ᠨᠡᠪᠲᠡᠷᠡᠨ ᠤᠷᠤᠬᠤ
ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠲᠠᠷᠢ᠍ᠶ‍ᠠᠯᠠᠬᠤ ᠲᠣᠰᠬᠤᠨ ᠤ ᠪᠦᠷᠢ᠍ᠯᠳ᠋ᠦᠯ ᠬᠢᠭᠡᠳ ᠬᠤᠭᠤᠷ ᠤᠨ ᠦᠯᠢ᠍ᠭᠡᠷ ᠦᠨ ᠡᠭᠦᠰᠦᠯ ᠪᠦᠷᠢ᠍ᠯᠳ᠋ᠦᠯ ᠤᠨ ᠲᠤᠬᠠᠢ ᠨᠢ᠍ᠭᠡ ᠵᠦ᠋ᠢ᠍ᠯ ᠦᠨ ᠮᠠᠭᠠᠳᠯᠠᠯ

【ᠠᠭᠤᠯᠭ᠎ᠠ ᠶᠢᠨ ᠲᠣᠪᠴᠢ】ᠤᠤᠯ ᠥᠭᠦᠯᠡᠯ ᠳ᠋ᠥ ᠬᠤᠭᠤᠷ ᠤᠨ ᠦᠯᠢ᠍ᠭᠡᠷ ᠦᠨ ᠡᠭᠦᠰᠦᠯ ᠢ ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠤ ᠲᠠᠷᠢ᠍ᠶᠠᠯᠠᠬᠤ ᠲᠣᠰᠬᠤᠨ ᠤ ᠪᠦᠷᠢ᠍ᠯᠳ᠋ᠦᠯ ᠲᠡᠶ ᠬᠣᠯᠪᠤᠨ ᠠᠪᠴᠤ ᠦᠵᠡᠭᠡᠳ ᠂ ᠬᠤᠭᠤᠷ ᠤᠨ ᠦᠯᠢ᠍ᠭᠡᠷ ᠨᠢ ᠬᠠᠷᠠᠴᠢ᠍ᠨ ᠤ ᠲᠠᠷᠢ᠍ᠶᠠᠯᠠᠬᠤ ᠲᠤᠰᠬᠤᠨ ᠪᠦᠷᠢ᠍ᠯᠳ᠋ᠦᠨ ᠲᠣᠭᠲᠠᠪᠤᠷᠢ᠍ᠵᠢ᠍ᠭᠰᠠᠨ ᠤ ᠳᠠᠷᠠᠭᠠᠬᠢ 17 ᠳ᠋ᠤᠭᠠᠷ ᠵᠠᠭᠤᠨ ᠤ ᠰᠡᠭᠦᠯᠴᠢ 18 ᠳ᠋ᠤᠭᠠᠷ ᠵᠠᠭᠤᠨ ᠤ ᠡᠬᠢᠨ ᠦᠶ᠎ᠠ ᠪᠠᠷ ᠬᠠᠷᠠᠴᠢ᠍ᠨ ᠨᠤᠲᠤᠭ ᠲᠤ ᠡᠬᠢᠯᠡᠨ ᠡᠭᠦᠰᠴᠦ ᠂ ᠲᠡᠭ᠍ᠷᠢ ᠲᠡᠳᠭᠦᠭ᠍ᠴᠢ ᠶᠢᠨ ᠰᠡᠭᠦᠯᠴᠢ ᠶᠢᠨ ᠦᠶ᠎ᠠ ᠪᠠᠷ (18 ᠳ᠋ᠤᠭᠠᠷ ᠵᠠᠭᠤᠨ ᠤ ᠰᠡᠭᠦᠯᠴᠢ ) ᠪᠦᠷᠢ᠍ᠯᠳ᠋ᠦᠨ ᠲᠣᠭᠲᠠᠭᠰᠠᠨ ᠪᠣᠯᠣᠮᠵᠢ ᠲᠡᠶ ᠬᠡᠮᠡᠨ ᠮᠠᠭᠠᠳᠯᠠᠵᠤ ᠂ ᠴᠢ᠍ᠨᠠᠭᠰᠢ᠍ᠲᠠ ᠬᠤᠭᠤᠷ ᠤᠨ ᠦᠯᠢ᠍ᠭᠡᠷ ᠨᠢ ᠬᠠᠷᠠᠴᠢ᠍ᠨ ᠨᠤᠲᠤᠭ ᠲᠣ ᠠᠩᠬ᠎ᠠ ᠡᠭᠦᠰᠦᠭ᠍ᠰᠡᠨ ᠦ ᠳᠠᠷᠠᠭ᠎ᠠ ᠂ ᠤᠮᠠᠷᠠᠰᠢ ᠴᠢ᠍ᠭᠯᠡᠯ ᠶᠢᠡᠷ ᠨᠡᠢ᠌ᠲᠡ ᠬᠣᠶᠠᠷᠲᠠ ᠨᠡᠭᠦᠳ᠋ᠡᠯᠡᠯᠲᠡ ᠬᠢᠵᠤ ᠂ 19 ᠵᠠᠭᠤᠨ ᠤ ᠡᠬᠢ ᠳᠤᠮᠳ᠋ᠠᠴᠢ ᠦᠶ᠎ᠠ ᠪᠠᠷ ᠮᠣᠩᠭ᠋ᠣᠯᠵᠢ᠍ᠨ ᠨᠤᠲᠤᠭ ᠲᠤ ᠠᠩᠬᠠᠳ᠋ᠤᠭᠠᠷ ᠤᠳ᠋ᠠᠭᠠᠨ ᠤ ᠥᠷᠨᠢ᠍ᠯᠲᠡ ᠳ᠋ᠥ ᠣᠷᠣᠵᠤ ᠂ 20 ᠳ᠋ᠤᠭᠠᠷ ᠵᠠᠭᠤᠨ ᠤ ᠳᠤᠮᠳ᠋ᠠᠴᠢ ᠡᠷᠢ᠍ᠨ ᠶᠢᠡᠷ ᠬᠣᠷᠴᠢ᠍ᠨ ᠵᠠᠷᠤᠳ ᠨᠤᠲᠤᠭ ᠲᠤ ᠬᠤᠶᠠᠳ᠋ᠠᠬᠢ ᠤᠳ᠋ᠠᠭᠠᠨ ᠤ ᠦᠷᠨᠢ᠍ᠯᠲᠡ ᠳ᠋ᠦ ᠣᠷᠣᠭᠰᠠᠨ ᠬᠡᠮᠡᠬᠦ ᠦᠵᠡᠯᠲᠡ ᠶᠢ ᠳᠡᠪᠰᠢ᠍ᠭᠦᠯᠦᠭ᠍ᠰᠡᠨ ᠪᠠᠢ᠌ᠨ᠎ᠠ ᠃

【 ᠵᠠᠩᠭᠢᠯᠠᠭ᠎ᠠ ᠦᠭᠡ】ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ︔ ᠲᠠᠷᠢ᠍ᠶᠠᠯᠠᠬᠤ ᠲᠣᠰᠬᠤᠨ ᠤ ᠪᠦᠷᠢ᠍ᠯᠳ᠋ᠦᠯ ︔ ᠬᠤᠭᠤᠷ ᠤᠨ ᠦᠯᠢ᠍ᠭᠡᠷ ᠦᠨ ᠡᠭᠦᠰᠦᠯ ᠤᠨ ᠣᠷᠣᠨ ᠴᠠᠭ

ᠮᠣᠩᠭ᠋ᠣᠯ ᠦᠨᠳ᠋ᠦᠰᠦᠲᠡᠨ ᠦ ᠬᠤᠭᠤᠷ ᠤᠨ ᠦᠯᠢ᠍ᠭᠡᠷ ᠦᠨ ᠤᠷᠠᠯᠢ᠍ᠭ ᠤᠨ ᠡᠭᠦᠰᠦᠯ ᠦᠨ ᠠᠰᠠᠭᠤᠳ᠋ᠠᠯ ᠨᠢ ᠣᠢ᠌ᠷ᠎ᠠ ᠶᠢᠨ ᠵᠢᠯ ᠮᠠᠰᠢ ᠬᠥᠭ᠍ᠵᠢ᠍ᠶᠡᠨᠲᠡᠢ ᠶᠠᠪᠤᠭᠳ᠋ᠠᠵᠤ ᠂ ᠵᠣᠬᠢᠬᠤ ᠠᠮᠵᠢ᠍ᠯᠲᠠ ᠣᠯᠵᠠᠢ ᠃ ᠡᠷᠳ᠋ᠡᠮᠲᠡᠨ ᠴᠣᠭᠲᠤ ᠪᠠᠷ 《 ᠬᠤᠭᠤᠷ ᠤᠨ ᠦᠯᠢ᠍ᠭᠡᠷ ᠦᠨ ᠰᠤᠳ᠋ᠤᠯᠤᠯ 》 ᠭᠡᠬᠦ ᠪᠦᠲᠦᠭᠡᠯ ᠳ᠋ᠥ ᠪᠡᠨ 《 ᠬᠤᠭᠤᠷ ᠤᠨ ᠦᠯᠢ᠍ᠭᠡᠷ ᠮᠣᠩᠭ᠋ᠣᠯᠵᠢ᠍ᠨ ᠲᠦ᠋ᠮᠡᠳ ᠲᠤ ᠡᠭᠦᠰᠦᠭ᠍ᠰᠡᠨ ᠪᠠᠢ᠌ᠨ᠎ᠠ 》 [ 1 ] ᠬᠡᠮᠡᠨ ᠦᠵᠡᠪᠡ ᠃ ᠡᠷᠳ᠋ᠡᠮᠲᠡᠨ ᠪᠦᠲᠦᠭᠡᠯᠲᠦ ᠪᠠᠷ 《 ᠬᠤᠭᠤᠷᠴᠢ ᠄ ᠬᠣᠷᠴᠢ᠍ᠨ ᠨᠤᠲᠤᠭ ᠤᠨ ᠤᠯᠠᠮᠵᠢ᠍ᠯᠠᠯ ᠳᠤᠮᠳ᠋ᠠᠬᠢ ᠳᠠᠭᠤᠤᠷᠢ᠍ᠯᠢ᠍ᠭ ᠤᠨ ᠣᠷᠠᠯᠢ᠍ᠭᠴᠢ ᠵᠢᠴᠢ ᠬᠥᠭ᠍ᠵᠢ᠍ᠮ 》 ᠬᠡᠮᠡᠬᠦ ᠪᠦᠲᠦᠭᠡᠯ ᠳ᠋ᠥ ᠪᠡᠨ ᠬᠤᠭᠤᠷ ᠤᠨ ᠦᠯᠢ᠍ᠭᠡᠷ ᠨᠢ ᠣᠷᠢ᠍ᠳ᠋ᠠᠪᠠᠷ ᠬᠠᠷᠠᠴᠢ᠍ᠨ ᠲᠦ᠋ᠮᠡᠳ ᠦᠨ ᠨᠤᠲᠤᠭ ᠲᠤ ᠡᠭᠦᠰᠦᠭᠡᠳ ᠳᠠᠷᠠᠭ᠎ᠠ ᠨᠢ ᠤᠮᠠᠷᠠᠰᠢ ᠨᠡᠭᠦᠳ᠋ᠡᠯᠯᠡᠵᠦ ᠬᠣᠷᠴᠢ᠍ᠨ ᠨᠤᠲᠤᠭ ᠲᠣ ᠲᠠᠷᠬᠠᠨ ᠳᠡᠯᠭᠡᠷᠡᠭ᠍ᠰᠡᠨ ᠬᠡᠮᠡᠬᠦ ᠦᠵᠡᠯᠳ᠋ᠡ ᠪᠡᠨ ᠳᠡᠪᠰᠢ᠍ᠭᠦᠯᠦᠭ᠍ᠰᠡᠨ ᠪᠠᠢ᠌ᠨ᠎ᠠ [ 2 ] ᠃ ᠤᠷᠴᠢ᠍ᠮ ᠳ᠋ᠥ ᠡᠷᠳ᠋ᠡᠮᠲᠡᠨ ᠪᠣᠤ ᠵᠢᠨ ᠭᠠᠩ ᠡᠴᠡ《 ᠬᠤᠭᠤᠷ ᠤᠨ ᠤ ᠦᠯᠢ᠍ᠭᠡᠷ ᠦᠨ ᠡᠭᠦᠰᠦᠯ ᠦᠨ ᠭᠠᠵᠠᠷ ᠣᠷᠣᠨ ᠤ ᠲᠤᠬᠠᠢ 》 ᠬᠡᠮᠡᠬᠦ ᠥᠭᠦᠯᠡᠯ ᠳ᠋ᠥ ᠪᠡᠨ ᠬᠤᠭᠤᠷ ᠤᠨ ᠦᠯᠢ᠍ᠭᠡᠷ ᠨᠢ ᠤᠤᠯ ᠤᠨ ᠵᠣᠰᠣᠲᠤ ᠶᠢᠨ ᠴᠢ᠍ᠭᠤᠯᠭᠠᠨ ᠤ ᠬᠠᠷᠠᠴᠢ᠍ᠨ ᠨᠤᠲᠤᠭ ᠲᠣ ᠡᠭᠦᠰᠦᠭ᠍ᠰᠡᠨ ᠪᠠᠢ᠌ᠨ᠎ᠠ ᠬᠡᠮᠡᠨ ᠦᠵᠡᠪᠡ ᠃ [ 3 ] ᠡᠭᠦᠨ ᠡᠴᠡ ᠭᠠᠳ᠋ᠠᠨ᠎ᠠ ᠬᠤᠭᠤᠷ ᠤᠨ ᠦᠯᠢ᠍ᠭᠡᠷ ᠬᠥᠬᠡᠬᠣᠲᠠ ᠶᠢᠨ ᠲᠦ᠋ᠮᠡᠳ ᠲᠤ ᠡᠭᠦᠰᠦᠯ᠎ᠠ ᠂ ᠬᠣᠷᠴᠢ᠍ᠨ ᠨᠤᠲᠤᠭ ᠲᠤ ᠡᠭᠦᠰᠦᠯ᠎ᠠ ᠭᠡᠬᠦ ᠵᠡᠷᠭᠡ ᠦᠵᠡᠯᠲᠡ ᠪᠠᠢ᠌ᠭ᠎ᠠ ᠪᠣᠯᠪᠠᠴᠤ ᠲᠡᠳ᠋ᠡᠭᠡᠷ ᠨᠢ ᠲᠡᠢ᠌ᠮᠦ ᠲᠦ᠋ᠭᠡᠮᠡᠯ ᠪᠢᠰᠢ ᠶᠤᠮ ᠃ ᠨᠡᠩ ᠴᠦ ᠬᠤᠭᠤᠷ ᠤᠨ ᠦᠯᠢ᠍ᠭᠡᠷ ᠦᠨ ᠡᠭᠦᠰᠦᠯ ᠦᠨ ᠴᠠᠭ ᠦᠨ ᠲᠤᠬᠠᠢ 13 ᠳ᠋ᠤᠭᠠᠷ ᠵᠠᠭᠤᠨ ᠂ 16 ᠳ᠋ᠤᠭᠠᠷ ᠵᠠᠭᠤᠨ ᠂ 17 ᠳ᠋ᠤᠭᠠᠷ ᠵᠠᠭᠤᠨ ᠂ 18 ᠳ᠋ᠤᠭᠠᠷ ᠵᠠᠭᠤᠨ ᠂ 19 ᠳ᠋ᠦᠭᠡᠷ ᠵᠠᠭᠤᠨ ᠭᠡᠬᠦ ᠮᠡᠲᠦ ᠣᠯᠠᠨ ᠰᠠᠨᠠᠯ ᠢ ᠳᠤᠷᠠᠳ᠋ᠤᠭᠰᠠᠨ ᠪᠠᠢ᠌ᠳ᠋ᠠᠭ ᠃

ᠮᠠᠨ ᠤ ᠦᠵᠡᠬᠦ ᠪᠠᠷ ᠂ ᠬᠤᠭᠤᠷ ᠤᠨ ᠦᠯᠢ᠍ᠭᠡᠷ ᠪᠣᠯ ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠤ ᠲᠠᠷᠢ᠍ᠶᠠᠯᠠᠬᠤ ᠲᠣᠰᠬᠤᠨ ᠤ ᠪᠦᠷᠢ᠍ᠯᠳ᠋ᠦᠯ ᠬᠢᠭᠡᠳ ᠮᠣᠩᠭ᠋ᠣᠯ ᠰᠠᠭᠤᠷᠢ᠍ᠰᠢ᠍ᠯ ᠢᠷᠭᠡᠳ ᠦᠨ ᠪᠣᠢ ᠪᠣᠯᠬᠤ ᠶᠢ ᠳᠠᠭᠠᠯᠳ᠋ᠤᠨ ᠪᠣᠢ ᠪᠣᠯᠣᠭᠰᠠᠨ ᠶᠤᠮ ᠃ ᠡᠨᠡ ᠬᠦ ᠦᠵᠡᠯᠲᠡ ᠳ᠋ᠦ ᠲᠤᠯᠭᠠᠭᠤᠷᠢ᠍ᠯᠠᠭᠠᠳ ᠪᠢᠳ᠋ᠡ ᠬᠤᠭᠤᠷ ᠤᠨ ᠦᠯᠢ᠍ᠭᠡᠷ ᠦᠨ ᠡᠭᠦᠰᠦᠯ ᠦᠨ ᠭᠠᠵᠠᠷ ᠣᠷᠣᠨ ᠬᠢᠭᠡᠳ ᠴᠠᠭ ᠬᠤᠭᠤᠴᠠᠭ᠎ᠠ ᠶᠢᠨ ᠠᠰᠠᠭᠤᠳ᠋ᠠᠯ ᠢ ᠵᠡᠭᠦᠨ ᠮᠣᠩᠭ᠋ᠣᠯ ᠤᠨ ᠲᠠᠷᠢ᠍ᠶᠠᠯᠠᠬᠤ ᠲᠣᠰᠬᠤᠨ ᠤ ᠪᠦᠷᠢ᠍ᠯᠳ᠋ᠦᠯ ᠦᠨ ᠭᠠᠵᠠᠷ ᠣᠷᠣᠨ ᠬᠢᠭᠡᠳ ᠴᠠᠭ ᠬᠤᠭᠤᠴᠠᠭ᠎ᠠ ᠲᠡᠶ ᠬᠣᠯᠪᠤᠨ ᠠᠵᠢ᠍ᠭᠯᠠᠬᠤ ᠶᠢ ᠵᠣᠷᠢ᠍ᠭᠰᠠᠨ ᠪᠢᠯᠡ ᠃


ᠨᠢ᠍ᠭᠡ    ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠬᠠᠮᠤᠭ ᠠᠩᠬᠠᠨ ᠤ ᠲᠠᠷᠢ᠍ᠶᠠᠯᠠᠬᠤ ᠲᠣᠰᠬᠤᠨ ᠪᠦᠷᠢ᠍ᠯᠳ᠋ᠦᠭ᠍ᠰᠡᠨ ᠭᠠᠵᠠᠷ ᠣᠷᠣᠨ


ᠮᠣᠩᠭ᠋ᠣᠯᠴᠤᠳ ᠠᠯᠢ ᠡᠷᠲᠡ ᠮᠣᠩᠭ᠋ᠣᠯ ᠬᠠᠭᠠᠨᠲᠤ ᠤᠯᠤᠰ ᠤᠨ ᠦᠶ᠎ᠠ ᠡᠴᠡ ᠲᠠᠷᠢ᠍ᠶᠠᠯᠠᠵᠤ ᠪᠠᠢ᠌ᠭᠰᠠᠨ ᠪᠤᠶᠤ ᠪᠦᠷ ᠡᠷᠲᠡᠨ ᠦ ᠤᠵᠠᠭᠤᠷ ᠮᠣᠩᠭ᠋ᠣᠯ ᠤᠨ ᠦᠶ᠎ᠠ ᠡᠴᠡ ᠡᠬᠢᠯᠡᠨ ᠲᠠᠷᠢ᠍ᠶᠠᠯᠠᠩ ᠦᠢ᠍ᠯᠡᠳᠪᠦᠷᠢ᠍ᠯᠡᠯ ᠢ ᠡᠷᠬᠢᠯᠡᠵᠦ ᠪᠠᠢ᠌ᠭᠰᠠᠨ ᠲᠤᠬᠠᠢ ᠲᠡᠤᠬᠡ ᠪᠢᠴᠢ᠍ᠭ᠌ ᠦᠨ ᠲᠡᠮᠳ᠋ᠡᠭᠯᠡᠯ ᠡᠳ᠋ᠦᠢ ᠲᠡᠳ᠋ᠦᠢ ᠪᠠᠢ᠌ᠳ᠋ᠠᠭ ᠃ ᠭᠡᠪᠡᠴᠦ ᠲᠤᠬᠠᠢ ᠶᠢᠨ ᠦᠶ᠎ᠠ ᠶᠢᠨ ᠲᠠᠷᠢ᠍ᠶᠠᠯᠠᠩ ᠦᠢ᠍ᠯᠡᠳᠪᠦᠷᠢ᠍ᠯᠡᠯ ᠨᠢ ᠵᠥᠪᠬᠡᠨ ᠮᠠᠯ ᠠᠵᠤ ᠠᠬᠤᠢ ᠶᠢᠨ ᠲᠤᠰᠠᠯᠠᠬᠤ ᠨᠥᠬᠥᠪᠦᠷᠢ ᠶᠢᠨ ᠰᠢ᠍ᠨᠵᠢ᠍ᠲᠡᠢ ᠪᠠᠢ᠌ᠵᠤ ᠵᠢᠩᠬᠢᠨᠢ ᠤᠳᠬ᠎ᠠ ᠳᠡᠭᠡᠷᠡᠬᠢ ᠲᠠᠷᠢ᠍ᠶᠠᠯᠠᠬᠤ ᠨᠡᠢ᠌ᠭᠡᠮ ᠶᠡᠷᠦ ᠡᠴᠡ ᠪᠦᠷᠢ᠍ᠯᠳ᠋ᠦᠭ᠍ᠰᠡᠨ ᠦᠭᠡᠶ ᠪᠢᠯᠡ ᠃ ᠮᠣᠩᠭ᠋ᠣᠯ ᠤᠨ ᠨᠡᠢ᠌ᠭᠡᠮ ᠳ᠋ᠥ ᠬᠢ ᠲᠠᠷᠢ᠍ᠶᠠᠯᠠᠬᠤ ᠨᠡᠢ᠌ᠭᠡᠮ ᠨᠢ ᠮᠢ᠍ᠩ ᠤᠯᠤᠰ ᠤᠨ ᠰᠡᠭᠦᠯᠴᠢ ᠪᠠᠷ ᠬᠥᠬᠡᠬᠣᠲᠠ ᠶᠢᠨ ᠲᠦ᠋ᠮᠡᠳ ᠨᠤᠲᠤᠭ ᠲᠣ ᠠᠩᠬ᠎ᠠ ᠬᠥᠪᠥᠷᠡᠨ ᠰᠣᠶ‍ᠣᠭᠠᠯᠠᠵᠤ ᠡᠬᠢᠯᠡᠭ᠍ᠰᠡᠨ ᠪᠣᠯᠪᠠᠴᠤ ᠂ ᠮᠣᠩᠭ᠋ᠣᠯᠴᠤᠳ ᠤᠨ ᠵᠢᠩᠬᠢᠨᠢ ᠤᠳᠬ᠎ᠠ ᠳᠡᠭᠡᠷᠡᠬᠢ ᠲᠠᠷᠢ᠍ᠶᠠᠯᠠᠬᠤ ᠨᠡᠢ᠌ᠭᠡᠮ ᠨᠢ ᠴᠢ᠍ᠩ ᠤᠯᠤᠰ ᠤᠨ ᠳᠤᠮᠳ᠋ᠠᠴᠢ ᠦᠶ᠎ᠠ ᠪᠠᠷ ᠵᠣᠰᠣᠲᠤ ᠶᠢᠨ ᠴᠢ᠍ᠭᠤᠯᠭᠠᠨ ᠤ ᠬᠠᠷᠠᠴᠢ᠍ᠨ ᠨᠤᠲᠤᠭ ᠡᠬᠢᠯᠡᠨ ᠪᠦᠷᠢ᠍ᠯᠳ᠋ᠦᠭ᠍ᠰᠡᠨ ᠪᠠᠢ᠌ᠵᠠᠢ ᠃ ᠢᠩᠭᠢᠵᠦ ᠦᠵᠡᠬᠦ ᠶᠢᠨ ᠪᠠᠷᠢ᠍ᠮᠲᠠ ᠨᠢ ᠳᠣᠣᠷᠠᠬᠢ ᠮᠡᠲᠦ ᠃

1. ᠬᠠᠷᠠᠴᠢ᠍ᠨ ( ᠤᠷᠢ᠍ᠶᠠᠩᠬᠠᠢ ) ᠠᠢ᠌ᠮᠠᠭ ᠪᠣᠯ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠤᠷᠢ᠍ᠳ᠋ᠠᠪᠠᠷ ᠴᠠᠭᠠᠨ ᠬᠡᠷᠡᠮ ᠳᠠᠭᠠᠤ ᠣᠷᠣᠨ ᠳᠤ ᠣᠷᠣᠰᠢ᠍ᠨ ᠰᠠᠭᠤᠷᠢ᠍ᠰᠢ᠍ᠭᠰᠠᠨ ᠮᠣᠩᠭ᠋ᠣᠯᠴᠤᠳ ᠮᠥᠨ ᠃ ᠰᠤᠳ᠋ᠤᠯᠭᠠᠨ ᠢ ᠦᠨᠳ᠋ᠦᠰᠦᠯᠡᠪᠡᠯ ᠂ ᠬᠠᠷᠠᠴᠢ᠍ᠨ ᠭᠤᠷᠪᠠᠨ ᠬᠣᠰᠢ᠍ᠭᠤᠨ ᠤ ᠮᠣᠩᠭ᠋ᠣᠯᠴᠤᠳ ᠪᠣᠯ ᠭᠣᠣᠯᠳ᠋ᠠᠭᠤ ᠬᠣᠶᠠᠷ ᠪᠦᠯᠦᠭ᠌ ᠬᠦᠮᠦᠰ ᠶᠢᠡᠷ ᠪᠦᠷᠢ᠍ᠯᠳ᠋ᠦᠵᠡᠢ ᠃ ᠨᠢ᠍ᠭᠡ ᠪᠦᠯᠦᠭ᠌ ᠨᠢ ᠮᠢ᠍ᠩ ᠤᠯᠤᠰ ᠤᠨ ᠡᠬᠢᠨ ᠦ ᠦᠶ᠎ᠠ ᠪᠠᠷ ᠵᠡᠭᠦᠨ ᠬᠣᠢ᠌ᠲᠤ ᠣᠷᠣᠨ ᠡᠴᠡ ᠡᠮᠦᠨᠡᠰᠢ᠍ᠯᠡᠵᠦ ᠰᠠᠭᠤᠷᠢ᠍ᠰᠢ᠍ᠭᠰᠠᠨ ᠤᠷᠢ᠍ᠶᠠᠩᠬᠠᠢ ᠠᠢ᠌ᠮᠠᠭ ᠤᠨ ᠬᠦᠮᠦᠰ ᠪᠣᠯᠣᠨ᠎ᠠ ᠃ ᠪᠠᠰᠠ ᠨᠢ᠍ᠭᠡ ᠪᠦᠯᠦᠭ᠌ ᠨᠢ ᠮᠢ᠍ᠩ ᠤᠯᠤᠰ ᠤᠨ ᠰᠡᠭᠦᠯᠴᠢ ᠪᠡᠷ ᠣᠷᠳ᠋ᠣᠰ ᠡᠴᠡ ᠵᠡᠭᠦᠨᠰᠢ ᠨᠡᠭᠦᠭ᠍ᠰᠡᠨ ᠬᠠᠷᠠᠴᠢ᠍ᠨ ᠠᠢ᠌ᠮᠠᠭ ᠤᠨ ᠬᠦᠮᠦᠰ ᠪᠣᠯᠣᠨ᠎ᠠ ᠃ ᠤᠷᠢ᠍ᠶᠠᠩᠬᠠᠢ ᠬᠦᠮᠦᠰ ᠪᠣᠯ ᠡᠷᠲᠡᠨ ᠦ ᠣᠢ ᠶᠢᠨ ᠢᠷᠭᠡᠳ ᠡᠴᠡ ᠭᠠᠷᠤᠯ ᠲᠡᠶ ᠬᠦᠮᠦᠰ ᠶᠤᠮ ᠃ ᠬᠠᠷᠠᠴᠢ᠍ᠨ ᠬᠦᠮᠦᠰ ᠪᠣᠯ 7 ᠳ᠋ᠤᠭᠠᠷ ᠵᠠᠭᠤᠨ ᠤ ᠦᠶ᠎ᠠ ᠪᠡᠷ ᠪᠦᠷᠢ᠍ᠯᠳ᠋ᠦᠭ᠍ᠰᠡᠨ ᠡᠷᠲᠡᠨ ᠦ ᠨᠡᠭᠦᠳ᠋ᠡᠯᠴᠢ᠍ᠨ ᠠᠢ᠌ᠮᠠᠭ ᠪᠣᠯᠣᠨ᠎ᠠ ᠂ ᠣᠣᠯ ᠨᠢ ᠲᠥᠪ ᠠᠽᠢ ᠶᠢᠨ ᠠᠮᠤᠷ ᠭᠣᠣᠯ ᠤᠨ ᠬᠥᠪᠡᠭᠡ ᠪᠡᠷ ᠮᠠᠯᠵᠢ᠍ᠵᠤ ᠪᠠᠢ᠌ᠵᠠᠢ ᠂ ᠶᠡᠬᠡ ᠮᠣᠩᠭ᠋ᠣᠯ ᠤᠯᠤᠰ ᠤᠨ ᠦᠶ᠎ᠠ ᠳ᠋ᠥ ᠮᠣᠩᠭ᠋ᠣᠯ ᠴᠡᠷᠢ᠍ᠭ᠌ ᠲᠤ ᠲᠠᠲᠠᠭᠳ᠋ᠠᠨ ᠵᠡᠭᠦᠨᠰᠢ ᠨᠡᠭᠦᠳ᠋ᠡᠯᠯᠡᠵᠡᠢ ᠃ ᠤᠷᠢ᠍ᠶᠠᠩᠬᠠᠢ ᠬᠢᠭᠡᠳ ᠬᠠᠷᠠᠴᠢ᠍ᠨ ᠠᠢ᠌ᠮᠠᠭ 16 ᠳ᠋ᠤᠭᠠᠷ ᠵᠠᠭᠤᠨ ᠤ ᠳᠤᠮᠳ᠋ᠠᠴᠢ ᠦᠶ᠎ᠠ ᠡᠴᠡ ᠡᠬᠢᠯᠡᠨ ᠤᠷᠤᠭ ᠤᠨ ᠬᠣᠯᠪᠣᠭ᠎ᠠ ᠭᠠᠷᠴᠤ ᠢᠳ᠋ᠡᠭ᠌ ᠢᠳ᠋ᠡᠭ᠌ ᠶᠢᠡᠷ ᠢᠵᠢ᠍ᠯᠢ᠍ᠰᠢ᠍ᠨ ᠨᠢ᠍ᠭᠡᠳᠴᠦ ᠂ ᠨᠢ᠍ᠭᠡ ᠪᠦᠯᠦᠭ᠌ ᠤᠷᠢ᠍ᠶᠠᠩᠬᠠᠢ ᠬᠦᠮᠦᠰ ᠨᠢ ᠬᠠᠷᠠᠴᠢ᠍ᠨ ᠳᠤ ᠠᠭᠤᠰᠴᠤ ᠂ ᠪᠠᠰᠠ ᠨᠢ᠍ᠭᠡ ᠪᠦᠯᠦᠭ᠌ ᠤᠷᠢ᠍ᠶᠠᠩᠬᠠᠢ ᠬᠥᠮᠥᠰ ᠨᠢ ᠲᠦ᠋ᠮᠡᠳ ᠠᠢ᠌ᠮᠠᠭ ᠲᠡᠶ ᠠᠭᠤᠰᠤᠨ ᠨᠢ᠍ᠭᠡᠳᠴᠡᠢ ᠃ [ 4 ] ᠲᠢ᠍ᠶᠠᠨ ᠼᠦ᠋ᠩ ᠦᠨ ᠶᠢ᠍ᠰᠦᠳ᠋ᠦᠭᠡᠷ ᠣᠨ ( 1635 ) ᠳᠤ ᠂ ᠬᠣᠢ᠌ᠲᠤ ᠠᠯᠲᠠᠨ ᠤᠯᠤᠰ ᠡᠴᠡ ᠮᠣᠩᠭ᠋ᠣᠯ ᠳ᠋ᠥ ᠨᠠᠢ᠍ᠮᠠᠨ ᠬᠣᠰᠢ᠍ᠭᠤᠨ ᠤ ᠳᠦ᠋ᠷᠢ᠍ᠮ ᠢ ᠬᠡᠷᠡᠭ᠍ᠵᠢ᠍ᠭᠦᠯᠵᠦ ᠬᠠᠷᠠᠴᠢ᠍ᠨ ᠬᠢᠭᠡᠳ ᠤᠷᠢ᠍ᠶᠠᠩᠬᠠᠢ ᠬᠦᠮᠦᠰ (ᠬᠡᠰᠡᠭ᠌ ᠬᠦᠮᠦᠰ ) ᠢ ᠬᠠᠷᠠᠴᠢ᠍ᠨ ᠪᠠᠷᠠᠭᠤᠨ ᠬᠣᠰᠢ᠍ᠭᠤ ᠂ ᠬᠠᠷᠠᠴᠢ᠍ᠨ ᠵᠡᠭᠦᠨ ᠬᠣᠰᠢ᠍ᠭᠤ ᠭᠡᠬᠦ ᠬᠣᠶᠠᠷ ᠬᠣᠰᠢ᠍ᠭᠤ ᠪᠣᠯᠭᠠᠨ ᠵᠠᠰᠠᠵᠤ ᠂ 1705 ᠣᠨ ᠳ᠋ᠥ ᠬᠠᠷᠠᠴᠢ᠍ᠨ ᠳᠤᠮᠳ᠋ᠠᠳ᠋ᠤ ᠬᠣᠰᠢ᠍ᠭᠤ ᠶᠢ ᠪᠠᠢ᠌ᠭᠤᠯᠪᠠ ᠃

ᠮᠢ᠍ᠩ ᠤᠯᠤᠰ ᠤᠨ ᠵᠢᠩ ᠲᠡᠶ ᠶᠢᠨ ᠣᠨ ( 1450 ‍‍᠊‌ 1457 ) ᠤ᠋ ᠦᠶ᠎ᠠ ᠪᠠᠷ ᠂ ᠤᠷᠢ᠍ᠶᠠᠩᠬᠠᠢ ᠠᠢ᠌ᠮᠠᠭ ᠣᠢ᠌ᠷᠠᠳ ᠤᠨ ᠡᠰᠡᠨ ᠲᠠᠢ᠌ᠱᠢ ᠳ᠋ᠥ ᠰᠢ᠍ᠬᠠᠭᠳ᠋ᠠᠨ ᠮᠢ᠍ᠩ ᠤᠯᠤᠰ ᠤᠨ ᠬᠢᠯᠢ ᠶᠢᠨ ᠣᠷᠴᠢ᠍ᠮ ᠤᠨ ᠴᠠᠭᠠᠨ ᠬᠡᠷᠡᠮ ᠦᠨ ᠭᠠᠳ᠋ᠠᠨ᠎ᠠ ᠢᠷᠠᠵᠤ ᠮᠠᠯᠵᠢ᠍ᠨ ᠠᠮᠢ᠍ᠳ᠋ᠤᠷᠠᠪᠠ ᠃ [ 5 ] ᠡᠨᠡ ᠨᠢ 17 ᠳ᠋ᠤᠭᠠᠷ ᠵᠠᠭᠤᠨ ᠤ ᠬᠣᠷᠢ᠍ᠭᠠᠳ ᠣᠨ ᠦ ᠰᠡᠭᠦᠯᠡᠷ ᠰᠠᠶ‍ᠢ ᠡᠮᠦᠨᠡᠰᠢ᠍ᠯᠡᠵᠦ ᠢᠷᠡᠭ᠍ᠰᠡᠨ ᠲᠦ᠋ᠮᠡᠳ ᠠᠢ᠌ᠮᠠᠭ ᠬᠢᠭᠡᠳ ᠮᠣᠩᠭ᠋ᠣᠯᠵᠢ᠍ᠨ ᠠᠢ᠌ᠮᠠᠭ ᠡᠴᠡ ᠪᠦᠷ ᠡᠮᠦᠨ᠎ᠠ ᠪᠠᠢ᠌ᠭᠰᠠᠨ ᠶᠤᠮ ᠃ ᠢᠯᠠᠩᠭ᠋ᠤᠶ᠎ᠠ ᠤᠷᠢ᠍ᠶᠠᠩᠬᠠᠢ ᠬᠦᠮᠦᠰ ᠪᠣᠯ ᠠᠯᠢ ᠡᠷᠲᠡ 15 ᠳ᠋ᠤᠭᠠᠷ ᠵᠠᠭᠤᠨ ᠤ ᠳᠤᠮᠳ᠋ᠠᠴᠢ ᠦᠶ᠎ᠠ ᠪᠡᠷ ᠨᠢ᠍ᠭᠡᠨᠲᠡ ᠡᠮᠦᠨᠡᠰᠢ ᠨᠡᠭᠦᠭ᠍ᠰᠡᠨ ᠪᠠᠢ᠌ᠵᠠᠢ ᠃ 《 1428 ᠣᠨ ᠤ 9 ᠰᠠᠷ᠎ᠠ ᠤᠷᠢ᠍ᠶᠠᠩᠬᠠᠢ ᠬᠦᠮᠦᠰ ᠳ᠋ᠠ ᠨᠢ᠍ᠩ ᠳ᠋ᠦ ᠴᠦ᠋ᠮᠦᠷᠡᠨ ᠣᠷᠣᠵᠤ ᠂ ᠡᠾᠦ᠋ᠢ ᠵᠸᠦ ᠶᠢ ᠦᠩᠭᠡᠷᠡᠨ ᠯᠤᠸᠠᠨ ᠡᠾᠸ ᠭᠣᠣᠯ ᠲᠤᠷ ᠲᠤᠯᠵᠤᠬᠤᠢ · · · ᠲᠤᠬᠠᠢ ᠶᠢᠨ ᠦᠶ᠎ᠠ ᠳ᠋ᠥ ᠭᠤᠷᠪᠠᠨ ᠣᠢ ᠶᠢᠨ ᠬᠦᠴᠦᠨ ᠪᠠᠷᠠᠭᠤᠨ ᠡᠴᠡ ᠺᠠᠢ ᠫᠢᠩ ᠂ ᠰᠢ᠍ᠤᠸᠠᠨ ᠹᠦ ᠡᠴᠡ ᠡᠬᠢᠯᠡᠨ ᠵᠡᠭᠦᠨᠰᠢ ᠯᠢ᠍ᠶ‍ᠣᠣ ᠶᠨᠩ ᠂ ᠺᠠᠢ ᠶᠤᠸᠠᠨ ᠬᠦᠷᠴᠦ ᠂ ᠪᠦᠬᠦᠢ᠌ᠯᠡ ᠤᠷᠲᠤ ᠴᠠᠭᠠᠨ ᠬᠡᠷᠡᠮ ᠡᠴᠡ ᠤᠮᠠᠷᠠᠰᠢ᠍ᠬᠢ ᠨᠤᠲᠤᠭ ᠢ ᠡᠵᠡᠯᠡᠵᠡᠢ 》 ᠃ [ 6 ] ᠲᠡᠢ᠌ᠮᠦ ᠮᠥᠷᠲᠡᠭᠡᠨ ᠬᠠᠷᠠᠴᠢ᠍ᠨ ᠠᠢ᠌ᠮᠠᠭ ᠤᠨ ᠰᠠᠭᠤᠷᠢ᠍ᠰᠢ᠍ᠭᠰᠠᠨ ᠨᠤᠲᠤᠭ ᠨᠢ ᠲᠦ᠋ᠮᠡᠳ ᠮᠣᠩᠭ᠋ᠣᠯᠵᠢ᠍ᠨ ᠤ ᠰᠠᠭᠤᠷᠢ᠍ᠰᠢ᠍ᠭᠰᠠᠨ ᠨᠤᠲᠤᠭ ᠡᠴᠡ ᠬᠣᠯᠠ ᠡᠮᠦᠨᠡᠰᠢ ᠪᠠᠢ᠌ᠳ᠋ᠠᠭ ᠃ ᠶᠠᠭ ᠡᠨᠡ ᠤᠳᠬ᠎ᠠ ᠡᠴᠡ ᠬᠠᠷᠠᠴᠢ᠍ᠨ ᠤᠷᠢ᠍ᠶᠠᠩᠬᠠᠢ ᠠᠢ᠌ᠮᠠᠭ ᠪᠣᠯ ᠶᠤᠸᠠᠨ ᠤᠯᠤᠰ ᠡᠴᠡ ᠰᠡᠭᠦᠯᠡᠷ ᠴᠠᠭ ᠤᠨ ᠲᠠᠯ᠎ᠠ ᠪᠠᠷ ᠬᠠᠮᠤᠭ ᠡᠷᠲᠡ ᠂ ᠭᠠᠵᠠᠷ ᠵᠦ᠋ᠢ ᠶᠢᠨ ᠪᠠᠢ᠌ᠷᠢ ᠪᠠᠷ ᠬᠠᠮᠤᠭ ᠡᠮᠦᠨᠡᠰᠢ ᠣᠷᠣᠵᠤ ᠰᠠᠭᠤᠷᠢ᠍ᠰᠢ᠍ᠭᠰᠠᠨ ᠮᠣᠩᠭ᠋ᠣᠯᠴᠤᠳ ᠮᠥᠨ ᠬᠡᠮᠡᠨ ᠨᠤᠲᠠᠯᠠᠵᠤ ᠪᠣᠯᠣᠨ᠎ᠠ ᠃

2. ᠬᠠᠷᠠᠴᠢ᠍ᠨ ᠨᠤᠲᠤᠭ ᠪᠣᠯ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠠᠩᠬ᠎ᠠ ᠲᠠᠷᠢ᠍ᠶᠠᠯᠠᠩ ᠦᠢ᠍ᠯᠡᠳᠪᠦᠷᠢ᠍ᠯᠡᠯ ᠢ ᠡᠷᠬᠢᠯᠡᠭ᠍ᠰᠡᠨ ᠮᠣᠩᠭ᠋ᠣᠯ ᠨᠤᠲᠤᠭ ᠪᠣᠯᠣᠨ᠎ᠠ ᠃ 《 ᠮᠢ᠍ᠩ ᠤᠯᠤᠰ ᠤᠨ ᠵᠢᠩ ᠲᠡᠶ ᠶᠢᠨ 8 ᠳ᠋ᠤᠭᠠᠷ ᠣᠨ ( 1457 ᠣᠨ ) ᠤ ᠦᠶ᠎ᠠ ᠪᠠᠷ ᠲᠣᠶ‍ᠣᠨ ᠣᠢ ᠶᠢᠨ ᠮᠣᠩᠭ᠋ᠣᠯᠴᠤᠳ ᠳ᠋ᠠ ᠨᠢ᠍ᠩ ᠦᠨ ᠭᠠᠵᠠᠷ ᠴᠦ᠋ᠮᠦᠷᠡᠨ ᠣᠷᠣᠵᠤ ᠂ ᠲᠡᠭᠦᠨ ᠦ ᠵᠠᠰᠠᠭ ᠶᠢᠡᠨ ᠣᠳ᠋ᠣ ᠶᠢᠨ ᠦᠪᠦᠷ ᠮᠣᠩᠭ᠋ᠣᠯ ᠤᠨ ᠣᠩᠨᠢ᠍ᠭᠤᠳ ᠬᠣᠰᠢ᠍ᠭᠤᠨ ᠤ ᠤᠳ᠋ᠠᠨ ᠲᠣᠬᠣᠢ ᠪᠠᠯᠭᠠᠰᠤᠨ ᠤ ᠭᠤᠷᠪᠠᠨ ᠭᠡᠷ ᠲᠣᠰᠬᠤᠨ ᠡᠴᠡ ᠣᠳ᠋ᠣ ᠶᠢᠨ ᠨᠢ᠍ᠩ ᠴᠸᠩ ᠰᠢ᠍ᠶᠠᠨ ᠤ ᠬᠠᠷᠢ᠍ᠶᠠᠨ ᠳᠤ ᠨᠡᠭᠦᠯᠭᠡᠨ ᠠᠪᠠᠴᠢ᠍ᠪᠠ ᠃ ᠡᠭᠦᠨ ᠡᠴᠡ ᠪᠣᠯᠵᠤ ᠳ᠋ᠠ ᠨᠢ᠍ᠩ ᠦᠨ ᠡᠮᠦᠨᠡᠲᠦ ᠪᠠᠶᠠᠰᠬᠤᠯᠠᠩ ᠬᠠᠳ᠋ᠠᠳ᠋ᠤ ᠬᠠᠭᠠᠯᠭ᠎ᠠ ᠬᠦᠷᠲᠡᠯᠡᠬᠢ ᠰᠢ᠍ᠤᠸᠠᠨ ᠹᠦ ( ᠣᠳ᠋ᠣ ᠶᠢᠨ ᠡᠾᠸᠪᠸᠢ ᠮᠤᠵᠢ ᠶᠢᠨ ᠰᠢ᠍ᠤᠸᠠᠨ ᠬᠤᠸᠠ ) ᠶᠢᠨ ᠣᠢ᠌ᠷ᠎ᠠ ᠭᠠᠵᠠᠷ ᠪᠦᠬᠦᠨ ᠶᠢᠡᠷ ᠢ᠍ᠶ᠍ᠡᠨ ᠲᠣᠶ‍ᠣᠨ ᠣᠢ ᠶᠢᠨ ᠬᠠᠷᠢ᠍ᠶᠠᠲᠤ ᠭᠠᠵᠠᠷ ᠪᠣᠯᠵᠤ ᠂ ᠲᠡᠭᠦᠨ ᠦ ᠬᠠᠷᠢ᠍ᠶᠠᠲᠤ ᠢᠷᠭᠡᠨ ᠨᠢ ᠯᠤᠸᠠᠨ ᠡᠾᠸ ᠭᠣᠣᠯ ᠂ ᠯᠤᠤᠬ᠎ᠠ ᠶᠢᠨ ᠭᠣᠣᠯ ᠂ ᠳ᠋ᠠ ᠯᠢ᠍ᠩ ᠡᠾᠸ ᠭᠣᠣᠯ (ᠣᠤ ᠮᠦ᠋ᠷᠡᠨ ) ᠤ᠋ᠨ ᠤᠷᠤᠰᠬᠠᠯ ᠤᠨ ᠰᠠᠪᠠ ᠭᠠᠵᠠᠷ ᠨᠡᠭᠦᠳ᠋ᠡᠯᠯᠡᠬᠦ ᠪᠣᠯᠵᠠᠢ ᠃ ᠵᠡᠭᠦᠨᠰᠢ ᠪᠠᠷᠠᠭᠤᠨᠰᠢ 2000 ᠢᠯᠡᠭᠦᠤ ᠭᠠᠵᠠᠷ ᠲᠤ ᠶᠡᠬᠡ ᠪᠠᠭ᠎ᠠ 50 ᠪᠦᠯᠦᠭ᠌ ᠂ ᠨᠡᠢ᠌ᠲᠡ 14960 ᠡᠷᠦᠬᠡ ᠂ ᠪᠠᠷᠤᠭ 59800 ᠬᠦᠮᠦᠨ ᠠᠮᠠ ᠠᠮᠢ᠍ᠳ᠋ᠤᠷᠠᠵᠤ ᠪᠠᠢ᠌ᠵᠠᠢ ᠃ ᠸᠠᠨ ᠯᠢ ᠶᠢᠨ ᠵᠢᠯ ᠨᠤᠭᠦᠳ ᠶᠢᠡᠷ ᠭᠠᠭᠴᠠ ᠬᠦ ᠴᠸᠩᠳ᠋ᠸ ᠶᠢᠨ ᠬᠢᠵᠠᠭᠠᠷ ᠲᠤ ᠲᠣᠶ‍ᠣᠨ ᠣᠢ ᠶᠢᠨ ᠮᠣᠩᠭ᠋ᠣᠯ ᠤᠨ 11 ᠠᠢ᠌ᠮᠠᠭ 2760 ᠡᠷᠦᠬᠡ ᠬᠦᠮᠦᠰ ᠣᠷᠣᠰᠢ᠍ᠨ ᠰᠠᠭᠤᠷᠢ᠍ᠰᠢ᠍ᠪᠠ ᠃ ᠡᠭᠦᠨ ᠦ ᠣᠯᠠᠩᠬᠢ ᠨᠢ ᠮᠠ ᠯᠨᠨ ᠭᠦ ᠂ ᠴᠠᠩ ᠽᠢ ᠯᠢ᠍ᠩ ᠦᠨ ᠭᠠᠳ᠋ᠠᠨ᠎ᠠ ( ᠣᠳ᠋ᠣ ᠶᠢᠨ ᠯᠤᠸᠠᠨ ᠫᠢᠩ ᠰᠢ᠍ᠶᠠᠨ ᠂ ᠰᠢ᠍ᠩ ᠯᠦ᠋ᠩ ᠰᠢ᠍ᠶᠠᠨ ᠤ ᠬᠢᠵᠠᠭᠠᠷ ) ᠨᠤᠲᠤᠭᠰᠢ᠍ᠵᠠᠢ 》 ᠃ [ 7 ] ᠲᠤᠬᠠᠢ ᠶᠢᠨ ᠣᠷᠣᠨ ᠳᠤ ᠨᠡᠭᠦᠳ᠋ᠡᠯᠯᠡᠭ᠍ᠰᠡᠨ ᠦ ᠲᠠᠷᠠᠭ᠎ᠠ ᠂ ᠤᠷᠢ᠍ᠶᠠᠩᠬᠠᠢ ᠠᠢ᠌ᠮᠠᠭ ᠪᠤᠶᠤ ᠭᠤᠷᠪᠠᠨ ᠣᠢ ᠶᠢᠨ ᠮᠣᠩᠭ᠋ᠣᠯᠴᠤᠳ ᠠᠵᠤ ᠠᠮᠢ᠍ᠳ᠋ᠤᠷᠠᠯ ᠶᠢᠡᠨ ᠠᠷᠭᠠᠴᠠᠭᠠᠬᠤ ᠶᠢᠨ ᠡᠭᠦᠳ᠋ᠡᠨ ᠡᠴᠡ ᠢᠳ᠋ᠡᠪᠬᠢᠲᠡᠢ ᠪᠡᠷ ᠲᠠᠷᠢ᠍ᠶᠠᠯᠠᠩ ᠠᠵᠤ ᠠᠬᠤᠢ ᠡᠷᠬᠢᠯᠡᠵᠦ ᠪᠠᠢ᠌ᠵᠠᠢ ᠃ 《 15 ᠳ᠋ᠤᠭᠠᠷ ᠵᠠᠭᠤᠨ ᠤ ᠬᠣᠷᠢ᠍ᠭᠠᠳ ᠣᠨ ᠡᠴᠡ ᠡᠬᠢᠯᠡᠨ ᠤᠷᠢ᠍ᠶᠠᠩᠬᠠᠢ ᠬᠢᠭᠡᠳ ᠭᠤᠷᠪᠠᠨ ᠣᠢ ᠶᠢᠨ ᠮᠣᠩᠭ᠋ᠣᠯᠴᠤᠳ ᠨᠢ ᠮᠢ᠍ᠩ ᠤᠯᠤᠰ ᠡᠴᠡ ᠤᠳ᠋ᠠᠭ᠎ᠠ ᠳᠠᠷᠠᠭᠠᠯᠠᠨ ᠠᠨᠵᠢ᠍ᠰᠤᠨ ᠬᠣᠰᠢ᠍ᠭᠤ ᠵᠡᠷᠭᠡ ᠲᠠᠷᠢ᠍ᠶᠠᠯᠠᠩ ᠤᠨ ᠪᠠᠭᠠᠵᠢ ᠬᠡᠷᠡᠭ᠍ᠰᠡᠯ ᠬᠤᠳ᠋ᠠᠯᠳ᠋ᠤᠨ ᠠᠪᠴᠤ ᠲᠠᠷᠢ᠍ᠶ᠎ᠠ ᠲᠠᠷᠢ᠍ᠵᠤ ᠪᠠᠢ᠌ᠵᠠᠢ 》 ᠂ 1455 ᠣᠨ ᠳ᠋ᠥ ᠲᠠᠢ᠌ᠨᠢ᠍ᠩ ᠣᠢ ᠶᠢᠨ ᠮᠡᠳ᠋ᠡᠭ᠍ᠴᠢ ᠭᠡᠭᠡᠨᠲᠡᠮᠦᠷ ᠮᠢ᠍ᠩ ᠤᠯᠤᠰ ᠤᠨ ᠬᠠᠭᠠᠨ ᠡᠴᠡ 《 ᠠᠨᠵᠢ᠍ᠰᠤᠨ ᠬᠣᠰᠢ᠍ᠭᠤ ᠂ ᠠᠮᠤ ᠪᠤᠳ᠋ᠠᠭ᠎ᠠ ᠰᠣᠶ‍ᠣᠷᠬᠠᠨ ᠭᠠᠵᠠᠷ ᠬᠠᠭᠠᠯᠪᠤᠷᠢ᠍ᠯᠠᠨ ᠠᠰᠠᠷᠠᠵᠤ ᠲᠡᠵᠢ᠍ᠭᠡᠬᠦ ᠶᠢ ᠭᠤᠶᠤᠴᠢ᠍ᠯᠠᠭᠰᠠᠨ ᠳ᠋ᠥ ᠂ ᠬᠠᠭᠠᠨ ᠪᠠᠷ ᠬᠢᠵᠠᠭᠠᠷ ᠤᠨ ᠠᠮᠤ ᠶᠢᠨ ᠰᠠᠩ ᠢ ᠨᠡᠭᠡᠭᠡᠵᠦ ᠭᠤᠴᠢ᠍ᠨ ᠲᠠᠭᠠᠷ ᠠᠮᠤ ᠣᠯᠭᠣᠬᠤ ᠶᠢᠨ ᠬᠠᠮᠲᠤ ᠲᠡᠳ᠋ᠡᠭᠡᠷ ᠡᠯᠴᠢ᠍ᠰ ᠪᠤᠴᠠᠬᠤ ᠳ᠋ᠥ ᠪᠡᠨ ᠣᠯᠣᠭᠰᠠᠨ ᠲᠣᠷᠭ᠎ᠠ ᠳᠣᠷᠳ᠋ᠤᠩ ᠶᠢᠡᠷ ᠶᠢᠡᠨ ᠵᠠᠮ ᠳᠠᠭᠠᠤ ᠬᠥᠯᠦᠰᠢ᠍ᠨ ᠦᠬᠡᠷ ᠠᠷᠠᠯᠵᠢ᠍ᠶᠠᠯᠠᠵᠤ ᠪᠣᠯᠬᠤ ᠶᠢ ᠵᠥᠪᠰᠢ᠍ᠶᠡᠷᠡᠪᠡᠢ 》 ᠃ [ 8 ] ᠭᠡᠬᠦ ᠳ᠋ᠦ ᠪᠡᠨ ᠤᠷᠢ᠍ᠶᠠᠩᠬᠠᠢ ᠬᠢᠭᠡᠳ ᠭᠤᠷᠪᠠᠨ ᠣᠢ ᠶᠢᠨ ᠮᠣᠩᠭ᠋ᠣᠯᠴᠤᠳ ᠤᠨ ᠲᠠᠷᠢ᠍ᠶᠠᠯᠠᠬᠤ ᠳᠤ ᠬᠠᠮᠤᠭ ᠡᠴᠡ ᠳᠤᠲᠠᠭᠳ᠋ᠠᠨ ᠱᠠᠭᠠᠷᠳ᠋ᠠᠭᠳ᠋ᠠᠬᠤ ᠨᠢ ᠲᠠᠷᠢ᠍ᠶᠠᠯᠠᠬᠤ ᠪᠠᠭᠠᠵᠢ ᠬᠡᠷᠡᠭ᠍ᠰᠡᠯ ᠪᠠᠢ᠌ᠵᠠᠢ ᠃ ᠲᠤᠬᠠᠢ ᠶᠢᠨ ᠦᠶ᠎ᠠ ᠳ᠋ᠥ ᠮᠢ᠍ᠩ ᠤᠯᠤᠰ ᠤᠨ ᠵᠠᠰᠠᠭ ᠤᠨ ᠭᠠᠵᠠᠷ ᠡᠴᠡ ᠮᠣᠩᠭ᠋ᠣᠯᠴᠤᠳ ᠤᠨ ᠲᠠᠷᠢ᠍ᠶᠠᠯᠠᠬᠤ ᠪᠠᠭᠠᠵᠢ ᠬᠡᠷᠡᠭ᠍ᠰᠡᠯ ᠬᠤᠳ᠋ᠠᠯᠳ᠋ᠤᠨ ᠠᠪᠬᠤ ᠶᠢ ᠴᠢ᠍ᠩᠭ᠋᠎ᠠ ᠴᠠᠭᠠᠵᠠᠯᠠᠵᠤ ᠪᠠᠢ᠌ᠪᠠ ᠃ ᠬᠡᠵᠢ᠍ᠶ᠎ᠠ ᠬᠣᠢ᠌ᠨ᠎ᠠ 《 1465 ᠣᠨ ᠳᠤ ᠮᠢ᠍ᠩ ᠤᠯᠤᠰ ᠡᠴᠡ ᠤᠷᠢ᠍ᠶᠠᠩᠬᠠᠢ ᠬᠢᠭᠡᠳ ᠭᠤᠷᠪᠠᠨ ᠣᠢ ᠶᠢᠨ ᠠᠯᠪᠠ ᠪᠠᠷᠢ᠍ᠭᠴᠢ ᠡᠯᠴᠢ᠍ᠰ ᠬᠢᠵᠠᠭᠠᠷ ᠤᠨ ᠭᠠᠵᠠᠷ ᠲᠤ ᠲᠠᠷᠢ᠍ᠶᠠᠯᠠᠩ ᠤᠨ ᠪᠠᠭᠠᠵᠢ ᠬᠡᠷᠡᠭ᠍ᠰᠡᠯ ᠬᠤᠳ᠋ᠠᠯᠳ᠋ᠤᠨ ᠠᠪᠬᠤ ᠶᠢ ᠵᠢᠩᠬᠢᠨᠢ ᠪᠡᠷ ᠵᠥᠪᠰᠢ᠍ᠶᠡᠷᠡᠵᠡᠢ ᠃ 〈 ᠲᠠᠢ᠌ᠮᠢ᠍ᠩ ᠤᠯᠤᠰ ᠤᠨ ᠪᠦᠭᠦᠳ᠋ᠡ ᠬᠠᠤᠯᠢ 〉 ᠳ᠋ᠥ ᠲᠡᠮᠳ᠋ᠡᠭᠯᠡᠭ᠍ᠰᠡᠨ ᠶᠢᠡᠷ ᠂ ᠤᠷᠢ᠍ᠶᠠᠩᠬᠠᠢ ᠬᠢᠭᠡᠳ ᠭᠤᠷᠪᠠᠨ ᠣᠢ ᠶᠢᠨ ᠬᠢᠨ ᠨᠢ ᠤᠳ᠋ᠠᠭ᠎ᠠ ᠪᠦᠷᠢ ᠠᠯᠪᠠ ᠪᠠᠷᠢ᠍ᠵᠤ ᠬᠤᠢ ᠲᠥᠩ ᠭᠤᠸᠠᠨ ᠤ ᠵᠠᠬ᠎ᠠ ᠶᠢᠨ ᠶᠠᠪᠤᠳ᠋ᠠᠯ ᠪᠠᠷᠠᠭᠰᠠᠨ ᠤ ᠳᠠᠷᠠᠭ᠎ᠠ ᠂ ᠱᠦ᠋ᠨ ᠲᠢ᠍ᠶᠠᠨ ᠹᠦ ᠡᠴᠡ ᠵᠢ᠌ ᠵᠸᠤ ᠂ ᠽᠦ᠋ᠨ ᠬᠤᠸᠠ ᠵᠡᠷᠭᠡ ᠭᠠᠵᠠᠷ ᠤᠨ ᠵᠠᠬ᠎ᠠ ᠶᠢ ᠬᠠᠩᠭ᠋ᠠᠨ ᠲᠡᠳ᠋ᠡ ᠨᠡᠷ ᠤᠨ ᠬᠦᠮᠦᠨ ᠨᠢ᠍ᠭᠡᠪᠦᠷᠢ ᠶᠢ ᠬᠥᠯᠦᠰᠢ᠍ᠨ ᠦᠬᠡᠷ ᠨᠢ᠍ᠭᠡ ᠂ ᠠᠨᠵᠢ᠍ᠰᠤᠨ ᠬᠣᠰᠢ᠍ᠭᠤ ᠨᠢ᠍ᠭᠡ ᠂ ᠲᠣᠭᠣᠭ᠎ᠠ ᠨᠢ᠍ᠭᠡ ᠶᠢ ᠬᠤᠳ᠋ᠠᠯᠳ᠋ᠤᠨ ᠠᠪᠴᠤ ᠪᠣᠯᠬᠤ ᠶᠢ ᠵᠥᠪᠰᠢ᠍ᠶᠡᠷᠡᠳ᠋ᠡᠭ᠌ ᠪᠣᠯᠣᠭᠰᠠᠨ ᠶᠤᠮ 》 ᠃ [ 9 ] ᠦᠪᠦᠷ ᠮᠣᠩᠭ᠋ᠣᠯ ᠤᠨ ᠲᠠᠩᠰᠠ ᠡᠪᠬᠡᠮᠡᠯ ᠦᠨ ᠭᠠᠵᠠᠷ ᠬᠠᠳ᠋ᠠᠭᠠᠯᠠᠭᠳ᠋ᠠᠵᠤ ᠪᠠᠢ᠌ᠭ᠎ᠠ ᠲᠠᠩᠰᠠ ᠡᠴᠡ ᠦᠵᠡᠪᠡᠯ ᠂ ᠲᠡᠭ᠍ᠷᠢ ᠲᠡᠳᠭᠦᠭ᠍ᠴᠢ ᠬᠠᠭᠠᠨ ᠤ ᠦᠶ᠎ᠠ ᠳ᠋ᠦ ᠬᠠᠷᠠᠴᠢ᠍ᠨ ᠵᠡᠭᠦᠨ ᠬᠣᠰᠢ᠍ᠭᠤᠨ ᠦ ᠮᠣᠩᠭ᠋ᠣᠯᠴᠤᠳ ᠲᠠᠷᠢ᠍ᠶᠠᠯᠠᠬᠤ ᠨᠢ ᠮᠠᠰᠢ ᠲᠦ᠋ᠭᠡᠮᠡᠯ ᠪᠣᠯᠣᠭᠰᠠᠨ ᠪᠠᠢ᠌ᠵᠠᠢ ᠃《 ᠲᠡᠭ᠍ᠷᠢ ᠲᠡᠳᠭᠦᠭ᠍ᠴᠢ ᠶᠢᠨ ᠲᠦ᠋ᠳ᠋ᠦᠭᠡᠷ ᠣᠨ ᠤ ᠬᠣᠨᠢ᠍ᠨ ᠵᠢᠯᠦᠨ ᠬᠣᠶᠠᠷ ᠰᠠᠷᠠᠳ᠋ᠠ ᠲᠠᠪᠤᠨ ᠠᠢ᠌ᠮᠠᠭ ᠪᠠᠷ ᠭᠠᠵᠠᠷ ᠬᠤᠪᠢᠶᠠᠭᠰᠠᠨ ᠳᠠᠩᠰᠠ 》 ᠳᠤ 《 ᠴᠣᠢ᠌ᠨᠣᠨ ᠭᠣᠣᠯ ᠤᠨ ᠲᠠᠷᠢ᠍ᠶ᠎ᠠ ᠶᠢ ᠲᠠᠪᠤᠨ ᠠᠢ᠌ᠮᠠᠭ ᠲᠤ ᠬᠤᠪᠢᠶᠠᠬᠤᠢ ᠳᠤᠷ 》 [ 10 ] ᠬᠡᠮᠡᠨ ᠲᠡᠮᠳ᠋ᠡᠭᠯᠡᠵᠦ ᠪᠠᠢ᠌ᠬᠤ ᠡᠴᠡ ᠦᠵᠡᠪᠡᠯ ᠂ ᠲᠤᠬᠠᠢ ᠶᠢᠨ ᠦᠶᠡᠰ ᠲᠤ ᠬᠠᠷᠠᠴᠢ᠍ᠨ ᠵᠡᠭᠦᠨ ᠬᠣᠰᠢ᠍ᠭᠤᠨ ᠳᠤ ᠲᠠᠷᠢ᠍ᠶᠠᠯᠠᠬᠤ ᠦᠢ᠍ᠯᠡᠳᠪᠦᠷᠢ᠍ᠯᠡᠯ ᠲᠦ᠋ᠭᠡᠮᠡᠯᠵᠢ᠍ᠵᠦ ᠂ ᠪᠡᠯᠴᠢ᠍ᠭᠡᠷ ᠬᠤᠪᠢᠶᠠᠬᠤ ᠪᠤᠰᠤ ᠬᠠᠷᠢ᠍ᠨ ᠲᠠᠷᠢ᠍ᠶ᠎ᠠ ᠬᠤᠪᠢᠶᠠᠬᠤ ᠪᠣᠯᠣᠭᠰᠠᠨ ᠨᠢ ᠲᠣᠳ᠋ᠣᠷᠬᠠᠢ ᠪᠣᠯᠪᠠ ᠃ ᠲᠤᠬᠠᠢ ᠶᠢᠨ ᠳᠠᠩᠰᠠ ᠡᠴᠡ ᠠᠵᠢ᠍ᠭᠯᠠᠪᠠᠯ ᠂ ᠲᠡᠭ᠍ᠷᠢ ᠲᠡᠳᠭᠦᠭ᠍ᠴᠢ ᠰᠠᠢ᠌ᠰᠢ᠍ᠶᠠᠯᠲᠤ ᠢᠷᠦᠭᠡᠯᠲᠦ ᠬᠠᠭᠠᠨ ᠤ ᠦᠶ᠎ᠠ ᠪᠡᠷ ᠬᠠᠷᠠᠴᠢ᠍ᠨ ᠵᠡᠭᠦᠨ ᠬᠣᠰᠢ᠍ᠭᠤᠨ ᠤ ᠮᠣᠩᠭ᠋ᠣᠯᠴᠤᠳ ᠥᠪᠡᠷᠲᠡᠭᠡᠨ ᠲᠠᠷᠢ᠍ᠶᠠᠯᠠᠬᠤ ᠪᠠᠷ ᠪᠠᠷᠠᠬᠤ ᠦᠭᠡᠶ ᠂ ᠭᠠᠵᠠᠷ ᠲᠠᠷᠢ᠍ᠶ᠎ᠠ ᠪᠠᠨ ᠬᠢᠲᠠᠳ ᠢᠷᠭᠡᠴᠤᠳ ᠲᠤ ᠲᠦ᠋ᠷᠢ᠍ᠶᠡᠰᠦᠯᠡᠨ ᠲᠠᠷᠢ᠍ᠭᠤᠯᠬᠤ ᠨᠢ ᠴᠦ ᠲᠦ᠋ᠭᠡᠮᠡᠯ ᠪᠠᠢ᠌ᠵᠠᠢ ᠃ ᠡᠭᠦᠨ ᠦ ᠤᠯᠠᠮ ᠡᠴᠡ ᠮᠣᠩᠭ᠋ᠣᠯ ᠬᠢᠲᠠᠳ ᠤᠨ ᠬᠣᠭᠣᠷᠣᠨᠳ᠋ᠤᠬᠢ ᠵᠠᠷᠭᠤ ᠵᠠᠭᠠᠯᠳ᠋ᠤᠭᠠᠨ ᠴᠦ ᠣᠯᠠᠨ ᠭᠠᠷᠴᠤ ᠪᠠᠢ᠌ᠵᠠᠢ ᠃ 《 ᠲᠡᠭ᠍ᠷᠢ ᠶᠢᠨ ᠲᠡᠳᠭᠦᠭ᠍ᠰᠡᠨ ᠦ ᠦᠶ᠎ᠠ ᠳ᠋ᠦ ᠲᠤᠰ ᠬᠣᠰᠢ᠍ᠭᠤᠨ ᠤ ᠬᠢᠵᠠᠭᠠᠷ ᠲᠣ ᠲᠠᠷᠢ᠍ᠶ᠎ᠠ ᠲᠠᠷᠢ᠍ᠵᠤ ᠰᠠᠭᠤᠭᠰᠠᠨ ᠬᠢᠲᠠᠳ ᠢᠷᠭᠡᠳ ᠨᠢ ᠨᠡᠢ᠌ᠲᠡ 59182 ᠠᠮᠠ ᠂ ᠲᠡᠳ᠋ᠡᠨᠡᠷ ᠦᠨ ᠬᠥᠯᠥᠰᠦᠯᠡᠵᠦ ᠲᠠᠷᠢ᠍ᠭᠰᠠᠨ ᠲᠠᠷᠢ᠍ᠶ᠎ᠠ ᠨᠢ 13503 ᠴᠢ᠍ᠩ 13 ᠮᠦ ᠪᠣᠯᠵᠤ ᠂ ᠳᠠᠯᠠ ᠭᠠᠷᠤᠢ ᠠᠢ᠌ᠯ ᠲᠣᠰᠬᠤᠨ ᠪᠣᠯᠵᠤ ᠪᠦᠷᠢ᠍ᠯᠳ᠋ᠦᠭ᠍ᠰᠡᠨ ᠪᠠᠢ᠌ᠨ᠎ᠠ 》 ᠃ [ 11 ]

ᠤᠷᠢ᠍ᠶᠠᠩᠬᠠᠢ ᠬᠢᠭᠡᠳ ᠭᠤᠷᠪᠠᠨ ᠣᠢ ᠶᠢᠨ ᠮᠣᠩᠭ᠋ᠣᠯᠴᠤᠳ ᠤᠨ ᠨᠡᠯᠢ᠍ᠶᠡᠳ ᠨᠢ᠍ᠭᠡ ᠬᠡᠰᠡᠭ᠌ ᠨᠢ ᠬᠠᠷᠠᠴᠢ᠍ᠨ ᠪᠤᠶᠤ ᠲᠦ᠋ᠮᠡᠳ ᠠᠢ᠌ᠮᠠᠭ ᠲᠤ ᠨᠡᠢ᠌ᠯᠡᠨ ᠣᠷᠣᠭᠰᠠᠨ ᠢ ᠳᠡᠭᠡᠷ᠎ᠠ ᠨᠢ᠍ᠭᠡᠨᠲᠡ ᠳᠤᠷᠠᠳ᠋ᠤᠭᠰᠠᠨ ᠪᠢᠯᠡ ᠃ ᠡᠢ᠌ᠮᠦ ᠡᠴᠡ ᠤᠷᠢ᠍ᠶᠠᠩᠬᠠᠢ ᠬᠢᠭᠡᠳ ᠭᠤᠷᠪᠠᠨ ᠣᠢ ᠶᠢᠨ ᠮᠣᠩᠭ᠋ᠣᠯᠴᠤᠳ ᠢ ᠪᠠᠭᠲᠠᠭᠠᠭᠰᠠᠨ ᠬᠠᠷᠠᠴᠢ᠍ᠨ ᠨᠤᠲᠤᠭ ᠪᠣᠯ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠠᠩᠬ᠎ᠠ ᠲᠠᠷᠢ᠍ᠶᠠᠯᠠᠬᠤ ᠦᠢ᠍ᠯᠡᠳᠪᠦᠷᠢ᠍ᠯᠡᠯ ᠢ ᠡᠷᠬᠢᠯᠡᠭ᠍ᠰᠡᠨ ᠮᠣᠩᠭ᠋ᠣᠯ ᠨᠤᠲᠤᠭ ᠤᠨ ᠨᠢ᠍ᠭᠡ ᠨᠢ ᠪᠠᠢ᠌ᠭᠰᠠᠨ ᠬᠡᠮᠡᠨ ᠪᠠᠲᠤᠲᠠᠢ ᠬᠡᠯᠡᠵᠦ ᠪᠣᠯᠣᠨ᠎ᠠ ᠃

3. ᠬᠠᠷᠠᠴᠢ᠍ᠨ ᠨᠤᠲᠤᠭ ᠪᠣᠯ ᠴᠢ᠍ᠩ ᠤᠯᠤᠰ ᠤᠨ ᠦᠶ᠎ᠠ ᠳ᠋ᠦ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠤᠷᠢ᠍ᠳ᠋ᠠᠪᠠᠷ ᠹᠦ (府 ) ᠂ ᠵᠸᠤ (州 ) ᠂ ᠲᠢ᠍ᠩᠬᠢᠮ (厅 ) ᠂ ᠰᠢ᠍ᠶᠠᠨ (县 ) ᠵᠡᠷᠭᠡ ᠰᠠᠭᠤᠷᠢ᠍ᠰᠢ᠍ᠯ ᠲᠡᠶ ᠬᠠᠮᠢ᠍ᠶ᠎ᠠ ᠪᠦᠬᠦᠢ ᠵᠠᠰᠠᠭ ᠵᠠᠬᠢᠷᠭᠠᠨ ᠤ ᠪᠠᠢ᠌ᠭᠤᠯᠤᠮᠵᠢ ᠶᠢ ᠬᠡᠷᠡᠭ᠍ᠵᠢ᠍ᠭᠦᠯᠦᠭ᠍ᠰᠡᠨ ᠮᠣᠩᠭ᠋ᠣᠯ ᠨᠤᠲᠤᠭ ᠪᠣᠯᠣᠨ᠎ᠠ ᠃ ᠴᠢ᠍ᠩ ᠤᠯᠤᠰ ᠤᠨ ᠡᠬᠢᠨ ᠦ ᠦᠶ᠎ᠠ ᠪᠡᠷ ᠮᠠᠨᠵᠤ ᠶᠢᠨ ᠨᠣᠶᠠᠷᠬᠠᠭᠴᠢ᠍ᠳ ᠮᠣᠩᠭ᠋ᠣᠯ ᠣᠷᠣᠨ ᠳᠤ ᠬᠣᠰᠢ᠍ᠭᠤ ᠴᠢ᠍ᠭᠤᠯᠭᠠᠨ ᠤ ᠳᠦ᠋ᠷᠢ᠍ᠮ ᠢ ᠬᠡᠷᠡᠭ᠍ᠵᠢ᠍ᠭᠦᠯᠦᠭ᠍ᠰᠡᠨ ᠪᠠᠢ᠌ᠨ᠎ᠠ ᠃ ᠭᠡᠪᠡᠴᠦ ᠂ ᠰᠡᠭᠦᠯᠴᠢ ᠶᠢᠨ ᠦᠶ᠎ᠠ ᠪᠡᠷ ᠪᠣᠭᠣᠮᠲᠠ ᠶᠢᠨ ᠲᠣᠲᠤᠷᠠᠬᠢ ᠭᠠᠩ ᠭᠠᠴᠢ᠍ᠭ ᠪᠤᠶᠤ ᠵᠥᠷᠢ᠍ᠴᠡᠯ ᠮᠥᠷᠭᠥᠯᠳ᠋ᠦᠭᠡᠨ ᠢ ᠠᠷᠭᠠᠴᠠᠬᠤ ᠶᠢᠨ ᠲᠥᠯᠥᠭᠡ ᠮᠣᠩᠭ᠋ᠣᠯ ᠣᠷᠣᠨ ᠳ᠋ᠥ 《 ᠭᠠᠵᠠᠷ ᠵᠢᠭᠡᠯᠡᠨ ᠢᠷᠭᠡᠨ ᠢ ᠲᠡᠵᠢ᠍ᠭᠡᠬᠦ 》 ᠪᠣᠳ᠋ᠣᠯᠭ᠎ᠠ ᠶᠢ ᠬᠡᠷᠡᠭ᠍ᠵᠢ᠍ᠭᠦᠯᠦᠨ ᠲᠣᠳ᠋ᠤᠷ ᠣᠷᠣᠨ ᠤ ᠢᠷᠭᠡᠳ ᠢ ᠨᠡᠭᠦᠯᠭᠡᠨ ᠣᠷᠣᠭᠤᠯᠬᠤ ᠶᠢᠨ ᠤᠯᠠᠮ ᠡᠴᠡ ᠵᠠᠷᠢ᠍ᠮ ᠣᠷᠣᠨ ᠳᠤ ᠬᠣᠰᠢ᠍ᠭᠤ ᠴᠢ᠍ᠭᠤᠯᠭᠠᠨ ᠤ ᠳᠦ᠋ᠷᠢ᠍ᠮ ᠢ ᠬᠡᠷᠡᠭ᠍ᠵᠢ᠍ᠭᠦᠯᠵᠦ ᠂ ᠡᠨᠡ ᠶᠠᠪᠤᠴᠠ ᠳ᠋ᠥ ᠵᠠᠷᠢ᠍ᠮ ᠪᠤᠳ᠋ᠤᠯᠢ᠍ᠶᠠᠨᠲᠠᠢ ᠠᠰᠠᠭᠤᠳ᠋ᠠᠯ ᠲᠤᠯᠭᠠᠷᠠᠭᠰᠠᠨ ᠪᠠᠢ᠌ᠵᠠᠢ ᠃ ᠢᠯᠠᠩᠭ᠋ᠤᠶ᠎ᠠ ᠬᠢᠲᠠᠳ ᠢᠷᠭᠡᠳ ᠦᠨ ᠣᠯᠠᠰᠢ᠍ᠷᠠᠬᠤ ᠶᠢ ᠳᠠᠭᠠᠯᠳ᠋ᠤᠨ ᠮᠣᠩᠭ᠋ᠣᠯ ᠬᠢᠲᠠᠳ ᠤᠨ ᠵᠥᠷᠢ᠍ᠴᠡᠯ ᠡᠳ᠋ᠦᠷ ᠢᠷᠡᠬᠦᠶ᠎ᠠ ᠬᠤᠷᠴᠠᠳᠴᠤ ᠂ ᠵᠠᠷᠭᠤ ᠵᠠᠭᠠᠯᠳ᠋ᠤᠭᠠᠨ ᠣᠯᠠᠰᠢ᠍ᠷᠠᠨ ᠨᠡᠢ᠌ᠭᠡᠮ ᠦᠨ ᠵᠥᠷᠢ᠍ᠴᠡᠯ ᠮᠥᠷᠭᠥᠯᠳ᠋ᠦᠭᠡᠨ ᠢ ᠰᠢ᠌ᠳᠪᠦᠷᠢ᠍ᠯᠡᠬᠦ ᠳ᠋ᠦ ᠬᠦᠴᠢ᠍ᠷᠲᠡᠢ ᠪᠣᠯᠪᠠ ᠃ ᠡᠨᠡ ᠬᠦ ᠪᠠᠢ᠌ᠳ᠋ᠠᠯ ᠨᠢ ᠲᠤᠬᠠᠢ ᠶᠢᠨ ᠵᠣᠰᠣᠲᠤ ᠶᠢᠨ ᠴᠢ᠍ᠭᠤᠯᠭᠠᠨ ᠤ ᠨᠤᠲᠤᠭ ᠲᠤ ᠬᠠᠮᠤᠭ ᠡᠴᠡ ᠲᠣᠪᠣᠢ᠌ᠨ ᠢᠯᠡᠷᠡᠵᠦ ᠪᠠᠢ᠌ᠵᠠᠢ ᠃

ᠴᠢ᠍ᠩ ᠤᠯᠤᠰ ᠤᠨ ᠵᠠᠰᠠᠭ ᠤᠨ ᠲᠠᠯ᠎ᠠ ᠡᠴᠡ ᠵᠣᠰᠣᠲᠤ ᠶᠢᠨ ᠴᠢ᠍ᠭᠤᠯᠭᠠᠨ ᠤ ᠨᠤᠲᠤᠭ ᠲᠤ ᠠᠩᠬ᠎ᠠ ᠲᠠᠷᠢ᠍ᠶᠠᠯᠠᠩ ᠡᠷᠬᠢᠯᠡᠭ᠍ᠰᠡᠨ ᠨᠢ ᠮᠠᠨᠵᠤ ᠴᠢ᠍ᠩ ᠤᠨ ᠡᠬᠢᠨ ᠦ ᠦᠶ᠎ᠠ ᠡᠴᠡ ᠲᠠᠷᠤᠢ ᠡᠬᠢᠯᠡᠭ᠍ᠰᠡᠨ ᠪᠠᠢ᠌ᠨ᠎ᠠ ᠃ ᠲᠤᠬᠠᠢ ᠶᠢᠨ ᠡᠷᠢ᠍ᠨ ᠳ᠋ᠦ 《 ᠴᠢ᠍ᠩ ᠦᠨ ᠵᠠᠰᠠᠭ ᠤᠨ ᠭᠠᠵᠠᠷ ᠡᠴᠡ ᠨᠠᠢ᠍ᠮᠠᠨ ᠬᠣᠰᠢ᠍ᠭᠤᠨ ᠤ ᠢᠵᠠᠭᠤᠷᠲᠠᠳ ᠤᠨ ᠬᠦᠰᠡᠯ ᠱᠠᠭᠠᠷᠳ᠋ᠠᠯᠭ᠎ᠠ ᠶᠢ ᠬᠠᠩᠭ᠋ᠠᠬᠤ ᠶᠢᠨ ᠲᠥᠯᠥᠭᠡ ᠪᠣᠭᠣᠮᠲᠠ ᠶᠢᠨ ᠲᠣᠲᠤᠷ᠎ᠠ ᠶᠡᠬᠡ ᠬᠡᠮᠵᠢ᠍ᠶᠡᠨ ᠦ ᠭᠠᠵᠠᠷ ᠳᠡᠭᠡᠰᠦᠯᠡᠨ ᠲᠠᠷᠢ᠍ᠬᠤ ᠶᠢᠨ ᠬᠠᠮᠲᠤ ᠪᠣᠭᠣᠮᠲᠠ ᠶᠢᠨ ᠭᠠᠳ᠋ᠠᠨ᠎ᠠ ᠪᠠᠰᠠ ᠮᠠᠰᠢ ᠣᠯᠠᠨ ᠨᠠᠢ᠍ᠮᠠᠨ ᠬᠣᠰᠢ᠍ᠭᠤᠨ ᠤ ᠭᠠᠵᠠᠷ ᠲᠠᠷᠢ᠍ᠶ᠎ᠠ ᠶᠢ ᠭᠠᠷᠭᠠᠭᠰᠠᠨ ᠪᠠᠢ᠌ᠨ᠎ᠠ ᠃ ᠭᠠᠵᠠᠷ ᠳᠡᠭᠡᠰᠦᠯᠡᠨ ᠲᠠᠷᠢ᠍ᠬᠤ ᠶᠠᠪᠤᠴᠠ ᠳᠤ ᠣᠷᠣᠯᠴᠠᠬᠤ ᠶᠠᠳ᠋ᠠᠭᠤ ᠠᠷᠠᠳ ᠬᠢᠭᠡᠳ ᠨᠠᠢ᠍ᠮᠠᠨ ᠬᠣᠰᠢ᠍ᠭᠤᠨ ᠤ ᠲᠠᠷᠢ᠍ᠶᠠᠯᠠᠩ ᠤᠨ ᠬᠡᠷᠡᠭ᠍ᠰᠡᠬᠦ ᠬᠥᠳ᠋ᠡᠯᠮᠦᠷᠢ ᠬᠦᠴᠦᠨ ᠬᠣᠶᠠᠭᠤᠯᠠ ᠨᠢ ᠬᠠᠷᠢ᠍ᠯᠴᠠᠨ ᠲᠣᠬᠢᠷᠠᠯᠴᠠᠵᠤ ᠂ ᠡᠭᠦᠨ ᠦ ᠤᠯᠠᠮ ᠡᠴᠡ ᠮᠠᠰᠢ ᠣᠯᠠᠨ ᠬᠢᠲᠠᠳ ᠢᠷᠭᠡᠴᠤᠳ ᠪᠣᠭᠣᠮᠲᠠ ᠭᠠᠷᠴᠤ ᠂ ᠪᠣᠭᠣᠮᠲᠠ ᠶᠢᠨ ᠭᠠᠳ᠋ᠠᠨᠠᠬᠢ ᠭᠠᠵᠠᠷ ᠰᠢ᠍ᠷᠤᠢ ᠬᠠᠭᠠᠯᠪᠤᠷᠢ᠍ᠯᠠᠭᠳ᠋ᠠᠪᠠ ᠃ ᠡᠩᠬᠡ ᠠᠮᠤᠭᠤᠯᠠᠩ ᠬᠠᠭᠠᠨ ᠤ ᠠᠩᠬᠠᠨ ᠤ ᠦᠶ᠎ᠠ ᠪᠡᠷ ᠯᠤᠸᠠᠨ ᠡᠾᠸ ᠭᠣᠣᠯ ᠤᠨ ᠰᠠᠪᠠ ᠭᠠᠵᠠᠷ ᠤᠨ ᠠᠲᠠᠷ ᠲᠠᠯᠪᠢᠭᠰᠠᠨ ᠭᠠᠵᠠᠷ ᠤᠨ ᠤᠮᠠᠷᠠᠲᠤ ᠬᠢᠯᠢ ᠨᠢ ᠪᠣᠷᠣᠬᠣᠲᠠ (菠萝河屯 ᠂ ᠣᠳ᠋ᠣ ᠶᠢᠨ ᠡᠾᠸᠪᠸᠢ ᠮᠤᠵᠢ ᠶᠢᠨ ᠯᠦ᠋ᠩᠬᠤᠸᠠ ᠰᠢ᠍ᠶᠠᠨ ︱ ᠡᠰᠢ ᠲᠠᠲᠠᠭᠴᠢ ᠡᠴᠡ ) ᠡᠴᠡ ᠬᠣᠢ᠌ᠰᠢ ᠲᠠᠩ ᠰᠠᠨ ᠶᠢ᠍ᠩ ᠪᠠᠯᠭᠠᠰᠤ ᠣᠷᠴᠢ᠍ᠮ ᠬᠦᠷᠴᠦ ᠪᠠᠢ᠌ᠵᠠᠢ 》 ᠃ [ 12 ] ᠨᠡᠩ ᠪᠠᠰᠠ ᠡᠩᠬᠡ ᠠᠮᠤᠭᠤᠯᠠᠩ ᠬᠠᠭᠠᠨ ᠤ 20 ᠳ᠋ᠤᠭᠠᠷ ᠣᠨ ( 1681 ᠣᠨ ) ᠳᠤ ᠣᠩᠨᠢ᠍ᠭᠤᠳ ᠬᠢᠭᠡᠳ ᠬᠠᠷᠠᠴᠢ᠍ᠨ ᠪᠠᠷᠠᠭᠤᠨ ᠬᠣᠰᠢ᠍ᠭᠤᠨ ᠤ ᠨᠤᠲᠤᠭ ᠲᠤ ᠮᠤᠷᠠᠨ ᠠᠪᠠ ᠶᠢᠨ ᠲᠠᠯᠠᠪᠠᠢ ᠶᠢ ᠪᠠᠢ᠌ᠭᠤᠯᠵᠤ ᠂ ᠠᠪᠠ ᠶᠢᠨ ᠲᠠᠯᠠᠪᠠᠢ ᠳ᠋ᠥ ᠬᠦᠷᠬᠦ ᠶᠡᠬᠡ ᠬᠡᠮᠵᠢ᠍ᠶᠡᠨ ᠦ ᠤᠯᠠᠭ᠎ᠠ ᠥᠷᠳ᠋ᠡᠭᠡ ᠶᠢ ᠪᠠᠢ᠌ᠭᠤᠯᠪᠠ ᠃ ᠡᠨᠡ ᠬᠦ ᠤᠯᠠᠭ᠎ᠠ ᠥᠷᠲᠡᠭᠡ ᠳ᠋ᠦ ᠦᠢ᠍ᠯᠡᠴᠢ᠍ᠯᠡᠬᠦ ᠲᠦ᠋ᠰᠢ᠍ᠮᠡᠳ ᠬᠢᠭᠡᠳ ᠤᠯᠠᠭᠠᠴᠢ ᠬᠡᠷᠡᠭ᠍ᠲᠡᠢ ᠪᠣᠯᠣᠭᠰᠠᠨ ᠶᠢᠡᠷ ᠲᠤᠰ ᠣᠷᠣᠨ ᠳᠤ ᠲᠣᠳ᠋ᠤᠷ ᠭᠠᠵᠠᠷ ᠡᠴᠡ ᠮᠠᠰᠢ ᠣᠯᠠᠨ ᠬᠦᠮᠦᠨ ᠣᠷᠣᠭᠤᠯᠵᠤ ᠢᠷᠡᠪᠡ ᠃ ᠲᠡᠳ᠋ᠡᠭᠡᠷ ᠬᠦᠮᠦᠰ ᠨᠢ ᠭᠡᠷ ᠡᠷᠦᠬᠡ ᠪᠡᠨ ᠲᠡᠵᠢ᠍ᠭᠡᠵᠦ ᠠᠮᠢ᠍ᠳ᠋ᠤᠷᠠᠬᠤ ᠶᠢᠨ ᠲᠥᠯᠥᠭᠡ ᠮᠥᠨ ᠠᠲᠠᠷ ᠬᠠᠭᠠᠯᠪᠤᠷᠢ᠍ᠯᠠᠨ ᠲᠠᠷᠢ᠍ᠶ᠎ᠠ ᠲᠠᠷᠢ᠍ᠬᠤ ᠪᠣᠯᠪᠠ ᠃ ᠡᠭᠦᠨ ᠡᠴᠡ ᠭᠠᠳ᠋ᠠᠨ᠎ᠠ ᠲᠣᠳ᠋ᠤᠷ ᠣᠷᠣᠨ ᠳ᠋ᠥ ᠭᠠᠩ ᠭᠠᠴᠢ᠍ᠭ ᠪᠣᠯᠬᠤ ᠪᠦᠷᠢ ᠣᠯᠠᠨ ᠲᠣᠭᠠᠨ ᠤ ᠬᠢᠲᠠᠳ ᠢᠷᠭᠡᠴᠤᠳ ᠪᠣᠭᠣᠮᠲᠠ ᠭᠠᠷᠴᠤ ᠵᠣᠰᠣᠲᠤ ᠶᠢᠨ ᠴᠢ᠍ᠭᠤᠯᠭᠠᠨ ᠤ ᠡᠯ᠎ᠠ ᠭᠠᠵᠠᠷ ᠲᠤ ᠲᠠᠷᠢ᠍ᠶᠠᠯᠠᠵᠤ ᠪᠠᠢ᠌ᠵᠠᠢ ᠃ ᠡᠩᠬᠡ ᠠᠮᠤᠭᠤᠯᠠᠩ ᠬᠠᠭᠠᠨ ᠪᠠᠷ ᠪᠣᠭᠣᠮᠲᠠ ᠶᠢᠨ ᠭᠠᠳ᠋ᠠᠨ᠎ᠠ ᠠᠶᠠᠯᠠᠨ ᠪᠠᠢ᠌ᠴᠠᠭᠠᠬᠤ ᠪᠤᠶᠤ ᠮᠤᠷᠠᠨ ᠠᠪᠠ ᠶᠢᠨ ᠲᠠᠯᠠᠪᠠᠢ ᠳ᠋ᠥ ᠣᠴᠢ᠍ᠬᠤ ᠳ᠋ᠥ ᠪᠡᠨ ᠪᠣᠭᠣᠮᠲᠠ ᠶᠢᠨ ᠭᠠᠳ᠋ᠠᠨ᠎ᠠ ᠨᠢ᠍ᠭᠡᠨᠲᠡ ᠮᠠᠰᠢ ᠣᠯᠠᠨ ᠡᠾᠸᠨᠠᠨ ᠂ ᠡᠾᠸᠪᠸᠢ ᠂ ᠱᠠᠨᠳ᠋ᠦ᠋ᠩ ᠂ ᡁᠢ ᠯᠦ ᠶᠢᠨ ᠲᠡᠨᠦᠭᠦᠯ ᠢᠷᠭᠡᠴᠦᠳ ᠶᠢᠡᠷ ᠳᠦ᠋ᠭᠦᠷᠦᠭ᠍ᠰᠡᠨ ᠢ ᠣᠯᠵᠤ ᠬᠠᠷᠠᠳ᠋ᠠᠭ ᠪᠠᠢ᠌ᠵᠠᠢ ᠃ ᠨᠠᠢ᠌ᠷᠠᠯᠲᠤ ᠲᠥᠪ ᠬᠠᠭᠠᠨ ᠤ ᠦᠶ᠎ᠠ ᠳ᠋ᠦ ᠡᠾᠸᠨᠠᠨ ᠮᠤᠵᠢ ᠳᠤ ᠬᠠᠲᠤᠨ ᠭᠣᠣᠯ ᠦᠶᠡᠷᠯᠡᠵᠦ ᠭᠠᠴᠢ᠍ᠭ ᠪᠣᠯᠣᠭᠰᠠᠨ ᠳᠤ ᠬᠠᠭᠠᠨ ᠡᠴᠡ 《 ᠭᠠᠵᠠᠷ ᠵᠢᠭᠡᠯᠡᠨ ᠢᠷᠭᠡᠨ ᠢ ᠲᠡᠵᠢ᠍ᠭᠡᠬᠦ 》 ᠵᠠᠷᠯᠢ᠍ᠭ ᠪᠠᠭᠤᠯᠭᠠᠵᠤ 《 ᠲᠠᠷᠢ᠍ᠵᠤ ᠪᠣᠯᠬᠤ ᠭᠠᠵᠠᠷ ᠪᠣᠯᠭᠠᠨ ᠳᠤ ᠢᠷᠭᠡᠳ ᠦᠨ ᠳᠤᠷᠠᠰᠢ᠍ᠯ ᠶᠢᠡᠷ ᠪᠣᠯᠭᠠᠵᠤ ᠂ ᠥᠪᠡᠷᠲᠡᠭᠡᠨ ᠬᠠᠭᠠᠯᠪᠤᠷᠢ᠍ᠯᠠᠨ ᠥᠪᠡᠷᠲᠡᠭᠡᠨ ᠮᠡᠳ᠋ᠡᠭᠦᠯᠪᠡᠰᠦ ᠪᠣᠯᠣᠮᠤᠢ ᠂ ᠲᠤᠬᠠᠢ ᠶᠢᠨ ᠣᠷᠣᠨ ᠤ ᠨᠣᠶᠠᠳ ᠲᠦ᠋ᠰᠢ᠍ᠮᠡᠳ ᠬᠢᠬᠠᠵᠤ ᠪᠣᠯᠬᠤ ᠦᠭᠡᠶ᠁ ᠬᠣᠷᠢ᠍ᠭᠯᠠᠵᠤ ᠪᠣᠯᠬᠤ ᠦᠭᠡᠶ 》 ᠬᠡᠮᠡᠨ ᠵᠠᠷᠯᠠᠪᠠ ᠃ [ 13 ] ᠡᠨᠡ ᠬᠦ ᠵᠠᠷᠯᠢ᠍ᠭ ᠭᠠᠷᠤᠮᠠᠭᠴᠠ ᠶᠡᠬᠡ ᠬᠡᠮᠵᠢ᠍ᠶᠡᠨ ᠦ ᠲᠡᠨᠦᠭᠦᠯ ᠢᠷᠭᠡᠴᠦᠳ ᠵᠣᠰᠤᠲᠤ ᠶᠢᠨ ᠴᠢ᠍ᠭᠤᠯᠭᠠᠨ ᠤ ᠨᠤᠲᠤᠭ ᠲᠤ ᠴᠦ᠋ᠮᠦᠷᠡᠨ ᠣᠷᠣᠪᠠ ᠃

ᠵᠣᠰᠣᠲᠤ ᠶᠢᠨ ᠴᠢ᠍ᠭᠤᠯᠭᠠᠨ ᠤ ᠨᠤᠲᠤᠭ ᠲᠣ ᠡᠨᠡ ᠮᠡᠲᠦ ᠪᠡᠷ ᠲᠡᠨᠦᠭᠦᠯ ᠢᠷᠭᠡᠳ ᠦᠨ ᠨᠡᠮᠡᠭ᠍ᠳ᠋ᠡᠬᠦ ᠶᠢᠨ ᠲᠠᠭᠠᠤ ᠳᠤ ᠢᠷᠭᠡᠨ ᠦ ᠳᠤᠮᠳ᠋ᠠᠬᠢ ᠬᠡᠷᠡᠭ᠌ ᠵᠠᠷᠭᠤ ᠣᠯᠠᠰᠢ᠍ᠷᠠᠨ ᠂ ᠮᠣᠩᠭ᠋ᠣᠯ ᠬᠢᠲᠠᠳ ᠤᠨ ᠵᠥᠷᠢ᠍ᠴᠡᠯ ᠨᠡᠩ ᠴᠦ ᠬᠤᠷᠴᠠᠳ᠋ᠤᠨ ᠰᠢ᠍ᠷᠦᠭᠦᠰᠴᠡᠢ ᠃ 《 ᠴᠢ᠍ᠩ ᠤᠯᠤᠰ ᠤᠨ ᠵᠠᠰᠠᠭ ᠤᠨ ᠭᠠᠵᠠᠷ ᠡᠴᠡ ᠡᠳ᠋ᠦᠷ ᠢᠷᠡᠬᠦᠶ᠎ᠠ ᠰᠢ᠍ᠷᠦᠭᠦᠰᠬᠦ ᠮᠣᠩᠭ᠋ᠣᠯ ᠬᠢᠲᠠᠳ ᠤᠨ ᠬᠢᠮᠤᠷᠠᠯᠳ᠋ᠤᠭᠠᠨ ᠢ ᠰᠢ᠌ᠳᠪᠦᠷᠢ᠍ᠯᠡᠬᠦ ᠶᠢᠨ ᠲᠥᠯᠥᠭᠡ ᠨᠠᠢ᠌ᠷᠠᠯᠲᠤ ᠲᠥᠪ ᠬᠠᠭᠠᠨ ᠤ ᠠᠩᠬᠠᠨ ᠤ ᠣᠨ ( 1723 ) ᠳᠤ ᠬᠠᠯᠭᠤᠨ ᠭᠣᠣᠯ ᠲᠢ᠍ᠩᠬᠢᠮ ᠢ ᠪᠠᠢ᠌ᠭᠤᠯᠵᠤ ᠂ ᠬᠡᠷᠡᠭ᠌ ᠰᠢ᠍ᠳᠭᠡᠭ᠍ᠴᠢ ᠲᠦ᠋ᠰᠢ᠍ᠮᠡᠯ ᠨᠢ᠍ᠭᠡ ᠶᠢ ᠲᠣᠮᠢ᠍ᠯᠠᠨ ᠵᠣᠰᠣᠲᠤ ᠶᠢᠨ ᠴᠢ᠍ᠭᠤᠯᠭᠠᠨ ᠬᠢᠭᠡᠳ ᠵᠤᠤ ᠤᠳ᠋ᠠ ᠶᠢᠨ ᠴᠢ᠍ᠭᠤᠯᠭᠠᠨ ᠤ ᠵᠠᠷᠢ᠍ᠮ ᠬᠣᠰᠢ᠍ᠭᠤᠨ ᠤ ᠮᠣᠩᠭ᠋ᠣᠯ ᠬᠢᠲᠠᠳ ᠤᠨ ᠬᠡᠷᠡᠭ᠌ ᠵᠠᠷᠭᠤ ᠶᠢ ᠰᠢ᠍ᠳᠭᠡᠬᠦ ᠪᠣᠯᠭᠠᠪᠠ 》 ᠃ [ 14 ] ᠲᠡᠭᠦᠨ ᠡᠴᠡ ᠳᠠᠷᠠᠭᠠᠪᠠᠷ ᠨᠠᠢ᠌ᠷᠠᠯᠲᠤ ᠲᠥᠪ ᠦᠨ ᠳᠣᠯᠣᠳ᠋ᠤᠭᠠᠷ ᠣᠨ ( 1729 ) ᠳ᠋ᠥ ᠬᠠᠷᠠᠴᠢ᠍ᠨ ᠵᠡᠭᠦᠨ ᠬᠣᠰᠢ᠍ᠭᠤᠨ ᠳᠤ ᠪᠠ ᠭ᠍ᠸᠦ ᠲᠢ᠍ᠩᠬᠢᠮ ᠢ ᠪᠠᠢ᠌ᠭᠤᠯᠵᠤ ᠬᠠᠷᠠᠴᠢ᠍ᠨ ᠨᠤᠲᠤᠭ ᠲᠤ ᠬᠢ ᠮᠣᠩᠭ᠋ᠣᠯ ᠬᠢᠲᠠᠳ ᠤᠨ ᠬᠡᠷᠡᠭ᠌ ᠵᠠᠷᠭᠤ ᠶᠢ ᠰᠢ᠍ᠳᠭᠡᠨ ᠂ ᠨᠠᠢ᠌ᠷᠠᠯᠲᠤ ᠲᠥᠪ ᠦᠨ ᠠᠷᠪᠠᠳ᠋ᠤᠭᠠᠷ ᠣᠨ ( 1732 ᠣᠨ ) ᠳᠤ ᠲᠦ᠋ᠮᠡᠳ ᠲᠤ ᠵᠢᠦ ᠭᠤᠸᠠᠨ ᠲᠡᠶ ᠮᠧᠨ ᠦ ᠵᠥᠪᠳ᠋ᠡᠭ᠍ᠴᠢ (同知 ) ᠶᠢᠨ ᠶᠠᠮᠤᠨ ᠢ ᠪᠠᠢ᠌ᠭᠤᠯᠵᠤ ᠂ ᠲᠦ᠋ᠮᠡᠳ ᠠᠤᠬᠠᠨ ᠤ ᠮᠣᠩᠭ᠋ᠣᠯ ᠬᠢᠲᠠᠳ ᠤᠨ ᠬᠡᠷᠡᠭ᠌ ᠵᠠᠷᠭᠤ ᠶᠢ ᠰᠢ᠍ᠳᠭᠡᠬᠦ ᠪᠣᠯᠪᠠ ᠃ 1733 ᠣᠨ ᠳᠤ ᠬᠠᠯᠠᠭᠤᠨ ᠭᠣᠣᠯ ᠤᠨ ᠲᠢ᠍ᠩᠬᠢᠮ ᠢ ᠴᠸᠩᠳ᠋ᠸ ᠵᠸᠦ ᠬᠡᠮᠡᠨ ᠬᠠᠯᠠᠵᠤ ᠂ 1778 ᠣᠨ ᠳ᠋ᠥ ᠴᠸᠩᠳ᠋ᠸ ᠹᠦ ᠪᠣᠯᠭᠠᠨ ᠦᠷᠭᠡᠳᠭᠡᠨ ᠪᠠᠢ᠌ᠭᠤᠯᠪᠠ ᠃ ᠵᠸᠦ ᠶᠢᠨ ᠶᠠᠮᠤᠨ ᠡᠴᠡ ᠬᠢᠲᠠᠳ ᠢᠷᠭᠡᠨ ᠦ ᠬᠡᠷᠡᠭ᠌ ᠢ ᠬᠠᠮᠢ᠍ᠶᠠᠷᠴᠤ ᠂ ᠵᠥᠪᠳ᠋ᠡᠭ᠍ᠴᠢ ᠶᠠᠮᠤᠨ ᠡᠴᠡ ᠮᠣᠩᠭ᠋ᠣᠯ ᠬᠣᠰᠢ᠍ᠭᠤᠨ ᠤ ᠬᠡᠷᠡᠭ᠌ ᠢ ᠭᠣᠣᠯᠴᠢ᠍ᠯᠠᠨ ᠬᠠᠮᠢ᠍ᠶᠠᠷᠴᠤ ᠪᠠᠢ᠌ᠵᠠᠢ ᠃ 1736 ᠣᠨ ᠳ᠋ᠥ ᠲᠤ᠋ ᠴᠸᠩ ᠽᠢ ᠳ᠋ᠦ ᠲᠦ᠋ᠷᠪᠡᠨ ᠬᠣᠰᠢ᠍ᠭᠤᠨ ᠤ ᠲᠢ᠍ᠩᠬᠢᠮ ᠂ 1739 ᠣᠨ ᠳ᠋ᠥ ᠲᠠ ᠽᠢ ᠭ᠍ᠸᠦ ᠲᠢ᠍ᠩᠬᠢᠮ ᠂ 1742 ᠣᠨ ᠳ᠋ᠥ ᠬᠠᠷ᠎ᠠ ᠬᠣᠲᠠ (喀喇河屯 ᠂ ᠣᠳ᠋ᠣ ᠶᠢᠨ ᠴᠸᠩᠳ᠋ᠸ ᠬᠣᠲᠠ ᠶᠢᠨ ᠯᠤᠸᠠᠨ ᠡᠾᠸ ᠪᠠᠯᠭᠠᠰᠤ ) ᠲᠢ᠍ᠩᠬᠢᠮ ᠂ 1774 ᠣᠨ ᠳ᠋ᠥ ᠭᠤᠷᠪᠠᠨ ᠰᠣᠪᠤᠷᠭᠠᠲᠤ ᠶᠢᠨ ᠲᠢ᠍ᠩᠬᠢᠮ ᠂ 1758 ᠣᠨ ᠳ᠋ᠥ ᠤᠯᠠᠭᠠᠨᠬᠠᠳ᠋ᠠ ᠳ᠋ᠥ ᠴᠠᠭᠳ᠋ᠠᠨ ᠪᠠᠢ᠌ᠴᠠᠭᠠᠬᠤ ᠣᠷᠳ᠋ᠣᠨ (巡检署 ) ᠢ ᠪᠠᠢ᠌ᠭᠤᠯᠵᠤ ᠂ 1774 ᠣᠨ ᠳ᠋ᠥ ᠤᠯᠠᠭᠠᠨᠬᠠᠳ᠋ᠠ ᠲᠢ᠍ᠩᠬᠢᠮ ᠬᠡᠮᠡᠨ ᠬᠠᠯᠠᠪᠠ ᠃ 1778 ᠣᠨ ᠳᠤ ᠫᠢᠩᠴᠢ᠍ᠤᠸᠠᠨ ᠵᠸᠦ ᠂ ᠵᠢᠶᠠᠨ ᠴᠠᠩ ᠰᠢ᠍ᠶᠠᠨ ᠂ ᠯᠤᠸᠠᠨ ᠫᠢᠩ ᠰᠢ᠍ᠶᠠᠨ ᠂ ᠴᠣᠣᠶᠠᠩ ᠰᠢ᠍ᠶᠠᠨ ᠂ ᠤᠯᠠᠭᠠᠨᠬᠠᠳ᠋ᠠ ᠰᠢ᠍ᠶᠠᠨ ᠢ ᠪᠠᠢ᠌ᠭᠤᠯᠪᠠ ᠃

ᠡᠨᠡ ᠮᠡᠳ᠋ᠦ ᠪᠡᠷ ᠪᠣᠭᠣᠮᠲᠠ ᠶᠢᠨ ᠭᠠᠳ᠋ᠠᠨ᠎ᠠ ᠨᠡᠭᠦᠳ᠋ᠡᠯ ᠢᠷᠭᠡᠴᠤᠳ ᠨᠡᠮᠡᠭ᠍ᠳ᠋ᠡᠬᠦ ᠪᠣᠯᠣᠨ ᠦᠢ᠍ᠯᠡᠳᠪᠦᠷᠢ᠍ᠯᠡᠯ ᠦᠨ ᠠᠷᠭ᠎ᠠ ᠶᠢᠨ ᠬᠤᠪᠢᠰᠬᠤ ᠶᠢ ᠳᠠᠭᠠᠯᠳ᠋ᠤᠨ ᠂ ᠴᠢ᠍ᠩ ᠤᠯᠤᠰ ᠤᠨ ᠵᠠᠰᠠᠭ ᠤᠨ ᠭᠠᠵᠠᠷ ᠡᠴᠡ ᠵᠣᠰᠣᠲᠤ ᠶᠢᠨ ᠴᠢ᠍ᠭᠤᠯᠭᠠᠨ ᠪᠤᠶᠤ ᠪᠣᠰᠤᠳ ᠮᠣᠩᠭ᠋ᠣᠯ ᠬᠣᠰᠢ᠍ᠭᠤ ᠴᠢ᠍ᠭᠤᠯᠭᠠᠨ ᠳᠤ ᠦᠷᠭᠦᠯᠵᠢ᠍ᠯᠡᠨ ᠬᠣᠰᠢ᠍ᠭᠤ ᠴᠢ᠍ᠭᠤᠯᠭᠠᠨ ᠤ ᠳᠦ᠋ᠷᠢ᠍ᠮ ᠢ ᠬᠡᠷᠡᠭ᠍ᠵᠢ᠍ᠭᠦᠯᠬᠦ ᠶᠢᠨ ᠳᠠᠭᠠᠤ ᠹᠦ ᠂ ᠵᠸᠦ ᠂ ᠲᠢ᠍ᠩᠬᠢᠮ ᠂ ᠰᠢ᠍ᠶᠠᠨ ᠭᠡᠬᠦ ᠮᠡᠲᠦ ᠰᠢ᠍ᠨ᠎ᠠ ᠵᠠᠰᠠᠭ ᠵᠠᠬᠢᠷᠭᠠᠨ ᠤ ᠪᠠᠢ᠌ᠭᠤᠯᠤᠮᠵᠢ ᠶᠢ ᠬᠡᠷᠡᠭ᠍ᠵᠢ᠍ᠭᠦᠯᠪᠡ ᠃ ᠡᠭᠦᠨ ᠦ ᠤᠯᠠᠮ ᠡᠴᠡ ᠬᠠᠷᠠᠴᠢ᠍ᠨ ᠵᠡᠷᠭᠡ ᠭᠠᠵᠠᠷ ᠲᠤ ᠬᠣᠰᠢ᠍ᠭᠤ ᠴᠢ᠍ᠭᠤᠯᠭᠠᠨ ᠬᠢᠭᠡᠳ ᠹᠦ ᠂ ᠵᠸᠦ ᠂ ᠲᠢ᠍ᠩᠬᠢᠮ ᠂ ᠰᠢ᠍ᠶᠠᠨ ᠦ ᠵᠠᠰᠠᠭ ᠵᠠᠬᠢᠷᠭᠠᠨ ᠤ ᠪᠠᠢ᠌ᠭᠤᠯᠤᠮᠵᠢ ᠬᠠᠮᠲᠤ ᠪᠠᠷ ᠣᠷᠣᠰᠢ᠍ᠭᠰᠠᠨ ᠪᠠᠢ᠌ᠳ᠋ᠠᠯ ᠪᠣᠢ ᠪᠣᠯᠪᠠ ᠃ ᠭᠡᠬᠦ ᠳ᠋ᠦ ᠪᠡᠨ ᠪᠠᠢ᠌ᠭᠤᠯᠤᠭᠰᠠᠨ ᠣᠨ ᠵᠢᠯ ᠦᠨ ᠪᠠᠢ᠌ᠳ᠋ᠠᠯ ᠡᠴᠡ ᠠᠵᠢ᠍ᠭᠯᠠᠪᠠᠯ ᠂ ᠬᠠᠷᠠᠴᠢ᠍ᠨ ᠨᠤᠲᠤᠭ ᠲᠤ ᠬᠠᠮᠤᠭ ᠠᠩᠬ᠎ᠠ ᠡᠢ᠌ᠮᠦᠷᠬᠦᠦ ᠪᠠᠢ᠌ᠳ᠋ᠠᠯ ᠪᠣᠢ ᠪᠣᠯᠣᠭᠰᠠᠨ ᠪᠠᠢ᠌ᠵᠠᠢ ᠃

ᠶᠡᠷᠦᠩᠬᠡᠢ᠌ᠯᠡᠪᠡᠯ ᠂ ᠬᠠᠷᠠᠴᠢ᠍ᠨ ( ᠤᠷᠢ᠍ᠶᠠᠩᠬᠠᠢ ) ᠠᠢ᠌ᠮᠠᠭ ᠪᠣᠯ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠤᠷᠢ᠍ᠳ᠋ᠠᠪᠠᠷ ᠴᠠᠭᠠᠨ ᠬᠡᠷᠡᠮ ᠳᠠᠭᠠᠤ ᠣᠷᠣᠨ ᠳᠤ ᠣᠷᠣᠰᠢ᠍ᠨ ᠰᠠᠭᠤᠷᠢ᠍ᠰᠢ᠍ᠭᠰᠠᠨ ᠮᠣᠩᠭ᠋ᠣᠯᠴᠤᠳ ᠮᠥᠨ ᠪᠥᠭᠡᠳ ᠬᠠᠮᠤᠭ ᠠᠩᠬ᠎ᠠ ᠲᠠᠷᠢ᠍ᠶᠠᠯᠠᠩ ᠦᠢ᠍ᠯᠡᠳᠪᠦᠷᠢ᠍ᠯᠡᠯ ᠢ ᠡᠷᠬᠢᠯᠡᠭ᠍ᠰᠡᠨ ᠮᠣᠩᠭ᠋ᠣᠯ ᠨᠤᠲᠤᠭ ᠪᠣᠯᠣᠨ᠎ᠠ ᠃ ᠡᠭᠦᠨ ᠦ ᠤᠯᠠᠮ ᠡᠴᠡ ᠴᠢ᠍ᠩ ᠤᠯᠤᠰ ᠤᠨ ᠦᠶ᠎ᠠ ᠳ᠋ᠦ ᠂ ᠤᠤᠯ ᠨᠤᠲᠤᠭ ᠲᠣ ᠬᠠᠮᠤᠭ ᠤᠷᠢ᠍ᠳ᠋ᠠᠪᠠᠷ ᠹᠦ (府 ) ᠂ ᠵᠸᠤ (州 ) ᠂ ᠲᠢ᠍ᠩᠬᠢᠮ (厅 ) ᠂ ᠰᠢ᠍ᠶᠠᠨ(县 ) ᠵᠡᠷᠭᠡ ᠰᠠᠭᠤᠷᠢ᠍ᠰᠢ᠍ᠯ ᠲᠡᠶ ᠬᠠᠮᠢ᠍ᠶ᠎ᠠ ᠪᠦᠬᠦᠢ ᠵᠠᠰᠠᠭ ᠵᠠᠬᠢᠷᠭᠠᠨ ᠤ ᠪᠠᠢ᠌ᠭᠤᠯᠤᠮᠵᠢ ᠶᠢ ᠬᠡᠷᠡᠭ᠍ᠵᠢ᠍ᠭᠦᠯᠦᠭ᠍ᠰᠡᠨ ᠪᠠᠢ᠌ᠨ᠎ᠠ ᠃ ᠡᠭᠦᠨ ᠡᠴᠡ ᠲᠦ᠋ᠯᠬᠢᠨ ᠨᠢ᠍ᠭᠲᠠᠯᠠᠪᠠᠯ ᠂ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠠᠩᠬᠠᠨ ᠤ ᠲᠠᠷᠢ᠍ᠶᠠᠯᠠᠬᠤ ᠲᠤᠰᠬᠤᠨ ᠨᠢ ᠬᠠᠷᠠᠴᠢ᠍ᠨ ᠨᠤᠲᠤᠭ ᠲᠤ ᠡᠭᠦᠰᠦᠨ ᠪᠦᠷᠢ᠍ᠯᠳ᠋ᠦᠭ᠍ᠰᠡᠨ ᠪᠠᠢ᠌ᠨ᠎ᠠ ᠬᠡᠮᠡᠨ ᠮᠠᠭᠠᠳᠯᠠᠵᠤ ᠪᠣᠯᠣᠨ᠎ᠠ ᠃


ᠬᠣᠶᠠᠷ    ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠬᠠᠮᠤᠭ ᠠᠩᠬᠠᠨ ᠤ ᠲᠠᠷᠢ᠍ᠶᠠᠯᠠᠬᠤ ᠲᠣᠰᠬᠤᠨ ᠪᠦᠷᠢ᠍ᠯᠳ᠋ᠦᠭ᠍ᠰᠡᠨ ᠴᠠᠭ ᠬᠤᠭᠤᠴᠠᠭ᠎ᠠ


ᠳᠡᠭᠡᠷ᠎ᠠ ᠪᠢᠳ᠋ᠡ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠬᠠᠮᠤᠭ ᠠᠩᠬᠠᠨ ᠤ ᠲᠠᠷᠢ᠍ᠶᠠᠯᠠᠬᠤ ᠲᠤᠰᠬᠤᠨ ᠨᠢ ᠬᠠᠷᠠᠴᠢ᠍ᠨ ᠨᠤᠲᠤᠭ ᠲᠤ ᠡᠭᠦᠰᠦᠨ ᠪᠦᠷᠢ᠍ᠯᠳ᠋ᠦᠭ᠍ᠰᠡᠨ ᠪᠠᠢ᠌ᠨ᠎ᠠ ᠬᠡᠮᠡᠨ ᠮᠠᠭᠠᠳᠯᠠᠭᠰᠠᠨ ᠪᠠᠢ᠌ᠨ᠎ᠠ ᠃ ᠲᠡᠭᠡᠪᠡᠯ ᠡᠨᠡ ᠬᠦ ᠠᠩᠬᠠᠨ ᠤ ᠲᠤᠰᠬᠤᠨ ᠨᠢ ᠴᠣᠬᠤᠮ ᠠᠯᠢ ᠦᠶ᠎ᠠ ᠪᠠᠷ ᠪᠦᠷᠢ᠍ᠯᠳ᠋ᠦᠭ᠍ᠰᠡᠨ ᠪᠣᠯ ︖ ᠡᠨᠡ ᠠᠰᠠᠭᠤᠯᠲᠠ ᠨᠢ ᠠᠳ᠋ᠠᠯᠢ᠍ᠬᠠᠨ ᠶᠢᠡᠷ ᠬᠤᠭᠤᠷ ᠤᠨ ᠦᠯᠢ᠍ᠭᠡᠷ ᠦᠨ ᠡᠭᠦᠰᠦᠯ ᠦᠨ ᠴᠠᠭ ᠬᠤᠭᠤᠴᠠᠭ᠎ᠠ ᠲᠡᠶ ᠬᠣᠯᠪᠣᠭᠳ᠋ᠠᠬᠤ ᠪᠣᠯᠣᠨ᠎ᠠ ᠃ ᠶᠡᠷᠦᠨᠢ ᠮᠣᠩᠭ᠋ᠣᠯᠴᠤᠳ ᠤᠨ ᠪᠦᠷᠢ᠍ᠳᠬᠡᠯ ᠲᠡᠮᠳ᠋ᠡᠭᠯᠡᠯ ᠦᠨ ᠳᠤᠲᠠᠮᠠᠭ ᠂ ᠳᠠᠩᠰᠠ ᠡᠪᠬᠡᠮᠡᠯ ᠦᠨ ᠪᠦᠷᠢ᠍ᠨ ᠪᠤᠰᠤ ᠂ ᠭᠠᠵᠠᠷ ᠣᠷᠣᠨ ᠤ ᠲᠡᠦᠬᠡ ᠪᠢᠴᠢ᠍ᠯᠭᠡ ᠶᠢᠨ ᠬᠤᠮᠰᠠ ᠵᠡᠷᠭᠡ ᠡᠴᠡ ᠪᠣᠯᠵᠤ ᠂ ᠡᠨᠡ ᠬᠦ ᠠᠩᠬᠠᠨ ᠤ ᠲᠠᠷᠢ᠍ᠶᠠᠯᠠᠬᠤ ᠲᠣᠰᠬᠤᠨ ᠦ ᠪᠦᠷᠢ᠍ᠯᠳ᠋ᠦᠯ ᠦᠨ ᠴᠠᠭ ᠬᠤᠭᠤᠴᠠᠭ᠎ᠠ ᠶᠢ ᠲᠣᠳ᠋ᠣᠷᠬᠠᠢ᠌ᠯᠠᠬᠤ ᠳᠤ ᠨᠡᠯᠢ᠍ᠶᠡᠳ ᠪᠡᠷᠬᠡᠲᠡᠢ ᠪᠣᠯᠵᠠᠢ ᠃ ᠭᠡᠪᠡᠴᠦ ᠵᠠᠷᠢ᠍ᠮ ᠳᠠᠩᠰᠠ ᠪᠢᠴᠢ᠍ᠭ᠌ ᠪᠤᠶᠤ ᠡᠷᠳ᠋ᠡᠮᠲᠡᠳ ᠦᠨ ᠰᠤᠳ᠋ᠤᠯᠭᠠᠨ ᠢ ᠦᠨᠳ᠋ᠦᠰᠦᠯᠡᠭᠡᠳ ᠲᠡᠭᠦᠨ ᠦ ᠪᠦᠷᠢ᠍ᠯᠳ᠋ᠦᠯ ᠦᠨ ᠶᠡᠬᠡ ᠲᠥᠯᠦᠪ ᠣᠨ ᠢ ᠲᠣᠭᠲᠠᠭᠠᠵᠤ ᠪᠣᠯᠣᠨ᠎ᠠ ᠃

1. ᠬᠠᠷᠠᠴᠢ᠍ᠨ ᠤ ᠳᠠᠩᠰᠠ ᠡᠴᠡ ᠴᠠᠭ ᠬᠤᠭᠤᠴᠠᠭ᠎ᠠ ᠶᠢ ᠨᠤᠲᠠᠯᠠᠨ ᠡᠷᠢ᠍ᠵᠦ ᠪᠣᠯᠣᠨ᠎ᠠ ᠃ ᠬᠠᠷᠠᠴᠢ᠍ᠨ ᠵᠡᠭᠦᠨ ᠬᠣᠰᠢ᠍ᠭᠤᠨ ᠤ ᠳᠠᠩᠰᠠ ᠡᠴᠡ ᠦᠵᠡᠪᠡᠯ ᠂ ᠠᠯᠢ ᠡᠷᠲᠡ ᠲᠡᠭ᠍ᠷᠢ ᠲᠡᠳᠭᠦᠭ᠍ᠴᠢ ᠶᠢᠨ ᠵᠢᠷᠠᠳ᠋ᠤᠭᠠᠷ ᠣᠨ ᠤ ᠦᠶ᠎ᠠ ᠪᠡᠷ ᠬᠠᠷᠠᠴᠢ᠍ᠨ ᠳᠤ ᠨᠢ᠍ᠭᠡᠨᠲᠡ ᠣᠯᠠᠨ ᠠᠢ᠌ᠯ ᠡᠷᠦᠬᠡ ᠪᠡᠷ ᠨᠡᠢ᠌ᠯᠡᠨ ᠰᠠᠭᠤᠭᠰᠠᠨ ᠪᠠᠢ᠌ᠳ᠋ᠠᠯ ᠢ ᠵᠢᠭᠠᠨ ᠨᠡᠷᠡᠯᠡᠭ᠍ᠰᠡᠨ 《 ᠠᠢ᠌ᠯ 》 ( ᠲᠣᠰᠬᠤᠨ ) ᠬᠡᠮᠡᠬᠦ ᠨᠡᠷ᠎ᠠ ᠪᠣᠢ ᠪᠣᠯᠣᠭᠰᠠᠨ ᠪᠠᠢ᠌ᠵᠠᠢ ᠃ [ 15 ] ᠮᠣᠩᠭ᠋ᠣᠯ ᠬᠡᠯᠡᠨ ᠳ᠋ᠦ ᠬᠢ 《 ᠠᠢ᠌ᠯ 》 ᠬᠢᠭᠡᠳ 《 ᠲᠣᠰᠬᠤᠨ 》 ᠬᠡᠮᠡᠬᠦ ᠬᠣᠶᠠᠷ ᠦᠭᠡ ᠶᠡᠷᠦᠨᠢ ᠤᠳᠬ᠎ᠠ ᠣᠢ᠌ᠷᠠᠯᠴᠠᠭ᠎ᠠ ᠪᠠᠢ᠌ᠳ᠋ᠠᠭ ᠃ 《 ᠠᠢ᠌ᠯ 》 ᠬᠡᠬᠦ ᠦᠭᠡ ᠨᠢ ᠬᠠᠮᠤᠭ ᠠᠩᠬ᠎ᠠ ᠨᠢ᠍ᠭᠡ ᠬᠡᠷ ᠡᠷᠤᠭᠡ ᠪᠡᠷ ᠠᠮᠢ᠍ᠳ᠋ᠤᠷᠠᠳ᠋ᠠᠭ ᠠᠢ᠌ᠯ ᠬᠡᠷ ᠢ ᠵᠢᠭᠠᠵᠤ ᠪᠠᠢ᠌ᠭᠰᠡᠨ ᠲᠦ᠋ᠯᠤᠪ ᠲᠡᠢ ᠃ ᠤᠤᠯ ᠦᠨ ᠮᠠᠯᠵᠢ᠍ᠬᠤ ᠨᠤᠳ᠋ᠤᠭ ᠲᠤ ᠭᠤᠷᠪᠠ ᠲᠠᠪᠤᠨ ᠠᠢ᠌ᠯ ᠨᠠᠢ᠌ᠯᠡᠵᠤ ᠰᠠᠭᠤᠷᠢ᠍ᠰᠢ᠍ᠨ ᠪᠠᠭᠤᠭᠰᠡᠨ ᠪᠠᠢ᠌ᠪᠡᠯ ᠲᠡᠬᠦᠨ ᠢ ᠬᠤᠳ᠋ᠠ ᠬᠡᠳ᠋ᠡᠭ᠌ ᠃ ᠡᠬᠦᠨ ᠡᠴᠡ 《 ᠠᠢ᠌ᠯ 》 ᠨᠢ ᠬᠤᠳ᠋ᠠ ᠵᠢ ᠪᠦᠷᠢ᠍ᠯᠳ᠋ᠤᠬᠦᠯᠳ᠋ᠡᠭ᠌ ᠲᠤᠰᠠᠭᠠᠷ ᠨᠢ᠍ᠭᠡ ᠠᠢ᠌ᠯ ᠬᠡᠷ ᠪᠠᠢ᠌ᠭᠰᠡᠨ ᠢ ᠮᠡᠳ᠋ᠡᠵᠤ ᠪᠤᠯᠤᠨ᠎ᠠ ᠃ ᠬᠡᠬᠦ ᠳᠤ ᠶᠠᠪᠤᠭᠠᠨ ᠳ᠋ᠥ ᠪᠠᠨ ᠤᠳᠬ᠎ᠠ ᠰᠢ᠍ᠯᠵᠢ᠍ᠵᠤ 《 ᠠᠯᠢ᠍ᠪᠠ ᠤᠢ᠌ᠷ᠎ᠠ ᠲᠠᠰᠢ᠍ᠯᠠᠨ ᠰᠠᠭᠤᠭᠰᠡᠨ ᠬᠡᠷ ᠢ ᠠᠢ᠌ᠯ ᠬᠡᠮᠡᠮᠤᠢ 》 [ 16 ] ᠬᠡᠮᠡᠬᠦ ᠪᠤᠯᠵᠡᠢ ᠃ ᠲᠡᠷᠤᠢ 《 ᠨᠢ᠍ᠭᠡ ᠲᠤᠤᠷ᠎ᠠ ᠰᠠᠭᠤᠷᠢ᠍ᠰᠢ᠍ᠭᠰᠡᠨ ᠡᠷᠤᠭᠡ ᠨᠤᠬᠦᠳ 》 [ 17 ] ᠢ ᠴᠤ 《 ᠠᠢ᠌ᠯ 》 ᠬᠡᠮᠡᠳ᠋ᠡᠭ᠌ ᠪᠤᠯᠵᠡᠢ ᠃ 《 ᠲᠣᠰᠬᠤᠨ 》 ᠪᠣᠯ 《村落 》 ᠭᠡᠬᠦ ᠬᠢᠲᠠᠳ ᠦᠭᠡ ᠶᠢ ᠣᠷᠴᠢ᠍ᠭᠤᠯᠤᠭᠰᠠᠨ ᠤ ᠤᠯᠠᠮ ᠶᠢᠡᠷ ᠪᠣᠢ ᠪᠣᠯᠵᠤ ᠂ ᠣᠯᠠᠨ ᠡᠷᠦᠬᠡ ᠭᠡᠷ ᠨᠡᠢ᠌ᠯᠡᠨ ᠰᠠᠭᠤᠷᠢ᠍ᠰᠢ᠍ᠭᠰᠠᠨ ᠪᠠᠢ᠌ᠳ᠋ᠠᠯ ᠢ ᠵᠢᠭᠠᠳ᠋ᠠᠭ ᠃ ᠡᠨᠡ ᠨᠢ ᠤᠳᠬ᠎ᠠ ᠰᠢ᠍ᠯᠵᠢ᠍ᠵᠤ ᠥᠷᠭᠡᠵᠢ᠍ᠭ᠍ᠰᠡᠨ 《 ᠠᠢ᠌ᠯ 》 ᠲᠡᠶ ᠠᠳ᠋ᠠᠯᠢ᠍ᠪᠲᠤᠷ ᠤᠳᠬ᠎ᠠ ᠲᠡᠶ ᠪᠣᠯᠪᠠ ᠃

《 ᠠᠢ᠌ᠯ 》 ᠬᠡᠮᠡᠬᠦ ᠦᠭᠡ ᠶᠢᠨ ᠤᠳᠬ᠎ᠠ ᠶᠢᠨ ᠥᠷᠭᠡᠵᠢ᠍ᠯ ᠰᠢ᠍ᠯᠵᠢ᠍ᠯᠲᠡ ᠨᠢ ᠮᠣᠩᠭ᠋ᠣᠯᠴᠤᠳ ᠤᠨ ᠮᠠᠯᠵᠢ᠍ᠯ ᠡᠴᠡ ᠲᠠᠷᠢ᠍ᠶᠠᠯᠠᠩ ᠦᠢ᠍ᠯᠡᠳᠪᠦᠷᠢ᠍ᠯᠡᠯ ᠳ᠋ᠥ ᠰᠢ᠍ᠯᠵᠢ᠍ᠭ᠍ᠰᠡᠨ ᠦ ᠳᠠᠷᠠᠭᠠᠬᠢ ᠶᠠᠪᠤᠳ᠋ᠠᠯ ᠪᠣᠯᠣᠨ᠎ᠠ ᠃ ᠲᠡᠭ᠍ᠷᠢ ᠲᠡᠳᠭᠦᠭ᠍ᠴᠢ ᠶᠢᠨ ᠵᠢᠷᠠᠳ᠋ᠤᠭᠠᠷ ᠣᠨ ( 1795 ᠣᠨ ) ᠤ᠋ ᠦᠶ᠎ᠠ ᠶᠢᠨ ᠬᠠᠷᠠᠴᠢ᠍ᠨ ᠵᠡᠭᠦᠨ ᠬᠣᠰᠢ᠍ᠭᠤᠨ ᠤ ᠳᠠᠩᠰᠠ ᠳ᠋ᠥ ᠄ 《 ᠪᠠᠰᠠᠷ ᠶᠢᠨ ᠠᠢ᠌ᠯᠤᠨ ᠵᠠᠩᠭᠢᠨ ᠁ ᠲᠠᠨ ᠪᠦᠭᠦᠳ᠋ᠡᠭᠡᠷ ᠮᠡᠳ᠋ᠡᠭᠦᠯᠬᠦ ᠠᠨᠤ ᠂ ᠮᠠᠨ ᠤ ᠬᠣᠶᠠᠷ ᠠᠢ᠌ᠯᠤᠨ ᠬᠣᠭᠣᠷᠣᠨᠳ᠋ᠤ ᠨᠦ᠋ᠭᠦᠳᠲᠡᠢ ᠳᠤᠷ ᠰᠠᠭᠤᠭᠰᠠᠨ 》 ᠂ 《 ᠪᠡᠢ᠌ᠰᠡ ᠶᠢᠨ ᠬᠣᠰᠢ᠍ᠭᠤᠨ ᠤ ᠲᠠᠷᠢ᠍ᠶᠠᠴᠢ ᠭᠣᠷᠪᠡᠨ ᠭᠡᠷ ᠦᠨ ᠢᠷᠭᠡᠴᠤᠳ ᠡᠨᠡ ᠵᠠᠭᠠᠭ ᠡᠴᠡ ᠳᠠᠪᠠᠵᠤ ᠮᠠᠨ ᠤ ᠬᠣᠰᠢ᠍ᠭᠤᠨ ᠤ ᠬᠠᠷᠢ᠍ᠶᠠᠲᠤ ᠭᠤᠴᠢ᠍ᠨ ᠭᠡᠷ ᠪᠠᠰᠠᠷ ᠤᠨ ᠠᠢ᠌ᠯᠤᠨ ᠪᠡᠯᠴᠢ᠍ᠭᠡᠷ ᠭᠠᠵᠠᠷ ᠢ ᠡᠪᠳ᠋ᠡᠵᠦ 》 ᠂ 《 ᠬᠣᠶᠠᠷ ᠠᠢ᠌ᠯᠤᠨ ᠡᠪᠦᠭᠡᠳ ᠪᠢᠳ᠋ᠡ ᠬᠣᠷᠢ᠍ᠪᠠᠰᠤ ᠬᠡᠷᠡᠭ᠌ ᠦᠯᠦ ᠪᠣᠯᠬᠤ ᠲᠤᠯᠠ ᠡᠷᠭᠦᠨ ᠮᠡᠳ᠋ᠡᠭᠦᠯᠦᠮᠦ 》 [ 18 ] ᠬᠡᠮᠡᠨ ᠲᠣᠳ᠋ᠣᠷᠬᠠᠢ ᠲᠡᠮᠳ᠋ᠡᠭᠯᠡᠵᠦ ᠪᠠᠢ᠌ᠨ᠎ᠠ ᠃ ᠪᠠᠰᠠ ᠰᠠᠢ᠌ᠰᠢ᠍ᠶᠠᠯᠲᠤ ᠢᠷᠦᠭᠡᠯᠲᠦ ᠶᠢᠨ ᠲᠡᠷᠢ᠍ᠭᠦᠨ ᠣᠨ ( 1796 ᠣᠨ ) ᠤ᠋ ᠳᠠᠩᠰᠠ ᠳᠤ 《 ᠡᠳ᠋ᠦᠭᠡ ᠬᠠᠳ᠋ᠠᠨ ᠤ ᠭᠤᠷᠪᠠᠨ ᠭᠡᠷᠦᠨ ᠠᠢ᠌ᠯ ᠤᠨ ᠬᠦᠮᠦᠰ ᠪᠦᠭᠦᠳ᠋ᠡᠭᠡᠷ ᠢᠷᠡᠵᠦ ᠮᠡᠳ᠋ᠡᠭᠦᠯᠦᠭ᠍ᠰᠡᠨ ᠠᠨᠤ 》 [ 19 ] ᠬᠡᠮᠡᠨ ᠲᠡᠮᠳ᠋ᠡᠭᠯᠡᠵᠦ ᠪᠠᠢ᠌ᠨ᠎ᠠ ᠃ ᠬᠠᠷᠠᠴᠢ᠍ᠨ ᠵᠡᠭᠦᠨ ᠬᠣᠰᠢ᠍ᠭᠤᠨ ᠤ ᠳᠠᠩᠰᠠ ᠳ᠋ᠥ ᠡᠢ᠌ᠮᠦᠷᠬᠦᠦ ᠣᠯᠠᠨ ᠡᠷᠦᠬᠡ ᠭᠡᠷ ᠨᠡᠢ᠌ᠯᠡᠨ ᠰᠠᠭᠤᠷᠢ᠍ᠰᠢ᠍ᠭᠰᠠᠨ ᠪᠠᠢ᠌ᠳ᠋ᠠᠯ ᠢ ᠵᠢᠭᠠᠨ ᠨᠡᠷᠡᠯᠡᠭ᠍ᠰᠡᠨ 《 ᠠᠢ᠌ᠯ 》 ᠬᠡᠮᠡᠬᠦ ᠨᠡᠷ᠎ᠠ ᠢᠯᠡᠷᠡᠭ᠍ᠰᠡᠨ ᠨᠢ ᠲᠤᠬᠠᠢ ᠶᠢᠨ ᠡᠷᠢ᠍ᠨ ᠦ ᠬᠠᠷᠠᠴᠢ᠍ᠨ ᠨᠤᠲᠤᠭ ᠲᠤ ᠨᠢ᠍ᠭᠡᠨᠲᠡ ᠮᠣᠩᠭ᠋ᠣᠯ ᠲᠠᠷᠢ᠍ᠶᠠᠯᠠᠬᠤ ᠲᠣᠰᠬᠤᠨ ᠪᠦᠷᠢ᠍ᠯᠳ᠋ᠦᠭ᠍ᠰᠡᠨ ᠢ ᠬᠠᠷᠠᠭᠤᠯᠵᠤ ᠪᠠᠢ᠌ᠨ᠎ᠠ ᠃

2.ᠡᠷᠳ᠋ᠡᠮᠲᠡᠳ ᠦᠨ ᠰᠤᠳ᠋ᠤᠯᠭᠠᠨ ᠤ ᠦᠷ᠎ᠠ ᠪᠦᠲᠦᠭᠡᠯ ᠡᠴᠡ ᠡᠨᠡ ᠬᠦ ᠠᠩᠬᠠᠨ ᠤ ᠲᠠᠷᠢ᠍ᠶᠠᠯᠠᠬᠤ ᠲᠣᠰᠬᠤᠨ ᠦ ᠪᠦᠷᠢ᠍ᠯᠳ᠋ᠦᠯ ᠦᠨ ᠴᠠᠭ ᠬᠤᠭᠤᠴᠠᠭ᠎ᠠ ᠶᠢ ᠲᠣᠳ᠋ᠣᠷᠠᠭᠤᠯᠵᠤ ᠪᠣᠯᠣᠨ᠎ᠠ ᠃ ᠣᠷᠴᠢ᠍ᠮ ᠤᠨ ᠵᠢᠯ ᠳ᠋ᠦ ᠮᠣᠩᠭ᠋ᠣᠯ ᠦᠨᠳ᠋ᠦᠰᠦᠲᠡᠨ ᠦ ᠨᠡᠢ᠌ᠭᠡᠮ ᠦᠨ ᠲᠡᠤᠬᠡ ᠶᠢᠨ ᠰᠤᠳ᠋ᠤᠯᠤᠯ ᠪᠤᠶᠤ ᠣᠷᠣᠨ ᠨᠤᠲᠤᠭ ᠤᠨ ᠲᠡᠦᠬᠡ ᠶᠢᠨ ᠰᠤᠳ᠋ᠤᠯᠤᠯ ᠡᠷᠴᠢ᠍ᠮᠲᠡᠢ ᠥᠷᠨᠢ᠍ᠵᠦ ᠂ ᠳᠠᠷᠢ᠍ᠵᠠᠪ ᠤᠨ 《 ᠮᠢ᠍ᠩ ᠤᠯᠤᠰ ᠤᠨ ᠦᠶ᠎ᠠ ᠶᠢᠨ ᠭᠣᠪᠢ ᠶᠢᠨ ᠡᠮᠦᠨᠡᠲᠦ ᠮᠣᠩᠭ᠋ᠣᠯ ᠤᠨ ᠲᠡᠦᠬᠡ ᠶᠢᠨ ᠰᠤᠳ᠋ᠤᠯᠤᠯ 》 ᠂ ᠣᠶᠤᠨᠪᠢᠯᠢ᠍ᠭ᠌ ᠤᠨ 《 ᠬᠠᠷᠠᠴᠢ᠍ᠨ ᠲᠦ᠋ᠮᠡᠨ ᠦ ᠲᠡᠦᠬᠡ 》 ᠂ ᠥ ᠴᠸᠩ ᠶᠢ᠍ᠨ ᠦ 《 ᠬᠠᠷᠠᠴᠢ᠍ᠨ ᠤᠷᠢ᠍ᠶᠠᠩᠬᠠᠢ ᠠᠢ᠌ᠮᠠᠭ ᠤᠨ ᠲᠣᠪᠴᠢ᠍ᠶᠠᠨ 》 ᠂ ᠸᠠᠩ ᠢᠤᠢ ᠬᠠᠢ ᠶᠢᠨ《 ᠬᠥᠭ᠍ᠵᠢ᠍ᠯ ᠬᠢᠭᠡᠳ ᠬᠤᠪᠢᠰᠤᠯ ‍᠊ ᠴᠢ᠍ᠩ ᠤᠯᠤᠰ ᠤᠨ ᠦᠶ᠎ᠠ ᠶᠢᠨ ᠥᠪᠥᠷ ᠮᠣᠩᠭ᠋ᠣᠯ ᠤᠨ ᠵᠡᠭᠦᠨ ᠣᠷᠣᠨ ᠤ ᠮᠠᠯᠵᠢ᠍ᠯ ᠡᠴᠡ ᠲᠠᠷᠢ᠍ᠶᠠᠯᠠᠬᠤ ᠳᠤ ᠰᠢ᠍ᠯᠵᠢ᠍ᠭ᠍ᠰᠡᠨ ᠬᠤᠪᠢᠰᠤᠯ 》 ᠂ ᠪᠦᠷᠢ᠍ᠨᠰᠠᠢ᠌ᠨ ᠤ 《 ᠤᠷᠴᠢ᠍ᠨ ᠣᠳ᠋ᠣ ᠦᠶ᠎ᠠ ᠶᠢᠨ ᠮᠣᠩᠭ᠋ᠣᠯᠴᠤᠳ ᠤᠨ ᠲᠠᠷᠢ᠍ᠶᠠᠯᠠᠬᠤ ᠲᠤᠰᠬᠤᠨ ᠤ ᠨᠡᠢ᠌ᠭᠡᠮ ᠦᠨ ᠪᠦᠷᠢ᠍ᠯᠳ᠋ᠦᠯ 》 ᠂ ᠰᠠᠢ᠌ᠨ ᠤ 《 ᠮᠣᠩᠭ᠋ᠣᠯ ᠦᠨᠳ᠋ᠦᠰᠦᠲᠡᠨ ᠦ ᠨᠡᠭᠦᠳ᠋ᠡᠯ ᠮᠠᠯᠵᠢ᠍ᠯ ᠤᠨ ᠨᠡᠢ᠌ᠭᠡᠮ ᠦᠨ ᠬᠤᠪᠢᠰᠤᠯ 》 ᠂ ᠪᠣᠤ ᠢᠤᠢ ᠵᠥ ᠶᠢᠨ 《 ᠴᠢ᠍ᠩ ᠤᠯᠤᠰ ᠤᠨ ᠦᠶ᠎ᠠ ᠶᠢᠨ ᠮᠣᠩᠭ᠋ᠣᠯ ᠦᠨᠳ᠋ᠦᠰᠦᠲᠡᠨ ᠦ ᠨᠡᠢ᠌ᠭᠡᠮ ᠦᠨ ᠬᠤᠪᠢᠰᠤᠯ ᠬᠢᠭᠡᠳ ᠬᠡᠯᠡᠨ ᠦ ᠰᠤᠷᠭᠠᠨ ᠬᠥᠮᠥᠵᠢ᠍ᠯ 》 ᠂ ᠰᠣᠳ᠋ᠣᠪᠠᠭᠠᠲᠤᠷ ᠤᠨ 《 ᠮᠣᠩᠭ᠋ᠣᠯ ᠬᠢᠲᠠᠳ ᠲᠡᠦᠬᠡ ᠶᠢᠨ ᠣᠢ᠌ᠷᠠᠲᠤᠯᠴᠠᠭ᠎ᠠ ᠬᠢᠭᠡᠳ ᠮᠣᠩᠭ᠋ᠣᠯ ᠬᠡᠯᠡᠨ ᠦ ᠰᠤᠶᠤᠯ ᠤᠨ ᠬᠤᠪᠢᠷᠠᠯᠲᠠ 》 ᠵᠡᠷᠭᠡ ᠲᠣᠮᠣᠬᠠᠨ ᠪᠦᠲᠦᠭᠡᠯ ᠨᠤᠭᠦᠳ ᠬᠡᠪᠯᠡᠭ᠍ᠳ᠋ᠡᠭ᠍ᠰᠡᠨ ᠪᠠᠢ᠌ᠨ᠎ᠠ ᠃ ᠡᠳ᠋ᠡᠭᠡᠷ ᠦᠷ᠎ᠠ ᠪᠦᠲᠦᠭᠡᠯ ᠨᠢ ᠡᠨᠡ ᠬᠦ ᠠᠩᠬᠠᠨ ᠤ ᠲᠠᠷᠢ᠍ᠶᠠᠯᠠᠬᠤ ᠲᠣᠰᠬᠤᠨ ᠦ ᠪᠦᠷᠢ᠍ᠯᠳ᠋ᠦᠯ ᠦᠨ ᠴᠠᠭ ᠬᠤᠭᠤᠴᠠᠭ᠎ᠠ ᠶᠢ ᠲᠣᠳ᠋ᠣᠷᠠᠭᠤᠯᠬᠤ ᠳ᠋ᠥ ᠨᠢ᠍ᠭᠡ ᠬᠡᠮᠵᠢ᠍ᠶᠡᠨ ᠦ ᠯᠠᠪᠯᠠᠯᠲᠠ ᠪᠣᠯᠬᠤ ᠶᠤᠮ ᠃

ᠢᠯᠠᠩᠭ᠋ᠤᠶ᠎ᠠ ᠲᠥᠪ ᠦᠨ ᠦᠨᠳ᠋ᠦᠰᠦᠲᠡᠨ ᠦ ᠶᠡᠬᠡ ᠰᠤᠷᠭᠠᠭᠤᠯᠢ ᠶᠢᠨ ᠫᠷᠤᠹᠸᠰᠰᠤᠷ ᠪᠣᠤ ᠢᠤᠢ ᠵᠦ ᠪᠠᠷ ᠣᠷᠴᠢ᠍ᠮ ᠤᠨ ᠵᠢᠯ ᠳ᠋ᠦ 《 ᠮᠣᠩᠭ᠋ᠣᠯ ᠬᠡᠯᠡᠨ ᠦ ᠬᠠᠷᠠᠴᠢ᠍ᠨ ᠨᠤᠲᠤᠭ ᠤᠨ ᠠᠶᠠᠯᠭᠤᠨ ᠤ ᠬᠡᠯᠡᠨ ᠦ ᠣᠢ᠌ᠷᠠᠲᠤᠯᠴᠠᠭ᠎ᠠ ᠳ᠋ᠥ ᠬᠢᠭ᠍ᠰᠡᠨ ᠲᠤᠰᠬᠠᠢ ᠰᠤᠳ᠋ᠤᠯᠤᠯ 》 ᠬᠡᠮᠡᠬᠦ ᠤᠯᠤᠰ ᠤᠨ ᠨᠡᠢ᠌ᠭᠡᠮ ᠦᠨ ᠰᠢ᠍ᠨᠵᠢ᠍ᠯᠡᠬᠦ ᠤᠬᠠᠭᠠᠨ ᠤ ᠰᠠᠭᠤᠷᠢ ᠮᠥᠩᠭᠥᠨ ᠦ ᠲᠥᠰᠦᠯ ᠦᠨ ᠰᠤᠳ᠋ᠤᠯᠭᠠᠨ ᠢ ᠥᠷᠨᠢ᠍ᠭᠦᠯᠵᠦ ᠠᠮᠵᠢ᠍ᠯᠲᠠᠲᠠᠢ ᠠᠵᠢ᠍ᠯᠯᠠᠭᠰᠠᠨ ᠪᠠᠢ᠌ᠨ᠎ᠠ ᠃ ᠤᠤᠯ ᠰᠤᠳ᠋ᠤᠯᠭᠠᠨ ᠳᠤ ᠬᠠᠷᠠᠴᠢ᠍ᠨ ᠨᠤᠲᠤᠭ ᠲᠤ ᠶᠠᠪᠤᠭᠳ᠋ᠠᠭᠰᠠᠨ ᠮᠣᠩᠭ᠋ᠣᠯ ᠬᠢᠲᠠᠳ ᠬᠡᠯᠡᠨ ᠦ ᠣᠢ᠌ᠷᠠᠲᠤᠯᠴᠠᠭ᠎ᠠ ᠡᠴᠡ ᠪᠣᠯᠣᠭᠰᠠᠨ ᠮᠣᠩᠭ᠋ᠣᠯ ᠬᠡᠯᠡᠨ ᠦ ᠬᠠᠷᠠᠴᠢ᠍ᠨ ᠠᠮᠠᠨ ᠠᠶᠠᠯᠭᠤ ᠶᠢᠨ ᠬᠤᠪᠢᠷᠠᠯᠲᠠ ᠶᠢ ᠭᠣᠣᠯᠳ᠋ᠠᠭᠤ ᠰᠤᠳ᠋ᠤᠯᠤᠭᠰᠠᠨ ᠪᠣᠯᠪᠠᠴᠤ ᠂ ᠴᠢ᠍ᠨᠠᠭᠰᠢ᠍ᠲᠠ ᠪᠠᠰᠠ ᠬᠠᠷᠠᠴᠢ᠍ᠨ ᠨᠤᠲᠤᠭ ᠤᠨ ᠨᠡᠢ᠌ᠭᠡᠮ ᠰᠤᠶᠤᠯ ᠤᠨ ᠰᠢ᠍ᠨᠡᠴᠢ᠍ᠯᠡᠯ ᠬᠤᠪᠢᠰᠤᠯ ᠤᠨ ᠣᠯᠠᠨ ᠰᠣᠨᠢ᠍ᠷᠬᠠᠯᠲᠠᠢ ᠠᠰᠠᠭᠤᠳ᠋ᠠᠯ ᠢ ᠠᠪᠴᠤ ᠰᠤᠳ᠋ᠤᠯᠤᠭᠰᠠᠨ ᠪᠠᠢ᠌ᠨ᠎ᠠ ᠃ ᠲᠡᠭᠦᠨ ᠦ 《 ᠨᠡᠭᠦᠳ᠋ᠡᠯ ᠢᠷᠭᠡᠳ ᠬᠠᠷᠠᠴᠢ᠍ᠨ ᠣᠷᠣᠨ ᠤ ᠦᠨᠳ᠋ᠦᠰᠦᠲᠡᠨ ᠦ ᠪᠥᠷᠢ᠍ᠯᠳ᠋ᠦᠭᠦᠨ ᠬᠢᠭᠡᠳ ᠬᠡᠯᠡᠨ ᠦ ᠣᠢ᠌ᠷᠠᠲᠤᠯᠴᠭᠠᠨ ᠤ ᠬᠡᠯᠪᠡᠷᠢ ᠳ᠋ᠦ ᠦᠵᠡᠭᠦᠯᠦᠭ᠍ᠰᠡᠨ ᠨᠥᠯᠥᠭᠡ 》 [ 20 ] ᠬᠡᠮᠡᠬᠦ ᠥᠭᠦᠯᠡᠯ ᠳ᠋ᠦ ᠤᠤᠯ ᠤᠨ ᠬᠠᠷᠠᠴᠢ᠍ᠨ ᠨᠤᠲᠤᠭ ᠤᠨ ᠡᠯ᠎ᠠ ᠭᠠᠵᠠᠷ ᠣᠷᠣᠨ ᠤ ᠭᠠᠵᠠᠷ ᠤᠨ ᠨᠡᠷ᠎ᠠ ᠶᠢᠨ ᠴᠠᠳ᠋ᠢ᠍ᠭ (地名志) ᠢ ᠦᠨᠳ᠋ᠦᠰᠦᠯᠡᠨ ᠵᠣᠬᠢᠶᠠᠭᠴᠢ ᠶᠢᠨ ᠥᠪᠡᠷᠲᠡᠭᠡᠨ ᠵᠣᠬᠢᠶᠠᠨ ᠪᠠᠢ᠌ᠭᠤᠯᠤᠭᠰᠠᠨ 《 ᠬᠠᠷᠠᠴᠢ᠍ᠨ ᠣᠷᠣᠨ ᠤ ᠭᠠᠵᠠᠷ ᠤᠨ ᠨᠡᠷ᠎ᠠ ᠶᠢᠨ ᠲᠠᠢ᠌ᠲ᠋ᠠ ᠬᠥᠮᠥᠷᠭᠡ 》 ᠪᠡᠨ ᠦᠨᠳ᠋ᠦᠰᠦᠯᠡᠨ ᠫᠢᠩᠴᠢ᠍ᠤᠸᠠᠨ ᠰᠢ᠍ᠶᠠᠨ ᠂ ᠬᠠᠷᠠᠴᠢ᠍ᠨ ᠬᠣᠰᠢ᠍ᠭᠤ ᠂ ᠬᠠᠷᠠᠴᠢ᠍ᠨ ᠵᠡᠭᠦᠨ ᠬᠣᠰᠢ᠍ᠭᠤ ᠂ ᠨᠢ᠍ᠩ ᠴᠸᠩ ᠰᠢ᠍ᠶᠠᠨ ᠵᠡᠷᠭᠡ ᠤᠤᠯ ᠤᠨ ᠬᠠᠷᠠᠴᠢ᠍ᠨ ᠣᠷᠣᠨ ᠤ ᠠᠢ᠌ᠯ ᠲᠤᠰᠬᠤᠨ ᠪᠦᠷᠢ᠍ᠯᠳ᠋ᠦᠭ᠍ᠰᠡᠨ ᠴᠠᠭ ᠬᠤᠭᠤᠴᠠᠭ᠎ᠠ ᠶᠢ ᠢᠯᠡᠳᠭᠡᠨ ᠭᠠᠷᠭᠠᠭᠰᠠᠨ ᠪᠠᠢ᠌ᠨ᠎ᠠ ᠃ ᠠᠵᠢ᠍ᠭᠯᠠᠵᠤ ᠦᠵᠡᠪᠡᠯ ᠂ ᠡᠳ᠋ᠡᠭᠡᠷ ᠲᠥᠷᠪᠡᠨ ᠣᠷᠣᠨ ᠳ᠋ᠥ ᠪᠣᠢ ᠪᠣᠯᠣᠭᠰᠠᠨ ᠬᠠᠮᠤᠭ ᠠᠩᠬᠠᠨ ᠤ ᠮᠣᠩᠭ᠋ᠣᠯ ᠲᠤᠰᠬᠤᠨ ᠨᠢ ᠫᠢᠩᠴᠢ᠍ᠤᠸᠠᠨ ᠰᠢ᠍ᠶᠠᠨ ᠤ ᠬᠠᠷᠢ᠍ᠶᠠᠨ ᠳᠤ ᠴᠢ᠍ᠩ ᠤᠯᠤᠰ ᠤᠨ ᠳᠡᠭᠡᠳ᠋ᠦ ᠡᠷᠳ᠋ᠡᠮᠲᠦ ᠶᠢᠨ ᠦᠶ᠎ᠠ ᠡᠴᠡ ᠡᠮᠦᠨ᠎ᠠ ᠪᠣᠢ ᠪᠣᠯᠵᠠᠢ ᠃ ᠲᠤᠬᠠᠢ ᠶᠢᠨ ᠦᠶ᠎ᠠ ᠳ᠋ᠥ ᠫᠢᠩᠴᠢ᠍ᠤᠸᠠᠨ ᠰᠢ᠍ᠶᠠᠨ ᠳ᠋ᠦ ᠨᠡᠢ᠌ᠲᠡ 12 ᠠᠢ᠌ᠯ (自然屯 ) ᠪᠣᠢ ᠪᠣᠯᠵᠤ ᠂ ᠡᠭᠦᠨ ᠳ᠋ᠦ ᠭᠠᠭᠴᠠ ᠮᠣᠩᠭ᠋ᠣᠯ ᠠᠢ᠌ᠯ ᠲᠡᠶ ᠪᠠᠢ᠌ᠵᠠᠢ ᠃ ᠡᠶᠡᠪᠡᠷ ᠵᠠᠰᠠᠭᠴᠢ ᠶᠢᠨ ᠦᠶ᠎ᠠ ᠳ᠋ᠥ ᠨᠡᠢ᠌ᠲᠡ 122 ᠠᠢ᠌ᠯ ᠪᠣᠢ ᠪᠣᠯᠵᠤ ᠂ 11 ᠮᠣᠩᠭ᠋ᠣᠯ ᠠᠢ᠌ᠯ ᠪᠣᠢ ᠪᠣᠯᠪᠠ ᠃ ᠡᠩᠬᠡ ᠠᠮᠤᠭᠤᠯᠠᠩ ᠤᠨ ᠦᠶ᠎ᠠ ᠳ᠋ᠦ ᠨᠡᠢ᠌ᠲᠡ 43 ᠠᠢ᠌ᠯ ᠪᠣᠢ ᠪᠣᠯᠵᠤ ᠂ 5 ᠮᠣᠩᠭ᠋ᠣᠯ ᠠᠢ᠌ᠯ ᠪᠣᠢ ᠪᠣᠯᠪᠠ ᠃ ᠬᠠᠷᠠᠴᠢ᠍ᠨ ᠪᠠᠷᠠᠭᠤᠨ ᠬᠣᠰᠢ᠍ᠭᠤᠨ ᠤ ᠪᠠᠢ᠌ᠳ᠋ᠠᠯ ᠡᠴᠡ ᠦᠵᠡᠪᠡᠯ ᠂ ᠡᠶᠡᠪᠡᠷ ᠵᠠᠰᠠᠭᠴᠢ ᠶᠢᠨ ᠦᠶ᠎ᠠ ᠡᠴᠡ ᠡᠮᠦᠨ᠎ᠠ ᠠᠢ᠌ᠯ ᠲᠤᠰᠬᠤᠨ ᠪᠦᠷᠢ᠍ᠯᠳ᠋ᠦᠭ᠍ᠰᠡᠨ ᠪᠠᠢ᠌ᠳ᠋ᠠᠯ ᠮᠡᠳ᠋ᠡᠭ᠍ᠳ᠋ᠡᠬᠦ ᠦᠭᠡᠶ ᠂ ᠡᠶᠡᠪᠡᠷ ᠵᠠᠰᠠᠭᠴᠢ ᠶᠢᠨ ᠦᠶ᠎ᠠ ᠳ᠋ᠥ ᠨᠡᠢ᠌ᠲᠡ 31 ᠠᠢ᠌ᠯ ᠂ ᠡᠩᠬᠡ ᠠᠮᠤᠭᠤᠯᠠᠩ ᠤᠨ ᠦᠶ᠎ᠠ ᠳ᠋ᠥ ᠨᠡᠢ᠌ᠲᠡ 204 ᠠᠢ᠌ᠯ ᠂ ᠨᠠᠢ᠌ᠷᠠᠯᠲᠤ ᠲᠥᠪ ᠦᠨ ᠦᠶ᠎ᠠ ᠳ᠋ᠥ ᠨᠡᠢ᠌ᠲᠡ 33 ᠠᠢ᠌ᠯ ᠂ ᠲᠡᠭ᠍ᠷᠢ ᠲᠡᠳᠭᠦᠭ᠍ᠴᠢ ᠶᠢᠨ ᠦᠶ᠎ᠠ ᠳ᠋ᠥ ᠨᠡᠢ᠌ᠲᠡ 241 ᠠᠢ᠌ᠯ ᠪᠣᠢ ᠪᠣᠯᠪᠠ ᠃ ᠬᠠᠷᠠᠴᠢ᠍ᠨ ᠪᠠᠷᠠᠭᠤᠨ ᠬᠣᠰᠢ᠍ᠭᠤᠨ ᠤ ᠠᠢ᠌ᠯ ᠤᠨ ᠪᠦᠷᠢ᠍ᠯᠳ᠋ᠦᠯ ᠦᠨ ᠪᠠᠢ᠌ᠳ᠋ᠠᠯ ᠡᠴᠡ ᠦᠵᠡᠪᠡᠯ ᠂ ᠴᠡᠪᠡᠷ ᠮᠣᠩᠭ᠋ᠣᠯ ᠠᠢ᠌ᠯ ᠪᠤᠶᠤ ᠪᠦᠷᠢ᠍ᠮᠦᠰᠦᠨ ᠬᠢᠲᠠᠳ ᠬᠦᠮᠦᠨ ᠶᠢᠡᠷ ᠪᠦᠷᠢ᠍ᠯᠳ᠋ᠦᠭ᠍ᠰᠡᠨ ᠠᠢ᠌ᠯ ᠴᠦ᠋ᠬᠡᠨ ᠪᠠᠢ᠌ᠵᠤ ᠂ ᠮᠣᠩᠭ᠋ᠣᠯ ᠬᠢᠲᠠᠳ ᠦᠨᠳ᠋ᠦᠰᠦᠲᠡᠨ ᠬᠣᠯᠢ᠍ᠯᠳ᠋ᠤᠨ ᠰᠠᠭᠤᠷᠢ᠍ᠰᠢ᠍ᠭᠰᠠᠨ ᠠᠢ᠌ᠯ 90 % ᠬᠦᠷᠴᠦ ᠪᠠᠢ᠌ᠨ᠎ᠠ ᠃ ᠬᠠᠷᠠᠴᠢ᠍ᠨ ᠵᠡᠭᠦᠨ ᠬᠣᠰᠢ᠍ᠭᠤᠨ ᠤ ᠪᠠᠢ᠌ᠳ᠋ᠠᠯ ᠡᠴᠡ ᠦᠵᠡᠪᠡᠯ ᠂ ᠡᠶᠡᠪᠡᠷ ᠵᠠᠰᠠᠭᠴᠢ ᠶᠢᠨ ᠦᠶ᠎ᠠ ᠡᠴᠡ ᠡᠮᠦᠨ᠎ᠠ ᠨᠡᠢ᠌ᠲᠡ 38 ᠠᠢ᠌ᠯ ᠂ ᠡᠩᠬᠡ ᠠᠮᠤᠭᠤᠯᠠᠩ ᠤᠨ ᠦᠶ᠎ᠠ ᠳ᠋ᠥ ᠨᠡᠢ᠌ᠲᠡ 24 ᠠᠢ᠌ᠯ ᠂ ᠲᠡᠭ᠍ᠷᠢ ᠲᠡᠳᠭᠦᠭ᠍ᠴᠢ ᠶᠢᠨ ᠦᠶ᠎ᠠ ᠳ᠋ᠥ ᠨᠡᠢ᠌ᠲᠡ 91 ᠠᠢ᠌ᠯ ᠪᠣᠢ ᠪᠣᠯᠪᠠ ᠃ ᠮᠣᠩᠭ᠋ᠣᠯ ᠬᠢᠲᠠᠳ ᠬᠣᠯᠢ᠍ᠯᠳ᠋ᠤᠨ ᠰᠠᠭᠤᠷᠢ᠍ᠰᠢ᠍ᠭᠰᠠᠨ ᠬᠡᠮᠵᠢ᠍ᠶ᠎ᠠ 56.6% ᠬᠦᠷᠴᠦ ᠪᠠᠢ᠌ᠨ᠎ᠠ ᠃ ᠬᠠᠷᠠᠴᠢ᠍ᠨ ᠳᠤᠮᠳ᠋ᠠ ᠬᠣᠰᠢ᠍ᠭᠤᠨ ᠤ ᠪᠠᠢ᠌ᠳ᠋ᠠᠯ ᠡᠴᠡ ᠦᠵᠡᠪᠡᠯ ᠂ ᠡᠶᠡᠪᠡᠷ ᠵᠠᠰᠠᠭᠴᠢ ᠶᠢᠨ ᠦᠶ᠎ᠠ ᠳ᠋ᠥ ᠨᠡᠢ᠌ᠲᠡ 54 ᠠᠢ᠌ᠯ ᠂ ᠡᠩᠬᠡ ᠠᠮᠤᠭᠤᠯᠠᠩ ᠤᠨ ᠦᠶ᠎ᠠ ᠳ᠋ᠥ ᠨᠡᠢ᠌ᠲᠡ 109 ᠠᠢ᠌ᠯ ᠂ ᠲᠡᠭ᠍ᠷᠢ ᠲᠡᠳᠭᠦᠭ᠍ᠴᠢ ᠶᠢᠨ ᠦᠶ᠎ᠠ ᠳ᠋ᠥ ᠨᠡᠢ᠌ᠲᠡ 216 ᠠᠢ᠌ᠯ ᠂ ᠰᠠᠢ᠌ᠰᠢ᠍ᠶᠠᠯᠲᠤ ᠢᠷᠦᠭᠡᠯᠲᠦ ᠶᠢᠨ ᠦᠶ᠎ᠠ ᠳ᠋ᠦ ᠨᠡᠢ᠌ᠲᠡ 379 ᠠᠢ᠌ᠯ ᠪᠣᠢ ᠪᠣᠯᠪᠠ ᠃ ᠮᠣᠩᠭ᠋ᠣᠯ ᠬᠢᠲᠠᠳ ᠬᠣᠯᠢ᠍ᠯᠳ᠋ᠤᠨ ᠰᠠᠭᠤᠷᠢ᠍ᠰᠢ᠍ᠭᠰᠠᠨ ᠬᠡᠮᠵᠢ᠍ᠶ᠎ᠠ 22.5% ᠬᠦᠷᠴᠦ ᠪᠠᠢ᠌ᠨ᠎ᠠ ᠃

ᠮᠣᠩᠭ᠋ᠣᠯ ᠠᠢ᠌ᠯ ᠲᠤᠰᠬᠤᠨ ᠤ ᠪᠣᠢ ᠪᠣᠯᠣᠭᠰᠠᠨ ᠲᠣᠭ᠎ᠠ ᠪᠤᠶᠤ ᠠᠢ᠌ᠯ ᠲᠣᠰᠬᠤᠨ ᠤ ᠲᠣᠲᠤᠷᠠᠬᠢ ᠮᠣᠩᠭ᠋ᠣᠯ ᠬᠦᠮᠦᠨ ᠠᠮᠠ ᠶᠢᠨ ᠲᠣᠭ᠎ᠠ ᠶᠢᠨ ᠡᠵᠡᠯᠡᠬᠦ ᠬᠠᠷᠢ᠍ᠴᠠᠯ ᠡᠴᠡ ᠦᠵᠡᠪᠡᠯ ᠂ ᠡᠶᠡᠪᠡᠷ ᠵᠠᠰᠠᠭᠴᠢ ᠬᠢᠭᠡᠳ ᠡᠩᠬᠡ ᠠᠮᠤᠭᠤᠯᠠᠩ ᠤᠨ ᠦᠶ᠎ᠠ ᠳ᠋ᠥ ᠬᠠᠮᠣᠭ ᠡᠴᠡ ᠦᠨᠳ᠋ᠦᠷ ᠪᠠᠢ᠌ᠨ᠎ᠠ ᠃ ᠫᠢᠩᠴᠢ᠍ᠤᠸᠠᠨ ᠰᠢ᠍ᠶᠠᠨ ᠳᠤ ᠬᠠᠮᠣᠭ ᠣᠯᠠᠨ ᠮᠣᠩᠭ᠋ᠣᠯ ᠠᠢ᠌ᠯ ᠪᠣᠢ ᠪᠣᠯᠣᠭᠰᠠᠨ ᠦᠶ᠎ᠠ ᠪᠣᠯ ᠡᠶᠡᠪᠡᠷ ᠵᠠᠰᠠᠭᠴᠢ ᠶᠢᠨ ᠦᠶ᠎ᠠ ᠂ ᠨᠡᠢ᠌ᠲᠡ 11 ᠮᠣᠩᠭ᠋ᠣᠯ ᠠᠢ᠌ᠯ ᠪᠣᠢ ᠪᠣᠯᠪᠠ ᠃ ᠨᠢ᠍ᠩ ᠴᠸᠩ ᠰᠢ᠍ᠶᠠᠨ ᠦ ᠠᠢ᠌ᠯ ᠤᠨ ᠬᠦᠮᠦᠨ ᠠᠮᠠ ᠶᠢᠨ ᠳᠣᠲᠣᠷᠠᠬᠢ ᠮᠣᠩᠭ᠋ᠣᠯ ᠬᠦᠮᠦᠨ ᠠᠮᠠ ᠶᠢᠨ ᠬᠠᠷᠢ᠍ᠴᠠᠯ ᠬᠠᠮᠤᠭ ᠥᠨᠳ᠋ᠦᠷ ᠦᠶ᠎ᠠ ᠪᠣᠯ ᠡᠶᠡᠪᠡᠷ ᠵᠠᠰᠠᠭᠴᠢ ᠶᠢᠨ ᠦᠶ᠎ᠠ ᠂ 19.2% ᠬᠦᠷᠴᠦ ᠪᠠᠢ᠌ᠨ᠎ᠠ ᠃ ᠬᠠᠷᠠᠴᠢ᠍ᠨ ᠪᠠᠷᠠᠭᠤᠨ ᠬᠣᠰᠢ᠍ᠭᠤᠨ ᠦ ᠠᠢ᠌ᠯ ᠤᠨ ᠬᠦᠮᠦᠨ ᠠᠮᠠ ᠶᠢᠨ ᠲᠣᠲᠤᠷᠠᠬᠢ ᠮᠣᠩᠭ᠋ᠣᠯ ᠬᠦᠮᠦᠨ ᠠᠮᠠ ᠶᠢᠨ ᠬᠠᠷᠢ᠍ᠴᠠᠯ ᠬᠠᠮᠤᠭ ᠥᠨᠳ᠋ᠦᠷ ᠦᠶ᠎ᠠ ᠪᠣᠯ ᠡᠶᠡᠪᠡᠷ ᠵᠠᠰᠠᠭᠴᠢ ᠬᠢᠭᠡᠳ ᠡᠩᠬᠡ ᠠᠮᠤᠭᠤᠯᠠᠩ ᠤᠨ ᠦᠶ᠎ᠠ ᠂ 28.83 ~ 28.85% ᠬᠦᠷᠴᠦ ᠪᠠᠢ᠌ᠨ᠎ᠠ ᠃ ᠬᠠᠷᠠᠴᠢ᠍ᠨ ᠵᠡᠭᠦᠨ ᠬᠣᠰᠢ᠍ᠭᠤᠨ ᠦ ᠠᠢ᠌ᠯ ᠤᠨ ᠬᠦᠮᠦᠨ ᠠᠮᠠ ᠶᠢᠨ ᠲᠣᠲᠤᠷᠠᠬᠢ ᠮᠣᠩᠭ᠋ᠣᠯ ᠬᠦᠮᠦᠨ ᠠᠮᠠ ᠶᠢᠨ ᠬᠠᠷᠢ᠍ᠴᠠᠯ ᠬᠠᠮᠤᠭ ᠥᠨᠳ᠋ᠦᠷ ᠦᠶ᠎ᠠ ᠪᠣᠯ ᠡᠶᠡᠪᠡᠷ ᠵᠠᠰᠠᠭᠴᠢ ᠬᠢᠭᠡᠳ ᠡᠩᠬᠡ ᠠᠮᠤᠭᠤᠯᠠᠩ ᠤᠨ ᠦᠶ᠎ᠠ ᠂ 13.27 ~ 20.55% ᠬᠦᠷᠴᠦ ᠪᠠᠢ᠌ᠨ᠎ᠠ ᠃

ᠳᠡᠭᠡᠷᠡᠬᠢ ᠶᠠᠷᠢ᠍ᠭᠰᠠᠨ ᠢ ᠦᠨᠳ᠋ᠦᠰᠦᠯᠡᠪᠡᠯ ᠂ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠠᠩᠬᠠᠨ ᠦᠶ᠎ᠠ ᠶᠢᠨ ᠲᠠᠷᠢ᠍ᠶᠠᠯᠠᠬᠤ ᠲᠤᠰᠬᠤᠨ ᠨᠢ ᠡᠶᠡᠪᠡᠷ ᠵᠠᠰᠠᠭᠴᠢ ᠶᠢᠨ ᠡᠬᠢᠨ ᠤ ᠵᠢᠯ ᠨᠤᠭᠦᠳ ᠶᠢᠡᠷ ᠡᠭᠦᠰᠦᠨ ᠂ ᠡᠩᠬᠡ ᠠᠮᠤᠭᠤᠯᠠᠩ ᠤᠨ ᠳᠤᠮᠳ᠋ᠠᠴᠢ ᠦᠶ᠎ᠠ ᠪᠡᠷ ᠬᠠᠷᠠᠴᠢ᠍ᠨ ᠨᠤᠲᠤᠭ ᠤᠨ ᠡᠮᠦᠨ᠎ᠠ ᠪᠡᠶ᠎ᠠ ᠪᠡᠷ ᠪᠦᠷᠢ᠍ᠯᠳ᠋ᠦᠵᠦ ᠂ ᠠᠯᠭᠤᠷ ᠠᠭᠠᠵᠢ᠍ᠮ ᠶᠢᠡᠷ ᠤᠮᠠᠷᠠᠰᠢ ᠴᠢ᠍ᠭᠯᠡᠯ ᠶᠢᠡᠷ ᠬᠥᠭ᠍ᠵᠢ᠍ᠭ᠍ᠰᠡᠨ ᠪᠠᠢ᠌ᠨ᠎ᠠ ᠃ ᠨᠡᠢ᠌ᠲᠡ ᠶᠢᠨ ᠣᠨ ᠲᠣᠭᠠᠯᠠᠯ ᠶᠢᠡᠷ ᠬᠡᠯᠡᠪᠡᠯ ᠂ 17 ᠳ᠋ᠤᠭᠠᠷ ᠵᠠᠭᠤᠨ ᠤ ᠡᠬᠢᠨ ᠬᠠᠭᠠᠰ ᠶᠢᠡᠷ ᠡᠭᠦᠰᠦᠨ ᠂ 17 ᠳ᠋ᠤᠭᠠᠷ ᠵᠠᠭᠤᠨ ᠤ ᠰᠡᠭᠦᠯᠴᠢ ᠶᠢᠨ ᠦᠶ᠎ᠠ ᠪᠡᠷ ᠲᠣᠭᠲᠠᠪᠤᠷᠢ᠍ᠵᠢ᠍ᠨ ᠪᠦᠷᠢ᠍ᠯᠳ᠋ᠦᠭ᠍ᠰᠡᠨ ᠪᠠᠢ᠌ᠨ᠎ᠠ ᠃


ᠭᠤᠷᠪᠠ     ᠬᠠᠷᠠᠴᠢ᠍ᠨ ᠤ ᠲᠠᠷᠢ᠍ᠶᠠᠯᠠᠬᠤ ᠲᠣᠰᠬᠤᠨ ᠳ᠋ᠥ ᠬᠤᠭᠤᠷ ᠤᠨ ᠦᠯᠢ᠍ᠭᠡᠷ ᠠᠩᠬ᠎ᠠ ᠡᠭᠦᠰᠬᠦ ᠪᠣᠯᠣᠮᠵᠢ


ᠨᠡᠭᠦᠳ᠋ᠡᠯ ᠢᠷᠭᠡᠨᠰᠢ᠍ᠯ ᠬᠢᠭᠡᠳ ᠰᠠᠭᠤᠷᠢ᠍ᠰᠢ᠍ᠯ ᠢᠷᠭᠡᠨᠰᠢ᠍ᠯ ᠪᠣᠯ ᠳᠡᠯᠡᠬᠡᠢ ᠳ᠋ᠠᠬᠢᠨ ᠤ ᠬᠠᠮᠤᠭ ᠴᠢ᠍ᠬᠤᠯᠠ ᠬᠣᠶᠠᠷ ᠢᠷᠭᠡᠨᠰᠢ᠍ᠯ ᠪᠣᠯᠬᠤ ᠮᠥᠷᠲᠡᠭᠡᠨ ᠡᠷᠡᠰ ᠣᠨᠳ᠋ᠣᠤ ᠬᠣᠶᠠᠷ ᠲᠥᠷᠥᠯ ᠦᠨ ᠢᠷᠭᠡᠨᠰᠢ᠍ᠯ ᠪᠣᠯᠣᠨ᠎ᠠ ᠃ ᠨᠡᠭᠦᠳ᠋ᠡᠯ ᠢᠷᠭᠡᠨᠰᠢ᠍ᠯ ᠡᠴᠡ ᠰᠠᠭᠤᠷᠢ᠍ᠰᠢ᠍ᠯ ᠢᠷᠭᠡᠨᠰᠢ᠍ᠯ ᠳ᠋ᠥ ᠰᠢ᠍ᠯᠵᠢ᠍ᠬᠦ ᠨᠢ ᠰᠦ᠋ᠨᠡᠰᠦ ᠬᠤᠪᠢᠰᠤᠨ ᠴᠢ᠍ᠰᠤ ᠰᠣᠯᠢ᠍ᠬᠤ ᠳ᠋ᠥ ᠬᠦᠷᠬᠦ ᠶᠡᠬᠡ ᠬᠤᠪᠢᠰᠤᠯᠲᠠ ᠪᠣᠯᠬᠣ ᠶᠤᠮ ᠃ ᠨᠡᠭᠦᠳ᠋ᠡᠯ ᠮᠠᠯᠵᠢ᠍ᠯ ᠡᠴᠡ ᠰᠠᠭᠤᠷᠢ᠍ᠰᠢ᠍ᠯ ᠲᠠᠷᠢ᠍ᠶᠠᠯᠠᠩ ᠳᠤ ᠰᠢ᠍ᠯᠵᠢ᠍ᠭ᠍ᠰᠡᠨ ᠨᠢ ᠮᠣᠩᠭ᠋ᠣᠯ ᠤᠨ ᠨᠡᠢ᠌ᠭᠡᠮ ᠦᠨ ᠣᠯᠠᠨ ᠲᠠᠯ᠎ᠠ ᠳᠤ ᠶᠡᠬᠡᠬᠡᠨ ᠬᠤᠪᠢᠷᠠᠯᠲᠠ ᠶᠢ ᠠᠪᠴᠢ᠍ᠷᠠᠭᠰᠠᠨ ᠤ ᠨᠢ᠍ᠭᠡ ᠨᠢ ᠲᠠᠷᠤᠢ ᠮᠣᠩᠭ᠋ᠣᠯ ᠨᠤᠲᠤᠭ ᠦᠨ ᠣᠷᠠᠯᠢ᠍ᠭ ᠤᠨ ᠰᠣᠶ‍ᠣᠯ ᠳᠤ ᠬᠤᠪᠢᠷᠠᠯᠲᠠ ᠭᠠᠷᠴᠤ ᠂ ᠬᠤᠭᠤᠷ ᠤᠨ ᠦᠯᠢ᠍ᠭᠡᠷ ᠬᠡᠮᠡᠬᠦ ᠰᠢ᠍ᠨ᠎ᠠ ᠨᠢ᠍ᠭᠡᠨ ᠲᠠᠭᠤᠤᠷᠢ᠍ᠯᠢ᠍ᠭ ᠤᠨ ᠣᠷᠠᠯᠢ᠍ᠭ ᠴᠣ᠋ ᠰᠢ᠍ᠨ᠎ᠠ ᠪᠡᠷ ᠪᠣᠢ ᠪᠣᠯᠣᠭᠰᠠᠨ ᠶᠠᠪᠤᠳ᠋ᠠᠯ ᠪᠣᠯᠣᠨ᠎ᠠ ᠃ ᠥᠭᠡᠷ᠎ᠠ ᠪᠡᠷ ᠬᠡᠯᠡᠪᠡᠯ ᠂ ᠬᠠᠷᠠᠴᠢ᠍ᠨ ᠨᠤᠲᠤᠭ ᠲᠤ ᠲᠠᠷᠢ᠍ᠶᠠᠯᠠᠬᠤ ᠲᠣᠰᠬᠤᠨ ᠪᠦᠷᠢ᠍ᠯᠳ᠋ᠦᠭ᠍ᠰᠡᠨ ᠶᠠᠪᠤᠳ᠋ᠠᠯ ᠨᠢ ᠮᠣᠩᠭ᠋ᠣᠯ ᠦᠨᠳ᠋ᠦᠰᠦᠲᠡᠨ ᠦ ᠰᠢ᠍ᠨ᠎ᠠ ᠨᠢ᠍ᠭᠡᠨ ᠲᠠᠭᠤᠤᠷᠢ᠍ᠯᠢ᠍ᠭ ᠤᠷᠠᠯᠢ᠍ᠭ ᠤᠨ ᠡᠭᠦᠰᠦᠯ ᠳ᠋ᠦ ᠰᠢ᠍ᠭᠤᠳ ᠨᠥᠬᠥᠴᠡᠯ ᠪᠦᠷᠢ᠍ᠯᠳ᠋ᠦᠭᠦᠯᠦᠨ ᠦᠭ᠍ᠭᠥᠭ᠍ᠰᠡᠨ ᠪᠠᠢ᠌ᠵᠠᠢ ᠃ ᠡᠭᠦᠨ ᠢ ᠳᠣᠣᠷᠠᠬᠢ ᠬᠡᠳ᠋ᠦᠨ ᠲᠠᠯ᠎ᠠ ᠡᠴᠡ ᠥᠭᠦᠯᠡᠨ ᠨᠤᠲᠠᠯᠠᠵᠤ ᠪᠣᠯᠣᠨ᠎ᠠ ᠃

1.ᠰᠣᠶ‍ᠣᠯ ᠤᠨ ᠬᠤᠪᠢᠰᠤᠯ ᠰᠢ᠍ᠨᠡᠴᠢ᠍ᠯᠡᠯ ᠦᠨ ᠵᠢᠮ᠎ᠠ ᠶᠣᠰᠤᠨ ᠶᠢᠡᠷ ᠮᠦ᠋ᠷᠳ᠋ᠡᠨ ᠪᠠᠲᠤᠯᠠᠵᠤ ᠪᠣᠯᠣᠨ᠎ᠠ ᠃ ᠡᠷᠳ᠋ᠡᠮᠲᠡᠳ ᠡᠴᠡ ᠰᠣᠶ‍ᠣᠯ ᠢ ᠳᠡᠭ᠍ᠲᠡᠷᠯᠡᠨ ᠬᠤᠪᠢᠶᠠᠷᠢ᠍ᠯᠠᠬᠤ ᠳ᠋ᠥ ᠪᠡᠨ ᠡᠳ᠋ ᠦᠨ ᠰᠣᠶ‍ᠣᠯ ᠂ ᠪᠠᠢ᠌ᠭᠤᠯᠤᠮᠵᠢ ᠶᠢᠨ ᠰᠣᠶ‍ᠣᠯ ᠂ ᠦᠢ᠍ᠯᠡ ᠶᠢᠨ ᠰᠣᠶ‍ᠣᠯ ᠂ ᠰᠡᠳᠬᠢᠯᠭᠡᠨ ᠦ ᠰᠣᠶ‍ᠣᠯ ᠬᠡᠮᠡᠨ ᠲᠥᠷᠪᠡ ᠬᠤᠪᠢᠶᠠᠷᠢ᠍ᠯᠠᠨ ᠦᠵᠡᠭ᠍ᠰᠡᠨ ᠪᠥᠭᠡᠳ ᠴᠢ᠍ᠨᠠᠭᠰᠢ᠍ᠲᠠ ᠪᠠᠰᠠ ᠰᠣᠶ‍ᠣᠯ ᠤᠨ ᠬᠤᠪᠢᠰᠤᠯ ᠰᠢ᠍ᠨᠡᠴᠢ᠍ᠯᠡᠯ ᠨᠢ ᠮᠦ᠋ᠨ ᠡᠨᠡ ᠬᠦ ᠳᠠᠷᠠᠭᠠᠯᠠᠯ ᠶᠢᠡᠷ ᠬᠤᠪᠢᠰᠤᠨ ᠥᠭᠡᠷᠡᠴᠢ᠍ᠯᠡᠭ᠍ᠳ᠋ᠡᠳ᠋ᠡᠭ᠌ ᠬᠡᠮᠡᠨ ᠦᠵᠡᠳ᠋ᠡᠭ᠌ ᠃ ᠬᠠᠷᠠᠴᠢ᠍ᠨ ᠨᠤᠲᠤᠭ ᠲᠤ ᠲᠠᠷᠢ᠍ᠶᠠᠯᠠᠬᠤ ᠲᠣᠰᠬᠤᠨ ᠪᠦᠷᠢ᠍ᠯᠳ᠋ᠦᠭ᠍ᠰᠡᠨ ᠶᠠᠪᠤᠳ᠋ᠠᠯ ᠨᠢ ᠴᠦ ᠬᠠᠷᠠᠴᠢ᠍ᠨ ᠨᠤᠲᠤᠭ ᠤᠨ ᠡᠳ᠋ ᠦᠨ ᠰᠣᠶ‍ᠣᠯ ᠂ ᠪᠠᠢ᠌ᠭᠤᠯᠤᠮᠵᠢ ᠶᠢᠨ ᠰᠣᠶ‍ᠣᠯ ᠂ ᠦᠢ᠍ᠯᠡ ᠶᠢᠨ ᠰᠣᠶ‍ᠣᠯ ᠂ ᠰᠡᠳᠬᠢᠯᠭᠡᠨ ᠦ ᠰᠣᠶ‍ᠣᠯ ᠢ ᠢᠳ᠋ᠡᠭ᠌ ᠢᠳ᠋ᠡᠭ᠌ ᠶᠢᠡᠷ ᠬᠤᠪᠢᠰᠬᠠᠨ ᠥᠭᠡᠷᠡᠴᠢ᠍ᠯᠡᠵᠦ ᠂ ᠠᠯᠢ ᠣᠯᠠᠨ ᠰᠣᠶ‍ᠣᠯ ᠤᠨ ᠰᠢ᠍ᠨ᠎ᠠ ᠦᠵᠡᠭ᠍ᠳ᠋ᠡᠯ ᠰᠢ᠍ᠨ᠎ᠠ ᠲᠦ᠋ᠷᠦᠯ ᠵᠦ᠋ᠢ᠍ᠯ ᠢ ᠪᠣᠢ ᠪᠣᠯᠭᠠᠬᠤ ᠨᠢ ᠯᠠᠪᠲᠠᠢ ᠶᠤᠮ ᠃

ᠮᠠᠯᠵᠢ᠍ᠯ ᠤᠨ ᠦᠢ᠍ᠯᠡᠳᠪᠦᠷᠢ᠍ᠯᠡᠯ ᠡᠴᠡ ᠲᠠᠷᠢ᠍ᠶᠠᠯᠠᠬᠤ ᠦᠢ᠍ᠯᠡᠳᠪᠦᠷᠢ᠍ᠯᠡᠯ ᠳ᠋ᠦ ᠰᠢ᠍ᠯᠵᠢ᠍ᠨ ᠰᠠᠭᠤᠷᠢ᠍ᠰᠢ᠍ᠯ ᠲᠤᠰᠬᠤᠨ ᠤ ᠪᠦᠷᠢ᠍ᠯᠳ᠋ᠦᠭ᠍ᠰᠡᠨ ᠨᠢ ᠶᠠᠭᠤᠨ ᠤ ᠡᠮᠦᠨ᠎ᠠ ᠲᠤᠬᠠᠢ ᠶᠢᠨ ᠣᠷᠴᠢ᠍ᠨ ᠲᠣᠭᠣᠷᠢ᠍ᠨ ᠂ ᠣᠷᠣᠨ ᠰᠠᠭᠤᠴᠠ ᠂ ᠪᠠᠭᠠᠵᠢ ᠵᠡᠪᠰᠡᠭ᠌ ᠂ ᠢᠳ᠋ᠡᠭᠡᠨ ᠤᠮᠳ᠋ᠠᠭᠠᠨ ᠂ ᠬᠤᠪᠴᠠᠰᠤ ᠵᠠᠰᠠᠯ ᠵᠡᠷᠭᠡ ᠡᠳ᠋ ᠦᠨ ᠰᠣᠶ‍ᠣᠯ ᠢ ᠬᠤᠪᠢᠰᠬᠠᠨ ᠥᠭᠡᠷᠡᠴᠢ᠍ᠯᠡᠬᠦ ᠶᠤᠮ ᠃ ᠣᠲᠣᠷ ᠨᠡᠭᠦᠳ᠋ᠡᠯ ᠦᠨ ᠮᠠᠯᠵᠢ᠍ᠯ ᠤᠨ ᠴᠢ᠍ᠭ ᠡᠴᠡ ᠠᠢ᠌ᠯ ᠲᠣᠰᠬᠤᠨ ᠤ ᠣᠷᠴᠢ᠍ᠨ ᠳᠤ ᠬᠦᠷᠴᠦ ᠮᠠᠯ ᠤᠨ ᠪᠡᠯᠴᠢ᠍ᠭᠡᠷ ᠡᠴᠡ ᠲᠠᠷᠢ᠍ᠶᠠᠨ ᠵᠣᠷᠤᠬ᠎ᠠ ᠳᠤ ᠣᠴᠢ᠍ᠬᠤ ᠂ ᠢᠰᠡᠭᠡᠢ ᠭᠡᠷ ᠡᠴᠡ ᠪᠠᠢ᠌ᠰᠢ᠍ᠩ ᠳᠤ ᠰᠢ᠍ᠯᠵᠢ᠍ᠨ ᠬᠠᠯᠠᠭᠤᠨ ᠬᠠᠨᠵᠤᠨ ᠳᠤ ᠰᠠᠭᠤᠬᠤ ᠂ ᠡᠮᠡᠭᠡᠯ ᠬᠠᠵᠠᠭᠠᠷ ᠰᠢ᠍ᠭᠦᠷᠡᠨ ᠤᠷᠭ᠎ᠠ ᠲᠠᠰᠢ᠍ᠭᠤᠷ ᠡᠷᠭᠢᠭᠦᠯᠬᠦ ᠡᠴᠡ ᠦᠬᠡᠷ ᠠᠨᠵᠢ᠍ᠰᠤ ᠪᠠᠷᠢ᠍ᠨ ᠲᠠᠷᠢ᠍ᠶᠠᠨ ᠵᠤᠷᠤᠬ᠎ᠠ ᠪᠠᠷ ᠱᠣᠭᠰᠢ᠍ᠬᠤ ᠂ ᠮᠢ᠍ᠬ᠎ᠠ ᠲᠣᠰᠣ ᠠᠮᠲᠠᠯᠠᠨ ᠰᠦ᠋ ᠴᠠᠭ᠎ᠠ ᠤᠤᠭᠤᠬᠤ ᠡᠴᠡ ᠨᠣᠭᠣᠭ᠎ᠠ ᠵᠢᠮᠢ᠍ᠰ ᠢᠳ᠋ᠡᠨ ᠪᠤᠳ᠋ᠠᠭ᠎ᠠ ᠲᠠᠷᠢ᠍ᠶ᠎ᠠ ᠵᠠᠵᠢ᠍ᠯᠬᠤ ᠂ ᠨᠡᠬᠡᠢ ᠲᠡᠷᠯᠢ᠍ᠭ᠌ ᠬᠡᠲᠦᠷᠴᠦ ᠠᠷᠠᠰᠤᠨ ᠭᠤᠲᠤᠯ ᠢᠰᠭᠦᠯᠬᠦ ᠡᠴᠡ ᠣᠭᠲᠣᠷ ᠲᠡᠪᠡᠯ ᠡᠮᠦᠰᠦᠨ ᠪᠥᠰ ᠱᠠᠬᠠᠢ ᠲᠦ᠋ᠷᠢ᠍ᠬᠦ ᠵᠡᠷᠭᠡ ᠪᠣᠯ ᠲᠠᠷᠢ᠍ᠶᠠᠯᠠᠬᠤ ᠲᠣᠰᠬᠤᠨ ᠤ ᠣᠷᠴᠢ᠍ᠨ ᠳᠤ ᠶᠠᠭᠤᠨ ᠤ ᠡᠮᠦᠨ᠎ᠠ ᠪᠣᠢ ᠪᠣᠯᠬᠣ ᠬᠤᠪᠢᠰᠤᠯ ᠥᠭᠡᠷᠡᠴᠢ᠍ᠯᠡᠯᠲᠡ ᠪᠣᠯᠣᠨ᠎ᠠ ᠃ ᠡᠳ᠋ᠡᠭᠡᠷ ᠡᠳ᠋ ᠦᠨ ᠰᠣᠶ‍ᠣᠯ ᠤᠨ ᠬᠤᠪᠢᠰᠤᠯ ᠨᠢ ᠠᠶᠠᠨᠳ᠋ᠠᠭᠠᠨ ᠴᠢ᠍ᠨᠠᠭᠰᠢ᠍ᠲᠠ ᠠᠯᠢ ᠣᠯᠠᠨ ᠰᠣᠶ‍ᠣᠯ ᠤᠨ ᠬᠤᠪᠢᠰᠤᠯ ᠢ ᠡᠳ᠋ᠦᠨ ᠭᠠᠷᠭᠠᠬᠤ ᠶᠤᠮ ᠃ 《 ᠬᠤᠭᠤᠷ ᠤᠨ ᠦᠯᠢ᠍ᠭᠡᠷ ᠂ ᠦᠯᠢ᠍ᠭᠡᠷᠲᠦ ᠳᠠᠭᠤᠤ ᠬᠢᠭᠡᠳ ᠬᠦᠷᠢ᠍ᠶ᠎ᠠ 〈 ᠠᠨᠳ᠋ᠠᠢ 〉 ᠂ ᠠᠤᠬᠠᠨ ᠤ 〈 ᠬᠣᠳ᠋ᠣᠭᠣᠴᠢ᠍ᠨ 〉 ᠵᠡᠷᠭᠡ ᠠᠷᠠᠳ ᠤᠨ ᠤᠷᠠᠯᠢ᠍ᠭ ᠤᠨ ᠳᠣᠲᠣᠷ᠎ᠠ ᠪᠦᠷ ᠰᠢ ᠵᠦ᠋ᠴᠦᠭᠡ ᠶᠢᠨ ᠡᠯᠸᠮᠸᠨᠲ ᠬᠠᠳ᠋ᠠᠭᠠᠯᠠᠭᠳ᠋ᠠᠵᠤ ᠪᠠᠢ᠌ᠬᠤ ᠶᠤᠮ ᠃ ᠮᠣᠩᠭ᠋ᠣᠯᠴᠤᠳ ᠰᠢ ᠵᠦ᠋ᠴᠦᠭᠡ ᠶᠢᠨ ᠲᠣᠭᠯᠠᠯᠲᠠ ᠶᠢ ᠰᠣᠨᠢ᠍ᠷᠬᠠᠨ ᠰᠢ ᠵᠦ᠋ᠴᠦᠭᠡ ᠶᠢᠨ ᠵᠣᠬᠢᠶᠠᠨ ᠪᠦᠲᠦᠭᠡᠯᠭᠡ ᠳ᠋ᠥ ᠣᠷᠣᠯᠴᠠᠵᠤ ᠡᠬᠢᠯᠡᠭ᠍ᠰᠡᠨ ᠨᠢ ᠲᠡᠳ᠋ᠡᠨᠡᠷ ᠦᠨ ᠰᠠᠭᠤᠷᠢ᠍ᠰᠢ᠍ᠨ ᠲᠠᠷᠢ᠍ᠶᠠᠯᠠᠭᠰᠠᠨ ᠲᠡᠶ ᠨᠢ᠍ᠭᠲᠠ ᠬᠣᠯᠪᠣᠭ᠎ᠠ ᠲᠡᠶ ᠃ ᠰᠠᠭᠤᠷᠢ᠍ᠰᠢ᠍ᠯ ᠨᠢ ᠰᠢ ᠵᠦ᠋ᠴᠦᠭᠡ ᠶᠢᠨ ᠲᠣᠭᠯᠠᠯᠲᠠ ᠳ᠋ᠥ ᠪᠣᠳ᠋ᠠᠰ ᠤᠨ ᠨᠥᠬᠥᠴᠡᠯ ᠢ ᠬᠠᠩᠭ᠋ᠠᠨ ᠥᠭ᠍ᠴᠡᠢ ᠃ ᠲᠣᠭᠲᠠᠭᠰᠠᠨ ᠲᠣᠭᠯᠠᠯᠲᠠ ᠶᠢᠨ ᠲᠠᠯᠠᠪᠠᠢ ᠬᠢᠭᠡᠳ ᠦᠵᠡᠭ᠍ᠴᠢ᠍ᠳ ᠦᠨ ᠡᠩᠨᠡᠭᠡᠨ ᠦ ᠥᠷᠭᠡᠵᠢ᠍ᠯ ᠪᠤᠵᠠᠭᠠᠢ᠌ᠷᠠᠯ ᠵᠡᠷᠭᠡ ᠨᠢ ᠨᠡᠭᠦᠳ᠋ᠡᠯ ᠦᠨ ᠣᠷᠴᠢ᠍ᠨ ᠠᠬᠤᠢ ᠳ᠋ᠥ ᠪᠦᠷ ᠴᠦ ᠪᠡᠶᠡᠯᠡᠭ᠍ᠳ᠋ᠡᠰᠢ ᠦᠭᠡᠶ ᠶᠤᠮ ᠃ ᠵᠡᠭᠦᠨ ᠮᠣᠩᠭ᠋ᠣᠯ ᠤᠨ ᠨᠤᠲᠤᠭ ᠲᠣ ᠬᠢ ᠮᠣᠩᠭ᠋ᠣᠯᠴᠤᠳ ᠤᠨ ᠭᠤᠸ᠎ᠠ ᠲᠠᠭᠠᠰᠢ᠍ᠶᠠᠬᠤᠢ ᠶᠢᠨ ᠬᠤᠪᠢᠷᠠᠯᠲᠠ ᠡᠴᠡ ᠰᠠᠭᠤᠷᠢ᠍ᠰᠢ᠍ᠯ ᠲᠠᠷᠢ᠍ᠶᠠᠯᠠᠩ ᠨᠢ ᠨᠢ᠍ᠭᠡᠨᠲᠡ ᠮᠣᠩᠭ᠋ᠣᠯ ᠬᠦᠮᠦᠨ ᠦ ᠣᠷᠣᠨ ᠵᠠᠢ ᠶᠢᠨ ᠤᠬᠠᠮᠰᠠᠷ ᠢ ᠥᠭᠡᠷᠡᠴᠢ᠍ᠯᠡᠨ ᠬᠤᠪᠢᠰᠬᠠᠭᠰᠠᠨ ᠢ ᠲᠣᠳ᠋ᠣᠷᠬᠠᠢ ᠣᠯᠵᠤ ᠬᠠᠷᠠᠬᠤ ᠪᠣᠯᠣᠨ᠎ᠠ ᠃ ᠡᠭᠦᠨ ᠦ ᠤᠯᠠᠮ ᠡᠴᠡ ᠮᠣᠩᠭ᠋ᠣᠯᠴᠤᠳ ᠤᠨ ᠭᠤᠸ᠎ᠠ ᠲᠠᠭᠠᠰᠢ᠍ᠶᠠᠬᠤᠢ ᠬᠠᠨᠲᠤᠰᠢ ᠨᠢ ᠬᠡᠢ ᠪᠣᠳ᠋ᠣᠯ ᠦᠨ ᠶᠢ᠍ᠷᠲᠢ᠍ᠨᠴᠤ ᠡᠴᠡ ᠠᠬᠤᠢ᠌ᠴᠢ ᠶᠢ᠍ᠷᠳ᠋ᠢ᠍ᠨᠴᠤ ᠵᠦ᠋ᠭ᠌ ᠂ ᠬᠡᠲᠦᠷᠡᠭᠦᠯᠦᠯ ᠳᠠᠪᠠᠭᠤᠯᠤᠯ ᠤᠨ ᠤᠷᠠᠯᠢ᠍ᠭ ᠡᠴᠡ ᠪᠣᠳ᠋ᠠᠲᠠᠢ᠌ᠴᠢ ᠪᠢᠴᠢ᠍ᠯᠭᠡ ᠶᠢᠨ ᠤᠷᠠᠯᠢ᠍ᠭ ᠥᠭᠡᠳ᠋ᠡ ᠰᠢ᠍ᠯᠵᠢ᠍ᠵᠤ ᠂ ᠭᠤᠸ᠎ᠠ ᠲᠠᠭᠠᠰᠢ᠍ᠶᠠᠬᠤᠢ ᠬᠡᠯᠪᠡᠷᠢ ᠨᠢ ᠣᠯᠠᠨ ᠶᠠᠩᠵᠤᠵᠢ᠍ᠯ ᠤᠨ ᠪᠠᠢ᠌ᠳ᠋ᠠᠯ ᠳ᠋ᠥ ᠣᠷᠣᠭᠰᠠᠨ ᠪᠠᠢ᠌ᠵᠠᠢ 》 ᠃ [ 21 ]

ᠴᠢ᠍ᠰᠤᠨ ᠤᠳ᠋ᠤᠮ ᠶᠢᠡᠷ ᠨᠢ᠍ᠭᠡᠴᠡᠯᠡᠨ ᠣᠪᠣᠭ ᠠᠢ᠌ᠮᠠᠭ ᠶᠢᠡᠷ ᠮᠠᠯᠵᠢ᠍ᠨ ᠨᠡᠭᠦᠳ᠋ᠡᠯᠯᠡᠬᠦ ᠡᠴᠡ ᠠᠢ᠌ᠯ ᠪᠦᠯᠦᠭ᠌ ᠶᠢᠡᠷ ᠨᠡᠢ᠌ᠯᠡᠨ ᠰᠠᠭᠤᠷᠢ᠍ᠰᠢ᠍ᠬᠤ ᠣᠷᠴᠢ᠍ᠨ ᠲᠣᠭᠣᠷᠢ᠍ᠨ ᠳ᠋ᠥ ᠰᠢ᠍ᠯᠵᠢ᠍ᠨ ᠠᠮᠢ᠍ᠳ᠋ᠤᠷᠠᠬᠤ ᠶᠠᠪᠤᠴᠠ ᠳᠤ ᠨᠡᠢ᠌ᠭᠡᠮ ᠦᠨ ᠵᠣᠬᠢᠶᠠᠨ ᠪᠠᠢ᠌ᠭᠤᠯᠤᠯᠲᠠ ᠳᠤ ᠪᠠᠰᠠ ᠬᠤᠪᠢᠷᠠᠯᠲᠠ ᠭᠠᠷᠬᠤ ᠨᠢ ᠯᠠᠪᠲᠠᠢ ᠃ ᠠᠢ᠌ᠯ ᠲᠣᠰᠬᠤᠨ ᠪᠦᠷᠢ᠍ᠯᠳ᠋ᠦᠬᠦ ᠶᠠᠪᠤᠴᠠ ᠳᠤ ᠂ ᠣᠪᠣᠭ ᠠᠢ᠌ᠮᠠᠭ ᠤᠨ ᠬᠦᠮᠦᠰ ᠡᠴᠡ ᠭᠠᠳ᠋ᠠᠨᠠᠬᠢ ᠬᠠᠷᠢ ᠣᠪᠣᠭ ᠠᠢ᠌ᠮᠠᠭ ᠤᠨ ᠬᠦᠮᠦᠰ ᠴᠤᠭᠯᠠᠷᠠᠭᠰᠠᠨ ᠶᠢᠡᠷ ᠪᠠᠷᠠᠬᠤ ᠦᠭᠡᠶ ᠂ ᠬᠢᠲᠠᠳ ᠢᠷᠭᠡᠴᠦᠳ ᠴᠦ ᠪᠠᠢ᠌ᠯᠴᠠᠵᠤ ᠨᠡᠢ᠌ᠭᠡᠮ ᠠᠮᠢ᠍ᠳ᠋ᠤᠷᠠᠯ ᠪᠤᠳ᠋ᠤᠯᠢ᠍ᠶᠠᠨᠲᠠᠢ ᠪᠣᠯᠵᠤ ᠂ ᠬᠦᠮᠦᠰ ᠦᠨ ᠬᠠᠷᠢ᠍ᠴᠠᠭ᠎ᠠ ᠴᠦ ᠬᠦᠢ᠍ᠲᠡᠮᠰᠦᠭ᠌ ᠪᠣᠯᠪᠠ ᠃ ᠮᠠᠯᠵᠢ᠍ᠯ ᠤᠨ ᠴᠢ᠍ᠭ ᠨᠢ ᠠᠢ᠌ᠯ ᠲᠤᠰᠬᠤᠨ ᠪᠣᠯᠵᠤ ᠬᠥᠭ᠍ᠵᠢ᠍ᠭ᠍ᠰᠡᠨ ᠶᠢᠡᠷ ᠪᠠᠷᠠᠬᠤ ᠦᠭᠡᠶ ᠂ ᠲᠡᠭᠦᠨ ᠦ ᠬᠠᠵᠠᠭᠤ ᠪᠠᠷ ᠬᠤᠳ᠋ᠠᠯᠳ᠋ᠤᠭ᠎ᠠ ᠮᠠᠢ᠌ᠮᠠᠢ ᠦᠷᠨᠢ᠍ᠨ ᠬᠣᠲᠠ ᠪᠠᠯᠭᠠᠰᠤ ᠪᠣᠢ ᠪᠣᠯᠪᠠ ᠃ ᠵᠢᠱᠢ᠍ᠶᠡᠯᠡᠪᠡᠯ ᠂ ᠴᠢ᠍ᠩ ᠤᠯᠤᠰ ᠤᠨ ᠦᠶ᠎ᠠ ᠳ᠋ᠥ ᠴᠸᠩᠳ᠋ᠸ ᠂ ᠫᠢᠩᠴᠢ᠍ᠤᠸᠠᠨ ᠂ ᠲᠠ ᠽᠢ ᠭ᠍ᠸᠦ ᠂ ᠬᠠᠷ᠎ᠠ ᠬᠣᠲᠠ ᠂ ᠹᠸᠩ ᠨᠢ᠍ᠩ ᠂ ᠯᠦ᠋ᠩᠬᠤᠸᠠ ᠂ ᠡᠯ ᠳ᠋ᠣᠤ ᠭ᠍ᠸᠦ ( ᠮᠤᠷᠠᠨ ᠠᠪᠠ ᠶᠢᠨ ᠲᠠᠯᠠᠪᠠᠢ ) ᠵᠡᠷᠭᠡ ᠭᠠᠵᠠᠷ ᠲᠤ ᠬᠣᠲᠠ ᠪᠠᠯᠭᠠᠰᠤ ᠪᠣᠢ ᠪᠣᠯᠵᠤ ᠵᠠᠬ᠎ᠠ ᠵᠡᠭᠡᠯᠢ ᠬᠥᠭ᠍ᠵᠢ᠍ᠪᠡ ᠃ ᠴᠢ᠍ᠰᠤᠨ ᠤᠳ᠋ᠤᠮ ᠤᠨ ᠬᠠᠷᠢ᠍ᠴᠠᠭ᠎ᠠ ᠡᠴᠡ ᠠᠵᠤ ᠠᠬᠤᠢ ᠤᠯᠤᠰ ᠲᠥᠷᠥ ᠶᠢᠨ ᠰᠢ᠍ᠨ᠎ᠠ ᠬᠠᠷᠢ᠍ᠴᠠᠭ᠎ᠠ ᠲᠣᠭᠲᠠᠵᠤ ᠂ ᠨᠡᠢ᠌ᠭᠡᠮ ᠦᠨ ᠪᠣᠯᠤᠨ ᠦᠨᠳ᠋ᠦᠰᠦᠲᠡᠨ ᠦ ᠵᠥᠷᠢ᠍ᠴᠡᠯ ᠬᠤᠷᠴᠠᠳᠬᠤ ᠶᠢᠨ ᠤᠯᠠᠮ ᠶᠢᠡᠷ ᠴᠢ᠍ᠩ ᠤᠯᠤᠰ ᠤᠨ ᠵᠠᠰᠠᠭ ᠤᠨ ᠭᠠᠵᠠᠷ ᠡᠴᠡ ᠹᠦ ᠂ ᠵᠸᠦ ᠂ ᠲᠢ᠍ᠩᠬᠢᠮ ᠂ ᠰᠢ᠍ᠶᠠᠨ ᠵᠡᠷᠭᠡ ᠰᠢ᠍ᠨ᠎ᠠ ᠵᠠᠰᠠᠭ ᠵᠠᠬᠢᠷᠭᠠᠨ ᠤ ᠳᠦ᠋ᠷᠢ᠍ᠮ ᠢ ᠬᠡᠷᠡᠭ᠍ᠵᠢ᠍ᠭᠦᠯᠦᠨ ᠠᠷᠭᠠᠴᠠᠭᠠᠵᠤ ᠪᠠᠢ᠌ᠪᠠ ᠃ ᠡᠢ᠌ᠮᠦᠷᠬᠦᠦ ᠪᠤᠳ᠋ᠤᠯᠢ᠍ᠶᠠᠨᠲᠠᠢ ᠣᠷᠴᠢ᠍ᠨ ᠲᠣᠭᠣᠷᠢ᠍ᠨ ᠳ᠋ᠦ ᠣᠷᠣᠰᠢ᠍ᠨ ᠠᠮᠢ᠍ᠳ᠋ᠤᠷᠠᠵᠤ ᠡᠨᠡ ᠬᠦ ᠠᠮᠢ᠍ᠳ᠋ᠤᠷᠠᠯ ᠢ ᠲᠣᠯᠢ᠍ᠳ᠋ᠠᠨ ᠲᠠᠢ᠌ᠯᠪᠤᠷᠢ᠍ᠯᠠᠬᠤ ᠳᠤ ᠰᠣᠶ‍ᠣᠯ ᠤᠷᠠᠯᠢ᠍ᠭ ᠤᠨ ᠠᠭᠤᠯᠭ᠎ᠠ ᠬᠡᠯᠪᠡᠷᠢ ᠳ᠋ᠦ ᠴᠦ ᠰᠢ᠍ᠨ᠎ᠠ ᠱᠠᠭᠠᠷᠳ᠋ᠠᠯᠭ᠎ᠠ ᠲᠠᠯᠪᠢᠭᠳ᠋ᠠᠬᠤ ᠨᠢ ᠴᠦ ᠯᠠᠪᠲᠠᠢ ᠶᠤᠮ ᠃ ᠰᠢ᠍ᠨ᠎ᠠ ᠠᠮᠢ᠍ᠳ᠋ᠤᠷᠠᠯ ᠂ ᠰᠢ᠍ᠨ᠎ᠠ ᠪᠠᠢ᠌ᠭᠤᠯᠤᠮᠵᠢ ᠂ ᠰᠢ᠍ᠨ᠎ᠠ ᠨᠡᠢ᠌ᠭᠡᠮ ᠦᠨ ᠬᠠᠷᠢ᠍ᠴᠠᠭ᠎ᠠ ᠶᠢᠨ ᠳᠣᠣᠷᠠᠬᠢ ᠬᠦᠮᠦᠰ ᠦᠨ ᠣᠶᠤᠨ ᠤ ᠱᠠᠭᠠᠷᠳ᠋ᠠᠯᠭ᠎ᠠ ᠶᠢ ᠬᠠᠩᠭ᠋ᠠᠬᠤ ᠶᠠᠪᠤᠳ᠋ᠠᠯ ᠢ ᠣᠣᠯ ᠤᠨ ᠠᠰ ᠰᠢ᠍ᠭᠤᠳ ᠦᠢ᠍ᠯᠡ ᠶᠠᠪᠤᠳ᠋ᠠᠯ ᠂ ᠳᠥᠭᠦᠮ ᠳᠥᠲᠡ ᠬᠦᠮᠦᠰ ᠦᠨ ᠬᠠᠷᠢ᠍ᠴᠠᠭ᠎ᠠ ᠂ ᠳᠠᠢ᠌ᠰᠤᠨ ᠶᠢᠡᠨ ᠳᠠᠷᠤᠵᠤ ᠳᠠᠷᠬᠠᠨ ᠴᠣᠯᠠ ᠪᠠᠨ ᠮᠠᠨᠳ᠋ᠤᠭᠤᠯᠵᠤ ᠪᠠᠶᠠᠷᠲᠤ ᠲᠡᠭᠦᠰᠭᠡᠯ ᠶᠢᠡᠷ ᠲᠡᠭᠦᠰᠳ᠋ᠡᠭ᠌ ᠲᠤᠤᠯᠢ ᠶᠢᠨ ᠤᠷᠠᠯᠢ᠍ᠭ ᠪᠦᠷᠢ᠍ᠮᠦᠰᠦᠨ ᠭᠦᠢ᠍ᠴᠡᠳᠭᠡᠬᠦ ᠳ᠋ᠦ ᠪᠡᠷᠬᠡᠲᠡᠢ ᠪᠣᠯᠵᠠᠢ ᠃ ᠴᠣᠴᠢ᠍ᠮᠠᠭ ᠶᠢᠡᠷ ᠨᠦ᠋ᠷᠢ᠍ᠨ ᠢᠷᠡᠭ᠍ᠰᠡᠨ ᠬᠤᠷᠴᠠ ᠪᠤᠳ᠋ᠤᠯᠢ᠍ᠶᠠᠨᠲᠠᠢ ᠠᠮᠢ᠍ᠳ᠋ᠤᠷᠠᠯ ᠳ᠋ᠦ ᠠᠶᠠᠨᠳ᠋ᠠᠭᠠᠨ ᠡᠭᠡᠳ᠋ᠡᠷᠡᠭᠡᠨ ᠪᠤᠳ᠋ᠤᠯᠢ᠍ᠶᠠᠨᠲᠠᠢ ᠦᠯᠢ᠍ᠭᠡᠷ ᠤᠷᠠᠯᠢ᠍ᠭ ᠴᠢ᠍ᠬᠤᠯᠠᠴᠢ᠍ᠯᠠᠭᠳ᠋ᠠᠬᠤ ᠪᠣᠯᠣᠭᠰᠠᠨ ᠪᠠᠢ᠌ᠨ᠎ᠠ ᠃ ᠡᠨᠡ ᠪᠠᠢ᠌ᠳ᠋ᠠᠯ ᠢ ᠯᠤᠪᠰᠠᠩᠴᠤᠢ᠌ᠳ᠋ᠠᠨ ᠠᠪᠤᠭᠠᠢ ᠪᠠᠷ ᠄ 《 ᠮᠣᠩᠭ᠋ᠣᠯ ᠭᠠᠵᠠᠷ ᠲᠠᠷᠢ᠍ᠶ᠎ᠠ ᠭᠠᠷᠭᠠᠬᠤ ᠦᠶ᠎ᠠ ᠬᠡᠳ᠋ᠦᠢ᠌ᠴᠢ᠍ᠨᠡᠭᠡᠨ ᠦᠯᠢ᠍ᠭᠡᠷ ᠤᠴᠢ᠍ᠷ ᠭᠠᠷᠪᠠᠢ 》 [ 22 ] ᠬᠡᠮᠡᠨ ᠳ᠋ᠦ᠋ᠩᠨᠡᠭ᠍ᠰᠡᠨ ᠪᠠᠢ᠌ᠳ᠋ᠠᠭ ᠃

ᠮᠠᠯᠵᠢ᠍ᠯ ᠤᠨ ᠦᠢ᠍ᠯᠡᠳᠪᠦᠷᠢ᠍ᠯᠡᠯ ᠡᠴᠡ ᠲᠠᠷᠢ᠍ᠶᠠᠯᠠᠬᠤ ᠦᠢ᠍ᠯᠡᠳᠪᠦᠷᠢ᠍ᠯᠡᠯ ᠳ᠋ᠦ ᠰᠢ᠍ᠯᠵᠢ᠍ᠭ᠍ᠰᠡᠨ ᠦ ᠳᠠᠷᠠᠭ᠎ᠠ ᠂ ᠠᠯᠢ᠍ᠪᠠ ᠠᠵᠢ᠍ᠯ ᠠᠮᠢ᠍ᠳ᠋ᠤᠷᠠᠯ ᠵᠠᠩ ᠦᠢ᠍ᠯᠡ ᠶᠢᠨ ᠲᠥᠷᠥᠯ ᠵᠦ᠋ᠢ᠍ᠯ ᠂ ᠬᠡᠯᠪᠡᠷᠢ ᠮᠠᠶ‍ᠢ᠍ᠭ ᠂ ᠠᠷᠭ᠎ᠠ ᠪᠠᠷᠢ᠍ᠯ ᠂ ᠠᠢ᠌ᠵᠠᠮ ᠬᠥᠭ᠌ ᠲᠤ ᠬᠦᠷᠲᠡᠯ᠎ᠠ ᠦᠨᠳ᠋ᠦᠰᠦᠨ ᠬᠤᠪᠢᠷᠠᠯᠲᠠ ᠭᠠᠷᠴᠤ ᠂ ᠲᠥᠷᠪᠡᠨ ᠤᠯᠠᠷᠢ᠍ᠯ ᠤᠨ ᠣᠲᠣᠷᠯᠠᠨ ᠮᠠᠯᠵᠢ᠍ᠬᠤ ᠨᠡᠭᠦᠳ᠋ᠡᠯᠴᠢ ᠦᠢ᠍ᠯᠡ ᠬᠢᠬᠦ ᠪᠢᠰᠢ ᠂ ᠬᠠᠷᠢ᠍ᠨ ᠲᠦ᠋ᠷᠪᠡᠨ ᠤᠯᠠᠷᠢ᠍ᠯ ᠤᠨ ᠲᠠᠷᠢ᠍ᠵᠤ ᠠᠷᠠᠴᠢ᠍ᠯᠠᠬᠤ ᠰᠠᠭᠤᠷᠢ᠍ᠰᠢ᠍ᠯ ᠤᠨ ᠦᠢ᠍ᠯᠡ ᠬᠥᠳ᠋ᠡᠯᠮᠦᠷᠢ ᠳ᠋ᠦ ᠰᠢ᠍ᠭᠤᠳᠬᠤ ᠪᠣᠯᠵᠠᠢ ᠃ ᠨᠡᠭᠦᠳ᠋ᠡᠯ ᠦᠨ ᠠᠢ᠌ᠵᠠᠮ ᠳᠤ ᠵᠣᠬᠢᠴᠠᠭᠰᠠᠨ ᠤᠷᠲᠤ ᠶᠢᠨ ᠳᠠᠭᠤᠤ ᠶᠢᠨ ᠬᠥᠭ᠌ ᠨᠢ ᠬᠦᠯᠭᠡᠨ ᠦᠬᠡᠷ ᠬᠥᠬᠡ ᠲᠠᠷᠢ᠍ᠶᠠᠨ ᠳ᠋ᠥ ᠬᠢ ᠣᠬᠣᠷ ᠳᠠᠭᠤᠤ ᠪᠠᠷ ᠣᠷᠣᠯᠠᠭᠳ᠋ᠠᠨ ᠂ ᠮᠣᠷᠢ᠍ᠨ ᠬᠤᠭᠤᠷ ᠤᠨ ᠣᠷᠲᠣ ᠠᠶᠠᠯᠭᠤ ᠨᠢ ᠲᠥᠷᠪᠡᠨ ᠤᠲᠠᠰᠤᠲᠤ ᠬᠤᠭᠤᠷ ᠤᠨ ᠲᠡᠤᠬᠡᠨ ᠬᠦᠦᠷᠨᠢ᠍ᠯ ᠶᠢᠡᠷ ᠰᠣᠯᠢ᠍ᠭᠳ᠋ᠠᠵᠠᠢ ᠃

ᠰᠣᠶ‍ᠣᠯ ᠤᠨ ᠬᠤᠪᠢᠰᠤᠯ ᠤᠨ ᠬᠠᠮᠤᠭ ᠲᠣᠲᠤᠭᠠᠳ᠋ᠤᠯᠢ᠍ᠭ ᠬᠤᠪᠢᠰᠤᠯ ᠪᠣᠯ ᠰᠡᠳᠬᠢᠯᠭᠡᠨ ᠦ ᠲᠡᠭ᠍ᠲᠡᠷ ᠲᠤ ᠬᠢ ᠬᠤᠪᠢᠰᠤᠯ ᠪᠣᠯᠣᠨ᠎ᠠ ᠃ ᠰᠣᠶ‍ᠣᠯ ᠰᠡᠳᠬᠢᠯᠭᠡᠨ ᠦ ᠲᠡᠭ᠍ᠲᠡᠷ ᠲᠤ ᠬᠦᠮᠦᠰ ᠤᠨ ᠨᠡᠢ᠌ᠬᠡᠮ ᠤᠨ ᠦᠢ᠍ᠯᠡᠳ᠋ᠦᠯᠭᠡ ᠪᠣᠶ‍ᠣ ᠦᠵᠡᠯ ᠣᠬᠠᠮᠰᠠᠷ ᠤᠨ ᠬᠦᠳ᠋ᠡᠯᠭᠡᠭᠡᠨ ᠤ ᠶᠠᠪᠣᠴᠠ ᠳ᠋ᠥ ᠪᠡᠨ ᠪᠦᠷᠢ᠍ᠯᠳ᠋ᠦᠬᠦᠯᠦᠭ᠍ᠰᠡᠨ ᠦᠷᠳ᠋ᠡᠭ᠌ ᠤᠨ ᠦᠵᠡᠯ ᠂ ᠭᠣᠸ᠎ᠠ ᠰᠠᠢ᠌ᠬᠠᠨ ᠤ ᠣᠷᠮᠠᠰ ᠂ ᠰᠡᠳᠬᠢᠬᠦᠢ ᠶᠢᠨ ᠠᠷᠭ᠎ᠠ ᠵᠡᠷᠭᠡ ᠪᠠᠭᠲᠠᠳ᠋ᠠᠭ ᠃ ᠡᠨᠡ ᠪᠣᠯ ᠰᠣᠶ‍ᠣᠯ ᠤᠨ ᠴᠦ᠋ᠮ᠎ᠠ ᠬᠡᠰᠡᠭ᠌ ᠮᠥᠨ ᠪᠣᠯᠬᠣᠷ ᠰᠣᠶ‍ᠣᠯ ᠤᠨ ᠬᠤᠪᠢᠰᠤᠯ ᠤᠨ ᠬᠠᠮᠤᠭ ᠡᠴᠦᠰ ᠦᠨ ᠬᠠᠮᠤᠭ ᠳᠣᠲᠤᠭᠠᠳ᠋ᠤᠯᠢ᠍ᠭ ᠬᠤᠪᠢᠰᠤᠯ ᠨᠢ ᠡᠨᠳ᠋ᠡ ᠶᠠᠪᠤᠭᠳ᠋ᠠᠳ᠋ᠠᠭ ᠃ ᠲᠠᠷᠢ᠍ᠶᠠᠯᠠᠬᠤ ᠲᠤᠰᠬᠤᠨ ᠪᠦᠷᠢ᠍ᠯᠳ᠋ᠦᠭ᠍ᠰᠡᠨ ᠦ ᠳᠠᠷᠠᠭ᠎ᠠ ᠂ ᠮᠠᠯᠴᠢ᠍ᠨ ᠬᠦᠮᠦᠨ ᠦ ᠠᠭᠤᠳ᠋ᠠᠮᠴᠢ ᠂ ᠥᠭ᠍ᠶ‍ᠥᠮᠥᠷᠴᠢ ᠂ ᠪᠠᠭᠠᠲᠤᠷᠯᠢ᠍ᠭ ᠂ ᠰᠢ᠍ᠭᠤᠳ᠋ᠤᠮᠠᠭᠠᠢ ᠂ ᠨᠡᠭᠡᠭᠡᠯᠳ᠋ᠡᠯᠢ᠍ᠭ᠌ ᠂ ᠵᠠᠯᠬᠠᠭᠤ ᠵᠠᠩ ᠴᠢ᠍ᠨᠠᠷ ᠨᠢ ᠪᠠᠴᠢ᠍ᠮᠳ᠋ᠠᠭᠤ ᠂ ᠬᠢᠨᠠᠭᠤᠷ ᠂ ᠵᠣᠪᠠᠨᠢ᠍ᠰᠢ᠍ᠷᠠᠩᠭ᠋ᠤᠢ ᠂ ᠲᠡᠰᠪᠦᠷᠢ᠍ᠲᠦ ᠂ ᠠᠵᠢ᠍ᠯᠰᠠᠭ ᠵᠡᠷᠭᠡ ᠣᠨᠴᠠᠯᠢ᠍ᠭ ᠲᠡᠢ᠌ᠰᠢ ᠬᠡᠯᠪᠡᠢ᠌ᠵᠦ ᠂ ᠳᠣᠲᠣᠭᠠᠳ᠋ᠤ ᠰᠡᠳᠬᠢᠴᠡ ᠶᠢᠨ ᠲᠠᠯ᠎ᠠ ᠳᠤ ᠶᠡᠬᠡ ᠬᠤᠪᠢᠷᠠᠯᠲᠠ ᠭᠠᠷᠴᠠᠢ ᠃ ᠵᠢᠯ ᠡᠴᠡ ᠵᠢᠯ ᠳ᠋ᠥ ᠦᠷᠭᠦᠯᠵᠢ᠍ᠯᠡᠭ᠍ᠰᠡᠨ 《 ᠦᠵᠦᠭᠦᠷ ᠭᠠᠷᠤᠰᠢ ᠦᠭᠡᠶ 》 ᠲᠠᠷᠢ᠍ᠶᠠᠨ ᠵᠣᠷᠤᠬ᠎ᠠ ᠪᠠᠷ ᠣᠷᠣᠭᠰᠠᠨ ᠰᠢ᠍ᠯᠢ ᠶᠢᠨ ᠰᠠᠢ᠌ᠨ ᠡᠷᠡᠰ ᠠᠶᠠᠨᠳ᠋ᠠᠭᠠᠨ ᠭᠤᠨᠢ᠍ᠭᠲᠤ ᠵᠠᠶᠠᠭᠠᠨ ᠳᠤ ᠤᠨᠠᠨ ᠂ ᠭᠤᠸ᠎ᠠ ᠰᠣᠨᠢ᠍ᠷᠬᠠᠯ ᠤᠨ ᠲᠠᠯ᠎ᠠ ᠪᠠᠷ ᠭᠤᠨᠢ᠍ᠭᠲᠤ ᠳᠠᠭᠤᠤ ᠡᠮᠭᠡᠨᠢ᠍ᠯᠲᠦ ᠦᠯᠢ᠍ᠭᠡᠷ ᠲᠤ ᠰᠢ᠍ᠨᠤᠵᠤ ᠂ ᠮᠣᠷᠢ᠍ᠨ ᠨᠢ᠍ᠷᠤᠭᠤᠨ ᠳᠡᠭᠡᠷᠡᠬᠢ ᠬᠦᠰᠡᠬᠦᠢ᠌ᠴᠢ ᠵᠡᠭᠦᠳ᠋ᠦ ᠦᠬᠡᠷ ᠠᠨᠵᠢ᠍ᠰᠤᠨ ᠤ ᠪᠢᠲᠡᠭᠦᠬᠡᠨ ᠭᠤᠨᠢ᠍ᠭ ᠶᠢᠡᠷ ᠰᠣᠯᠢ᠍ᠭᠳ᠋ᠠᠭᠰᠠᠨ ᠪᠠᠢ᠌ᠨ᠎ᠠ ᠃ ᠶᠣᠰᠣ ᠰᠤᠷᠲᠠᠬᠤᠨ ᠤ ᠪᠠᠷᠢ᠍ᠮᠵᠢ᠍ᠶᠠᠨ ᠳᠤ 《 ᠠᠢ᠌ᠯ ᠶᠢᠡᠷ ᠲᠥᠪᠯᠡᠬᠦ ᠦᠵᠡᠯ 》 ᠳ᠋ᠦ ᠤᠨᠠᠵᠤ ᠂ ᠠᠢ᠌ᠯ ᠣᠯᠠᠨ ᠤ ᠦᠵᠡᠯᠲᠡ ᠰᠣᠨᠢ᠍ᠷᠬᠠᠯ ᠶᠢᠡᠷ ᠥᠪᠡᠷᠮᠢ᠍ᠴᠡ ᠴᠢ᠍ᠨᠠᠷ ᠢ ᠦᠭᠡᠢ᠌ᠰᠭᠡᠵᠤ ᠂ ᠡᠷ᠎ᠠ ᠪᠠᠭᠠᠲᠤᠷ ᠢ ᠰᠢ᠍ᠲᠦᠬᠦ ᠡᠴᠡ ᠵᠢᠷᠤᠮᠲᠤ ᠪᠠᠭᠠᠲᠤᠷ ᠢ ᠳᠡᠭᠡᠳ᠋ᠦᠯᠡᠨ ᠡᠬᠡᠨᠡᠷ ᠪᠦᠰᠡᠭᠦᠢ᠌ᠴᠦᠳ ᠢ 《 ᠰᠢ᠍ᠳ᠋ᠤᠷᠭᠤ ᠨᠣᠮᠣᠬᠠᠨ 》 ᠶᠢᠡᠷ ᠰᠠᠢ᠌ᠬᠠᠨᠴᠢ᠍ᠯᠠᠬᠤ ᠪᠣᠯᠪᠠ ᠃

ᠶᠡᠷᠦᠩᠬᠡᠢ᠌ᠯᠡᠪᠡᠯ ᠂ ᠮᠣᠩᠭ᠋ᠣᠯ ᠨᠤᠲᠤᠭ ᠲᠤ ᠲᠠᠷᠢ᠍ᠶᠠᠯᠠᠬᠤ ᠲᠣᠰᠬᠤᠨ ᠪᠦᠷᠢ᠍ᠯᠳ᠋ᠦᠮᠡᠨᠵᠢ᠍ᠨ ᠰᠠᠶ‍ᠢ ᠰᠠᠭᠤᠷᠢ᠍ᠰᠢ᠍ᠯ ᠢᠷᠭᠡᠨ ( ᠲᠠᠷᠢ᠍ᠶᠠᠴᠢ᠍ᠨ ) ᠪᠣᠢ ᠪᠣᠯᠵᠤ ᠂ ᠰᠠᠭᠤᠷᠢ᠍ᠰᠢ᠍ᠯ ᠢᠷᠭᠡᠨ ᠪᠣᠢ ᠪᠣᠯᠣᠮᠠᠨᠵᠢ᠍ᠨ ᠰᠠᠶ‍ᠢ ᠬᠤᠭᠤᠷ ᠤᠨ ᠦᠯᠢ᠍ᠭᠡᠷ ᠰᠣᠨᠣᠰᠳ᠋ᠠᠭ ᠰᠣᠨᠢ᠍ᠷᠬᠠᠭᠴᠢ ᠴᠣᠭᠴᠠ ᠪᠦᠷᠢ᠍ᠯᠳ᠋ᠦᠵᠦ ᠂ ᠰᠣᠨᠢ᠍ᠷᠬᠠᠭᠴᠢ ᠴᠣᠭᠴᠠ ᠪᠦᠷᠢ᠍ᠯᠳ᠋ᠦᠮᠡᠨᠵᠢ᠍ᠨ ᠰᠠᠶ‍ᠢ ᠲᠡᠳ᠋ᠡᠨᠡᠷ ᠦᠨ ᠰᠣᠨᠢ᠍ᠷᠬᠠᠳ᠋ᠠᠭ ᠬᠤᠭᠤᠷ ᠤᠨ ᠦᠯᠢ᠍ᠭᠡᠷ ᠦᠨ ᠣᠷᠠᠯᠢ᠍ᠭ ᠰᠢ᠍ᠨ᠎ᠠ ᠪᠡᠷ ᠪᠣᠢ ᠪᠣᠯᠣᠭᠰᠠᠨ ᠶᠤᠮ ᠃ ᠰᠠᠭᠤᠷᠢ᠍ᠰᠢ᠍ᠯ ᠢᠷᠭᠡᠳ ᠦᠨ ᠠᠵᠤ ᠠᠮᠢ᠍ᠳ᠋ᠤᠷᠠᠯ ᠤᠨ ᠬᠤᠪᠢᠰᠤᠯ ᠂ ᠣᠷᠴᠢ᠍ᠨ ᠲᠣᠭᠣᠷᠢ᠍ᠨ ᠦ ᠥᠭᠡᠷᠡᠴᠢ᠍ᠯᠡᠯᠲᠡ ᠶᠢᠨ ᠰᠢ᠍ᠯᠲᠠᠭᠠᠨ ᠶᠢᠡᠷ ᠪᠣᠢ ᠪᠣᠯᠣᠭᠰᠠᠨ ᠰᠣᠶ‍ᠣᠯ ᠤᠨ ᠬᠡᠷᠡᠭ᠍ᠴᠡᠭᠡ ᠂ ᠥᠷᠳ᠋ᠡᠭ᠌ ᠦᠨ ᠦᠵᠡᠯ ᠂ ᠭᠤᠸ᠎ᠠ ᠰᠠᠢ᠌ᠬᠠᠨ ᠤ ᠰᠣᠨᠢ᠍ᠷᠬᠠᠯ ᠂ ᠣᠶᠤᠨ ᠤ ᠠᠵᠢ᠍ᠯᠯᠠᠭ᠎ᠠ ᠂ ᠰᠡᠳᠭᠢᠯᠭᠡ ᠶᠢᠨ ᠱᠠᠭᠠᠷᠳ᠋ᠠᠯᠭ᠎ᠠ ᠵᠡᠷᠭᠡ ᠡᠴᠡ ᠰᠢ᠍ᠯᠲᠠᠭᠠᠯᠠᠵᠤ ᠂ ᠤᠤᠯ ᠤᠨ ᠨᠡᠭᠦᠳ᠋ᠡᠯ ᠢᠷᠭᠡᠳ ᠢᠳ᠋ᠡᠭ᠌ ᠢᠳ᠋ᠡᠭ᠌ ᠶᠢᠡᠷ ᠰᠠᠭᠤᠷᠢ᠍ᠰᠢ᠍ᠯ ᠢᠷᠭᠡᠳ ᠪᠣᠯᠵᠤ ᠂ ᠰᠠᠭᠤᠷᠢ᠍ᠰᠢ᠍ᠯ ᠢᠷᠭᠡᠳ ᠨᠢ ᠰᠢ᠍ᠨ᠎ᠠ ᠨᠢ᠍ᠭᠡᠨ ᠰᠣᠨᠢ᠍ᠷᠬᠠᠭᠴᠢ ᠴᠣᠭᠴᠠ ᠪᠣᠯᠵᠤ ᠪᠦᠷᠢ᠍ᠯᠳ᠋ᠦᠭ᠍ᠰᠡᠨ ᠪᠠᠢ᠌ᠨ᠎ᠠ ᠃ ᠰᠣᠨᠢ᠍ᠷᠬᠠᠭᠴᠢ ᠴᠣᠭᠴᠠ ᠶᠢᠨ ᠪᠦᠷᠢ᠍ᠯᠳ᠋ᠦᠯ ᠪᠣᠯ ᠬᠤᠭᠤᠷ ᠤᠨ ᠦᠯᠢ᠍ᠭᠡᠷ ᠢ ᠪᠣᠢ ᠪᠣᠯᠭᠠᠭᠰᠠᠨ ᠬᠠᠮᠤᠭ ᠳᠣᠲᠣᠭᠠᠳ᠋ᠤ ᠰᠢ᠍ᠯᠲᠠᠭᠠᠨ ᠪᠣᠯᠣᠨ᠎ᠠ ᠃ ᠡᠨᠡ ᠬᠦ ᠰᠣᠨᠢ᠍ᠷᠬᠠᠭᠴᠢ ᠴᠣᠭᠴᠠ ᠨᠢ ᠬᠠᠷᠠᠴᠢ᠍ᠨ ᠨᠤᠲᠤᠭ ᠤᠨ ᠲᠠᠷᠢ᠍ᠶᠠᠯᠠᠬᠤ ᠲᠣᠰᠬᠤᠨ ᠳᠤ ᠬᠠᠮᠤᠭ ᠠᠩᠬ᠎ᠠ ᠪᠣᠢ ᠪᠣᠯᠬᠤ ᠨᠢ ᠪᠦᠷ ᠴᠦ ᠵᠦ᠋ᠢ ᠶᠣᠰᠤᠨ ᠤ ᠬᠡᠷᠡᠭ᠌ ᠪᠠᠢ᠌ᠵᠠᠢ ᠃

2. ᠬᠠᠷᠠᠴᠢ᠍ᠨ ᠨᠤᠲᠤᠭ ᠤᠨ ᠭᠠᠵᠠᠷ ᠵᠦ᠋ᠢ ᠶᠢᠨ ᠪᠠᠢ᠌ᠷᠢ ᠲᠡᠶ ᠬᠣᠯᠪᠣᠭ᠎ᠠ ᠲᠡᠶ ᠃ ᠬᠠᠷᠠᠴᠢ᠍ᠨ ᠨᠤᠲᠤᠭ ᠪᠣᠯ ᠮᠣᠩᠭ᠋ᠣᠯ ᠨᠤᠲᠤᠭ ᠤᠨ ᠡᠮᠦᠨᠡᠲᠦ ᠬᠠᠭᠠᠯᠭ᠎ᠠ ᠶᠢᠨ ᠪᠠᠢ᠌ᠷᠢ ᠳ᠋ᠥ ᠪᠠᠢ᠌ᠷᠢ᠍ᠯᠠᠨ ᠂ ᠲᠣᠲᠤᠷ ᠣᠷᠣᠨ ᠬᠢᠭᠡᠳ ᠮᠣᠩᠭ᠋ᠣᠯ ᠨᠤᠲᠤᠭ ᠤᠨ ᠪᠠᠭᠠᠯᠵᠤᠤᠷ ᠬᠣᠯᠪᠣᠭᠠᠰᠤ ᠂ ᠨᠡᠭᠦᠳ᠋ᠡᠯ ᠢᠷᠭᠡᠨᠰᠢ᠍ᠯ ᠬᠢᠭᠡᠳ ᠰᠠᠭᠤᠷᠢ᠍ᠰᠢ᠍ᠯ ᠢᠷᠭᠡᠨᠰᠢ᠍ᠯ ᠦᠨ ᠵᠠᠭᠠᠭ ᠱᠤᠭᠤᠮ ᠂ ᠮᠣᠩᠭ᠋ᠣᠯ ᠦᠨᠳ᠋ᠦᠰᠦᠲᠡᠨ ᠪᠣᠯᠣᠨ ᠬᠢᠲᠠᠳ ᠦᠨᠳ᠋ᠦᠰᠦᠲᠡᠨ ᠦ ᠬᠢᠯᠢ ᠬᠢᠵᠠᠭᠠᠷ ᠪᠣᠯᠵᠤ ᠪᠠᠢ᠌ᠪᠠ ᠃ ᠲᠡᠷᠡ ᠨᠢ ᠡᠮᠦᠨᠡᠲᠦ ᠣᠷᠣᠨ ᠤ ᠠᠮᠢ᠍ᠳ᠋ᠤᠷᠠᠯ ᠵᠠᠩᠰᠢ᠍ᠯ ᠂ ᠰᠣᠶ‍ᠣᠯ ᠢᠷᠭᠡᠨᠰᠢ᠍ᠯ ᠬᠢᠭᠡᠳ ᠤᠳᠬ᠎ᠠ ᠤᠷᠠᠯᠢ᠍ᠭ ᠦᠨ ᠤᠮᠠᠷᠠᠰᠢ᠍ᠯᠠᠬᠤ ᠶᠢᠨ ᠵᠠᠢ᠌ᠯᠠᠰᠢ ᠦᠭᠡᠶ ᠵᠠᠮ ᠪᠥᠭᠡᠳ ᠠᠩᠬᠠᠨ ᠤ ᠥᠷᠲᠡᠭᠡ ᠪᠣᠯᠣᠨ᠎ᠠ ᠃ ᠴᠢ᠍ᠩ ᠤᠯᠤᠰ ᠤᠨ ᠦᠶ᠎ᠠ ᠳ᠋ᠦ ᠲᠣᠲᠣᠷ ᠭᠠᠵᠠᠷ ᠡᠴᠡ ᠦᠪᠦᠷ ᠮᠣᠩᠭ᠋ᠣᠯ ᠳ᠋ᠥ ᠨᠡᠪᠲᠡᠷᠡᠬᠦ ᠳ᠋ᠥ ᠪᠠᠶᠠᠰᠬᠤᠯᠠᠩ ᠬᠠᠳ᠋ᠠᠳ᠋ᠤ ᠬᠠᠭᠠᠯᠭ᠎ᠠ ᠂ ᠮᠣᠯᠲᠣᠰᠢ ᠬᠠᠭᠠᠯᠭ᠎ᠠ ᠂ ᠥᠷᠥᠭᠡᠰᠦᠨ ᠴᠢ᠍ᠯᠠᠭᠤᠨ ᠬᠠᠭᠠᠯᠭ᠎ᠠ ᠂ ᠴᠢ᠍ᠭᠤᠯᠤᠯᠲᠤ ᠬᠠᠭᠠᠯᠭ᠎ᠠ ᠂ ᠰᠦ᠋ᠷᠡᠬᠡᠢ ᠬᠠᠭᠠᠯᠭ᠎ᠠ ᠵᠡᠷᠭᠡ ᠲᠠᠪᠤᠨ ᠵᠠᠮ ᠶᠢᠡᠷ ᠨᠡᠪᠲᠡᠷᠡᠳ᠋ᠡᠭ᠌ ᠃ ᠬᠠᠷᠠᠴᠢ᠍ᠨ ᠨᠤᠲᠤᠭ ᠨᠢ ᠪᠠᠶᠠᠰᠬᠤᠯᠠᠩ ᠬᠠᠳ᠋ᠠᠳ᠋ᠤ ᠬᠠᠭᠠᠯᠭ᠎ᠠ ᠬᠢᠭᠡᠳ ᠮᠣᠯᠲᠣᠰᠢ ᠬᠠᠭᠠᠯᠭ᠎ᠠ ᠲᠡᠶ ᠣᠢ᠌ᠷ᠎ᠠ ᠪᠠᠢ᠌ᠵᠤ ᠂ ᠲᠣᠰ ᠬᠣᠶᠠᠷ ᠬᠠᠭᠠᠯᠭ᠎ᠠ ᠪᠠᠷ ᠢᠷᠠᠵᠤ ᠶᠠᠪᠤᠬᠤ ᠂ ᠣᠷᠣᠵᠤ ᠭᠠᠷᠬᠤ ᠬᠦᠮᠦᠨ ᠠᠮᠢ᠍ᠲᠠᠨ ᠪᠦᠷ ᠬᠠᠷᠠᠴᠢ᠍ᠨ ᠨᠤᠲᠤᠭ ᠶᠢᠡᠷ ᠳᠠᠭᠠᠷᠢ᠍ᠨ ᠥᠩᠭᠡᠷᠡᠵᠦ ᠪᠠᠢ᠌ᠵᠠᠢ ᠃ ᠢᠯᠠᠩᠭ᠋ᠤᠶ᠎ᠠ ᠲᠣᠰ ᠬᠣᠶᠠᠷ ᠬᠠᠭᠠᠯᠭ᠎ᠠ ᠪᠠᠷ ᠭᠠᠷᠴᠤ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠨᠡᠪᠲᠡᠷᠡᠵᠦ ᠪᠠᠢ᠌ᠭᠰᠠᠨ ᠪᠠᠶᠠᠰᠬᠤᠯᠠᠩ ᠬᠠᠳ᠋ᠠᠳ᠋ᠤ ᠬᠠᠭᠠᠯᠭ᠎ᠠ ᠡᠴᠡ ᠵᠠᠯᠠᠢ᠌ᠳ ᠬᠦᠷᠬᠦ ᠂ ᠮᠣᠯᠳ᠋ᠣᠰᠢ ᠬᠠᠭᠠᠯᠭ᠎ᠠ ᠡᠴᠡ ᠦᠵᠦᠮᠦᠴᠢ᠍ᠨ ᠬᠦᠷᠬᠦ ᠂ ᠮᠣᠯᠳ᠋ᠣᠰᠢ ᠬᠠᠭᠠᠯᠭ᠎ᠠ ᠡᠴᠡ ᠳᠣᠯᠤᠨᠨᠠᠭᠤᠷ ᠬᠦᠷᠬᠦ ᠂ ᠮᠣᠯᠳ᠋ᠣᠰᠢ ᠬᠠᠭᠠᠯᠭ᠎ᠠ ᠡᠴᠡ ᠮᠤᠷᠠᠨ ᠠᠪᠠ ᠶᠢᠨ ᠲᠠᠯᠠᠪᠠᠢ ᠬᠦᠷᠬᠦ ᠵᠡᠷᠭᠡ ᠲᠦ᠋ᠷᠪᠡᠨ ᠤᠯᠠᠭ᠎ᠠ ᠥᠷᠲᠡᠭᠡ ᠨᠢ ᠪᠦᠬᠦᠨ ᠶᠢᠡᠷ ᠢ᠍ᠶ᠍ᠡᠨ ᠬᠠᠷᠠᠴᠢ᠍ᠨ ᠶᠢᠡᠷ ᠲᠠᠭᠠᠷᠢ᠍ᠨ ᠥᠩᠭᠡᠷᠡᠳ᠋ᠡᠭ᠌ ᠪᠠᠢ᠌ᠵᠠᠢ ᠃ [ 23 ] 《 ᠬᠠᠷᠠᠴᠢ᠍ᠨ ᠳᠤᠮᠳ᠋ᠠᠳ᠋ᠤ ᠬᠣᠰᠢ᠍ᠭᠤ ᠂ ᠬᠠᠷᠠᠴᠢ᠍ᠨ ᠪᠠᠷᠠᠭᠤᠨ ᠬᠣᠰᠢ᠍ᠭᠤ ᠨᠢ ᠬᠢᠲᠠᠳ ᠭᠠᠵᠠᠷ ᠡᠴᠡ ᠬᠠᠮᠤᠭ ᠤᠨ ᠣᠢ᠌ᠷᠠᠯᠴᠠᠭ᠎ᠠ ᠪᠠᠢ᠌ᠷᠢ᠍ᠯᠠᠵᠤ ᠪᠠᠢ᠌ᠭᠰᠠᠨ ᠤᠴᠢ᠍ᠷ ᠬᠢᠲᠠᠳᠴᠤᠳ ᠬᠢᠯᠢ ᠬᠢᠵᠠᠭᠠᠷ ᠳᠠᠪᠠᠵᠤ ᠮᠣᠩᠭ᠋ᠣᠯ ᠣᠷᠣᠨ᠎ᠠ ᠨᠡᠭᠦᠳ᠋ᠡᠯᠯᠡᠨ ᠢᠷᠡᠬᠦ ᠳ᠋ᠡᠬᠡᠨ ᠶᠠᠭᠤᠨ ᠤ ᠡᠮᠦᠨ᠎ᠠ ᠲᠡᠷᠡ ᠬᠣᠶᠠᠷ ᠬᠣᠰᠢ᠍ᠭᠤ ᠶᠢ ᠳᠠᠮᠵᠢ᠍ᠬᠤ ᠴᠢ᠍ᠬᠤᠯᠠ ᠲᠡᠶ ᠪᠤᠶᠤ ᠲᠡᠨᠳ᠋ᠡ ᠲᠦ᠋ᠷ ᠴᠠᠭ ᠴᠦ ᠭᠡᠰᠡᠨ ᠬᠥᠯ ᠲᠣᠭᠲᠠᠨ ᠨᠤᠲᠤᠭᠰᠢ᠍ᠨ ᠰᠠᠭᠤᠷᠢ᠍ᠰᠢ᠍ᠵᠤ ᠪᠠᠢ᠌ᠭᠰᠠᠨ ᠳᠠᠭᠠᠨ ᠲᠠᠭᠠᠷᠠᠨ᠎ᠠ 》 ᠃ [ 24 ] ᠡᠢ᠌ᠨᠬᠦ ᠦᠪᠦᠷ ᠮᠣᠩᠭ᠋ᠣᠯ ᠤᠨ ᠵᠡᠭᠦᠨ ᠨᠤᠲᠤᠭ ᠲᠣ ᠬᠢᠲᠠᠳ ᠮᠣᠩᠭ᠋ᠣᠯ ᠰᠣᠶ‍ᠣᠯ ᠤᠨ ᠰᠣᠯᠢ᠍ᠯᠴᠠᠭᠠᠨ ᠶᠢᠡᠷ ᠦᠷ᠎ᠠ ᠳ᠋ᠦ᠋ᠩ ᠪᠣᠯᠭᠠᠨ ᠪᠣᠢ ᠪᠣᠯᠣᠭᠰᠠᠨ ᠬᠤᠭᠤᠷ ᠤᠨ ᠦᠯᠢ᠍ᠭᠡᠷ ᠨᠢ ᠡᠨᠡ ᠬᠦ ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠤ ᠡᠭᠦᠳ᠋ᠡ ᠬᠠᠭᠠᠯᠭ᠎ᠠ ᠪᠠᠢ᠌ᠭᠰᠠᠨ ᠬᠠᠷᠠᠴᠢ᠍ᠨ ᠨᠤᠲᠤᠭ ᠲᠣ ᠶᠠᠭᠤᠨ ᠤ ᠤᠷᠢ᠍ᠳ ᠡᠭᠦᠰᠦᠨ ᠪᠦᠷᠢ᠍ᠯᠳ᠋ᠦᠬᠦ ᠨᠢ ᠠᠶᠠᠨᠳ᠋ᠠᠭᠠᠨ ᠤ ᠬᠡᠷᠡᠭ᠌ ᠪᠣᠯᠣᠨ᠎ᠠ ᠃

3. ᠬᠠᠭᠠᠨ ᠣᠷᠳ᠋ᠣ ᠵᠡᠷᠭᠡ ᠤᠯᠤᠰ ᠲᠥᠷᠥ ᠶᠢᠨ ᠲᠥᠪ ᠲᠡᠶ ᠣᠢ᠌ᠷ᠎ᠠ ᠪᠠᠢ᠌ᠵᠤ ᠂ ᠨᠠᠢ᠌ᠷ ᠴᠡᠩᠭᠡᠯ ᠦᠨ ᠰᠣᠶ‍ᠣᠯ ᠦᠨ ᠠᠵᠢ᠍ᠯᠯᠠᠭ᠎ᠠ ᠥᠷᠨᠢ᠍ᠩᠭᠦᠢ ᠪᠠᠢ᠌ᠵᠠᠢ ᠃ ᠴᠢ᠍ᠩ ᠤᠯᠤᠰ ᠤᠨ ᠦᠶ᠎ᠠ ᠳ᠋ᠥ ᠬᠠᠷᠠᠴᠢ᠍ᠨ ᠨᠤᠲᠤᠭ ᠪᠣᠯ ᠨᠡᠢ᠌ᠰᠯᠡᠯ ᠪᠡᠭᠡᠵᠢ᠍ᠩ ᠡᠴᠡ ᠬᠠᠮᠤᠭ ᠣᠢ᠌ᠷ᠎ᠠ ᠮᠣᠩᠭ᠋ᠣᠯ ᠨᠤᠲᠤᠭ ᠪᠠᠢ᠌ᠭᠰᠠᠨ ᠲᠡᠳ᠋ᠦᠢ ᠦᠭᠡᠶ ᠂ ᠴᠢ᠍ᠩ ᠤᠯᠤᠰ ᠤᠨ ᠬᠣᠶᠠᠳ᠋ᠤᠭᠠᠷ ᠨᠡᠢ᠌ᠰᠯᠡᠯ ᠬᠡᠮᠡᠭ᠍ᠳ᠋ᠡᠭ᠍ᠰᠡᠨ ᠴᠸᠩᠳ᠋ᠸ ᠬᠣᠲᠠ ᠨᠢ ᠨᠡᠩ ᠴᠦ ᠤᠤᠯ ᠤᠨ ᠬᠠᠷᠠᠴᠢ᠍ᠨ ᠪᠠᠷᠠᠭᠤᠨ ᠬᠣᠰᠢ᠍ᠭᠤᠨ ᠤ ᠬᠠᠷᠢ᠍ᠶᠠᠲᠤ ᠭᠠᠵᠠᠷ ᠨᠤᠲᠤᠭ ᠳᠡᠭᠡᠷ᠎ᠠ ᠪᠠᠢ᠌ᠭᠤᠯᠤᠭᠳ᠋ᠠᠭᠰᠠᠨ ᠶᠤᠮ ᠃ ᠨᠡᠢ᠌ᠰᠯᠡᠯ ᠡᠴᠡ ᠢᠷᠡᠬᠦ ᠰᠣᠨᠢ᠍ᠨ ᠮᠡᠳ᠋ᠡᠭᠡ ᠶᠢ ᠬᠠᠷᠠᠴᠢ᠍ᠨ ᠨᠤᠲᠤᠭ ᠶᠠᠭᠤᠨ ᠤ ᠡᠮᠦᠨ᠎ᠠ ᠲᠣᠰᠴᠤ ᠂ ᠲᠣᠲᠣᠷ ᠣᠷᠣᠨ ᠡᠴᠡ ᠤᠯᠠᠮᠵᠢ᠍ᠯᠠᠬᠤ ᠰᠣᠶ‍ᠣᠯ ᠤᠷᠠᠯᠢ᠍ᠭ ᠪᠦᠬᠦᠨ ᠢ ᠬᠠᠷᠠᠴᠢ᠍ᠨᠴᠤᠳ ᠶᠠᠭᠤᠨ ᠤ ᠡᠮᠦᠨ᠎ᠠ ᠬᠦᠷᠲᠡᠨ ᠰᠣᠨᠢ᠍ᠷᠬᠠᠳ᠋ᠠᠭ ᠪᠠᠢ᠌ᠵᠠᠢ ᠃ ᠡᠨᠡ ᠬᠦ ᠭᠠᠵᠠᠷ ᠵᠦ᠋ᠢ ᠶᠢᠨ ᠪᠠᠢ᠌ᠷᠢ ᠶᠢᠨ ᠳᠠᠪᠠᠭᠤᠯᠢ᠍ᠭ ᠡᠴᠡ ᠪᠣᠯᠵᠤ ᠂ ᠬᠠᠷᠠᠴᠢ᠍ᠨ ᠮᠣᠩᠭ᠋ᠣᠯᠴᠤᠳ ᠨᠡᠢ᠌ᠰᠯᠡᠯ ᠳ᠋ᠦ ᠣᠴᠢ᠍ᠬᠤ ᠳᠤ ᠬᠠᠮᠤᠭ ᠳᠥᠭᠦᠮ ᠪᠠᠢ᠌ᠭᠰᠠᠨ ᠪᠥᠭᠡᠳ ᠢᠯᠠᠩᠭ᠋ᠤᠶ᠎ᠠ ᠴᠸᠩᠳ᠋ᠸ ᠬᠣᠲᠠ ᠪᠣᠯ ᠲᠡᠳ᠋ᠡᠨᠡᠷ ᠦᠨ ᠨᠤᠲᠤᠭ ᠲᠤ ᠪᠠᠢ᠌ᠭᠤᠯᠤᠭᠳ᠋ᠠᠭᠰᠠᠨ ᠪᠣᠯᠬᠣᠷ ᠨᠠᠭᠠᠰᠢ ᠴᠠᠭᠠᠰᠢ ᠶᠠᠪᠤᠵᠤ ᠰᠠᠭᠤᠬᠤ ᠳ᠋ᠥ ᠬᠠᠮᠤᠭ ᠡᠴᠡ ᠳᠥᠭᠦᠮ ᠨᠥᠬᠥᠴᠡᠯ ᠲᠡᠶ ᠪᠣᠯᠵᠠᠢ ᠃ ᠬᠠᠭᠠᠨ ᠣᠷᠳ᠋ᠣ ᠪᠣᠯ ᠤᠯᠤᠰ ᠲᠥᠷᠥ ᠶᠢᠨ ᠲᠥᠪ ᠶᠢᠡᠷ ᠪᠠᠷᠠᠬᠤ ᠦᠭᠡᠶ ᠂ ᠨᠠᠢ᠌ᠷ ᠴᠡᠩᠭᠡᠯ ᠦᠨ ᠣᠷᠳ᠋ᠣᠨ ᠪᠣᠯᠬᠤ ᠶᠤᠮ ᠃ ᠡᠨᠡ ᠨᠢ ᠬᠠᠷᠠᠴᠢ᠍ᠨ ᠮᠣᠩᠭ᠋ᠣᠯᠴᠤᠳ ᠤᠨ ᠬᠠᠭᠠᠨ ᠣᠷᠳ᠋ᠣᠨ ᠤ ᠰᠢ ᠵᠦ᠋ᠴᠦᠭᠡ ᠂ ᠳᠠᠭᠤᠤ ᠬᠥᠭ᠍ᠵᠢ᠍ᠮ ᠵᠡᠷᠭᠡ ᠵᠤᠭ᠎ᠠ ᠴᠡᠩᠭᠡᠯ ᠦᠨ ᠰᠣᠶ‍ᠣᠯ ᠢ ᠬᠦᠷᠲᠡᠨ ᠰᠣᠨᠢ᠍ᠷᠬᠠᠬᠤ ᠪᠤᠶᠤ ᠰᠣᠷᠣᠯᠴᠠᠬᠤ ᠳᠤ ᠳᠥᠲᠡ ᠳᠥᠬᠦᠮ ᠨᠥᠬᠥᠴᠡᠯ ᠢ ᠣᠯᠭᠣᠭᠰᠠᠨ ᠪᠠᠢ᠌ᠨ᠎ᠠ ᠃ ᠢᠯᠠᠩᠭ᠋ᠤᠶ᠎ᠠ ᠲᠤᠬᠠᠢ ᠶᠢᠨ ᠴᠸᠩᠳ᠋ᠸ ᠣᠷᠣᠨ ᠪᠣᠯ ᠪᠦᠬᠦ ᠤᠯᠤᠰ ᠤᠨ ᠤᠮᠠᠷᠠᠲᠤ ᠣᠷᠣᠨ ᠤ ᠰᠢ ᠵᠦ᠋ᠴᠦᠭᠡ ᠂ ᠳᠠᠭᠤᠤ ᠬᠥᠭ᠍ᠵᠢ᠍ᠮ ᠦᠨ ᠬᠠᠮᠤᠭ ᠬᠥᠭ᠍ᠵᠢ᠍ᠭ᠍ᠰᠡᠨ ᠣᠷᠣᠨ ᠪᠣᠯᠣᠨ᠎ᠠ ᠃ ᠲᠤᠬᠠᠢ ᠶᠢᠨ ᠠᠷᠠᠳ ᠤᠨ ᠶᠠᠷᠢ᠍ᠶᠠᠨ ᠳ᠋ᠥ 《 ᠪᠡᠭᠡᠵᠢ᠍ᠩ ᠦᠨ ᠽᠢ ᠳ᠋ᠢ ᠱᠤ (子弟书 ) ᠠᠬᠤᠢ ᠳᠤᠷ ᠂ ᠴᠸᠩᠳ᠋ᠸ ᠶᠢᠨ ᠴᠢ᠍ᠩ ᠶᠢ᠍ᠨ ᠡᠾᠦ᠋ᠢ (清音会 ) ᠪᠠᠢ᠌ᠮᠤᠢ 》 [ 25 ] ᠬᠡᠮᠡᠯᠴᠡᠳ᠋ᠡᠭ᠌ ᠪᠠᠢ᠌ᠵᠠᠢ ᠃ 《 ᠴᠸᠩᠳ᠋ᠸ ᠬᠣᠲᠠ ᠨᠢ ᠮᠠᠨ ᠤ ᠤᠯᠤᠰ ᠤᠨ ᠤᠮᠠᠷᠠᠲᠤ ᠶᠢᠨ ᠴᠦ᠋ᠬᠡᠨ ᠲᠣᠭᠠᠲᠤ ᠦᠨᠳ᠋ᠦᠰᠦᠲᠡᠨ ᠬᠢᠭᠡᠳ ᠬᠢᠲᠠᠳ ᠦᠨᠳ᠋ᠦᠰᠦᠲᠡᠨ ᠦ ᠬᠥᠭ᠍ᠵᠢ᠍ᠭ᠍ᠰᠡᠨ ᠣᠷᠣᠨ ᠤ ᠬᠢᠯᠢ ᠵᠠᠭᠠᠭ ᠲᠤ ᠣᠷᠣᠰᠢ᠍ᠨ ᠂ ᠦᠨᠳ᠋ᠦᠰᠦᠲᠡᠨ ᠨᠤᠭᠦᠳ ᠤᠨ ᠬᠣᠭᠣᠷᠣᠨᠳ᠋ᠤᠬᠢ ᠳᠠᠢ᠌ᠨ ᠳᠠᠵᠢ᠍ᠨ ᠂ ᠤᠯᠤᠰ ᠲᠥᠷᠥ ᠶᠢᠨ ᠬᠣᠯᠪᠣᠭ᠎ᠠ ᠂ ᠠᠵᠤ ᠠᠬᠤᠢ ᠠᠷᠠᠯᠵᠢ᠍ᠶ᠎ᠠ ᠬᠤᠳ᠋ᠠᠯᠳ᠋ᠤᠭ᠎ᠠ ᠵᠢᠴᠢ ᠰᠣᠶ‍ᠣᠯ ᠤᠨ ᠰᠣᠯᠢ᠍ᠯᠴᠠᠭ᠎ᠠ ᠨᠢ ᠪᠦᠷ ᠲᠡᠭᠦᠨ ᠶᠢᠡᠷ ᠳᠠᠮᠵᠢ᠍ᠨ ᠪᠡᠶᠡᠯᠡᠭ᠍ᠳ᠋ᠡᠳ᠋ᠡᠭ᠌ ᠶᠤᠮ 》 ᠃ [ 26 ] ᠲᠤᠬᠠᠢ ᠶᠢᠨ ᠴᠸᠩᠳ᠋ᠸ ᠣᠷᠣᠨ ᠤ ᠣᠷᠳ᠋ᠣᠨ ᠤ ᠰᠢ ᠵᠦ᠋ᠴᠦᠭᠡ ᠂ ᠣᠷᠳ᠋ᠣᠨ ᠤ ᠳᠠᠭᠤᠤ ᠬᠦᠭ᠍ᠵᠢ᠍ᠮ ᠂ ᠴᠢ᠍ᠩ ᠶᠢ᠍ᠨ ᠡᠾᠦ᠋ᠢ ᠶᠢᠨ ᠳᠠᠭᠤᠤ ᠬᠥᠭ᠍ᠵᠢ᠍ᠮ ᠂ ᠰᠦ᠋ᠮ᠎ᠠ ᠬᠡᠢ᠌ᠳ ᠦᠨ ᠳᠠᠭᠤᠤ ᠬᠥᠭ᠍ᠵᠢ᠍ᠮ ᠂ ᠠᠷᠠᠳ ᠤᠨ ᠳᠠᠭᠤᠤ ᠬᠥᠭ᠍ᠵᠢ᠍ᠮ ᠵᠡᠷᠭᠡ ᠨᠢ ᠬᠠᠷᠠᠴᠢ᠍ᠨ ᠣᠷᠣᠨ ᠤ ᠬᠦᠮᠦᠰ ᠦᠨ ᠣᠷᠠᠯᠢ᠍ᠭ ᠤᠨ ᠰᠣᠨᠢ᠍ᠷᠬᠠᠯ ᠳ᠋ᠥ ᠰᠢ᠍ᠨ᠎ᠠ ᠵᠦ᠋ᠢ᠍ᠯ ᠢ ᠣᠯᠭᠣᠵᠤ ᠂ ᠲᠡᠳ᠋ᠡᠨᠡᠷ ᠦᠨ ᠣᠷᠠᠯᠢ᠍ᠭ ᠤᠨ ᠰᠢ᠍ᠨᠡᠴᠢ᠍ᠯᠡᠯ ᠳ᠋ᠦ ᠰᠢ᠍ᠨ᠎ᠠ ᠰᠡᠳ᠋ᠡᠯᠲᠡ ᠪᠣᠯᠬᠤ ᠨᠢ ᠳᠠᠮᠵᠢ᠍ᠭ ᠦᠭᠡᠶ ᠃ ᠨᠥᠭᠥᠭᠡ ᠲᠠᠯ᠎ᠠ ᠪᠠᠷ ᠂ ᠣᠷᠳ᠋ᠣᠨ ᠤ ᠰᠢ ᠵᠦ᠋ᠴᠦᠭᠡ ᠶᠢᠨ ᠦᠯᠢ᠍ᠭᠡᠷ ᠦᠢ᠍ᠯᠡ ᠶᠠᠪᠤᠳ᠋ᠠᠯ ᠨᠢ ᠬᠠᠷᠠᠴᠢ᠍ᠨ ᠮᠣᠩᠭ᠋ᠣᠯᠴᠤᠳ ᠦᠨ ᠲᠠᠷᠢ᠍ᠶᠠᠯᠠᠬᠤ ᠨᠡᠢ᠌ᠭᠡᠮ ᠢ ᠲᠠᠨᠢ᠍ᠨ ᠮᠡᠳ᠋ᠡᠷᠡᠵᠦ ᠦᠪᠡᠷ ᠦᠨ ᠪᠡᠶ᠎ᠠ ᠪᠡᠨ ᠲᠣᠯᠢ᠍ᠳ᠋ᠠᠬᠤ ᠳᠤ ᠰᠢ᠍ᠨ᠎ᠠ ᠦᠯᠢ᠍ᠭᠡᠷ ᠵᠠᠭᠪᠤᠷ ᠢ ᠣᠯᠭᠣᠵᠤ ᠂ ᠨᠡᠢ᠌ᠭᠡᠮ ᠠᠮᠢ᠍ᠳ᠋ᠤᠷᠠᠯ ᠤᠨ ᠲᠤᠬᠠᠢ ᠰᠢ᠍ᠨ᠎ᠠ ᠲᠠᠢ᠌ᠯᠪᠤᠷᠢ ᠂ ᠰᠢ᠍ᠨ᠎ᠠ ᠮᠡᠳ᠋ᠡᠯᠭᠡ ᠶᠢ ᠬᠠᠩᠭ᠋ᠠᠵᠤ ᠦᠭ‍ᠭᠦᠭ᠍ᠰᠡᠨ ᠪᠠᠢ᠌ᠨ᠎ᠠ ᠃

ᠬᠠᠷᠠᠴᠢ᠍ᠨ ᠬᠢᠭᠡᠳ ᠮᠠᠨᠵᠤ ᠶᠢᠨ ᠬᠠᠭᠠᠨ ᠢᠵᠠᠭᠤᠷᠲᠠᠨ ᠤ ᠬᠣᠭᠣᠷᠣᠨᠳ᠋ᠤᠬᠢ ᠣᠷᠣᠭ ᠰᠠᠳ᠋ᠤᠨ ᠤ ᠬᠠᠷᠢ᠍ᠴᠠᠭ᠎ᠠ ᠦᠯᠡᠮᠵᠢ ᠃ ᠨᠡᠢ᠌ᠰᠯᠡᠯ ᠪᠡᠭᠡᠵᠢ᠍ᠩ ᠡᠴᠡ ᠣᠢ᠌ᠷ᠎ᠠ ᠪᠠᠢ᠌ᠭᠰᠠᠨ ᠤ ᠰᠢ᠍ᠯᠲᠠᠭᠠᠨ ᠶᠢᠡᠷ ᠴᠢ᠍ᠩ ᠤᠯᠤᠰ ᠤᠨ ᠦᠶ᠎ᠠ ᠳ᠋ᠥ ᠬᠠᠷᠠᠴᠢ᠍ᠨ ᠬᠢᠭᠡᠳ ᠴᠢ᠍ᠩ ᠦᠨ ᠬᠠᠭᠠᠨ ᠤᠭᠰᠠᠭᠠᠨ ᠤ ᠬᠦᠮᠦᠰ ᠦᠨ ᠬᠣᠭᠣᠷᠣᠨᠳ᠋ᠤᠬᠢ ᠤᠷᠤᠭᠴᠠᠭᠠᠬᠤ ᠶᠠᠪᠤᠳ᠋ᠠᠯ ᠨᠢ ᠨᠡᠢ᠌ᠲᠡ 114 ᠤᠳ᠋ᠠᠭ᠎ᠠ ᠡᠭᠦᠰᠴᠦ ᠂ 《 ᠡᠭᠦᠨ ᠦ ᠲᠣᠲᠤᠷ᠎ᠠ ᠲᠤᠰ ᠠᠢ᠌ᠮᠠᠭ ᠲᠤ ᠮᠣᠷᠳ᠋ᠠᠨ ᠢᠷᠡᠭ᠍ᠰᠡᠨ ᠬᠠᠭᠠᠨ ᠤ ᠥᠬᠢᠳ 93 ᠪᠠᠢ᠌ᠵᠤ ᠂ ᠲᠣᠰ ᠠᠢ᠌ᠮᠠᠭ ᠤᠨ ᠥᠬᠢᠳ ᠢ ᠬᠠᠭᠠᠨ ᠤᠭᠰᠠᠭᠠᠨ ᠤ ᠬᠥᠪᠡᠭᠦᠳ ᠲᠤ ᠬᠣᠯᠪᠣᠭᠰᠠᠨ ᠨᠢ 21 ᠪᠣᠯᠵᠤ ᠂ ᠬᠠᠷᠠᠴᠢ᠍ᠨ ᠠᠢ᠌ᠮᠠᠭ ᠲᠤ ᠮᠣᠷᠳ᠋ᠠᠨ ᠢᠷᠡᠭ᠍ᠰᠡᠨ ᠬᠠᠭᠠᠨ ᠤᠭᠰᠠᠭᠠᠨ ᠤ ᠭᠦᠩᠵᠦ ᠨᠢ ᠪᠣᠰᠣᠳ ᠣᠯᠠᠨ ᠠᠢ᠌ᠮᠠᠭ ᠡᠴᠡ ᠪᠦᠷ ᠣᠷᠣᠢ᠌ᠯᠠᠭᠰᠠᠨ ᠪᠠᠢ᠌ᠨ᠎ᠠ 》 ᠃ [ 27 ] ᠣᠷᠳ᠋ᠣᠨ ᠤ ᠭᠦᠩᠵᠦ ᠭᠡᠭᠡ ᠶᠢ ᠳᠠᠭᠠᠵᠤ ᠬᠠᠷᠠᠴᠢ᠍ᠨ ᠨᠤᠲᠤᠭ ᠲᠤ ᠢᠷᠡᠬᠦ ᠲᠣᠲᠣᠷ ᠣᠷᠣᠨ ᠤ ᠬᠦᠮᠦᠰ ᠦᠨ ᠶᠠᠪᠤᠵᠤ ᠢᠷᠡᠬᠦ ᠬᠢᠭᠡᠳ ᠤᠷᠤᠭ ᠰᠠᠳ᠋ᠤᠨ ᠤ ᠬᠣᠭᠣᠷᠣᠨᠳ᠋ᠤᠬᠢ ᠶᠠᠪᠤᠯᠴᠠᠭᠠᠨ ᠶᠢᠡᠷ ᠳᠠᠮᠵᠢ᠍ᠨ ᠠᠵᠤ ᠠᠮᠢ᠍ᠳ᠋ᠤᠷᠠᠯ ᠂ ᠵᠠᠩ ᠦᠢ᠍ᠯᠡ ᠂ ᠰᠣᠶ‍ᠣᠯ ᠤᠷᠠᠯᠢ᠍ᠭ ᠤᠨ ᠰᠣᠯᠢ᠍ᠯᠴᠠᠭ᠎ᠠ ᠦᠷᠭᠡᠨ ᠶᠢᠡᠷ ᠶᠠᠪᠤᠭᠳ᠋ᠠᠬᠤ ᠨᠢ ᠯᠠᠪᠲᠠᠢ ᠃ ᠬᠢᠲᠠᠳ ᠦᠨᠳ᠋ᠦᠰᠦᠲᠡᠨ ᠦ ᠲᠡᠦᠬᠡᠨ ᠦᠯᠢ᠍ᠭᠡᠷ ᠂ ᠣᠷᠳ᠋ᠣᠨ ᠤ ᠤᠳᠬ᠎ᠠ ᠣᠷᠠᠯᠢ᠍ᠭ ᠂ ᠪᠡᠭᠡᠵᠢ᠍ᠩ ᠴᠸᠩᠳ᠋ᠸ ᠵᠡᠷᠭᠡ ᠬᠣᠲᠠ ᠵᠡᠭᠡᠯᠢ ᠶᠢᠨ ᠳᠤᠮᠳ᠋ᠠ ᠦᠷᠨᠢ᠍ᠵᠤ ᠪᠠᠢ᠌ᠭᠰᠠᠨ ᠰᠢ ᠵᠦ᠋ᠴᠦᠭᠡ ᠂ ᠳᠠᠭᠤᠯᠠᠯᠲᠤ ᠤᠷᠠᠯᠢ᠍ᠭ ᠂ ᠦᠯᠢ᠍ᠭᠡᠷ ᠲᠤᠤᠯᠢ ᠵᠡᠷᠭᠡ ᠨᠢ ᠬᠠᠷᠠᠴᠢ᠍ᠨ ᠨᠤᠲᠤᠭ ᠲᠣ ᠤᠯᠠᠮᠵᠢ᠍ᠯᠠᠨ ᠂ ᠬᠠᠷᠠᠴᠢ᠍ᠨ ᠨᠤᠲᠤᠭ ᠦᠨ ᠤᠯᠠᠮᠵᠢ᠍ᠯᠠᠯᠲᠤ ᠰᠣᠶ‍ᠣᠯ ᠤᠷᠠᠯᠢ᠍ᠭ ᠢ ᠨᠥᠯᠥᠭᠡᠯᠡᠨ ᠬᠤᠪᠢᠰᠬᠠᠬᠤ ᠪᠣᠯᠣᠯᠴᠠᠭ᠎ᠠ ᠲᠡᠶ ᠶᠤᠮ ᠃ ᠵᠢᠱᠢ᠍ᠶᠡᠯᠡᠪᠡᠯ ᠂ ᠲᠡᠭ᠍ᠷᠢ ᠲᠡᠳᠭᠦᠭ᠍ᠴᠢ ᠬᠠᠭᠠᠨ ᠤ ᠦᠶ᠎ᠠ ᠳ᠋ᠥ ᠤᠯᠤᠰ ᠢ ᠳᠣᠷᠭᠢᠭᠤᠯᠤᠭᠰᠠᠨ 《 ᠮᠣᠩᠭ᠋ᠣᠯ ᠬᠣᠰᠢ᠍ᠭᠤᠳ ᠤᠨ ᠠᠷᠪᠠᠨ ᠨᠠᠢ᠍ᠮᠠᠨ ᠠᠩᠭᠢ 》 (蒙旗十八班 ) ᠶᠢᠨ ᠤᠷᠠᠯᠢ᠍ᠭ ᠤᠨ ᠪᠦᠯᠬᠦᠮ ᠳ᠋ᠦ ᠬᠢ ᠬᠠᠷᠠᠴᠢ᠍ᠨ ᠬᠣᠰᠢ᠍ᠭᠤᠨ ᠤ 《 ᠰᠠᠨ ᠢ ᠶᠢᠨ ᠠᠩᠭᠢ (三义班 ) 》 ᠪᠣᠯ ᠴᠢ᠍ᠬᠤᠯᠠ ᠭᠤᠷᠪᠠᠨ ᠠᠩᠭᠢ ᠶᠢᠨ ᠬᠢᠨᠢ ᠨᠢ᠍ᠭᠡ ᠨᠢ ᠪᠠᠢ᠌ᠭᠰᠠᠨ ᠶᠤᠮ ᠃ ᠲᠡᠷᠡ ᠨᠢ ᠮᠣᠩᠭ᠋ᠣᠯ ᠤᠨ ᠤᠯᠠᠮᠵᠢ᠍ᠯᠠᠯᠲᠤ ᠳᠠᠭᠤᠤ ᠤᠷᠠᠯᠢ᠍ᠭ ᠢ ᠲᠣᠭᠯᠠᠬᠤ ᠶᠢᠨ ᠳᠠᠭᠠᠤ ᠪᠠᠰᠠ ᠬᠢᠲᠠᠳ ᠤᠨ ᠣᠷᠣᠨ ᠨᠤᠲᠤᠭ ᠤᠨ ᠰᠢ ᠵᠦ᠋ᠴᠦᠭᠡ ᠶᠢ ᠴᠦ ᠲᠣᠭᠯᠠᠳ᠋ᠠᠭ ᠪᠠᠢ᠌ᠪᠠ ᠃ 《 ᠰᠠᠨ ᠢ ᠶᠢᠨ ᠠᠩᠭᠢ 》 ᠪᠣᠯ ᠱᠠᠨᠰᠢ ᠭᠠᠵᠠᠷ ᠤᠨ ᠰᠢ ᠵᠦ᠋ᠴᠦᠭᠡ ᠶᠢ ᠲᠣᠭᠯᠠᠭᠠᠳ ᠠᠯᠳ᠋ᠠᠷᠰᠢ᠍ᠭᠰᠠᠨ ᠪᠢᠯᠡ ᠃ ᠲᠡᠳ᠋ᠡᠨᠡᠷ ᠲᠡᠭ᠍ᠷᠢ ᠲᠡᠳᠭᠦᠭ᠍ᠴᠢ ᠬᠠᠭᠠᠨ ᠤ 《 ᠲᠦ᠋ᠮᠡᠨ ᠦᠯᠵᠡᠢ᠌ᠲᠦ ᠶᠢᠨ ᠪᠠᠶᠠᠷ (万寿节 ) 》 ᠲᠣ ᠲᠣᠭᠯᠠᠯᠲᠠ ᠭᠠᠷᠭᠠᠭᠠᠳ ᠲᠤᠬᠠᠢ ᠶᠢᠨ ᠰᠢ ᠵᠦ᠋ᠴᠦᠭᠡ ᠶᠢᠨ ᠲᠠᠪᠴᠠᠩ ᠳ᠋ᠥ ᠬᠢ 《 ᠴᠢ᠍ᠯᠦᠭᠡᠲᠦ ᠤᠷᠤᠰᠬᠠᠯ (乱弹 ) 》 ᠢ ᠪᠣᠢ ᠪᠣᠯᠭᠠᠭᠰᠠᠨ ᠭᠡᠳ᠋ᠡᠭ᠌ ᠃ ᠡᠨᠡ ᠬᠦ ᠤᠷᠤᠰᠬᠠᠯ ᠪᠦᠯᠦᠭ᠌ ᠨᠢ ᠬᠣᠵᠢ᠍ᠮ ᠤᠨ ᠪᠡᠭᠡᠵᠢ᠍ᠩ ᠰᠢ ᠶᠢᠨ ᠪᠣᠢ ᠪᠣᠯᠬᠤ ᠳᠤ ᠰᠢ᠍ᠭᠤᠳ ᠨᠥᠯᠥᠭᠡᠯᠡᠭ᠍ᠰᠡᠨ ᠪᠠᠢ᠌ᠨ᠎ᠠ ᠃ [ 28 ] ᠡᠢ᠌ᠮᠦᠷᠬᠦᠦ ᠰᠣᠶ‍ᠣᠯ ᠤᠷᠠᠯᠢ᠍ᠭ ᠤᠨ ᠬᠤᠪᠢᠰᠤᠯ ᠰᠢ᠍ᠨᠡᠴᠢ᠍ᠯᠡᠯ ᠨᠢ ᠠᠶᠠᠨᠳ᠋ᠠᠭᠠᠨ ᠬᠠᠷᠠᠴᠢ᠍ᠨ ᠣᠷᠣᠨ ᠤ ᠤᠷᠠᠯᠢ᠍ᠭ ᠤᠨ ᠤᠯᠠᠮᠵᠢ᠍ᠯᠠᠯ ᠢ ᠨᠥᠯᠥᠭᠡᠯᠡᠵᠦ ᠂ ᠬᠤᠭᠤᠷ ᠤᠨ ᠦᠯᠢ᠍ᠭᠡᠷ ᠭᠡᠬᠦ ᠮᠡᠲᠦ ᠰᠢ᠍ᠨ᠎ᠠ ᠤᠷᠠᠯᠢ᠍ᠭ ᠢ ᠪᠣᠢ ᠪᠣᠯᠭᠠᠬᠤ ᠪᠣᠯᠣᠮᠵᠢ ᠮᠠᠰᠢ ᠶᠡᠬᠡ ᠪᠠᠢ᠌ᠭᠰᠠᠨ ᠶᠤᠮ ᠃

4. ᠬᠠᠷᠠᠴᠢ᠍ᠨ ᠨᠤᠲᠤᠭ ᠲᠣ ᠤᠤᠯ ᠡᠴᠡ ᠲᠤᠤᠯᠢ ᠬᠢᠭᠡᠳ ᠬᠤᠭᠤᠷ ᠤᠨ ᠦᠯᠢ᠍ᠭᠡᠷ ᠵᠡᠷᠭᠡ ᠳᠠᠭᠤᠤᠷᠢ᠍ᠯᠢ᠍ᠭ ᠤᠨ ᠤᠷᠠᠯᠢ᠍ᠭ ᠲᠠᠷᠬᠠᠨ ᠤᠯᠠᠮᠵᠢ᠍ᠯᠠᠵᠤ ᠪᠠᠢ᠌ᠵᠠᠢ ᠃ ᠬᠠᠷᠠᠴᠢ᠍ᠨ ᠣᠷᠣᠨ ᠤ ᠤᠷᠢ᠍ᠶᠠᠩᠬᠠᠢ ᠬᠦᠮᠦᠰ ᠪᠣᠯ ᠡᠷᠲᠡᠨ ᠦ ᠣᠢ ᠶᠢᠨ ᠢᠷᠭᠡᠳ ᠡᠴᠡ ᠭᠠᠷᠤᠯᠲᠠᠢ ᠶᠤᠮ ᠃ ᠡᠷᠲᠡᠨ ᠦ ᠣᠢ ᠶᠢᠨ ᠢᠷᠭᠡᠳ ᠦᠨ ᠳᠤᠮᠳ᠋ᠠ ᠮᠣᠩᠭ᠋ᠣᠯ ᠲᠤᠤᠯᠢ ᠵᠡᠷᠭᠡ ᠳᠠᠭᠤᠤᠷᠢ᠍ᠯᠢ᠍ᠭ ᠤᠨ ᠤᠷᠠᠯᠢ᠍ᠭ ᠦᠷᠭᠡᠨ ᠶᠢᠡᠷ ᠤᠯᠠᠮᠵᠢ᠍ᠯᠠᠭᠳ᠋ᠠᠵᠤ ᠪᠠᠢ᠌ᠭᠰᠠᠨ ᠢ ᠣᠢ ᠶᠢᠨ ᠢᠷᠭᠡᠳ ᠦᠨ ᠬᠣᠢ᠌ᠴᠢ᠍ᠰ ᠤᠨ ᠳᠤᠮᠳ᠋ᠠ ᠡᠴᠡ ᠢᠯᠡᠷᠡᠭᠦᠯᠦᠨ ᠭᠡᠷᠡᠴᠢ᠍ᠯᠡᠵᠦ ᠪᠣᠯᠣᠨ᠎ᠠ ᠃ ᠥᠩᠭᠡᠷᠡᠭ᠍ᠰᠡᠨ ᠳ᠋ᠦ ᠬᠠᠷᠠᠴᠢ᠍ᠨ ᠨᠤᠲᠤᠭ ᠲᠣ ᠱᠣᠣᠰᠢ᠍ᠩᠭ᠋᠎ᠠ ᠂ ᠯᠠᠬᠠᠷᠤ ᠵᠡᠷᠭᠡ ᠲᠤᠤᠯᠢ᠍ᠴᠢ ᠪᠤᠶᠤ ᠬᠤᠭᠤᠷᠴᠢ ᠪᠠᠢ᠌ᠭᠰᠠᠨ ᠭᠡᠳ᠋ᠡᠭ᠌ ᠃ [ 29 ] ᠨᠡᠩ ᠴᠦ 20 ᠳ᠋ᠤᠭᠠᠷ ᠵᠠᠭᠤᠨ ᠤ ᠡᠬᠢᠨ ᠦᠶ᠎ᠠ ᠪᠡᠷ ᠰᠢ᠍ᠯᠢ ᠶᠢᠨ ᠭᠣᠣᠯ ᠦᠨ ᠦᠵᠦᠮᠦᠴᠢ᠍ᠨ ᠂ ᠴᠢ᠍ᠨᠠᠭᠰᠢ᠍ᠯᠠᠪᠠᠯ ᠠᠷᠤ ᠬᠠᠯᠬ᠎ᠠ ᠳ᠋ᠥ ᠬᠦᠷᠲᠡᠯ᠎ᠠ ᠠᠯᠳ᠋ᠠᠷᠰᠢ᠍ᠭᠰᠠᠨ ᠨᠡᠷᠡᠲᠦ ᠬᠤᠭᠤᠷᠴᠢ ᠰᠠᠮᠪᠤᠳ᠋ᠠᠰᠢ ᠴᠦ ᠬᠠᠷᠠᠴᠢ᠍ᠨ ᠨᠤᠲᠤᠭ ᠦᠨ ᠬᠦᠮᠦᠨ ᠪᠠᠢ᠌ᠵᠠᠢ ᠃ [ 30 ] 《 ᠡᠭᠦᠨ ᠡᠴᠡ ᠦᠵᠡᠪᠡᠯ ᠂ ᠬᠠᠷᠠᠴᠢ᠍ᠨ ᠨᠤᠲᠤᠭ ᠲᠣ ᠠᠯᠢ ᠬᠡᠳ᠋ᠦᠢ᠌ᠨ ᠡᠴᠡ ᠬᠤᠭᠤᠷᠴᠢ ᠪᠠ ᠬᠤᠭᠤᠷ ᠤᠨ ᠦᠯᠢ᠍ᠭᠡᠷ ᠲᠠᠷᠬᠠᠨ ᠤᠯᠠᠮᠵᠢ᠍ᠯᠠᠭᠳ᠋ᠠᠵᠤ ᠪᠠᠢ᠌ᠭᠰᠠᠨ ᠨᠢ ᠢᠯᠡᠬᠡᠨ ᠪᠠᠢ᠌ᠨ᠎ᠠ 》 ᠃ [ 31 ] ᠬᠠᠷᠠᠴᠢ᠍ᠨ ᠨᠤᠲᠤᠭ ᠲᠤ ᠣᠳ᠋ᠣ ᠪᠣᠯᠲᠠᠯ᠎ᠠ ᠬᠤᠭᠤᠷᠴᠢ ᠪᠠᠢ᠌ᠭᠰᠠᠨ ᠪᠦᠭᠡᠳ ᠬᠠᠷᠠᠴᠢ᠍ᠨ ᠮᠣᠩᠭ᠋ᠣᠯᠴᠤᠳ ᠣᠳ᠋ᠣ ᠪᠣᠯᠲᠠᠯ᠎ᠠ ᠬᠤᠭᠤᠷᠴᠢ ᠵᠠᠯᠠᠵᠤ ᠬᠤᠭᠤᠷ ᠤᠨ ᠦᠯᠢ᠍ᠭᠡᠷ ᠰᠣᠨᠣᠰᠳ᠋ᠠᠭ ᠪᠠᠢ᠌ᠭᠰᠠᠨ ᠶᠤᠮ ᠃ ᠳᠣᠷᠣᠩᠭ᠋᠎ᠠ ᠠᠪᠤᠭᠠᠢ ᠶᠢᠨ ᠥᠭᠦᠯᠡᠬᠦ ᠪᠠᠷ ᠴᠢ᠍ᠩ ᠤᠯᠤᠰ ᠤᠨ ᠦᠶ᠎ᠠ ᠶᠢᠨ ᠬᠠᠷᠠᠴᠢ᠍ᠨ ᠪᠠᠷᠠᠭᠤᠨ ᠬᠣᠰᠢ᠍ᠭᠤᠨ ᠤ ᠸᠠᠩ ᠤᠨ ᠣᠷᠳ᠋ᠣᠨ ᠤ ᠪᠡᠭᠡᠵᠢ᠍ᠩ ᠰᠢ ᠶᠢᠨ ᠪᠦᠯᠬᠦᠮ ᠳ᠋ᠦ ᠪᠤᠶᠠᠠᠢ᠌ᠪᠡᠭᠡᠯ ( ᠪᠠᠰᠠ ᠳᠣᠷᠵᠢ ᠬᠡᠮᠡᠳ᠋ᠡᠭ᠌ ) ᠨᠡᠷᠡᠲᠡᠢ ᠬᠤᠭᠤᠷᠴᠢ ᠪᠠᠢ᠌ᠵᠤ ᠂ ᠰᠢ ᠵᠦ᠋ᠴᠦᠭᠡ ᠶᠢᠨ ᠪᠦᠯᠬᠦᠮ ᠡᠴᠡ ᠪᠡᠨ ᠰᠠᠯᠤᠭᠰᠠᠨ ᠤ ᠳᠠᠷᠠᠭ᠎ᠠ 《 ᠬᠠᠷᠠᠴᠢ᠍ᠨ ᠨᠤᠲᠤᠭ ᠤᠨ ᠤᠳ᠋ᠤᠮᠰᠢ᠍ᠯᠲᠤ ᠤᠷᠠᠯᠢ᠍ᠭ 〈 ᠳᠠᠭᠤᠤᠯᠠᠢ 〉 ( ᠪᠠᠭᠠᠲᠤᠷ ᠤᠨ ᠲᠤᠤᠯᠢ ) ᠬᠠᠢ᠌ᠯᠠᠬᠤ ᠬᠤᠭᠤᠷ ᠤᠷᠠᠯᠢ᠍ᠭ ᠤᠨ ᠠᠵᠢ᠍ᠯ ᠳ᠋ᠥ ᠰᠢ᠍ᠮᠳ᠋ᠠᠭᠤ ᠣᠷᠣᠯᠳ᠋ᠤᠵᠠᠢ ᠃ ᠲᠡᠷᠡ ᠮᠣᠩᠭ᠋ᠣᠯ ᠂ ᠬᠢᠲᠠᠳ ᠂ ᠮᠠᠨᠵᠤ ᠬᠡᠳ᠋ᠦᠨ ᠬᠡᠯᠡ ᠶᠢᠨ ᠪᠢᠴᠢ᠍ᠭ᠌ ᠲᠡᠶ ᠲᠣᠯᠠ ᠬᠢᠲᠠᠳ ᠤᠨ ᠪᠦᠯᠦᠭ᠍ᠲᠦ ᠷᠣᠮᠠᠨ ᠢ ᠰᠢ᠍ᠭᠤᠳ ᠣᠷᠴᠢ᠍ᠭᠤᠯᠵᠤ ᠂ ᠮᠣᠩᠭ᠋ᠣᠯ ᠬᠤᠭᠤᠷ ᠤᠨ ᠦᠯᠢ᠍ᠭᠡᠷ ᠲᠣ ᠪᠠᠨ ᠵᠣᠬᠢᠷᠠᠭᠤᠯᠵᠤ 〈 ᠥᠭᠦᠯᠡᠬᠦ ᠬᠣᠯᠪᠤᠬᠤ 〉 ᠬᠣᠶᠠᠷ ᠢ ᠤᠯᠠᠮ ᠶᠢᠡᠷ ᠨᠠᠷᠢ᠍ᠨ ᠰᠠᠢ᠌ᠬᠠᠨ ᠤᠶᠠᠯᠳ᠋ᠤᠭᠤᠯᠤᠨ ᠦᠯᠢ᠍ᠭᠡᠷ ᠬᠣᠯᠪᠤᠭ᠎ᠠ ᠶᠠᠷᠢ᠍ᠬᠤ ᠶᠢᠨ ᠶᠠᠪᠤᠴᠠ ᠳ᠋ᠥ ᠂ ᠨᠤᠲᠤᠭ ᠤᠨ ᠣᠨᠴᠠ ᠬᠡᠯᠪᠡᠷᠢ ᠮᠠᠶ‍ᠢ᠍ᠭ ᠲᠡᠶ ᠲᠣᠭᠯᠠᠭᠴᠢ ᠬᠤᠭᠤᠷᠴᠢ ᠪᠣᠯᠵᠠᠢ ᠃ ᠡᠢ᠌ᠮᠦ ᠴᠦ ᠤᠴᠢ᠍ᠷ ᠡᠴᠡ ᠬᠠᠷᠠᠴᠢ᠍ᠨ ᠂ ᠣᠩᠨᠢ᠍ᠭᠤᠳ ᠂ ᠪᠠᠭᠠᠷᠢ᠍ᠨ ᠣᠷᠣᠨ ᠶᠢᠡᠷ ᠲᠡᠭᠦᠨ ᠦ ᠠᠯᠳ᠋ᠠᠷ ᠨᠡᠷ᠎ᠠ ᠶᠡᠬᠡ ᠪᠠᠷ ᠮᠠᠨᠳ᠋ᠤᠭᠰᠠᠨ 》 [ 32 ] ᠭᠡᠳ᠋ᠡᠭ᠌ ᠃ ᠣᠷᠴᠢ᠍ᠮᠬᠠᠨ ᠪᠣᠯᠲᠠᠯ᠎ᠠ ᠨᠢ᠍ᠩ ᠴᠸᠩ ᠰᠢ᠍ᠶᠠᠨ ᠳᠤ ᠹᠸᠩ ᠰᠢ᠍ᠶᠠᠩ ᠬᠤᠭᠤᠷᠴᠢ ( ᠬᠤᠸᠠᠩ ᠲᠢ᠍ᠩ ᠰᠢ᠍ᠶᠠᠨ ᠂ ᠼᠦ᠋ᠨ ᠵᠢᠨ ᠭ᠍ᠸᠦ ᠰᠢ᠍ᠶᠠᠩ ᠤᠨ ᠵᠡᠭᠦᠨ ᠬᠣᠷᠢ᠍ᠨᠭᠡᠷ ᠠᠢ᠌ᠯ ) ᠂ ᠬᠤᠸᠠᠩ ᠢᠤᠢ ᠯᠢ᠍ᠨ (ᠰᠠᠨ ᠽᠦ᠋ᠸᠸ ᠳ᠋ᠢ᠍ᠶᠠᠨ ᠰᠢ᠍ᠶᠠᠩ ᠤᠨ ᠵᠢᠨ ᠪᠣᠤ ᠭ᠍ᠸᠦ ᠠᠢ᠌ᠯ ) ᠵᠡᠷᠭᠡ ᠬᠤᠭᠤᠷᠴᠢ ᠪᠠᠢ᠌ᠵᠤ ᠂ ᠦᠷᠭᠦᠯᠵᠢ ᠠᠢ᠌ᠯ ᠡᠷᠦᠬᠡ ᠳ᠋ᠥ ᠵᠠᠯᠠᠭᠳ᠋ᠠᠨ ᠰᠦ᠋ᠢ ᠲᠨᠩ ᠦᠨ ᠦᠯᠢ᠍ᠭᠡᠷ ᠢ ᠶᠠᠷᠢ᠍ᠳ᠋ᠠᠭ ᠪᠠᠢ᠌ᠵᠠᠢ ᠃ [ 33 ] ᠡᠳ᠋ᠡᠭᠡᠷ ᠪᠠᠷᠢ᠍ᠮᠲᠠ ᠡᠴᠡ ᠬᠠᠷᠠᠴᠢ᠍ᠨ ᠨᠤᠲᠤᠭ ᠨᠢ ᠪᠠᠰᠠᠴᠤ ᠡᠷᠲᠡᠨ ᠡᠴᠡ ᠬᠤᠭᠤᠷ ᠤᠨ ᠦᠯᠢ᠍ᠭᠡᠷ ᠦᠨ ᠨᠤᠲᠤᠭ ᠪᠠᠢ᠌ᠭᠰᠠᠨ ᠢ ᠣᠢ᠌ᠯᠠᠭᠠᠵᠤ ᠪᠣᠯᠣᠨ᠎ᠠ ᠃ ᠵᠥᠪᠬᠡᠨ ᠰᠤᠳ᠋ᠤᠯᠤᠭᠴᠢ᠍ᠳ ᠬᠠᠷᠠᠬᠠᠨ ᠬᠠᠷᠠᠴᠢ᠍ᠨ ᠨᠤᠲᠤᠭ ᠤᠨ ᠬᠤᠭᠤᠷ ᠤᠨ ᠦᠯᠢ᠍ᠭᠡᠷ ᠦᠨ ᠲᠤᠬᠠᠢ ᠳᠡᠮᠡᠢ ᠶᠡᠬᠡ ᠠᠩᠬᠠᠷᠤᠯ ᠳᠤ ᠪᠡᠨ ᠠᠪᠴᠤ ᠠᠮᠵᠢ᠍ᠭᠠᠳ᠋ᠤᠢ ᠪᠠᠢ᠌ᠭᠰᠠᠭᠠᠷ ᠪᠢᠯᠡ ᠃


ᠳᠥᠷᠪᠡ    ᠳ᠋ᠦ᠋ᠩᠨᠡᠯᠲᠡ


1.ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠤ ᠠᠩᠬ᠎ᠠ ᠦᠶ᠎ᠠ ᠶᠢᠨ ᠲᠠᠷᠢ᠍ᠶᠠᠯᠠᠬᠤ ᠲᠤᠰᠬᠤᠨ ᠨᠢ ᠶᠠᠭᠤᠨ ᠤ ᠤᠷᠢ᠍ᠳ ᠬᠠᠷᠠᠴᠢ᠍ᠨ ᠨᠤᠲᠤᠭ ᠤᠨ ᠡᠮᠦᠨ᠎ᠠ ᠵᠠᠬ᠎ᠠ ᠪᠠᠷ ᠪᠣᠢ ᠪᠣᠯᠵᠤ ᠂ ᠲᠤᠬᠠᠢ ᠶᠢᠨ ᠣᠷᠣᠨ ᠤ ᠮᠣᠩᠭ᠋ᠣᠯᠴᠤᠳ ᠨᠢ ᠢᠳ᠋ᠡᠭ᠌ ᠢᠳ᠋ᠡᠭ᠌ ᠶᠢᠡᠷ ᠮᠠᠯᠴᠢ᠍ᠨ ᠡᠴᠡ ᠪᠠᠨ ᠲᠠᠷᠢ᠍ᠶᠠᠴᠢ᠍ᠨ ᠪᠤᠯᠵᠤ ᠬᠤᠪᠢᠷᠠᠨ ᠨᠡᠭᠦᠳ᠋ᠡᠯᠴᠢ᠍ᠨ ᠦ ᠰᠣᠶ‍ᠣᠯ ᠰᠡᠳᠬᠢᠴᠡ ᠨᠢ ᠠᠯᠭᠤᠷ ᠠᠭᠠᠵᠢ᠍ᠮ ᠶᠢᠡᠷ ᠰᠠᠭᠤᠷᠢ᠍ᠰᠢ᠍ᠯ ᠢᠷᠭᠡᠳ ᠦᠨ ᠰᠣᠶ‍ᠣᠯ ᠰᠡᠳᠬᠢᠴᠡ ᠵᠦ᠋ᠭ᠌ ᠲᠤ ᠰᠢ᠍ᠯᠵᠢ᠍ᠭ᠍ᠰᠡᠨ ᠪᠠᠢ᠌ᠨ᠎ᠠ ᠃ ᠡᠭᠦᠨ ᠦ ᠦᠷ᠎ᠠ ᠳ᠋ᠦ᠋ᠩ ᠳ᠋ᠥ ᠬᠠᠷᠠᠴᠢ᠍ᠨ ᠮᠣᠩᠭ᠋ᠣᠯᠴᠤᠳ ᠤᠨ ᠳᠣᠲᠣᠷᠠᠬᠢ ᠤᠷᠠᠯᠢ᠍ᠭ ᠤᠨ ᠰᠣᠨᠢ᠍ᠷᠬᠠᠭᠴᠢ᠍ᠳ ᠤᠨ ᠳᠣᠲᠣᠭᠠᠳ᠋ᠤ ᠬᠡᠪ ᠴᠢ᠍ᠨᠠᠷ ᠲᠣ ᠬᠤᠪᠢᠷᠠᠯᠲᠠ ᠭᠠᠷᠴᠤ ᠂ ᠰᠣᠨᠢ᠍ᠷᠬᠠᠭᠴᠢ ᠴᠣᠭᠴᠠ ᠶᠢᠨ ᠭᠤᠸ᠎ᠠ ᠰᠣᠨᠢ᠍ᠷᠬᠠᠯ ᠤᠨ ᠬᠤᠪᠢᠰᠤᠯ ᠨᠢ ᠠᠶᠠᠨᠳ᠋ᠠᠭᠠᠨ ᠬᠢᠲᠠᠳ ᠦᠨᠳ᠋ᠦᠰᠦᠲᠡᠨ ᠦ ᠰᠣᠶ‍ᠣᠯ ᠤᠷᠠᠯᠢ᠍ᠭ ᠲᠣ ᠨᠥᠯᠥᠭᠡᠯᠡᠭ᠍ᠳ᠋ᠡᠭ᠍ᠰᠡᠨ ᠮᠣᠩᠭ᠋ᠣᠯ ᠤᠷᠠᠯᠢ᠍ᠭᠴᠢ᠍ᠳ ᠤᠨ ᠰᠢ᠍ᠨ᠎ᠠ ᠰᠦ᠋ᠪᠡᠭ᠍ᠴᠢ᠍ᠯᠡᠯ ᠢ ᠡᠳ᠋ᠦᠨ ᠭᠠᠷᠭᠠᠵᠤ ᠂ ᠮᠣᠩᠭ᠋ᠣᠯ ᠬᠢᠲᠠᠳ ᠦᠨᠳ᠋ᠦᠰᠦᠲᠡᠨ ᠦ ᠰᠣᠶ‍ᠣᠯ ᠤᠷᠠᠯᠢ᠍ᠭ ᠤᠨ ᠰᠣᠯᠢ᠍ᠯᠴᠠᠭᠠᠨ ᠤ ᠰᠠᠭᠤᠷᠢ ᠳᠡᠭᠡᠷ᠎ᠠ ᠬᠤᠭᠤᠷ ᠤᠨ ᠦᠯᠢ᠍ᠭᠡᠷ ᠬᠡᠮᠡᠬᠦ ᠰᠢ᠍ᠨ᠎ᠠ ᠨᠢ᠍ᠭᠡᠨ ᠳᠠᠭᠤᠤᠷᠢ᠍ᠯᠢ᠍ᠭ ᠤᠨ ᠤᠷᠠᠯᠢ᠍ᠭ ᠮᠡᠨᠳ᠋ᠦᠯᠡᠭ᠍ᠰᠡᠨ ᠠᠵᠢ ᠃

2.ᠦᠪᠦᠷ ᠮᠣᠩᠭ᠋ᠣᠯ ᠤᠨ ᠵᠡᠭᠦᠨ ᠬᠡᠰᠡᠭ᠌ ᠣᠷᠣᠨ ᠳᠤ ᠬᠢ ᠠᠩᠬᠠᠨ ᠦᠶ᠎ᠠ ᠶᠢᠨ ᠲᠠᠷᠢ᠍ᠶᠠᠯᠠᠬᠤ ᠲᠤᠰᠬᠤᠨ ᠨᠢ ᠡᠶᠡᠪᠡᠷ ᠵᠠᠰᠠᠭᠴᠢ ᠶᠢᠨ ᠡᠬᠢᠨ ᠤ ᠵᠢᠯ ᠨᠤᠭᠦᠳ ᠶᠢᠡᠷ ᠡᠭᠦᠰᠦᠨ ᠂ ᠡᠩᠬᠡ ᠠᠮᠤᠭᠤᠯᠠᠩ ᠤᠨ ᠳᠤᠮᠳ᠋ᠠᠴᠢ ᠦᠶ᠎ᠠ ᠪᠡᠷ ᠬᠠᠷᠠᠴᠢ᠍ᠨ ᠨᠤᠲᠤᠭ ᠤᠨ ᠡᠮᠦᠨ᠎ᠠ ᠪᠡᠶ᠎ᠠ ᠪᠡᠷ ᠪᠦᠷᠢ᠍ᠯᠳ᠋ᠦᠭ᠍ᠰᠡᠨ ᠪᠠᠢ᠌ᠨ᠎ᠠ ᠃ ᠲᠠᠷᠤᠢ 17 ᠳ᠋ᠤᠭᠠᠷ ᠵᠠᠭᠤᠨ ᠤ ᠡᠬᠢᠨ ᠬᠠᠭᠠᠰ ᠶᠢᠡᠷ ᠡᠭᠦᠰᠦᠨ ᠂ 17 ᠳ᠋ᠤᠭᠠᠷ ᠵᠠᠭᠤᠨ ᠤ ᠰᠡᠭᠦᠯᠴᠢ ᠶᠢᠨ ᠦᠶ᠎ᠠ ᠪᠡᠷ ᠬᠠᠷᠠᠴᠢ᠍ᠨ ᠨᠤᠲᠤᠭ ᠤᠨ ᠡᠮᠦᠨ᠎ᠠ ᠬᠡᠰᠡᠭ᠌ ᠲᠤ ᠲᠣᠭᠲᠠᠪᠤᠷᠢ᠍ᠵᠢ᠍ᠨ ᠪᠦᠷᠢ᠍ᠯᠳ᠋ᠦᠭ᠍ᠰᠡᠨ ᠪᠠᠢ᠌ᠨ᠎ᠠ ᠃ ᠡᠭᠦᠨ ᠡᠴᠡ ᠲᠦ᠋ᠯᠬᠢᠨ ᠮᠠᠭᠠᠳᠯᠠᠪᠠᠯ ᠂ ᠬᠤᠭᠤᠷ ᠤᠨ ᠦᠯᠢ᠍ᠭᠡᠷ ᠨᠢ ᠬᠠᠷᠠᠴᠢ᠍ᠨ ᠤ ᠲᠠᠷᠢ᠍ᠶᠠᠯᠠᠬᠤ ᠲᠤᠰᠬᠤᠨ ᠪᠦᠷᠢ᠍ᠯᠳ᠋ᠦᠨ ᠲᠣᠭᠲᠠᠪᠤᠷᠢ᠍ᠵᠢ᠍ᠭᠰᠠᠨ ᠤ ᠳᠠᠷᠠᠭᠠᠬᠢ 17 ᠳ᠋ᠤᠭᠠᠷ ᠵᠠᠭᠤᠨ ᠤ ᠰᠡᠭᠦᠯᠴᠢ 18 ᠳ᠋ᠤᠭᠠᠷ ᠵᠠᠭᠤᠨ ᠤ ᠡᠬᠢᠨ ᠦᠶ᠎ᠠ ᠪᠠᠷ ᠬᠠᠷᠠᠴᠢ᠍ᠨ ᠨᠤᠲᠤᠭ ᠲᠤ ᠡᠬᠢᠯᠡᠨ ᠡᠭᠦᠰᠴᠦ ᠂ ᠲᠡᠭ᠍ᠷᠢ ᠲᠡᠳᠭᠦᠭ᠍ᠴᠢ ᠶᠢᠨ ᠰᠡᠭᠦᠯᠴᠢ ᠶᠢᠨ ᠦᠶ᠎ᠠ ᠪᠠᠷ ( 18 ᠳ᠋ᠤᠭᠠᠷ ᠵᠠᠭᠤᠨ ᠤ ᠰᠡᠭᠦᠯᠴᠢ ) ᠪᠦᠷᠢ᠍ᠯᠳ᠋ᠦᠨ ᠲᠣᠭᠲᠠᠭᠰᠠᠨ ᠪᠣᠯᠣᠮᠵᠢ ᠲᠡᠶ ᠃ ᠢᠩᠭᠢᠵᠤ ᠦᠵᠡᠬᠦ ᠶᠢᠨ ᠦᠨᠳ᠋ᠦᠰᠦᠯᠡᠯ ᠨᠢ ᠂ ᠲᠡᠭ᠍ᠷᠢ ᠲᠡᠳᠭᠦᠭ᠍ᠴᠢ ᠬᠠᠭᠠᠨ ᠤ ᠲᠦ᠋ᠴᠢ᠍ᠨ ᠲᠠᠪᠤᠳ᠋ᠤᠭᠠᠷ ᠣᠨ ( 1781 ᠣᠨ ) ᠤ᠋ ᠨᠠᠢ᠍ᠮᠠᠳ᠋ᠤᠭᠠᠷ ᠰᠠᠷᠠᠢ᠌ᠨ ᠠᠷᠪᠠᠨ ᠭᠤᠷᠪᠠᠨ ᠤ ᠡᠳ᠋ᠦᠷ ᠂ ᠬᠠᠭᠠᠨ ᠤ 70 ᠨᠠᠰᠤᠨ ᠤ 《 ᠲᠦ᠋ᠮᠡᠨ ᠦᠯᠵᠡᠢ᠌ᠲᠦ ᠶᠢᠨ ᠪᠠᠶᠠᠷ 》 ᠲᠣ ᠴᠸᠩᠳ᠋ᠸ ᠬᠣᠲᠠ ᠶᠢᠨ ᠬᠠᠭᠠᠨ ᠤ ᠵᠣᠰᠠᠯᠠᠩ ᠤᠨ ᠣᠷᠳ᠋ᠣᠨ ᠳᠤ ᠶᠠᠪᠤᠭᠳ᠋ᠠᠭᠰᠠᠨ 《 ᠮᠣᠩᠭ᠋ᠣᠯ ᠬᠣᠰᠢ᠍ᠭᠤᠳ ᠤᠨ ᠠᠷᠪᠠᠨ ᠨᠠᠢ᠍ᠮᠠᠨ ᠠᠩᠭᠢ 》 ᠶᠢᠨ ᠲᠣᠭᠯᠠᠯᠲᠠ ᠨᠢ ᠬᠠᠭᠠᠨ ᠤ ᠦᠨᠡᠯᠡᠯᠲᠡ ᠱᠠᠩᠨᠠᠯ ᠢ ᠣᠯᠵᠤ ᠂ ᠤᠯᠤᠰ ᠳᠠᠶᠠᠭᠠᠷ ᠲᠤ ᠠᠯᠳ᠋ᠠᠷᠰᠢ᠍ᠨ 《 ᠴᠢ᠍ᠯᠦᠭᠡᠲᠦ ᠲᠣᠭᠯᠠᠯᠲᠠ 》 ᠬᠡᠮᠡᠬᠦ ᠴᠣᠯᠠ ᠣᠯᠣᠭᠰᠠᠨ [ 34 ] ᠵᠡᠷᠭᠡ ᠲᠡᠶ ᠬᠣᠯᠪᠣᠭ᠎ᠠ ᠲᠡᠶ ᠪᠣᠯᠪᠠᠤ ᠬᠡᠮᠡᠨ ᠮᠠᠭᠠᠳᠯᠠᠵᠤ ᠪᠠᠢ᠌ᠨ᠎ᠠ ᠃ ᠤᠴᠢ᠍ᠷ ᠨᠢ ᠡᠨᠡ ᠦᠶ᠎ᠠ ᠡᠴᠡ ᠮᠣᠩᠭ᠋ᠣᠯ ᠬᠣᠰᠢ᠍ᠭᠤᠳ ᠤᠨ ᠤᠷᠠᠯᠢ᠍ᠭ ᠤᠨ ᠠᠵᠢ᠍ᠯᠯᠠᠭ᠎ᠠ ᠨᠢ ᠤᠯᠤᠰ ᠤᠨ ᠬᠠᠮᠤᠭ ᠳᠡᠭᠡᠳ᠋ᠦ ᠨᠣᠶᠠᠷᠬᠠᠭᠴᠢ᠍ᠳ ᠤᠨ ᠦᠨᠡᠯᠡᠯᠲᠡ ᠶᠢ ᠣᠯᠵᠤ ᠂ ᠲᠥᠷᠦ ᠭᠦᠷᠦᠨ ᠦ ᠲᠡᠮᠵᠢ᠍ᠯᠭᠡ ᠲᠡᠶ ᠪᠠᠷ ᠥᠷᠨᠢ᠍ᠩᠭᠦᠢ ᠬᠦᠭ᠍ᠵᠢ᠍ᠯ ᠢ᠍ᠶ᠍ᠡᠨ ᠣᠯᠣᠭᠰᠠᠨ ᠪᠠᠢ᠌ᠨ᠎ᠠ ᠃ ᠢᠯᠠᠩᠭ᠋ᠤᠶ᠎ᠠ ᠲᠡᠭᠦᠨ ᠡᠴᠡ ᠬᠣᠢ᠌ᠰᠢ ᠬᠠᠷᠠᠴᠢ᠍ᠨ ᠂ ᠲᠦ᠋ᠮᠡᠳ ᠂ ᠪᠠᠭᠠᠷᠢ᠍ᠨ ᠤ ᠰᠢ ᠵᠦ᠋ᠴᠦᠭᠡ ᠂ ᠳᠠᠭᠣᠯᠠᠯᠲᠤ ᠤᠷᠠᠯᠢ᠍ᠭ ᠤᠨ ᠠᠵᠢ᠍ᠯᠯᠠᠭ᠎ᠠ ᠨᠢ ᠪᠦᠷ ᠴᠦ ᠬᠠᠮᠤᠭ ᠥᠷᠨᠢ᠍ᠩᠭᠦᠢ ᠱᠠᠳ᠋ᠤᠨ ᠳᠤ ᠪᠠᠨ ᠣᠷᠣᠵᠤ ᠂ ᠣᠯᠠᠨ ᠤᠳ᠋ᠠᠭ᠎ᠠ ᠬᠠᠭᠠᠨ ᠤ ᠵᠣᠰᠠᠯᠠᠩ ᠤᠨ ᠣᠷᠳ᠋ᠣ ᠂ ᠪᠡᠭᠡᠵᠢ᠍ᠩ ᠦᠨ ᠬᠠᠭᠠᠨ ᠣᠷᠳ᠋ᠣ ᠂ ᠡᠰᠡᠬᠦᠯ᠎ᠠ ᠮᠦ᠋ᠭ᠍ᠳ᠋ᠡᠨ ᠦ ᠬᠠᠭᠠᠨ ᠣᠷᠳ᠋ᠣ ᠵᠡᠷᠭᠡ ᠪᠦᠬᠦ ᠤᠯᠤᠰ ᠤᠨ ᠣᠯᠠᠨ ᠭᠠᠵᠠᠷ ᠲᠣ ᠲᠣᠭᠯᠠᠯᠲᠠ ᠭᠠᠷᠭᠠᠵᠤ ᠶᠠᠪᠤᠵᠠᠢ ᠃ ᠬᠤᠭᠤᠷ ᠤᠨ ᠦᠯᠢ᠍ᠭᠡᠷ ᠨᠢ ᠴᠦ ᠡᠨᠡ ᠬᠦ ᠰᠠᠯᠬᠢ ᠶᠢ ᠵᠢᠭᠡᠯᠡᠨ ᠪᠦᠷᠢ᠍ᠯᠳ᠋ᠦᠯ ᠲᠣᠭᠲᠠᠨᠢ᠍ᠯ ᠶᠢᠡᠨ ᠪᠡᠶᠡᠯᠡᠭᠦᠯᠦᠭ᠍ᠰᠡᠨ ᠪᠣᠯᠣᠮᠵᠢ ᠲᠡᠶ ᠪᠢᠯᠡ ᠃

3.ᠮᠣᠩᠭ᠋ᠣᠯ ᠨᠤᠲᠤᠭ ᠤᠨ ᠡᠮᠦᠨ᠎ᠠ ᠡᠭᠦᠳ᠋ᠡ ᠪᠠᠢ᠌ᠭᠰᠠᠨ ᠣᠨᠴᠣᠭᠤᠢ ᠭᠠᠵᠠᠷ ᠤᠨ ᠪᠠᠢ᠌ᠷᠢ ᠂ ᠬᠠᠭᠠᠨ ᠣᠷᠳ᠋ᠣ ᠲᠡᠶ ᠣᠢ᠌ᠷ᠎ᠠ ᠵᠡᠷᠭᠡᠯᠡᠳ᠋ᠡᠭᠡ ᠰᠠᠭᠤᠭᠰᠠᠨ ᠮᠥᠷᠲᠡᠭᠡᠨ ᠬᠠᠭᠠᠨ ᠤᠭᠰᠠᠭ᠎ᠠ ᠲᠡᠶ ᠣᠯᠠᠨᠲᠠ ᠤᠷᠤᠭᠴᠠᠭᠠᠭᠰᠠᠨ ᠤ ᠬᠠᠷᠠᠭ᠎ᠠ ᠪᠠᠷ ᠣᠷᠳ᠋ᠣᠨ ᠤ ᠨᠠᠢ᠌ᠷ ᠬᠤᠷᠢ᠍ᠮ ᠤᠨ ᠤᠷᠠᠯᠢ᠍ᠭ ᠤᠨ ᠰᠣᠶ‍ᠣᠯ ᠳ᠋ᠥ ᠭᠦᠨ ᠨᠥᠯᠥᠭᠡᠯᠡᠭ᠍ᠳ᠋ᠡᠭ᠍ᠰᠡᠨ ᠂ ᠬᠠᠷᠠᠴᠢ᠍ᠨ ᠨᠤᠲᠤᠭ ᠤᠤᠯ ᠡᠴᠡ ᠦᠯᠢ᠍ᠭᠡᠷ ᠲᠤᠤᠯᠢ ᠶᠢᠨ ᠤᠷᠠᠯᠢ᠍ᠭ ᠤᠨ ᠤᠳ᠋ᠤᠮᠰᠢ᠍ᠯ ᠶᠢᠡᠷ ᠭᠦᠨ ᠪᠠᠢ᠌ᠭᠰᠠᠨ ᠪᠥᠭᠡᠳ ᠣᠳ᠋ᠣᠬᠠᠨ ᠪᠣᠯᠲᠠᠯ᠎ᠠ ᠬᠤᠭᠤᠷ ᠤᠨ ᠦᠯᠢ᠍ᠭᠡᠷ ᠤᠯᠠᠮᠵᠢ᠍ᠯᠠᠭᠳ᠋ᠠᠨ ᠲᠠᠷᠬᠠᠵᠤ ᠪᠠᠢ᠌ᠭᠰᠠᠨ ᠵᠡᠷᠭᠡ ᠨᠢ ᠬᠠᠷᠠᠴᠢ᠍ᠨ ᠨᠤᠲᠤᠭ ᠲᠣ ᠬᠤᠭᠤᠷ ᠤᠨ ᠦᠯᠢ᠍ᠭᠡᠷ ᠠᠩᠬ᠎ᠠ ᠡᠭᠦᠰᠬᠦ ᠨᠥᠬᠥᠴᠡᠯ ᠪᠣᠯᠣᠮᠵᠢ ᠶᠢ ᠳᠠᠪᠬᠤᠷ ᠪᠠᠲᠤᠯᠠᠵᠤ ᠪᠠᠢ᠌ᠨ᠎ᠠ ᠃

4. ᠬᠤᠭᠤᠷ ᠤᠨ ᠦᠯᠢ᠍ᠭᠡᠷ ᠨᠢ ᠬᠠᠷᠠᠴᠢ᠍ᠨ ᠨᠤᠲᠤᠭ ᠲᠣ ᠠᠩᠬ᠎ᠠ ᠡᠭᠦᠰᠦᠭ᠍ᠰᠡᠨ ᠦ ᠳᠠᠷᠠᠭ᠎ᠠ ᠂ ᠤᠮᠠᠷᠠᠰᠢ ᠴᠢ᠍ᠭᠯᠡᠯ ᠶᠢᠡᠷ ᠨᠡᠢ᠌ᠲᠡ ᠬᠣᠶᠠᠷᠲᠠ ᠨᠡᠭᠦᠳ᠋ᠡᠯᠡᠯᠲᠡ ᠬᠢᠵᠤ ᠪᠠᠢ᠌ᠨ᠎ᠠ ᠃ ᠠᠩᠬ᠎ᠠ ᠤᠳ᠋ᠠᠭᠠᠨ ᠤ ᠨᠡᠭᠦᠳ᠋ᠡᠯᠡᠯᠲᠡ ᠶᠢᠨ ᠱᠤᠭᠤᠮ ᠨᠢ ᠲᠦ᠋ᠮᠡᠳ ᠮᠣᠩᠭ᠋ᠣᠯᠵᠢ᠍ᠨ ᠵᠦ᠋ᠭ᠌ ᠴᠢ᠍ᠭᠯᠡᠵᠦ ᠂ 1847 ᠣᠨ ᠡᠴᠡ ᠡᠮᠦᠨ᠎ᠠ ᠨᠢ᠍ᠭᠡᠨᠲᠡ ᠵᠣᠬᠢᠶᠠᠭᠳ᠋ᠠᠭᠰᠠᠨ 《 ᠤᠯᠠᠭᠠᠨ᠎ᠠ ᠣᠬᠢᠯᠠᠬᠤ ᠲᠢ᠍ᠩᠬᠢᠮ 》 ᠳ᠋ᠦ 《 ᠰᠣᠬᠤᠷ ᠬᠤᠭᠤᠷᠴᠢ ᠶᠢ ᠰᠠᠭᠤᠯᠭᠠᠨ ᠦᠯᠢ᠍ᠭᠡᠷ ᠬᠡᠯᠡᠭᠦᠯᠬᠦ 》 ᠭᠡᠬᠦ ᠮᠡᠲᠦ ᠪᠡᠷ ᠠᠩᠬ᠎ᠠ ᠤᠳ᠋ᠠᠭ᠎ᠠ ᠪᠢᠴᠢ᠍ᠭ᠌ ᠲᠤ ᠲᠡᠮᠳ᠋ᠡᠭᠯᠡᠭ᠍ᠳ᠋ᠡᠨ ᠣᠯᠠᠨ ᠨᠡᠢ᠌ᠲᠡ ᠳ᠋ᠦ ᠮᠡᠳ᠋ᠡᠷᠡᠭ᠍ᠳ᠋ᠡᠭ᠍ᠰᠡᠨ ᠪᠠᠢ᠌ᠨ᠎ᠠ ᠃ ᠮᠣᠩᠭ᠋ᠣᠯᠵᠢ᠍ᠨ ᠭᠡᠭᠡᠨ ᠰᠦ᠋ᠮ᠎ᠠ ᠤᠷᠴᠢ᠍ᠮ ᠶᠢᠡᠷ ᠤᠯᠠᠮᠵᠢ᠍ᠯᠠᠭᠳ᠋ᠠᠵᠤ ᠪᠠᠢ᠌ᠭᠰᠠᠨ ᠵᠣᠬᠢᠶᠠᠭᠴᠢ ᠨᠢ ᠡᠰᠡ ᠮᠡᠳ᠋ᠡᠭ᠍ᠳ᠋ᠡᠬᠦ 《 ᠲᠠᠪᠤᠨ ᠵᠤᠸᠠᠨ 》 ᠪᠣᠯ ᠬᠤᠭᠤᠷ ᠤᠨ ᠦᠯᠢ᠍ᠭᠡᠷ ᠦᠨ ᠬᠥᠭ᠍ᠵᠢ᠍ᠯ ᠤᠨ ᠪᠣᠯᠪᠠᠰᠤᠷᠠᠩᠭ᠋ᠤᠢ ᠱᠠᠲᠤ ᠶᠢ ᠲᠡᠮᠳ᠋ᠡᠭᠯᠡᠭ᠍ᠰᠡᠨ ᠪᠦᠲᠦᠭᠡᠯ ᠪᠣᠯᠣᠨ᠎ᠠ ᠃ 《 ᠤᠯᠠᠭᠠᠨ᠎ᠠ ᠣᠬᠢᠯᠠᠬᠤ ᠲᠢ᠍ᠩᠬᠢᠮ 》 ᠤ᠋ᠨ ᠲᠡᠮᠳ᠋ᠡᠭᠯᠡᠯ ᠂ 《 ᠲᠠᠪᠤᠨ ᠵᠤᠸᠠᠨ 》 ᠤ᠋ ᠳᠡᠯᠭᠡᠷᠡᠯ ᠂ ᠮᠣᠩᠭ᠋ᠣᠯᠵᠢ᠍ᠨ ᠭᠡᠭᠡᠨ ᠰᠦ᠋ᠮ᠎ᠠ ᠣᠷᠴᠢ᠍ᠮ ᠶᠡᠬᠡ ᠬᠤᠭᠤᠷᠴᠢ ᠳ᠋ᠠᠨᠽᠠᠨᠨᠢ᠍ᠮ᠎ᠠ ( 1810 ᠊1889 ) ᠮᠡᠨᠳ᠋ᠦᠯᠡᠭ᠍ᠰᠡᠨ ᠵᠡᠷᠭᠡ ᠲᠡᠶ ᠤᠶᠠᠯᠳ᠋ᠤᠭᠤᠯᠤᠭᠠᠳ ᠦᠵᠡᠪᠡᠯ ᠂ 19 ᠵᠠᠭᠤᠨ ᠤ ᠡᠬᠢ ᠳᠤᠮᠳ᠋ᠠᠴᠢ ᠦᠶ᠎ᠠ ᠪᠣᠯ ᠬᠤᠭᠤᠷ ᠤᠨ ᠦᠯᠢ᠍ᠭᠡᠷ ᠦᠨ ᠬᠥᠭ᠍ᠵᠢ᠍ᠯ ᠦᠨ ᠲᠡᠦᠬᠡᠨ ᠳ᠋ᠥ ᠬᠢ ᠠᠩᠬᠠᠳ᠋ᠡᠬᠢ ᠣᠷᠭᠢᠯ ᠦᠶ᠎ᠠ ᠪᠣᠯᠣᠨ᠎ᠠ ᠃ ᠡᠨᠡ ᠬᠦ ᠬᠥᠭ᠍ᠵᠢ᠍ᠯ ᠦᠨ ᠲᠥᠪ ᠨᠢ ᠮᠣᠩᠭ᠋ᠣᠯᠵᠢ᠍ᠨ ᠣᠷᠣᠨ ᠪᠠᠢ᠌ᠵᠠᠢ ᠃ ᠬᠤᠭᠤᠷ ᠤᠨ ᠦᠯᠢ᠍ᠭᠡᠷ ᠦᠨ ᠬᠣᠶᠠᠳ᠋ᠤᠭᠠᠷ ᠤᠳ᠋ᠠᠭᠠᠨ ᠤ ᠨᠡᠭᠦᠳ᠋ᠡᠯᠡᠯᠲᠡ ᠨᠢ ᠤᠮᠠᠷᠠᠰᠢ ᠴᠢ᠍ᠭᠯᠡᠯ ᠶᠢᠡᠷ ᠬᠤᠷᠴᠢ᠍ᠨ ᠨᠤᠲᠤᠭ ᠵᠦ᠋ᠭ᠌ ᠨᠡᠭᠦᠭ᠍ᠰᠡᠨ ᠶᠠᠪᠤᠳ᠋ᠠᠯ ᠪᠣᠯᠣᠨ᠎ᠠ ᠃ ᠡᠨᠡ ᠨᠢ ᠪᠠᠷᠤᠭ 19 ᠳ᠋ᠦᠭᠡᠷ ᠵᠠᠭᠤᠨ ᠤ ᠡᠬᠢ ᠳᠤᠮᠳ᠋ᠠᠴᠢ ᠡᠴᠡ ᠡᠬᠢᠯᠡᠵᠦ ᠂ 20 ᠳ᠋ᠤᠭᠠᠷ ᠵᠠᠭᠤᠨ ᠤ ᠡᠬᠢ ᠪᠣᠯᠲᠠᠯ᠎ᠠ ᠵᠠᠭᠤᠨ ᠵᠢᠯ ᠰᠢ᠍ᠬᠠᠮ ᠦᠨ ᠬᠤᠭᠤᠴᠠᠭ᠎ᠠ ᠲᠡᠶ ᠶᠠᠪᠤᠭᠳ᠋ᠠᠭᠰᠠᠨ ᠪᠠᠢ᠌ᠨ᠎ᠠ ᠃ ᠡᠨᠡ ᠶᠡᠬᠡ ᠨᠡᠭᠦᠳ᠋ᠡᠯᠡᠯᠲᠡ ᠶᠢᠨ ᠦᠷ᠎ᠠ ᠳ᠋ᠦ᠋ᠩ ᠳ᠋ᠦ ᠬᠤᠭᠤᠷ ᠤᠨ ᠦᠯᠢ᠍ᠭᠡᠷ ᠦᠨ ᠬᠥᠭ᠍ᠵᠢ᠍ᠯ ᠦᠨ ᠲᠡᠦᠬᠡᠨ ᠳ᠋ᠥ ᠬᠢ ᠬᠤᠶᠠᠳ᠋ᠠᠬᠢ ᠣᠷᠭᠢᠯ ᠨᠢ 20 ᠳ᠋ᠤᠭᠠᠷ ᠵᠠᠭᠤᠨ ᠤ ᠳᠤᠮᠳ᠋ᠠᠴᠢ ᠡᠷᠢ᠍ᠨ ᠶᠢᠡᠷ ᠬᠤᠷᠴᠢ᠍ᠨ ᠊ ᠵᠠᠷᠤᠳ ᠨᠤᠲᠤᠭ ᠶᠢᠡᠷ ᠲᠥᠪ ᠪᠣᠯᠭᠠᠨ ᠥᠷᠨᠢ᠍ᠭ᠍ᠰᠡᠨ ᠪᠠᠢ᠌ᠨ᠎ᠠ ᠃


ᠵᠡᠭᠦᠯᠲᠡ

[ 1 ] ᠴᠣᠭᠲᠤ · ᠬᠤᠭᠤᠷ ᠤᠨ ᠦᠯᠢ᠍ᠭᠡᠷ ᠦᠨ ᠰᠤᠳ᠋ᠤᠯᠤᠯ [ M ] · ᠦᠨᠳ᠋ᠦᠰᠦᠲᠡᠨ ᠦ ᠬᠡᠪᠯᠡᠯ ᠦᠨ ᠬᠣᠷᠢ᠍ᠶ᠎ᠠ ᠂ 2002. 63

[ 2 ] 博特乐图·胡尔奇:科尔沁地方传统中的说唱艺人及其音乐[ M ] ·上海音乐学院出版社,2007. 63—72. 33

[ 3 ] [ 24 ] [ 31 ] ᠪᠤᠣ ᠵᠢᠨ ᠭᠠᠩ · ᠬᠤᠭᠤᠷ ᠤᠨ ᠤ ᠦᠯᠢ᠍ᠭᠡᠷ ᠦᠨ ᠡᠭᠦᠰᠦᠯ ᠦᠨ ᠭᠠᠵᠠᠷ ᠣᠷᠣᠨ ᠤ ᠲᠤᠬᠠᠢ [ J ] · ᠦᠪᠦᠷ ᠮᠣᠩᠭ᠋ᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠡᠷᠳ᠋ᠡᠮ ᠰᠢ᠍ᠨᠵᠢ᠍ᠯᠡᠭᠡᠨ ᠦ ᠰᠡᠳᠭᠦᠯ ᠂ 2013. ( 2 )

[ 4 ] [ 5 ]乌凤丽·喀左蒙古族的来源及喀喇沁左翼旗的形成[ J ] ·满族研究,2004.(2)

[ 6 ]乌成荫·乌梁海部落史[ M ] ·内蒙古文化出版社,2009.20

[ 7 ]特克寒·热河蒙古族的历史变迁[ J ] ·黑龙江民族丛刊,2005.(2)

[ 8 ] 《明英宗实录 》 [ M ] ·景泰六年正月。 ᠦᠷᠡᠲᠣᠭᠲᠠᠬᠤ ᠂ ᠭᠡᠷᠡᠯᠴᠡᠴᠡᠭ᠌ ᠦᠨ 》 ᠮᠣᠩᠭ᠋ᠣᠯ ᠤᠨ ᠲᠠᠷᠢ᠍ᠶᠠᠯᠠᠩ ᠠᠵᠤ ᠠᠬᠤᠢ ᠬᠢᠭᠡᠳ ᠲᠡᠭᠦᠨ ᠦ ᠬᠤᠪᠢᠷᠠᠯᠲᠠ 》 ᠭᠡᠬᠦ ᠨᠣᠮ ᠡᠴᠡ ᠳᠠᠮ ᠡᠰᠢ᠍ᠯᠡᠪᠡ ᠂ ᠦᠨᠳ᠋ᠦᠰᠦᠲᠡᠨ ᠦ ᠬᠡᠪᠯᠡᠯ ᠦᠨ ᠬᠣᠷᠢ᠍ᠶ᠎ᠠ ᠂ 2012 ᠣᠨ ᠃

[ 9 ] ᠦᠷᠡᠲᠣᠭᠲᠠᠬᠤ ᠂ ᠭᠡᠷᠡᠯᠴᠡᠴᠡᠭ᠌ · ᠮᠣᠩᠭ᠋ᠣᠯ ᠤᠨ ᠲᠠᠷᠢ᠍ᠶᠠᠯᠠᠩ ᠠᠵᠤ ᠠᠬᠤᠢ ᠬᠢᠭᠡᠳ ᠲᠡᠭᠦᠨ ᠦ ᠬᠤᠪᠢᠷᠠᠯᠲᠠ [ M ] · ᠦᠨᠳ᠋ᠦᠰᠦᠲᠡᠨ ᠦ ᠬᠡᠪᠯᠡᠯ ᠦᠨ ᠬᠣᠷᠢ᠍ᠶ᠎ᠠ ᠂ 2012. 69

[ 10 ] ᠦᠪᠦᠷ ᠮᠣᠩᠭ᠋ᠣᠯ ᠤᠨ ᠳᠠᠩᠰᠠ ᠡᠪᠬᠡᠮᠡᠯ ᠦᠨ ᠭᠠᠵᠠᠷ ᠬᠠᠳ᠋ᠠᠭᠠᠯᠠᠭᠳ᠋ᠠᠵᠤ ᠪᠠᠢ᠌ᠭ᠎ᠠ ᠬᠠᠷᠠᠴᠢ᠍ᠨ ᠵᠡᠭᠦᠨ ᠬᠣᠰᠢ᠍ᠭᠤᠨ ᠤ ᠳᠠᠩᠰᠠ ᠂ ᠡᠪᠬᠡᠮᠡᠯ ᠦᠨ 3082 ᠳ᠋ᠤᠭᠠᠷ ᠃ ᠰᠡᠴᠡᠨ · ᠴᠢ᠍ᠩ ᠤᠯᠤᠰ ᠤᠨ ᠦᠶ᠎ᠠ ᠶᠢᠨ ᠬᠠᠷᠠᠴᠢ᠍ᠨ ᠵᠡᠭᠦᠨ ᠬᠣᠰᠢ᠍ᠭᠤᠨ ᠤ ᠵᠠᠰᠠᠭ ᠶᠠᠮᠤᠨ ᠤ ᠮᠣᠩᠭ᠋ᠣᠯ ᠪᠢᠴᠢ᠍ᠭ᠌ ᠦᠨ ᠳᠠᠩᠰᠠ ᠪᠠ ᠲᠡᠭᠦᠨ ᠳ᠋ᠦ ᠲᠤᠰᠬᠠᠭᠳ᠋ᠠᠭᠰᠠᠨ ᠨᠡᠢ᠌ᠭᠡᠮ ᠲᠡᠤᠬᠡ ᠶᠢᠨ ᠠᠰᠠᠭᠤᠳ᠋ᠠᠯ ᠤᠨ ᠰᠤᠳ᠋ᠤᠯᠤᠯ [ D ] · ᠦᠪᠦᠷ ᠮᠣᠩᠭ᠋ᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠮᠠᠰᠲ᠋ᠸᠷ ᠵᠡᠷᠭᠡ ᠬᠠᠮᠠᠭᠠᠯᠠᠬᠤ ᠦᠭᠦᠯᠡᠯ ( 2005.6 ) ᠡᠴᠡ ᠳᠠᠮ ᠡᠰᠢ᠍ᠯᠡᠪᠡ ᠃

[ 11 ] [ 15 ] [ 18 ] [ 19 ] ᠰᠡᠴᠡᠨ · ᠴᠢ᠍ᠩ ᠤᠯᠤᠰ ᠤᠨ ᠦᠶ᠎ᠠ ᠶᠢᠨ ᠬᠠᠷᠠᠴᠢ᠍ᠨ ᠵᠡᠭᠦᠨ ᠬᠣᠰᠢ᠍ᠭᠤᠨ ᠤ ᠵᠠᠰᠠᠭ ᠶᠠᠮᠤᠨ ᠤ ᠮᠣᠩᠭ᠋ᠣᠯ ᠪᠢᠴᠢ᠍ᠭ᠌ ᠦᠨ ᠳᠠᠩᠰᠠ ᠪᠠ ᠲᠡᠭᠦᠨ ᠳ᠋ᠦ ᠲᠤᠰᠬᠠᠭᠳ᠋ᠠᠭᠰᠠᠨ ᠨᠡᠢ᠌ᠭᠡᠮ ᠲᠡᠤᠬᠡ ᠶᠢᠨ ᠠᠰᠠᠭᠤᠳ᠋ᠠᠯ ᠤᠨ ᠰᠤᠳ᠋ᠤᠯᠤᠯ [ D ] · ᠦᠪᠦᠷ ᠮᠣᠩᠭ᠋ᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠮᠠᠰᠲ᠋ᠸᠷ ᠵᠡᠷᠭᠡ ᠬᠠᠮᠠᠭᠠᠯᠠᠬᠤ ᠦᠭᠦᠯᠡᠯ ᠂ 2005

[ 12 ] [ 13 ] [ 14 ]颜廷真、陈喜波、韩光辉·清代热河地区盟旗和府厅州县交错格局的形成[ M ] ·北京大学学报,2002.(6)

[ 16 ] ᠬᠤᠷᠢ᠍ᠨ ᠨᠢ᠍ᠭᠡᠳ᠋ᠤ ᠲᠠᠢ᠌ᠯᠪᠤᠷᠢ ᠲᠤᠯᠢ [ M ] · ᠬᠦᠬᠡᠬᠤᠳ᠋ᠠ ᠄ ᠦᠪᠤᠷ ᠮᠣᠩᠭ᠋ᠣᠯ ᠣᠨ ᠠᠷᠠᠳ ᠣᠨ ᠬᠡᠪᠯᠡᠯ ᠣᠨ ᠬᠣᠷᠢ᠍ᠶ᠎ᠠ ᠂ 1977 . 2

[ 17 ] ᠮᠤᠩᠭ᠋ᠤᠯ ᠬᠡᠯᠡᠨ ᠦ ᠲᠤᠯᠢ [ M ] · ᠬᠦᠬᠡᠬᠤᠳ᠋ᠡ ᠄ ᠦᠪᠤᠷ ᠮᠣᠩᠭ᠋ᠣᠯ ᠣᠨ ᠠᠷᠠᠳ ᠣᠨ ᠬᠡᠪᠯᠡᠯ ᠣᠨ ᠬᠣᠷᠢ᠍ᠶ᠎ᠠ ᠂ 1997 . 3

[ 20 ]宝玉柱·移民对喀喇沁地区民族构成及语言接触模式的影响 [ J ] ·中央民族大学学报,2012.(2)

[ 21 ]孟根·近代东蒙地区的开垦和蒙汉文化交流[ J ] ·中央民族大学学报,2005.(2)

[ 22 ] ᠯᠤᠪᠰᠠᠩᠴᠤᠢ᠌ᠳ᠋ᠠᠨ · ᠮᠣᠩᠭ᠋ᠣᠯ ᠤᠨ ᠵᠠᠩ ᠠᠭᠠᠯᠢ ᠶᠢᠨ ᠦᠢ᠍ᠯᠡᠪᠦᠷᠢ [ M ] · ᠦᠪᠦᠷ ᠮᠣᠩᠭ᠋ᠣᠯ ᠤᠨ ᠠᠷᠠᠳ ᠤᠨ ᠬᠡᠪᠯᠡᠯ ᠦᠨ ᠬᠣᠷᠢ᠍ᠶ᠎ᠠ ᠂ 1981.313

[ 23 ]特克寒、张杰 ·清代承德通向内蒙古地区的驿路和驿站 [ J ] ·承德民族职业技术学院学报,2004.(4)

[ 25 ]白晓颖、丰新勃·避暑山庄文化中的音乐形态[ J ] ·承德民族师专学报,2003.(3)

[ 26 ]李景瑞·承德民族文化的形成、发展及其繁荣途径[ J ] ·承德民族师专学报,1997.(3)

[ 27 ]张凯旋·试论木兰围场的设立对清朝满蒙联姻地域分布的影响[ J ] ·承德职业学院学报,2006.(1)

[ 28 ] [ 34 ]白晓颖·玉塞文津 [ M ] ·人民日报出版社,2006. 44︱55. 47︱48

[ 29 ] ᠨᠢ᠍ᠮ᠎ᠠ · ᠵᠡᠭᠦᠨ ᠮᠣᠩᠭ᠋ᠣᠯ ᠤᠨ ᠡᠷᠲᠡᠨ ᠦ ᠲᠤᠤᠯᠢ᠍ᠴᠢ ᠬᠢᠭᠡᠳ ᠲᠤᠤᠯᠢ ᠶᠢᠨ ᠲᠠᠷᠬᠠᠯᠲᠠ ᠶᠢᠨ ᠲᠤᠬᠠᠢ ᠲᠡᠮᠳ᠋ᠡᠭᠯᠡᠯ [ J ] · ᠠᠯᠲᠠᠨ ᠲᠦ᠋ᠯᠬᠢᠭᠦᠷ ᠂ 1990. 2

[ 30 ]李福清·本子故事与口头文学的联系[ J ] ·蒙古学资料与情报,1990.(1)

[ 32 ] ᠳᠣᠷᠣᠩᠭ᠋᠎ᠠ · ᠬᠤᠭᠤᠷ ᠤᠷᠠᠯᠢ᠍ᠭ ᠤᠨ ᠰᠢ᠍ᠯᠭᠠᠷᠠᠭᠰᠠᠨ ᠵᠢᠳᠭᠦᠯᠲᠡᠨ ᠦᠰᠭᠦᠪᠣᠶᠠᠨ [ J ] · ᠦᠰᠭᠦᠪᠣᠶᠠᠨ ᠤ ᠦᠯᠢ᠍ᠭᠡᠷ ᠬᠣᠯᠪᠣᠭ᠎ᠠ [ M ] · ᠥᠪᠦᠷ ᠮᠣᠩᠭ᠋ᠣᠯ ᠤᠨ ᠬᠡᠪᠯᠡᠯ ᠦᠨ ᠪᠦᠯᠦᠭᠯᠡᠯ · ᠥᠪᠥᠷ ᠮᠣᠩᠭ᠋ᠣᠯ ᠤᠨ ᠰᠤᠷᠭᠠᠨ ᠬᠥᠮᠥᠵᠢ᠍ᠯ ᠦᠨ ᠬᠡᠪᠯᠡᠯ ᠦᠨ ᠬᠣᠷᠢ᠍ᠶ᠎ᠠ ᠂ 2011.1352

[ 33 ] ᠰᠦ᠋ᠯᠵᠢ᠍ᠶ᠎ᠠ ᠰᠤᠷᠪᠤᠯᠵᠢ᠍ᠯᠠᠭ᠎ᠠ ᠄ 2013 ᠣᠨ ᠤ 10 ᠰᠠᠷᠠᠢ᠌ᠨ 2 ᠤᠨ ᠡᠳ᠋ᠦᠷ ᠨᠢ᠍ᠩ ᠴᠸᠩ ᠰᠢ᠍ᠶᠠᠨ ᠤ ᠽᠢ ᠮᠸᠩ ᠳᠤᠮᠳ᠋ᠠᠳ᠋ᠤ ᠰᠤᠷᠭᠠᠭᠤᠯᠢ ᠶᠢᠨ ᠪᠠᠭᠰᠢ ᠵᠤᠤ ᠰᠢ᠍ᠶᠤᠤ ᠡᠾᠦ᠋ᠩ ᠢ ᠰᠤᠷᠪᠤᠯᠵᠢ᠍ᠯᠠᠭᠰᠠᠨ ᠲᠡᠮᠳ᠋ᠡᠭᠯᠡᠯ ᠳ᠋ᠥ ᠃

ᠵᠤᠬᠢᠶᠠᠭᠴᠢ᠄ ᠪᠣᠶᠠᠨᠲᠤᠭᠲᠠᠬᠤ
ᠢᠷᠡᠯᠲᠡ᠄ ᠥᠪᠥᠷ ᠮᠣᠩᠭ᠋ᠣᠯ ᠤᠨ ᠶᠡᠬᠡ ᠰᠤᠷᠭᠠᠭᠤᠯᠢ ᠶ᠋ᠢᠨ ᠨᠡᠢᠭᠡᠮ ᠤ᠋ᠨ ᠰᠢᠨᠵᠢᠯᠡᠬᠦ ᠤᠬᠠᠭᠠᠨ ᠤ᠋ ᠰᠡᠳᠬᠦᠯ 2015ᠤᠨ ᠤ᠋1ᠳ᠋ᠤᠭᠡᠷ ᠬᠤᠭᠤᠴᠠᠭ᠋᠎ᠠ (ᠬᠦᠴᠦᠨᠲᠦ ᠬᠠᠩᠭ᠋ᠠᠪᠠ)
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 73051
ᠴᠠᠭ᠄ 2015 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ