ᠨᠡᠪᠲᠡᠷᠡᠨ ᠤᠷᠤᠬᠤ
ᠣᠮᠤᠭᠳᠤ ᠦᠨᠳᠦᠰᠦᠳᠠᠨ ᠤ ᠳᠤᠮᠤᠭᠳᠤ ᠨᠤᠳᠤᠭ

ᠳᠡᠦᠭᠡᠨ ᠳᠡᠭᠡᠷ᠎ᠡ ᠨᠢᠭᠡᠨ ᠦᠶ᠎ᠡ ᠨᠠᠷ᠎ᠠ ᠠᠯᠳᠠᠷᠰᠢᠵᠤ ᠪᠠᠢ᠌ᠭᠰᠠᠨ ᠮᠠᠯᠵᠢᠬᠤ ᠳ᠋ᠠᠵᠠᠢ ᠊᠊᠊᠊᠊᠊᠊᠊᠊᠊᠊᠊᠊᠊᠊ ᠦᠣᠰᠢᠠᠵᠤᠤ ᠪᠠᠯᠭᠠᠰᠤᠨ ᠤ ᠴᠠᠭᠠᠠᠰᠦ᠋ᠮ᠎ᠡ ᠭᠠᠴᠠᠭᠠᠨ ᠳᠤ ᠬᠠᠷ᠎ᠠ ᠮᠤᠷᠢᠨ ᠭᠦᠳᠡᠭᠡ ᠭᠡᠮᠡᠭᠦ ᠨᠢᠭᠡ ᠭᠠᠵᠠᠷ ᠪᠣᠢ᠃ ᠡᠨᠡ ᠭᠦᠳᠡᠭᠡ ᠣᠮᠠᠷᠠᠰᠢ ᠪᠠᠨ ᠣᠳᠤᠭ ᠬᠤᠰᠢᠭᠤ ᠲᠡᠶ ᠵᠠᠬ᠎ᠠ ᠨᠠᠢ᠌ᠯᠠᠵᠤ᠂ ᠡᠮᠦᠨᠡᠰᠢ ᠪᠠᠨ ᠠᠷᠪᠠᠨ ᠭᠡᠳᠤᠨ ᠭᠠᠵᠠᠷ ᠦᠷᠭᠦᠯᠵᠢᠯᠡᠭᠡᠳ ᠳᠤᠭᠤᠢ ᠵᠥᠯᠭᠡ ᠭᠦᠷᠤᠨ᠂ ᠵᠡᠭᠦᠡᠰᠢ ᠪᠠᠷᠠᠭᠤᠠᠰᠢ ᠪᠠᠨ ᠴᠤ ᠬᠤᠷᠢᠭᠠᠤᠨ ᠭᠠᠵᠠᠷ ᠦᠷᠭᠡᠨ ᠪᠠᠢ᠌ᠵᠤ᠂ ᠪᠠᠶᠠᠠᠳᠤᠯᠤᠭᠠᠢ ᠡᠴᠠ ᠰᠤᠯᠤᠩᠭ᠋ᠠᠳᠤ ᠶᠢᠨ ᠬᠤᠭᠤᠯᠠᠢ ᠭᠦᠷᠳᠡᠭ᠌᠃ ᠡ᠊ᠨᠳᠡ ᠣᠢ ᠰᠢᠭᠤᠢ ᠢᠭᠴᠤ ᠰᠠᠬᠤᠯᠠᠭ᠂ ᠣᠰᠤ ᠨᠢ ᠳᠤᠩᠭ᠋ᠠᠯᠠᠭ᠂ ᠡᠪᠠᠰᠤ ᠨᠢ ᠰᠤᠷᠭᠤᠭ ᠪᠠᠢ᠌ᠳᠠᠭ ᠶᠢᠡᠷ ᠶᠢᠡᠨ ᠮᠠᠯᠴᠢᠨ ᠲᠦᠮᠡᠨ ᠤ ᠮᠠᠯ ᠰᠦᠷᠦᠭ᠌ ᠶᠢᠡᠨ ᠦᠨᠢᠷ ᠥᠰᠭᠡᠭᠦ ᠳᠠᠷᠬᠠᠨ ᠣᠷᠤᠨ ᠪᠣᠯᠤᠭᠰᠠᠨ ᠪᠠᠢ᠌ᠨ᠎ᠠ᠃ ᠶᠠᠷᠤ ᠨᠢ ᠬᠠᠷ᠎ᠠ ᠮᠤᠷᠢᠨ ᠭᠦᠳᠡᠭᠡ ᠶᠢᠨ ᠡᠨᠡ ᠰᠠᠢ᠌ᠬᠠᠨ ᠪᠦᠭᠦᠳᠡ ᠶᠢ ᠶᠠᠷᠢᠭᠠᠤᠨ ᠪᠠᠷᠠᠰᠢ ᠦᠭᠡᠶ᠂ ᠥᠭᠦᠯᠡᠭᠡᠳ ᠳᠠᠭᠤᠰᠤᠰᠢ ᠦᠭᠡᠶ ᠶᠤᠮ᠃ ᠡ᠊ᠨᠳᠡ ᠪᠢ ᠳᠡᠭᠦᠨ ᠤ ᠨᠠᠷ᠎ᠠ ᠶᠢᠨ ᠢᠷᠠᠯᠳᠠ ᠶᠢᠨ ᠳᠤᠬᠠᠢ ᠨᠢᠭᠡᠨ ᠦᠨᠡᠨ ᠥᠯᠢᠭᠡᠷ ᠢ ᠣᠯᠠᠨ ᠳᠤ ᠰᠤᠨᠤᠷᠳᠠᠭᠤᠯᠤᠶ᠎ᠠ᠃

ᠠᠯᠢ ᠡᠷᠳᠡ ᠳᠠᠢ᠌ᠨ ᠳᠠᠵᠢᠨ ᠦᠷᠭᠦᠯᠵᠢᠯᠡᠭ᠍ᠰᠡᠨ ᠣᠷᠤᠭ᠎ᠠ ᠪᠣᠰᠤᠭ᠎ᠠ ᠣᠨ ᠵᠢᠯ ᠤᠳ ᠲᠤ᠂ ᠨᠢᠭᠡ ᠣᠳᠠᠭ᠎ᠠ ᠮᠠᠭᠤ ᠬᠤᠯᠠᠭᠠᠢ ᠦᠣᠰᠢᠨ ᠨᠤᠳᠤᠭ ᠲᠤ ᠣᠷᠤᠵᠤ ᠢᠷᠠᠨ᠂ ᠬᠠᠮᠢᠶ᠎ᠠ ᠨᠠᠮᠢᠶ᠎ᠠ ᠦᠭᠡᠶ ᠪᠣᠯᠢᠶᠠᠨ ᠳᠡᠭᠡᠷᠡᠮᠳᠡᠵᠤ᠂ ᠠᠯᠠᠵᠤ ᠭᠢᠳᠤᠨ᠂ ᠭᠦᠡᠳᠡᠯᠡᠨ ᠭᠤᠤᠯᠳᠤ ᠠᠭᠠᠰᠢᠯᠠᠭᠰᠠᠭᠠᠷ ᠨᠠᠷᠠ ᠮᠠᠩᠬᠠᠨ ᠳᠤᠯᠤᠭᠠᠢ ᠰᠢᠭᠦᠷᠡᠭᠦ ᠦᠶ᠎ᠡ ᠪᠠᠷ ᠬᠠᠷ᠎ᠠ ᠮᠤᠷᠢᠨ ᠭᠦᠳᠡᠭᠡ ᠶᠢᠨ ᠨᠢᠭᠡᠨ ᠮᠠᠯᠴᠢᠨ ᠠᠢ᠌ᠯ ᠳᠤ ᠢᠷᠠᠵᠠᠢ᠃ ᠡᠨᠡ ᠠᠢ᠌ᠯ ᠤᠨ ᠭᠡᠷ ᠤᠨ ᠡᠵᠡᠨ ᠨᠢ ᠭᠡᠵᠤ ᠭᠦᠴᠤ ᠳᠤᠷᠪᠢᠳᠠᠢ ᠵᠠᠯᠠᠭᠤ ᠪᠠᠢ᠌ᠭᠰᠠᠨ ᠪᠦᠭᠡᠳ ᠣᠶᠠᠭᠠᠨ ᠳᠡᠭᠡᠷ᠎ᠡ ᠦᠣᠷᠰᠡᠭᠡ ᠬᠤᠶᠠᠷ ᠬᠠᠷ᠎ᠠ ᠮᠤᠷᠢ ᠪᠣᠯ ᠳᠡᠭᠦᠨ ᠤ ᠠᠮᠢᠨ ᠬᠠᠢ᠌ᠷᠠᠳᠠᠢ ᠠᠵᠢᠨᠠᠢ ᠭᠦᠯᠦᠭ᠌ ᠨᠢ ᠶᠤᠮ ᠭᠡᠨ᠎ᠡ᠃ ᠥᠵᠡᠭ᠍ᠳᠡᠭ᠍ᠰᠡᠨ ᠶᠢᠡᠨ ᠠᠪᠴᠤ᠂ ᠳᠤᠭᠤᠭᠳᠠᠭᠰᠠᠨ ᠶᠢᠡᠨ ᠦᠮᠴᠢᠯᠠᠵᠤ ᠰᠤᠷᠤᠭᠰᠠᠨ ᠮᠠᠭᠤ ᠬᠤᠯᠠᠭᠠᠢ ᠶᠢᠨ ᠳᠡᠭᠡᠷᠡᠮ ᠤᠳ ᠬᠤᠶᠠᠷ ᠬᠠᠷ᠎ᠠ ᠮᠣᠷᠢᠨ ᠳᠡᠭᠡᠷ᠎ᠡ ᠨᠢ ᠨᠢᠳᠤ ᠳᠤᠰᠴᠤ᠂ ᠪᠦᠭᠡᠮ ᠵᠤᠳᠤᠭᠠᠨ ᠪᠣᠯᠪᠠ᠃ ᠣᠬᠠᠭᠠᠨ ᠰᠡᠷᠭᠦᠯᠡᠩ ᠭᠡᠷ ᠤᠨ ᠡᠵᠡᠨ ᠵᠠᠯᠠᠭᠤ ᠭᠡᠳᠥᠢᠪᠠᠷ ᠭᠦᠴᠤ ᠳᠤᠷᠪᠢ ᠶᠡᠭᠡᠳᠡᠢ ᠪᠣᠯᠪᠠᠴᠤ ᠣᠯᠠᠨ ᠳᠡᠭᠡᠷᠡᠮ ᠲᠡᠶ ᠭᠠᠭᠴᠠᠭᠠᠷ ᠵᠤᠳᠤᠯᠳᠤᠬᠤ ᠶᠢᠨ ᠡᠴᠦᠰ ᠤᠨ ᠳ᠋ᠦ᠋ᠩ ᠢ ᠰᠡᠷᠭᠡᠭ᠌ ᠠᠵᠢᠵᠤ ᠮᠡᠳᠡᠭᠡᠳ ᠰᠠᠨᠠᠮᠰᠠᠷ ᠦᠭᠡᠶ ᠪᠠᠢ᠌ᠬᠤ ᠳ᠋ᠤᠨᠢ ᠵᠠᠪᠰᠢᠶᠠᠨ ᠢ ᠳᠠᠯᠢᠮᠳᠠᠭᠤᠯᠤᠨ ᠬᠠᠢ᠌ᠷᠠᠳᠠᠢ ᠬᠤᠶᠠᠷ ᠬᠠᠷ᠎ᠠ ᠮᠤᠷᠢ ᠪᠠᠨ ᠬᠠᠵᠠᠭᠠᠷ ᠨᠤᠭᠳᠤ ᠶᠢ ᠨᠢ ᠠᠪᠴᠤ᠂ ᠰᠤᠯᠠ ᠳᠠᠯᠪᠢᠵᠤ ᠶᠠᠪᠣᠭᠤᠯᠪᠠ᠃ ᠨᠢᠳᠤ ᠨᠢ ᠣᠯᠠᠢ᠌ᠭᠰᠠᠨ ᠳᠡᠭᠡᠷᠡᠮ ᠤᠨ ᠳᠦᠷᠦᠭᠦᠤ ᠦᠵᠡᠵᠤ ᠪᠠᠢ᠌ᠳᠠᠯ᠎ᠠ ᠠᠯᠳᠠᠵᠤ ᠶᠠᠪᠣᠭᠤᠯᠤᠭᠰᠠᠨ ᠬᠤᠶᠠᠷ ᠬᠠᠷ᠎ᠠ ᠮᠤᠷᠢᠨ ᠤ ᠬᠣᠢ᠌ᠨ᠎ᠠ ᠡᠴᠠ ᠳᠤᠮᠤ ᠯᠠᠢ ᠲᠡᠶ ᠳᠤᠯᠤᠭᠠᠢ ᠪᠠᠨ ᠪᠠᠷᠢᠨ ᠭᠠᠰᠠᠯᠠᠵᠤ ᠳᠠᠷᠠ ᠳᠤᠤᠷ᠎ᠠ ᠨᠢ ᠭᠠᠷ ᠳᠤᠤᠷᠠᠭᠢ ᠭᠦᠮᠦᠰ ᠶᠢᠡᠨ ᠳᠠᠭᠠᠭᠤᠯᠤᠨ 《ᠳᠦᠷᠭᠡᠨ ᠪᠠᠷᠢᠵᠤ ᠠᠪ》 ᠭᠡᠮᠡᠨ ᠡᠷᠢᠶᠡᠨ ᠪᠠᠷᠢᠶᠠᠨ ᠶᠢᠡᠷ ᠪᠠᠷᠭᠢᠷᠠᠯᠳᠤᠵᠤ᠂ ᠡᠯᠳᠡᠪ ᠡᠰᠡᠨ ᠶᠢᠡᠷ ᠬᠠᠷᠢᠶᠠᠭᠰᠠᠭᠠᠷ ᠭᠡᠳᠦᠢ ᠭᠦᠭᠡᠭᠡᠭ᠍ᠰᠡᠨ ᠪᠣᠯᠪᠠᠴᠤ ᠡᠴᠦᠰ ᠲᠡᠭᠡᠨ ᠠᠭᠤᠳᠠᠮ ᠳᠠᠯ᠎ᠠ ᠳᠠᠭᠠᠨ ᠣᠷᠤᠯᠳᠤᠵᠤ ᠥᠰᠦᠭ᠍ᠰᠡᠨ ᠬᠤᠶᠠᠷ ᠬᠤᠷᠳᠤᠨ ᠬᠠᠷ᠎ᠠ ᠶᠢᠨ ᠳᠤᠭᠤᠰᠤ ᠶᠢ ᠨᠢ ᠴᠤ ᠣᠯᠵᠤ ᠥᠵᠡᠭᠦ ᠦᠭᠡᠶ ᠪᠠᠷ ᠰᠦᠨᠢ ᠪᠣᠯᠪᠠ᠃

ᠡᠨᠡ ᠦᠶ᠎ᠡ ᠳᠤ ᠬᠤᠷᠳᠤᠨ ᠬᠠᠷ᠎ᠠ ᠶᠢ ᠪᠠᠷᠢᠵᠤ ᠳᠡᠢ᠌ᠯᠭᠦ ᠦᠭᠡᠶ ᠪᠣᠯᠤᠭᠰᠠᠨ ᠶᠢᠡᠨ ᠮᠡᠳᠡᠭ᠍ᠰᠡᠨ ᠳᠡᠭᠡᠷᠡᠮ ᠤᠨ ᠳᠦᠷᠦᠭᠦᠤ ᠶᠢᠨ ᠬᠤᠤᠷᠠᠨ ᠰᠠᠨᠠᠭ᠎ᠠ ᠨᠢ ᠭᠡᠨᠡᠳᠲᠡ ᠣᠷᠪᠠᠵᠤ᠂ ᠬᠠᠮᠤᠭ ᠠᠭᠤᠷ ᠶᠢᠡᠨ ᠭᠡᠷ ᠤᠨ ᠡᠵᠡᠨ ᠳᠡᠭᠡᠷ᠎ᠡ ᠭᠠᠷᠭᠠᠨ᠂ ᠰᠢᠳᠤ ᠠᠮᠠ ᠪᠠᠨ ᠵᠠᠭᠤᠵᠤ᠂ ᠰᠢᠯᠤᠰᠤ ᠨᠢᠰᠤ ᠪᠠᠨ ᠭᠤᠭᠤᠵᠢᠭᠤᠯᠤᠭᠰᠠᠭᠠᠷ᠄ 《ᠡᠨᠡ ᠠᠢ᠌ᠯ ᠤᠨ ᠡᠭᠡ ᠨᠢᠯᠬᠠᠰ ᠢ ᠨᠢᠭᠡ ᠶᠢ ᠨᠢ ᠴᠤ ᠥᠯᠡᠳᠡᠭᠡᠯ ᠦᠭᠡᠶ ᠣᠰᠠᠳᠬ᠎ᠠ》 ᠭᠡᠵᠤ ᠵᠠᠷᠯᠢᠭ ᠪᠠᠭᠤᠯᠭᠠᠪᠠ᠃ ᠭᠦᠮᠤᠨ ᠠᠯᠠᠬᠤ ᠳᠤ ᠨᠢᠳᠤ ᠴᠠᠪᠴᠢᠳᠠᠭ ᠦᠭᠡᠶ ᠮᠠᠭᠤ ᠬᠤᠯᠠᠭᠠᠢ ᠶᠢᠨ ᠳᠡᠭᠡᠷᠡᠮ ᠤᠳ ᠳᠠᠮᠠᠢ ᠣᠳᠠᠯ ᠦᠭᠡᠶ ᠡᠨᠡ ᠠᠢ᠌ᠯ ᠤᠨ ᠭᠦᠢᠰᠤ ᠶᠢ ᠳᠠᠮᠳᠠᠷᠢᠨ᠂ ᠭᠡᠷ ᠣᠷᠤᠨ ᠢ ᠨᠢ ᠭᠠᠯᠳᠠᠵᠤ᠂ ᠦᠪ ᠭᠦᠷᠦᠩᠭᠡ ᠶᠢ ᠨᠢ ᠴᠦᠯᠪᠠᠵᠠᠢ᠃ ᠳᠤᠬᠠᠢ ᠶᠢᠨ ᠴᠦᠪ ᠤᠨ ᠴᠠᠭ ᠲᠤ ᠡᠨᠡ ᠭᠢᠯᠢᠰ ᠭᠡᠷᠡᠭ᠌ ᠢ ᠳᠡᠭ᠍ᠷᠢ ᠳᠤ ᠵᠠᠭᠠᠯᠳᠤᠬᠤ ᠳᠤ ᠳᠡᠭ᠍ᠷᠢ ᠬᠤᠯᠠ᠂ ᠭᠠᠵᠠᠷ ᠲᠤ ᠮᠡᠳᠡᠭᠦᠯᠭᠦ ᠳᠤ ᠭᠠᠵᠠᠷ ᠬᠠᠳᠠᠭᠤ ᠥᠩᠭᠡᠷᠡᠵᠤ ᠪᠢᠯᠠ᠃ ᠳᠡᠭᠡᠷᠡᠮ ᠤᠨ ᠴᠡᠷᠢᠭ᠌ ᠶᠠᠪᠣᠭᠰᠠᠨ ᠤ ᠳᠠᠷᠠᠭ᠎ᠠ ᠤᠢ᠌ᠷ᠎ᠡ ᠣᠷᠴᠢᠮ ᠤᠨ ᠠᠢ᠌ᠯ ᠠᠢ᠌ᠮᠠᠭ ᠪᠠ ᠳᠦᠷᠤᠯ ᠰᠠᠳᠤᠨ ᠨᠢ ᠡᠨᠡ ᠠᠢ᠌ᠯ ᠤᠨ ᠭᠦᠮᠦᠰ ᠢ ᠭᠡᠷ ᠤᠨ ᠭᠢᠨᠢ ᠠᠷᠤ ᠳᠤ ᠪᠠᠢ᠌ᠭ᠎ᠠ ᠦᠨᠳᠦᠷ ᠣᠷᠤᠢ ᠶᠢᠨ ᠬᠠᠮᠠᠷ ᠲᠤ ᠣᠷᠤᠰᠢᠭᠤᠯᠵᠠᠢ᠃

ᠲ᠋ᠠᠮᠠᠢ ᠣᠳᠠᠯ ᠦᠭᠡᠶ ᠣᠮ ᠬᠤᠮ ᠦᠭᠡᠶ ᠵᠢᠯᠢ᠌ᠭ᠍ᠰᠡᠨ ᠬᠤᠶᠠᠷ ᠬᠤᠷᠳᠤᠨ ᠬᠠᠷ᠎ᠠ ᠴᠤ ᠪᠣᠴᠠᠨ ᠢᠷᠠᠵᠤ᠂ ᠡᠵᠡᠨ ᠤ ᠪᠠᠨ ᠪᠣᠯᠠᠰᠢᠨ ᠡᠮᠤᠨ᠎ᠡ ᠵᠤᠭᠰᠤᠨ᠂ ᠢᠳᠠᠵᠤ ᠣᠤᠭᠤᠬᠤ ᠦᠭᠡᠶ ᠪᠠᠷ ᠳᠤᠯᠤᠭ᠎ᠠ ᠬᠤᠨᠤᠭ ᠡᠮᠭᠡᠨᠢᠭ᠍ᠰᠡᠨ ᠭᠡᠳᠡᠭ᠌᠃ ᠮᠤᠷᠢ ᠭᠡᠵᠤ ᠮᠤᠩᠭ᠋ᠤᠯ ᠭᠦᠮᠤᠨ ᠤ ᠰᠡᠳᠭᠢᠯ ᠢ ᠮᠡᠳᠡᠭ᠍ᠴᠢ ᠳᠡᠭ᠍ᠷᠢ ᠶᠢᠨ ᠣᠨᠤᠭ᠎ᠠ ᠭᠡᠵᠤ ᠡᠭᠦᠨ ᠢ ᠭᠡᠯᠡᠵᠤ ᠪᠠᠢ᠌ᠭ᠎ᠠ ᠪᠢᠵᠠ᠁ ᠡᠨᠡ ᠬᠠᠷᠠᠰᠠᠯᠳᠤ ᠭᠡᠷᠡᠭ᠌ ᠡᠭᠦᠰᠦᠭ᠍ᠰᠡᠨ ᠳᠠᠷᠠ ᠡᠳᠦᠷ ᠡᠴᠠ ᠬᠣᠢ᠌ᠰᠢ ᠴᠢᠳᠤᠷ ᠳᠤᠱᠠ ᠦᠭᠡᠶ ᠰᠤᠯᠠ ᠴᠤ ᠪᠠᠷᠢᠭᠳᠠᠵᠤ᠂ ᠨᠤᠭᠳᠤ ᠬᠠᠵᠠᠭᠠᠷ ᠦᠭᠡᠶ ᠪᠠᠷ ᠣᠨᠤᠭᠤᠯᠳᠠᠭ ᠨᠤᠮᠤᠬᠠᠨ ᠬᠤᠶᠠᠷ ᠬᠠᠷ᠎ᠠ ᠮᠤᠷᠢ ᠨᠢ ᠭᠡᠨᠡᠳᠲᠡ ᠭᠦᠮᠤᠨ ᠬᠠᠷ᠎ᠠ ᠤᠢ᠌ᠷᠠᠳᠤᠭᠤᠯᠬᠤ ᠦᠭᠡᠶ ᠡᠳᠡᠭᠡᠳ ᠳᠤᠭᠰᠢᠨ ᠵᠠᠩ ᠲᠡᠶ ᠪᠣᠯᠤᠭᠰᠠᠨ ᠭᠡᠳᠡᠭ᠌᠃ ᠰᠡᠭᠦᠯᠡᠷ ᠨᠢ ᠡᠨᠡ ᠨᠤᠳᠤᠭ ᠤᠨ ᠭᠦᠮᠦᠰ ᠮᠠᠭᠤ ᠬᠤᠯᠠᠭᠠᠢ ᠶᠢᠨ ᠳᠡᠭᠡᠷᠡᠮ ᠢ ᠵᠢᠭ᠍ᠰᠢᠨ ᠬᠤᠷᠤᠰᠴᠤ᠂ ᠳᠠᠢ᠌ᠰᠤᠨ ᠤ ᠳᠠᠷᠤᠯᠭ᠎ᠠ ᠪᠣᠯᠳᠤᠭᠠᠢ ᠭᠡᠮᠡᠨ ᠬᠤᠶᠠᠷ ᠬᠠᠷ᠎ᠠ ᠮᠤᠷᠢ ᠪᠠᠨ ᠣᠪᠣᠭ᠎ᠠ ᠬᠠᠢ᠌ᠷᠬᠠᠨ ᠳᠤ ᠳᠠᠭᠠᠳᠬᠠᠨ᠂ ᠨᠤᠮ ᠭᠦᠷᠢᠮ ᠭᠢᠯᠭᠡᠵᠤ᠂ ᠳᠤᠰᠬᠠᠢ᠌ᠯᠠᠨ ᠣᠩᠭ᠋ᠤᠯᠠᠵᠤ ᠳᠠᠯᠪᠢᠵᠠᠢ᠃ ᠣᠩᠭ᠋ᠤᠨ ᠬᠠᠷ᠎ᠠ ᠶᠢᠨ ᠳᠠᠷᠤᠯᠭ᠎ᠠ ᠪᠠᠷ ᠡᠨᠡ ᠨᠤᠳᠤᠭ ᠲᠤ ᠳᠠᠭᠢᠵᠤ ᠡᠢ᠌ᠮᠤ ᠠᠵᠠ ᠪᠣᠰᠤ ᠭᠡᠷᠡᠭ᠌ ᠡᠭᠦᠰᠦᠭ᠍ᠰᠡᠨ ᠦᠭᠡᠶ ᠭᠡᠳᠡᠭ᠌᠃ ᠶᠡᠭᠡ ᠬᠤᠵᠢᠮ ᠨᠢ ᠬᠤᠶᠠᠷ ᠣᠩᠭ᠋ᠤᠨ ᠬᠠᠷ᠎ᠠ ᠮᠢᠨᠢ ᠡᠵᠡᠨ ᠤ ᠪᠠᠨ ᠪᠣᠯᠠᠰᠢᠨ ᠳᠡᠷᠭᠡᠳᠡ ᠨᠠᠰᠤ ᠪᠠᠨ ᠪᠠᠷᠠᠵᠤ᠂ ᠶᠠᠰᠤ ᠪᠠᠨ ᠳᠠᠯᠪᠢᠨ᠂ ᠡᠭᠡ ᠨᠤᠳᠤᠭ ᠤᠨ ᠶᠢᠡᠨ ᠬᠠᠯᠠᠭᠤᠨ ᠰᠢᠷᠤᠢ ᠳᠤ ᠦᠨᠢᠳᠠ ᠬᠠᠮᠳᠤ ᠨᠣᠢ᠌ᠷᠰᠤᠭᠰᠠᠨ ᠭᠡᠨ᠎ᠡ᠃ ᠢᠩᠭᠢᠭᠡᠳ ᠬᠤᠵᠢᠮ ᠤᠨ ᠭᠦᠮᠦᠰ ᠡ᠊ᠨᠳᠡᠭᠢ ᠶᠢ ᠬᠠᠷ᠎ᠠ ᠮᠤᠷᠢᠨ ᠭᠦᠳᠡᠭᠡ ᠭᠡᠵᠤ ᠨᠡᠷᠡᠯᠡᠭᠦ ᠪᠣᠯᠪᠠ᠃ ᠭᠦᠮᠤᠨ ᠮᠥᠩᠭᠡ ᠪᠣᠰᠤ ᠴᠤ ᠰᠡᠳᠭᠢᠯ ᠮᠥᠩᠭᠡ ᠭᠡᠳᠡᠭ᠌ ᠶᠢᠡᠷ ᠦᠪᠡᠷ ᠤᠨ ᠦᠨᠳᠦᠰᠦᠳᠠᠨ ᠤ ᠣᠯᠠᠮᠵᠢᠯᠠᠯᠳᠤ ᠰᠠᠢ᠌ᠬᠠᠨ ᠥᠯᠢᠭᠡᠷ ᠳᠡᠦᠭᠡ᠂ ᠶᠤᠰᠤ ᠭᠤᠷᠢᠮ᠂ ᠵᠠᠩ ᠠᠷᠠᠠᠰᠢᠨ ᠢ ᠢᠮᠠᠭᠳᠠ ᠵᠠᠯᠭᠠᠮᠵᠢᠯᠠᠨ ᠴᠡᠭᠡᠵᠢᠯᠡᠵᠤ ᠶᠠᠪᠣᠭᠠᠷᠠᠢ︕ ᠮᠤᠩᠭ᠋ᠤᠯ ᠭᠦᠮᠤᠨ ᠮᠤᠷᠢ ᠲᠡᠶ ᠪᠠᠨ ᠮᠤᠠᠳᠠᠭ᠎ᠠ ᠭᠡᠢ᠌ᠰᠭᠡᠭ᠍ᠰᠡᠨ ᠳᠡᠦᠭᠡ ᠲᠡᠶ ᠰᠢᠤ᠃


ᠵᠤᠬᠢᠶᠠᠭᠴᠢ ᠶᠢᠨ ᠬᠠ‍‌ᠶᠢᠭ ᠄ ᠦᠣᠰᠢᠨ ᠬᠤᠰᠢᠭᠤᠨ ᠤ ᠦᠣᠰᠢᠠᠵᠤᠤ ᠪᠠᠯᠭᠠᠰᠤᠨ ᠤ ᠴᠠᠭᠠᠠᠰᠦ᠋ᠮ᠎ᠡ

ᠵᠤᠬᠢᠶᠠᠭᠴᠢ᠄ ᠵᠤᠯᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6151
ᠴᠠᠭ᠄ 2010 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ