ᠨᠡᠪᠲᠡᠷᠡᠨ ᠤᠷᠤᠬᠤ
ᠭᠦᠰᠡᠯ ᠤᠨ ᠨᠤᠭᠤᠭᠠᠨ ᠵᠡᠭᠦᠳᠤ

ᠭᠦᠭ᠍ᠰᠢᠷᠡᠵᠤ ᠮᠥᠭ᠍ᠰᠢᠷᠡᠭᠡᠳ

ᠭᠦᠰᠡᠯ ᠤᠨ ᠵᠢᠭᠦᠷ ᠣᠷᠭᠤᠭᠤᠯᠤᠯ᠎ᠠ ᠭᠡᠮᠡᠨ

ᠪᠢᠳᠡᠭᠡᠢ ᠡᠯᠡᠭᠯᠡᠭ᠍ᠳᠤᠨ

ᠶ‍ᠢᠷᠳᠢᠠᠴᠤ ᠶᠢᠨ ᠭᠦᠮᠤᠨ ᠪᠦᠭᠦᠨ

ᠶᠠᠩᠵᠤ ᠶᠢᠨ ᠭᠦᠰᠡᠯᠡᠩ ᠲᠡᠶ ᠪᠠᠢ᠌ᠳᠠᠭ

ᠨᠠᠳᠠ ᠳᠤ ᠴᠤ ᠪᠠᠢ᠌ᠵᠤ ᠪᠣᠯᠤᠮᠠᠷ

ᠪᠣᠰᠤᠳ ᠤᠨ ᠨᠢᠳᠤᠨ᠎ᠡ

ᠭᠠᠯ ᠬᠤᠷᠢᠨ ᠳᠠᠪᠣ ᠶᠢ

ᠳᠠᠭᠢᠨ ᠶᠢᠡᠷ ᠳᠠᠪᠠᠭᠰᠠᠨ ᠦᠷᠴᠢᠭᠡᠷ ᠪᠣᠯᠪᠠᠴᠤ

ᠦᠪᠡᠷ ᠤᠨ ᠪᠣᠳᠤᠯ ᠳ᠋ᠤᠷ

ᠭᠠᠩ ᠢᠳᠠᠷ ᠳᠡᠭᠡᠷ᠎ᠡ ᠪᠠᠨ

ᠭᠠᠯᠭᠢᠭᠤᠯᠵᠤ ᠶᠠᠪᠣᠨ᠎ᠠ ᠭᠡᠵᠤ ᠰᠠᠨᠠᠨᠠᠮ

ᠢᠷᠠᠭᠤ ᠨᠠᠢ᠌ᠷᠠᠭᠴᠢ ᠶᠢᠨ ᠠᠪᠢᠶᠠᠰ ᠪᠢᠯᠢᠭ᠌

ᠳᠤᠯᠤᠭᠠᠢ ᠡᠴᠠ ᠣᠯᠠ ᠳᠤ ᠣᠷᠤᠳᠠᠯ᠎ᠠ

ᠬᠠᠷᠠᠭᠳᠠᠵᠤ ᠦᠭ‍ᠭᠦ ᠦᠭᠡᠶ ᠠᠪᠠᠴᠤ

ᠣᠷᠮ᠎ᠠ ᠪᠠᠬ᠎ᠠ ᠶᠢᠨ ᠭᠦᠴᠤᠨ

ᠭᠦᠳᠦᠯᠦᠭᠡᠳ ᠪᠠᠢ᠌ᠬᠤ ᠵᠢ

ᠶᠠᠭᠠᠭᠢᠶ᠎ᠠ ᠭᠡᠭᠦ ᠪᠣᠢ

ᠨᠠᠷᠠᠳᠤ ᠣᠶᠤᠳᠠᠨ ᠤ ᠠᠯᠳᠠᠨ ᠪᠣᠱᠤᠭ᠎ᠠ ᠵᠢ

ᠠᠯᠬᠤᠬᠤ ᠵᠠᠪᠰᠢᠶᠠᠨ

ᠨᠠᠳᠠᠳᠤ ᠪᠠᠢ᠌ᠭ᠎ᠠ ᠦᠭᠡᠶ ᠴᠤ

ᠨᠠᠷᠮᠠᠢ ᠮᠤᠩᠭ᠋ᠤᠯ ᠭᠡᠯᠡᠳᠡᠨ ᠤ ᠪᠣᠰᠤᠭ᠎ᠠ ᠦᠰᠦᠭ᠌

ᠵᠢᠷᠦᠭᠡᠨ ᠳᠠᠮᠢᠷ ᠢ ᠴᠢᠩᠭ᠋ᠠᠯᠠᠬᠤ ᠵᠢ

ᠭᠡᠷᠭᠢᠶ᠎ᠡ ᠭᠡᠭᠦ ᠪᠣᠢ

ᠬᠠᠢ᠌ᠷᠠᠨ ᠨᠠᠰᠤ ᠵᠢ

ᠬᠤᠩᠬᠤᠯᠵᠠᠨ ᠥᠩᠭᠡᠷᠡᠭᠡᠭᠦ ᠵᠢᠷᠭᠠᠯ

ᠨᠠᠳᠠ ᠶᠠᠷᠤᠨᠢ ᠭᠦᠷᠳᠡᠭᠦ ᠥᠭᠡᠢ

ᠬᠤᠪᠢᠨ ᠤ ᠭᠡᠰᠡᠨ ᠪᠦᠷᠭᠡ ᠳ᠋ᠡᠭᠡᠨ

ᠪᠣᠳᠤᠯ ᠤᠨ ᠶ‍ᠢᠷᠳᠢᠠᠴᠤ ᠪᠠᠨ

ᠴᠢᠨᠡᠭᠡ ᠮᠠᠳᠠᠨ ᠳᠡᠯᠭᠡᠶ᠎ᠡ

ᠰᠡᠩᠭᠡᠯᠵᠡᠨ ᠳᠤᠭᠤᠷᠢᠬᠤ ᠪᠣᠶᠠᠨ ᠪᠠᠰᠠ ᠦᠭᠡᠶ ᠶᠢᠨ ᠣᠴᠢᠷ

ᠬᠦᠩᠭᠡᠨ ᠪᠢᠷ ᠢ ᠭᠦᠰᠢᠵᠤ ᠯᠠ ᠪᠠᠢ᠌ᠪᠠᠯ

ᠶᠠᠭᠤ ᠮᠠᠭᠠᠤᠨ

ᠰᠤᠯᠤᠩᠭ᠋ᠠᠨ ᠭᠦᠰᠡᠯ ᠢ ᠡᠪᠦᠷᠯᠡᠨ

ᠰᠤᠷᠤᠭᠰᠠᠨ ᠭᠢᠷᠢ ᠪᠠᠷ ᠵᠢᠠᠨ

ᠵᠢᠷᠤᠵᠤ ᠯᠠ ᠪᠠᠢ᠌ᠶ᠎ᠠ ᠶᠠᠭᠠᠭᠢᠬᠤᠪ

ᠰᠠᠨᠠᠭᠠᠨ ᠢ ᠮᠡᠳᠡᠭ᠍ᠴᠢ

ᠰᠦᠯᠵᠢᠶᠠᠨ ᠤ ᠨᠠᠢ᠌ᠵᠠ ᠨᠠᠷ

ᠦᠯᠠᠮᠵᠢ ᠣᠯᠠᠨ ᠪᠠᠢ᠌ᠭ᠎ᠠ

ᠰᠥ᠋ ᠰᠢᠭ᠌ ᠠᠷᠢᠭᠤᠨ ᠰᠡᠳᠭᠢᠯ ᠵᠢᠠᠷ

ᠣᠷᠮ᠎ᠠ ᠬᠠᠢ᠌ᠷᠠᠯᠠᠨ ᠵᠥᠪᠯᠡᠯᠭᠡ ᠥᠭ᠍ᠴᠤ

ᠪᠢᠴᠢᠭᠡᠳ ᠪᠠᠢ ᠭᠡᠮᠡᠨ ᠵᠤᠷᠢᠭᠵᠢᠭᠤᠯᠤᠨᠠᠮ

ᠰᠤᠷᠤᠭᠰᠠᠨ ᠵᠠᠩ ᠬᠠᠯᠠᠭᠳᠠᠰᠢ ᠥᠭᠡᠢ

ᠰᠠᠮᠠᠷᠠᠵᠤ ᠣᠶᠠᠷᠠᠬᠤ ᠳᠤᠷᠠᠳᠠᠢ

ᠰᠢᠪᠠᠭᠤᠬᠠᠢ ᠴᠢᠨᠢ ᠪᠢ

ᠰᠢᠮᠠᠳᠠᠵᠤ ᠳᠠᠭᠤᠷᠢᠶᠠᠨ

ᠳᠤᠩᠬᠠᠯᠵᠠᠬᠤ ᠵᠢ

ᠭᠡᠨ ᠪᠠᠢ᠌ᠭ ᠭᠡᠭᠦ ᠪᠣᠢ

ᠪᠢᠳᠠᠭᠤ ᠪᠣᠯᠤᠭᠰᠠᠨ

ᠮᠤᠩᠳᠠᠭᠤᠬᠠᠨ ᠵᠢᠭᠦᠷ ᠵᠢᠠᠨ

ᠳᠠᠪᠳᠠᠷᠢᠵᠤ ᠯᠠ ᠪᠠᠢ᠌ᠶ᠎ᠠ

ᠪᠢᠠᠳᠤᠷᠢᠶ᠎ᠠ ᠥᠩᠭᠡᠳᠤ ᠣᠷᠴᠢᠯᠠᠩ ᠵᠢᠠᠷ

ᠳᠡᠭᠦᠯᠢᠨ ᠪᠠᠢ᠌ᠨ᠎ᠠ

ᠭᠡᠮᠡᠨ ᠪᠣᠳᠤᠶ᠎ᠠ

ᠡᠳᠦᠷ ᠪᠦᠷᠢ ᠰᠠᠯᠳᠠᠭ ᠥᠭᠡᠢ

ᠳᠤᠭᠤᠭ᠎ᠠ ᠳᠠᠪᠣᠷ᠎ᠠ ᠪᠠᠨ ᠬᠠᠩᠭᠢᠨᠠᠭᠤᠯᠤᠨ

ᠳᠤᠭᠤᠰᠤ ᠬᠤᠭ ᠶᠢᠡᠨ ᠭᠦᠪᠢᠭᠦ ᠵᠠᠭᠤᠷ᠎ᠠ

ᠨᠠᠢ᠌ᠷᠠᠭ ᠰᠢᠯᠦᠭ᠌ ᠭᠡᠮᠡᠨ ᠰᠡᠳᠭᠢᠳᠡᠭ᠌

ᠠᠮᠳᠠ ᠰᠢᠮᠳᠠ ᠥᠭᠡᠢ

ᠳᠦᠭᠦᠭᠡᠢ ᠪᠣᠯᠴᠢᠭᠤ ᠪᠦᠳᠦᠭᠡᠯ ᠵᠢᠠᠨ

ᠦᠵᠡᠭᠦ ᠮᠡᠷᠭᠡᠳ ᠡᠴᠠ

ᠢᠴᠢᠯ ᠦᠭᠡᠶ ᠨᠢᠭᠤᠯ ᠥᠭᠡᠢ

ᠨᠠᠢ᠌ᠳᠠᠯᠠᠵᠤ ᠯᠠ ᠰᠠᠭᠤᠶ᠎ᠠ

ᠬᠠᠯᠠᠰᠢᠷᠠᠯ ᠦᠭᠡᠶ ᠮᠠᠷᠠᠢ᠌ᠵᠤ ᠪᠠᠢ᠌ᠪᠠᠯ

ᠬᠤᠷᠢ ᠭᠤᠴᠢᠨ ᠵᠢᠯ ᠤᠨ ᠳᠠᠷᠠᠭ᠎ᠠ

ᠬᠡᠦᠬᠡᠳ ᠱᠤᠬᠠᠤᠨ ᠲᠡᠶ ᠪᠣᠯᠴᠢᠬᠠᠪᠠᠯ ᠶᠠᠭᠠᠭᠢᠨ᠎ᠠ

ᠭᠢᠷᠢ ᠪᠠᠨ ᠮᠡᠳᠡᠭᠦ ᠥᠭᠡᠢ

ᠭᠦᠰᠡᠯ ᠤᠨ ᠵᠡᠭᠦᠳᠤ ᠮᠠᠨᠠᠨ

ᠣᠷᠤᠨ ᠭᠠᠷᠤᠨ ᠨᠢᠰᠤᠯᠳᠤᠶ᠎ᠠ

ᠭᠦᠪᠠᠭᠡ ᠭᠢᠵᠠᠭᠠᠷ ᠥᠭᠡᠢ

ᠣᠶᠤᠨ ᠤ ᠳᠠᠯᠠᠢ ᠳ᠋ᠤ

ᠱᠤᠩᠪᠠᠨ ᠳᠠᠷᠪᠠᠨ ᠠᠶᠠᠯᠠᠶ᠎ᠠ


2012 ᠣᠨ ᠤ 12 ᠰᠠᠷ᠎ᠠ ᠵᠢᠨ18 ᠊ᠤ ᠡᠳᠦᠷᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠦᠨᠢᠳ ᠵᠡᠭᠦᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠠᠵᠢᠯ ᠡᠴᠠ ᠠᠮᠠᠷᠠᠭᠰᠠᠨ ᠴᠠᠭᠳᠠᠭ᠎ᠠ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11506
ᠴᠠᠭ᠄ 2012 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ