☆ ᠭᠦᠷᠵᠡᠪ
ᠰᠢᠯᠦᠭ᠌
ᠮᠢᠨᠤ ᠳᠠᠷᠢᠭᠢᠨ ᠳ᠋ᠤ
ᠦᠳᠡᠰᠢ ᠶᠢᠨ ᠮᠠᠨᠠᠨ ᠰᠢᠭ
ᠪᠦᠷᠦᠭ᠌ ᠪᠠᠷᠤᠭ
ᠰᠦᠮᠠᠯᠵᠠᠵᠤ
ᠥᠵᠦᠭᠦᠷ᠂ ᠰᠡᠭᠦᠯ ᠨᠢ ᠣᠯᠳᠠᠬᠤ ᠥᠭᠡᠢ
ᠨᠠᠳᠠᠪᠠᠯᠵᠢᠨᠠ᠃
ᠪᠢ
ᠣᠮᠳᠠᠭᠠᠰᠤᠭᠰᠠᠨ ᠳᠡᠮᠡᠭᠡ ᠰᠢᠭ᠌
ᠣᠷᠤᠭᠤᠯ ᠴᠤᠷᠪᠠᠢ᠌ᠯᠭᠠᠨ
ᠪᠠᠯᠠᠷ ᠲᠤ ᠨᠢ ᠳᠠᠨᠤᠵᠤ
ᠪᠠᠯ ᠳᠤ ᠨᠢ ᠳᠤᠨᠤᠨ᠎ᠠ᠃
ᠡᠴᠦᠰ ᠤᠨ ᠹᠦ ᠶᠢᠨ ᠬᠠᠯᠠᠭᠤᠨ
ᠮᠢᠨᠤ
ᠡᠷ᠎ᠡ ᠵᠤᠷᠢᠭ ᠤᠨ ᠣᠷᠭᠢᠯᠤᠭᠤᠷ᠃
ᠢᠷᠡᠭᠦ ᠡᠪᠦᠯ ᠤᠨ ᠰᠢᠭᠤᠷᠭᠠᠨ
ᠮᠢᠨᠤ
ᠡᠳᠦᠷ ᠳᠤᠵᠢ ᠶᠢᠨ ᠳᠤᠭᠯᠠᠭᠤᠷ᠃
ᠡᠯᠡᠰᠤᠨ ᠡᠴᠡ ᠨᠢᠭᠡ ᠮᠥᠭᠦᠯᠢᠭ᠌
ᠨᠣᠢ᠌ᠳᠠᠨ ᠠᠮᠢᠰᠬᠤᠭ᠎ᠠ
ᠣᠯᠵᠤ ᠳᠡᠮᠳᠡᠭᠯᠡᠭᠦ ᠪᠣᠯ
ᠮᠢᠨᠤ
ᠡᠴᠦᠰ ᠤᠨ ᠭᠦᠭᠭᠡᠭᠡᠴᠡᠯᠳᠦᠯ᠂
ᠡᠭᠡᠨᠡᠭ᠍ᠳᠡ ᠶᠢᠨ ᠵᠢᠷᠭᠠᠯ ᠪᠢᠯᠠ ᠡ︕
1988.10.21 ᠊᠊᠊᠊᠊᠊᠊᠊᠊᠊᠊᠊᠊᠊᠊ 22 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃
ᠵᠤᠬᠢᠶᠠᠭᠴᠢ ᠶᠢᠨ ᠬᠠᠶᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2676
ᠴᠠᠭ᠄ 2010 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ