ᠨᠡᠪᠲᠡᠷᠡᠨ ᠤᠷᠤᠬᠤ
ᠦᠭᠡ ᠶᠢᠨ ᠡᠷᠢᠯ

ᠣᠯᠤᠰ ᠲᠤ ᠠᠯᠳᠠᠷᠰᠢᠭᠰᠠᠨ ᠭᠡᠯᠡ ᠪᠢᠴᠢᠭ᠌ ᠤᠨ ᠡᠷᠳᠡᠮᠳᠡᠨ᠂ AX ᠶᠡᠭᠡ ᠰᠤᠷᠭᠠᠭᠤᠯᠢ ᠶᠢᠨ ᠫᠷᠤᠹᠧᠰᠰᠤᠷ ᠮᠤᠬᠤᠷ ᠭᠤᠸᠠᠢ ᠡᠨᠡ ᠨᠢᠭᠡᠯᠭᠡᠨ ᠵᠢᠯ ᠳᠤ ᠳᠠᠪᠣ ᠠᠷᠪᠠᠨ ᠨᠠᠰᠤ ᠶᠢ ᠡᠯᠡᠭᠡᠭ᠍ᠰᠡᠨ ᠰᠢᠭ᠌ ᠶᠢᠡᠨ ᠪᠣᠭᠤᠷᠤᠯᠳᠤᠨ ᠦᠳᠡᠯᠵᠠᠢ᠃ ᠨᠠᠩ ᠴᠤ ᠳᠡᠭᠦᠨ ᠤ ᠡᠴᠡᠵᠤ ᠳᠤᠷᠠᠭᠰᠠᠨ ᠢ ᠥᠰᠦᠭ᠌ ᠪᠢᠴᠢᠭ᠌ ᠶᠢᠡᠷ ᠳᠦᠷᠰᠦᠯᠡᠭᠦ ᠶᠢᠨ ᠠᠷᠭ᠎ᠠ ᠠᠯᠠᠭ᠎ᠠ᠃ ᠨᠢᠳᠤᠨᠤᠨ ᠳᠠᠷᠠ ᠨᠢᠭᠡᠨ ᠲᠦᠪᠡᠳ ᠣᠷᠠᠨ ᠵᠤᠬᠢᠶᠠᠯ ᠤᠨ ᠰᠡᠳᠭᠦᠯ ᠳᠡᠭᠡᠷ᠎ᠡ ᠨᠢᠭᠡ ᠮᠤᠩᠭ᠋ᠤᠯ ᠭᠦᠮᠤᠨ ᠤ ᠵᠤᠬᠢᠶᠠᠯ ᠪᠠᠢ᠌ᠭᠰᠠᠨ ᠢ ᠰᠠᠨᠠᠮᠰᠠᠷ ᠦᠭᠡᠶ ᠣᠯᠵᠤ ᠥᠵᠡᠭᠡᠤᠨ ᠶᠡᠭᠡ ᠰᠤᠨᠢᠷᠬᠠᠭᠰᠠᠨ ᠪᠠᠢ᠌ᠪᠠ᠃ ᠬᠨ ᠶᠠ︕ ᠲᠦᠪᠡᠳ ᠶᠢᠡᠷ ᠪᠢᠴᠢᠳᠡᠭ᠌ ᠮᠤᠩᠭ᠋ᠤᠯ ᠵᠤᠬᠢᠶᠠᠯᠴᠢ ᠪᠠᠰᠠ ᠪᠠᠢ᠌ᠳᠠᠭ ᠠᠵᠠᠢ︕ ᠣᠩᠰᠢᠵᠤ ᠥᠵᠡᠭ᠍ᠰᠡᠨ ᠴᠢᠨᠢ ᠶᠤᠰᠤᠳᠠᠢ ᠮᠤᠩᠭ᠋ᠤᠯ ᠠᠮᠢᠳᠤᠷᠠᠯ ᠢ ᠳᠤᠰᠬᠠᠭᠰᠠᠨ ᠠᠶᠠᠳᠠᠢ ᠰᠠᠢ᠌ᠬᠠᠨ ᠵᠤᠬᠢᠶᠠᠯ ᠪᠠᠢ᠌ᠯ᠎ᠠ᠃ ᠭᠡᠳᠡᠯ᠎ᠡ ᠵᠤᠬᠢᠶᠠᠯ ᠤᠨ ᠳᠤᠳᠤᠷ᠎ᠠ᠄ 《ᠰᠠᠷᠠ ᠶᠢᠨ ᠡᠵᠡᠨ ᠢᠯᠡᠭᠦᠤ ᠭᠦᠴᠦᠳᠡᠢ ᠳᠤᠯᠠ ᠣ᠂ ᠨᠨ ᠰᠦᠩ ᠤᠨ ᠭᠠᠷ ᠢ ᠰᠤᠩᠭ᠋ᠠᠭᠠᠵᠠᠢ》 ᠭᠡᠭᠦ ᠥᠭᠡ ᠪᠠᠢ᠌ᠭᠰᠠᠨ ᠢ ᠥᠭᠦᠮ᠎ᠡ ᠪᠣᠳᠤᠭᠠᠤᠨ ᠣᠬᠠᠭᠠᠨ ᠢ ᠨᠢ ᠣᠯᠤᠭᠰᠠᠨ ᠦᠭᠡᠶ᠃ ᠭᠦᠴᠢᠷ ᠤᠨ ᠡᠮᠦᠨ᠎ᠡ ᠭᠦᠵᠦᠭᠦᠤ ᠪᠦᠭᠦᠢᠵᠤ ᠥᠵᠡᠭᠡ ᠦᠭᠡᠶ ᠮᠤᠬᠤᠷ ᠭᠤᠸᠠᠢ ᠡᠨᠡ ᠥᠭᠡ ᠶᠢᠨ ᠣᠴᠢᠷ ᠢ ᠵᠠᠪᠠᠯ ᠣᠯᠬᠤ ᠪᠠᠷ ᠵᠤᠷᠢᠭ ᠰᠢᠭᠤᠤᠠᠴᠤ ᠪᠢᠯᠠ᠃ ᠨᠢᠭᠡ ᠵᠢᠯ ᠤᠨ ᠰᠤᠳᠤᠯᠭᠠᠨ ᠢᠩᠭᠢᠭᠡᠤᠨ ᠯᠠ ᠡᠭᠢᠯᠡᠭ᠍ᠰᠡᠨ ᠳ᠋ᠠ᠃ ᠭᠡᠳᠡᠯ᠎ᠡ ᠵᠤᠬᠢᠶᠠᠯ ᠤᠨ ᠭᠢᠨᠢ ᠦᠵᠡᠯ ᠰᠠᠨᠠᠭ᠎ᠠ᠂ ᠣᠷᠴᠢᠨ ᠠᠬᠤᠢ᠂ ᠦᠨᠳᠦᠰᠦᠳᠠᠨ ᠤ ᠵᠠᠩ ᠳᠠᠤᠠᠬᠠᠯ᠂ ᠰᠤᠶᠤᠯ ᠢᠷᠭᠡᠡᠰᠢᠯ᠂ ᠱᠠᠰᠢᠨ ᠰᠢᠳᠦᠯᠭᠡ᠁ ᠠᠯᠢ ᠳᠠᠯ᠎ᠠ ᠡᠴᠡ ᠨᠢ ᠰᠢᠠᠵᠢᠨ ᠥᠵᠡᠭ᠍ᠰᠡᠨ ᠴᠤ ᠳᠠᠷᠠ ᠥᠭᠡ ᠶᠢᠨ ᠣᠤᠠᠬ᠎ᠠ ᠳᠤ ᠬᠠᠪᠢᠳᠠᠬᠤ ᠪᠠᠷ ᠶᠠᠭᠤᠮ᠎ᠠ ᠣᠭᠳᠤ ᠣᠯᠳᠠᠭᠰᠠᠨ ᠦᠭᠡᠶ᠃ ᠡᠨᠡ ᠭᠦ ᠰᠢᠷᠭᠠᠭᠤ ᠭᠦᠳᠡᠯᠮᠦᠷᠢ ᠶᠢᠨ ᠳᠤᠮᠳᠠ ᠫᠷᠤᠹᠧᠰᠰᠤᠷ ᠭᠤᠸᠠᠢ ᠭᠢᠴᠢᠨᠠᠨ ᠭᠦᠴᠤ ᠭᠦᠯᠦᠰᠤ ᠪᠠᠨ ᠣᠷᠤᠰᠬᠠᠵᠤ᠂ ᠭᠢᠴᠢᠨᠠᠨ ᠭᠦᠴᠢᠷ ᠵᠤᠪᠠᠯᠠᠩ ᠳᠤᠭᠤᠯᠤᠭᠰᠠᠨ ᠢ ᠪᠣᠤ ᠮᠠᠳᠠ᠃

ᠭᠡᠨᠡᠳᠲᠡ ᠨᠢᠭᠡᠨ ᠡᠳᠦᠷ ᠵᠤᠯ ᠲᠤᠬᠢᠶᠠᠯᠳᠤᠵᠤ ᠬᠠᠮᠳᠤ ᠰᠤᠷᠤᠭᠴᠢ᠂ ᠥᠰᠦᠭ᠌ ᠪᠢᠴᠢᠭ᠌ ᠤᠨ ᠨᠠᠷᠠᠳᠤ ᠳᠡᠦᠭᠡᠴᠢ ᠭᠤᠮᠪᠣ ᠭᠤᠸᠠᠢ ᠨᠢ ᠵᠠᠮ ᠳᠠᠭᠠᠷᠠᠭᠤᠯᠤᠨ ᠭᠡᠷ ᠳᠤᠨᠢ ᠪᠠᠭᠤᠭᠰᠠᠨ ᠪᠠᠢ᠌ᠪᠠ᠃ ᠡᠨᠡ ᠴᠤ ᠮᠦᠨ ᠰᠤᠳᠤᠷ ᠴᠢᠯᠡᠭᠡᠵᠤ ᠨᠤᠮ ᠳᠤᠭᠤᠯᠤᠭᠰᠠᠨ ᠭᠠᠢ᠌ᠬᠠᠯ᠂ ᠶᠠᠭᠤ ᠮᠠᠭᠠᠤᠨ ᠭᠡᠵᠤ ᠬᠠᠭᠤᠴᠢᠨ ᠨᠠᠢ᠌ᠵᠠ ᠪᠠᠨ ᠳᠤᠳᠤᠭᠰᠢ ᠵᠠᠯᠠᠵᠤ᠂ ᠣᠴᠢᠷ ᠶᠢᠡᠨ ᠳᠡᠯᠭᠡᠨ ᠣᠭ ᠵᠤᠬᠢᠶᠠᠯ ᠤᠨ ᠠᠭᠤᠯᠭ᠎ᠠ ᠶᠢ ᠳᠠᠨᠢᠯᠴᠠᠭᠤᠯᠵᠤ ᠪᠠᠢ᠌ᠳᠠᠯ᠎ᠠ ᠵᠤᠴᠢᠨ ᠳᠤ ᠣᠰᠤ ᠴᠠᠢ ᠪᠠᠷᠢᠵᠤ ᠳᠠᠯᠳᠠᠩᠨᠠᠵᠤ ᠪᠠᠢ᠌ᠭᠰᠠᠨ ᠠᠴᠢ ᠭᠦᠤ ᠨᠢ ᠬᠠᠷᠢᠨ᠄ 《ᠣᠤ᠂ ᠳᠠᠷᠠ ᠵᠤᠬᠢᠶᠠᠯ ᠴᠢᠨᠢ ᠨᠢᠭᠡᠨ ᠭᠢᠳᠠᠤᠨ ᠰᠡᠳᠭᠦᠯ ᠳᠡᠭᠡᠷ᠎ᠡ ᠪᠠᠰᠠ ᠪᠠᠢ᠌ᠭᠰᠠᠨ ᠳ᠋ᠠ》 ᠭᠡᠵᠤ ᠪᠦᠯᠳᠡᠯᠵᠡᠭᠦ ᠶᠤᠮ᠃ 《ᠭᠦᠶ‍ᠢ ᠠᠯᠢ᠂ ᠬᠠᠮᠢᠭ᠎ᠠ ᠪᠠᠢ᠌ᠨ᠎ᠠ︖ ᠠᠪᠣᠭᠠᠤᠨ ᠢᠷ᠎ᠠ︕》 ᠭᠡᠪᠠᠯ ᠨᠤᠮ ᠤᠨ ᠳᠠᠯᠪᠢᠭᠤᠷ ᠡᠴᠡ ᠨᠢᠭᠡ ᠬᠠᠭᠤᠴᠢᠨ ᠰᠡᠳᠭᠦᠯ ᠠᠪᠴᠤ ᠦᠭ‍ᠭᠦᠨ᠎ᠡ᠃ ᠣᠷᠪᠠᠭᠤᠯᠵᠤ ᠥᠵᠡᠭ᠍ᠰᠡᠨ ᠴᠢᠨᠢ ᠳᠤᠳᠤ ᠮᠤᠩᠭ᠋ᠤᠯ ᠥᠰᠦᠭ᠌ ᠤᠨ 《×××》 ᠰᠡᠳᠭᠦᠯ ᠡᠴᠡ ᠭᠢᠳᠠᠤᠠᠴᠢᠯᠠᠪᠠ ᠭᠡᠵᠡᠢ᠃ ᠵᠠ᠂ ᠳᠡᠭᠡᠭᠡᠤᠨ ᠡᠷᠢᠯ ᠤᠨ ᠠᠵᠢᠯ ᠡᠭᠢᠯᠡᠭᠦ ᠨᠢ ᠳᠠᠷᠠ᠃ ᠳᠤᠳᠤ ᠥᠰᠦᠭ᠌ ᠤᠨ ᠰᠡᠳᠭᠦᠯ ᠢ ᠨᠢ ᠦᠵᠡᠪᠠᠯ ᠨᠢᠭᠡᠨ ᠬᠤᠳᠤᠮ ᠥᠰᠦᠭ᠌ ᠤᠨ ᠨᠤᠮ ᠡᠴᠡ ᠳᠤᠳᠤᠴᠢᠯᠠᠪᠠ ᠭᠡᠵᠡᠢ᠃ ᠵᠠ᠂ ᠳᠡᠭᠡᠭᠡᠤᠨ ᠳᠠᠷᠠ ᠬᠤᠳᠤᠮ ᠥᠰᠦᠭ᠌ ᠤᠨ ᠨᠤᠮ ᠳ᠋ᠤᠨᠢ ᠦᠵᠡᠪᠠᠯ ᠰᠢᠨ᠎ᠠ ᠥᠰᠦᠭ᠌ ᠤᠨ 《×××》 ᠰᠤᠨᠢᠨ ᠡᠴᠡ ᠪᠠᠭᠤᠯᠭᠠᠪᠠ ᠭᠡᠵᠤ ᠪᠠᠢ᠌ᠯ᠎ᠠ᠃ ᠨᠥᠭᠦᠭᠡ ᠰᠢᠨ᠎ᠠ ᠥᠰᠦᠭ᠌ ᠤᠨ ᠰᠤᠨᠢᠨ ᠢ ᠨᠢ ᠰᠢᠭᠦᠵᠤ ᠦᠵᠡᠪᠠᠯ᠂ ᠣᠭ ᠥᠭᠡ ᠨᠢ 《ᠰᠢᠪᠠᠷ ᠲᠤ ᠣᠨᠠᠭᠰᠠᠨ ᠱᠠᠷ ᠤᠨ ᠡᠵᠡᠨ ᠢᠯᠡᠭᠦᠤ ᠭᠦᠴᠦᠳᠡᠢ》 ᠭᠡᠵᠤ ᠪᠠᠢ᠌ᠯ᠎ᠠ᠃ ᠮᠤᠩᠭ᠋ᠤᠯ ᠭᠠᠵᠠᠷ ᠨᠠᠮᠤᠭ ᠰᠢᠪᠠᠷ ᠶᠡᠭᠡ ᠳᠤᠯᠠ ᠣᠨᠤᠭ᠎ᠠ ᠥᠭᠡᠷ ᠨᠢ ᠰᠢᠪᠠᠷᠳᠠᠪᠠᠯ ᠣᠯᠠᠭᠤᠯᠠ ᠬᠠᠮᠵᠢᠨ ᠳᠠᠳᠠᠵᠤ ᠭᠠᠷᠭᠠᠳᠠᠭ ᠰᠠᠢ᠌ᠬᠠᠨ ᠵᠠᠩᠰᠢᠯ ᠲᠡᠶ ᠪᠠᠢ᠌ᠬᠤ ᠳᠤ᠂ ᠱᠠᠷ ᠤᠨ ᠡᠵᠡᠨ ᠨᠢ ᠢᠯᠡᠭᠦᠤ ᠭᠦᠴᠤ ᠭᠠᠷᠭᠠᠬᠤ ᠨᠢ ᠠᠶᠠᠠᠳᠠᠭᠠᠨ ᠪᠢᠯᠠ᠃ ᠬᠤᠵᠢᠮ ᠨᠢ ᠡᠨᠡ ᠥᠭᠡ ᠶᠢᠨ ᠣᠤᠠᠬ᠎ᠠ ᠰᠢᠯᠵᠢᠭᠡᠤᠨ ᠶᠠᠮᠠᠷ ᠴᠤ ᠭᠡᠷᠡᠭ᠌ ᠲᠤ ᠡᠵᠡᠨ ᠭᠦᠮᠤᠨ ᠨᠢ ᠢᠯᠡᠭᠦᠤ ᠬᠠᠷᠢᠭᠤᠴᠠᠯᠭ᠎ᠠ ᠲᠡᠶ ᠭᠡᠰᠡᠨ ᠶᠢᠡᠷ ᠵᠠᠷᠤᠭᠳᠠᠳᠠᠭ ᠪᠣᠯᠤᠭᠰᠠᠨ ᠪᠠᠢ᠌ᠨ᠎ᠠ᠃ ᠣᠭ ᠵᠤᠬᠢᠶᠠᠯ ᠳᠤ ᠶᠠᠭ ᠢᠩᠭᠢᠵᠤ ᠵᠠᠷᠤᠭᠳᠠᠭᠰᠠᠨ ᠪᠠᠢ᠌ᠵᠠᠢ᠃ ᠭᠡᠳᠡᠯ᠎ᠡ ᠰᠢᠨ᠎ᠠ ᠥᠰᠦᠭ᠌ ᠡᠴᠡ ᠬᠠᠭᠤᠴᠢᠨ ᠥᠰᠦᠭ᠌ ᠲᠤ ᠪᠠᠭᠤᠯᠭᠠᠭᠰᠠᠨ ᠠᠪᠣᠭᠠᠢ ᠮᠠᠨᠢ ᠮᠤᠩᠭ᠋ᠤᠯ ᠠᠮᠢᠳᠤᠷᠠᠯ ᠳᠠᠭᠠᠨ ᠪᠠᠷᠤᠭᠳᠠᠢ ᠶᠤᠮ ᠪᠣᠯᠤᠯᠳᠠᠢ᠄ 《ᠰᠢᠪᠠᠷ ᠲᠤ ᠣᠨᠠᠭᠰᠠᠨ ᠰᠢᠷ᠎ᠠ ᠶᠢᠨ ᠡᠵᠡᠨ ᠢᠯᠡᠭᠦᠤ ᠭᠦᠴᠦᠳᠡᠢ》 ᠭᠡᠵᠤ ᠪᠠᠭᠤᠯᠭᠠᠭᠰᠠᠨ ᠪᠠᠢ᠌ᠨ᠎ᠠ᠃ ᠡᠭᠦᠨ ᠢ ᠨᠢ ᠨᠢᠭᠡ ᠣᠢ᠌ᠷᠠᠤᠨ ᠭᠦᠮᠤᠨ 《ᠰᠠᠪᠠᠷᠳᠤ ᠣ ᠨᠠᠰᠤᠨ ᠰᠠᠷᠠ ᠶᠢᠨ ᠡᠵᠡᠨ ᠢᠯᠡᠭᠦᠤ ᠭᠦᠴᠦᠳᠡᠢ》 ᠭᠡᠵᠤ ᠳᠤᠳᠤᠴᠢᠯᠠᠵᠠᠢ᠃ ᠡᠨᠡ ᠥᠭᠡ ᠶᠢ ᠭᠢᠳᠠᠤᠠᠴᠢᠯᠠᠭᠰᠠᠨ ᠤ ᠳᠠᠷᠠᠭ᠎ᠠ᠄ 《ᠣᠷᠳᠤ ᠭᠠᠷᠳᠤ ᠣ᠂ ᠨᠠᠰᠤᠨ ᠢᠯᠡᠭᠦᠤ ᠭᠦᠴᠦᠳᠡᠢ ᠪᠠᠷ ᠶᠢᠡᠨ ᠰᠠᠷᠠ ᠶᠢᠨ ᠡᠵᠡᠨ ᠪᠣᠯᠵᠠᠢ》 ᠭᠡᠭᠦ ᠣᠤᠠᠬ᠎ᠠ ᠲᠡᠶ ᠪᠣᠯᠤᠭᠰᠠᠨ ᠠᠵᠠᠢ᠃ ᠳᠠᠭᠢᠨ ᠳᠦᠪᠠᠦᠡᠴᠢᠯᠡᠭ᠍ᠰᠡᠨ ᠳᠤ᠄ 《ᠰᠠᠷᠠ ᠶᠢᠨ ᠡᠵᠡᠨ ᠢᠯᠡᠭᠦᠤ ᠭᠦᠴᠦᠳᠡᠢ ᠳᠤᠯᠠ ᠣ᠂ ᠨᠨ ᠰᠦᠩ ᠤᠨ ᠭᠠᠷ ᠢ ᠰᠤᠩᠭ᠋ᠠᠭᠠᠵᠠᠢ》 ᠭᠡᠭᠦ ᠥᠭᠡ ᠮᠡᠡᠳᠦᠯᠡᠭ᠍ᠰᠡᠨ ᠠᠵᠤᠭᠤ᠃

᠁ᠨᠢᠭᠡ ᠪᠣᠳᠤᠬᠤ ᠳᠤ ᠠᠷᠭ᠎ᠠ ᠴᠤ ᠦᠭᠡᠶ ᠳ᠋ᠠ᠂ ᠭᠦᠭᠡᠷᠦᠭᠦᠢ᠃

ᠵᠤᠬᠢᠶᠠᠭᠴᠢ᠄ ᠴᠡᠪᠰᠢᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄ ᠥᠭᠥᠯᠡᠯᠭᠡ
ᠳᠠᠷᠤᠮ᠄ 9193
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ