᠭᠡᠭᠦ ᠥᠭᠦᠯᠡᠯ ᠳᠤ 《ᠳᠡᠭᠡᠳᠤ ᠮᠤᠩᠭ᠋ᠤᠯ ᠤᠨ ᠳᠤᠤᠯᠢ ᠶᠢ ᠡᠮᠭᠢᠳᠭᠡᠨ ᠴᠤᠭᠯᠠᠭᠤᠯᠬᠤ ᠠᠵᠢᠯ ᠤᠨ ᠡᠭᠢᠯᠡᠯᠳᠡ ᠶᠢ ᠳᠡᠭᠡᠷ᠎ᠡ ᠵᠠᠭᠤᠨ ᠤ ᠳᠠᠪᠢᠭᠠᠤᠨ ᠣᠨ ᠤ ᠳᠤᠮᠳᠠᠴᠢ ᠦᠶ᠎ᠡ ᠲᠡᠶ ᠬᠤᠯᠪᠤᠨ ᠦᠵᠡᠵᠤ ᠪᠣᠯᠤᠨ᠎ᠠ᠃ ᠠᠩᠬ᠎ᠠ ᠳᠤᠢᠪᠣ᠂ ᠴᠤᠯᠮᠤᠨ ᠭᠡᠳᠡᠭ᠌ ᠬᠤᠶᠠᠷ ᠭᠦᠮᠤᠨ 1956 ᠣᠨ ᠳᠤ ᠭᠠᠠᠰᠤ ᠶᠢᠨ ᠰᠦᠪᠧᠢ ᠰᠢᠶᠠᠨ ᠤ ᠮᠤᠩᠭ᠋ᠤᠯᠴᠤᠳ ᠤᠨ ᠳᠤᠮᠳᠠ ᠭᠡᠯᠡ ᠪᠠᠢ᠌ᠴᠠᠭᠠᠬᠤ ᠪᠠᠷ ᠣᠴᠢᠭᠠᠤᠨ᠂ ᠳᠠᠠᠳᠠᠭᠢ ᠶᠢᠨ ᠯᠤᠪᠰᠠᠩ ᠭᠡᠳᠡᠭ᠌ ᠳᠤᠤᠯᠢᠴᠢ ᠡᠴᠠ 〈ᠬᠠᠨ ᠴᠡᠩᠭᠡᠯ ᠳᠤᠤᠯᠢ〉 ᠵᠢ ᠭᠠᠯᠢᠭᠯᠠᠨ ᠳᠡᠮᠳᠡᠭᠯᠡᠵᠤ ᠠᠪᠣᠭᠰᠠᠨ ᠪᠠᠢ᠌ᠵᠠᠢ᠃ ᠡᠨᠡ ᠪᠣᠯ ᠳᠡᠭᠡᠳᠤ ᠮᠤᠩᠭ᠋ᠤᠯ ᠳᠤᠤᠯᠢ ᠶᠢᠨ ᠴᠤᠭᠯᠠᠭᠤᠯᠭ᠎ᠠ ᠶᠢᠨ ᠡᠭᠢᠯᠡᠯ ᠮᠦᠨ》 ① ᠭᠡᠵᠤ ᠳᠡᠮᠳᠡᠭᠯᠡᠵᠡᠢ᠃
ᠲ᠋ᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠴᠤᠭᠯᠠᠭᠤᠯᠭ᠎ᠠ ᠡᠮᠭᠢᠳᠭᠡᠯ ᠤᠨ ᠠᠵᠢᠯ ᠨᠢ ᠦᠨᠡᠨ ᠳᠡᠭᠡᠨ 20 ᠳ᠋ᠤᠭᠠᠷ ᠵᠠᠭᠤᠨ ᠤ 70 ᠊ᠭᠠᠤᠨ ᠣᠨ ᠤ ᠰᠡᠭᠦᠯᠴᠢ 80 ᠊ᠭᠠᠤᠨ ᠣᠨ ᠤ ᠡᠭᠢᠨ ᠡᠴᠠ ᠵᠢᠩᠭᠢᠨᠢ ᠪᠠᠷ ᠡᠭᠢᠯᠡᠵᠡᠢ᠃ 20 ᠳ᠋ᠤᠭᠠᠷ ᠵᠠᠭᠤᠨ ᠤ 70 ᠊ᠭᠠᠤᠨ ᠣᠨ ᠤ ᠰᠡᠭᠦᠯᠴᠢ ᠶᠢᠨ ᠦᠶ᠎ᠡ ᠪᠠᠷ ᠣᠤᠯ ᠤᠨ ᠬᠦᠬᠡᠨᠠᠭᠤᠷ ᠤᠨ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠤᠰᠬᠠᠢ ᠮᠡᠷᠭᠡᠵᠢᠯ ᠤᠨ ᠪᠠᠭᠰᠢ ᠪᠠᠢ᠌ᠭᠰᠠᠨ ᠪᠠ᠊ · ᠤᠶᠤᠨᠪᠢᠯᠢᠭ᠍ᠳᠤ᠂ ᠵᠢᠶᠠ ᠰᠢ ᠷᠤ᠂ ᠱ·ᠰᠤᠨᠤᠮ ᠵᠡᠷᠭᠡ ᠪᠠᠭᠰᠢ ᠨᠡᠷ ᠣᠶᠤᠳᠠᠤᠨ ᠢ ᠳᠠᠭᠠᠭᠤᠯᠤᠨ ᠬᠠᠢ᠌ᠰᠢ ᠶᠢᠨ ᠡᠯ᠎ᠡ ᠭᠠᠵᠠᠷ ᠲᠤ ᠣᠴᠢᠵᠤ ᠳᠠᠳᠤᠯᠭ᠎ᠠ ᠭᠢᠭᠦ ᠳᠡᠭᠡᠨ ᠳᠡᠭᠡᠳᠤ ᠮᠤᠩᠭ᠋ᠤᠯ ᠤᠨ ᠠᠮᠠᠨ ᠵᠤᠬᠢᠶᠠᠯ ᠊᠊᠊᠊᠊᠊᠊᠊᠊᠊᠊᠊᠊᠊᠊ ᠵᠣᠢ᠌ᠷ ᠰᠠᠴᠠᠨ ᠥᠭᠡ᠂ ᠥᠯᠢᠭᠡᠷ ᠳᠤᠮᠤᠭ᠂ ᠠᠷᠠᠤᠨ ᠤᠨ ᠳᠠᠭᠤᠤ ᠵᠡᠷᠭᠡ ᠶᠢ ᠰᠤᠷᠪᠣᠯᠵᠢᠯᠠᠨ ᠴᠤᠭᠯᠠᠭᠤᠯᠵᠤ 《ᠬᠦᠬᠡᠨᠠᠭᠤᠷ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ》 (ᠲ᠋ᠡᠭᠡᠳᠤ ᠳᠠᠳ᠋) ᠭᠡᠭᠦ ᠬᠤᠶᠠᠷ ᠳᠠᠪᠳᠠᠷ ᠢ ᠳᠤᠰᠤᠨ ᠪᠠᠷ ᠶᠢᠡᠷ ᠭᠡᠪᠯᠡᠵᠤ ᠪᠠᠢ᠌ᠵᠠᠢ ②᠃ ᠡᠭᠦᠨ ᠢ 1980 ᠣᠨ ᠳᠤ ᠪᠣᠷᠵᠢᠭᠢᠨ ᠊᠊᠊᠊᠊᠊᠊᠊᠊᠊᠊᠊᠊᠊᠊ ᠪᠠ᠊·ᠤᠶᠤᠨᠪᠢᠯᠢᠭ᠍ᠳᠤ ᠶᠢᠨ ᠪᠢᠴᠢᠭ᠍ᠰᠡᠨ 《ᠬᠦᠬᠡᠨᠠᠭᠤᠷ ᠮᠤᠩᠭ᠋ᠤᠯ ᠤᠨ ᠮᠠᠠᠵᠤ ᠴᠢᠩ ᠤᠨ ᠦᠨᠳᠦᠰᠦᠳᠠᠨ ᠤ ᠳᠠᠷᠤᠯᠠᠯ ᠢ ᠡᠰᠡᠷᠭᠦᠴᠡᠭ᠍ᠰᠡᠨ ᠊᠊᠊᠊᠊᠊᠊᠊᠊᠊᠊᠊᠊᠊᠊ ᠯᠤᠪᠰᠠᠩᠳᠠᠠᠩᠵᠢᠨ ᠤ ᠪᠣᠰᠤᠯᠭ᠎ᠠ ᠶᠢᠨ ᠳᠤᠬᠠᠢ ᠳᠤᠷᠰᠢᠨ ᠥᠭᠦᠯᠡᠭᠦ ᠨᠢ》 ᠭᠡᠭᠦ ᠳᠤᠰᠤᠨ ᠪᠠᠷ ᠤᠨ ᠥᠭᠦᠯᠡᠯ ᠡᠴᠠ ᠣᠯᠵᠤ ᠬᠠᠷᠠᠨ᠎ᠠ᠃ ᠳᠠᠷᠠ ᠳᠤᠰ ᠥᠭᠦᠯᠡᠯ ᠢ ᠪᠢᠴᠢᠭ᠍ᠰᠡᠨ ᠵᠤᠷᠢᠯᠭ᠎ᠠ ᠪᠠᠨ ᠶᠠᠷᠢᠬᠤ ᠳᠠᠭᠠᠨ 《ᠡᠭᠡ ᠨᠤᠤᠷᠠᠭ ᠢ 1979 ᠣᠨ ᠤ 8 ᠳ᠋ᠤᠭᠠᠷ ᠰᠠᠷ᠎ᠠ ᠳᠤ ᠬᠠᠢ᠌ᠰᠢ ᠵᠸᠤ ᠶᠢᠨ ᠳᠡᠯᠡᠭᠡᠢ ᠪᠠᠯᠭᠠᠰᠤ ᠊᠊᠊᠊᠊᠊᠊᠊᠊᠊᠊᠊᠊᠊᠊ ᠰᠢᠨᠢᠩ ᠬᠤᠳᠠᠨ᠎ᠠ ᠪᠢᠴᠢᠵᠤ᠂ ᠠᠩᠬ᠎ᠠ ᠵᠠᠰᠠᠯᠳᠠ ᠶᠢ 11 ᠳ᠋ᠤᠭᠡᠷ ᠰᠠᠷ᠎ᠠ ᠳᠤ ᠰᠢᠨᠢᠩ ᠊᠊᠊᠊᠊᠊᠊᠊᠊᠊᠊᠊᠊᠊᠊ ᠬᠦᠬᠡᠬᠤᠲᠠ ᠳᠤ ᠭᠠᠷᠭᠠᠭᠠᠤᠨ ᠦᠪᠣᠷ ᠮᠤᠩᠭ᠋ᠤᠯ ᠤᠨ ᠮᠤᠩᠭ᠋ᠤᠯ ᠣᠤᠠᠬ᠎ᠠ ᠵᠤᠬᠢᠶᠠᠯ ᠤᠨ ᠨᠡᠢ᠌ᠭᠡᠮᠯᠢᠭ᠌ ᠤᠨ ᠬᠤᠷᠠᠯ ᠪᠠ ᠬᠦᠬᠡᠨᠠᠭᠤᠷ ᠤᠨ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠭᠤᠴᠢᠨ ᠵᠢᠯ ᠤᠨ ᠡᠷᠳᠡᠮ ᠰᠢᠡᠵᠢᠯᠡᠭᠡᠨ ᠤ ᠬᠤᠷᠠᠯ ᠳᠤ ᠵᠤᠷᠢᠭᠤᠯᠪᠠ᠃ 1980 ᠣᠨ ᠤ ᠬᠠᠭᠤᠴᠢᠨ ᠴᠠᠭᠠᠨ᠎ᠠ ᠳᠠᠭᠢᠨ ᠪᠠᠭ᠎ᠠ ᠵᠠᠰᠠᠯᠳᠠ ᠭᠢᠪᠠ》 ③ ᠭᠡᠵᠡᠢ᠃ ᠳᠠᠷᠠ 《ᠭᠠᠰ ᠤᠨ ᠴᠠᠭᠠᠨ ᠳᠠᠷᠠᠰᠤᠨ》 ᠭᠡᠭᠦ ᠠᠷᠠᠤᠨ ᠤᠨ ᠳᠠᠭᠤᠤ ᠶᠢ ᠡᠮᠭᠢᠳᠭᠡᠭ᠍ᠰᠡᠨ ᠳᠤᠬᠠᠢ ᠳᠡᠮᠳᠡᠭᠯᠡᠭᠦ ᠳᠡᠭᠡᠨ 《ᠬᠠᠢ᠌ᠰᠢ ᠵᠸᠤ ᠶᠢᠨ ᠭᠤᠤᠯᠮᠤᠳ ᠰᠢᠶᠠᠨ ᠤ ᠤᠷᠲᠤᠮᠦ᠋ᠷᠡᠨ ᠭᠦᠩᠱᠧ (ᠬᠠᠭᠤᠴᠢᠨ ᠤ ᠳᠠᠢ᠌ᠵᠢᠨᠠᠷ ᠬᠤᠰᠢᠭᠤ ᠊᠊᠊᠊᠊᠊᠊᠊᠊᠊᠊᠊᠊᠊᠊ ᠬᠤᠱᠤᠳ ᠦᠷᠤᠨ᠎ᠡ ᠪᠠᠷᠠᠭᠤᠨ ᠭᠠᠷᠤᠨ ᠳᠤᠮᠳᠠᠳᠤ ᠬᠤᠰᠢᠭᠤ) ᠵᠢᠨ ᠬᠠᠰᠢᠶᠠᠳᠤ ᠶᠢᠨ ᠠᠬᠠᠮᠠᠤᠨ ᠳᠠᠭᠤᠴᠢᠨ ᠵᠠᠮᠰᠦ᠋ᠷᠤᠩ ᠭᠦᠭ᠍ᠰᠢᠨ ᠤ ᠳᠠᠭᠤᠯᠠᠭᠰᠠᠨ ᠢ 1979. 8. 18 ᠊ᠤ ᠡᠳᠦᠷ ᠳᠡᠯᠡᠭᠡᠢ ᠪᠠᠯᠭᠠᠰᠤᠨ᠎ᠠ ᠰᠢᠩᠭᠡᠭᠡᠯᠳᠡ ᠭᠢᠵᠤ 《ᠬᠦᠬᠡᠨᠠᠭᠤᠷ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ (ᠲ᠋ᠠᠳ᠋ ᠳᠠᠪᠳᠠᠷ)》 ᠊ᠤᠨ ᠳᠤᠰᠤᠨ ᠪᠠᠷ ᠲᠤ ᠣᠷᠤᠭᠤᠯᠤᠭᠰᠠᠨ ᠶᠢᠡᠨ ᠰᠡᠢ᠌ᠷᠡᠭᠦᠯᠪᠡ④ ᠭᠡᠵᠡᠢ᠃ ᠡᠭᠦᠨ ᠡᠴᠡ ᠥᠵᠡᠭᠦ ᠳᠤ 20 ᠵᠠᠭᠤᠨ ᠤ 70 ᠊ᠭᠠᠤᠨ ᠣᠨ ᠤ ᠰᠡᠭᠦᠯᠴᠢ ᠪᠣᠶᠤ 80 ᠊ᠭᠠᠤᠨ ᠣᠨ ᠤ ᠡᠭᠢᠨ ᠤ ᠦᠶ᠎ᠡ ᠪᠠᠷ ᠪᠠ᠊·ᠤᠶᠤᠨᠪᠢᠯᠢᠭ᠍ᠳᠤ ᠵᠡᠷᠭᠡ ᠭᠦᠮᠦᠰ 《ᠬᠦᠬᠡᠨᠠᠭᠤᠷ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ》 (ᠲ᠋ᠡᠭᠡᠳᠤ᠂ ᠳᠠᠳ᠋) ᠭᠡᠭᠦ ᠳᠤᠰᠤᠨ ᠪᠠᠷ ᠤᠨ ᠭᠡᠪᠯᠡᠯ ᠢ ᠭᠡᠪᠯᠡᠵᠤ ᠪᠠᠢ᠌ᠭᠰᠠᠨ ᠨᠢ ᠦᠨᠡᠨ ᠪᠠᠳᠤᠳᠠᠢ ᠪᠠᠢ᠌ᠨ᠎ᠠ᠃ ᠨᠠᠭᠠᠳᠤ ᠵᠠᠬ᠎ᠠ ᠳᠠᠭᠠᠨ ᠳᠤᠰ ᠥᠭᠦᠯᠡᠯ ᠢ ᠪᠢᠴᠢᠵᠤ ᠪᠠᠢ᠌ᠬᠤ ᠳᠤ 《ᠬᠦᠬᠡᠨᠠᠭᠤᠷ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ》 (ᠲ᠋ᠠᠳ᠋ ᠳᠠᠪᠳᠠᠷ) ᠢ ᠨᠢᠭᠡᠨᠲᠡ ᠳᠤᠰᠤᠨ ᠪᠠᠷ ᠶᠢᠡᠷ ᠭᠡᠪᠯᠡᠭ᠍ᠰᠡᠨ ᠪᠠᠢ᠌ᠵᠠᠢ᠃ ᠳᠠᠷᠠ ᠨᠢ ᠮᠠᠨ ᠤ ᠳᠡᠭᠡᠳᠤ ᠮᠤᠩᠭ᠋ᠤᠯ ᠤᠨ ᠠᠮᠠᠨ ᠵᠤᠬᠢᠶᠠᠯ ᠤᠨ ᠬᠠᠮᠤᠭ ᠠᠩᠬᠠᠨ ᠤ ᠳᠡᠭᠦᠪᠦᠷᠢ ᠪᠣᠯᠤᠨ᠎ᠠ᠃ ᠭᠡᠪᠠᠴᠤ ᠳᠤᠰ ᠳᠤᠰᠤᠨ ᠪᠠᠷ ᠤᠨ ᠭᠡᠪᠯᠡᠯ ᠨᠢ ᠣᠳᠤ ᠪᠣᠯᠳᠠᠯ᠎ᠠ ᠪᠢᠳᠠᠨ ᠤ ᠭᠠᠷ ᠲᠤ ᠣᠯᠳᠠᠭᠠᠳᠤᠢ ᠪᠠᠢ᠌ᠭᠰᠠᠭᠠᠷ᠃
ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠢ ᠴᠤᠭᠯᠠᠭᠤᠯᠤᠨ ᠡᠮᠭᠢᠳᠭᠡᠭᠦ ᠠᠵᠢᠯ ᠢ ᠳᠠᠭᠠᠯᠳᠤᠨ ᠭᠡᠪᠯᠡᠭᠦᠯᠵᠤ ᠨᠡᠢ᠌ᠳᠡᠯᠡᠭᠦᠯᠭᠦ ᠠᠵᠢᠯ ᠴᠤ ᠣᠷᠤᠭᠰᠢᠳᠠᠢ ᠶᠠᠪᠣᠭᠳᠠᠵᠤ ᠣᠳᠤ ᠪᠣᠯᠬᠤ ᠳᠤ ᠨᠢᠭᠡᠨᠲᠡ ᠬᠤᠷᠢᠭᠠᠤᠨ ᠡᠮᠭᠢᠳᠭᠡᠯ ᠳᠡᠭᠦᠪᠦᠷᠢ ᠭᠡᠪᠯᠡᠭ᠍ᠳᠡᠭ᠍ᠰᠡᠨ ᠪᠠᠢ᠌ᠨ᠎ᠠ᠃ ᠳᠤᠬᠠᠢ᠌ᠯᠠᠪᠠᠯ ᠷᠠᠰᠢ᠂ ᠰ·ᠳ᠋ᠦᠪᠴᠢᠨ ᠤ ᠡᠮᠭᠢᠳᠭᠡᠭ᠍ᠰᠡᠨ 《ᠰᠦᠪᠧᠢ ᠶᠢᠨ ᠮᠤᠩᠭ᠋ᠤᠯ ᠠᠮᠠᠨ ᠵᠤᠬᠢᠶᠠᠯ ᠤᠨ ᠥᠯᠢᠭᠡᠷ》 (1984)᠂ ᠳᠤᠷᠤᠩᠭ᠎ᠠ ᠶᠢᠨ ᠡᠮᠭᠢᠳᠭᠡᠨ ᠴᠤᠭᠯᠠᠭᠤᠯᠤᠭᠰᠠᠨ 《ᠬᠦᠬᠡᠨᠠᠭᠤᠷ ᠭᠡᠰᠡᠷ ᠤᠨ ᠳᠤᠭᠤᠵᠢ ᠶᠢᠨ ᠳᠤᠬᠠᠢ ᠳᠤᠮᠤᠭ ᠶᠠᠷᠢᠶ᠎ᠠ》 (23 ᠳᠤᠮᠤᠭ) (1984)᠂ ᠳᠤᠷᠤᠩᠭ᠎ᠠ ᠶᠢᠨ ᠡᠮᠭᠢᠳᠭᠡᠭ᠍ᠰᠡᠨ 《ᠬᠦᠬᠡᠨᠠᠭᠤᠷ ᠭᠡᠰᠡᠷ ᠤᠨ ᠳᠤᠭᠤᠵᠢ ᠁ ᠳᠦᠷᠪᠠᠨ ᠪᠦᠯᠦᠭ᠌》 (1984)᠂ ᠪᠦᠭᠡᠴᠢᠯᠡᠭᠤ᠂ ᠣᠶᠤᠠᠪᠠᠳᠤ ᠶᠢᠨ ᠡᠮᠭᠢᠳᠭᠡᠵᠤ ᠴᠤᠭᠯᠠᠭᠤᠯᠤᠭᠰᠠᠨ 《ᠬᠦᠬᠡᠨᠠᠭᠤᠷ ᠭᠡᠰᠡᠷ ᠤᠨ ᠳᠤᠭᠤᠵᠢ ᠁ ᠬᠤᠶᠠᠷ》 (13 ᠪᠦᠯᠦᠭ᠌) (1986)᠂ ᠳᠤᠷᠤᠩᠭ᠎ᠠ ᠶᠢᠨ ᠡᠮᠭᠢᠳᠭᠡᠭ᠍ᠰᠡᠨ 《ᠬᠦᠬᠡᠨᠠᠭᠤᠷ ᠭᠡᠰᠡᠷ ᠤᠨ ᠳᠤᠭᠤᠵᠢ ᠁ ᠭᠤᠷᠪᠠ》 (6 ᠪᠦᠯᠦᠭ᠌) (1986)᠂ ᠬᠠᠢ᠌ᠰᠢ ᠵᠸᠤ ᠶᠢᠨ ᠰᠤᠶᠤᠯ ᠤᠨ ᠳᠤᠪᠴᠢᠶ᠎ᠠ᠂ ᠦᠨᠳᠦᠰᠦᠳᠠᠨ ᠤ ᠭᠡᠯᠡ ᠪᠢᠴᠢᠭ᠌ ᠤᠨ ᠠᠯᠪᠠᠨ ᠭᠡᠷ ᠡᠴᠡ ᠭᠡᠪᠯᠡᠭᠦᠯᠦᠭ᠍ᠰᠡᠨ 《ᠳᠡᠭᠡᠳᠤ ᠮᠤᠩᠭ᠋ᠤᠯ ᠤᠨ ᠠᠷᠠᠳ ᠤᠨ ᠠᠮᠠᠨ ᠵᠤᠬᠢᠶᠠᠯ ᠤᠨ ᠳᠡᠭᠡᠵᠢ ᠪᠢᠴᠢᠭ᠌》 (1986᠂ ᠭᠤᠷᠪᠠᠨ ᠳᠠᠪᠳᠠᠷ)᠂ ᠴᠡᠪᠰᠢᠭ᠌᠂ ᠰᠡᠷᠡᠡᠭᠡᠷᠡᠯ ᠤᠨ ᠡᠮᠭᠢᠳᠭᠡᠭ᠍ᠰᠡᠨ 《ᠳᠡᠭᠡᠳᠤ ᠮᠤᠩᠭ᠋ᠤᠯ ᠤᠨ ᠥᠯᠢᠭᠡᠷ ᠳᠤᠮᠤᠭ》 (1986)᠂ ᠨᠠ᠊·ᠴᠠᠷᠠᠩᠪᠠᠯ ᠤᠨ ᠡᠮᠭᠢᠳᠭᠡᠨ ᠨᠠᠢ᠌ᠷᠠᠭᠤᠯᠤᠭᠰᠠᠨ 《ᠳᠤᠭᠰᠢᠨ ᠬᠠᠷ᠎ᠠ ᠪᠠᠭᠠᠳᠤᠷ》 (1989)᠂ ᠤᠶᠤᠨᠪᠢᠯᠢᠭ᠌᠂ ᠶᠤᠵᠢᠨ ᠨᠡᠷ ᠤᠨ ᠡᠮᠭᠢᠳᠭᠡᠨ ᠨᠠᠢ᠌ᠷᠠᠭᠤᠯᠵᠤ ᠭᠢᠳᠠᠳᠴᠢᠯᠠᠭᠰᠠᠨ 《ᠬᠠᠢ᠌ᠰᠢ ᠶᠢᠨ ᠠᠷᠠᠤᠨ ᠤᠨ ᠠᠮᠠᠨ ᠥᠯᠢᠭᠡᠷ》᠂ 《ᠬᠠᠢ᠌ᠰᠢ ᠶᠢᠨ ᠠᠷᠠᠤᠨ ᠤᠨ ᠵᠣᠢ᠌ᠷ ᠰᠠᠴᠠᠨ ᠥᠭᠡ》 (ᠮᠤᠩᠭ᠋ᠤᠯ ᠲᠦᠪᠡᠳ ᠦᠨᠳᠦᠰᠦᠳᠠᠨ ᠤ ᠠᠮᠠᠨ ᠵᠤᠬᠢᠶᠠᠯ ᠪᠠᠭᠳᠠᠨ᠎ᠠ᠂ ᠳᠤᠳᠤᠭᠠᠳᠤ ᠭᠡᠪᠯᠡᠯ᠂ ᠭᠢᠳᠠᠤᠨ 1990)᠂ 《ᠬᠠᠢ᠌ᠰᠢ ᠶᠢᠨ ᠠᠷᠠᠤᠨ ᠤᠨ ᠳᠠᠭᠤᠤ》 (ᠮᠤᠩᠭ᠋ᠤᠯ ᠲᠦᠪᠡᠳ ᠦᠨᠳᠦᠰᠦᠳᠠᠨ ᠤ ᠠᠷᠠᠤᠨ ᠤᠨ ᠳᠠᠭᠤᠤ ᠪᠠᠭᠳᠠᠨ᠎ᠠ᠂ ᠳᠤᠳᠤᠭᠠᠳᠤ ᠭᠡᠪᠯᠡᠯ᠂ ᠭᠢᠳᠠᠤᠨ 1991)᠂ ᠰ·ᠳ᠋ᠦᠪᠴᠢᠨ ᠤ ᠡᠮᠭᠢᠳᠭᠡᠨ ᠨᠠᠢ᠌ᠷᠠᠭᠤᠯᠤᠭᠰᠠᠨ 《ᠰᠦᠪᠧᠢ ᠮᠤᠩᠭ᠋ᠤᠯᠴᠤᠳ ᠤᠨ ᠪᠠᠭᠠᠳᠤᠷᠯᠢᠭ ᠳᠤᠯᠢ》 (1998)᠂ ᠨᠠ᠊·ᠴᠠᠷᠠᠩᠪᠠᠯ᠂ ᠭᠦᠡᠷᠭᠡᠮᠡ ᠶᠢᠨ ᠡᠮᠭᠢᠳᠭᠡᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ》 (2000)᠂ ᠱ·ᠳ᠋ᠦᠪᠴᠢᠨ᠂ ᠴᠢᠯᠠᠭᠤᠨ᠂ ᠱᠠᠨ ᠰᠢ ᠶᠢᠨ ᠴᠤᠭᠯᠠᠭᠤᠯᠤᠨ ᠡᠮᠭᠢᠳᠭᠡᠭ᠍ᠰᠡᠨ 《ᠰᠦᠪᠧᠢ ᠮᠤᠩᠭ᠋ᠤᠯᠴᠤᠳ ᠤᠨ ᠢᠷᠦᠭᠡᠯ ᠮᠠᠭᠳᠠᠭᠠᠯ ᠤᠨ ᠳᠡᠭᠦᠪᠦᠷᠢ》 (ᠲ᠋ᠤᠳᠤᠭᠠᠳᠤ ᠭᠡᠪᠯᠡᠯ᠂ 2000 ᠣᠨ)᠂ ᠯ·ᠥᠰᠦᠷᠦᠩᠭᠦᠢ ᠶᠢᠨ ᠡᠮᠭᠢᠳᠭᠡᠨ ᠨᠠᠢ᠌ᠷᠠᠭᠤᠯᠤᠭᠰᠠᠨ 《ᠬᠦᠬᠡᠨᠠᠭᠤᠷ ᠮᠤᠩᠭ᠋ᠤᠯ ᠭᠡᠰᠡᠷ ᠤᠨ ᠥᠯᠢᠭᠡᠷ ᠳᠤᠮᠤᠭ》᠂ 《ᠬᠦᠬᠡᠨᠠᠭᠤᠷ ᠮᠤᠩᠭ᠋ᠤᠯ ᠤᠨ ᠢᠷᠦᠭᠡᠯ ᠮᠠᠭᠳᠠᠭᠠᠯ》 (2003)᠂ ᠯ·ᠥᠰᠦᠷᠦᠩᠭᠦᠢ ᠶᠢᠨ ᠭᠤᠤᠯᠯᠠᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠴᠢᠭᠤᠯᠭᠠᠨ》 (ᠲ᠋ᠡᠭᠡᠳᠤ ᠳᠤᠤᠷᠠᠳᠤ) (2008) ᠵᠡᠷᠭᠡ ᠠᠮᠠᠨ ᠵᠤᠬᠢᠶᠠᠯ ᠤᠨ ᠳᠡᠭᠦᠪᠦᠷᠢ ᠨᠤᠮ ᠤᠳ ᠤᠷᠢᠳ ᠬᠤᠵᠢᠳ ᠭᠡᠪᠯᠡᠭ᠍ᠳᠡᠵᠤ ᠣᠩᠰᠢᠭᠴᠢ ᠣᠯᠠᠨ ᠲᠡᠶ ᠨᠢᠭᠤᠷ ᠵᠤᠯᠭᠠᠵᠠᠢ᠃ ᠡᠳᠡᠭᠡᠷ ᠳᠡᠭᠦᠪᠦᠷᠢ ᠨᠤᠭᠦᠳ ᠨᠢ ᠡᠷᠳᠡᠮᠳᠡᠨ ᠰᠤᠳᠤᠯᠭᠠᠳᠠᠤᠨ ᠨᠡᠷ ᠤᠨ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠢ ᠰᠤᠨᠢᠷᠬᠠᠵᠤ ᠰᠤᠳᠤᠯᠬᠤ ᠭᠠᠷ ᠠᠪᠣᠯᠭ᠎ᠠ ᠪᠣᠯᠵᠤ ᠪᠣᠢ᠃ ᠭᠡᠪᠠᠴᠤ ᠡᠳᠡᠭᠡᠷ ᠡᠮᠭᠢᠳᠭᠡᠯ ᠳᠡᠭᠦᠪᠦᠷᠢ ᠶᠢᠨ ᠣᠯᠠᠩᠭᠢ ᠨᠢ ᠵᠥᠪᠭᠡᠨ ᠭᠦᠮᠦᠰ ᠤᠨ ᠣᠩᠰᠢᠵᠤ ᠰᠤᠨᠢᠷᠬᠠᠬᠤ ᠳᠤ ᠵᠤᠷᠢᠭᠤᠯᠤᠭᠳᠠᠭᠰᠠᠨ ᠪᠠᠢ᠌ᠳᠠᠭ ᠳᠤᠯᠠ ᠡᠷᠳᠡᠮ ᠰᠢᠡᠵᠢᠯᠡᠭᠡᠨ ᠳᠤ ᠠᠰᠢᠭᠯᠠᠬᠤ ᠦᠨ᠎ᠡ ᠦᠷᠳᠡᠭ᠌ ᠢ ᠪᠠᠭᠤᠷᠠᠭᠤᠯᠤᠭᠰᠠᠨ ᠵᠣᠢ᠌ᠯᠠᠰ ᠴᠤ ᠪᠠᠢ᠌ᠳᠠᠭ ᠢ ᠳᠤᠷᠠᠳᠬᠤ ᠶᠤᠰᠤᠳᠠᠢ᠃
ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠡᠮᠭᠢᠳᠭᠡᠯ ᠳᠡᠭᠦᠪᠦᠷᠢ ᠶᠢᠨ ᠳᠠᠰᠤᠷᠠᠯᠳᠠ ᠦᠭᠡᠶ ᠭᠡᠪᠯᠡᠭ᠍ᠳᠡᠭᠦ ᠶᠢ ᠳᠠᠭᠠᠯᠳᠤᠨ ᠠᠮᠠᠨ ᠵᠤᠬᠢᠶᠠᠯ ᠤᠨ ᠰᠤᠳᠤᠯᠭᠠᠨ ᠨᠢ ᠴᠤ 20 ᠳ᠋ᠤᠭᠠᠷ ᠵᠠᠭᠤᠨ ᠤ 80 ᠊ᠭᠠᠤᠨ ᠣᠨ ᠤ ᠡᠭᠢᠨ ᠤ ᠦᠶ᠎ᠡ ᠪᠠᠷ ᠵᠢᠩᠭᠢᠨᠢ ᠪᠠᠷ ᠡᠭᠢᠯᠡᠵᠡᠢ᠃ ᠡᠳᠡᠭᠡᠷ ᠡᠮᠭᠢᠳᠭᠡᠯ ᠳᠡᠭᠦᠪᠦᠷᠢ ᠨᠤᠭᠦᠳ ᠨᠢ ᠮᠤᠵᠢ ᠶᠢᠨ ᠳᠤᠳᠤᠨ᠎ᠠ ᠭᠠᠳᠠᠨ᠎ᠠ ᠶᠢᠨ ᠡᠷᠳᠡᠮᠳᠡᠨ ᠰᠤᠳᠤᠯᠭᠠᠳᠠᠨ ᠨᠡᠷ ᠲᠤ ᠳᠡᠭᠡᠳᠤ ᠮᠤᠩᠭ᠋ᠤᠯ ᠤᠨ ᠠᠮᠠᠨ ᠵᠤᠬᠢᠶᠠᠯ ᠢ ᠰᠤᠨᠢᠷᠬᠠᠵᠤ ᠰᠤᠳᠤᠯᠬᠤ ᠠᠩᠬᠠᠨ ᠤ ᠡᠭᠡ ᠮᠠᠲ᠋ᠸᠷᠢᠶᠠᠯ ᠢ ᠬᠠᠩᠭ᠋ᠠᠭᠰᠠᠨ ᠳᠤᠯᠠ ᠳᠠᠳᠠᠨ ᠤ ᠠᠩᠬᠠᠷᠤᠯ ᠰᠤᠨᠢᠷᠬᠠᠯ ᠢ ᠳᠠᠳᠠᠵᠤ ᠰᠤᠳᠤᠯᠭᠠᠨ ᠤ ᠠᠵᠢᠯ ᠴᠤ ᠡᠭᠢᠯᠡᠨ ᠶᠠᠪᠣᠭᠳᠠᠵᠠᠢ᠃ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠴᠢᠭᠯᠡᠯ ᠶᠢᠡᠷ ᠰᠤᠳᠤᠯᠭᠠᠨ ᠭᠢᠵᠤ ᠪᠠᠢ᠌ᠭᠰᠠᠨ ᠪᠣᠶᠤ ᠭᠢᠵᠤ ᠪᠠᠢ᠌ᠭ᠎ᠠ ᠡᠷᠳᠡᠮᠳᠡᠳ ᠡᠴᠠ ᠳᠤᠷᠠᠳᠪᠠᠯ ᠬᠦ᠊·ᠴᠠᠷᠠᠩᠪᠠᠯ᠂ ᠰᠡᠷᠡᠩᠭᠡᠷᠡᠯ᠂ ᠪᠠ᠊·ᠪᠦᠭᠡᠴᠢᠯᠡᠭᠤ᠂ ᠮ·ᠦᠨᠢᠠᠤᠯᠠᠭᠠᠨ᠂ ᠰᠡᠴᠡᠡᠮᠥ᠋ᠩᠭᠡ᠂ ᠦ᠊·ᠰᠢᠨᠠᠪᠠᠶᠠᠷ᠂ ᠳ᠋ᠤ᠋·ᠵᠤᠷᠢᠭᠳᠤ᠂ ᠭᠦᠭᠡ᠂ ᠨᠠ᠊·ᠴᠠᠷᠠᠩᠪᠠᠯ᠂ ᠯ·ᠥᠰᠦᠷᠦᠩᠭᠦᠢ᠂ ᠸᠠᠩ ᠼᠠᠢ ᠬᠤᠧᠨ᠂ ᠮᠦᠩᠭᠦᠡᠮᠥ᠋ᠴᠢᠷ᠂ ᠰᠠᠴᠠᠠᠪᠠᠳᠤ᠂ ᠢᠤᠢ ᠮᠸᠢ᠂ ᠳᠡᠯᠭᠡᠷᠮ᠎ᠡ ᠁ ᠵᠡᠷᠭᠡ ᠭᠦᠮᠦᠰ ᠢ ᠳᠤᠷᠠᠳᠴᠤ ᠪᠣᠯᠤᠨ᠎ᠠ᠃
ᠢᠯᠠᠩᠭ᠋ᠤᠶ᠎ᠠ ᠰᠢᠨ᠎ᠡ ᠵᠠᠭᠤᠨ ᠳᠤ ᠠᠯᠬᠤᠨ ᠣᠷᠤᠭᠰᠠᠨ ᠡᠴᠠ ᠨᠠᠰᠢ᠂ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠭᠦᠡᠵᠡᠢ᠌ᠭᠡᠢ᠌ᠷᠡᠭᠦ ᠬᠠᠠᠳᠤᠰᠢ ᠲᠡᠶ ᠪᠣᠯᠪᠠ᠃ ᠤᠢ᠌ᠷ᠎ᠡ ᠶᠢᠨ ᠭᠡᠳᠤᠨ ᠵᠢᠯ ᠤᠨ ᠳᠤᠳᠤᠷ᠎ᠠ ᠲᠦᠪ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ ᠰᠡᠷᠡᠩᠭᠡᠷᠡᠯ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠰᠠᠭᠤᠷᠢ ᠮᠦᠩᠭᠦ ᠶᠢᠨ ᠳᠤᠰᠠᠯᠠᠮᠵᠢ ᠪᠠᠷ 《ᠳᠡᠭᠡᠳᠤ ᠮᠤᠩᠭ᠋ᠤᠯ ᠳᠤᠤᠯᠢ ᠶᠢᠨ ᠰᠤᠳᠤᠯᠤᠯ》 ᠭᠡᠮᠡᠭᠦ ᠰᠠᠳᠤᠪ ᠶᠢᠡᠷ ᠰᠤᠳᠤᠯᠭᠠᠨ ᠭᠢᠵᠤ ᠪᠠᠢ᠌ᠬᠤ ᠪᠦᠭᠡᠳ ᠵᠠᠷᠢᠮ ᠳ᠋ᠤᠺᠲ᠋ᠤᠷᠠᠠᠲ᠋᠂ ᠠᠰᠫᠢᠷᠠᠠᠲ᠋ ᠨᠡᠷ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠶᠢᠡᠷ ᠡᠷᠳᠡᠮ ᠤᠨ ᠴᠤᠯᠠ ᠬᠠᠮᠠᠭᠠᠯᠠᠬᠤ ᠰᠠᠳᠤᠪ ᠶᠢᠡᠨ ᠪᠣᠯᠭᠠᠵᠤ ᠨᠠᠯᠢᠶᠠᠤᠨ ᠴᠢᠨᠠᠷᠯᠢᠭ ᠥᠭᠦᠯᠡᠯ ᠪᠦᠳᠦᠭᠡᠯ ᠤᠳ ᠢ ᠪᠢᠴᠢᠵᠤ ᠪᠠᠢ᠌ᠬᠤ ᠳᠤᠯᠠ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠤ ᠰᠠᠳᠤᠪ ᠠᠭᠤᠯᠭ᠎ᠠ ᠶᠢᠨ ᠳᠠᠯ᠎ᠠ ᠪᠠᠷ ᠭᠢ ᠴᠠᠷ᠎ᠠ ᠭᠦᠷᠢᠶ᠎ᠡ ᠦᠷᠭᠡᠳᠴᠤ᠂ ᠰᠤᠳᠤᠯᠭᠠᠨ ᠤ ᠠᠷᠭ᠎ᠠ ᠪᠠᠷᠢᠯ ᠰᠢᠨᠠᠳᠴᠤ᠂ ᠡᠷᠳᠡᠮ ᠰᠢᠡᠵᠢᠯᠡᠭᠡᠨ ᠤ ᠭᠢᠷᠢ ᠲᠦᠪᠰᠢᠨ ᠨᠢ ᠴᠤ ᠠᠯᠬᠤᠮ ᠠᠯᠬᠤᠮ ᠶᠢᠡᠷ ᠳᠡᠭᠡᠭ᠍ᠰᠢᠯᠡᠵᠤ ᠪᠣᠢ᠃
ᠳᠤᠤᠷ᠎ᠠ ᠪᠢ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠤ ᠳᠣᠢ᠌ᠮᠤ ᠪᠠᠢ᠌ᠳᠠᠯ ᠢ ᠳᠠᠨᠢᠯᠴᠠᠭᠤᠯᠰᠤᠭᠠᠢ᠃
1. ᠳᠤᠮᠤᠭ ᠶᠠᠷᠢᠶ᠎ᠠ ᠶᠢᠨ ᠰᠤᠳᠤᠯᠭᠠᠨ
ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠨᠢ ᠠᠯᠢ ᠡᠷᠳᠡ 18 ᠳ᠋ᠤᠭᠠᠷ ᠵᠠᠭᠤᠨ ᠡᠴᠠ ᠡᠭᠢᠯᠡᠵᠡᠢ᠃ ᠰᠦᠮᠪᠠ ᠬᠠᠮᠪᠣ ᠢᠰᠢᠪᠠᠯᠵᠤᠤᠷ ᠤᠨ ᠪᠢᠴᠢᠭ᠍ᠰᠡᠨ 《ᠬᠦᠬᠡᠨᠠᠭᠤᠷ ᠤᠨ ᠳᠡᠦᠭᠡ ᠡᠰᠡᠷᠸ᠎ᠡ ᠶᠢᠨ ᠰᠢᠨ᠎ᠡ ᠢᠷᠠᠭᠤ ᠳᠠᠭᠤᠯᠠᠯ》 ⑤ ᠭᠡᠭᠦ ᠨᠤᠮ ᠳᠠᠭᠠᠨ ᠭᠦᠭᠡ ᠨᠠᠭᠤᠷ ᠤᠨ ᠳᠤᠮᠤᠭ ᠤᠨ ᠳᠤᠬᠠᠢ ᠦᠪᠡᠷ ᠤᠨ ᠦᠵᠡᠯᠳᠠ ᠪᠠᠨ ᠳᠤᠷᠠᠳᠴᠠᠢ᠃ ᠳᠠᠷᠠ ᠭᠡᠳᠥᠢᠪᠠᠷ ᠳᠤᠰ ᠨᠤᠮ ᠳᠠᠭᠠᠨ ᠬᠦᠬᠡᠨᠠᠭᠤᠷ ᠤᠨ ᠳᠡᠦᠭᠡ ᠶᠢ ᠪᠢᠴᠢᠭ᠍ᠰᠡᠨ ᠪᠣᠯᠪᠠᠴᠤ ᠭᠦᠭᠡ ᠨᠠᠭᠤᠷ ᠤᠨ ᠳᠤᠮᠤᠭ ᠢ ᠠᠩᠬ᠎ᠠ ᠳᠡᠮᠳᠡᠭᠯᠡᠵᠤ᠂ ᠭᠦᠭᠡ ᠨᠠᠭᠤᠷ ᠳᠤᠭᠳᠠᠭᠰᠠᠨ ᠪᠠᠢ᠌ᠳᠠᠯ᠂ ᠭᠦᠭᠡ ᠨᠠᠭᠤᠷ ᠤᠨ ᠣᠤᠯ ᠤᠨ ᠨᠠᠷᠠ ᠶᠢᠨ ᠢᠷᠠᠯ ᠡᠭᠦᠰᠦᠯ ᠵᠡᠷᠭᠡ ᠶᠢ ᠨᠤᠮ ᠶᠤᠰᠤ ᠬᠤᠶᠠᠷ ᠳᠠᠯ᠎ᠠ ᠪᠠᠷ ᠳᠠᠢ᠌ᠯᠪᠣᠷᠢᠯᠠᠨ ᠶᠠᠷᠢᠵᠤ᠂ ᠳᠤᠰ ᠳᠤᠮᠤᠭ ᠤᠨ ᠦᠨᠡᠨ ᠡᠰᠡᠭᠦ ᠶᠢ ᠳᠤᠳᠤᠷᠬᠠᠢ᠌ᠯᠠᠵᠠᠢ᠃ ᠡᠨᠡ ᠪᠣᠯ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠤ ᠬᠠᠮᠤᠭ ᠠᠩᠬᠠᠨ ᠤ ᠡᠭᠢᠯᠡᠯᠳᠡ ᠪᠣᠯᠤᠨ᠎ᠠ᠃
ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠰᠤᠳᠤᠯᠭᠠᠨ ᠨᠢ ᠠᠯᠢ ᠡᠷᠳᠡᠨ ᠡᠴᠡ ᠡᠭᠢᠯᠡᠭ᠍ᠰᠡᠨ ᠪᠣᠯᠪᠠᠴᠤ ᠡᠯ᠎ᠡ ᠵᠣᠢ᠌ᠯ ᠤᠨ ᠨᠥᠭᠦᠴᠡᠯ ᠰᠢᠯᠳᠠᠭᠠᠨ ᠡᠴᠡ ᠪᠣᠯᠵᠤ ᠰᠢᠨ᠎ᠡ ᠡᠷᠡᠨ ᠵᠠᠭᠤᠨ ᠳᠤ ᠠᠯᠬᠤᠨ ᠣᠷᠤᠭᠰᠠᠨ ᠡᠴᠠ ᠨᠠᠭᠠᠰᠢ ᠰᠠᠶᠢ ᠶᠠᠪᠣᠭᠳᠠᠭᠰᠠᠨ ᠳᠤᠯᠠ ᠥᠭᠦᠯᠡᠯ ᠪᠦᠳᠦᠭᠡᠯ ᠴᠥᠭᠡᠭᠡᠨ ᠪᠠᠢ᠌ᠳᠠᠭ᠃ ᠡᠭᠦᠨ ᠳᠤ ᠴᠡᠪᠰᠢᠭ᠌ ᠤᠨ ᠪᠢᠴᠢᠭ᠍ᠰᠡᠨ 《ᠮᠡᠷᠭᠡᠨ ᠳᠠᠮᠠᠨᠠ ᠶᠢᠨ ᠳᠤᠮᠤᠭ ᠤᠨ ᠰᠤᠳᠤᠯᠤᠯ》 ᠭᠡᠭᠦ ᠪᠦᠳᠦᠭᠡᠯ᠂ ᠭᠦᠭᠡ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠳᠦᠷᠤᠯ ᠵᠣᠢ᠌ᠯ ᠭᠢᠭᠡᠳ ᠳᠡᠭᠦᠨ ᠤ ᠣᠠᠴᠠᠯᠢᠭ ᠰᠢᠠᠵᠢ ᠶᠢᠨ ᠳᠤᠬᠠᠢ ᠳᠦᠭᠦᠮ ᠥᠭᠦᠯᠡᠭᠦ ᠨᠢ》᠂ ᠨᠠ᠊·ᠴᠠᠷᠠᠩᠪᠠᠯ ᠤᠨ ᠪᠢᠴᠢᠭ᠍ᠰᠡᠨ 《ᠭᠦᠦᠰᠢ ᠬᠠᠭᠠᠨ ᠤ ᠳᠤᠮᠤᠭ ᠭᠢᠭᠡᠳ ᠳᠡᠭᠦᠨ ᠤ ᠳᠡᠦᠭᠡᠨ ᠦᠨᠡᠨ》᠂ ᠤᠶᠤᠨᠴᠡᠴᠡᠭ᠌ ᠤᠨ ᠪᠢᠴᠢᠭ᠍ᠰᠡᠨ 《ᠬᠦᠬᠡᠨᠠᠭᠤᠷ ᠤᠨ ᠳᠠᠪᠣᠰᠤᠠᠭᠤᠪᠢ ᠶᠢᠨ ᠮᠤᠩᠭ᠋ᠤᠯᠴᠤᠳ ᠤᠨ ᠣᠭᠰᠠᠭ᠎ᠠ ᠭᠠᠷᠤᠯ ᠤᠨ ᠠᠮᠠᠨ ᠣᠯᠠᠮᠵᠢᠯᠠᠯ ᠡᠴᠡ》 ᠭᠡᠭᠦ ᠴᠥᠭᠡᠨ ᠳᠤᠭᠠᠨ ᠤ ᠪᠦᠳᠦᠭᠡᠯ ᠥᠭᠦᠯᠡᠯ ᠤᠳ ᠳᠤᠷᠠᠳᠤᠭᠳᠠᠨ᠎ᠠ᠃
ᠴᠡᠪᠰᠢᠭ᠌ ᠤᠨ ᠪᠢᠴᠢᠭ᠍ᠰᠡᠨ 《ᠮᠡᠷᠭᠡᠨ ᠳᠠᠮᠠᠨᠠ ᠶᠢᠨ ᠳᠤᠮᠤᠭ ᠤᠨ ᠰᠤᠳᠤᠯᠤᠯ》 ᠭᠡᠭᠦ ᠪᠦᠳᠦᠭᠡᠯ ᠨᠢ ᠮᠡᠷᠭᠡᠨ ᠳᠠᠮᠠᠨᠠ ᠶᠢᠨ ᠳᠤᠮᠤᠭ ᠤᠨ ᠰᠤᠳᠤᠯᠤᠯ᠂ ᠳᠡᠭᠦᠨ ᠤ ᠠᠭᠤᠯᠭ᠎ᠠ ᠦᠵᠡᠯ ᠰᠠᠨᠠᠭ᠎ᠠ᠂ ᠳᠡᠦᠭᠡᠨ ᠳᠡᠭᠡᠷᠡᠭᠢ ᠮᠡᠷᠭᠡᠨ ᠳᠠᠮᠠᠨᠠ᠂ ᠳᠤᠮᠤᠭ ᠤᠨ ᠰᠢᠠᠵᠢ ᠪᠣᠢ ᠪᠣᠯᠤᠭᠰᠠᠨ᠂ 《ᠮᠡᠷᠭᠡᠨ ᠳᠠᠮᠠᠨᠠ》 ᠪᠣᠯᠤᠨ 《ᠯᠤᠷᠳᠤᠩᠽᠠᠨ》 ᠊᠊᠊᠊᠊᠊᠊᠊᠊᠊᠊᠊᠊᠊᠊ ᠳᠤᠮᠤᠭ ᠣᠷᠠᠯᠢᠭ ᠤᠨ ᠢᠵᠢᠯᠰᠢᠨ ᠨᠡᠢ᠌ᠯᠡᠭᠦ ᠰᠢᠠᠵᠢ᠂ ᠶᠤᠭᠳᠠᠯᠠᠯ ᠤᠨ ᠣᠷᠠᠯᠢᠭ᠂ ᠳᠤᠪᠴᠢ ᠳ᠋ᠦ᠋ᠩᠨᠡᠯᠲᠡ ᠵᠡᠷᠭᠡ ᠳᠤᠯᠤᠭᠠᠨ ᠭᠡᠰᠡᠭ᠌ ᠶᠢᠡᠷ ᠪᠦᠷᠢᠯᠳᠦᠵᠡᠢ᠃ ᠳᠤᠰ ᠪᠦᠳᠦᠭᠡᠯ ᠤᠨ ᠬᠠᠮᠤᠭ ᠣᠠᠴᠠᠯᠢᠭ ᠲᠡᠶ ᠳᠠᠯ᠎ᠠ ᠭᠡᠪᠠᠯ 《ᠮᠡᠷᠭᠡᠨ ᠳᠠᠮᠠᠨᠠ ᠶᠢᠨ ᠳᠤᠮᠤᠭ》 ᠊ᠤᠨ ᠣᠯᠠᠨ ᠮᠤᠩᠭ᠋ᠤᠯ ᠬᠤᠪᠢᠯᠪᠣᠷᠢ ᠪᠣᠯᠤᠨ ᠲᠦᠪᠡᠳ ᠭᠢᠳᠠᠤᠨ ᠭᠡᠯᠡᠨ ᠤ ᠳᠤᠮᠤᠭ ᠤᠳ ᠢ ᠳᠠᠭᠠᠯᠳᠤᠭᠤᠯᠤᠭᠰᠠᠨ ᠶᠠᠪᠣᠳᠠᠯ ᠪᠣᠯᠤᠨ᠎ᠠ᠃ ᠭᠦᠭᠡ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢᠨ ᠳᠦᠷᠤᠯ ᠵᠣᠢ᠌ᠯ ᠭᠢᠭᠡᠳ ᠳᠡᠭᠦᠨ ᠤ ᠣᠠᠴᠠᠯᠢᠭ ᠰᠢᠠᠵᠢ ᠶᠢᠨ ᠳᠤᠬᠠᠢ ᠳᠦᠭᠦᠮ ᠥᠭᠦᠯᠡᠭᠦ ᠨᠢ》 ᠭᠡᠭᠦ ᠥᠭᠦᠯᠡᠯ ᠳᠤ ᠳᠡᠭᠡᠳᠤ ᠮᠤᠩᠭ᠋ᠤᠯ ᠤᠨ ᠳᠤᠮᠤᠭ ᠶᠠᠷᠢᠶ᠎ᠠ ᠶᠢ ᠳᠠᠪᠤᠨ ᠳᠦᠷᠤᠯ ᠵᠣᠢ᠌ᠯ ᠳᠤ ᠬᠤᠪᠢᠶᠠᠵᠤ᠂ ᠳᠡᠭᠦᠨ ᠤ ᠳᠡᠦᠭᠡᠯᠢᠭ᠌ ᠰᠢᠠᠵᠢ᠂ ᠰᠢᠳᠢᠯᠢᠭ᠌ ᠰᠢᠠᠵᠢ ᠪᠣᠯᠤᠨ ᠣᠷᠤᠨ ᠨᠤᠳᠤᠭ ᠤᠨ ᠣᠠᠴᠠᠯᠢᠭ ᠰᠢᠠᠵᠢ ᠶᠢ ᠳᠦᠭᠦᠮ ᠳᠠᠨᠢᠯᠴᠠᠭᠤᠯᠵᠠᠢ᠃ ᠨᠠ᠊·ᠴᠠᠷᠠᠩᠪᠠᠯ ᠤᠨ ᠪᠢᠴᠢᠭ᠍ᠰᠡᠨ 《ᠭᠦᠦᠰᠢ ᠬᠠᠭᠠᠨ ᠤ ᠳᠤᠮᠤᠭ ᠭᠢᠭᠡᠳ ᠳᠡᠭᠦᠨ ᠤ ᠳᠡᠦᠭᠡᠨ ᠦᠨᠡᠨ》 ᠭᠡᠭᠦ ᠥᠭᠦᠯᠡᠯ ᠳᠤ᠂ ᠭᠦᠦᠰᠢ ᠬᠠᠭᠠᠨ ᠤ ᠳᠤᠮᠤᠭ ᠢ ᠳᠡᠭᠦᠨ ᠤ ᠳᠡᠦᠭᠡᠳᠤ ᠣᠢ᠌ᠯᠠ ᠠᠵᠢᠯᠯᠠᠭ᠎ᠠ ᠲᠡᠶ ᠬᠠᠷᠢᠴᠠᠭᠤᠯᠵᠤ᠂ ᠳᠤᠰ ᠳᠤᠮᠤᠭ ᠨᠢ ᠭᠦᠦᠰᠢ ᠬᠠᠭᠠᠨ ᠤ ᠳᠡᠦᠭᠡᠳᠤ ᠣᠢ᠌ᠯᠠ ᠠᠵᠢᠯᠯᠠᠭ᠎ᠠ ᠲᠡᠶ ᠦᠨᠳᠦᠰᠦᠨ ᠳᠡᠭᠡᠨ ᠨᠠᠢ᠌ᠴᠠᠵᠤ ᠪᠠᠢ᠌ᠳᠠᠭ ᠭᠡᠰᠡᠨ ᠦᠵᠡᠯᠳᠠ ᠶᠢ ᠳᠡᠪᠰᠢᠭᠦᠯᠦᠭ᠍ᠰᠡᠨ ᠪᠠᠢ᠌ᠳᠠᠭ᠃ ᠤᠶᠤᠨᠴᠡᠴᠡᠭ᠌ ᠤᠨ ᠪᠢᠴᠢᠭ᠍ᠰᠡᠨ 《ᠬᠦᠬᠡᠨᠠᠭᠤᠷ ᠤᠨ ᠳᠠᠪᠣᠰᠤᠠᠭᠤᠪᠢ ᠶᠢᠨ ᠮᠤᠩᠭ᠋ᠤᠯᠴᠤᠳ ᠤᠨ ᠣᠭᠰᠠᠭ᠎ᠠ ᠭᠠᠷᠤᠯ ᠤᠨ ᠠᠮᠠᠨ ᠣᠯᠠᠮᠵᠢᠯᠠᠯ ᠡᠴᠡ》 ᠭᠡᠭᠦ ᠥᠭᠦᠯᠡᠯ ᠳᠡᠭᠡᠨ ᠳᠠᠪᠣᠰᠤᠠᠭᠤᠪᠢ ᠶᠢᠨ ᠮᠤᠩᠭ᠋ᠤᠯᠴᠤᠳ ᠤᠨ ᠳᠤᠬᠠᠢ ᠡᠷᠳᠡᠮᠳᠡᠳ ᠤᠨ ᠠᠳᠠᠯᠢ ᠪᠣᠰᠤ ᠦᠵᠡᠯᠳᠠ᠂ ᠳᠠᠪᠣᠰᠤᠠᠭᠤᠪᠢ ᠶᠢᠨ ᠮᠤᠩᠭ᠋ᠤᠯᠴᠤᠳ ᠤᠨ ᠳᠤᠮᠳᠠᠭᠢ ᠴᠤᠭᠳᠤ ᠳᠠᠢ᠌ᠵᠢ ᠶᠢᠨ ᠳᠤᠬᠠᠢ ᠳᠤᠮᠤᠭ ᠶᠠᠷᠢᠶ᠎ᠠ᠂ ᠳᠠᠪᠣᠰᠤᠠᠭᠤᠪᠢ ᠶᠢᠨ ᠮᠤᠩᠭ᠋ᠤᠯᠴᠤᠳ ᠤᠨ ᠵᠠᠷᠢᠮ ᠨᠢᠭᠡᠨ ᠣᠠᠴᠠᠭᠠᠢ ᠵᠠᠩ ᠣᠢ᠌ᠯᠠ ᠭᠡᠭᠦ ᠮᠠᠳᠤ ᠭᠤᠷᠪᠠᠨ ᠳᠠᠯ᠎ᠠ ᠪᠠᠷ ᠥᠭᠦᠯᠡᠵᠤ ᠡᠷᠳᠡᠮᠳᠡᠳ ᠤᠨ ᠦᠵᠡᠯᠳᠠ᠂ ᠳᠤᠮᠤᠭ ᠶᠠᠷᠢᠶ᠎ᠠ᠂ ᠵᠠᠷᠢᠮ ᠣᠠᠴᠠᠭᠠᠢ ᠵᠠᠩ ᠣᠢ᠌ᠯᠠ ᠪᠠᠷ ᠳᠠᠪᠣᠰᠤᠠᠭᠤᠪᠢ ᠶᠢᠨ ᠵᠠᠷᠢᠮ ᠮᠤᠩᠭ᠋ᠤᠯᠴᠤᠳ ᠤᠨ ᠣᠭᠰᠠᠭ᠎ᠠ ᠭᠠᠷᠤᠯ ᠢ ᠳᠠᠢ᠌ᠯᠪᠣᠷᠢᠯᠠᠬᠤ ᠪᠠᠷ ᠣᠷᠤᠯᠳᠤᠭᠰᠠᠨ ᠪᠠᠢ᠌ᠨ᠎ᠠ᠃
2, ᠳᠤᠤᠯᠢ (ᠲ᠋ᠤᠭᠤᠵᠢ) ᠵᠢᠨ ᠰᠤᠳᠤᠯᠭᠠᠨ
⑴ 《ᠭᠡᠰᠡᠷ ᠤᠨ ᠳᠤᠭᠤᠵᠢ》 ᠵᠢᠨ ᠰᠤᠳᠤᠯᠭᠠᠨ
《ᠭᠡᠰᠡᠷ ᠤᠨ ᠳᠤᠭᠤᠵᠢ》 ᠵᠢᠨ ᠰᠤᠳᠤᠯᠭᠠᠨ ᠨᠢ ᠠᠯᠢ ᠡᠷᠳᠡ 18 ᠳ᠋ᠤᠭᠠᠷ ᠵᠠᠭᠤᠨ ᠡᠴᠡ ᠡᠭᠢᠯᠡᠵᠡᠢ᠃ ᠳᠡᠭᠡᠳᠤ ᠮᠤᠩᠭ᠋ᠤᠯ ᠤᠨ ᠶᠡᠭᠡ ᠡᠷᠳᠡᠮᠳᠡᠨ ᠰᠦᠮᠪᠠ ᠬᠠᠮᠪᠣ ᠢᠰᠢᠪᠠᠯᠵᠤᠤᠷ ᠵᠢᠷᠭᠤᠳᠤᠭᠠᠷ ᠪᠠᠠᠴᠢᠨ ᠪᠠᠯᠳᠠᠠᠶᠸᠰᠢ ᠳᠤ ᠦᠭᠭᠦᠭ᠍ᠰᠡᠨ ᠵᠠᠭᠢᠳᠠᠯ ᠳᠠᠭᠠᠨ ᠭᠡᠰᠡᠷ ᠢ ᠳᠡᠦᠭᠡᠳᠤ ᠦᠨᠡᠨ ᠭᠦᠮᠤᠨ ᠪᠠᠢ᠌ᠭᠰᠠᠨ ᠪᠣᠯᠤᠯᠳᠠᠢ ᠭᠡᠵᠤ ᠥᠵᠡᠭ᠍ᠰᠡᠨ ᠪᠠᠢ᠌ᠳᠠᠭ᠃ ᠡᠭᠦᠨ ᠢ ᠡᠷᠳᠡᠮᠳᠡᠳ 《ᠭᠡᠰᠡᠷ ᠤᠨ ᠳᠤᠭᠤᠵᠢ》 ᠵᠢᠨ ᠰᠤᠳᠤᠯᠭᠠᠨ ᠤ ᠬᠠᠮᠤᠭ ᠠᠩᠬᠠᠨ ᠤ ᠡᠭᠢᠯᠡᠯᠳᠡ ᠭᠡᠵᠤ ᠥᠵᠡᠳᠡᠭ᠌᠃ ᠳᠡᠭᠡᠳᠤ ᠮᠤᠩᠭ᠋ᠤᠯ ᠤᠨ 《ᠭᠡᠰᠡᠷ ᠤᠨ ᠳᠤᠭᠤᠵᠢ》 ᠵᠢᠨ ᠰᠤᠳᠤᠯᠭᠠᠨ ᠨᠢ ᠠᠯᠢ ᠡᠷᠳᠡᠨ ᠡᠴᠡ ᠡᠭᠢᠯᠡᠭ᠍ᠰᠡᠨ ᠪᠣᠯᠪᠠᠴᠤ ᠡᠯᠳᠡᠪ ᠵᠣᠢ᠌ᠯ ᠤᠨ ᠨᠥᠭᠦᠴᠡᠯ ᠰᠢᠯᠳᠠᠭᠠᠨ ᠡᠴᠡ ᠪᠣᠯᠵᠤ 20 ᠳ᠋ᠤᠭᠠᠷ ᠵᠠᠭᠤᠨ ᠤ 80 ᠊ᠭᠠᠤᠨ ᠣᠨ ᠤ ᠡᠭᠢᠨ ᠤ ᠦᠶ᠎ᠡ ᠡᠴᠡ ᠰᠠᠶᠢ ᠡᠭᠢᠯᠡᠵᠤ ᠶᠠᠪᠣᠭᠳᠠᠭᠰᠠᠨ ᠲᠦᠯᠤᠪ ᠲᠡᠶ᠃
ᠳᠡᠭᠡᠳᠤ ᠮᠤᠩᠭ᠋ᠤᠯ ᠤᠨ 《ᠭᠡᠰᠡᠷ ᠤᠨ ᠳᠤᠭᠤᠵᠢ》 ᠵᠢᠨ ᠰᠤᠳᠤᠯᠭᠠᠨ ᠤ ᠳᠠᠯ᠎ᠠ ᠪᠠᠷ ᠫᠷᠤᠹᠧᠰᠰᠤᠷ ᠬᠦ᠊·ᠴᠠᠷᠠᠩᠪᠠᠯ ᠨᠥᠭᠦᠷ ᠨᠠᠯᠢᠶᠠᠤᠨ ᠳᠤᠷᠪᠢᠳᠠᠢ ᠠᠵᠢᠯ ᠭᠢᠵᠤ ᠡᠳᠦᠢ ᠳᠠᠳᠤᠢ ᠥᠭᠦᠯᠡᠯ ᠨᠡᠢ᠌ᠳᠡᠯᠡᠭᠦᠯᠵᠡᠢ᠃ ᠳᠠᠷᠠ 《ᠳᠡᠭᠡᠳᠤ ᠮᠤᠩᠭ᠋ᠤᠯ ᠤᠨ ᠳᠤᠤᠯᠢ ᠶᠢᠨ ᠡᠭᠦᠰᠦᠯ ᠪᠠ ᠭᠦᠭ᠍ᠵᠢᠯ ᠬᠤᠪᠢᠷᠠᠯ ᠤᠨ ᠠᠩᠬᠠᠨ ᠤ ᠰᠢᠡᠵᠢᠯᠡᠭᠡ》 (1986) ᠭᠡᠳᠡᠭ᠌ ᠥᠭᠦᠯᠡᠯ ᠶᠢᠡᠨ ᠨᠡᠢ᠌ᠳᠡᠯᠡᠭᠦᠯᠵᠤ᠂ ᠳᠡᠭᠡᠳᠤ ᠮᠤᠩᠭ᠋ᠤᠯ ᠤᠨ ᠳᠤᠤᠯᠢ ᠶᠢᠨ ᠡᠭᠦᠰᠦᠭ᠍ᠰᠡᠨ ᠴᠠᠭ ᠦᠶ᠎ᠡ᠂ ᠭᠦᠭ᠍ᠵᠢᠯ ᠬᠤᠪᠢᠷᠠᠯ ᠤᠨ ᠳᠤᠬᠠᠢ ᠦᠪᠡᠷ ᠤᠨ ᠦᠵᠡᠯᠳᠠ ᠪᠠᠨ ᠳᠡᠪᠰᠢᠭᠦᠯᠵᠡᠢ᠃ ᠢᠯᠠᠩᠭ᠋ᠤᠶ᠎ᠠ ᠳᠡᠭᠡᠳᠤ ᠮᠤᠩᠭ᠋ᠤᠯ ᠤᠨ 《ᠭᠡᠰᠡᠷ》 ᠊ᠤᠨ ᠰᠤᠳᠤᠯᠤᠯ ᠤᠨ ᠳᠠᠯ᠎ᠠ ᠪᠠᠷ 《(ᠭᠡᠰᠡᠷ〉᠂ 〈ᠵᠢᠩᠭ᠋ᠠᠷ〉 ᠊ᠤᠨ ᠲᠦᠯᠦᠪᠰᠢᠷᠡᠭ᠍ᠰᠡᠨ ᠴᠠᠭ ᠦᠶ᠎ᠡ ᠶᠢᠨ ᠳᠤᠬᠠᠢ》 (1983)᠂ 《ᠬᠦᠬᠡᠨᠠᠭᠤᠷ ᠮᠤᠩᠭ᠋ᠤᠯ 〈ᠭᠡᠰᠡᠷ〉 ᠊ᠤᠨ ᠳᠤᠬᠠᠢ ᠳᠤᠪᠴᠢ ᠥᠭᠦᠯᠡᠭᠦ ᠨᠢ》 (1986)᠂ 《ᠬᠦᠬᠡᠨᠠᠭᠤᠷ ᠤᠨ ᠮᠤᠩᠭ᠋ᠤᠯᠴᠤᠳ ᠤᠨ ᠳᠤᠮᠳᠠ ᠣᠯᠠᠮᠵᠢᠯᠠᠭᠳᠠᠨ ᠳᠠᠷᠬᠠᠭᠰᠠᠨ 〈ᠭᠡᠰᠡᠷ ᠤᠨ ᠳᠤᠭᠤᠵᠢ〉 ᠵᠢᠨ ᠳᠣᠢ᠌ᠮᠤ ᠲᠦᠯᠤᠪ》 (ᠭᠢᠳᠠᠤᠨ) ᠭᠡᠭᠦ ᠥᠭᠦᠯᠡᠯ ᠤᠳ ᠢ ᠨᠡᠢ᠌ᠳᠡᠯᠡᠭᠦᠯᠵᠤ᠂ ᠳᠡᠭᠡᠳᠤ ᠮᠤᠩᠭ᠋ᠤᠯ ᠤᠨ 《ᠭᠡᠰᠡᠷ ᠤᠨ ᠳᠤᠭᠤᠵᠢ》 ᠵᠢᠨ ᠲᠦᠯᠦᠪᠰᠢᠷᠡᠭ᠍ᠰᠡᠨ ᠴᠠᠭ ᠦᠶ᠎ᠡ᠂ ᠳᠠᠷᠬᠠᠯᠳᠠ ᠶᠢᠨ ᠪᠠᠢ᠌ᠳᠠᠯ ᠢ ᠳᠤᠳᠤᠷᠠᠭᠤᠯᠬᠤ ᠳᠠᠯ᠎ᠠ ᠪᠠᠷ ᠨᠠᠯᠢᠶᠠᠤᠨ ᠰᠢᠰᠲ᠋ᠸᠮ ᠲᠡᠶ ᠥᠭᠦᠯᠡᠵᠤ᠂ ᠮᠤᠵᠢ ᠶᠢᠨ ᠳᠤᠳᠤᠨ᠎ᠠ ᠭᠠᠳᠠᠨ᠎ᠠ ᠶᠢᠨ ᠭᠦᠮᠦᠰ ᠤᠨ ᠠᠩᠬᠠᠷᠤᠯ ᠢ ᠳᠠᠳᠠᠭᠠᠤᠨ ᠵᠤᠭᠢᠬᠤ ᠨᠥᠯᠦᠭᠡ ᠳᠤᠰᠬᠠᠯ ᠭᠠᠷᠭᠠᠵᠠᠢ᠃
ᠰᠢᠨᠠᠪᠠᠶᠠᠷ ᠪᠣᠯ ᠳᠡᠭᠡᠳᠤ ᠮᠤᠩᠭ᠋ᠤᠯ ᠤᠨ 《ᠭᠡᠰᠡᠷ》 ᠊ᠢ ᠰᠤᠳᠤᠯᠵᠤ ᠪᠠᠢ᠌ᠭ᠎ᠠ ᠡᠷᠳᠡᠮᠳᠡᠨ ᠤ ᠨᠢᠭᠡ ᠨᠢ ᠮᠦᠨ᠃ ᠳᠡᠭᠦᠨ ᠤ ᠪᠢᠴᠢᠭ᠍ᠰᠡᠨ 《ᠬᠦᠬᠡᠨᠠᠭᠤᠷ ᠮᠤᠩᠭ᠋ᠤᠯ 〈ᠭᠡᠰᠡᠷ〉 ᠊ᠤᠨ ᠳᠤᠬᠠᠢ》 (2002) ᠭᠡᠳᠡᠭ᠌ ᠥᠭᠦᠯᠡᠯ ᠳᠡᠭᠡᠨ 《ᠮᠤᠩᠭ᠋ᠤᠯ 〈ᠭᠡᠰᠡᠷ〉 ᠭᠢᠭᠡᠳ ᠲᠦᠪᠡᠳ 〈ᠭᠡᠰᠡᠷ〉》᠂ 《ᠬᠦᠬᠡᠨᠠᠭᠤᠷ ᠮᠤᠩᠭ᠋ᠤᠯ 〈ᠭᠡᠰᠡᠷ〉 ᠪᠣᠯᠤᠨ ᠪᠦᠭᠦᠢᠯᠡ ᠮᠤᠩᠭ᠋ᠤᠯ 〈ᠭᠡᠰᠡᠷ〉 ᠊ᠤᠨ ᠬᠠᠷᠢᠴᠠᠭ᠎ᠠ》᠂ 《ᠬᠦᠬᠡᠨᠠᠭᠤᠷ ᠮᠤᠩᠭ᠋ᠤᠯ 〈ᠭᠡᠰᠡᠷ〉 ᠨᠢ ᠬᠠᠮᠤᠭ ᠠᠩᠬᠠᠨ ᠤ ᠮᠤᠩᠭ᠋ᠤᠯ 〈ᠭᠡᠰᠡᠷ〉 ᠪᠠᠢ᠌ᠬᠤ ᠶᠤᠰᠤᠳᠠᠢ》᠂ 《ᠬᠦᠬᠡᠨᠠᠭᠤᠷ ᠮᠤᠩᠭ᠋ᠤᠯ 〈ᠭᠡᠰᠡᠷ〉 ᠊ᠤᠨ ᠳᠦᠷᠤᠯ ᠵᠣᠢ᠌ᠯ》᠂ 《ᠬᠦᠬᠡᠨᠠᠭᠤᠷ ᠤᠨ ᠮᠤᠩᠭ᠋ᠤᠯ 〈ᠭᠡᠰᠡᠷ〉 ᠊ᠢ ᠴᠤᠭᠯᠠᠭᠤᠯᠵᠤ ᠡᠮᠭᠢᠳᠭᠡᠭ᠍ᠰᠡᠨ ᠪᠠᠢ᠌ᠳᠠᠯ》᠂ 《ᠣᠳᠤ ᠪᠣᠯᠳᠠᠯ᠎ᠠ ᠭᠡᠪᠯᠡᠭ᠍ᠳᠡᠵᠤ ᠪᠠᠢ᠌ᠭ᠎ᠠ ᠬᠦᠬᠡᠨᠠᠭᠤᠷ ᠤᠨ ᠮᠤᠩᠭ᠋ᠤᠯ 〈ᠭᠡᠰᠡᠷ〉 ᠊ᠤᠨ ᠮᠠᠲ᠋ᠸᠷᠢᠶᠠᠯ》 ᠭᠡᠭᠦ ᠮᠠᠳᠤ ᠵᠢᠷᠭᠤᠭᠠᠨ ᠳᠠᠯ᠎ᠠ ᠪᠠᠷ ᠰᠢᠠᠵᠢᠯᠠᠵᠤ 《ᠬᠦᠬᠡᠨᠠᠭᠤᠷ ᠮᠤᠩᠭ᠋ᠤᠯᠴᠤᠳ ᠤᠨ ᠳᠤᠮᠳᠠ ᠲᠦᠪᠡᠳ 〈ᠭᠡᠰᠡᠷ〉 ᠨᠢ ᠤᠷᠢᠳ ᠶᠢᠡᠷ ᠣᠯᠠᠮᠵᠢᠯᠠᠨ ᠳᠠᠷᠬᠠᠵᠤ᠂ ᠳᠡᠭᠦᠨ ᠤ ᠰᠠᠭᠤᠷᠢᠨ ᠳᠡᠭᠡᠷ᠎ᠡ ᠪᠦᠭᠦ ᠮᠤᠩᠭ᠋ᠤᠯ ᠣᠷᠤᠨ ᠳᠤ ᠦᠷᠭᠡᠵᠢᠨ ᠳᠠᠷᠬᠠᠭᠰᠠᠨ ᠭᠡᠵᠤ ᠪᠣᠳᠤᠨ᠎ᠠ》 ᠭᠡᠰᠡᠨ ᠰᠤᠨᠢᠷᠬᠠᠯᠳᠠᠢ ᠰᠠᠨᠠᠯ ᠶᠢᠡᠨ ᠳᠡᠪᠰᠢᠭᠦᠯᠵᠡᠢ᠃
ᠡᠷᠳᠡᠮᠳᠡᠨ ᠪᠠ᠊·ᠪᠦᠭᠡᠴᠢᠯᠡᠭᠤ ᠪᠣᠯ ᠬᠦᠬᠡᠨᠠᠭᠤᠷ ᠤᠨ ᠬᠠᠢ᠌ᠰᠢ ᠳᠤ ᠤᠷᠢᠳ ᠬᠤᠵᠢᠳ ᠭᠤᠷᠪᠠᠨ ᠣᠳᠠᠭ᠎ᠠ ᠶᠢᠨ ᠭᠡᠭᠡᠷ᠎ᠡ ᠶᠢᠨ ᠰᠢᠡᠵᠢᠯᠡᠭᠡ ᠭᠢᠵᠤ ᠳᠡᠭᠡᠳᠤ ᠮᠤᠩᠭ᠋ᠤᠯ ᠤᠨ 《ᠭᠡᠰᠡᠷ》 ᠊ᠤᠨ ᠳᠤᠬᠠᠢ ᠡᠭᠡ ᠮᠠᠲ᠋ᠸᠷᠢᠶᠠᠯ ᠢ ᠡᠯᠪᠠᠭ᠌ ᠳᠡᠯᠪᠠᠭ᠌ ᠴᠤᠭᠯᠠᠭᠤᠯᠤᠭᠰᠠᠨ ᠭᠦᠮᠤᠨ ᠤ ᠨᠢᠭᠡ ᠨᠢ ᠮᠦᠨ᠃ ᠳᠡᠭᠦᠨ ᠤ ᠪᠢᠴᠢᠭ᠍ᠰᠡᠨ 《ᠴᠠᠢ᠌ᠳᠠᠮ ᠳ᠋ᠠᠭᠢ ᠭᠡᠭᠡᠷ᠎ᠡ ᠶᠢᠨ ᠰᠢᠡᠵᠢᠯᠡᠭᠡᠨ ᠤ ᠮᠡᠳᠡᠭᠦᠯᠦᠯᠳᠡ》 (1985᠂ 1988᠂ 2001) (《〈ᠭᠡᠰᠡᠷ〉 ᠊ᠤᠨ ᠰᠤᠳᠤᠯᠭᠠᠨ ᠤ ᠥᠭᠦᠯᠡᠯ ᠤᠳ》᠂ 2003 ᠣᠨ ᠤ 8 ᠰᠠᠷ᠎ᠠ) ᠭᠡᠭᠦ ᠥᠭᠦᠯᠡᠯ ᠳᠡᠭᠡᠨ 《〈ᠭᠡᠰᠡᠷ〉 ᠭᠡᠯᠡᠳᠡᠭ᠌ ᠠᠷᠠᠤᠨ ᠤᠨ ᠣᠷᠠᠨ ᠰᠠᠢ᠌ᠬᠠᠠᠴᠢᠳ》᠂ 《ᠨᠤᠮᠤᠬᠠᠨ ᠤ ᠰᠤᠶᠤᠯ ᠤᠨ ᠦᠯᠠᠳᠠᠴᠠ 〈ᠰᠢᠷᠠᠢ᠌ᠭᠤᠤᠯ ᠤᠨ ᠳᠠᠢ᠌ᠨ〉 ᠲᠡᠶ ᠬᠤᠯᠪᠣᠭᠳᠠᠬᠤ ᠨᠢ》᠂ 《〈ᠭᠡᠰᠡᠷ〉 ᠨᠢ ᠦᠨᠳᠦᠰᠦᠳᠠᠨ ᠤ ᠱᠠᠰᠢᠨ ᠰᠢᠳᠦᠯᠭᠡ᠂ ᠳᠡᠦᠭᠡ ᠲᠡᠶ ᠬᠤᠯᠪᠣᠭᠳᠠᠬᠤ ᠨᠢ》᠂ 《〈ᠭᠡᠰᠡᠷ〉 ᠮᠤᠩᠭ᠋ᠤᠯ ᠠᠷᠠᠤᠨ ᠤᠨ ᠵᠠᠩ ᠣᠢ᠌ᠯᠠ ᠲᠡᠶ ᠬᠤᠯᠪᠣᠭᠳᠠᠬᠤ ᠨᠢ》᠂ 《ᠴᠠᠢ᠌ᠳᠠᠮ ᠳ᠋ᠠᠭᠢ ᠮᠤᠩᠭ᠋ᠤᠯ 〈ᠭᠡᠰᠡᠷ ᠤᠨ ᠳᠤᠭᠤᠵᠢ〉 ᠵᠢᠨ ᠦᠨᠳᠦᠰᠦᠨ ᠭᠤᠷᠪᠠᠨ ᠭᠡᠯᠪᠠᠷᠢ》 ᠭᠡᠭᠦ ᠮᠠᠳᠤ ᠵᠢᠷᠭᠤᠭᠠᠨ ᠳᠠᠯ᠎ᠠ ᠪᠠᠷ ᠭᠦᠡᠵᠡᠭᠡᠢ ᠥᠭᠦᠯᠡᠭ᠍ᠰᠡᠨ ᠪᠦᠭᠡᠳ ᠰᠤᠳᠤᠯᠭᠠᠨ ᠤ ᠰᠢᠨ᠎ᠡ ᠠᠷᠭ᠎ᠠ ᠣᠨᠤᠯ ᠤᠳ ᠢ ᠭᠡᠷᠡᠭᠯᠡᠵᠤ᠂ ᠰᠤᠶᠤᠯ ᠳᠡᠦᠭᠡ᠂ ᠵᠠᠩ ᠣᠢ᠌ᠯᠠ᠂ ᠱᠠᠰᠢᠨ ᠰᠢᠳᠦᠯᠭᠡ ᠶᠢᠨ ᠡᠭᠦᠳᠡᠨ ᠡᠴᠡ ᠰᠢᠡᠵᠢᠯᠡᠭ᠍ᠰᠡᠨ ᠶᠢᠡᠷ ᠶᠢᠡᠨ ᠦᠪᠡᠷ ᠤᠨ ᠣᠠᠴᠠᠯᠢᠭ ᠲᠡᠶ ᠪᠣᠯᠤᠭᠰᠠᠨ ᠪᠠᠢ᠌ᠨ᠎ᠠ᠃
⑵ 《ᠬᠠᠨ ᠴᠡᠩᠭᠡᠯ》 ᠳᠤᠤᠯᠢ ᠶᠢᠨ ᠰᠤᠳᠤᠯᠭᠠᠨ
ᠳᠡᠭᠡᠳᠤ ᠮᠤᠩᠭ᠋ᠤᠯ ᠤᠨ ᠪᠠᠭᠠᠳᠤᠷᠯᠢᠭ ᠳᠤᠤᠯᠢ 《ᠬᠠᠨ ᠴᠡᠩᠭᠡᠯ》 ᠊ᠤᠨ ᠰᠤᠳᠤᠯᠭᠠᠨ ᠤ ᠳᠠᠯ᠎ᠠ ᠪᠠᠷ ᠪᠠᠷᠠᠭᠤᠨ ᠬᠣᠢ᠌ᠳᠤ ᠶᠢᠨ ᠦᠨᠳᠦᠰᠦᠳᠠᠨ ᠤ ᠶᠡᠭᠡ ᠰᠤᠷᠭᠠᠭᠤᠯᠢ ᠶᠢᠨ ᠣᠶᠤᠳᠠᠨ ᠪᠠᠢ᠌ᠭᠰᠠᠨ ᠨᠠᠶᠠᠠᠽᠠᠢ ᠶᠢᠨ ᠪᠢᠴᠢᠭ᠍ᠰᠡᠨ 《〈ᠬᠠᠨ ᠴᠡᠩᠭᠡᠯ〉 ᠊ᠤᠨ ᠳᠤᠤᠯᠢ ᠶᠢᠨ ᠳᠤᠬᠠᠢ ᠠᠩᠬᠠᠨ ᠤ ᠠᠵᠢᠭᠯᠠᠯᠳᠠ》 ᠭᠡᠭᠦ ᠥᠭᠦᠯᠡᠯ ᠢ ᠳᠤᠷᠠᠳᠬᠤ ᠶᠤᠰᠤᠳᠠᠢ᠃ ᠳᠠᠷᠠ ᠳᠤᠰ ᠥᠭᠦᠯᠡᠯ ᠶᠢᠡᠨ ᠠᠯᠠᠱᠠ ᠶᠢᠨ 《ᠪᠠᠶᠠᠨ ᠰᠦᠮᠪᠦᠷ》 ᠰᠡᠳᠭᠦᠯ ᠳᠤ ᠨᠡᠢ᠌ᠳᠡᠯᠡᠭᠦᠯᠵᠡᠢ᠃ ᠳᠠᠷᠠ ᠳᠤᠰ ᠥᠭᠦᠯᠡᠯ ᠳᠡᠭᠡᠨ 《ᠬᠠᠨ ᠴᠡᠩᠭᠡᠯ》 ᠊ᠤᠨ ᠳᠦᠷᠪᠠᠨ ᠵᠣᠢ᠌ᠯ ᠤᠨ ᠡᠭᠡ ᠶᠢ ᠳᠦᠭᠦᠮ ᠳᠠᠨᠢᠯᠴᠠᠭᠤᠯᠵᠤ᠂ ᠳᠤᠰ ᠳᠤᠤᠯᠢ ᠳᠤ ᠳᠤᠰᠭᠭᠳᠠᠭᠰᠠᠨ ᠦᠵᠡᠯ ᠰᠠᠨᠠᠭ᠎ᠠ᠂ ᠣᠷᠠᠯᠢᠭ ᠤᠨ ᠣᠠᠴᠠᠯᠢᠭ᠂ ᠳᠦᠷᠢ ᠪᠦᠳᠦᠭᠡᠯᠳᠡ ᠵᠡᠷᠭᠡ ᠳᠠᠯ᠎ᠠ ᠶᠢᠡᠷ ᠵᠠᠳᠠᠯᠵᠤ ᠦᠪᠡᠷ ᠤᠨ ᠦᠵᠡᠯᠳᠠ ᠪᠠᠨ ᠳᠤᠷᠠᠳᠴᠠᠢ᠃
ᠤᠢ᠌ᠷ᠎ᠡ ᠶᠢᠨ ᠠᠷᠪᠠᠭᠠᠤᠨ ᠵᠢᠯ ᠤᠨ ᠳᠤᠳᠤᠷ᠎ᠠ ᠳᠡᠭᠡᠳᠤ ᠮᠤᠩᠭ᠋ᠤᠯ ᠤᠨ ᠳᠤᠤᠯᠢ ᠶᠢᠨ ᠰᠤᠳᠤᠯᠭᠠᠨ ᠭᠦᠡᠵᠡᠭᠡᠢ᠌ᠷᠡᠭᠦ ᠬᠠᠠᠳᠤᠰᠢ ᠲᠡᠶ ᠪᠣᠯᠵᠤ᠂ ᠳᠤᠤᠯᠢ ᠶᠢᠨ ᠰᠤᠳᠤᠯᠭᠠᠨ ᠤ ᠰᠠᠳᠤᠪ ᠤᠨ ᠴᠠᠷ᠎ᠠ ᠭᠦᠷᠢᠶ᠎ᠡ ᠦᠷᠭᠡᠳᠴᠤ᠂ ᠥᠩᠭᠡᠷᠡᠭ᠍ᠰᠡᠨ ᠳᠤ ᠭᠤᠤᠯᠳᠠᠭᠤ 《ᠭᠡᠰᠡᠷ ᠤᠨ ᠳᠤᠭᠤᠵᠢ》 ᠵᠢᠨ ᠰᠤᠳᠤᠯᠭᠠᠨ ᠳᠡᠭᠡᠷ᠎ᠡ ᠲᠦᠪᠯᠡᠷᠠᠵᠤ ᠪᠠᠢ᠌ᠭᠰᠠᠨ ᠪᠣᠯ ᠣᠳᠤ ᠬᠠᠷᠢᠨ ᠪᠣᠰᠤᠳ ᠳᠤᠤᠯᠢ ᠨᠤᠭᠤᠳ ᠲᠤ ᠠᠩᠬᠠᠷᠤᠯ ᠶᠢᠡᠨ ᠳᠠᠯᠪᠢᠬᠤ ᠪᠣᠯᠵᠠᠢ᠃ ᠳᠡᠭᠡᠳᠤ ᠮᠤᠩᠭ᠋ᠤᠯ ᠤᠨ ᠪᠠᠭᠠᠳᠤᠷᠯᠢᠭ ᠳᠤᠤᠯᠢ 《ᠬᠠᠨ ᠴᠡᠩᠭᠡᠯ》 ᠊ᠢ ᠳᠤᠰᠬᠠᠢ ᠰᠠᠳᠤᠪ ᠶᠢᠡᠷ ᠨᠠᠯᠢᠶᠠᠤᠨ ᠰᠢᠰᠲ᠋ᠸᠮ ᠲᠡᠶ ᠰᠤᠳᠤᠯᠤᠭᠰᠠᠨ ᠭᠦᠮᠤᠨ ᠤ ᠨᠢᠭᠡ ᠨᠢ ᠪᠣᠯ ᠳ᠋ᠤ᠋·ᠵᠤᠷᠢᠭᠳᠤ ᠪᠣᠯᠤᠨ᠎ᠠ᠃ ᠳᠡᠭᠦᠨ ᠤ ᠪᠢᠴᠢᠭ᠍ᠰᠡᠨ 《(ᠬᠠᠨ ᠴᠡᠩᠭᠡᠯ ᠤᠨ ᠳᠤᠤᠯᠢ) ᠵᠢᠨ ᠰᠤᠳᠤᠯᠤᠯ》 (2001) ᠭᠡᠮᠡᠭᠦ ᠨᠤᠮ ᠪᠣᠯ ᠳᠡᠭᠡᠳᠤ ᠮᠤᠩᠭ᠋ᠤᠯ ᠤᠨ ᠪᠠᠭᠠᠳᠤᠷᠯᠢᠭ ᠳᠤᠤᠯᠢ ᠶᠢᠨ ᠰᠤᠳᠤᠯᠭᠠᠨ ᠤ ᠳᠠᠯ᠎ᠠ ᠪᠠᠷ ᠭᠢ ᠬᠤᠭᠤᠰᠤᠨ ᠢ ᠨᠥᠭᠦᠪᠦᠷᠢᠯᠡᠭ᠍ᠰᠡᠨ ᠪᠦᠳᠦᠭᠡᠯ ᠤᠨ ᠨᠢᠭᠡ ᠳᠤ ᠳᠤᠭᠠᠴᠠᠭᠳᠠᠨ᠎ᠠ᠃ ᠳᠠᠷᠠ ᠳᠤᠰ ᠨᠤᠮ ᠳᠠᠭᠠᠨ 《ᠬᠠᠨ ᠴᠡᠩᠭᠡᠯ ᠤᠨ ᠳᠤᠤᠯᠢ》 ᠵᠢᠨ ᠪᠠᠷ ᠭᠡᠪᠯᠡᠯ᠂ ᠡᠮᠭᠢᠳᠭᠡᠨ ᠰᠤᠳᠤᠯᠤᠭᠰᠠᠨ ᠪᠠᠢ᠌ᠳᠠᠯ᠂ ᠳᠡᠭᠦᠨ ᠤ ᠡᠭᠦᠰᠦᠯ ᠭᠠᠷᠤᠯ᠂ ᠣᠯᠠᠮᠵᠢᠯᠠᠭᠳᠠᠨ ᠳᠡᠯᠭᠡᠷᠡᠭ᠍ᠰᠡᠨ ᠪᠠᠢ᠌ᠳᠠᠯ᠂ ᠳᠡᠭᠦᠨ ᠤ ᠦᠨᠳᠦᠰᠦᠨ ᠣᠠᠴᠠᠯᠢᠭ ᠰᠢᠠᠵᠢ᠂ ᠣᠷᠠᠨ ᠳᠦᠷᠢ᠂ ᠣᠷᠤᠨ ᠨᠤᠳᠤᠭ ᠤᠨ ᠰᠢᠠᠵᠢ᠂ ᠰᠢᠳᠢᠳᠤ ᠰᠢᠠᠵᠢ ᠭᠡᠭᠦ ᠵᠡᠷᠭᠡ ᠣᠯᠠᠨ ᠳᠠᠯ᠎ᠠ ᠪᠠᠷ ᠰᠢᠠᠵᠢᠯᠠᠵᠤ᠂ ᠳᠡᠭᠡᠳᠤ ᠮᠤᠩᠭ᠋ᠤᠯ ᠤᠨ ᠳᠤᠤᠯᠢ ᠶᠢᠨ ᠰᠤᠳᠤᠯᠤᠯ ᠤᠨ ᠴᠠᠷ᠎ᠠ ᠭᠦᠷᠢᠶ᠎ᠡ ᠶᠢ ᠦᠷᠭᠡᠳᠭᠡᠵᠡᠢ᠃
ᠭᠡᠷᠡᠯ ᠤᠨ ᠪᠢᠴᠢᠭ᠍ᠰᠡᠨ 《〈ᠬᠠᠨ ᠴᠡᠩᠭᠡᠯ〉 ᠳᠤᠤᠯᠢ ᠶᠢᠨ ᠰᠢᠯᠦᠭᠯᠡᠯ ᠤᠨ ᠵᠠᠭᠪᠣᠷᠴᠢᠯᠠᠯ》 ᠭᠡᠭᠦ ᠥᠭᠦᠯᠡᠯ ᠳᠤ ᠳᠡᠭᠡᠳᠤ ᠮᠤᠩᠭ᠋ᠤᠯ ᠤᠨ ᠨᠠᠷᠠᠳᠤ ᠳᠤᠤᠯᠢᠴᠢ ᠣᠤᠽᠠᠷ ᠨᠠᠰᠤᠳᠠᠨ ᠤ ᠠᠳᠠᠯᠢ ᠪᠣᠰᠤ ᠴᠠᠭ ᠦᠶ᠎ᠡ ᠳᠤ ᠬᠠᠢ᠌ᠯᠠᠭᠰᠠᠨ 《ᠬᠠᠨ ᠴᠡᠩᠭᠡᠯ》 ᠳᠤᠤᠯᠢ ᠶᠢᠨ ᠭᠤᠷᠪᠠᠨ ᠬᠤᠪᠢᠯᠪᠣᠷᠢ ᠶᠢ ᠬᠠᠷᠢᠴᠠᠭᠤᠯᠵᠤ᠂ ᠴᠢᠨᠠᠭᠰᠢᠳᠠ ᠳᠤᠤᠯᠢ ᠶᠢᠨ ᠭᠡᠷᠭᠢᠨ ᠵᠤᠬᠢᠶᠠᠨ ᠪᠦᠳᠦᠭᠡᠭ᠍ᠳᠡᠵᠤ ᠣᠯᠠᠮᠵᠢᠯᠠᠭᠳᠠᠵᠤ ᠪᠠᠢ᠌ᠭ᠎ᠠ ᠶᠢ ᠡᠷᠢᠯᠭᠢᠯᠡᠨ ᠭᠠᠷᠭᠠᠬᠤ ᠪᠠᠷ ᠵᠤᠷᠢᠭᠰᠠᠨ ᠪᠠᠢ᠌ᠳᠠᠭ᠃
ᠬᠠᠢ ᠶᠢᠩ ᠤᠨ ᠪᠢᠴᠢᠭ᠍ᠰᠡᠨ 《〈ᠬᠠᠨ ᠴᠡᠩᠭᠡᠯ〉 ᠳᠤᠤᠯᠢ ᠶᠢᠨ ᠳᠤᠳᠤᠷᠠᠭᠢ ᠡᠷᠳᠡᠨ ᠤ ᠵᠠᠷᠢᠮ ᠨᠢᠭᠡᠨ ᠣᠢ᠌ᠯᠠᠭᠠᠯᠳᠠ》 ᠭᠡᠭᠦ ᠥᠭᠦᠯᠡᠯ ᠳᠡᠭᠡᠨ ᠭᠤᠤᠯᠳᠠᠭᠤ 《ᠬᠠᠨ ᠴᠡᠩᠭᠡᠯ》 ᠳᠤᠤᠯᠢ ᠳᠤ ᠳᠤᠰᠬᠠᠭᠳᠠᠭᠰᠠᠨ ᠰᠦᠨᠠᠰᠤᠨ ᠤ ᠳᠤᠬᠠᠢ ᠣᠢ᠌ᠯᠠᠭᠠᠯᠳᠠ᠂ ᠭᠠᠯ ᠤᠨ ᠳᠤᠬᠠᠢ ᠣᠢ᠌ᠯᠠᠭᠠᠯᠳᠠ᠂ ᠬᠠᠳᠠ ᠴᠢᠯᠠᠭᠤᠨ ᠤ ᠰᠢᠳᠦᠯᠭᠡ ᠶᠢᠨ ᠣᠢ᠌ᠯᠠᠭᠠᠯᠳᠠ ᠭᠡᠭᠦ ᠭᠤᠷᠪᠠᠨ ᠳᠠᠯ᠎ᠠ ᠪᠠᠷ ᠥᠭᠦᠯᠡᠨ ᠶᠠᠷᠢᠵᠠᠢ᠃ ᠭᠡᠭᠦ ᠳᠡᠭᠡᠨ ᠬᠦᠬᠡᠨᠠᠭᠤᠷ ᠤᠨ ᠳᠡᠭᠡᠳᠤ ᠮᠤᠩᠭ᠋ᠤᠯ᠂ ᠰᠦᠪᠧᠢ ᠶᠢᠨ ᠮᠤᠩᠭ᠋ᠤᠯᠴᠤᠳ ᠭᠢᠭᠡᠳ ᠮᠤᠩᠭ᠋ᠤᠯ ᠣᠯᠤᠰ ᠤᠨ ᠪᠠᠷᠠᠭᠤᠨ ᠭᠡᠰᠡᠭ᠌ ᠤᠨ ᠤᠢ᠌ᠷᠠᠤᠨ ᠳᠤᠳᠤᠷ᠎ᠠ ᠡᠴᠠ ᠣᠯᠳᠠᠭᠰᠠᠨ 《ᠬᠠᠨ ᠴᠡᠩᠭᠡᠯ》 ᠊ᠤᠨ ᠳᠦᠷᠪᠠᠨ ᠬᠤᠪᠢᠯᠪᠣᠷᠢ ᠶᠢ ᠠᠰᠢᠭᠯᠠᠵᠠᠢ᠃
ᠭᠦᠭᠡ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠪᠠᠭᠠᠳᠤᠷᠯᠢᠭ ᠳᠤᠤᠯᠢ 〈ᠬᠠᠨ ᠴᠡᠩᠭᠡᠯ〉 ᠳ᠋ᠤ ᠳᠤᠰᠬᠠᠭᠳᠠᠭᠰᠠᠨ ᠵᠠᠩ ᠣᠢ᠌ᠯᠠ ᠶᠢᠨ ᠳᠤᠬᠠᠢ》 ᠭᠡᠭᠦ ᠥᠭᠦᠯᠡᠯ ᠳᠡᠭᠡᠨ ᠭᠤᠤᠯᠳᠠᠭᠤ ᠳᠤᠰ ᠳᠤᠤᠯᠢ ᠳᠤ ᠳᠤᠰᠬᠠᠭᠳᠠᠭᠰᠠᠨ ᠡᠷᠳᠡᠨ ᠤ ᠮᠤᠩᠭ᠋ᠤᠯᠴᠤᠳ ᠤᠨ ᠠᠬᠠᠰ ᠵᠠᠬᠠᠰ ᠲᠡᠶ ᠪᠠᠨ ᠮᠠᠠᠳᠤᠴᠢᠯᠠᠵᠤ ᠵᠤᠯᠭᠠᠬᠤ ᠵᠠᠩ ᠣᠢ᠌ᠯᠠ᠂ ᠰᠣᠢ᠌ᠳᠤ ᠣᠷᠤᠭ ᠤᠨ ᠵᠠᠩ ᠣᠢ᠌ᠯᠠ᠂ ᠢᠳᠡᠭᠡᠨ ᠣᠮᠳᠠᠭᠠᠨ ᠤ ᠵᠠᠩ ᠣᠢ᠌ᠯᠠ ᠵᠡᠷᠭᠡ ᠶᠢ ᠳᠠᠨᠢᠯᠴᠠᠭᠤᠯᠵᠠᠢ᠃
⑶ 《ᠳᠤᠯᠵᠢᠩᠬᠠᠢ ᠪᠠᠭᠠᠳᠤᠷ》 ᠳᠤᠤᠯᠢ ᠶᠢᠨ ᠰᠤᠳᠤᠯᠭᠠᠨ
ᠰᠡᠷᠡᠩᠭᠡᠷᠡᠯ ᠳ᠋ᠤᠺᠲ᠋ᠤᠷ ᠤᠨ ᠪᠢᠴᠢᠭ᠍ᠰᠡᠨ 《ᠳᠡᠭᠡᠳᠤ ᠮᠤᠩᠭ᠋ᠤᠯ ᠳᠤᠤᠯᠢ 〈ᠳᠤᠯᠵᠢᠩᠬᠠᠢ ᠪᠠᠭᠠᠳᠤᠷ〉 ᠊ᠤᠨ ᠱᠠᠰᠢᠨ ᠤ ᠰᠤᠶᠤᠯ ᠤᠨ ᠣᠠᠴᠠᠯᠢᠭ》 ᠭᠡᠭᠦ ᠥᠭᠦᠯᠡᠯ ᠳᠡᠭᠡᠨ ᠳᠤᠰ ᠳᠤᠤᠯᠢ ᠶᠢᠨ ᠳᠠᠪᠤᠨ ᠵᠣᠢ᠌ᠯ ᠤᠨ ᠡᠭᠡ ᠶᠢ ᠬᠠᠷᠢᠴᠠᠭᠤᠯᠤᠨ ᠰᠢᠠᠵᠢᠯᠠᠵᠤ᠂ ᠳᠤᠤᠯᠢ ᠳᠤ ᠢᠯᠡᠷᠡᠭᠦ ᠱᠠᠰᠢᠨ ᠤ ᠣᠠᠴᠠᠯᠢᠭ ᠰᠢᠠᠵᠢ᠂ ᠵᠢᠴᠢ ᠡᠨᠡ ᠭᠦ ᠱᠠᠰᠢᠨ ᠤ ᠰᠤᠶᠤᠯ ᠤᠨ ᠳᠤᠨᠤᠳᠠᠰᠤ ᠵᠡᠷᠭᠡ ᠳᠠᠯ᠎ᠠ ᠪᠠᠷ ᠠᠩᠬᠠᠷᠴᠤ᠂ ᠥᠭᠦᠯᠡᠮᠵᠢ ᠶᠢᠨ ᠭᠠᠳᠠᠷ ᠳᠠᠯ᠎ᠠ ᠳᠤ ᠰᠢᠷ᠎ᠠ ᠶᠢᠨ ᠱᠠᠰᠢᠨ ᠤ ᠡᠳᠦᠢ ᠳᠠᠳᠤᠢ ᠨᠠᠷᠠ ᠳᠤᠮᠢᠶ᠎ᠠ᠂ ᠥᠩᠭᠡᠪᠴᠢ ᠳᠦᠷᠰᠤᠯᠠᠯ ᠪᠠᠢ᠌ᠭ᠎ᠠ ᠪᠣᠯᠪᠠᠴᠤ ᠳᠤᠤᠯᠢ ᠶᠢᠨ ᠭᠦᠨ ᠳᠠᠯ᠎ᠠ ᠳᠤ ᠮᠤᠩᠭ᠋ᠤᠯ ᠤᠨ ᠡᠷᠳᠡᠨ ᠤ ᠣᠯᠠᠮᠵᠢᠯᠠᠯᠳᠤ ᠪᠦᠭᠡ ᠶᠢᠨ ᠦᠵᠡᠯ ᠰᠠᠨᠠᠭ᠎ᠠ᠂ ᠰᠤᠶᠤᠯ ᠤᠨ ᠣᠭ ᠦᠨᠳᠦᠰᠦ ᠳᠤᠨᠤᠵᠤ ᠪᠠᠢ᠌ᠭ᠎ᠠ ᠭᠡᠳᠡᠭ᠌ ᠰᠠᠨᠠᠯ ᠳᠡᠪᠰᠢᠭᠦᠯᠦᠭ᠍ᠰᠡᠨ ᠪᠠᠢ᠌ᠨ᠎ᠠ⑥᠃ ᠡᠭᠦᠨ ᠡᠴᠡ ᠭᠠᠳᠠᠨ᠎ᠠ ᠢᠤᠢ ᠮᠸᠢ ᠶᠢᠨ ᠪᠢᠴᠢᠭ᠍ᠰᠡᠨ ᠠᠰᠫᠢᠷᠠᠲ᠋ ᠶᠢᠨ ᠴᠤᠯᠠ ᠬᠠᠮᠠᠭᠠᠯᠠᠭᠰᠠᠨ 《ᠳᠤᠤᠯᠢ 〈ᠳᠤᠯᠵᠢᠩᠬᠠᠢ ᠪᠠᠭᠠᠳᠤᠷ〉 ᠊ᠤᠨ ᠰᠤᠳᠤᠯᠤᠯ》 ᠭᠡᠭᠦ ᠭᠠᠭᠴᠠ ᠰᠠᠳᠤᠪᠳᠤ ᠪᠦᠳᠦᠭᠡᠯ ᠢ ᠳᠤᠷᠠᠳᠴᠤ ᠪᠣᠯᠤᠨ᠎ᠠ᠂ ᠳᠤᠰ ᠪᠦᠳᠦᠭᠡᠯ ᠳᠤ ᠳᠤᠰ ᠳᠤᠤᠯᠢ ᠶᠢᠨ ᠡᠮᠭᠢᠳᠭᠡᠭ᠍ᠰᠡᠨ ᠪᠠᠢ᠌ᠳᠠᠯ᠂ ᠳᠠᠷᠬᠠᠴᠠ ᠶᠢᠨ ᠪᠠᠢ᠌ᠳᠠᠯ ᠪᠣᠯᠤᠨ ᠳᠡᠭᠦᠨ ᠤ ᠶᠢᠰᠤᠨ ᠬᠤᠪᠢᠯᠪᠣᠷᠢ ᠳᠤ ᠰᠠᠭᠤᠷᠢᠯᠠᠵᠤ ᠮᠤᠲ᠋ᠢᠹ ᠤᠨ ᠵᠠᠳᠠᠯᠤᠯᠳᠠ ᠭᠢᠭ᠍ᠰᠡᠨ ᠪᠠᠢ᠌ᠨ᠎ᠠ᠃
⑷ 《ᠡᠷ᠎ᠡ ᠰᠡᠭᠡᠷ ᠪᠠᠭᠠᠳᠤᠷ》 ᠳᠤᠤᠯᠢ ᠶᠢᠨ ᠰᠤᠳᠤᠯᠭᠠᠨ
ᠵᠠᠯᠠᠭᠤ ᠡᠷᠳᠡᠮᠳᠡᠨ ᠳᠡᠯᠭᠡᠷᠮ᠎ᠡ ᠶᠢᠨ ᠡᠷᠳᠡᠮ ᠤᠨ ᠵᠡᠷᠭᠡ ᠬᠠᠮᠠᠭᠠᠯᠠᠬᠤ ᠪᠠᠷ ᠪᠢᠴᠢᠭ᠍ᠰᠡᠨ 《〈ᠡᠷ᠎ᠡ ᠰᠡᠭᠡᠷ ᠪᠠᠭᠠᠳᠤᠷ〉 ᠭᠡᠯᠪᠠᠷᠢ ᠶᠢᠨ ᠳᠤᠤᠯᠢ ᠶᠢᠨ ᠬᠠᠷᠢᠴᠠᠭᠤᠯᠤᠭᠰᠠᠨ ᠰᠤᠳᠤᠯᠤᠯ》 ᠭᠡᠳᠡᠭ᠌ ᠭᠠᠭᠴᠠ ᠰᠠᠳᠤᠪᠳᠤ ᠵᠤᠬᠢᠶᠠᠯ ᠳᠠᠭᠠᠨ ᠳᠡᠭᠡᠳᠤ ᠮᠤᠩᠭ᠋ᠤᠯ ᠤᠨ 《ᠡᠷ᠎ᠡ ᠰᠡᠭᠡᠷ ᠪᠠᠭᠠᠳᠤᠷ》 ᠳᠤᠤᠯᠢ ᠶᠢᠨ 28 ᠬᠤᠪᠢᠯᠪᠣᠷᠢ ᠶᠢ ᠬᠠᠷᠢᠴᠠᠭᠤᠯᠤᠨ ᠰᠤᠳᠤᠯᠵᠠᠢ᠃
⑸ ᠳᠡᠭᠡᠳᠤ ᠮᠤᠩᠭ᠋ᠤᠯ ᠤᠨ ᠪᠠᠭᠠᠳᠤᠷᠯᠢᠭ ᠳᠤᠤᠯᠢ ᠶᠢᠨ ᠶᠡᠷᠦᠩᠭᠡᠢ᠌ᠯᠡᠭ᠍ᠰᠡᠨ ᠰᠤᠳᠤᠯᠭᠠᠨ
2005 ᠣᠨ ᠡᠴᠠ ᠡᠭᠢᠯᠡᠨ᠂ ᠰᠡᠷᠡᠩᠭᠡᠷᠡᠯ ᠳ᠋ᠤᠺᠲ᠋ᠤᠷ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠰᠠᠭᠤᠷᠢ ᠮᠦᠩᠭᠦᠨ ᠤ ᠳᠤᠰᠠᠯᠠᠮᠵᠢ ᠪᠠᠷ 《ᠳᠡᠭᠡᠳᠤ ᠮᠤᠩᠭ᠋ᠤᠯ ᠳᠤᠤᠯᠢ ᠶᠢᠨ ᠰᠤᠳᠤᠯᠤᠯ》 ᠭᠡᠮᠡᠭᠦ ᠰᠠᠳᠤᠪ ᠶᠢᠡᠷ ᠰᠤᠳᠤᠯᠭᠠᠨ ᠭᠢᠵᠤ ᠪᠠᠢ᠌ᠨ᠎ᠠ᠃ ᠳᠡᠭᠦᠨ ᠤ ᠪᠢᠴᠢᠭ᠍ᠰᠡᠨ 《ᠳᠡᠭᠡᠳᠤ ᠮᠤᠩᠭ᠋ᠤᠯ ᠤᠨ ᠳᠤᠤᠯᠢ ᠶᠢ ᠡᠮᠭᠢᠳᠭᠡᠵᠤ ᠰᠤᠳᠤᠯᠤᠭᠰᠠᠨ ᠳᠣᠢ᠌ᠮᠤ ᠪᠠᠢ᠌ᠳᠠᠯ》 ᠭᠡᠭᠦ ᠥᠭᠦᠯᠡᠯ ᠳᠡᠭᠡᠨ ᠳᠡᠭᠡᠳᠤ ᠮᠤᠩᠭ᠋ᠤᠯ ᠤᠨ ᠳᠤᠤᠯᠢ ᠶᠢᠨ ᠥᠩᠭᠡᠷᠡᠭ᠍ᠰᠡᠨ ᠤ ᠰᠤᠳᠤᠯᠭᠠᠨ ᠢ ᠨᠠᠷᠢᠪᠴᠢᠯᠠᠨ ᠦᠵᠡᠵᠤ᠂ ᠳᠡᠭᠡᠳᠤ ᠮᠤᠩᠭ᠋ᠤᠯ ᠤᠨ ᠳᠤᠤᠯᠢ ᠨᠢ 《ᠭᠡᠰᠡᠷ》 ᠵᠢᠡᠷ ᠲᠦᠪ ᠪᠣᠯᠭᠠᠨ ᠭᠦᠭ᠍ᠵᠢᠭᠦ ᠬᠠᠠᠳᠤᠰᠢ ᠲᠡᠶ ᠪᠠᠢ᠌ᠭ᠎ᠠ ᠪᠦᠭᠡᠳ ᠣᠷᠤᠨ ᠨᠤᠳᠤᠭ ᠤᠨ ᠦᠪᠡᠷᠮᠢᠴᠠ ᠣᠠᠴᠠᠯᠢᠭ ᠪᠦᠭᠦᠢ ᠳᠤᠤᠯᠢ ᠶᠢᠨ ᠪᠦᠰᠡ ᠣᠷᠤᠨ ᠪᠦᠷᠢᠯᠳᠦᠭ᠍ᠰᠡᠨ ᠭᠡᠵᠤ ᠦᠵᠡᠵᠤ ᠪᠠᠢ᠌ᠭ᠎ᠠ ᠡᠷᠳᠡᠮᠳᠡᠳ ᠤᠨ ᠦᠵᠡᠯᠳᠠ ᠶᠢ ᠬᠤᠷᠢᠶᠠᠩᠭ᠋ᠣᠢ᠌ᠯᠠᠨ ᠳ᠋ᠦ᠋ᠩᠨᠡᠭ᠍ᠰᠡᠨ ᠪᠠᠢ᠌ᠨ᠎ᠠ⑦᠃
ᠡᠭᠦᠨ ᠡᠴᠠ ᠭᠠᠳᠠᠨ᠎ᠠ ᠪᠠᠰᠠ ᠤᠶᠤᠨᠴᠢᠮᠡᠭ᠌ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠳᠦᠷᠪᠠᠨ ᠳᠤᠤᠯᠢ ᠶᠢᠨ ᠨᠢᠭᠡᠨ ᠮᠤᠲ᠋ᠢᠹ ᠤᠨ ᠳᠤᠬᠠᠢ》 ᠭᠡᠭᠦ ᠥᠭᠦᠯᠡᠯ ᠢ ᠳᠤᠷᠠᠳᠴᠤ ᠪᠣᠯᠤᠨ᠎ᠠ᠃
3. ᠢᠷᠦᠭᠡᠯ ᠮᠠᠭᠳᠠᠭᠠᠯ ᠤᠨ ᠰᠤᠳᠤᠯᠭᠠᠨ
ᠳᠡᠭᠡᠳᠤ ᠮᠤᠩᠭ᠋ᠤᠯ ᠤᠨ ᠢᠷᠦᠭᠡᠯ ᠤᠨ ᠰᠤᠳᠤᠯᠭᠠᠨ ᠨᠢ ᠭᠤᠤᠯᠳᠠᠭᠤ 《ᠪᠠᠶᠠᠨ ᠰᠦᠩ ᠤᠨ ᠢᠷᠦᠭᠡᠯ》 ᠳᠡᠭᠡᠷ᠎ᠡ ᠳᠦᠪᠯᠡᠷᠡᠭ᠍ᠰᠡᠨ ᠪᠠᠢ᠌ᠳᠠᠭ᠃ 《ᠪᠠᠶᠠᠨ ᠰᠦᠩ ᠤᠨ ᠢᠷᠦᠭᠡᠯ》 ᠪᠣᠯ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠳᠤᠳᠤᠷᠠᠭᠢ ᠲᠦᠯᠦᠭᠡᠯᠡᠭᠦ ᠴᠢᠨᠠᠷᠳᠠᠢ ᠪᠦᠳᠦᠭᠡᠯ ᠪᠣᠯᠤᠨ᠎ᠠ᠃ ᠡᠢ᠌ᠮᠤ ᠡᠴᠠ ᠳᠠᠷᠠ ᠨᠢ ᠭᠦᠮᠦᠰ ᠤᠨ ᠠᠩᠬᠠᠷᠤᠯ ᠰᠤᠨᠢᠷᠬᠠᠯ ᠢ ᠶᠡᠭᠡ ᠳᠠᠳᠠᠵᠤ ᠵᠤᠭᠢᠬᠤ ᠭᠡᠮᠵᠢᠶ᠎ᠡ ᠪᠠᠷ ᠰᠤᠳᠤᠯᠤᠭᠳᠠᠵᠤ ᠢᠷᠠᠵᠠᠢ᠃
ᠳᠡᠭᠡᠳᠤ ᠮᠤᠩᠭ᠋ᠤᠯ ᠤᠨ ᠢᠷᠦᠭᠡᠯ ᠤᠨ ᠰᠤᠳᠤᠯᠭᠠᠨ ᠤ ᠳᠠᠯ᠎ᠠ ᠪᠠᠷ ᠵᠠᠩᠮᠠᠷ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠢᠷᠦᠭᠡᠯ ᠤᠨ ᠦᠪᠡᠷᠮᠢᠴᠠ ᠣᠠᠴᠠᠯᠢᠭ ᠢ ᠵᠠᠷᠢᠮ ᠳᠠᠯ᠎ᠠ ᠡᠴᠡ ᠰᠢᠡᠵᠢᠯᠡᠭᠦ ᠨᠢ》 (1983) ᠭᠡᠳᠡᠭ᠌ ᠥᠭᠦᠯᠡᠯ ᠳᠤ ᠳᠡᠭᠡᠳᠤ ᠮᠤᠩᠭ᠋ᠤᠯ ᠤᠨ ᠢᠷᠦᠭᠡᠯ ᠤᠨ ᠪᠣᠰᠤᠳ ᠭᠠᠵᠠᠷ ᠣᠷᠤᠨ ᠡᠴᠡ ᠢᠯᠭᠠᠭᠳᠠᠬᠤ ᠦᠪᠡᠷᠮᠢᠴᠠ ᠣᠠᠴᠠᠯᠢᠭ ᠰᠢᠠᠵᠢ ᠶᠢᠨ ᠳᠤᠬᠠᠢ ᠥᠭᠦᠯᠡᠵᠡᠢ᠃ ᠠᠶᠤᠤᠷᠵᠠᠨ᠎ᠠ ᠶᠢᠨ ᠪᠢᠴᠢᠭ᠍ᠰᠡᠨ 《ᠰᠦᠩ ᠤᠨ ᠢᠷᠦᠭᠡᠯ ᠤᠨ ᠳᠤᠬᠠᠢ ᠥᠭᠦᠯᠡᠭᠦ ᠨᠢ》 (ᠲ᠋ᠠᠳ᠋ ᠭᠠᠷᠴᠠᠭ ᠨᠢ 《ᠰᠦᠪᠧᠢ ᠮᠤᠩᠭ᠋ᠤᠯ ᠤᠨ ᠰᠦᠩ ᠤᠨ ᠢᠷᠦᠭᠡᠯ ᠤᠨ ᠳᠤᠬᠠᠢ ᠳᠦᠭᠦᠮ ᠠᠵᠢᠭᠯᠠᠯᠳᠠ》᠂ 1983) ᠭᠡᠭᠦ ᠥᠭᠦᠯᠡᠯ ᠳᠤ 《〈ᠪᠠᠶᠠᠨ ᠰᠦᠩ ᠤᠨ ᠢᠷᠦᠭᠡᠯ〉 ᠊ᠢ ᠪᠢᠴᠢᠭ᠌ ᠤᠨ ᠵᠤᠬᠢᠶᠠᠯ》 ᠭᠡᠵᠤ ᠥᠵᠡᠭᠦ ᠶᠢᠨ ᠳᠠᠭᠠᠤ 《ᠳᠠᠷᠠ ᠨᠢ ᠠᠷᠪᠠᠨ ᠨᠢ᠋ᠮᠠᠳᠤᠭᠠᠷ ᠵᠠᠭᠤᠨ ᠤ ᠦᠶ᠎ᠡ ᠪᠠᠷ ᠵᠤᠬᠢᠶᠠᠭᠳᠠᠭᠰᠠᠨ ᠪᠠᠢ᠌ᠨ᠎ᠠ》 ᠭᠡᠰᠡᠨ ᠦᠪᠡᠷᠮᠢᠴᠠ ᠦᠵᠡᠯᠳᠠ ᠶᠢ ᠳᠡᠪᠰᠢᠭᠦᠯᠵᠡᠢ᠃
ᠳᠡᠭᠡᠳᠤ ᠮᠤᠩᠭ᠋ᠤᠯ ᠤᠨ 《ᠪᠠᠶᠠᠨ ᠰᠦᠩ ᠤᠨ ᠢᠷᠦᠭᠡᠯ》 ᠊ᠤᠨ ᠰᠤᠳᠤᠯᠭᠠᠨ ᠤ ᠳᠠᠯ᠎ᠠ ᠪᠠᠷ ᠳᠤᠷᠪᠢᠯᠢᠭ ᠥᠭᠦᠯᠡᠯ ᠨᠡᠢ᠌ᠳᠡᠯᠡᠭ᠍ᠰᠡᠨ ᠡᠷᠳᠡᠮᠳᠡᠨ ᠤ ᠨᠢᠭᠡ ᠨᠢ ᠪᠣᠯ ᠳᠡᠭᠡᠳᠤ ᠮᠤᠩᠭ᠋ᠤᠯ ᠨᠤᠳᠤᠭ ᠲᠡᠶ ᠡᠷᠳᠡᠮᠳᠡᠨ ᠰᠡᠷᠡᠡᠭᠡᠷᠡᠯ ᠪᠣᠯᠤᠨ᠎ᠠ᠃ ᠳᠠᠷᠠ ᠪᠠᠷ 《ᠳᠡᠭᠡᠳᠤ ᠮᠤᠩᠭ᠋ᠤᠯ ᠤᠨ 〈ᠪᠠᠶᠠᠨ ᠰᠦᠩ ᠤᠨ ᠢᠷᠦᠭᠡᠯ〉 ᠠᠮᠠᠨ ᠵᠤᠬᠢᠶᠠᠯ ᠦᠦ︖ ᠪᠢᠴᠢᠭ᠌ ᠤᠨ ᠵᠤᠬᠢᠶᠠᠯ ᠦᠦ︖》 (1984)᠂ 〈ᠳᠡᠭᠡᠳᠤ ᠮᠤᠩᠭ᠋ᠤᠯ ᠤᠨ 〈ᠪᠠᠶᠠᠨ ᠰᠦᠩ ᠤᠨ ᠢᠷᠦᠭᠡᠯ〉 ᠊ᠤᠨ ᠵᠤᠬᠢᠶᠠᠭᠴᠢ ᠶᠢᠨ ᠳᠤᠬᠠᠢ》 (1987) ᠭᠡᠮᠡᠭᠦ ᠥᠭᠦᠯᠡᠯ ᠤᠳ ᠨᠠᠢ᠌ᠳᠠᠯᠠᠵᠤ 《〈ᠪᠠᠶᠠᠨ ᠰᠦᠩ ᠤᠨ ᠢᠷᠦᠭᠡᠯ〉 ᠊ᠢ ᠪᠢᠴᠢᠭ᠌ ᠤᠨ ᠵᠤᠬᠢᠶᠠᠯ ᠮᠦᠨ》 ᠭᠡᠵᠤ ᠥᠵᠡᠭ᠍ᠰᠡᠨ ᠪᠦᠭᠡᠳ ᠨᠥᠭᠦᠭᠡ ᠥᠭᠦᠯᠡᠯ ᠳᠡᠭᠡᠨ 《ᠳᠡᠭᠡᠳᠤ ᠮᠤᠩᠭ᠋ᠤᠯ ᠤᠨ 〈ᠪᠠᠶᠠᠨ ᠰᠦᠩ ᠤᠨ ᠢᠷᠦᠭᠡᠯ〉 ᠊ᠢ 17 ᠳ᠋ᠤᠭᠠᠷ ᠵᠠᠭᠤᠨ ᠤ ᠦᠶ᠎ᠡ ᠶᠢᠨ ᠰᠢᠷ᠎ᠠ ᠶᠢᠨ ᠱᠠᠰᠢᠨ ᠤ ᠠᠯᠳᠠᠷᠳᠤ ᠵᠢᠳᠭᠦᠯᠳᠡᠨ᠂ ᠪᠠᠷᠠᠭᠤᠨ ᠮᠤᠩᠭ᠋ᠤᠯ ᠤᠨ ᠰᠤᠶᠤᠯ ᠭᠡᠭᠡᠷᠡᠯ ᠳᠤ ᠥᠯᠡᠮᠵᠢᠭᠡᠨ ᠣᠢ᠌ᠯᠠᠰ ᠢ ᠪᠦᠳᠦᠭᠡᠭ᠍ᠰᠡᠨ ᠤᠢ᠌ᠷᠠᠤᠨ ᠤᠨ ᠠᠯᠳᠠᠷᠳᠤ ᠽᠠᠶ᠎ᠠ ᠪᠠᠠᠳᠢᠳᠠ ᠨᠠᠮᠬᠠᠢ᠌ᠵᠠᠮᠰᠤ ᠵᠤᠬᠢᠶᠠᠪᠠ》 ᠭᠡᠵᠤ ᠳᠤᠰ ᠢᠷᠦᠭᠡᠯ ᠤᠨ ᠵᠤᠬᠢᠶᠠᠭᠳᠠᠭᠰᠠᠨ ᠣᠨ ᠵᠢᠯ ᠪᠠ ᠳᠡᠭᠦᠨ ᠤ ᠵᠤᠬᠢᠶᠠᠭᠴᠢ ᠶᠢᠨ ᠳᠤᠬᠠᠢ ᠦᠪᠡᠷ ᠤᠨ ᠦᠵᠡᠯᠳᠠ ᠪᠠᠨ ᠳᠡᠪᠰᠢᠭᠦᠯᠦᠭ᠍ᠰᠡᠨ ᠨᠢ ᠶᠡᠭᠡ ᠰᠤᠨᠢᠷᠬᠠᠯᠳᠠᠢ ᠪᠣᠯᠤᠭᠰᠠᠨ ᠪᠠᠢ᠌ᠨ᠎ᠠ᠃
ᠪᠠᠷᠠᠭᠤᠨ ᠬᠣᠢ᠌ᠳᠤ ᠶᠢᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠶᠢᠨ ᠫᠷᠤᠹᠧᠰᠰᠤᠷ ᠮ·ᠦᠨᠢᠠᠤᠯᠭᠠᠨ 《ᠤᠢ᠌ᠷᠠᠤᠨ ᠮᠤᠩᠭ᠋ᠤᠯ ᠤᠨ ᠴᠢᠬᠤᠯᠠ ᠭᠤᠷᠪᠠᠨ ᠠᠮᠠᠨ ᠵᠤᠬᠢᠶᠠᠯ ᠤᠨ ᠳᠤᠬᠠᠢ ᠠᠩᠬᠠᠨ ᠤ ᠰᠢᠠᠵᠢᠯᠠᠯ》 (1991) ᠭᠡᠮᠡᠭᠦ ᠥᠭᠦᠯᠡᠯ ᠳᠡᠭᠡᠨ 《ᠭᠠᠠᠰᠤ᠂ ᠬᠦᠬᠡᠨᠠᠭᠤᠷ ᠲᠤ ᠣᠯᠠᠮᠵᠢᠯᠠᠭᠰᠠᠨ 〈ᠪᠠᠶᠠᠨ ᠰᠦᠩ ᠤᠨ ᠢᠷᠦᠭᠡᠯ〉 ᠭᠡᠳᠥᠢᠪᠠᠷ ᠠᠷᠠᠤᠨ ᠤᠨ ᠠᠮᠠ ᠪᠠᠷ ᠣᠯᠠᠮᠵᠢᠯᠠᠨ ᠢᠷᠡᠭ᠍ᠰᠡᠨ ᠵᠤᠬᠢᠶᠠᠯ ᠪᠦᠳᠦᠭᠡᠯ ᠪᠣᠯᠪᠠᠴᠤ ᠳᠡᠦᠭᠡ ᠣᠷᠠᠨ ᠵᠤᠬᠢᠶᠠᠯ ᠤᠨ ᠦᠷᠭᠡᠨ ᠮᠡᠳᠡᠯᠭᠡ ᠲᠡᠶ ᠡᠷᠳᠡᠮᠳᠤ ᠱᠠᠰᠢᠠᠳᠠᠤᠨ ᠤᠨ ᠭᠠᠷ ᠶᠢᠡᠷ ᠳᠠᠮᠵᠢᠨ ᠵᠠᠰᠠᠭᠳᠠᠨ ᠳᠡᠭᠦᠯᠳᠡᠷᠵᠢᠭ᠍ᠰᠡᠨ ᠶᠠᠪᠣᠴᠠ ᠶᠢ ᠥᠩᠭᠡᠷᠡᠭᠦᠯᠦᠭ᠍ᠰᠡᠨ ᠪᠠᠢ᠌ᠮᠠᠷ ᠪᠣᠳᠤᠭᠳᠠᠨ᠎ᠠ᠃ ᠢᠷᠦᠭᠡᠯ ᠳᠤ 1617 ᠣᠨ ᠡᠴᠡ 1682 ᠣᠨ ᠤ ᠬᠤᠭᠤᠷᠤᠠᠳᠤ ᠠᠮᠢᠳᠤᠷᠠᠵᠤ ᠪᠠᠢ᠌ᠭᠰᠠᠨ ᠳᠠᠪᠣᠳᠤᠭᠠᠷ ᠳᠠᠯᠠᠢ ᠯᠠᠮᠠ ᠶᠢ ᠳᠤᠷᠠᠳᠴᠤ᠂ 1645 ᠣᠨ ᠳᠤ ᠭᠦᠦᠰᠢ ᠬᠠᠨ ᠤ ᠴᠤᠯᠠᠯᠠᠭᠰᠠᠨ ᠪᠠᠠᠴᠢᠨ ᠪᠣᠭᠳᠠ ᠶᠢ ᠳᠤᠷᠠᠳᠴᠤ᠂ ᠮᠦᠨ ᠭᠦᠦᠰᠢ ᠬᠠᠨ ᠤ ᠣᠢ᠌ᠯᠠ ᠶᠠᠪᠣᠳᠠᠯ ᠪᠣᠯᠤᠨ ᠳᠡᠭᠦᠨ ᠤ ᠠᠷᠪᠠᠨ ᠭᠦᠤ ᠶᠢᠨ ᠳᠤᠳᠤᠷᠠᠭᠢ ᠰᠠᠩ ᠭᠠᠷᠤᠳᠢ ᠰᠠᠴᠠᠨ ᠳᠠᠢ᠌ᠵᠢ ᠶᠢ ᠳᠤᠷᠠᠳᠴᠤ ᠪᠠᠢ᠌ᠬᠤ ᠵᠢᠴᠢ ᠢᠷᠦᠭᠡᠯ ᠤᠨ ᠪᠣᠰᠤᠳ ᠣᠢ᠌ᠯᠠ ᠶᠠᠪᠣᠳᠠᠯ ᠡᠴᠡ ᠲᠦᠰᠤᠪᠯᠠᠪᠠᠯ᠂ ᠳᠤᠰ ᠢᠷᠦᠭᠡᠯ ᠢ ᠶᠡᠭᠡ ᠲᠦᠯᠤᠪ ᠮᠢᠩᠭ᠎ᠠ ᠵᠢᠷᠭᠤᠭᠠᠨ ᠵᠠᠭᠤ ᠳᠠᠪᠢᠨ ᠭᠡᠳᠤᠨ ᠣᠨ ᠪᠣᠶᠤ ᠮᠢᠩᠭ᠎ᠠ ᠵᠢᠷᠭᠤᠭᠠᠨ ᠵᠠᠭᠤ ᠵᠢᠷᠠᠨ ᠭᠡᠳᠤᠨ ᠣᠨ ᠤ ᠬᠣᠢ᠌ᠨ᠎ᠠ ᠡᠮᠤᠨ᠎ᠡ᠂ ᠤᠢ᠌ᠷᠠᠤᠨ ᠮᠤᠩᠭ᠋ᠤᠯ ᠳᠤ ᠰᠢᠷ᠎ᠠ ᠶᠢᠨ ᠱᠠᠰᠢᠨ ᠭᠦᠴᠦᠳᠡᠢ ᠳᠡᠯᠭᠡᠷᠡᠵᠤ ᠪᠠᠢ᠌ᠬᠤ ᠦᠶ᠎ᠡ ᠳᠤ ᠠᠷᠠᠤᠨ ᠤᠨ ᠳᠤᠮᠳᠠᠭᠢ ᠣᠯᠠᠮᠵᠢᠯᠠᠯᠳᠤ ᠢᠷᠦᠭᠡᠯ ᠳᠤ ᠰᠠᠭᠤᠷᠢᠯᠠᠵᠤ᠂ ᠡᠷᠳᠡᠮᠳᠤ ᠱᠠᠰᠢᠠᠳᠠᠤᠨ ᠵᠠᠰᠠᠨ ᠰᠠᠯᠪᠢᠵᠤ᠂ ᠳᠡᠭᠦᠯᠳᠡᠷᠵᠢᠭᠦᠯᠤᠨ ᠳᠡᠯᠭᠡᠷᠡᠭᠦᠯᠦᠭ᠍ᠰᠡᠨ ᠪᠠᠢ᠌ᠵᠤ ᠮᠠᠳᠠᠨ᠎ᠡ》 ᠭᠡᠰᠡᠨ ᠦᠵᠡᠯᠳᠠ ᠶᠢ ᠳᠡᠪᠰᠢᠭᠦᠯᠵᠡᠢ᠃
ᠵᠠᠯᠠᠭᠤ ᠡᠷᠳᠡᠮᠳᠡᠨ ᠰᠡᠴᠡᠡᠮᠥᠩᠭᠡ᠂ ᠭᠡᠷᠡᠯᠴᠡᠴᠡᠭ᠌ ᠨᠡᠷ ᠤᠨ ᠪᠢᠴᠢᠭ᠍ᠰᠡᠨ 《ᠮᠤᠩᠭ᠋ᠤᠯᠴᠤᠳ ᠤᠨ ᠰᠦᠩ ᠰᠥᠩᠨᠡᠭᠦ ᠶᠤᠰᠤᠨ ᠤ ᠦᠴᠢᠭ᠌ ᠢᠷᠦᠭᠡᠯ ᠤᠨ ᠳᠡᠦᠭᠡᠨ ᠡᠭᠢ ᠰᠤᠷᠪᠣᠯᠵᠢ》 (ᠲ᠋ᠠᠳ᠋ ᠭᠠᠷᠴᠠᠭ ᠨᠢ 《ᠬᠦᠬᠡᠨᠠᠭᠤᠷ ᠤᠨ ᠳᠡᠭᠡᠳᠤ ᠮᠤᠩᠭ᠋ᠤᠯᠴᠤᠳ ᠤᠨ 〈ᠪᠠᠶᠠᠨ ᠰᠦᠩ ᠤᠨ ᠢᠷᠦᠭᠡᠯ〉 ᠊ᠤᠨ ᠵᠢᠱᠢᠶᠠᠨ ᠳᠡᠭᠡᠷ᠎ᠡ》) ᠭᠡᠳᠡᠭ᠌ ᠭᠠᠭᠴᠠ ᠰᠠᠳᠤᠪᠳᠤ ᠪᠦᠳᠦᠭᠡᠯ ᠳᠡᠭᠡᠨ ᠬᠦᠬᠡᠨᠠᠭᠤᠷ ᠤᠨ ᠳᠡᠭᠡᠳᠤ ᠮᠤᠩᠭ᠋ᠤᠯ ᠤᠨ 《ᠶᠡᠭᠡ ᠴᠢᠩᠭᠢᠰ》᠂ 《ᠪᠠᠭ᠎ᠠ ᠴᠢᠩᠭᠢᠰ》 ᠭᠡᠮᠡᠭᠦ 《ᠪᠠᠶᠠᠨ ᠰᠦᠩ ᠤᠨ ᠢᠷᠦᠭᠡᠯ》 ᠭᠢᠭᠡᠳ ᠳᠡᠭᠦᠨ ᠲᠡᠶ ᠬᠤᠯᠪᠣᠭᠳᠠᠬᠤ ᠵᠠᠩ ᠣᠢ᠌ᠯᠠ᠂ ᠣᠯᠠᠮᠵᠢᠯᠠᠯ᠂ ᠶᠤᠰᠤ ᠵᠠᠩᠭᠢᠯ ᠤᠨ ᠵᠢᠱᠢᠶᠠᠨ ᠳᠡᠭᠡᠷ᠎ᠡ ᠳᠤᠯᠭᠠᠭᠤᠷᠢᠯᠠᠨ ᠮᠤᠩᠭ᠋ᠤᠯᠴᠤᠳ ᠤᠨ ᠰᠦᠩ ᠰᠥᠩᠨᠡᠭᠦ ᠶᠤᠰᠤᠨ ᠤ ᠭᠠᠷᠤᠯ ᠡᠭᠦᠰᠦᠯ᠂ ᠭᠦᠭ᠍ᠵᠢᠯ ᠬᠤᠪᠢᠷᠠᠯ ᠪᠣᠯᠤᠨ ᠳᠡᠭᠦᠨ ᠳᠤ ᠬᠤᠯᠪᠣᠭᠳᠠᠬᠤ ᠦᠴᠢᠭ᠌ ᠢᠷᠦᠭᠡᠯ ᠤᠨ ᠳᠡᠦᠭᠡᠨ ᠡᠭᠦᠰᠦᠯ ᠭᠦᠭ᠍ᠵᠢᠯ᠂ ᠠᠭᠤᠯᠭ᠎ᠠ᠂ ᠦᠪᠡᠷᠮᠢᠴᠠ ᠣᠠᠴᠠᠯᠢᠭ ᠢ ᠳᠤᠳᠤᠷᠬᠠᠢ᠌ᠯᠠᠵᠤ ᠭᠠᠷᠭᠠᠬᠤ ᠪᠠᠷ ᠭᠢᠴᠢᠶᠠᠵᠠᠢ᠃ ᠮᠦᠨ ᠳᠡᠭᠦᠡᠴᠢᠯᠡᠨ ᠬᠦᠬᠡᠨᠠᠭᠤᠷ ᠤᠨ ᠳᠡᠭᠡᠳᠤ ᠮᠤᠩᠭ᠋ᠤᠯᠴᠤᠳ ᠤᠨ ᠰᠦᠩ ᠰᠥᠩᠨᠡᠭᠦ ᠶᠤᠰᠤᠨ ᠤ ᠵᠠᠩ ᠣᠢ᠌ᠯᠠ ᠲᠡᠶ ᠬᠤᠯᠪᠣᠭᠳᠠᠬᠤ 《ᠪᠠᠶᠠᠨ ᠰᠦᠩ ᠤᠨ ᠢᠷᠦᠭᠡᠯ》 ᠊ᠤᠨ ᠳᠠᠷᠬᠠᠯᠳᠠ ᠶᠢᠨ ᠪᠠᠢ᠌ᠳᠠᠯ᠂ ᠡᠯ᠎ᠡ ᠬᠤᠪᠢᠯᠪᠣᠷᠢ ᠨᠤᠭᠤᠳ ᠤᠨ ᠬᠤᠭᠤᠷᠤᠠᠳᠤᠭᠢ ᠬᠠᠷᠢᠴᠠᠭ᠎ᠠ ᠬᠤᠯᠪᠣᠭ᠎ᠠ᠂ ᠳᠡᠭᠦᠨ ᠤ ᠰᠲ᠋ᠢᠯᠢ ᠭᠡᠯᠪᠠᠷᠢ ᠶᠢᠨ ᠣᠠᠴᠠᠯᠢᠭ ᠪᠣᠯᠤᠨ ᠳᠡᠭᠦᠨ ᠳᠤ ᠳᠤᠰᠬᠠᠭᠳᠠᠭᠰᠠᠨ ᠳᠡᠦᠭᠡᠨ ᠣᠢ᠌ᠯᠠ ᠶᠠᠪᠣᠳᠠᠯ ᠤᠨ ᠣᠴᠢᠷ ᠬᠤᠯᠪᠣᠭᠳᠠᠯ ᠢ ᠳᠤᠳᠤᠷᠬᠠᠢ᠌ᠯᠠᠨ ᠢᠯᠡᠷᠭᠡᠢ᠌ᠯᠡᠵᠤ᠂ ᠡᠨᠡ ᠨᠢ ᠡᠷᠳᠡᠨ ᠤ ᠮᠤᠩᠭ᠋ᠤᠯᠴᠤᠳ ᠤᠨ ᠥᠪᠠᠳᠡᠭ᠍ᠰᠢ ᠶᠡᠭᠡ ᠳᠦᠷᠤ ᠶᠤᠰᠤᠨ ᠤ ᠨᠠᠢ᠌ᠷ ᠬᠤᠷᠢᠮ ᠤᠨ ᠰᠦᠩ ᠰᠥᠩᠨᠡᠭᠦ ᠶᠤᠰᠤ ᠭᠢᠭᠡᠳ ᠳᠡᠭᠦᠨ ᠤ ᠦᠴᠢᠭ᠌ ᠢᠷᠦᠭᠡᠯ ᠲᠡᠶ ᠭᠡᠷᠭᠢᠨ ᠬᠤᠯᠪᠣᠭᠳᠠᠵᠤ᠂ ᠳᠤᠳᠤᠷᠬᠠᠢ ᠳᠤᠭᠳᠠᠯᠴᠠᠭ᠎ᠠ ᠡᠭᠦᠰᠭᠡᠵᠤ ᠪᠠᠢ᠌ᠭ᠎ᠠ ᠶᠢ ᠳᠤᠳᠤᠷᠠᠭᠤᠯᠬᠤ ᠶᠢ ᠵᠤᠷᠢᠭᠰᠠᠨ ᠪᠠᠢ᠌ᠨ᠎ᠠ᠃
ᠴᠠᠢ᠌ᠳᠠᠮ ᠤᠨ ᠰᠤᠨᠢᠨ ᠤ ᠬᠤᠷᠢᠶᠠᠨ ᠤ ᠳᠡᠭᠡᠳᠤ ᠳᠠᠰ ᠤᠨ ᠨᠠᠢ᠌ᠷᠠᠭᠤᠯᠤᠭᠴᠢ ᠸᠠᠩ ᠼᠠᠢ ᠬᠤᠧᠨ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠰᠦᠩ ᠶᠡᠭᠦᠵᠤ 〈ᠪᠠᠶᠠᠨ ᠰᠦᠩ ᠤᠨ ᠢᠷᠦᠭᠡᠯ〉 ᠢᠷᠦᠭᠡᠳᠡᠭ᠌ ᠵᠠᠩ ᠣᠢ᠌ᠯᠠ ᠶᠢᠨ ᠣᠴᠢᠷ ᠰᠢᠯᠳᠠᠭᠠᠨ᠂ ᠶᠤᠰᠤ ᠳᠦᠷᠢᠮ᠂ ᠪᠦᠳᠦᠴᠡ ᠠᠭᠤᠯᠭ᠎ᠠ᠂ ᠡᠭᠦᠰᠦᠯ ᠭᠦᠭ᠍ᠵᠢᠯ ᠤᠨ ᠳᠤᠬᠠᠢ ᠨᠡᠭᠡᠮᠵᠢᠯᠡᠨ ᠰᠤᠳᠤᠯᠬᠤ ᠨᠢ》 (2005) ᠭᠡᠮᠡᠭᠦ ᠥᠭᠦᠯᠡᠯ ᠪᠣᠯᠤᠨ 《ᠪᠠᠶᠠᠨᠰᠦ᠋ᠩ ᠤᠨ ᠢᠷᠦᠭᠡᠯ ᠳ᠋ᠠᠭᠢ 〈ᠴᠢᠩᠭᠢᠰ ᠬᠠᠭᠠᠨ ᠤ ᠬᠠᠰ ᠶᠦᠩᠳᠤᠨ ᠡᠷᠳᠡᠨᠢ ᠶᠢᠨ ᠳᠠᠮᠠᠭ᠎ᠠ〉 ᠵᠢᠴᠢ 〈ᠰᠢᠮᠤᠢ ᠶᠦᠩᠳᠤᠨ ᠭᠢᠱᠢᠤ ᠶᠦᠩᠲᠦᠩ〉 ᠭᠡᠰᠡᠨ ᠨᠢ᠋ᠮᠠᠨ ᠥᠰᠦᠭ᠌ ᠤᠨ ᠣᠤᠠᠬ᠎ᠠ ᠶᠢᠨ ᠢᠷᠠᠯᠳᠠ ᠶᠢᠨ ᠳᠤᠬᠠᠢ ᠥᠭᠦᠯᠡᠭᠦ ᠨᠢ》 (2007) ᠭᠡᠮᠡᠭᠦ ᠬᠤᠶᠠᠷ ᠥᠭᠦᠯᠡᠯ ᠳᠡᠭᠡᠨ ᠳᠡᠭᠡᠳᠤ ᠮᠤᠩᠭ᠋ᠤᠯ ᠳᠤ ᠰᠦᠩ ᠶᠡᠭᠦᠳᠡᠭ᠌᠂ ᠪᠠᠶᠠᠨ ᠰᠦᠩ ᠤᠨ ᠢᠷᠦᠭᠡᠯ ᠢᠷᠦᠭᠡᠳᠡᠭ᠌ ᠤᠨ ᠣᠴᠢᠷ ᠰᠢᠯᠳᠠᠭᠠᠨ᠂ ᠶᠤᠰᠤ ᠳᠦᠷᠢᠮ᠂ ᠪᠦᠳᠦᠴᠡ ᠠᠭᠤᠯᠭ᠎ᠠ᠂ ᠡᠭᠦᠰᠦᠯ ᠭᠦᠭ᠍ᠵᠢᠯ᠂ ᠣᠨ ᠵᠢᠯ ᠪᠣᠯᠤᠨ ᠬᠠᠰ ᠶᠦᠩᠳᠤᠨ ᠡᠷᠳᠡᠨᠢ ᠶᠢᠨ ᠳᠠᠮᠠᠭ᠎ᠠ ᠶᠢᠨ ᠢᠷᠠᠯ ᠭᠠᠷᠤᠯ ᠵᠢᠴᠢ ᠳᠡᠭᠦᠨ ᠤ ᠳᠡᠭᠡᠷᠡᠭᠢ ᠨᠢ᠋ᠮᠠᠨ ᠥᠰᠦᠭ᠌ ᠤᠨ ᠢᠷᠠᠯᠳᠠ᠂ ᠣᠤᠠᠬ᠎ᠠ ᠶᠢᠨ ᠳᠠᠢ᠌ᠯᠪᠣᠷᠢᠯᠠᠯᠳᠠ ᠵᠡᠷᠭᠡ ᠳᠠᠯ᠎ᠠ ᠪᠠᠷ ᠡᠷᠢᠯᠳᠡ ᠬᠠᠢ᠌ᠯᠳᠠ ᠭᠢᠭ᠍ᠰᠡᠨ ᠪᠠᠢ᠌ᠨ᠎ᠠ᠃
4. ᠡᠡᠮᠡᠨ ᠥᠯᠢᠭᠡᠷ ᠤᠨ ᠰᠤᠳᠤᠯᠭᠠᠨ
ᠳᠡᠭᠡᠳᠤ ᠮᠤᠩᠭ᠋ᠤᠯ ᠤᠨ ᠠᠮᠠᠨ ᠥᠯᠢᠭᠡᠷ ᠤᠨ ᠰᠤᠳᠤᠯᠭᠠᠨ ᠤ ᠳᠠᠯ᠎ᠠ ᠪᠠᠷ ᠫᠷᠤᠹᠧᠰᠰᠤᠷ ᠳᠠᠩᠭᠢᠰ ᠤᠨ ᠪᠢᠴᠢᠭ᠍ᠰᠡᠨ 《ᠴᠠᠢ᠌ᠳᠠᠮ ᠤᠨ ᠬᠤᠳᠤᠭᠤᠷ ᠤᠨ ᠰᠤᠷᠭᠤᠭ ᠴᠡᠴᠡᠭ᠌ ᠁ 〈ᠬᠦᠬᠡᠨᠠᠭᠤᠷ ᠮᠤᠩᠭ᠋ᠤᠯᠴᠤᠳ ᠤᠨ ᠠᠮᠠᠨ ᠥᠯᠢᠭᠡᠷ〉 ᠨᠤᠮ ᠢ ᠣᠩᠰᠢᠭᠰᠠᠨ ᠳᠦᠷᠦᠭ᠍ᠳᠡᠯ》 ᠭᠡᠭᠦ ᠥᠭᠦᠯᠡᠯ ᠢ ᠳᠤᠷᠠᠳᠴᠤ ᠪᠣᠯᠤᠨ᠎ᠠ᠃ ᠢᠯᠠᠩᠭ᠋ᠤᠶ᠎ᠠ ᠳᠡᠭᠡᠳᠤ ᠮᠤᠩᠭ᠋ᠤᠯ ᠤᠨ ᠶᠠᠪᠠᠭᠠᠨ ᠥᠯᠢᠭᠡᠷ ᠤᠨ ᠰᠤᠳᠤᠯᠭᠠᠨ ᠤ ᠳᠠᠯ᠎ᠠ ᠪᠠᠷ ᠮᠦᠩᠭᠦᠡᠮᠥ᠋ᠴᠢᠷ ᠳᠠᠳ᠋ ᠫᠷᠤᠹᠧᠰᠰᠤᠷ ᠤᠨ ᠳ᠋ᠤᠺᠲ᠋ᠤᠷ ᠤᠨ ᠴᠤᠯᠠ ᠬᠠᠮᠠᠭᠠᠯᠠᠬᠤ ᠪᠠᠷ ᠳᠤᠭᠤᠷᠪᠢᠭᠰᠠᠨ ᠪᠦᠳᠦᠭᠡᠯ 《ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠭᠡᠪ ᠰᠢᠠᠵᠢ ᠶᠢᠨ ᠰᠤᠳᠤᠯᠤᠯ》 ᠭᠡᠭᠦ ᠳᠤᠮᠤᠬᠠᠨ ᠪᠦᠳᠦᠭᠡᠯ ᠢ ᠳᠤᠷᠠᠳᠬᠤ ᠶᠤᠰᠤᠳᠠᠢ᠃ ᠳᠤᠰ ᠪᠦᠳᠦᠭᠡᠯ ᠨᠢ 《ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠭᠡᠪ ᠰᠢᠠᠵᠢ ᠶᠢᠨ ᠰᠤᠳᠤᠯᠤᠯ》 ᠪᠣᠯᠤᠨ 《ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠭᠡᠪ ᠰᠢᠠᠵᠢ ᠶᠢᠨ ᠳᠤᠪᠶᠤᠭ》 ᠬᠤᠶᠠᠷ ᠳᠤᠮᠤ ᠭᠡᠰᠡᠭ᠌ ᠡᠴᠠ ᠪᠦᠷᠢᠯᠳᠦᠭ᠍ᠰᠡᠨ ᠪᠠᠢ᠌ᠨ᠎ᠠ᠃ ᠡᠭᠦᠨ ᠳᠤ 《ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠰᠤᠳᠤᠯᠤᠯ》 ᠪᠣᠯ ᠭᠤᠤᠯ ᠭᠡᠰᠡᠭ᠌ ᠪᠣᠯᠬᠤ ᠪᠦᠭᠡᠳ ᠣᠳᠤᠷᠢᠳᠬᠠᠯ᠂ ᠳᠦᠷᠪᠠᠨ ᠪᠦᠯᠦᠭ᠌᠂ ᠳ᠋ᠦ᠋ᠩᠨᠡᠯᠲᠡ ᠨᠠᠢ᠌ᠳᠠ ᠵᠢᠷᠭᠤᠭᠠᠨ ᠭᠡᠰᠡᠭ᠌ ᠠᠭᠤᠯᠭ᠎ᠠ ᠪᠠᠷ ᠪᠦᠷᠢᠯᠳᠦᠵᠡᠢ᠃ ᠣᠳᠤᠷᠢᠳᠬᠠᠯ ᠳᠤ᠂ ᠰᠠᠳᠤᠪ ᠤᠨ ᠰᠤᠳᠤᠯᠭᠠᠨ ᠤ ᠪᠠᠢ᠌ᠳᠠᠯ ᠢ ᠡᠷᠭᠢᠴᠡᠭᠦᠯᠤᠨ ᠳ᠋ᠦ᠋ᠩᠨᠡᠭ᠍ᠰᠡᠨ ᠰᠠᠭᠤᠷᠢᠨ ᠳᠤ᠂ ᠰᠤᠳᠤᠯᠭᠠᠨ ᠤ ᠵᠤᠷᠢᠯᠭ᠎ᠠ᠂ ᠠᠷᠭ᠎ᠠ ᠵᠦᠢ ᠵᠡᠷᠭᠡ ᠶᠢ ᠳᠤᠰᠢᠶᠠᠭᠰᠠᠨ ᠪᠠᠢ᠌ᠨ᠎ᠠ᠃ ᠨᠢᠭᠡᠳᠦᠭᠡᠷ ᠪᠦᠯᠦᠭ᠌ ᠲᠤ᠂ ᠬᠦᠬᠡᠨᠠᠭᠤᠷ ᠮᠤᠩᠭ᠋ᠤᠯᠴᠤᠳ ᠤᠨ ᠳᠡᠦᠭᠡᠨ ᠳᠣᠢ᠌ᠮᠤ ᠵᠢᠴᠢ ᠰᠤᠶᠤᠯ ᠤᠨ ᠣᠯᠠᠮᠵᠢᠯᠠᠯ ᠬᠤᠪᠢᠰᠤᠯ ᠤᠨ ᠪᠠᠢ᠌ᠳᠠᠯ ᠢ ᠥᠭᠦᠯᠡᠭᠦ ᠶᠢᠨ ᠵᠡᠷᠭᠡᠴᠡᠭᠡ ᠡᠨᠡᠭᠦ ᠰᠤᠶᠤᠯ ᠤᠨ ᠣᠷᠴᠢᠨ ᠳ᠋ᠠᠭᠢ ᠶᠠᠪᠠᠭᠠᠨ ᠥᠯᠢᠭᠡᠷ ᠤᠨ ᠣᠯᠠᠮᠵᠢᠯᠠᠯ ᠤᠨ ᠣᠠᠴᠠᠯᠢᠭ ᠢ ᠨᠢ ᠳᠤᠳᠤᠷᠬᠠᠢ᠌ᠯᠠᠵᠠᠢ᠃ ᠬᠤᠶᠠᠳᠤᠭᠠᠷ ᠪᠦᠯᠦᠭ᠌ ᠲᠤ᠂ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠢ ᠳᠡᠯᠡᠭᠡᠢ ᠨᠠᠢ᠌ᠳᠠ ᠶᠢᠨ ᠴᠢᠨᠠᠷᠳᠠᠢ ᠭᠡᠪ ᠰᠢᠠᠵᠢ᠂ ᠣᠯᠤᠰ ᠦᠨᠳᠦᠰᠦᠳᠠᠨ ᠤ ᠴᠢᠨᠠᠷᠳᠠᠢ ᠭᠡᠪ ᠰᠢᠠᠵᠢ ᠪᠣᠯᠤᠨ ᠳᠤᠬᠠᠢ ᠶᠢᠨ ᠣᠷᠤᠨ ᠨᠤᠳᠤᠭ ᠤᠨ ᠴᠢᠨᠠᠷᠳᠠᠢ ᠭᠡᠪ ᠰᠢᠠᠵᠢ ᠳᠤ ᠬᠤᠪᠢᠶᠠᠷᠢᠯᠠᠨ ᠰᠢᠠᠵᠢᠯᠠᠵᠤ᠂ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠭᠡᠪ ᠰᠢᠠᠵᠢ ᠶᠢᠨ ᠦᠨᠳᠦᠰᠦᠨ ᠪᠠᠢ᠌ᠳᠠᠯ ᠢ ᠳᠤᠳᠤᠷᠬᠠᠢ᠌ᠯᠠᠬᠤ ᠶᠢᠨ ᠬᠠᠮᠳᠤ ᠭᠡᠪ ᠰᠢᠠᠵᠢ ᠶᠢᠨ ᠣᠠᠴᠠᠯᠢᠭ ᠢ ᠨᠢ ᠶᠡᠷᠦᠩᠭᠡᠢ ᠳ᠋ᠤᠨᠢ ᠠᠵᠢᠭᠯᠠᠨ ᠰᠢᠡᠵᠢᠯᠡᠭ᠍ᠰᠡᠨ ᠪᠠᠢ᠌ᠨ᠎ᠠ᠃ ᠭᠤᠷᠪᠠᠳᠤᠭᠠᠷ ᠪᠦᠯᠦᠭ᠌ ᠲᠤ᠂ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠡᠴᠠ ᠬᠤᠪᠢᠯᠪᠣᠷᠢ ᠣᠯᠠᠨ ᠪᠠᠢ᠌ᠭ᠎ᠠ ᠪᠣᠶᠤ ᠦᠪᠡᠷᠮᠢᠴᠠ ᠣᠠᠴᠠᠯᠢᠭ ᠪᠦᠭᠦᠢ ᠭᠡᠪ ᠰᠢᠠᠵᠢ ᠶᠢ ᠰᠤᠩᠭ᠋ᠤᠨ ᠭᠡᠪ ᠰᠢᠠᠵᠢ ᠶᠢᠨ ᠵᠠᠳᠠᠯᠤᠯᠳᠠ ᠭᠢᠵᠤ᠂ ᠳᠡᠳᠡᠭᠡᠷ ᠭᠡᠪ ᠰᠢᠠᠵᠢ ᠶᠢᠨ ᠥᠯᠢᠭᠡᠷ ᠤᠨ ᠬᠤᠪᠢᠰᠤᠯ ᠭᠦᠭ᠍ᠵᠢᠯ ᠤᠨ ᠣᠠᠴᠠᠯᠢᠭ ᠢ ᠨᠢ ᠥᠭᠦᠯᠡᠵᠡᠢ᠃ ᠳᠦᠷᠪᠠᠳᠦᠭᠡᠷ ᠪᠦᠯᠦᠭ᠌ ᠲᠤ᠂ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠳᠠᠭᠢ ᠡᠨᠡᠳᠭᠡᠭ᠌ ᠲᠦᠪᠡᠳ ᠭᠠᠷᠤᠯᠳᠠᠢ ᠥᠯᠢᠭᠡᠷ ᠢ ᠬᠠᠷᠢᠴᠠᠭᠤᠯᠤᠨ ᠰᠢᠠᠵᠢᠯᠠᠵᠤ᠂ ᠳᠡᠭᠦᠨ ᠤ ᠣᠯᠠᠮᠵᠢᠯᠠᠯ ᠬᠤᠪᠢᠰᠤᠯ ᠤᠨ ᠣᠠᠴᠠᠯᠢᠭ᠂ ᠵᠢᠮ᠎ᠠ ᠬᠠᠤᠯᠢ ᠶᠢ ᠳᠤᠳᠤᠷᠠᠭᠤᠯᠤᠭᠰᠠᠨ ᠪᠠᠢ᠌ᠨ᠎ᠠ᠃ ᠡᠴᠦᠰ ᠲᠤ᠂ ᠡᠮᠦᠨᠡᠭᠢ ᠰᠤᠳᠤᠯᠭᠠᠨ ᠶᠢᠡᠨ ᠳ᠋ᠦ᠋ᠩᠨᠠᠨ ᠬᠤᠷᠢᠶᠠᠩᠭ᠋ᠣᠢ᠌ᠯᠠᠵᠠᠢ᠃
《ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠭᠡᠪ ᠰᠢᠠᠵᠢ ᠶᠢᠨ ᠳᠤᠪᠶᠤᠭ》 ᠪᠣᠯ ᠣᠳᠤᠬᠠᠨ ᠳᠤ ᠢᠯᠠ ᠪᠠᠷ ᠨᠡᠢ᠌ᠳᠡᠯᠡᠭ᠍ᠳᠡᠭᠡᠳ ᠪᠠᠢ᠌ᠭ᠎ᠠ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠡᠮᠭᠢᠳᠭᠡᠯ ᠭᠡᠪᠯᠡᠯ᠂ ᠰᠤᠨᠢᠨ ᠰᠡᠳᠭᠦᠯ ᠳᠡᠭᠡᠷ᠎ᠡ ᠨᠡᠢ᠌ᠳᠡᠯᠡᠭ᠍ᠳᠡᠭ᠍ᠰᠡᠨ ᠶᠠᠪᠠᠭᠠᠨ ᠥᠯᠢᠭᠡᠷ ᠤᠨ ᠳᠸᠺᠰᠲ᠋ ᠵᠢᠴᠢ ᠵᠡᠷᠭᠡ ᠭᠤᠷᠢᠯᠠᠭᠴᠢ ᠶᠢᠨ ᠭᠡᠭᠡᠷ᠎ᠡ ᠶᠢᠨ ᠰᠢᠡᠵᠢᠯᠡᠭᠡᠨ ᠤ ᠳᠸᠺᠰᠲ᠋ ᠮᠠᠲ᠋ᠸᠷᠢᠶᠠᠯ ᠤᠨ ᠰᠠᠭᠤᠷᠢᠨ ᠳᠤ᠂ ᠳᠡᠯᠡᠭᠡᠢ ᠨᠠᠢ᠌ᠳᠠᠳᠤ ᠨᠠᠢ᠌ᠳᠠᠮ ᠭᠡᠷᠡᠭᠯᠡᠭ᠍ᠳᠡᠵᠤ ᠪᠠᠢ᠌ᠭ᠎ᠠ AT ᠵᠢᠨ ᠠᠩᠭᠢᠯᠠᠯ ᠤᠨ ᠠᠷᠭ᠎ᠠ ᠪᠠᠷ ᠦᠨᠳᠦᠰᠦ ᠪᠣᠯᠭᠠᠨ ᠨᠠᠢ᠌ᠷᠠᠭᠤᠯᠤᠨ ᠵᠤᠬᠢᠶᠠᠭᠰᠠᠨ ᠪᠠᠢ᠌ᠨ᠎ᠠ᠃ ᠡᠭᠦᠨ ᠳᠤ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠢ ᠭᠡᠪ ᠰᠢᠠᠵᠢ ᠳᠤ ᠬᠤᠪᠢᠶᠠᠷᠢᠯᠠᠬᠤ ᠳᠠᠭᠠᠨ AT ᠵᠢᠨ ᠠᠩᠭᠢᠯᠠᠯ ᠤᠨ ᠰᠢᠰᠲ᠋ᠸᠮ ᠳᠤ ᠪᠠᠢ᠌ᠬᠤ ᠭᠡᠪ ᠰᠢᠠᠵᠢ ᠪᠣᠯᠤᠨ AT ᠵᠢᠨ ᠠᠩᠭᠢᠯᠠᠯ ᠤᠨ ᠰᠢᠰᠲ᠋ᠸᠮ ᠳᠤ ᠪᠠᠢ᠌ᠬᠤ ᠦᠭᠡᠶ ᠭᠡᠪ ᠰᠢᠠᠵᠢ ᠭᠡᠵᠤ ᠬᠤᠶᠠᠷ ᠭᠡᠰᠡᠭ᠌ ᠲᠤ ᠬᠤᠪᠢᠶᠠᠨ᠂ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠢ ᠳᠡᠯᠡᠭᠡᠢ ᠨᠠᠢ᠌ᠳᠠ ᠶᠢᠨ ᠶᠠᠪᠠᠭᠠᠨ ᠥᠯᠢᠭᠡᠷ ᠤᠨ ᠠᠩᠭᠢᠯᠠᠯ ᠤᠨ ᠰᠢᠰᠲ᠋ᠸᠮ ᠳᠤ ᠣᠷᠤᠭᠤᠯᠵᠤ᠂ ᠳᠡᠯᠡᠭᠡᠢ ᠶᠢᠨ ᠶᠠᠪᠠᠭᠠᠨ ᠥᠯᠢᠭᠡᠷ ᠤᠨ ᠬᠠᠷᠢᠴᠠᠭᠤᠯᠤᠭᠰᠠᠨ ᠰᠤᠳᠤᠯᠭᠠᠨ ᠤ ᠬᠠᠷᠠᠭᠠᠨ ᠳᠤ ᠳᠠᠯᠪᠢᠭᠰᠠᠨ ᠮᠦᠷᠳᠡᠭᠡᠨ ᠪᠠᠰᠠ ᠬᠦᠬᠡᠨᠠᠭᠤᠷ ᠮᠤᠩᠭ᠋ᠤᠯ ᠠᠷᠠᠤᠨ ᠤᠨ ᠶᠠᠪᠠᠭᠠᠨ ᠥᠯᠢᠭᠡᠷ ᠤᠨ ᠦᠪᠡᠷᠮᠢᠴᠠ ᠣᠠᠴᠠᠯᠢᠭ ᠢ ᠬᠠᠷᠠᠭᠠᠯᠵᠠᠨ᠂ AT ᠵᠢᠨ ᠠᠩᠭᠢᠯᠠᠯ ᠳᠤ ᠣᠷᠤᠭᠤᠯᠵᠤ ᠦᠯᠦ ᠳᠡᠢ᠌ᠯᠭᠦ ᠭᠡᠪ ᠰᠢᠠᠵᠢ ᠶᠢ ᠳᠤᠰᠠᠭᠠᠷ ᠭᠠᠷᠭᠠᠨ᠂ AT ᠵᠢᠨ ᠠᠩᠭᠢᠯᠠᠯ ᠳᠤ ᠠᠯᠪᠠ ᠪᠠᠷ ᠰᠢᠬᠠᠨ ᠣᠷᠤᠭᠤᠯᠬᠤ ᠡᠴᠠ ᠭᠢᠴᠢᠶᠡᠭ᠍ᠰᠡᠨ ᠪᠠᠢ᠌ᠨ᠎ᠠ᠃
5. ᠵᠣᠢ᠌ᠷ ᠰᠠᠴᠠᠨ ᠥᠭᠡ ᠶᠢᠨ ᠰᠤᠳᠤᠯᠭᠠᠨ
ᠳᠡᠭᠡᠳᠤ ᠮᠤᠩᠭ᠋ᠤᠯ ᠤᠨ ᠵᠣᠢ᠌ᠷ ᠰᠠᠴᠠᠨ ᠥᠭᠡ ᠶᠢᠨ ᠰᠤᠳᠤᠯᠭᠠᠨ ᠤ ᠳᠠᠯ᠎ᠠ ᠪᠠᠷ ᠵᠤᠭᠳᠠᠷᠮᠠ ᠶᠢᠨ ᠪᠢᠴᠢᠭ᠍ᠰᠡᠨ 《ᠭᠠᠠᠰᠤ ᠶᠢᠨ ᠮᠤᠩᠭ᠋ᠤᠯ ᠵᠣᠢ᠌ᠷ ᠰᠠᠴᠠᠨ ᠥᠭᠡ ᠶᠢᠨ ᠳᠤᠬᠠᠢ ᠠᠵᠢᠭᠯᠠᠯᠳᠠ》᠂ ᠰ᠋·ᠬᠤᠷᠯᠦᠭᠦ᠋ᠤ᠂ ᠰᠡᠷᠡᠡᠴᠡᠴᠡᠭ᠌ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠵᠣᠢ᠌ᠷ ᠰᠠᠴᠠᠨ ᠥᠭᠡ ᠶᠢᠨ ᠣᠷᠤᠨ ᠨᠤᠳᠤᠭ ᠤᠨ ᠦᠪᠡᠷᠮᠢᠴᠠ ᠣᠠᠴᠠᠯᠢᠭ ᠢ ᠰᠥᠪᠠᠭ᠍ᠴᠢᠯᠡᠭᠦ ᠨᠢ》᠂ ᠨᠠᠮᠰᠠᠷᠢ ᠶᠢᠨ ᠪᠢᠴᠢᠭ᠍ᠰᠡᠨ 《ᠬᠦᠬᠡᠨᠠᠭᠤᠷ ᠤᠨ ᠮᠤᠩᠭ᠋ᠤᠯᠴᠤᠳ ᠤᠨ ᠵᠣᠢ᠌ᠷ ᠰᠠᠴᠠᠨ ᠥᠭᠡ ᠶᠢᠨ ᠳᠦᠷᠤᠯ ᠵᠣᠢ᠌ᠯ ᠪᠠ ᠣᠠᠴᠠᠯᠢᠭ ᠢ ᠳᠤᠷᠰᠢᠨ ᠥᠭᠦᠯᠡᠭᠦ ᠨᠢ》᠂ ᠭᠦᠭᠡ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠵᠣᠢ᠌ᠷ ᠰᠠᠴᠠᠨ ᠥᠭᠡ ᠶᠢᠨ ᠳᠦᠷᠤᠯ ᠵᠣᠢ᠌ᠯ ᠭᠢᠭᠡᠳ ᠳᠡᠭᠦᠨ ᠤ ᠣᠠᠴᠠᠯᠢᠭ ᠰᠢᠠᠵᠢ ᠶᠢᠨ ᠳᠤᠬᠠᠢ》 ᠭᠡᠭᠦ ᠵᠡᠷᠭᠡ ᠥᠭᠦᠯᠡᠯ ᠤᠳ ᠪᠣᠢ᠃ ᠡᠳᠡᠭᠡᠷ ᠥᠭᠦᠯᠡᠯ ᠤᠳ ᠲᠤ ᠳᠡᠭᠡᠳᠤ ᠮᠤᠩᠭ᠋ᠤᠯ ᠤᠨ ᠵᠣᠢ᠌ᠷ ᠰᠠᠴᠠᠨ ᠥᠭᠡ ᠶᠢᠨ ᠠᠭᠤᠯᠭ᠎ᠠ ᠴᠢᠭᠯᠡᠯ᠂ ᠳᠦᠷᠤᠯ ᠵᠣᠢ᠌ᠯ᠂ ᠣᠠᠴᠠᠯᠢᠭ ᠰᠢᠠᠵᠢ᠂ ᠰᠤᠷᠭᠠᠨ ᠭᠦᠮᠦᠵᠢᠯ ᠤᠨ ᠣᠢ᠌ᠯᠠᠳᠤᠯ ᠭᠡᠷᠡᠭ᠍ᠴᠡᠭᠡ ᠵᠡᠷᠭᠡ ᠶᠢ ᠳᠠᠯ᠎ᠠ ᠳᠠᠯ᠎ᠠ ᠡᠴᠠ ᠥᠭᠦᠯᠡᠨ ᠶᠠᠷᠢᠭᠰᠠᠨ ᠪᠠᠢ᠌ᠨ᠎ᠠ᠃
6. ᠠᠷᠠᠤᠨ ᠤᠨ ᠳᠠᠭᠤᠤ ᠶᠢᠨ ᠰᠤᠳᠤᠯᠭᠠᠨ
1980 ᠣᠨ ᠳᠤ ᠪᠣᠷᠵᠢᠭᠢᠨ ᠊᠊᠊᠊᠊᠊᠊᠊᠊᠊᠊᠊᠊᠊᠊ ᠪᠠ᠊·ᠤᠶᠤᠨᠪᠢᠯᠢᠭ᠍ᠳᠤ ᠶᠢᠨ ᠪᠢᠴᠢᠭ᠍ᠰᠡᠨ 《ᠬᠦᠬᠡᠨᠠᠭᠤᠷ ᠮᠤᠩᠭ᠋ᠤᠯ ᠤᠨ ᠮᠠᠠᠵᠤ ᠴᠢᠩ ᠤᠨ ᠳᠦᠷᠤ ᠶᠢᠨ ᠦᠨᠳᠦᠰᠦᠳᠠᠨ ᠤ ᠳᠠᠷᠤᠯᠠᠯ ᠢ ᠡᠰᠡᠷᠭᠦᠴᠡᠭ᠍ᠰᠡᠨ ᠊᠊᠊᠊᠊᠊᠊᠊᠊᠊᠊᠊᠊᠊᠊ ᠯᠤᠪᠰᠠᠩᠳᠠᠠᠵᠢᠨ ᠪᠣᠰᠤᠯᠭ᠎ᠠ ᠶᠢᠨ ᠳᠤᠬᠠᠢ ᠳᠤᠷᠰᠢᠨ ᠥᠭᠦᠯᠡᠭᠦ ᠨᠢ》 ᠭᠡᠳᠡᠭ᠌ ᠳᠤᠰᠤᠨ ᠳᠠᠷᠤᠮᠠᠯ ᠤᠨ ᠥᠭᠦᠯᠡᠯ ᠢ ᠳᠤᠷᠠᠳᠬᠤ ᠶᠤᠰᠤᠳᠠᠢ᠃ ᠳᠠᠷᠠ ᠳᠤᠰ ᠥᠭᠦᠯᠡᠯ ᠢ ᠪᠢᠴᠢᠭᠦ ᠳᠡᠭᠡᠨ ᠦᠪᠡᠷ ᠤᠨ ᠰᠢᠩᠭᠡᠭᠡᠯᠳᠡ ᠭᠢᠭ᠍ᠰᠡᠨ ᠠᠷᠠᠤᠨ ᠤᠨ ᠳᠠᠭᠤᠤ 《ᠭᠠᠰ ᠤᠨ ᠴᠠᠭᠠᠨ ᠳᠠᠷᠠᠰᠤᠨ》᠂ ᠴᠦᠯᠳᠤᠮ ᠤᠨ ᠳᠡᠮᠳᠡᠭᠯᠡᠭ᠍ᠰᠡᠨ 《ᠳᠠᠠᠵᠢᠨ ᠬᠤᠩ ᠤᠨ ᠭᠢᠯᠢᠩᠯᠠᠯ ᠤᠨ ᠳᠠᠭᠤᠤ》᠂ ᠬᠦᠬᠡᠨᠠᠭᠤᠷ ᠤᠨ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠤᠰᠬᠠᠢ ᠮᠡᠷᠭᠡᠵᠢᠯ ᠤᠨ ᠪᠠᠭᠰᠢ ᠱ·ᠰᠤᠨᠤᠮ ᠤᠨ ᠰᠡᠢ᠌ᠷᠡᠭᠦᠯᠤᠨ ᠡᠮᠭᠢᠳᠭᠡᠭ᠍ᠰᠡᠨ 《ᠳᠠᠠᠵᠢᠨ ᠬᠤᠩ ᠤᠨ ᠳᠠᠭᠤᠯᠠᠯ》 ᠭᠡᠭᠦ ᠭᠤᠷᠪᠠᠨ ᠳᠠᠭᠤᠤ ᠪᠠᠷ ᠡᠭᠡ ᠮᠠᠲ᠋ᠸᠷᠢᠶᠠᠯ ᠶᠢᠡᠨ ᠪᠣᠯᠭᠠᠵᠠᠢ᠃ ᠡᠨᠡ ᠪᠣᠯ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ 《ᠭᠠᠰ ᠤᠨ ᠴᠠᠭᠠᠨ ᠳᠠᠷᠠᠰᠤᠨ》 ᠊ᠤ ᠳᠤᠬᠠᠢ ᠬᠠᠮᠤᠭ ᠠᠩᠬᠠᠨ ᠤ ᠥᠭᠦᠯᠡᠯ ᠪᠣᠯᠤᠨ᠎ᠠ᠃ ᠪᠠᠰᠠ ᠴᠤ ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠰᠠᠨ ᠡᠴᠡ ᠨᠠᠭᠠᠰᠢᠭᠢ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠤ ᠳᠠᠯ᠎ᠠ ᠪᠠᠷ ᠪᠢᠴᠢᠭ᠍ᠰᠡᠨ ᠬᠠᠮᠤᠭ ᠠᠩᠬᠠᠨ ᠤ ᠥᠭᠦᠯᠡᠯ ᠪᠣᠯᠤᠯᠳᠠᠢ᠃
ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢᠨ ᠳᠤᠬᠠᠢ ᠰᠤᠳᠤᠯᠤᠯ ᠶᠢᠡᠷ ᠨᠠ᠊·ᠴᠠᠷᠠᠩᠪᠠᠯ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢᠨ ᠵᠠᠷᠢᠮ ᠣᠠᠴᠠᠯᠢᠭ ᠤᠨ ᠳᠤᠬᠠᠢ》 (1987)᠂ ᠮᠥᠩᠭᠡᠪᠠᠳᠤ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠬᠤᠶᠠᠷ ᠠᠷᠠᠤᠨ ᠤᠨ ᠳᠠᠭᠤᠤ ᠶᠢᠨ ᠢᠷᠠᠯ ᠡᠭᠦᠰᠦᠯ ᠤᠨ ᠳᠤᠬᠠᠢ》 (1988)᠂ ᠪᠣᠷᠵᠢᠭᠢᠳᠠᠢ ᠪᠦᠭᠡᠴᠢᠯᠡᠭᠤ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ 〈ᠭᠠᠰ ᠤᠨ ᠴᠠᠭᠠᠨ ᠳᠠᠷᠠᠰᠤᠨ〉》᠂ ᠰᠡᠴᠠᠭᠤᠤ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠳ᠋ᠠᠭᠢ ᠱᠠᠰᠢᠨ ᠰᠢᠳᠦᠯᠭᠡ ᠶᠢᠨ ᠨᠥᠯᠦᠭᠡ》᠂ ᠬᠤᠩ ᠭᠤᠸᠠᠩ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠳ᠋ᠠᠭᠢ ᠵᠠᠩ ᠣᠢ᠌ᠯᠠ ᠶᠢᠨ ᠳᠤᠬᠠᠢ》᠂ ᠤᠳᠦᠡᠪᠢᠯᠢᠭ᠌᠂ ᠣᠶᠤᠨ ᠤ ᠪᠢᠴᠢᠭ᠍ᠰᠡᠨ 《ᠳᠡᠭᠡᠳᠤ ᠮᠤᠩᠭ᠋ᠤᠯ ᠤᠨ ᠨᠠᠢ᠌ᠷᠯᠠᠨ ᠳᠠᠭᠤᠯᠠᠬᠤ ᠶᠤᠰᠤ ᠶᠢᠨ ᠳᠤᠬᠠᠢ ᠥᠭᠦᠯᠡᠭᠦ ᠨᠢ》᠂ ᠮᠥᠩᠭᠡᠪᠠᠭᠠᠳᠦᠷ ᠤᠨ 《ᠬᠦᠬᠡᠨᠠᠭᠤᠷ ᠊᠊᠊᠊᠊᠊᠊᠊᠊᠊᠊᠊᠊᠊᠊ ᠰᠦᠪᠧᠢ ᠶᠢᠨ ᠮᠤᠩᠭ᠋ᠤᠯ ᠨᠤᠳᠤᠭ ᠤᠨ ᠳᠠᠭᠤᠤ ᠶᠢᠨ ᠬᠠᠷᠢᠴᠠᠭᠤᠯᠤᠯ》᠂ ᠴᠠᠭᠠᠠᠪᠠᠭᠠᠳᠤᠷ ᠤᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢᠨ ᠣᠢ᠌ᠯᠠᠳᠤᠯ ᠤᠨ ᠳᠤᠬᠠᠢ ᠠᠵᠢᠭᠯᠠᠯᠳᠠ》᠂ ᠶᠢᠨ ᠯᠦᠩ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠢᠨᠠᠭ ᠤᠨ ᠳᠠᠭᠤᠤ ᠶᠢᠨ ᠠᠭᠤᠯᠭ᠎ᠠ ᠶᠢᠨ ᠴᠢᠭᠯᠡᠯ ᠪᠠ ᠵᠠᠷᠢᠮ ᠦᠪᠡᠷᠮᠢᠴᠠ ᠣᠠᠴᠠᠯᠢᠭ ᠢ ᠳᠤᠷᠰᠢᠨ ᠥᠭᠦᠯᠡᠭᠦ ᠨᠢ》 ᠭᠡᠭᠦ ᠵᠡᠷᠭᠡ ᠥᠭᠦᠯᠡᠯ ᠤᠳ ᠪᠣᠢ᠃ ᠡᠳᠡᠭᠡᠷ ᠥᠭᠦᠯᠡᠯ ᠤᠳ ᠲᠤ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢᠨ ᠵᠠᠷᠢᠮ ᠳᠠᠭᠤᠤ ᠶᠢᠨ ᠢᠷᠠᠯ ᠡᠭᠦᠰᠦᠯ᠂ ᠠᠭᠤᠯᠭ᠎ᠠ ᠴᠢᠭᠯᠡᠯ᠂ ᠦᠪᠡᠷᠮᠢᠴᠠ ᠣᠠᠴᠠᠯᠢᠭ ᠪᠠ ᠳᠡᠭᠦᠨ ᠳᠤ ᠳᠤᠰᠬᠠᠭᠳᠠᠭᠰᠠᠨ ᠵᠠᠩ ᠣᠢ᠌ᠯᠠ ᠵᠢᠴᠢ ᠱᠠᠰᠢᠨ ᠰᠢᠳᠦᠯᠭᠡ ᠶᠢᠨ ᠨᠥᠯᠦᠭᠡ ᠵᠡᠷᠭᠡ ᠶᠢ ᠳᠠᠯ᠎ᠠ ᠳᠠᠯ᠎ᠠ ᠡᠴᠡ ᠨᠠᠷᠢᠪᠴᠢᠯᠠᠨ ᠰᠢᠠᠵᠢᠯᠠᠵᠠᠢ᠃
ᠤᠢ᠌ᠷ᠎ᠡ ᠶᠢᠨ ᠭᠡᠳᠤᠨ ᠵᠢᠯ ᠳᠤ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢᠨ ᠰᠤᠳᠤᠯᠭᠠᠨ ᠤ ᠴᠠᠷ᠎ᠠ ᠭᠦᠷᠢᠶ᠎ᠡ ᠦᠷᠭᠡᠳᠴᠤ ᠭᠦᠡᠵᠡᠭᠡᠢ᠌ᠷᠡᠭᠦ ᠬᠠᠠᠳᠤᠰᠢ ᠲᠡᠶ ᠪᠣᠯᠪᠠ᠃ ᠡᠭᠦᠨ ᠳᠤ ᠡᠷᠳᠡᠨᠢᠪᠢᠯᠢᠭ᠌᠂ ᠭᠦᠢ ᠯᠠᠨ ᠤ ᠪᠢᠴᠢᠭ᠍ᠰᠡᠨ 《ᠤᠢ᠌ᠷᠠᠤᠨ ᠮᠤᠩᠭ᠋ᠤᠯ ᠤᠨ ᠠᠷᠠᠤᠨ ᠤᠨ ᠳᠠᠭᠤᠤ ᠶᠢᠨ ᠰᠤᠳᠤᠯᠤᠯ》 ᠭᠡᠭᠦ ᠪᠦᠳᠦᠭᠡᠯ ᠳᠤ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠪᠠᠭᠳᠠᠭᠠᠨ ᠰᠤᠳᠤᠯᠵᠠᠢ᠃ ᠰᠢᠠᠵᠢᠶᠠᠩ ᠤᠨ ᠪᠠᠭᠰᠢ ᠶᠢᠨ ᠶᠡᠭᠡ ᠰᠤᠷᠭᠠᠭᠤᠯᠢ ᠶᠢᠨ ᠪᠠᠳᠤᠪᠠᠶᠠᠷ ᠤᠨ ᠡᠷᠭᠢᠯᠡᠨ ᠭᠢᠵᠤ ᠮᠠᠨ ᠤ ᠰᠠᠯᠪᠣᠷᠢ ᠶᠢᠨ ᠪᠠᠭᠰᠢ ᠢᠤᠢ ᠮᠸᠢ ᠶᠢᠨ ᠣᠷᠤᠯᠴᠠᠭ᠎ᠠ ᠲᠡᠶ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠰᠠᠭᠤᠷᠢ ᠮᠦᠩᠭᠦᠨ ᠤ ᠵᠠᠯᠠᠭᠤᠴᠤᠳ ᠤᠨ ᠲᠦᠰᠤᠯ 《ᠰᠢᠠᠵᠢᠶᠠᠩ ᠤᠢ᠌ᠷᠠᠤᠨ ᠤᠨ ᠣᠷᠳᠤ ᠳᠠᠭᠤᠨ ᠤ ᠣᠯᠠᠮᠵᠢᠯᠠᠯ ᠤᠨ ᠭᠡᠭᠡᠷ᠎ᠡ ᠶᠢᠨ ᠰᠢᠡᠵᠢᠯᠡᠭᠡ ᠪᠣᠯᠤᠨ ᠰᠤᠳᠤᠯᠤᠯ》 ᠭᠡᠭᠦ ᠰᠤᠳᠤᠯᠭᠠᠨ ᠤ ᠰᠠᠳᠤᠪ ᠲᠤ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠨᠢᠭᠡ ᠭᠡᠰᠡᠭ᠌ ᠪᠣᠯᠭᠠᠨ ᠪᠢᠴᠢᠵᠤ ᠳᠠᠨᠢᠯᠴᠠᠭᠤᠯᠵᠠᠢ᠃ ᠢᠤᠢ ᠮᠸᠢ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠡᠮᠭᠢᠳᠭᠡᠵᠤ ᠰᠤᠳᠤᠯᠤᠭᠰᠠᠨ ᠳᠣᠢ᠌ᠮᠤ》 ᠭᠡᠭᠦ ᠥᠭᠦᠯᠡᠯ ᠳᠤ ᠭᠤᠤᠯᠳᠠᠭᠤ 20 ᠳ᠋ᠤᠭᠠᠷ ᠵᠠᠭᠤᠨ ᠤ 80 ᠊ᠭᠠᠤᠨ ᠣᠨ ᠡᠴᠠ ᠨᠠᠭᠠᠰᠢᠭᠢ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠡᠮᠭᠢᠳᠭᠡᠵᠤ ᠰᠤᠳᠤᠯᠤᠭᠰᠠᠨ ᠳᠣᠢ᠌ᠮᠤ ᠪᠠᠢ᠌ᠳᠠᠯ ᠢ ᠳᠤᠭᠠᠴᠢᠨ ᠥᠭᠦᠯᠡᠭᠦ ᠶᠢᠨ ᠬᠠᠮᠳᠤ ᠬᠣᠢ᠌ᠰᠢᠳᠠ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠰᠤᠳᠤᠯᠬᠤ ᠳᠤᠬᠠᠢ ᠦᠪᠡᠷ ᠤᠨ ᠰᠠᠨᠠᠯ ᠶᠢᠡᠨ ᠳᠡᠪᠰᠢᠭᠦᠯᠵᠡᠢ⑧᠃ ᠢᠯᠠᠵᠠ ᠶᠢᠨ ᠪᠢᠴᠢᠭ᠍ᠰᠡᠨ ᠡᠡᠰᠫᠢᠷᠡᠡᠲ᠋ ᠤᠨ ᠴᠤᠯᠠ ᠬᠠᠮᠠᠭᠠᠯᠠᠭᠰᠠᠨ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠳ᠋ᠠᠭᠢ ᠵᠠᠩ ᠣᠢ᠌ᠯᠠ ᠶᠢᠨ ᠰᠤᠶᠤᠯ ᠤᠨ ᠰᠤᠳᠤᠯᠤᠯ》 ᠭᠡᠭᠦ ᠪᠦᠳᠦᠭᠡᠯ ᠨᠢ ᠭᠤᠤᠯᠳᠠᠭᠤ ᠳᠡᠭᠡᠳᠤ ᠮᠤᠩᠭ᠋ᠤᠯ ᠤᠨ ᠳᠦᠷᠤ ᠶᠤᠰᠤᠯᠠᠯ᠂ ᠨᠠᠢ᠌ᠷ ᠬᠤᠷᠢᠮ ᠤᠨ ᠵᠠᠩ ᠣᠢ᠌ᠯᠠ ᠲᠡᠶ ᠬᠤᠯᠪᠣᠭᠳᠠᠬᠤ ᠠᠷᠠᠤᠨ ᠤᠨ ᠳᠠᠭᠤᠤ᠂ ᠳᠡᠭᠡᠳᠤ ᠮᠤᠩᠭ᠋ᠤᠯ ᠤᠨ ᠠᠵᠤ ᠪᠠᠢ᠌ᠳᠠᠯ᠂ ᠬᠠᠢ᠌ᠷ᠎ᠠ ᠰᠡᠳᠬᠢᠯᠭᠡ᠂ ᠰᠤᠷᠭᠠᠨ ᠭᠦᠮᠦᠵᠢᠯ ᠤᠨ ᠵᠠᠩ ᠣᠢ᠌ᠯᠠ ᠲᠡᠶ ᠬᠤᠯᠪᠣᠭᠳᠠᠬᠤ ᠠᠷᠠᠤᠨ ᠤᠨ ᠳᠠᠭᠤᠤ᠂ ᠳᠡᠭᠡᠳᠤ ᠮᠤᠩᠭ᠋ᠤᠯ ᠤᠨ ᠳᠡᠦᠭᠡᠳᠤ ᠭᠦᠮᠤᠨ᠂ ᠨᠤᠳᠤᠭ ᠣᠰᠤ ᠪᠠᠨ ᠮᠠᠭᠳᠠᠭᠰᠠᠨ ᠳᠠᠭᠤᠤ ᠳ᠋ᠠᠭᠢ ᠵᠠᠩ ᠣᠢ᠌ᠯᠠ ᠶᠢᠨ ᠳᠤᠰᠬᠠᠯ ᠭᠡᠭᠦ ᠭᠤᠷᠪᠠᠨ ᠪᠦᠯᠦᠭ᠌ ᠶᠢᠡᠷ ᠪᠦᠷᠢᠯᠳᠦᠭ᠍ᠰᠡᠨ ᠪᠠᠢ᠌ᠳᠠᠭ᠃ ᠳᠤᠰ ᠪᠦᠳᠦᠭᠡᠯ ᠳᠤ ᠭᠤᠤᠯᠳᠠᠭᠤ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠵᠠᠩ ᠣᠢ᠌ᠯᠠ ᠶᠢᠨ ᠬᠠᠷᠠᠭᠠᠰᠤ ᠡᠴᠠ ᠰᠢᠠᠵᠢᠯᠠᠨ ᠰᠤᠳᠤᠯᠬᠤ ᠪᠠᠷ ᠵᠤᠷᠢᠯᠳᠠ ᠪᠠᠨ ᠪᠣᠯᠭᠠᠵᠤ᠂ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢᠨ ᠳᠦᠷᠤᠯ ᠵᠠᠨᠠᠷ ᠳᠡᠬᠢ ᠵᠠᠩ ᠣᠢ᠌ᠯᠠ ᠶᠢᠨ ᠳᠤᠰᠬᠠᠯ ᠢ ᠵᠠᠳᠠᠯᠤᠨ ᠰᠢᠠᠵᠢᠯᠠᠵᠠᠢ᠃
7. ᠣᠨᠢᠰᠤᠭ᠎ᠠ ᠳᠠᠭᠠᠯᠭ᠎ᠠ ᠶᠢᠨ ᠰᠤᠳᠤᠯᠭᠠᠨ
ᠳᠡᠭᠡᠳᠤ ᠮᠤᠩᠭ᠋ᠤᠯ ᠤᠨ ᠣᠨᠢᠰᠤᠭ᠎ᠠ ᠳᠠᠭᠠᠯᠭ᠎ᠠ ᠶᠢᠨ ᠰᠤᠳᠤᠯᠭᠠᠨ ᠤ ᠳᠠᠯ᠎ᠠ ᠪᠠᠷ ᠭᠦᠭᠡ ᠰᠤᠪᠣᠤᠨ ᠤᠨ ᠪᠢᠴᠢᠭ᠍ᠰᠡᠨ 《ᠳᠡᠭᠡᠳᠤ ᠮᠤᠩᠭ᠋ᠤᠯ ᠤᠨ ᠳᠠᠪᠤᠨ ᠬᠤᠰᠢᠭᠤ ᠮᠠᠯ ᠤᠨ ᠵᠣᠢ᠌ᠷᠯᠠᠯ ᠲᠡᠶ ᠣᠨᠢᠰᠤᠭ᠎ᠠ ᠳᠠᠭᠠᠯᠭ᠎ᠠ ᠶᠢᠨ ᠳᠤᠬᠠᠢ ᠳᠦᠭᠦᠮ ᠥᠭᠦᠯᠡᠭᠦ ᠨᠢ》 ᠭᠡᠭᠦ ᠥᠭᠦᠯᠡᠯ ᠳᠡᠭᠡᠨ ᠳᠡᠭᠡᠳᠤ ᠮᠤᠩᠭ᠋ᠤᠯ ᠤᠨ ᠳᠠᠪᠤᠨ ᠬᠤᠰᠢᠭᠤ ᠮᠠᠯ ᠤᠨ ᠵᠣᠢ᠌ᠷᠯᠠᠯ ᠲᠡᠶ ᠣᠨᠢᠰᠤᠭ᠎ᠠ ᠳᠠᠭᠠᠯᠭ᠎ᠠ ᠶᠢ ᠳᠦᠭᠦᠮ ᠳᠠᠨᠢᠯᠴᠠᠭᠤᠯᠵᠤ ᠳᠡᠭᠦᠨ ᠤ ᠣᠠᠴᠠᠯᠢᠭ ᠰᠢᠠᠵᠢ ᠶᠢ ᠡᠷᠢᠨ ᠰᠥᠪᠠᠭ᠍ᠴᠢᠯᠡᠭ᠍ᠰᠡᠨ ᠪᠠᠢ᠌ᠨ᠎ᠠ᠃ ᠯ·ᠥᠰᠦᠷᠦᠩᠭᠦᠢ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠣᠨᠢᠰᠤᠭ᠎ᠠ ᠳᠠᠭᠠᠯᠭ᠎ᠠ ᠶᠢᠨ ᠳᠤᠬᠠᠢ ᠰᠢᠡᠵᠢᠯᠡᠭᠡ》 ᠭᠡᠭᠦ ᠥᠭᠦᠯᠡᠯ ᠳᠡᠭᠡᠨ ᠳᠡᠭᠡᠳᠤ ᠮᠤᠩᠭ᠋ᠤᠯ ᠤᠨ ᠣᠨᠢᠰᠤᠭ᠎ᠠ ᠳᠠᠭᠠᠯᠭ᠎ᠠ ᠶᠢᠨ ᠣᠢ᠌ᠯᠠᠳᠤᠯ ᠭᠡᠷᠡᠭ᠍ᠴᠡᠭᠡ᠂ ᠰᠤᠶᠤᠯ ᠤᠨ ᠦᠨ᠎ᠡ ᠴᠠᠨ᠎ᠡ ᠶᠢ ᠡᠷᠢᠨ ᠠᠭᠤᠳᠠᠯᠠᠵᠠᠢ᠃
ᠡᠭᠦᠨ ᠡᠴᠠ ᠭᠠᠳᠠᠨ᠎ᠠ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠶᠡᠷᠦᠩᠭᠡᠢ᠌ᠯᠡᠭ᠍ᠰᠡᠨ ᠰᠤᠳᠤᠯᠭᠠᠨ ᠤ ᠳᠠᠯ᠎ᠠ ᠪᠠᠷ ᠭᠦᠭᠡ ᠶᠢᠨ ᠪᠢᠴᠢᠭ᠍ᠰᠡᠨ 《ᠳᠡᠭᠡᠳᠤ ᠮᠤᠩᠭ᠋ᠤᠯ ᠤᠨ ᠠᠮᠠᠨ ᠵᠤᠬᠢᠶᠠᠯ ᠤᠨ ᠡᠮᠭᠢᠳᠭᠡᠯ ᠭᠡᠪᠯᠡᠯ ᠰᠤᠳᠤᠯᠤᠯ ᠤᠨ ᠳᠣᠢ᠌ᠮᠤ》᠂ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠡᠮᠭᠢᠳᠭᠡᠯ ᠴᠤᠭᠯᠠᠭᠤᠯᠭ᠎ᠠ ᠳ᠋ᠠᠭᠢ ᠣᠯᠳᠠᠰᠢ ᠠᠯᠳᠠᠰᠢ》 ᠭᠡᠭᠦ ᠵᠡᠷᠭᠡ ᠥᠭᠦᠯᠡᠯ ᠤᠳ ᠢ ᠳᠤᠷᠠᠳᠴᠤ ᠪᠣᠯᠤᠨ᠎ᠠ᠃ ᠡᠳᠡᠭᠡᠷ ᠥᠭᠦᠯᠡᠯ ᠳᠤ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠢ ᠡᠮᠭᠢᠳᠭᠡᠵᠤ ᠴᠤᠭᠯᠠᠭᠤᠯᠤᠭᠰᠠᠨ ᠪᠠᠢ᠌ᠳᠠᠯ᠂ ᠭᠡᠪᠯᠡᠯ ᠤᠨ ᠪᠠᠢ᠌ᠳᠠᠯ᠂ ᠰᠤᠳᠤᠯᠭᠠᠨ ᠤ ᠪᠠᠢ᠌ᠳᠠᠯ ᠢ ᠳᠦᠭᠦᠮ ᠳᠠᠨᠢᠯᠴᠠᠭᠤᠯᠤᠭᠰᠠᠨ ᠪᠦᠭᠡᠳ ᠨᠥᠭᠦᠭᠡ ᠨᠢᠭᠡ ᠥᠭᠦᠯᠡᠯ ᠳᠡᠭᠡᠨ ᠳᠡᠭᠡᠳᠤ ᠮᠤᠩᠭ᠋ᠤᠯ ᠤᠨ ᠠᠮᠠᠨ ᠵᠤᠬᠢᠶᠠᠯ ᠤᠨ ᠡᠮᠭᠢᠳᠭᠡᠯ ᠴᠤᠭᠯᠠᠭᠤᠯᠭ᠎ᠠ ᠳᠤ ᠣᠷᠤᠰᠢᠵᠤ ᠪᠠᠢ᠌ᠭ᠎ᠠ ᠵᠠᠷᠢᠮ ᠠᠰᠠᠭᠤᠳᠠᠯ ᠤᠳ ᠢ ᠳᠤᠷᠠᠳᠤᠨ ᠭᠠᠷᠭᠠᠵᠠᠢ᠃ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠶᠡᠷᠦᠩᠭᠡᠢ᠌ᠯᠡᠭ᠍ᠰᠡᠨ ᠰᠤᠳᠤᠯᠭᠠᠨ ᠤ ᠳᠠᠯ᠎ᠠ ᠪᠠᠷ 2009 ᠣᠨ ᠡᠴᠠ ᠡᠭᠢᠯᠡᠨ ᠮᠢᠨᠤ ᠪᠠᠶ᠎ᠠ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠰᠠᠭᠤᠷᠢ ᠮᠦᠩᠭᠦᠨ ᠤ ᠳᠤᠰᠠᠯᠠᠮᠵᠢ ᠪᠠᠷ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠤᠯ》 ᠭᠡᠭᠦ ᠰᠠᠳᠤᠪ ᠢ ᠡᠷᠭᠢᠯᠡᠨ ᠭᠢᠵᠤ ᠪᠣᠢ᠃
ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠭᠠᠨ ᠤ ᠶᠡᠷᠦᠩᠭᠡᠢ ᠪᠠᠢ᠌ᠳᠠᠯ ᠡᠴᠡ ᠦᠵᠡᠪᠠᠯ᠂ ᠡᠮᠦᠨᠡᠭᠢ ᠬᠤᠭᠤᠴᠠᠭᠠᠨ ᠤ ᠠᠮᠠᠨ ᠵᠤᠬᠢᠶᠠᠯ ᠤᠨ ᠰᠤᠳᠤᠯᠭᠠᠨ ᠳᠤ ᠭᠤᠤᠯᠳᠠᠭᠤ ᠠᠮᠠᠨ ᠵᠤᠬᠢᠶᠠᠯ ᠤᠨ ᠠᠭᠤᠯᠭ᠎ᠠ ᠦᠵᠡᠯ ᠰᠠᠨᠠᠭ᠎ᠠ᠂ ᠳᠦᠷᠤᠯ ᠵᠠᠨᠠᠷ᠂ ᠦᠪᠡᠷᠮᠢᠴᠠ ᠰᠢᠠᠵᠢ᠂ ᠣᠷᠠᠯᠢᠭ ᠤᠨ ᠣᠠᠴᠠᠯᠢᠭ᠂ ᠳᠦᠷᠢ ᠪᠦᠳᠦᠭᠡᠯᠳᠡ ᠵᠡᠷᠭᠡ ᠶᠢ ᠭᠤᠤᠯᠴᠢᠯᠠᠨ ᠰᠤᠳᠤᠯᠵᠤ ᠪᠠᠢ᠌ᠭᠰᠠᠨ ᠪᠣᠯ ᠣᠳᠤ ᠪᠣᠯᠬᠤ ᠳᠤ ᠭᠤᠤᠯᠳᠠᠭᠤ ᠵᠠᠩ ᠣᠢ᠌ᠯᠠ᠂ ᠱᠠᠰᠢᠨ ᠰᠢᠳᠦᠯᠭᠡ᠂ ᠰᠤᠶᠤᠯ ᠳᠡᠦᠭᠡ ᠭᠡᠭᠦ ᠮᠠᠳᠤᠴᠢᠯᠠᠨ ᠣᠯᠠᠨ ᠳᠠᠯ᠎ᠠ ᠡᠴᠠ ᠰᠤᠳᠤᠯᠬᠤ ᠪᠣᠯᠵᠤ᠂ ᠰᠤᠳᠤᠯᠭᠠᠨ ᠤ ᠴᠠᠷ᠎ᠠ ᠭᠦᠷᠢᠶ᠎ᠡ ᠶᠡᠭᠡ ᠪᠠᠷ ᠦᠷᠭᠡᠳᠴᠤ᠂ ᠰᠤᠳᠤᠯᠭᠠᠨ ᠤ ᠠᠷᠭ᠎ᠠ ᠣᠨᠤᠯ ᠨᠢ ᠰᠢᠨᠠᠳᠤᠨ ᠣᠯᠠᠰᠢᠷᠠᠵᠤ᠂ ᠡᠷᠳᠡᠮ ᠰᠢᠡᠵᠢᠯᠡᠭᠡᠨ ᠤ ᠭᠢᠷᠢ ᠲᠦᠪᠰᠢᠨ ᠨᠢ ᠠᠯᠬᠤᠮ ᠠᠯᠬᠤᠮ ᠶᠢᠡᠷ ᠳᠡᠭᠡᠭ᠍ᠰᠢᠯᠡᠵᠤ᠂ ᠰᠢᠡᠵᠢᠯᠡᠭᠡ ᠰᠤᠳᠤᠯᠭᠠᠨ ᠤ ᠥᠭᠦᠯᠡᠯ ᠪᠦᠳᠦᠭᠡᠯ ᠴᠤ ᠠᠷᠪᠢᠳᠴᠤ ᠪᠣᠢ᠃
ᠵᠡᠭᠦᠯᠳᠡ᠄
①⑥⑦ᠰᠡᠷᠡᠩᠭᠡᠷᠡᠯ᠄ 《ᠳᠡᠭᠡᠳᠤ ᠮᠤᠩᠭ᠋ᠤᠯ ᠤᠨ ᠳᠤᠤᠯᠢ ᠶᠢ ᠡᠮᠭᠢᠳᠭᠡᠵᠤ ᠰᠤᠳᠤᠯᠤᠭᠰᠠᠨ ᠳᠣᠢ᠌ᠮᠤ ᠪᠠᠢ᠌ᠳᠠᠯ》᠂ 《ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ》᠂ 2007 ᠣᠨ ᠤ 4 ᠳ᠋ᠤᠭᠡᠷ ᠬᠤᠭᠤᠴᠠᠭ᠎ᠠ᠂ 24 ᠳ᠋ᠤᠭᠠᠷ ᠨᠢᠭᠤᠷ᠂ 32 ᠳ᠋ᠤᠭᠠᠷ ᠨᠢᠭᠤᠷ᠃
②③④ᠪᠣᠷᠵᠢᠭᠢᠨ ᠊᠊᠊᠊᠊᠊᠊᠊᠊᠊᠊᠊᠊᠊᠊ ᠪᠠ᠊·ᠤᠶᠤᠨᠪᠢᠯᠢᠭ᠍ᠳᠤ᠄ 《ᠬᠦᠬᠡᠨᠠᠭᠤᠷ ᠮᠤᠩᠭ᠋ᠤᠯ ᠤᠨ ᠮᠠᠠᠵᠤ ᠴᠢᠩ ᠤᠨ ᠦᠨᠳᠦᠰᠦᠳᠠᠨ ᠤ ᠳᠠᠷᠤᠯᠠᠯ ᠢ ᠡᠰᠡᠷᠭᠦᠴᠡᠭ᠍ᠰᠡᠨ ᠊᠊᠊᠊᠊᠊᠊᠊᠊᠊᠊᠊᠊᠊᠊ ᠯᠤᠪᠰᠠᠩᠳᠠᠠᠵᠢᠨ ᠤ ᠪᠣᠰᠤᠯᠭ᠎ᠠ ᠶᠢᠨ ᠳᠤᠬᠠᠢ ᠳᠤᠷᠰᠢᠨ ᠥᠭᠦᠯᠡᠭᠦ ᠨᠢ》 ᠭᠡᠭᠦ ᠳᠤᠰᠤᠨ ᠪᠠᠷ ᠤᠨ ᠥᠭᠦᠯᠡᠯ ᠡᠴᠠ ᠡᠰᠢᠯᠡᠪᠡ᠃
⑤ ᠪᠠᠶᠠᠰᠬᠠᠯ ᠭᠠᠪᠢ ᠨᠡᠷ ᠤᠨ ᠡᠮᠭᠢᠳᠭᠡᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠳᠡᠦᠭᠡᠨ ᠰᠤᠷᠪᠣᠯᠵᠢ ᠪᠢᠴᠢᠭ᠌ ᠤᠳ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ᠂ 1997 ᠣᠨ ᠤ 12 ᠰᠠᠷ᠎ᠠ᠂ 273 ᠳ᠋ᠤᠭᠠᠷ ᠨᠢᠭᠤᠷ
⑧ᠢᠤᠢ ᠮᠸᠢ᠄ 《ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠶᠢ ᠡᠮᠭᠢᠳᠭᠡᠵᠤ ᠰᠤᠳᠤᠯᠤᠭᠰᠠᠨ ᠳᠣᠢ᠌ᠮᠤ》᠂ 《ᠭᠡᠯᠡ ᠪᠠ ᠣᠷᠴᠢᠭᠤᠯᠭ᠎ᠠ》᠂ 2009 ᠣᠨ ᠤ 1 ᠳ᠋ᠤᠭᠡᠷ ᠬᠤᠭᠤᠴᠠᠭ᠎ᠠ᠂ 53 ᠳ᠋ᠤᠭᠠᠷ ᠨᠢᠭᠤᠷ᠃
ᠨᠢᠭᠡᠨᠲᠡ ᠨᠠᠢ᠌ᠳᠠᠯᠠᠵᠤ ᠥᠩᠭᠡᠷᠡᠭ᠍ᠰᠡᠨ ᠥᠭᠦᠯᠡᠯ ᠪᠣᠯᠤᠨ᠎ᠠ᠃
* ᠳᠤᠰ ᠥᠭᠦᠯᠡᠯ ᠪᠣᠯ ᠣᠯᠤᠰ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠰᠠᠭᠤᠷᠢ ᠮᠦᠩᠭᠦᠨ ᠤ ᠳᠤᠰᠠᠯᠠᠮᠵᠢᠳᠤ ᠲᠦᠰᠤᠪ ᠊᠊᠊᠊᠊᠊᠊᠊᠊᠊᠊᠊᠊᠊᠊ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠰᠤᠳᠤᠯᠤᠯ》 (ᠵᠥᠪᠰᠢᠶᠡᠷᠡᠭ᠍ᠰᠡᠨ ᠨᠤᠮᠸᠷ᠄ 09XZW022) ᠊ᠤᠨ ᠨᠢᠭᠡ ᠭᠡᠰᠡᠭ᠌ ᠨᠢ ᠪᠣᠯᠤᠨ᠎ᠠ᠃
※ ᠬᠦᠬᠡᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ ᠶᠢᠨ ᠫᠷᠤᠹᠧᠰᠰᠤᠷ᠂ ᠠᠮᠠᠨ ᠵᠤᠬᠢᠶᠠᠯ᠂ ᠵᠠᠩ ᠣᠢ᠌ᠯᠠ ᠶᠢᠨ ᠴᠢᠭᠯᠡᠯ ᠶᠢᠡᠷ ᠠᠵᠢᠯᠯᠠᠵᠤ ᠪᠣᠢ᠃ ᠰᠢᠤᠳᠠᠨ ᠤ ᠨᠤᠮᠸᠷ᠄ 810007
ᠵᠤᠬᠢᠶᠠᠭᠴᠢ ᠶᠢᠨ ᠬᠠᠶᠢᠭ ᠄ ᠬᠦᠬᠡᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ
ᠵᠤᠬᠢᠶᠠᠭᠴᠢ᠄ ᠭᠦᠭᠡ (ᠬᠦᠬᠡᠨᠠᠭᠤᠷ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 12120
ᠴᠠᠭ᠄ 2011 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ