ᠨᠡᠪᠲᠡᠷᠡᠨ ᠤᠷᠤᠬᠤ
ᠭᠡᠯᠡ ᠪᠢᠴᠢᠭ᠌ ᠤᠨ ᠰᠤᠷᠢᠯᠳᠠ ᠶᠢᠨ ᠰᠠᠳᠤᠪ

ᠳᠡᠭᠡᠳᠤ ᠬᠤᠶᠠᠳᠤᠭᠠᠷ ᠣᠨ ᠤ ᠬᠤᠭᠤᠴᠠᠭᠠᠨ ᠡᠴᠦᠰ ᠤᠨ ᠭᠡᠯᠡ ᠪᠢᠴᠢᠭ᠌ ᠤᠨ ᠰᠢᠯᠭᠠᠯᠳᠠ

ᠨᠢᠭᠡ᠂ ᠰᠤᠩᠭ᠋ᠤᠬᠤ ᠰᠠᠳᠤᠪ (ᠰᠠᠳᠤᠪ ᠪᠦᠷᠢ 2 ᠬᠤᠪᠢ᠂ ᠨᠠᠢ᠌ᠳᠠ 40 ᠬᠤᠪᠢ)

1. ᠭᠡᠯᠡᠨ ᠤ ᠥᠵᠦᠭᠦᠷ ᠴᠠᠴᠠᠷᠠᠨ ᠭᠡᠯᠡᠭ᠍ᠳᠡᠭᠦ ᠳᠠᠭᠤᠨ ᠲᠡᠶ ᠭᠡᠢ᠌ᠭᠦᠯᠦᠭ᠍ᠴᠢ ᠨᠢ ᠄

A.   ᠪ᠊        B.  ᠷ           C.  ᠴ           D.   ᠭ

2. 《ᠣᠷᠤᠬᠤ》 ᠭᠡᠳᠡᠭ᠌ ᠥᠭᠡ ᠶᠢᠨ ᠦᠨᠳᠦᠰᠦᠨ ᠣᠤᠠᠬ᠎ᠠ ᠶᠢ ᠢᠯᠡᠳᠭᠡᠭ᠍ᠰᠡᠨ ᠬᠤᠯᠪᠣᠭ᠎ᠠ ᠥᠭᠡ ᠨᠢ ᠄

A. ᠵᠢᠯ ᠣᠷᠤᠬᠤ       B. ᠭᠦᠯ ᠳᠤ ᠣᠷᠤᠬᠤ      C. ᠨᠥᠭᠡᠨ ᠳᠤ ᠣᠷᠤᠬᠤ     D . ᠭᠦᠴᠤ ᠣᠷᠤᠬᠤ

3. ᠬᠤᠶᠠᠳᠤᠭᠠᠷ ᠪᠠᠶ᠎ᠠ ᠶᠢ ᠭᠦᠰᠡᠨ ᠵᠠᠭᠢᠷᠤᠭᠰᠠᠨ ᠣᠢ᠌ᠯᠠ ᠥᠭᠡ ᠨᠢ ᠄

A. ᠰᠤᠷᠤᠶ᠎ᠠ          B. ᠰᠤᠷᠤᠭ         C. ᠰᠤᠷᠤᠭᠠᠷᠠᠢ        D. ᠰᠤᠷᠰᠤᠭᠠᠢ

4. ᠮᠤᠩᠭ᠋ᠤᠯ ᠪᠢᠴᠢᠭ᠌ ᠤᠨ ᠣᠷᠠᠨ ᠵᠤᠬᠢᠶᠠᠯ ᠤᠨ ᠠᠩᠬᠠᠨ ᠤ ᠬᠠᠭᠤᠳᠠᠰᠤ ᠶᠢ ᠨᠡᠭᠡᠭᠡᠭ᠍ᠰᠡᠨ ᠵᠤᠬᠢᠶᠠᠯ ᠪᠣᠯ ᠄

A. 《ᠭᠦᠭᠡ ᠰᠤᠳᠤᠷ》          B. 《ᠬᠤᠶᠠᠷ ᠵᠠᠭᠠᠯ ᠤᠨ ᠳᠤᠭᠤᠵᠢ》

C. 《ᠵᠠᠩᠭ᠋ᠠᠷ》           D. 《ᠮᠤᠩᠭ᠋ᠤᠯ ᠤᠨ ᠨᠢᠭᠤᠴᠠ ᠳᠤᠪᠴᠢᠶᠠᠨ》

5. 《ᠭᠡᠰᠡᠷ ᠤᠨ ᠳᠤᠭᠤᠵᠢ》 ᠪᠣᠯ ᠄

A. ᠳᠤᠮᠤᠭ ᠶᠠᠷᠢᠶ᠎ᠠ        B. ᠶᠤᠭᠳᠠ ᠥᠯᠢᠭᠡᠷ     C. ᠪᠠᠭᠠᠳᠤᠷᠯᠢᠭ ᠳᠤᠤᠯᠢ    D. ᠰᠢᠳᠢᠳᠤ ᠥᠯᠢᠭᠡᠷ

6. ᠳᠠᠷᠠᠭᠠᠭᠢ ᠥᠭᠡᠰ ᠡᠴᠡ ᠳᠡᠮᠳᠡᠭ᠌ ᠥᠭᠡ ᠪᠤᠯᠬᠤ ᠨᠢᠭᠡ ᠨᠢ ᠄

A. ᠪᠠᠭᠰᠢ      B. ᠬᠤᠷᠳᠤᠨ      C. ᠶᠠᠪᠣ      D. ᠮᠢᠨᠤ

7. 《ᠨᠢᠵᠡᠭᠡᠳ》 ᠭᠡᠭᠦ ᠥᠭᠡ ᠪᠣᠯ ᠄

A. ᠳᠣᠢ᠌ᠮᠤ ᠳᠤᠭᠠᠨ ᠤ ᠥᠭᠡ       B. ᠳᠠᠰ ᠳᠤᠭᠠᠨ ᠤ ᠥᠭᠡ

C. ᠳᠠᠭᠢᠬᠤ ᠳᠤᠭᠠᠨ ᠤ ᠥᠭᠡ      D. ᠳᠦᠭᠡᠭᠡᠯ ᠳᠤᠭᠠᠨ ᠤ ᠥᠭᠡ

8. 《ᠳᠤᠯᠤᠭᠠᠢ》 ᠭᠡᠳᠡᠭ᠌ ᠵᠤᠬᠢᠶᠠᠯ ᠤᠨ ᠭᠤᠤᠯ ᠳᠦᠷᠢ ᠪᠣᠯ ᠄

A.ᠳ᠋ᠦ᠋ᠩᠭᠡᠷ     B. ᠳᠤᠮᠰᠤᠨ    C.ᠳ᠋ᠦ᠋ᠩᠭᠡᠷ᠂ ᠳᠤᠮᠰᠤᠨ ᠬᠤᠶᠠᠭᠤᠯᠠ ᠪᠠᠨ   D. ᠠᠯᠢ ᠨᠢ ᠴᠤ ᠪᠢᠰᠢ

9. ᠳᠠᠷᠠᠭᠠᠭᠢ ᠥᠭᠡᠰ ᠡᠴᠡ ᠪᠦᠳᠦᠭ᠍ᠰᠡᠨ ᠡᠳ᠋ ᠤᠨ ᠳᠤᠳᠤᠳᠬᠠᠯ ᠪᠣᠯᠬᠤ ᠨᠢ ᠄

A. ᠢᠷᠡᠭᠦ ᠵᠠᠮ     B. ᠬᠤᠯᠠ ᠤᠢ᠌ᠷ᠎ᠡ   C. ᠮᠤᠩᠭ᠋ᠤᠯ ᠦᠬᠢᠨ    D. ᠮᠤᠳᠤᠨ ᠭᠡᠷ

10. ᠳᠡᠦᠭᠡᠨ ᠷᠤᠮᠠᠨ ᠪᠣᠯᠬᠤ ᠨᠢ ᠄

A. 《ᠠᠶᠤᠰᠢ》 B.《ᠮᠤᠩᠭ᠋ᠤᠯ ᠸᠠᠩ》C. ᠭᠦᠭᠡ ᠰᠤᠳᠤᠷ     D. ᠣᠨᠠᠭᠠᠨ ᠪᠦᠷᠢᠳᠤ

11. ᠮᠤᠩᠭ᠋ᠤᠯ ᠣᠯᠤᠰ ᠤᠨ ᠰᠢᠨ᠎ᠠ ᠣᠤᠠᠬ᠎ᠠ ᠵᠤᠬᠢᠶᠠᠯ ᠤᠨ ᠰᠠᠭᠤᠷᠢᠯᠠᠭᠴᠢ᠂ ᠢᠷᠠᠭᠤ ᠨᠠᠢ᠌ᠷᠠᠭᠴᠢ᠂ ᠶᠡᠭᠡ  ᠵᠦᠭᠢᠶᠡᠯᠴᠢ ᠭᠡᠵᠤ ᠥᠨᠡᠯᠡᠭ᠍ᠳᠡᠭ᠍ᠰᠡᠨ ᠨᠢ ᠄

A. ᠴ · ᠳᠡᠮᠳᠢᠡᠰᠦᠷᠦᠡᠭ᠌      B. ᠳ᠋ ·ᠨᠠᠴᠤᠭᠳᠤᠷᠵᠢ      C. ᠪ᠊ ·ᠷᠢᠠᠴᠢᠨ     D. ᠳ᠋ ·ᠰᠡᠩᠭᠡ

12. 《ᠪᠦᠭᠡ ᠪᠠᠨ ᠳᠠᠯᠪᠢ ︕》 ᠭᠡᠳᠡᠭ᠌ ᠥᠭᠦᠯᠡᠪᠦᠷᠢ ᠶᠢ ᠭᠡᠯᠡᠭᠦ ᠵᠤᠷᠢᠯᠭ᠎ᠠ ᠭᠢᠭᠡᠳ ᠪᠦᠳᠦᠴᠡ ᠪᠠᠷ ᠨᠢ ᠵᠦᠪ ᠠᠩᠭᠢᠯᠠᠭᠰᠠᠨ ᠨᠢ ᠄

A.  ᠵᠠᠭᠢᠷᠬᠤ ᠭᠦᠰᠡᠭᠦ ᠥᠭᠦᠯᠡᠪᠦᠷᠢ᠂ ᠭᠠᠭᠴᠠ ᠪᠦᠷᠢᠯᠳᠦᠭᠦᠡᠳᠤ ᠥᠭᠦᠯᠡᠪᠦᠷᠢ

B.  ᠠᠩᠬᠠᠷᠤᠭᠤᠯᠬᠤ ᠥᠭᠦᠯᠡᠪᠦᠷᠢ᠂ ᠵᠠᠷᠢᠮᠳᠤᠭ ᠥᠭᠦᠯᠡᠪᠦᠷᠢ

C.  ᠵᠠᠭᠢᠷᠬᠤ ᠭᠦᠰᠡᠭᠦ ᠥᠭᠦᠯᠡᠪᠦᠷᠢ᠂ ᠬᠤᠷᠢᠶᠠᠩᠭ᠋ᠤᠢ ᠥᠭᠦᠯᠡᠪᠦᠷᠢ

D.  ᠠᠩᠬᠠᠷᠤᠭᠤᠯᠬᠤ ᠥᠭᠦᠯᠡᠪᠦᠷᠢ᠂ ᠬᠤᠶᠠᠷ ᠪᠦᠷᠢᠯᠳᠦᠭᠦᠡᠳᠤ ᠥᠭᠦᠯᠡᠪᠦᠷᠢ

13. 《ᠳᠠᠷᠠ ᠨᠠᠳᠠ ᠳᠤ ᠬᠤᠶᠠᠷᠬᠠᠨ ᠳᠠᠪᠳᠠᠷ ᠥᠭ᠍ᠴᠡᠢ》 ᠭᠡᠳᠡᠭ᠌ ᠥᠭᠦᠯᠡᠪᠦᠷᠢ ᠳ᠋ᠠᠭᠢ 《ᠬᠤᠶᠠᠷᠬᠠᠨ》 ᠭᠡᠳᠡᠭ᠌ ᠨᠢ ᠄

A. ᠥᠭᠡᠢ᠌ᠰᠭᠡᠭ᠍ᠰᠡᠨ ᠰᠠᠨᠠᠭ᠎ᠠ ᠳᠠᠢ      B. ᠴᠢᠮᠠᠯᠠᠭᠰᠠᠨ ᠰᠠᠨᠠᠭ᠎ᠠ ᠲᠡᠶ

C. ᠭᠢᠵᠠᠭᠠᠷᠯᠠᠭᠰᠠᠨ ᠰᠠᠨᠠᠭ᠎ᠠ ᠳᠠᠢ      D. ᠴᠢᠮᠠᠯᠠᠵᠤ ᠭᠢᠵᠠᠭᠠᠷᠯᠠᠭᠰᠠᠨ ᠰᠠᠨᠠᠭ᠎ᠠ ᠲᠡᠶ

14. 《ᠨᠤᠳᠤᠭ ᠤᠨ ᠰᠠᠯᠭᠢ ᠶᠠᠭᠤ ᠰᠢᠪᠠᠨᠠᠪᠠ》 ᠭᠡᠭᠦ ᠵᠤᠬᠢᠶᠠᠯ ᠳ᠋ᠠᠭᠢ ᠨᠠᠷᠠᠨ ᠳᠤᠭᠤᠷᠤᠤ ᠶᠢᠨ ᠪᠠᠯᠭᠡᠳᠡᠯ ᠨᠢ ᠄

A.ᠡᠭᠡ ᠨᠤᠳᠤᠭ ᠭᠦᠮᠤᠨ ᠠᠷᠠᠤᠨ ᠤᠨ ᠭᠦᠰᠡᠯ ᠨᠠᠢ᠌ᠳᠠᠯ   B. ᠭᠦᠮᠤᠨ ᠠᠷᠠᠤᠨ ᠳᠠᠭᠤᠨ ᠦᠭ‍ᠭᠦ ᠬᠠᠷᠢᠭᠤ ᠭᠦᠰᠡᠯ

C. ᠪᠠᠭ᠎ᠠ ᠨᠠᠰᠤᠨ ᠤ ᠠᠯᠤᠰ ᠤᠨ ᠭᠦᠰᠡᠯ      D. ᠡᠪᠦᠭᠡ ᠳᠡᠭᠡᠳᠦᠰ ᠤᠨ ᠦᠪ ᠰᠤᠶᠤᠯ

15. 《ᠳᠦᠷᠦᠭ᠍ᠰᠡᠨ ᠤ ᠡᠴᠦᠰ ᠲᠤ ᠥᠭᠦᠨ᠎ᠡ ᠭᠡᠳᠡᠭ᠌ ᠠᠮᠢᠳᠠᠨ ᠤ ᠶᠤᠰᠤ ᠡ ᠳᠦᠷᠦᠭ᠍ᠰᠡᠨ ᠨᠤᠳᠤᠭ ᠶᠢᠡᠨ ᠣᠷᠭᠢᠨ᠎ᠠ ᠭᠡᠳᠡᠭ᠌ ᠠᠮᠤᠷ ᠦᠭᠡᠶ ᠳᠠᠪᠠᠭ᠎ᠠ ︕》 ᠭᠡᠭᠦ ᠪᠠᠳᠠᠭ ᠲᠤ ᠢᠯᠡᠷᠡᠭ᠍ᠰᠡᠨ ᠮᠤᠩᠭ᠋ᠤᠯᠴᠤᠳ ᠤᠨ ᠦᠵᠡᠯᠳᠠ ᠨᠢ ᠄

A ᠠᠮᠢ ᠨᠠᠰᠤ᠂ ᠨᠤᠳᠤᠭ ᠣᠰᠤ ᠪᠠᠨ ᠭᠦᠡᠳᠦᠳᠭᠡᠨ ᠰᠢᠳᠦᠭᠦ ᠦᠵᠡᠯᠳᠠ  

B.ᠠᠩ ᠠᠮᠢᠳᠠᠨ ᠢ ᠬᠠᠮᠠᠭᠠᠯᠠᠬᠤ ᠦᠵᠡᠯᠳᠠ

C. ᠡᠭᠡ ᠪᠠᠢ᠌ᠭᠠᠯᠢ ᠶᠢ ᠬᠠᠮᠠᠭᠠᠯᠠᠬᠤ ᠦᠵᠡᠯᠳᠠ    

D. ᠡᠴᠢᠭᠡ ᠡᠭᠡ ᠪᠠᠨ ᠭᠦᠡᠳᠦᠳᠭᠡᠨ ᠠᠴᠢᠯᠠᠬᠤ ᠦᠵᠡᠯᠳᠠ

16. ᠠᠩᠬᠠᠷᠤᠭᠤᠯᠤᠭᠰᠠᠨ ᠣᠤᠠᠬ᠎ᠠ ᠲᠡᠶ ᠠᠰᠠᠭᠤᠬᠤ ᠥᠭᠦᠯᠡᠪᠦᠷᠢ ᠨᠢ ᠄

A. ᠠᠪᠣ ᠴᠢᠨᠢ ᠭᠡᠵᠢᠶ᠎ᠡ ᠢᠷᠠᠪᠠ ︖       B. ᠠᠶᠠᠭ᠎ᠠ ᠪᠠᠨ ᠭᠠᠵᠠᠷ ᠠᠯᠳᠠᠪᠠ ︖

C. ᠭᠡᠯᠡ ᠪᠢᠴᠢᠭ᠌ ᠲᠡᠭᠡᠨ ᠭᠡᠳᠦᠢ ᠬᠤᠪᠢ ᠠᠯᠳᠠᠪᠠ ︖      D. ᠠᠳᠤᠭᠤ ᠪᠠᠨ ᠭᠡᠳᠤ ᠶᠢ ᠠᠯᠳᠠᠪᠠ ︖

17. ᠳᠠᠷᠠᠭᠠᠭᠢ ᠬᠤᠶᠠᠷ ᠪᠠᠳᠠᠭ ᠲᠤ ᠠᠰᠢᠭᠯᠠᠭᠰᠠᠨ ᠣᠷᠠᠨ ᠨᠠᠢ᠌ᠷᠠᠭᠤᠯᠭ᠎ᠠ ᠶᠢᠨ ᠠᠷᠭ᠎ᠠ ᠶᠢ ᠵᠦᠪ ᠳᠤᠳᠤᠷᠬᠠᠢ᠌ᠯᠠᠭᠰᠠᠨ ᠨᠢ ᠄

① ᠠᠪᠣ ᠶᠢᠨ ᠪᠣᠢ ᠳᠤ ᠭᠦᠮᠤᠨ ᠳᠠᠨᠢᠬᠤ ᠠᠭᠳᠠ ᠶᠢᠨ ᠪᠣᠢ ᠳᠤ ᠭᠠᠵᠠᠷ ᠥᠵᠡᠭᠦ

② ᠵᠤᠪᠠᠬᠤ ᠴᠠᠭ ᠲᠤ ᠬᠠᠳᠠᠭᠤᠵᠢᠯ ᠭᠡᠷᠡᠭ᠍ᠳᠡᠢ ᠵᠢᠷᠭᠠᠬᠤ ᠴᠠᠭ ᠲᠤ ᠰᠠᠷᠠᠮᠵᠢ ᠭᠡᠷᠡᠭ᠍ᠳᠡᠢ

A. ① ᠬᠤᠤᠰᠯᠠᠭᠤᠯᠤᠯ  ② ᠵᠡᠷᠭᠡᠴᠡᠭᠦᠯᠦᠯ    B. ① ᠬᠤᠤᠰᠯᠠᠭᠤᠯᠤᠯ  ② ᠬᠤᠤᠰᠯᠠᠭᠤᠯᠤᠯ  

C. ① ᠵᠡᠷᠭᠡᠴᠡᠭᠦᠯᠦᠯ   ② ᠬᠤᠤᠰᠯᠠᠭᠤᠯᠤᠯ    D. ① ᠬᠤᠤᠰᠯᠠᠭᠤᠯᠤᠯ ② ᠵᠡᠷᠭᠡᠴᠡᠭᠦᠯᠦᠯ

18. ᠮᠤᠩᠭ᠋ᠤᠯ ᠳᠡᠦᠭᠡᠨ ᠣᠷᠠᠨ ᠵᠤᠬᠢᠶᠠᠯ ᠢ ᠪᠢᠴᠢᠭ᠍ᠳᠡᠭ᠍ᠰᠡᠨ ᠴᠠᠭ ᠤᠨ ᠭᠢᠨᠢ ᠳᠠᠷᠠᠭᠠᠯᠠᠯ ᠶᠢᠡᠷ ᠵᠦᠪ ᠵᠢᠭᠰᠠᠭᠠᠭᠰᠠᠨ ᠨᠢ ᠄

A. 《ᠮᠤᠩᠭ᠋ᠤᠯ ᠤᠨ ᠨᠢᠭᠤᠴᠠ ᠳᠤᠪᠴᠢᠶᠠᠨ》᠂ 《ᠭᠡᠰᠡᠷ》᠂ 《ᠵᠠᠩᠭ᠋ᠠᠷ》

B. 《ᠮᠤᠩᠭ᠋ᠤᠯ ᠤᠨ ᠨᠢᠭᠤᠴᠠ ᠳᠤᠪᠴᠢᠶᠠᠨ》 《ᠮᠠᠠᠳᠤᠬᠠᠢ ᠰᠠᠴᠠᠨ ᠬᠠᠳᠤᠨ》᠂ 《ᠭᠦᠭᠡ ᠰᠤᠳᠤᠷ》

C. 《ᠰᠤᠳᠤᠷ ᠳᠡᠮᠳᠡᠭᠯᠡᠯ》᠂ 《ᠮᠤᠩᠭ᠋ᠤᠯ ᠤᠨ ᠨᠢᠭᠤᠴᠠ ᠳᠤᠪᠴᠢᠶᠠᠨ》᠂ 《ᠰᠤᠳᠤᠷ ᠤᠨ ᠴᠢᠭᠤᠯᠭᠠᠨ》

D. 《ᠵᠠᠩᠭ᠋ᠠᠷ》᠂ 《ᠭᠡᠰᠡᠷ》᠂ 《ᠮᠤᠩᠭ᠋ᠤᠯ ᠤᠨ ᠨᠢᠭᠤᠴᠠ ᠳᠤᠪᠴᠢᠶᠠᠨ》

19. 《ᠪᠣᠳᠤᠵᠤ ᠪᠣᠳᠤᠵᠤ ᠪᠣᠳᠠ ᠶᠢᠨ ᠰᠢᠭᠢᠷ᠎ᠠ ᠳᠦᠷᠪᠠ》 ᠭᠡᠭᠦ ᠭᠡᠪᠰᠢᠮᠡᠯ ᠥᠭᠡ ᠲᠡᠶ ᠣᠤᠠᠬ᠎ᠠ ᠢᠵᠢᠯ ᠨᠢᠭᠡ ᠨᠢ ᠄

A. ᠬᠠᠮᠢᠭᠠᠰᠢ ᠪᠠᠨ ᠪᠣᠳᠤᠭᠰᠠᠨ ᠴᠤ ᠬᠠᠩᠰᠢ ᠨᠢ ᠨᠢᠭᠡ  

B. ᠮᠠᠯ ᠨᠢ ᠡᠵᠡᠨ ᠶᠢᠡᠨ᠂ ᠮᠠᠯᠠᠭᠠᠢ ᠨᠢ ᠳᠤᠯᠤᠭᠠᠢ ᠪᠠᠨ

C. ᠡᠭᠡ ᠨᠢ ᠪᠦᠭᠡᠷ᠎ᠡ ᠠᠯᠠᠭ᠂ ᠣᠨᠠᠭ᠎ᠠ ᠨᠢ ᠰᠢᠭᠢᠷ᠎ᠠ ᠠᠯᠠᠭ

D. ᠪᠣᠳᠤᠭᠠᠴᠢ ᠪᠣᠳᠤᠭᠠᠴᠢ ᠭᠡᠭᠦ ᠳᠤ ᠰᠠᠬᠠᠯ ᠶᠢᠡᠨ ᠪᠣᠳᠤᠪᠠ

20. 《ᠦᠶᠡᠷ》 ᠭᠡᠭᠦ ᠵᠤᠬᠢᠶᠠᠯ ᠤᠨ ᠵᠤᠬᠢᠶᠠᠭᠴᠢ ᠨᠢ ᠄

A.  ᠳ · ᠮᠢᠭᠮᠠᠷ     B. ᠵᠤ ᠽᠢ ᠴᠢᠩ     C. ᠼᠤᠤ ᠢᠤᠢ     D. ᠳ᠋ᠠᠷᠸᠠᠨ

ᠬᠤᠶᠠᠷ᠂ ᠶᠡᠷᠦᠩᠭᠡᠢ᠌ᠯᠡᠭ᠍ᠰᠡᠨ ᠰᠠᠳᠤᠪ  (ᠨᠠᠢ᠌ᠳᠠ 21 ᠬᠤᠪᠢ)

1. ᠬᠠᠭᠠᠯᠳᠠ ᠳᠠᠭᠯᠠᠬᠤ ᠰᠠᠳᠤᠪ (ᠬᠠᠭᠠᠯᠳᠠ ᠪᠦᠷᠢ 1 ᠬᠤᠪᠢ᠂ ᠨᠠᠢ᠌ᠳᠠ 10 ᠬᠤᠪᠢ)

⑴ 《ᠷ》 ᠭᠡᠢ᠌ᠭᠦᠯᠦᠭ᠍ᠴᠢ ᠪᠣᠯ (          )(            ) ᠭᠡᠢ᠌ᠭᠦᠯᠦᠭ᠍ᠴᠢ ᠶᠤᠮ᠃

⑵ᠥᠭᠡᠰ ᠤᠨ ᠪᠦᠷᠢᠨ ᠪᠦᠳᠤᠨ (      ) ᠊ᠢ ᠢᠯᠡᠳᠭᠡᠭᠦ ᠬᠠᠮᠤᠭ ᠤᠨ ᠥᠡᠳᠦᠰᠤᠨ ᠨᠢᠭᠡᠴᠢ ᠵᠢ  ᠥᠭᠦᠯᠡᠪᠦᠷᠢ ᠭᠡᠨ᠎ᠡ᠃

⑶ᠮᠤᠩᠭ᠋ᠤᠯ ᠭᠡᠯᠡᠨ ᠤ ᠠᠪᠢᠶᠠᠨ ᠤ ᠥᠰᠦᠭ᠌ ᠢ (          )᠂ (      ) ᠪᠠ (        ) ᠭᠤᠷᠪᠠᠨ ᠳᠦᠷᠤᠯ ᠳᠤ ᠠᠩᠭᠢᠯᠠᠨ᠎ᠠ᠃

⑷ᠡᠩ ᠤᠨ ᠥᠭᠦᠯᠡᠪᠦᠷᠢ ᠶᠢ ᠭᠡᠯᠡᠭᠦ ᠵᠤᠷᠢᠯᠭ᠎ᠠ ᠪᠠᠷ ᠨᠢ (      )᠂ (      )᠂ (        ) ᠪᠠ (        ) ᠭᠡᠵᠤ ᠳᠦᠷᠪᠠᠨ ᠵᠣᠢ᠌ᠯ ᠳᠤ ᠠᠩᠭᠢᠯᠠᠨ᠎ᠠ᠃

2. ᠳᠤᠤᠷᠠᠭᠢ ᠭᠡᠯᠡᠯᠭᠡ ᠳᠤ ᠳᠤᠭᠢᠷᠠᠬᠤ ᠭᠡᠪᠰᠢᠮᠡᠯ ᠥᠭᠡ ᠶᠢ ᠣᠨᠤᠭᠠᠵᠤ ᠪᠢᠴᠢ᠃ (ᠰᠠᠳᠤᠪ ᠪᠦᠷᠢ 3 ᠬᠤᠪᠢ᠂ ᠨᠠᠢ᠌ᠳᠠ 12 ᠬᠤᠪᠢ)

(1)ᠥᠩᠭᠡᠨ ᠳᠡᠭᠡᠷ᠎ᠡ ᠪᠠᠨ ᠰᠠᠢ᠌ᠬᠠᠨ ᠠᠭᠠᠰᠢᠯᠠᠵᠤ ᠳᠠᠯᠳᠠᠭᠤᠷ ᠬᠤᠤᠷ ᠭᠦᠶ‍ᠦᠯᠭᠡᠭᠦ ᠶᠢ —


(2)ᠰᠠᠢ᠌ᠬᠠᠨ ᠥᠭᠡ ᠭᠡᠯᠡᠵᠤ᠂ ᠮᠠᠭᠤ ᠰᠠᠨᠠᠭ᠎ᠠ ᠡᠪᠦᠷᠯᠡᠭ᠍ᠰᠡᠨ ᠵᠢᠰᠤᠷ ᠭᠦᠮᠤᠨ ᠢ —


(3)ᠡᠪ ᠨᠠᠢ᠌ᠷ᠂ ᠡᠷᠳᠡᠮ ᠴᠢᠳᠠᠪᠣᠷᠢ ᠶᠢ ᠡᠷᠭᠢᠮᠯᠡᠭ᠍ᠰᠡᠨ ᠰᠠᠨᠠᠭ᠎ᠠ —


(4)ᠬᠤᠶᠠᠷ ᠳᠠᠯ᠎ᠠ ᠶᠢ ᠠᠯᠢ ᠠᠯᠢᠨ ᠢ ᠨᠢ ᠴᠤ ᠭᠤᠮᠤᠳᠠᠭᠠᠬᠤ ᠦᠭᠡᠶ᠂ ᠬᠤᠪᠢᠷᠠᠭᠤᠯᠬᠤ ᠦᠭᠡᠶ ᠠᠳᠠᠯᠢ ᠳᠡᠭ᠍ᠰᠢ ᠬᠠᠷᠠᠭᠠᠯᠵᠠᠬᠤ —


ᠭᠤᠷᠪᠠ᠂ ᠣᠩᠰᠢᠨ ᠵᠠᠳᠠᠯᠬᠤ ᠰᠠᠳᠤᠪ᠃ (ᠰᠠᠳᠤᠪ ᠪᠦᠷᠢ 2 ᠬᠤᠪᠢ᠂ ᠨᠠᠢ᠌ᠳᠠ 10 ᠬᠤᠪᠢ)

《ᠬᠠᠭᠤᠴᠢᠨ ᠭᠦᠤ ᠬᠤᠯᠠ ᠮᠤᠷᠢᠨ ᠳᠡᠭᠡᠷ᠎ᠡ ᠭᠦᠡᠳᠡᠯᠡᠨ ᠰᠠᠭᠤᠵᠤ ᠬᠠᠳᠠᠷᠢᠭᠤᠯᠤᠭᠰᠠᠭᠠᠷ ᠭᠦᠷᠴᠤ ᠢᠷᠠᠪᠠ᠃ ᠴᠠᠭᠠᠨ ᠳᠠᠪᠣᠤ ᠠᠯᠵᠢᠭᠤᠷ ᠶᠢᠡᠷ ᠳᠤᠯᠤᠭᠠᠢ ᠪᠠᠨ ᠣᠷᠢᠶᠠᠵᠠᠢ᠃ ᠰᠢᠷᠢᠯᠳᠦᠭ᠍ᠰᠡᠨ ᠬᠠᠷ᠎ᠠ ᠭᠢᠵᠢᠭᠡᠨ ᠤ ᠰᠠᠷᠪᠠᠢ᠌ᠩᠰᠠᠨ ᠭᠡᠳᠤᠨ ᠦᠰᠦ ᠨᠢ  ᠰᠢᠨᠠ ᠣᠷᠤᠭᠤ ᠨᠢ ᠣᠠᠵᠢ᠌ᠨ᠎ᠠ᠃ ᠣᠷᠠᠭᠳᠠᠵᠤ ᠨᠠᠪᠳᠠᠷᠠᠭᠰᠠᠨ ᠬᠠᠷ᠎ᠠ ᠬᠠᠠᠴᠤᠢ ᠶᠢ ᠰᠤᠭᠤᠯᠳᠤᠷᠠᠭᠠᠯᠠᠵᠤ᠂ ᠊ᠭ᠍᠊‍ᠭᠢᠷᠳᠤᠵᠤ   ᠰᠠᠭᠠᠷᠢᠳᠤᠭᠰᠠᠨ ᠪᠣᠷᠤ ᠳᠤᠬᠤᠢ ᠶᠢ ᠭᠠᠷᠭᠠᠵᠠᠢ᠃ ᠳᠠᠪ ᠭᠡᠳᠡᠯ᠎ᠡ ᠮᠤᠷᠢᠨ ᠡᠴᠡ ᠪᠠᠨ ᠪᠠᠭᠤᠨ᠂ ᠳᠠᠰ ᠭᠡᠳᠡᠯ᠎ᠡ ᠵᠢᠯᠤᠭᠤ ᠪᠠᠨ ᠰᠣᠢ᠌ᠭᠠᠤᠨ ᠳᠤᠰᠤᠨ ᠳᠤ ᠳᠠᠷᠤᠭᠳᠠᠭᠰᠠᠨ ᠣᠷᠳᠤ ᠬᠤᠷᠮᠤᠢ ᠪᠠᠷ ᠶᠢᠠᠨ ᠨᠠᠷᠠᠨ ᠳᠤ ᠰᠢᠷᠠᠭᠳᠠᠭᠰᠠᠨ ᠨᠢᠭᠤᠷ ᠤᠨ ᠵᠢᠡᠨ ᠭᠦᠯᠦᠰᠤ ᠶᠢ ᠠᠷᠴᠢᠵᠤ ᠨᠢᠰᠤ ᠪᠠᠨ ᠬᠤᠷ ᠭᠢᠳᠠᠯ᠎ᠠ ᠨᠢᠭᠢᠭᠡᠳ ᠭᠡᠷ ᠲᠤ ᠣᠷᠤᠪᠠ᠃》

⑴ᠲ᠋ᠠᠷᠠᠭᠠᠭᠢ ᠬᠤᠶᠠᠷ ᠥᠭᠡ ᠶᠢ ᠥᠭᠡᠰ ᠤᠨ ᠠᠢ᠌ᠮᠠᠭ ᠶᠢᠡᠷ ᠢᠯᠭᠠᠵᠤ ᠪᠢᠴᠢ᠃

ᠳᠠᠰ ᠊᠊᠊᠊᠊᠊᠊᠊᠊᠊᠊᠊᠊᠊᠊                ᠳᠠᠪ ᠊᠊᠊᠊᠊᠊᠊᠊᠊᠊᠊᠊᠊᠊᠊

⑵ᠲ᠋ᠠᠷᠠᠭᠠᠭᠢ ᠬᠤᠶᠠᠷ ᠥᠭᠡ ᠶᠢᠨ ᠡᠰᠡᠷᠭᠦ ᠣᠤᠠᠬ᠎ᠠ ᠲᠡᠶ ᠥᠭᠡ ᠶᠢ ᠣᠯᠵᠤ ᠪᠢᠴᠢ᠃

ᠬᠠᠭᠤᠴᠢᠨ ᠊᠊᠊᠊᠊᠊᠊᠊᠊᠊᠊᠊᠊᠊᠊              ᠬᠠᠷ᠎ᠠ ᠊᠊᠊᠊᠊᠊᠊᠊᠊᠊᠊᠊᠊᠊᠊

⑶ᠲ᠋ᠠᠷᠠᠭᠠᠭᠢ ᠬᠤᠶᠠᠷ ᠥᠭᠡ ᠶᠢᠨ ᠢᠵᠢᠯ ᠪᠣᠶᠤ ᠤᠢ᠌ᠷᠠᠯᠴᠠᠭ᠎ᠠ ᠣᠤᠠᠬ᠎ᠠ ᠲᠡᠶ ᠥᠭᠡᠰ ᠢ ᠣᠯᠵᠤ ᠪᠢᠴᠢ᠃

ᠳᠤᠯᠤᠭᠠᠢ ᠊᠊᠊᠊᠊᠊᠊᠊᠊᠊᠊᠊᠊᠊᠊              ᠦᠰᠦ ᠊᠊᠊᠊᠊᠊᠊᠊᠊᠊᠊᠊᠊᠊᠊

⑷ᠲ᠋ᠤᠰ ᠭᠡᠰᠡᠭ᠌ ᠨᠢ ᠶᠠᠭᠤ ᠶᠠᠭᠤᠨ ᠤ ᠳᠦᠷᠰᠤᠯᠠᠯ ᠪᠣᠯᠬᠤ ᠪᠣᠢ ︖


⑸ᠪᠦᠭᠦ ᠰᠡᠢ᠌ᠷᠢᠭᠦᠯᠦᠯ ᠡᠴᠡ ᠦᠵᠡᠪᠠᠯ᠂ ᠬᠠᠭᠤᠴᠢᠨ ᠭᠦᠤ ᠶᠢᠨ ᠶᠠᠮᠠᠷ ᠪᠠᠢ᠌ᠳᠠᠯ ᠢ ᠮᠠᠳᠠᠵᠤ ᠪᠣᠯᠬᠤ ᠪᠣᠢ ︖


ᠳᠦᠷᠪᠡ᠂ ᠵᠤᠬᠢᠶᠠᠨ ᠪᠢᠴᠢᠯᠭᠡ᠃ (28 ᠬᠤᠪᠢ)

  ᠭᠠᠷᠴᠠᠭ ᠄ ᠨᠠᠠᠳᠢᠨ ᠪᠠᠯᠡᠭ᠌᠃

ᠱᠠᠭᠠᠷᠳᠠᠯᠭ᠎ᠠ ᠄

1. ᠰᠠᠨᠠᠭ᠎ᠠ ᠳᠤᠳᠤ᠂ ᠵᠤᠬᠢᠶᠠᠮᠵᠢ ᠨᠢᠭᠳᠠ ᠴᠢᠩᠭ᠋᠎ᠠ᠂ ᠬᠠᠭᠤᠳᠠᠰᠤ ᠴᠠᠪᠠᠷ᠃

2. ᠥᠰᠦᠭ᠌ ᠤᠨ ᠳᠤᠭ᠎ᠠ 500 — 600 ᠣᠷᠴᠢᠮ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠺᠦᠷᠯᠡ ᠬᠤᠳᠠ

ᠵᠤᠬᠢᠶᠠᠭᠴᠢ᠄ ᠭᠡᠨᠢᠡᠲᠡᠨᠳᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3224
ᠴᠠᠭ᠄ 2011 ᠤᠨ ᠤ 09 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ