ᠨᠡᠪᠲᠡᠷᠡᠨ ᠤᠷᠤᠬᠤ
ᠮᠠᠨᠢ ᠶᠢᠨ ᠳᠠᠷᠨᠢ

ᠣᠮ

ᠮᠥᠴᠢᠯᠭᠡ ᠵᠠᠭᠤᠨ ᠲᠡᠶ ᠡᠨᠡ ᠳᠡᠯᠡᠭᠡᠢ ᠳᠤ ᠭᠦᠮᠤᠨ

ᠮᠥᠮᠥ ᠪᠠᠨ ᠪᠠᠶᠠᠰᠬᠠᠵᠤ ᠭᠠᠷ ᠬᠤᠭᠤᠰᠤᠨ ᠢᠷᠡᠳᠡᠭ᠌ ᠶᠤᠮ

ᠮᠥᠩᠭᠡᠷᠡᠭᠦ ᠶᠤᠮ ᠰᠢᠭ ᠠᠮᠢ ᠪᠠᠨ ᠭᠤᠶᠤᠵᠤ ᠭᠦᠶ‍ᠦᠭᠡᠳ

ᠮᠦᠨᠳᠤ ᠪᠠᠶ᠎ᠠ ᠳᠡᠭᠡᠨ ᠭᠠᠠᠵᠤᠭ᠎ᠠ ᠬᠤᠭᠤᠰᠤᠨ ᠪᠣᠴᠠᠳᠠᠭ ᠶᠤᠮ

ᠭᠠᠯᠪᠠ ᠳᠡᠭᠡᠷ᠎ᠡ ᠭᠠᠭᠴᠠ ᠵᠠᠶᠠᠭᠠᠬᠤ ᠨᠠᠰᠤᠨ ᠳ᠋ᠠᠭᠠᠨ

ᠭᠠᠠᠵᠤᠭ᠎ᠠ ᠳᠦᠭᠦᠷᠡᠩ ᠣᠯᠵᠠ ᠲᠡᠶ ᠶᠠᠪᠣᠬᠤ ᠶᠢ ᠪᠣᠳᠤᠳᠠᠭ ᠶᠤᠮ

ᠭᠠᠵᠠᠷ ᠣᠰᠤᠨ ᠳᠠᠭᠠᠨ ᠠᠮᠢᠳᠠᠨ ᠤ ᠳᠡᠭᠡᠳᠤ ᠪᠣᠯᠬᠤᠷ

ᠭᠠᠳᠴᠠ ᠶᠢᠨ ᠳᠠᠰᠢᠭᠤ ᠳᠤ ᠭᠦᠰᠡᠯ ᠠᠷᠬᠠᠯᠠᠵᠤ ᠬᠤᠨᠤᠳᠠᠭ ᠶᠤᠮ

ᠮᠠ

ᠠᠮᠢᠨ ᠤ ᠳᠦᠯᠦᠭᠡ ᠳᠠᠩᠨᠠᠢ ᠴᠤᠭᠤᠷᠠᠳᠠᠯ᠎ᠠ ᠭᠡᠯᠡᠭᠡᠳ

ᠠᠮᠢᠵᠢᠷᠠᠯ ᠤᠨ ᠳᠤᠭᠤᠨᠤ ᠶᠢ ᠳᠠᠪᠤᠨ ᠣᠬᠠᠭᠠᠨ ᠶᠢᠡᠷ ᠶᠢᠡᠨ ᠪᠣᠰᠬᠠᠳᠠᠭ ᠵᠢᠭᠢ

ᠠᠮᠢᠳᠤᠷᠠᠯ ᠤᠨ ᠳᠦᠯᠦᠭᠡ ᠳᠠᠪᠠᠭ ᠴᠤᠭᠤᠷᠳᠠᠯ᠎ᠠ ᠭᠦᠶ‍ᠦᠭᠡᠳ

ᠠᠮᠢᠰᠬᠤᠯ ᠤᠨ ᠳᠤᠭ᠎ᠠ ᠶᠢ ᠳᠠᠪᠢᠯᠠᠩ ᠤᠨ ᠵᠢᠷᠤᠬᠠᠢ ᠪᠠᠷ ᠭᠦᠢᠴᠡᠭᠡᠳᠡᠭ᠌ ᠵᠢᠭᠢ

ᠥᠭᠦᠯᠳᠡᠢ ᠠᠪᠣᠯᠳᠠᠢ ᠬᠤᠷᠸ᠎ᠠ ᠳᠤ ᠥᠡᠳᠦᠭᠡᠨ ᠤ ᠣᠭᠤᠷᠠᠭ ᠰᠢᠭ ᠪᠦᠮᠪᠦᠷᠴᠤ

ᠣᠢ ᠲᠡᠶ ᠭᠤᠮᠤᠳᠠᠯ ᠲᠡᠶ ᠠᠮᠢᠳᠤᠷᠠᠯ ᠳ᠋ᠡᠭᠡᠨ ᠥᠭᠡᠭᠦᠨ ᠬᠤᠷᠭᠤᠨ ᠰᠢᠭ ᠴᠠᠷᠴᠠᠵᠤ

ᠣᠭᠤᠰᠤᠷ ᠪᠦᠴᠡ ᠦᠭᠡᠶ ᠣᠷᠴᠢᠯᠠᠩ ᠤᠨ ᠣᠯᠠᠨ ᠤ ᠳᠤᠭᠤᠰᠤᠨ ᠳᠤ ᠪᠠᠭᠳᠠᠵᠤ

ᠣᠯᠤᠭᠰᠠᠨ ᠵᠥᠭᠡᠭᠡᠭ᠍ᠰᠡᠨ ᠪᠦᠭᠦᠨ ᠶᠢᠡᠨ ᠣᠢᠷᠠᠨ ᠰᠠᠳᠤᠨ ᠳᠠᠭᠠᠨ ᠥᠯᠡᠳᠡᠭᠡᠳᠡᠭ᠌ ᠵᠢᠭᠢ

ᠨᠢ

ᠬᠤᠪᠢ ᠣᠴᠠᠷᠠᠯ ᠤᠨ ᠭᠡᠷᠡᠭ᠌ ᠶᠢᠡᠷ ᠡᠮᠦᠨ᠎ᠡ ᠲᠦᠷᠦᠯ ᠶᠢᠡᠨ ᠳᠠᠮᠨᠠᠵᠤ

ᠬᠤᠳᠤᠭ ᠪᠣᠶᠠᠨ ᠤ ᠭᠡᠰᠢᠭ᠌ ᠶᠢᠡᠨ ᠬᠣᠢ᠌ᠳᠤ ᠲᠦᠷᠦᠯ ᠳᠡᠭᠡᠨ ᠳᠠᠭᠠᠳᠬᠠᠨ

ᠬᠤᠶᠠᠷ ᠭᠠᠷ ᠨᠢ ᠴᠢᠰᠤᠳᠠᠢ ᠪᠣᠷᠬᠠᠨ ᠤ ᠡᠮᠦᠨ᠎ᠡ ᠣᠴᠢᠬᠤ ᠳ᠋ᠠᠭᠠᠨ

ᠬᠤᠷᠸ᠎ᠠ ᠳᠤ ᠭᠢᠭ᠍ᠰᠡᠨ ᠭᠢᠯᠢᠠᠴᠠ ᠪᠠᠨ ᠨᠢᠮᠭᠡᠯᠡᠭᠦ ᠶᠢ ᠪᠣᠳᠤᠵᠤ ᠮᠥᠷᠭᠦᠳᠡᠭ᠌ ᠰᠠᠨ

ᠴᠠᠭ ᠨᠢ ᠳᠤᠯᠤᠭᠠᠤᠨ ᠢᠷᠡᠭᠦᠯᠡᠷ ᠡᠷᠯᠢᠭ᠌ ᠤᠨ ᠡᠯᠴᠢ ᠳᠤ ᠳᠠᠭᠤᠳᠠᠭᠳᠠᠨ

ᠴᠠᠪᠢᠳᠠᠷ ᠮᠤᠷᠢᠨ ᠤ ᠭᠢᠰᠢᠭ᠍ᠳᠡᠯ ᠶᠢᠡᠷ ᠡᠷᠭᠡ ᠶᠢᠨ ᠮᠠᠨᠢ ᠣᠶᠠᠷᠠᠭᠤᠯᠪᠠᠴᠤ

ᠨᠢᠰᠤ ᠨᠢᠯᠪᠣᠰᠤᠨ ᠡᠴᠡ ᠰᠠᠯᠵᠤ ᠪᠣᠷᠬᠠᠨ ᠤ ᠣᠷᠤᠨ ᠳᠤ ᠳᠦᠷᠦᠭᠦ ᠪᠠᠷ

ᠨᠤᠮ ᠤᠨ ᠳᠠᠭᠤᠤ ᠰᠤᠨᠤᠰᠴᠤ ᠪᠣᠶᠠᠨ ᠤ ᠮᠠᠨᠠᠯ ᠣᠩᠰᠢᠭᠤᠯᠳᠠᠭ ᠰᠠᠨ

ᠫᠠᠤᠨ

ᠢᠷᠭᠡ ᠶᠢᠨ ᠱᠦᠯᠦ ᠣᠤᠭᠤᠵᠤ ᠭᠠᠭᠴᠠᠭᠠᠷ ᠳᠦᠷᠦᠳᠡᠭ᠌ ᠪᠣᠯᠪᠠᠴᠤ

ᠢᠨᠠᠭ ᠤᠨ ᠲᠦᠯᠦ ᠨᠢᠭᠤᠵᠤ ᠬᠤᠤᠰ ᠶᠢᠡᠷ ᠠᠮᠢᠳᠤᠷᠠᠳᠠᠭ ᠬᠤᠪᠢᠳᠠᠢ ᠰᠠᠠᠵᠢ

ᠢᠷᠮᠡᠭᠦ ᠶᠢᠨ ᠵᠠᠭᠤᠷ᠎ᠠ ᠶᠢᠨ ᠴᠢᠯᠦᠭᠡᠨ ᠳᠤ ᠭᠤᠷᠪᠠᠨ ᠬᠤᠷᠢᠮ ᠡᠭᠦᠰᠭᠡᠨ

ᠶ‍ᠢᠷᠳᠢᠠᠴᠤ ᠶᠢᠨ ᠳᠦᠷᠪᠡᠨ ᠣᠯᠠᠷᠢᠯ ᠳᠤ ᠭᠤᠮᠤᠳᠠᠯ ᠶᠢᠡᠨ ᠪᠠᠷᠠᠳᠠᠭ ᠵᠦᠪᠳᠠᠢ ᠰᠠᠠᠵᠢ

ᠢᠨᠢᠶᠠᠵᠤ ᠣᠢ᠌ᠯᠠᠬᠤ ᠶᠢᠨ ᠵᠠᠢ ᠳᠤ ᠢᠷᠠᠵᠤ ᠪᠣᠴᠠᠳᠠᠭ ᠭᠢ᠌ᠴᠢᠨ ᠰᠠᠠᠵᠢ

ᠢᠳᠡᠭᠡᠯ ᠰᠡᠳᠭᠢᠯ ᠬᠤᠶᠠᠷ ᠶᠢᠡᠨ ᠢᠷᠯᠠᠵᠤ ᠪᠣᠰᠳᠠᠭ ᠳᠠᠭᠤᠴᠢᠨ ᠰᠠᠠᠵᠢ

ᠠᠮᠪᠠᠨ ᠢᠷᠭᠡ ᠢᠳᠡᠭᠦᠯᠪᠠᠴᠤ ᠠᠮᠠ ᠨᠢ ᠳᠤᠰᠤᠳᠤᠳᠠᠭ ᠦᠭᠡᠶ ᠵᠤᠴᠢᠨ ᠰᠠᠠᠵᠢ

ᠠᠮᠤᠷ ᠵᠠᠶᠠᠭ᠎ᠠ ᠥᠵᠡᠭᠦᠯᠳᠡᠭ᠌ ᠦᠭᠡᠶ ᠠᠯᠳᠠᠨ ᠳᠡᠯᠡᠭᠡᠢ ᠶᠢᠨ ᠪᠦᠭᠡᠰᠤᠨ ᠰᠠᠠᠵᠢ

ᠮᠠ

ᠳᠤᠷᠤᠮ ᠤᠨ ᠵᠤᠭᠳᠤᠷ ᠰᠢᠷᠤᠢ ᠲᠠᠭᠠᠨ ᠳᠤᠬᠤᠮ ᠭᠦᠪᠢᠵᠤ ᠠᠮᠢᠳᠤᠷᠠᠭᠠᠤᠨ

ᠳᠤᠭᠠᠳᠠᠢ ᠭᠡᠳᠦᠭᠡᠨ ᠨᠠᠰᠤᠨ ᠶᠢᠡᠨ ᠮᠥᠩᠭᠡᠷᠡᠭᠦ ᠶᠤᠮ ᠰᠢᠭ ᠠᠷᠭᠠᠳᠠᠵᠤ

ᠳᠤᠭᠤᠰᠤᠨ ᠪᠦᠷᠭᠦᠭ᠍ᠰᠡᠨ ᠭᠠᠵᠠᠷ ᠲᠠᠭᠠᠨ ᠳᠤᠯᠤᠭᠠᠢ ᠶᠢᠨ ᠣᠳᠤ ᠪᠡᠨ ᠳᠠᠯᠢᠯᠭᠠᠵᠤ

ᠳᠤᠭᠤᠷᠤᠤ ᠨᠢᠰᠦᠭ᠍ᠰᠡᠨ ᠳᠡᠭ᠍ᠷᠢ ᠲᠡᠭᠡᠨ ᠬᠠᠯᠢᠨ ᠣᠤᠠᠳᠠᠭ ᠵᠢᠮ᠎ᠠ ᠲᠡᠶ ᠪᠠᠢ᠌ᠨ᠎ᠠ

ᠮᠥᠩᠭᠡᠷᠡᠭᠦ ᠡᠴᠡ ᠬᠤᠳᠠᠯᠠ ᠳᠡᠭᠦᠰ ᠤᠨ ᠢᠷᠦᠭᠡᠯ ᠰᠢᠭ ᠵᠢᠠᠨ

ᠮᠥᠩᠭᠦᠨ ᠴᠠᠭᠠᠨ ᠰᠡᠳᠭᠢᠯ ᠨᠢ ᠬᠤᠷᠸ᠎ᠠ ᠳᠤ ᠬᠤᠴᠤᠷᠠᠳᠠᠭ ᠪᠠᠢ᠌ᠨ᠎ᠠ

ᠮᠥᠷᠦᠭᠡᠳᠦᠭᠦ ᠡᠴᠡ ᠬᠤᠩᠬ᠎ᠠ ᠶᠢᠨ ᠬᠤᠶᠠᠷ ᠴᠢᠭᠢᠨ ᠰᠢᠭ᠌

ᠮᠦᠷ ᠨᠠᠷ᠎ᠠ ᠬᠤᠶᠠᠷ ᠯᠠ ᠬᠤᠷᠭᠤᠳᠤᠵᠤ ᠥᠯᠡᠳᠡᠳᠡᠭ᠌ ᠪᠠᠢ᠌ᠨ᠎ᠠ

ᠬᠤᠮ

ᠡᠷᠳᠡᠨᠢ ᠪᠠᠶ᠎ᠠ ᠶᠢ ᠣᠯᠵᠤ ᠡᠨᠡ ᠳᠡᠯᠡᠭᠡᠢ ᠳᠤ ᠳᠤᠭᠳᠠᠬᠤ ᠨᠢ

ᠰᠠᠷᠠᠨ ᠨᠠᠷᠠᠨ ᠤ ᠪᠦᠦᠪᠠᠢ ᠲᠡᠶ ᠶᠡᠭᠡ ᠬᠠᠢ᠌ᠷ᠎ᠠ ᠶᠢᠨ ᠥᠮᠦᠭ᠌ ᠊ᠤᠤ

ᠡᠯᠢᠭᠡᠨ ᠰᠠᠳᠤᠨ ᠶᠢᠡᠨ ᠣᠢ᠌ᠯᠠᠭᠤᠯᠵᠤ ᠡᠷᠭᠢᠭᠡᠳ ᠳᠠᠭᠢᠨ ᠪᠣᠴᠠᠬᠤ ᠨᠢ

ᠰᠠᠪᠠ ᠶᠡᠭᠡ ᠶ‍ᠢᠷᠳᠢᠠᠴᠤ ᠶᠢᠨ ᠡᠶ᠎ᠡ ᠣᠬᠠᠭᠠᠨ ᠤ ᠳᠦᠮᠦᠭ ᠦᠦ︖

ᠥᠭᠦᠭ᠍ᠰᠡᠨ ᠭᠦᠮᠤᠨ ᠢ ᠥᠭᠡᠢ᠌ᠯᠡᠨ ᠣᠢ᠌ᠯᠠ ᠶᠢᠨ ᠴᠠᠪ ᠭᠢᠭᠦ ᠳᠡᠭᠡᠨ

ᠦᠷᠦᠪᠴᠢᠨ ᠳᠦᠷᠢ ᠥᠵᠡᠭᠦᠯᠵᠤ ᠦᠨᠡᠨ ᠤ ᠭᠠᠵᠠᠷ ᠣᠴᠢᠯ᠎ᠠ ᠭᠡᠳᠡᠭ᠌

ᠥᠨᠡᠭᠡᠷᠳᠡᠭᠡᠨ ᠪᠢᠳᠠᠨ ᠥᠷᠭᠦᠯᠵᠢ ᠨᠣᠢ᠌ᠯᠠ ᠶᠢᠨ ᠨᠢᠳᠤ ᠳᠠᠷᠤᠬᠤ ᠳ᠋ᠠᠭᠠᠨ

ᠥᠨᠡᠭᠡᠨ ᠱᠤᠯᠤᠮ ᠡᠭᠦᠷᠢᠯᠡᠭ᠍ᠰᠡᠨ ᠬᠤᠳᠠᠯ ᠤᠨ ᠭᠠᠵᠠᠷ ᠪᠠᠢ᠌ᠳᠠᠭ ᠦᠦ︖

ᠵᠤᠬᠢᠶᠠᠭᠴᠢ᠄ ᠺᠠ᠊·ᠴᠠᠷᠠᠠᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ