ᠨᠡᠪᠲᠡᠷᠡᠨ ᠤᠷᠤᠬᠤ
ᠮᠤᠩᠭ᠋ᠤᠯ ᠲᠦᠷᠦ ᠶᠢᠨ ᠶᠡᠭᠡ ᠵᠠᠷᠭᠤᠴᠢ ᠰᠢᠭᠢᠬᠤᠳᠤᠭ ᠤᠨ ᠳᠦᠭᠦᠮ ᠨᠠᠮᠳᠠᠷ

ᠰᠢᠭᠢᠬᠤᠳᠤᠭ ᠊᠊᠊᠊᠊᠊᠊᠊᠊᠊᠊᠊᠊᠊᠊ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠮᠤᠩᠭ᠋ᠤᠯ ᠬᠠᠭᠠᠠᠳᠤ ᠣᠯᠤᠰ ᠤᠨ ᠪᠠᠭᠠᠳᠤᠷ ᠵᠠᠩᠵᠤᠨ ᠴᠤᠯᠠ ᠲᠡᠶ᠃ 1196 ᠣᠨ ᠳᠤ ᠴᠢᠩᠭᠢᠰ ᠬᠠᠭᠠᠨ᠂ ᠳᠤᠭᠤᠷᠢᠯ ᠬᠠᠭᠠᠨ ᠬᠤᠶᠠᠷ ᠬᠠᠮᠳᠤ ᠴᠡᠷᠢᠭ᠌ ᠡᠭᠦᠰᠭᠡᠵᠤ᠂ ᠴᠢᠩᠭᠢᠰ ᠬᠠᠭᠠᠨ ᠡᠴᠡ ᠡᠷᠳᠡ ᠡᠳᠦᠷ ᠡᠴᠡ ᠡᠪᠦᠭᠡᠰ ᠡᠴᠢᠭᠡᠰ ᠢ ᠨᠢ ᠪᠠᠷᠠᠭᠰᠠᠤᠨ ᠳᠠᠲ᠋ᠠᠷ ᠢᠷᠭᠡᠳ ᠡᠴᠡ ᠦᠰᠢᠶ᠎ᠠ ᠪᠠᠨ ᠠᠪᠬᠤ ᠪᠠᠷ ᠪᠣᠯᠵᠠᠢ᠃ ᠳᠠᠳᠠ ᠣᠯᠵᠠ ᠶᠢᠨ ᠭᠤᠤᠯ ᠤᠨ ᠬᠤᠰᠤᠳᠤ ᠰᠢᠳᠦᠭᠡᠨ᠂ ᠨᠠᠷᠠᠳᠤ ᠰᠢᠳᠦᠭᠡᠨ ᠳᠤ ᠳᠠᠢ᠌ᠯᠠᠯᠳᠤᠵᠤ ᠳᠠᠲ᠋ᠠᠷ ᠢ ᠢᠯᠠᠵᠠᠢ᠃ ᠴᠢᠩᠭᠢᠰ ᠬᠠᠭᠠᠨ᠂ ᠤᠨᠭ᠌ ᠬᠠᠨ ᠬᠤᠶᠠᠷ ᠳᠠᠠᠳᠠ ᠳᠠᠲ᠋ᠠᠷ ᠢ ᠳᠤᠤᠯᠢᠵᠤ᠂ ᠬᠤᠪᠢᠶᠠᠯᠴᠠᠵᠤ ᠠᠪᠣᠭᠠᠤᠨ᠂ ᠭᠡᠷ ᠭᠡᠷ ᠲᠡᠭᠡᠨ ᠬᠠᠷᠢᠵᠤ ᠪᠠᠭᠤᠪᠠ᠃ ᠳᠠᠲ᠋ᠠᠷ ᠤᠨ ᠬᠤᠷᠭᠤᠳᠠᠵᠤ ᠪᠠᠢ᠌ᠭᠰᠠᠨ ᠨᠠᠷᠠᠳᠤ ᠰᠢᠳᠦᠭᠡᠨ ᠤ ᠪᠠᠭᠤᠴᠠ ᠶᠢ ᠬᠤᠷᠢᠶᠠᠨ ᠠᠪᠬᠤ ᠳᠤ ᠳᠠᠷᠠ ᠨᠤᠳᠤᠭ ᠲᠤ ᠨᠢᠭᠡᠨ ᠥᠴᠦᠭᠡᠨ ᠬᠡᠦᠬᠡᠳ ᠣᠷᠭᠢᠭᠰᠠᠨ ᠢ ᠪᠢᠳᠠᠨ ᠤ ᠴᠡᠷᠢᠭ᠌ ᠤᠳ ᠣᠯᠵᠠᠢ᠃ ᠦᠵᠡᠪᠠᠯ ᠠᠯᠳᠠᠨ ᠡᠭᠡᠮᠦᠭ᠌᠂ ᠳᠦᠷᠠᠪᠴᠢ ᠵᠡᠭᠦᠭ᠍ᠰᠡᠨ ᠪᠠ ᠪᠣᠯᠠᠭ᠎ᠠ ᠶᠢᠨ ᠠᠷᠠᠰᠤ ᠪᠠᠷ ᠳᠤᠳᠤᠷᠯᠠᠭᠰᠠᠨ ᠳᠠᠵᠢ ᠳᠤᠷᠭᠠᠨ ᠡᠯᠢᠭᠡᠪᠴᠢ ᠡᠮᠦᠰᠦᠭ᠍ᠰᠡᠨ ᠠᠵᠠᠢ᠃ ᠴᠢᠩᠭᠢᠰ ᠬᠠᠭᠠᠨ ᠳᠠᠷᠠ ᠬᠡᠦᠬᠡᠳ ᠢ ᠠᠪᠴᠢᠷᠠᠵᠤ᠂ ᠥᠭᠡᠯᠤᠨ ᠡᠭᠡ ᠳᠤ ᠰᠠᠤᠬ᠎ᠠ ᠭᠡᠵᠤ ᠥᠭ᠍ᠪᠡ᠃ ᠥᠭᠡᠯᠤᠨ ᠡᠭᠡ ᠥᠭᠦᠯᠡᠷᠤᠨ᠄ 《ᠰᠠᠢ᠌ᠨ ᠭᠦᠮᠤᠨ ᠤ ᠭᠦᠪᠠᠭᠦᠨ ᠪᠣᠢ ᠊ᠶ᠎ᠠ᠂ ᠢᠵᠠᠭᠤᠷ ᠰᠠᠢ᠌ᠨ ᠲᠡᠶ ᠭᠦᠮᠤᠨ ᠤ ᠣᠷᠤᠭ ᠪᠣᠢ ᠊ᠶ᠎ᠠ》 ᠭᠡᠵᠤ ᠳᠠᠪᠤᠨ ᠭᠦᠪᠠᠭᠦᠤᠨ ᠤᠨ ᠶᠢᠡᠨ ᠳᠡᠭᠦᠤ᠂ ᠵᠢᠷᠭᠤᠳᠤᠭᠠᠷ ᠭᠦᠪᠠᠭᠦᠨ ᠪᠣᠯᠭᠠᠨ᠂ ᠰᠢᠭᠢᠬᠤᠳᠤᠭ ᠭᠡᠭᠦ ᠨᠠᠷ᠎ᠠ ᠨᠡᠷᠡᠢ᠌ᠳᠦᠭᠡᠳ ᠠᠰᠠᠷᠠᠨ ᠳᠡᠵᠢᠭᠡᠪᠡ᠃ ᠳᠠᠷᠠ ᠬᠠᠷᠠᠬᠠᠨ ᠪᠠᠭ᠎ᠠ ᠡᠴᠡ ᠪᠠᠨ ᠣᠯᠠᠨ ᠡᠴᠡ ᠭᠡᠳᠥᠢᠳᠦᠭ᠍ᠰᠡᠨ ᠡᠷᠡᠯᠭᠡᠭ᠌ ᠪᠠᠭᠠᠳᠤᠷᠯᠢᠭ ᠰᠦᠰᠦ ᠵᠤᠷᠢᠭ ᠲᠡᠶ ᠪᠠᠢ᠌ᠵᠠᠢ᠃ ᠳᠠᠷᠠ ᠠᠷᠪᠠᠨ ᠳᠠᠪᠤᠨ ᠨᠠᠰᠤᠨ ᠳᠠᠭᠠᠨ ᠰᠠᠯᠭᠢ ᠰᠢᠭᠤᠷᠭᠠᠳᠤ ᠴᠠᠰᠤ ᠲᠡᠶ ᠨᠢᠭᠡᠨ ᠡᠳᠦᠷ ᠭᠠᠭᠴᠠᠭᠠᠷ ᠠᠪᠠᠯᠠᠵᠤ᠂ ᠭᠤᠴᠢᠨ ᠪᠣᠭᠤ ᠡᠴᠡ ᠬᠤᠷᠢᠨ ᠳᠤᠯᠤᠭ᠎ᠠ ᠶᠢ ᠠᠪᠠᠯᠠᠨ ᠠᠯᠠᠵᠤ᠂ ᠴᠢᠩᠭᠢᠰ ᠬᠠᠭᠠᠨ ᠳᠤ ᠶᠡᠭᠡ ᠪᠠᠷ ᠳᠠᠭᠠᠰᠢᠶᠠᠭᠳᠠᠨ ᠮᠠᠭᠳᠠᠭᠳᠠᠵᠤ ᠪᠠᠢ᠌ᠭᠰᠠᠨ ᠭᠡᠳᠡᠭ᠌᠃ ᠥᠭᠡᠯᠡᠢ ᠪᠣᠯᠤᠭᠰᠠᠨ ᠤ ᠳᠠᠷᠠᠭ᠎ᠠ ᠴᠢᠩᠭᠢᠰ ᠬᠠᠭᠠᠨ ᠢ ᠳᠠᠭᠠᠵᠤ᠂ ᠮᠤᠩᠭ᠋ᠤᠯ ᠤᠨ ᠥᠡᠳᠦᠷᠯᠢᠭ᠌ ᠢ ᠨᠢᠭᠡᠳᠭᠡᠭᠦ ᠶᠡᠭᠡ ᠣᠢ᠌ᠯᠠᠰ ᠲᠤ ᠭᠠᠷᠮᠠᠭᠠᠢ ᠵᠢᠦᠡᠭᠦᠯ ᠥᠵᠡᠭᠦᠯᠪᠡ᠃ 1206 ᠣᠨ ᠳᠤ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠤ ᠳᠠᠷᠠᠭ᠎ᠠ᠂ ᠰᠢᠭᠢᠬᠤᠳᠤᠭ ᠢ 95 ᠮᠢᠩᠭ᠋ᠠᠨ ᠤ ᠳᠤᠳᠤᠷᠠᠭᠢ ᠨᠢᠭᠡᠨ ᠮᠢᠩᠭ᠋ᠠᠨ ᠤ ᠨᠤᠶᠠᠨ ᠪᠠᠷ ᠳᠤᠮᠢᠯᠠᠵᠠᠢ᠃ ᠬᠤᠷᠠᠯᠳᠠᠢ ᠳᠡᠭᠡᠷ᠎ᠡ ᠴᠢᠩᠭᠢᠰ ᠬᠠᠭᠠᠨ 《ᠳᠠᠳᠠ ᠨᠡᠷ ᠤᠨ ᠳᠤᠳᠤᠷ᠎ᠠ ᠡᠴᠡ ᠳᠤᠰᠠ ᠭᠠᠪᠢᠶ᠎ᠠ ᠲᠡᠶ ᠨᠥᠭᠦᠤᠨ ᠲᠤ ᠥᠭᠡᠷ᠎ᠡ ᠰᠤᠶᠤᠷᠬᠠᠯ ᠥᠭ᠍ᠰᠤ》 ᠭᠡᠵᠤ᠂ ᠪᠣᠭᠤᠷᠴᠤ᠂ ᠮᠤᠬᠤᠯᠠᠢ ᠳᠡᠷᠢᠭᠦᠳᠡᠨ ᠨᠤᠶᠠᠤᠨ ᠢ ᠢᠷᠡᠳᠦᠭᠡᠢ ᠭᠡᠭᠦ ᠳᠤ᠂ ᠭᠡᠷ ᠳᠤᠳᠤᠷ᠎ᠠ ᠰᠢᠭᠢᠬᠤᠳᠤᠭ ᠪᠠᠢ᠌ᠵᠠᠢ᠃ 《ᠣᠷᠢᠷ᠎ᠠ ᠣᠤᠨ》 ᠭᠡᠵᠤ ᠥᠭᠦᠯᠡᠪᠠᠯ᠂ ᠰᠢᠭᠢᠬᠤᠳᠤᠭ ᠥᠭᠦᠯᠡᠷᠤᠨ᠄ 《ᠪᠣᠭᠤᠷᠴᠤ᠂ ᠮᠤᠬᠤᠯᠠᠢ ᠳᠠᠳᠠ ᠭᠡᠨ ᠡᠴᠡ ᠢᠯᠡᠭᠦᠤ ᠳᠤᠰᠠ ᠭᠢᠯᠦᠭᠡ︖ ᠭᠡᠨ ᠡᠴᠡ ᠢᠯᠡᠭᠦᠤ ᠭᠦᠴᠤ ᠥᠭ᠍ᠪᠡ︖ ᠭᠡᠷᠪᠡ ᠰᠤᠶᠤᠷᠬᠠᠯ ᠦᠭ‍ᠭᠦ ᠭᠡᠪᠠᠯ ᠮᠢᠨᠤ ᠳᠤᠰᠠ ᠭᠡᠨ ᠤ ᠭᠢ ᠡᠴᠡ ᠳᠤᠳᠠᠭᠤ ᠪᠣᠯᠪᠠ︖ ᠮᠢᠨᠤ ᠡᠷᠭᠦᠭ᠍ᠰᠡᠨ ᠭᠦᠴᠤ ᠭᠡᠨ ᠤ ᠭᠢ ᠡᠴᠡ ᠳᠤᠳᠠᠭᠤ ᠪᠣᠯᠪᠠ︖

ᠥᠯᠦᠭᠡᠢ ᠲᠡᠶ ᠪᠠᠢ᠌ᠬᠤ ᠡᠴᠡ

ᠦᠨᠳᠦᠷ ᠪᠣᠱᠤᠭ᠎ᠠ ᠳᠤ ᠴᠢᠨᠢ

ᠡᠷᠡᠤ ᠳᠤ ᠡᠳᠦᠢ ᠰᠠᠬᠠᠯ ᠣᠷᠭᠤᠳᠠᠯ᠎ᠠ ᠦᠰᠴᠦ

ᠥᠭᠡᠷ᠎ᠡ ᠶᠢ ᠡᠰᠡ ᠰᠠᠳᠭᠢᠪᠠ ᠊ᠶ᠎ᠠ ᠪᠢ᠃

ᠠᠯᠠᠨ ᠳᠤ ᠰᠢᠭᠡᠭ᠍ᠳᠤ ᠡᠴᠡ

ᠠᠯᠳᠠᠨ ᠪᠣᠱᠤᠭ᠎ᠠ ᠳᠤ ᠴᠢᠨᠢ ᠠᠵᠤ

ᠠᠮᠠᠨ ᠳᠤ ᠰᠠᠬᠠᠯ ᠡᠳᠦᠢ ᠣᠷᠭᠤᠳᠠᠯ᠎ᠠ ᠦᠰᠴᠦ

ᠠᠯᠵᠢᠶᠠᠰ ᠡᠰᠡ ᠭᠡᠰᠭᠢᠪᠡ ᠊ᠶ᠎ᠠ ᠪᠢ᠃

ᠭᠦᠯ ᠳᠡᠭᠡᠨ ᠭᠡᠪᠳᠡᠭᠦᠯᠵᠤ

ᠭᠦᠪᠠᠭᠦᠴᠢᠯᠡᠨ ᠥᠰᠭᠡᠪᠡ ᠊ᠶ᠎ᠠ ᠨᠠᠮ᠎ᠠ ᠵᠢ

ᠳᠡᠷᠭᠡᠳᠡ ᠪᠠᠨ ᠭᠡᠪᠳᠡᠭᠦᠯᠵᠤ

ᠳᠡᠭᠦᠦᠴᠢᠯᠡᠨ ᠥᠰᠭᠡᠪᠡ ᠨᠠᠮ᠎ᠠ ᠵᠢ

ᠡᠳᠦᠭᠡ ᠶᠠᠮᠠᠷ ᠰᠤᠶᠤᠷᠬᠠᠯ ᠦᠭ‍ᠭᠦᠮᠤ︖》 ᠭᠡᠪᠡ᠃

ᠳᠠᠷᠠ ᠥᠭᠡᠨ ᠳᠤ ᠴᠢᠩᠭᠢᠰ ᠬᠠᠭᠠᠨ᠂ ᠰᠢᠭᠢᠬᠤᠳᠤᠭ ᠲᠤ ᠥᠭᠦᠯᠡᠷᠤᠨ᠄ 《ᠵᠢᠷᠭᠤᠳᠤᠭᠠᠷ ᠳᠡᠭᠦᠤ ᠪᠣᠰᠤ ᠦᠦ︖ ᠡᠷᠭᠦᠮᠡᠯ ᠳᠡᠭᠦᠤ ᠴᠢᠮ᠎ᠠ ᠳᠤ ᠳᠡᠭᠦᠤ ᠨᠡᠷ ᠤᠨ ᠬᠤᠪᠢ ᠪᠠᠷ ᠦᠮᠴᠢ ᠬᠤᠪᠢᠶᠠᠵᠤ ᠥᠭ᠍ᠰᠤ᠃ ᠪᠠᠰᠠ ᠠᠴᠢ ᠳᠤᠰᠠ ᠶᠢ ᠴᠢᠨᠢ ᠪᠣᠳᠤᠵᠤ᠂ ᠶ‍ᠢᠰᠤᠨ ᠣᠳᠠᠭ᠎ᠠ ᠶᠠᠯ᠎ᠠ ᠭᠢᠪᠠᠴᠤ ᠪᠣᠤ ᠶᠠᠯᠠᠳᠠᠶ᠎ᠠ》 ᠭᠡᠵᠤ ᠵᠠᠷᠯᠢᠭ ᠪᠣᠯᠪᠠ᠃ ᠪᠠᠰᠠ ᠵᠠᠷᠯᠢᠭ ᠪᠣᠯᠤᠷᠤᠨ᠄ 《ᠮᠥᠩᠭᠡ ᠳᠡᠭ᠍ᠷᠢ ᠳᠤ ᠢᠪᠠᠭᠡᠭ᠍ᠳᠡᠵᠤ᠂ ᠭᠦᠷ ᠣᠯᠤᠰ ᠢᠷᠭᠡᠨ ᠢ ᠵᠥᠭᠯᠡᠭᠦᠯᠵᠤ ᠪᠠᠢ᠌ᠬᠤ ᠳᠤ ᠴᠢ ᠥᠵᠡᠭᠦ ᠶᠢᠨ ᠨᠢᠳᠤ᠂ ᠰᠤᠨᠤᠰᠬᠤ ᠶᠢᠨ ᠴᠢᠭᠢ ᠪᠣᠯᠵᠤ ᠶᠠᠪᠣ᠃ ᠭᠦᠷ ᠣᠯᠤᠰ ᠢᠷᠭᠡᠨ ᠢ ᠡᠭᠡ᠂ ᠳᠡᠭᠦᠤ ᠨᠡᠷ ᠭᠢᠭᠡᠳ ᠭᠦᠪᠠᠭᠦᠤᠨ ᠲᠤ᠂ ᠢᠰᠡᠭᠡᠢ ᠳᠤᠭᠤᠷᠭᠠᠳᠠᠨ ᠢ ᠢᠯᠭᠠᠵᠤ᠂ ᠬᠠᠪᠳᠠᠰᠤᠨ ᠡᠭᠦᠳᠡᠳᠡᠨ ᠢ ᠰᠠᠯᠭᠠᠵᠤ᠂ ᠬᠤᠪᠢᠯᠠᠵᠤ ᠥᠭ᠌᠃ ᠭᠡᠨ ᠭᠡᠨ ᠴᠤ ᠴᠢᠨᠤ ᠥᠭᠡ ᠪᠠᠷ ᠪᠣᠯᠳᠤᠭᠠᠢ︕》 ᠭᠡᠵᠤ ᠵᠠᠷᠯᠢᠭ ᠪᠣᠯᠵᠠᠢ᠃ ᠪᠠᠰᠠ ᠰᠢᠭᠢᠬᠤᠳᠤᠭ ᠢ 《ᠭᠦᠷ ᠣᠯᠤᠰ ᠤᠨ ᠳᠤᠳᠤᠷᠠᠭᠢ ᠬᠤᠯᠠᠭᠠᠢ ᠶᠢ ᠴᠡᠭᠡᠷᠯᠡᠭᠦᠯᠵᠤ ᠬᠤᠳᠠᠯ ᠢ ᠮᠤᠬᠤᠭᠠᠵᠤ ᠥᠭᠦᠭᠦᠯᠭᠦ ᠶᠤᠰᠤ ᠲᠡᠶ ᠶᠢ ᠥᠭᠦᠭᠦᠯᠵᠤ᠂ ᠶᠠᠯᠠᠯᠠᠬᠤ ᠶᠤᠰᠤ ᠲᠡᠶ ᠶᠢ ᠶᠠᠯᠠᠯᠠᠳᠤᠭᠠᠢ》 ᠭᠡᠵᠤ ᠭᠦᠷ ᠣᠯᠤᠰ ᠤᠨ ᠳᠡᠭᠡᠳᠤ ᠰᠢᠭᠦᠭ᠍ᠴᠢ ᠲᠦᠰᠢᠪᠠ᠃

ᠪᠠᠰᠠ ᠥᠭᠦᠯᠡᠷᠤᠨ᠄ 《ᠭᠦᠷ ᠢᠷᠭᠡᠨ ᠤ ᠬᠤᠪᠢ ᠬᠤᠪᠢᠯᠠᠭᠰᠠᠨ ᠭᠢᠭᠡᠳ ᠵᠠᠷᠭᠤ ᠵᠠᠷᠭᠤᠯᠠᠭᠰᠠᠨ ᠢ ᠭᠦᠭᠡ ᠳᠠᠪᠳᠠᠷ ᠲᠤ ᠪᠢᠴᠢᠵᠤ ᠳᠡᠪᠳᠡᠷᠯᠡᠭ᠍ᠳᠤᠨ᠃ ᠨᠠᠳᠠ ᠲᠡᠶ ᠵᠦᠪᠯᠠᠵᠤ ᠳᠤᠭᠳᠠᠭᠠᠤᠨ ᠭᠦᠭᠡ ᠪᠢᠴᠢᠭ᠌ ᠢ ᠴᠠᠭᠠᠨ ᠴᠠᠭᠠᠰᠤᠨ ᠳᠤ ᠳᠡᠪᠳᠡᠷᠯᠡᠭ᠍ᠰᠡᠨ ᠢ ᠣᠷᠤᠭ ᠤᠨ ᠣᠷᠤᠭ ᠲᠤ ᠭᠦᠷᠳᠡᠯ᠎ᠡ ᠪᠣᠤ ᠥᠭᠡᠷᠡᠴᠢᠯᠡᠳᠦᠭᠡᠢ︕ ᠥᠭᠡᠷᠡᠴᠢᠯᠡᠭ᠍ᠰᠡᠨ ᠠᠷᠠᠳ ᠢ ᠶᠠᠯᠠᠯᠠᠨ ᠰᠢᠦᠡᠭᠡᠳᠦᠭᠡᠢ》 ᠭᠡᠵᠤ ᠵᠠᠷᠯᠢᠭ ᠪᠣᠯᠪᠠ᠃

ᠰᠢᠭᠢᠬᠤᠳᠤᠭ᠄ 《ᠮᠢᠨᠤ ᠮᠠᠳᠤ ᠡᠷᠭᠦᠮᠡᠯ ᠣᠤᠠᠬᠠᠨ ᠳᠡᠭᠦᠤ᠂ ᠣᠯᠠᠨ ᠠᠬ᠎ᠠ ᠳᠡᠭᠦᠤ ᠨᠡᠷ ᠲᠡᠶ ᠰᠠᠴᠠᠭᠤ ᠳᠠᠩᠴᠠᠨ ᠬᠤᠪᠢ ᠭᠡᠷᠭᠢᠨ ᠠᠪᠬᠤ ᠪᠢᠯᠠ︖ ᠬᠠᠭᠠᠨ ᠭᠡᠷᠪᠡ ᠰᠤᠶᠤᠷᠬᠠᠪᠠᠯ᠂ ᠰᠢᠪᠠᠷ ᠪᠠᠢ᠌ᠰᠢᠩ ᠲᠡᠶ ᠪᠠᠯᠭᠠᠰᠤ ᠡᠴᠡ ᠦᠭ‍ᠭᠦ ᠶᠢ ᠬᠠᠭᠠᠨ ᠤ ᠰᠤᠶᠤᠷᠬᠠᠯ ᠮᠡᠳᠡᠳᠦᠭᠡᠢ》 ᠭᠡᠵᠤ ᠦᠴᠢᠪᠠ᠃ ᠡᠨᠡ ᠥᠭᠡᠨ ᠳᠤ ᠬᠠᠭᠠᠨ᠄ 《ᠴᠢ ᠡᠨᠡ ᠭᠡᠷᠡᠭ᠌ ᠢ ᠮᠠᠳᠠᠪᠠ᠂ ᠪᠣᠳᠤᠨ ᠪᠠᠢ᠌ᠵᠤ ᠠᠪᠣᠭᠳᠤᠨ》 ᠭᠡᠪᠡ᠃

ᠰᠢᠭᠢᠬᠤᠳᠤᠭ ᠦᠪᠡᠷ ᠢ ᠪᠠᠨ ᠰᠤᠶᠤᠷᠬᠠᠭᠤᠯᠤᠨ ᠪᠠᠷᠠᠵᠤ᠂ ᠭᠠᠷᠴᠤ ᠪᠣᠭᠤᠷᠴᠤ᠂ ᠮᠤᠬᠤᠯᠠᠢ ᠳᠡᠷᠢᠭᠦᠳᠡᠨ ᠨᠤᠶᠠᠤᠨ ᠢ ᠣᠷᠢᠵᠤ ᠣᠷᠤᠭᠤᠯᠵᠠᠢ᠃

1211 ᠣᠨ ᠤ 2 ᠳ᠋ᠤᠭᠠᠷ ᠰᠠᠷ᠎ᠠ ᠡᠴᠡ ᠡᠭᠢᠯᠡᠨ ᠰᠢᠭᠢᠬᠤᠳᠤᠭ ᠠᠯᠳᠠᠨ ᠣᠯᠤᠰ ᠢ ᠳᠠᠢ᠌ᠯᠠᠬᠤ ᠳᠠᠢ᠌ᠨ ᠳᠤ ᠣᠷᠤᠯᠴᠠᠵᠠᠢ᠃ 1215 ᠣᠨ ᠳᠤ ᠴᠢᠩᠭᠢᠰ ᠬᠠᠭᠠᠨ ᠡᠴᠡ ᠠᠯᠳᠠᠨ ᠣᠯᠤᠰ ᠤᠨ ᠵᠦᠩᠳᠤ ᠬᠤᠳᠠ ᠶᠢ ᠡᠵᠡᠯᠡᠵᠤ᠂ ᠰᠢᠭᠢᠬᠤᠳᠤᠭ᠂ ᠠᠷᠬᠠᠢ ᠬᠠᠰᠠᠷ᠂ ᠥᠩᠭᠦᠷ ᠪᠠᠭᠤᠷᠴᠢ ᠶᠢ ᠵᠦᠩᠳᠤ ᠬᠤᠳᠠ ᠶᠢᠨ ᠠᠯᠳᠠ᠂ ᠮᠥᠩᠭᠦ᠂ ᠡᠳ᠋ ᠠᠭᠤᠷᠠᠰᠤ ᠶᠠᠭᠤᠮ᠎ᠠ ᠭᠡᠦᠮ᠎ᠡ ᠶᠢ ᠳᠤᠭᠠᠯᠠᠭᠤᠯᠬᠤ ᠪᠠᠷ ᠳᠤᠮᠢᠯᠠᠨ ᠢᠯᠡᠭᠡᠪᠡ᠃ ᠰᠢᠭᠢᠬᠤᠳᠤᠭ ᠭᠡᠷᠡᠭ᠌ ᠣᠴᠢᠷ ᠢ ᠰᠠᠢ᠌ᠠᠭᠨ ᠰᠢ᠌ᠤᠠᠪᠣᠷᠢᠯᠠᠵᠤ᠂ ᠴᠢᠩᠭᠢᠰ ᠬᠠᠭᠠᠨ ᠡᠴᠡ 《ᠶᠡᠭᠡ ᠶᠤᠰᠤ ᠶᠢ ᠰᠠᠳᠭᠢᠵᠤ ᠴᠢ》 ᠭᠡᠵᠤ ᠮᠠᠰᠢ ᠶᠡᠭᠡ ᠪᠠᠷ ᠰᠤᠶᠤᠷᠬᠠᠵᠠᠢ᠃ ᠥᠩᠭᠦᠷ᠂ ᠠᠷᠬᠠᠢ ᠬᠠᠰᠠᠷ ᠬᠤᠶᠠᠷ ᠡᠴᠡ ᠵᠦᠩᠳᠤ ᠬᠤᠳᠠ ᠶᠢᠨ ᠬᠠᠳᠠ ᠶᠢᠨ ᠡᠷᠭᠦᠭ᠍ᠰᠡᠨ ᠡᠳ᠋ ᠠᠭᠤᠷᠠᠰᠤ ᠶᠢ ᠠᠪᠣᠭᠠᠤᠨ᠂ ᠴᠢᠩᠭᠢᠰ ᠬᠠᠭᠠᠨ ᠳᠤ ᠴᠢᠩᠭ᠋᠎ᠠ ᠳᠤᠩᠭ᠋ᠤᠳᠤᠭᠳᠠᠵᠠᠢ᠃ ᠮᠦᠨ ᠳᠤᠰ ᠣᠳᠠᠭ᠎ᠠ ᠳᠤ ᠰᠢᠭᠢᠬᠤᠳᠤᠭ ᠵᠦᠩᠳᠤ ᠬᠤᠳᠠ ᠶᠢᠨ ᠴᠢᠳᠠᠪᠣᠷᠢᠳᠠᠨ ᠭᠦᠸᠧ ᠪᠣᠤ ᠢᠤᠢ ᠪᠣᠯᠤᠨ ᠶ‍ᠸᠯᠤᠢ ᠴᠦᠰᠠᠢ ᠶᠢ ᠣᠯᠵᠤ ᠴᠢᠩᠭᠢᠰ ᠬᠠᠭᠠᠨ ᠳᠤ ᠠᠭᠤᠯᠵᠠᠭᠤᠯᠵᠠᠢ᠃ 1219 ᠣᠨ ᠡᠴᠡ ᠴᠢᠩᠭᠢᠰ ᠬᠠᠭᠠᠨ ᠢ ᠳᠠᠭᠠᠵᠤ ᠰᠠᠷᠳᠠᠭᠴᠢᠨ ᠠᠶᠠᠨ ᠳᠤ ᠮᠤᠷᠳᠠᠵᠤ᠂ ᠮᠠᠰᠢ ᠶᠡᠭᠡ ᠡᠷᠡᠯᠭᠡᠭ᠌ ᠶᠢᠡᠷ ᠪᠠᠢ᠌ᠯᠳᠤᠵᠤ ᠶᠠᠪᠣᠵᠠᠢ᠃ 1232 ᠣᠨ ᠤ 3 ᠳ᠋ᠤᠭᠠᠷ ᠰᠠᠷ᠎ᠠ ᠳᠤ ᠰᠢᠭᠢᠬᠤᠳᠤᠭ᠂ ᠮᠤᠬᠤᠯᠠᠢ ᠶᠢᠨ ᠠᠴᠢ ᠳᠠᠰ ᠤᠨ ᠬᠠᠮᠳᠤ ᠴᠡᠷᠢᠭ᠌ ᠳᠠᠢ᠌ᠴᠢᠯᠠᠨ ᠡᡁᠸᠨᠡᠨ ᠤ ᠭᠠᠵᠠᠷ ᠢ ᠡᠵᠡᠯᠡᠨ ᠳᠤᠭᠳᠠᠭᠠᠬᠤ ᠪᠠᠷ ᠮᠤᠷᠳᠠᠪᠠ᠃ ᠮᠦᠨ ᠰᠠᠷ᠎ᠠ ᠳᠤ ᠥᠭᠡᠳᠡᠢ ᠬᠠᠭᠠᠨ ᠤ ᠴᠡᠷᠢᠭ᠌ ᠲᠡᠶ ᠬᠠᠮᠰᠠᠨ ᠠᠯᠳᠠᠨ ᠣᠯᠤᠰ ᠤᠨ ᠡᠮᠦᠨᠡᠳᠤ ᠨᠠᠢ᠌ᠰᠯᠠᠯ ᠨᠠᠠᠵᠢᠩ ᠬᠤᠳᠠ (ᠣᠳᠤ ᠶᠢᠨ ᠺᠠᠢ᠌ᠹᠧᠩ ᠬᠤᠳᠠ) ᠶᠢ ᠪᠦᠰᠡᠯᠡᠨ ᠴᠤᠭᠢᠵᠠᠢ᠃ 1234 ᠣᠨ ᠤ ᠡᠪᠦᠯ᠂ ᠴᠠᠭᠠᠨ ᠰᠠᠷ᠎ᠠ ᠶᠢᠨ ᠦᠶ᠎ᠡ ᠪᠠᠷ ᠮᠤᠩᠭ᠋ᠤᠯ ᠤᠨ ᠴᠡᠷᠢᠭ᠌ ᠠᠯᠳᠠᠨ ᠣᠯᠤᠰ ᠢ ᠮᠥᠭᠦᠭᠡᠭᠡᠳ᠂ 7 ᠳ᠋ᠤᠭᠠᠷ ᠰᠠᠷ᠎ᠠ ᠳᠤ ᠰᠢᠭᠢᠬᠤᠳᠤᠭ ᠢ ᠳᠤᠮᠳᠠᠳᠤ ᠣᠷᠤᠨ ᠤ ᠵᠦᠩ ᠵᠸᠤ ᠶᠢᠨ ᠵᠠᠷᠭᠤᠴᠢ ᠪᠠᠷ ᠳᠤᠮᠢᠯᠠᠵᠤ᠂ ᠳᠤᠮᠳᠠᠳᠤ ᠣᠷᠤᠨ ᠤ ᠬᠠᠮᠤᠭ ᠶᠡᠭᠡ ᠨᠤᠶᠠᠨ ᠪᠣᠯᠭᠠᠵᠤ᠂ ᠰᠠᠶ‍ᠢᠬᠠᠨ ᠡᠵᠡᠯᠡᠭ᠍ᠰᠡᠨ ᠠᠯᠳᠠᠨ ᠣᠯᠤᠰ ᠤᠨ ᠭᠠᠵᠠᠷ ᠢ ᠵᠠᠭᠢᠷᠤᠭᠤᠯᠪᠠ᠃ 1235 ᠣᠨ ᠤ ᠬᠠᠪᠣᠷ ᠡᠴᠡ ᠡᠭᠢᠯᠡᠨ ᠬᠠᠨ ᠭᠦᠪᠠᠭᠦᠨ ᠭᠦᠴᠤ ᠶᠢᠨ ᠬᠠᠮᠳᠤ ᠬᠠᠭᠠᠨ ᠤ ᠵᠠᠷᠯᠢᠭ ᠶᠢᠡᠷ ᠵᠡᠭᠦᠨ ᠵᠠᠮ ᠤᠨ ᠴᠡᠷᠢᠭ᠌ ᠢ ᠳᠠᠢ᠌ᠴᠢᠯᠠᠨ ᠡᠮᠦᠨᠡᠳᠤ ᠰᠦᠩ ᠣᠯᠤᠰ ᠢ ᠳᠠᠢ᠌ᠯᠠᠪᠠ᠃ 1236 ᠣᠨ ᠤ 7 ᠳ᠋ᠤᠭᠠᠷ ᠰᠠᠷ᠎ᠠ ᠳᠤ ᠬᠠᠭᠠᠨ ᠤ ᠵᠠᠷᠯᠢᠭ ᠪᠠᠷ ᠳᠤᠮᠳᠠᠳᠤ ᠣᠷᠤᠨ ᠤ ᠵᠦᠩ ᠵᠸᠤ ᠶᠢᠨ ᠡᠷᠦᠭᠡ ᠠᠮᠠᠨ ᠳᠤᠭ᠎ᠠ ᠶᠢ ᠪᠠᠢ᠌ᠴᠠᠭᠠᠵᠤ ᠪᠠᠷᠠᠭᠠᠤᠨ 111 ᠲᠦᠮᠡ ᠭᠠᠷᠤᠢ ᠡᠷᠦᠭᠡ ᠶᠢᠨ ᠳᠠᠩᠰᠠ ᠶᠢ ᠮᠤᠩᠭ᠋ᠤᠯ ᠤᠨ ᠬᠠᠭᠠᠠᠳᠤ ᠲᠦᠷᠦ ᠳᠤ ᠡᠷᠭᠦᠨ ᠪᠠᠷᠢᠵᠠᠢ᠃ ᠰᠢᠭᠢᠬᠤᠳᠤᠭ ᠪᠠᠰᠠ ᠬᠤᠪᠢᠯᠠᠢ ᠬᠠᠭᠠᠨ ᠢ ᠬᠠᠪᠰᠤᠷᠴᠤ ᠳᠤᠮᠳᠠᠳᠤ ᠣᠷᠤᠨ ᠢ ᠴᠡᠭ᠍ᠴᠡᠯᠡᠨ ᠵᠠᠰᠠᠬᠤ ᠠᠵᠢᠯ ᠢ ᠭᠢᠵᠤ ᠪᠠᠢ᠌ᠵᠠᠢ᠃


(ᠴᠢᠩᠭᠢᠰ ᠬᠠᠭᠠᠨ ᠤ ᠣᠩᠭ᠋ᠤᠨ ᠤ ᠳᠠᠭᠢᠯᠭ᠎ᠠ ᠰᠤᠶᠤᠯ ᠤᠨ ᠠᠯᠪᠠᠨ ᠭᠡᠷ)

ᠵᠤᠬᠢᠶᠠᠭᠴᠢ᠄ ᠰᠡᠴᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7441
ᠴᠠᠭ᠄ 2009 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ