ᠨᠡᠪᠲᠡᠷᠡᠨ ᠤᠷᠤᠬᠤ
ᠵᠡᠭᠦᠳᠤᠨ ᠳᠤ ᠪᠠᠨ ᠨᠤᠭᠤᠭᠠᠨ ᠥᠩᠭᠡ ᠪᠠᠨ ᠡᠵᠡᠷᠭᠡᠭ᠍ᠰᠡᠨ ᠪᠣᠯᠵᠤᠮᠤᠷ
(ᠬᠡᠦᠬᠡᠳ ᠤᠨ ᠰᠢᠯᠦᠭ᠌)

ᠥᠶ‍ᠦᠭᠡᠢ ᠳᠤ ᠨᠢ

ᠥᠡᠳᠦᠷᠯᠢᠭ᠌ ᠤᠨ ᠶᠢᠡᠨ ᠴᠠᠭᠠᠨ ᠭᠡᠭᠡ ᠬᠤᠷᠠᠭᠰᠠᠨ

ᠦᠳᠦᠨ ᠳᠤ ᠨᠢ

ᠡᠯᠢᠭᠡᠨ ᠤ ᠶᠢᠡᠨ ᠪᠣᠷᠤ ᠳᠤᠶᠠᠭ᠎ᠠ ᠨᠠᠭᠠᠭᠰᠠᠨ


ᠰᠠᠷᠠᠨ ᠤ ᠭᠡᠷᠡᠯ ᠳ᠋ᠤ

ᠠᠭᠤᠯᠠ ᠪᠠᠨ ᠳᠡᠷᠡᠯᠡᠭ᠍ᠰᠡᠨ

ᠵᠢᠭᠦᠷ ᠡᠴᠠ ᠪᠠᠨ ᠶᠡᠭᠡ ᠳᠠᠯ᠎ᠠ ᠪᠠᠨ

ᠵᠡᠭᠦᠳᠤᠨ ᠳᠤ ᠪᠠᠨ ᠬᠠᠷᠠᠭᠤᠯᠳᠠᠭᠰᠠᠨ


ᠨᠠᠷᠠᠨ ᠤ ᠭᠡᠷᠡᠯ ᠳ᠋ᠤ

ᠨᠠᠪᠴᠢ ᠪᠠᠨ ᠨᠥᠮᠦᠭᠡᠳᠡᠭ᠍ᠰᠡᠨ

ᠨᠠᠭᠤᠷ ᠤᠨ ᠶᠢᠡᠨ ᠣᠷᠤᠰᠬᠠᠯ ᠳᠤ ᠪᠠᠨ

ᠨᠠᠷᠭᠢᠶᠠᠨ ᠶᠢᠡᠨ ᠮᠦᠷᠦᠭᠡᠳᠦᠭ᠍ᠰᠡᠨ


ᠡᠪᠠᠰᠤᠨ ᠤ ᠨᠠᠢ᠌ᠭᠤᠭᠠᠨ ᠳ᠋ᠤ

ᠢᠵᠢᠯᠢ ᠪᠠᠨ ᠳᠠᠭᠤᠳᠠᠭᠰᠠᠨ

ᠡᠷᠡᠯᠭᠡᠭ᠌ ᠣᠭᠭᠠᠨ ᠵᠢᠠᠨ

ᠦᠷ᠎ᠡ ᠳᠤ ᠪᠠᠨ ᠡᠷᠭᠦᠭ᠍ᠰᠡᠨ


ᠭᠦᠭᠡ ᠳᠡᠭ᠍ᠷᠢ ᠪᠠᠷ

ᠬᠠᠯᠢᠨ ᠰᠤᠮᠤᠳᠠᠭᠰᠠᠨ

ᠭᠦᠡᠳᠡᠢ ᠳᠠᠯ᠎ᠠ ᠪᠠᠷ

ᠬᠠᠭᠢᠷ ᠲᠤ ᠰᠦᠷᠦᠭᠯᠡᠭ᠍ᠰᠡᠨ ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10061
ᠴᠠᠭ᠄ 2012 ᠤᠨ ᠤ 11 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ