ᠨᠡᠪᠲᠡᠷᠡᠨ ᠤᠷᠤᠬᠤ
ᠳᠠᠭᠤᠲᠤ ᠲᠡᠭᠷᠢ ᠴᠤᠤᠲᠤ ᠬᠡᠦᠬᠡᠨ

        ᠳᠠᠭᠤᠲᠤ ᠲᠡᠭᠷᠢ


ᠲᠡᠮᠡᠭᠡ ᠢᠮᠠᠭ᠎ᠠ ᠰᠢᠭ ᠲᠡᠨᠦᠭᠦᠯ ᠡᠭᠦᠯᠡ

ᠲᠡᠷᠡᠬᠡᠨ ᠬᠣᠭᠤᠷᠤᠨᠳᠤ ᠲᠡᠪᠡᠷᠢᠯᠳᠦᠨ ᠵᠠᠯᠭᠠᠯ᠎ᠠ

ᠭᠦᠷᠢᠮᠴᠢ ᠯᠠᠮᠠ ᠶᠢᠨ ᠬᠡᠩᠭᠡᠷᠭᠡ ᠰᠢᠭ᠌ ᠲᠦᠷᠴᠢᠬᠢᠨᠡᠯ᠎ᠡ

ᠭᠦᠷᠦᠨ ᠤ ᠴᠡᠷᠢᠭ ᠦᠨ ᠫᠤᠤ ᠰᠢᠭ ᠨᠢᠵᠢᠭᠢᠨᠡᠯ᠎ᠡ

ᠬᠤᠷ᠎ᠠ ᠵᠢ ᠬᠦᠰᠡᠭᠰᠡᠨ ᠬᠥᠮᠦᠰ ᠦᠨ ᠨᠢᠭᠤᠷ ᠲᠤ

ᠬᠤᠸᠠᠷ ᠴᠡᠴᠡᠭ ᠵᠡᠷᠭᠡ ᠪᠡᠷ ᠳᠡᠯᠭᠡᠷᠡᠨ᠎ᠡ

ᠭᠠᠵᠠᠷ ᠲᠡᠭᠷᠢ ᠬᠠᠪᠰᠤᠷᠴᠤ ᠨᠡᠢᠯᠡᠮᠡᠷ

ᠭᠠᠯ ᠰᠢᠵᠢᠮ ᠮᠤᠰᠭᠢᠷᠠᠨ ᠤᠯᠠᠯᠵᠠᠯ᠎ᠠ

ᠭᠠᠩᠭᠠᠩ ᠪᠠᠢᠭᠠᠯᠢ ᠵᠢ ᠤᠷᠤᠰᠭᠠᠵᠤ ᠵᠠᠯᠭᠢᠮᠠᠷ

ᠭᠠᠢᠬᠠᠮ᠎ᠠ ᠴᠢᠮᠡᠭᠡ ᠱᠤᠤᠭᠢᠶᠠᠨ ᠳᠠᠲᠠᠯ᠎ᠠ

ᠠᠷᠰᠯᠠᠨ ᠪᠠᠷᠰ ᠤᠨ ᠠᠷᠬᠢᠷᠠᠭᠠᠨ ᠰᠢᠭ ᠰᠦᠢᠳᠦᠭᠡᠳ

ᠠᠶᠤᠯ ᠲᠠᠷᠢᠮᠠᠷ ᠪᠠᠷᠤᠢᠵᠤ ᠪᠠᠢᠭᠰᠠᠭᠠᠷ

ᠠᠳᠠᠭ ᠨᠢ ᠬᠡᠳᠦᠬᠡᠨ ᠳᠤᠰᠤᠯ ᠴᠤ ᠤᠰᠤ ᠦᠭᠡᠢ

ᠠᠷᠢᠭᠤᠨ ᠲᠡᠭᠷᠢ ᠬᠡᠪ ᠢᠶᠡᠷ ᠴᠡᠯᠮᠡᠯ᠎ᠡ᠃        ᠴᠤᠤᠲᠤ ᠬᠡᠦᠬᠡᠨ


ᠴᠡᠴᠡᠷᠯᠢᠭ ᠳᠣᠲᠤᠷᠠᠬᠢ ᠲᠣᠭᠤᠰ ᠠᠳᠠᠯᠢ

ᠴᠡᠪᠡᠷ ᠭᠣᠶᠤᠬᠠᠨ ᠲᠥᠷᠦᠭᠰᠡᠨ ᠶᠤᠮ

ᠴᠠᠨ᠎ᠠ ᠦᠨ᠎ᠡ ᠪᠠᠨ ᠠᠯᠳᠠᠬᠤ ᠦᠭᠡᠢ

ᠴᠡᠭᠡᠵᠢ ᠰᠠᠷᠠᠭᠤᠯ ᠲᠣᠷᠨᠢᠭᠰᠠᠨ ᠶᠤᠮ

ᠬᠣᠩᠭᠤᠷ ᠡᠷᠢᠭᠰᠡᠨ ᠭᠣᠣᠨᠢᠴᠤᠳ

ᠬᠣᠷᠮᠤᠢ ᠵᠢ ᠨᠢ ᠳᠠᠭᠠᠭᠠᠳ ᠴᠤᠪᠤᠷᠠᠨ᠎ᠠ

ᠬᠣᠪᠤᠷ ᠨᠠᠨᠳᠢᠨ ᠡᠳ᠋ ᠤᠳ

ᠬᠣᠷᠭᠤ ᠤᠷᠤᠭᠤ ᠴᠢᠬᠢᠭᠳᠦᠨ᠎ᠡ

ᠠᠪᠠᠬᠠᠢ ᠬᠡᠦᠬᠡᠨ ᠭᠢᠯᠠᠯᠵᠠᠭᠠᠳ

ᠠᠪᠳᠠᠷ᠎ᠠ ᠳᠠᠪᠰᠠᠭ ᠢᠶᠡᠨ ᠣᠨᠢᠰᠤᠯᠠᠨ᠎ᠠ

ᠠᠭᠠᠰᠢ ᠠᠪᠤᠷᠢ ᠬᠠᠲᠠᠭᠤᠷᠠᠭᠠᠳ

ᠠᠰᠤᠷᠤ ᠶᠡᠬᠡ ᠵᠢ ᠰᠠᠨᠠᠨ᠎ᠠ

ᠭᠣᠯᠤᠭᠳᠠᠭᠰᠠᠨ ᠤᠯᠠᠨ ᠵᠠᠯᠠᠭᠤᠴᠤᠳ

ᠭᠤᠷᠪᠠ ᠪᠣᠯᠤᠭᠠᠳ ᠠᠮᠢᠳᠤᠷᠠᠨ᠎ᠠ

ᠭᠣᠶᠤᠮᠰᠤᠭ ᠬᠡᠦᠬᠡᠨ ᠭᠠᠭᠴᠠᠭᠠᠷ ᠢᠶᠡᠨ

ᠭᠤᠳᠤᠮᠰᠢᠭ ᠪᠣᠯᠤᠭᠠᠳ ᠠᠮᠠᠷᠠᠯ᠎ᠠ᠃


ᠵᠤᠬᠢᠶᠠᠭᠴᠢ᠄ ᠴ·ᠸᠠᠩᠴᠤᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 34841
ᠴᠠᠭ᠄ 2019 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ