ᠨᠡᠪᠲᠡᠷᠡᠨ ᠤᠷᠤᠬᠤ
ᠥᠭᠡᠯᠡᠳ ᠤᠨ ᠰᠢᠳᠢᠳᠤ ᠪᠣᠯᠠᠭ ᠊᠊᠊᠊᠊᠊᠊᠊᠊᠊᠊᠊᠊᠊᠊ ᠣᠭᠤᠨᠤ ᠶᠢᠨ ᠷᠠᠰᠢᠶᠠᠨ

ᠣᠳᠤ ᠶᠢᠨ ᠧᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠵᠡᠭᠦᠨ ᠡᠮᠤᠨ᠎ᠡ᠂ ᠣᠯᠤᠰ ᠣᠷᠤᠨ ᠳᠤ ᠠᠯᠳᠠᠷᠰᠢᠭᠰᠠᠨ ᠨᠢᠭᠡᠨ ᠰᠢᠳᠢᠳᠤ ᠪᠣᠯᠠᠭ — ᠣᠭᠤᠨᠤ ᠶᠢᠨ ᠷᠠᠰᠢᠶᠠᠨ ᠪᠠᠢ᠌ᠳᠠᠭ ᠪᠢᠯᠠ᠃

ᠳᠤᠰ ᠷᠠᠰᠢᠶᠠᠨ ᠢ ᠬᠠᠮᠤᠭ ᠤᠨ ᠳᠡᠷᠢᠭᠦᠨ ᠳᠤ ᠥᠭᠡᠯᠡᠳ ᠯᠠᠮ᠎ᠠ ᠨᠡᠷ ᠢᠯᠡᠷᠡᠭᠦᠯᠵᠤ᠂ ᠥᠭᠡᠯᠡᠳᠴᠥᠳ ᠨᠡᠭᠡᠭᠡᠨ ᠠᠰᠢᠭᠯᠠᠭᠰᠠᠨ ᠪᠠᠢ᠌ᠨ᠎ᠠ᠃ ᠥᠭᠡᠯᠡᠳᠴᠥᠳ ᠭᠦᠯᠤᠨ ᠪᠣᠢ᠌ᠷ ᠲᠤ ᠢᠷᠡᠭᠦ ᠳᠡᠭᠡᠨ᠂ ᠬᠠᠯᠬ᠎ᠠ ᠶᠢᠨ ᠳᠣᠢ᠌ᠨ ᠭᠤᠤᠯ ᠡᠴᠠ ᠬᠠᠯᠬ᠎ᠠ ᠭᠤᠤᠯ ᠳᠤ ᠢᠷᠠᠵᠤ ᠳᠠᠭᠢᠨ ᠬᠠᠯᠬ᠎ᠠ ᠭᠤᠤᠯ ᠡᠴᠠ ᠢᠮᠢᠨ ᠭᠤᠤᠯ ᠤᠨ ᠳᠤᠮᠳᠠ ᠰᠠᠪᠠ ᠭᠠᠵᠠᠷ ᠨᠡᠭᠦᠵᠤ ᠢᠷᠡᠭ᠍ᠰᠡᠨ ᠳᠤᠬᠠᠢ ᠮᠠᠰᠢ ᠣᠯᠠᠨ ᠳᠡᠦᠭᠡᠨ ᠰᠤᠷᠪᠣᠯᠵᠢ ᠪᠢᠴᠢᠭ᠌ ᠲᠤ ᠳᠡᠮᠳᠡᠭᠯᠡᠵᠤ  ᠪᠠᠢ᠌ᠳᠠᠭ ᠰᠠᠨ᠃

ᠥᠭᠡᠯᠡᠳᠴᠥᠳ᠂ ᠮᠤᠩᠭ᠋ᠤᠯ ᠣᠷᠤᠨ ᠳᠤ ᠬᠠᠮᠤᠭ ᠤᠨ ᠳᠦᠷᠦᠭᠦᠨ ᠰᠢᠷ᠎ᠠ ᠶᠢᠨ ᠱᠠᠰᠢᠨ ᠢ ᠳᠡᠯᠭᠡᠷᠡᠭᠦᠯᠦᠭ᠍ᠰᠡᠨ ᠳᠡᠦᠭᠡ ᠲᠡᠶ ᠪᠢᠯᠠ᠃ 《16 ᠳ᠋ᠤᠭᠠᠷ ᠵᠠᠭᠤᠨ ᠤ ᠳᠠᠯᠠᠭᠠᠤᠨ ᠣᠨ ᠤ ᠰᠡᠭᠦᠯᠴᠢ ᠪᠠᠷ ᠽᠦᠩᠺᠠᠪᠠ (-)ᠵᠢᠨ ᠡᠭᠦᠳᠦᠭ᠍ᠰᠡᠨ ᠰᠢᠷ᠎ᠠ ᠮᠠᠯᠠᠭᠠᠢᠳᠤ ᠯᠠᠮᠠ ᠶᠢᠨ ᠪᠣᠷᠬᠠᠨ ᠤ ᠱᠠᠰᠢᠨ ᠢ ᠤᠢ᠌ᠷᠠᠤᠨ ᠤᠨ ᠰᠢᠷ᠎ᠠ ᠶᠢᠨ ᠱᠠᠰᠢᠨ ᠤ ᠳᠦᠷᠦᠭᠦᠤ ᠨᠠᠢ᠌ᠵᠢ ᠳᠦᠢᠨ(-)ᠭᠡᠳᠡᠭ᠌ ᠯᠠᠮᠠ ᠠᠷᠤ ᠦᠪᠣᠷ ᠮᠤᠩᠭ᠋ᠤᠯ ᠤᠨ ᠣᠯᠠᠨ ᠭᠠᠵᠠᠷ ᠶᠢᠡᠷ ᠳᠤᠭᠤᠷᠢᠨ ᠳᠡᠯᠭᠡᠷᠡᠭᠦᠯᠪᠡ》 ① ᠪᠠᠰᠠ 《ᠽᠠᠶ᠎ᠠ ᠪᠠᠠᠳᠢᠳᠠ ᠨᠡᠮᠬᠠᠢ᠌ᠵᠡᠮᠰᠤ(-)ᠭᠡᠳᠡᠭ᠌ ᠡᠷᠳᠡᠮᠳᠤ ᠯᠠᠮᠠ ᠤᠢ᠌ᠷᠠᠤᠨ ᠲᠤ ᠰᠢᠷ᠎ᠠ ᠶᠢᠨ ᠱᠠᠰᠢᠨ ᠢ ᠳᠡᠯᠭᠡᠷᠡᠭᠦᠯᠤᠨ᠂ ᠳᠡᠭᠦᠨ ᠶᠢᠡᠷ ᠶᠢᠡᠨ ᠪᠦᠭᠡ ᠶᠢᠨ ᠱᠠᠰᠢᠨ ᠢ ᠣᠷᠤᠯᠠᠭᠤᠯᠵᠠᠢ》 ②᠃ ᠣᠷᠤᠰ ᠤᠨ ᠠᠯᠳᠠᠷᠳᠤ ᠮᠤᠩᠭ᠋ᠤᠯᠴᠢ ᠡᠷᠳᠡᠮᠳᠡᠨ ᠸᠠᠯᠳᠢᠮᠢᠷᠼᠤᠪ 《ᠮᠤᠩᠭ᠋ᠤᠯᠴᠤᠳ ᠤᠨ ᠨᠡᠢ᠌ᠭᠡᠮ ᠤᠨ ᠪᠠᠢ᠌ᠭᠤᠯᠤᠯ ᠤᠨ ᠳᠡᠦᠭᠡ》 ᠭᠡᠳᠡᠭ᠌ ᠨᠤᠮ ᠳᠠᠭᠠᠨ᠄ 《ᠮᠤᠩᠭ᠋ᠤᠯ ᠪᠦᠭᠡ ᠶᠢᠨ ᠣᠰᠠᠳᠤᠭᠰᠠᠨ ᠶᠠᠪᠣᠳᠠᠯ ᠪᠣᠯ ᠳᠡᠦᠭᠡ ᠶᠢᠨ ᠭᠦᠭ᠍ᠵᠢᠯ ᠤᠨ ᠵᠠᠢ᠌ᠯᠠᠰᠢ ᠦᠭᠡᠶ ᠦᠷ᠎ᠡ ᠳ᠋ᠦ᠋ᠩ ᠪᠣᠯᠤᠨ᠎ᠠ᠃ ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠶᠢᠨ ᠦᠶ᠎ᠡ ᠡᠴᠠ ᠬᠣᠢ᠌ᠰᠢ ᠬᠠᠭᠤᠴᠢᠨ ᠪᠦᠭᠡ ᠶᠢᠨ ᠱᠠᠰᠢᠨ ᠪᠠ ᠪᠣᠳ᠋ᠳ᠋ᡁᠨ ᠶᠢᠨ ᠱᠠᠰᠢᠨ(ᠣᠯᠠᠭᠠᠨ ᠮᠠᠯᠭᠠᠢᠳᠤ ᠯᠠᠮᠠ ᠶᠢᠨ ᠱᠠᠰᠢᠨ)ᠭᠡᠰᠡᠨ ᠦᠭᠡᠶ ᠭᠦᠮᠦᠰ ᠤᠨ ᠱᠠᠭᠠᠷᠳᠠᠯᠭ᠎ᠠ ᠶᠢ ᠬᠠᠩᠭ᠋ᠠᠵᠤ ᠴᠢᠳᠠᠬᠤ ᠦᠭᠡᠶ ᠪᠣᠯᠵᠠᠢ᠃ ᠪᠣᠳ᠋ᠳ᠋ᡁᠨ ᠶᠢᠨ ᠱᠠᠰᠢᠨ ᠤ ᠰᠢᠨ᠎ᠡ ᠰᠠᠯᠪᠣᠷᠢ(ᠰᠢᠷ᠎ᠠ ᠶᠢᠨ ᠱᠡᠰᠢᠨ)ᠲ᠋ᠡᠭᠡᠳᠤ ᠭᠡᠮᠵᠢᠶᠡᠨ ᠤ ᠰᠤᠶᠤᠯ ᠪᠠ ᠭᠣᠢ᠌ᠳᠠ ᠰᠠᠢ᠌ᠬᠠᠨ ᠱᠠᠰᠢᠨ ᠤ ᠶᠤᠰᠤᠯᠠᠯ ᠢ ᠠᠪᠴᠢᠷᠠᠪᠠ᠃ ᠡᠭᠦᠨ ᠤ ᠬᠠᠮᠳᠤ ᠰᠢᠷ᠎ᠠ ᠶᠢᠨ ᠱᠠᠰᠢᠨ ᠤ ᠨᠤᠮᠯᠠᠠᠠᠴᠢᠳ ᠣᠩᠰᠢᠵᠤ ᠪᠢᠴᠢᠭᠦ ᠳᠡᠭᠡᠨ ᠴᠢᠳᠠᠮᠠᠭᠠᠢ ᠪᠠᠭᠰᠢ ᠪᠣᠯᠬᠤ ᠮᠦᠷᠳᠡᠭᠡᠨ ᠡᠮᠴᠢ᠂ ᠵᠠᠢ᠌ᠭᠠᠴᠢ(ᠲᠦᠯᠭᠡ ᠥᠵᠡᠭ᠍ᠴᠢ)ᠪᠠᠢ᠌ᠵᠤ ᠣᠷᠢᠳᠤ ᠶᠢᠨ ᠯᠠᠮᠠ(ᠣᠯᠠᠭᠠᠨ ᠮᠠᠯᠠᠭᠠᠢᠳᠤ ᠯᠠᠮᠠ)ᠪᠠ ᠪᠦᠭᠡ ᠨᠡᠷ ᠤᠨ ᠭᠢᠵᠤ ᠴᠢᠳᠠᠳᠠᠭ ᠪᠦᠭᠦᠨ ᠢ ᠳᠠᠳᠠ ᠴᠦᠮ ᠭᠢᠵᠤ ᠴᠢᠳᠠᠬᠤ ᠪᠠᠷ ᠦᠯᠤ ᠪᠠᠷᠠᠨ ᠣᠯᠠᠨ ᠳᠠᠯ᠎ᠠ ᠪᠠᠷ ᠯᠠᠮᠠ(ᠣᠯᠠᠭᠠᠨ ᠮᠠᠯᠠᠭᠠᠢᠳᠤ ᠯᠠᠮᠠ ᠪᠠ ᠪᠦᠭᠡ) ᠶᠢ ᠳᠠᠪᠠᠠᠠᠰᠠᠨ ᠪᠠᠢ᠌ᠨ᠎ᠠ》 ③ ᠭᠡᠵᠡᠢ᠃ ᠥᠭᠡᠯᠡᠳᠴᠥᠳ᠂ ᠭᠦᠯᠤᠨ ᠪᠣᠢ᠌ᠷ ᠲᠤ ᠠᠩᠬ᠎ᠠ ᠢᠷᠡᠭᠦ ᠳᠡᠭᠡᠨ 《170 ᠭᠠᠷᠤᠢ ᠯᠠᠮᠠ ᠨᠡᠷ ᠲᠡᠶ ᠵᠢᠵᠤ》 ④ ᠮᠠᠰᠢ ᠣᠯᠠᠨ ᠡᠷᠳᠡᠮᠳᠤ ᠯᠠᠮᠠ ᠨᠡᠷ ᠲᠡᠶ ᠪᠠᠢ᠌ᠠᠠᠰᠠᠨ ᠶᠤᠮ᠃

《᠁ ᠥᠭᠡᠯᠡᠳ ᠭᠦᠪᠠᠭᠡᠳᠤ ᠰᠢᠷ᠎ᠠ ᠬᠤᠰᠢᠭᠤ ᠶᠢ ᠪᠠᠢ᠌ᠭᠤᠯᠬᠤ ᠦᠶ᠎ᠡ ᠳᠤ ᠬᠠᠷ᠎ᠠ ᠬᠤᠵᠢᠷ(ᠣᠳᠤ ᠶᠢᠨ ᠢᠮᠢᠨ ᠨᠡᠭᠦᠷᠡᠰᠤᠨ ᠴᠠᠭᠢᠯᠭᠠᠨ ᠭᠦᠩᠰᠧ)ᠲ᠋ᠤ ᠥᠭᠡᠯᠡᠳ ᠤᠨ ᠬᠤᠰᠢᠭᠤ ᠰᠦᠮ᠎ᠡ(ᠪᠠᠶᠠᠨ ᠴᠠᠭᠠᠨ ᠰᠦᠮ᠎ᠡ)᠂ (ᠪᠠᠶᠠᠨ ᠵᠤᠵᠠᠭᠠᠳᠬᠠᠬᠤ ᠰᠦᠮ᠎ᠡ)ᠪᠠ ᠥᠭᠡᠯᠡᠳ ᠤᠨ ᠬᠤᠰᠢᠭᠤ ᠣᠪᠣᠭ᠎ᠠ(ᠡᠷᠳᠡᠨᠢ ᠪᠠᠳᠠᠷᠠᠬᠤ ᠣᠪᠣᠭ᠎ᠠ)ᠵᠢ᠌ ᠪᠠᠢ᠌ᠭᠤᠯᠤᠯ᠎ᠠ᠃ 〈ᠡᠷᠳᠡᠨᠢ ᠪᠠᠳᠠᠷᠠᠬᠤ ᠣᠪᠣᠭ᠎ᠠ〉 ᠡᠴᠠ 〈ᠣᠭᠤᠨᠤ ᠶᠢᠨ ᠷᠠᠰᠢᠶᠠᠨ〉 ᠵᠡᠷᠭᠡ ᠪᠦᠭᠦ ᠥᠭᠡᠯᠡᠳ ᠤᠨ ᠨᠤᠳᠤᠭ ᠬᠠᠷᠠᠭᠳᠠᠨ᠎ᠠ ᠭᠡᠵᠤ ᠥᠭᠡᠯᠡᠳ ᠯᠠᠮᠠ ᠨᠡᠷ ᠤᠨ ᠰᠤᠳᠤᠷ ᠳᠠᠩᠰᠠ ᠳᠤ ᠳᠡᠮᠳᠡᠭᠯᠡᠭ᠍ᠰᠡᠨ ᠪᠠᠢ᠌ᠨ᠎ᠠ》 ⑤᠃

ᠥᠭᠡᠯᠡᠳᠴᠥᠳ᠂ ᠳᠠᠷᠠ ᠦᠶ᠎ᠡ ᠡᠴᠠ ᠠᠪᠣᠭᠠᠤᠨ ᠣᠳᠤ ᠶᠢᠨ ᠢᠮᠢᠨ ᠰᠤᠮᠤᠨ ᠤ ᠰᠢᠪᠠᠷ ᠭᠠᠳᠤᠯᠭ᠎ᠠ᠂ ᠪᠣᠭᠢᠠᠳᠤ᠂ ᠰᠠᠢ᠌ᠬᠠᠨ ᠠᠷᠤ᠂ ᠭᠡᠰᠢᠭᠦᠡᠳᠤ᠂ ᠪᠣᠯᠤᠳ ᠤᠨ ᠳᠠᠪᠠᠭ᠎ᠠ ᠣᠭᠤᠨᠤ ᠶᠢᠨ ᠦᠨᠳᠦᠷ ᠵᠡᠷᠭᠡ ᠭᠢᠩᠭ᠋ᠠᠨ ᠤ ᠦᠣᠡᠭᠡᠨ ᠣᠢ ᠳᠤ ᠮᠤᠩᠭ᠋ᠤᠯ ᠳᠡᠷᠭᠡ ᠳᠠᠷᠬᠠᠯᠠᠬᠤ᠂ ᠳᠡᠷᠭᠡᠨ ᠤ ᠵᠠᠳᠠᠭᠠᠢ ᠮᠤᠳᠤ ᠠᠪᠬᠤ᠂ ᠮᠠᠯ ᠮᠠᠯᠵᠢᠬᠤ ᠵᠢᠭᠠᠰᠤ ᠪᠠᠷᠢᠬᠤ᠂ ᠠᠩ ᠭᠦᠷᠦᠭᠡ ᠭᠢᠭᠦ ᠵᠡᠷᠭᠡ 《ᠣᠢ ᠶᠢᠨ ᠢᠷᠭᠡᠳ》 ᠊ᠤᠨ ᠦᠨᠳᠦᠰᠦᠨ ᠠᠵᠤ ᠠᠮᠢᠳᠤᠷᠠᠯ ᠶᠢᠡᠨ ᠭᠢᠭ᠍ᠰᠡᠭᠡᠷ ᠢᠷᠡᠭ᠍ᠰᠡᠨ ᠶᠤᠮ᠃

《ᠣᠭᠤᠨᠤ ᠶᠢᠨ ᠷᠠᠰᠢᠶᠠᠨ》 ᠊ᠢ ᠣᠯᠤᠭᠰᠠᠨ ᠳᠤᠬᠠᠢ ᠥᠭᠡᠯᠡᠳᠴᠥᠳ ᠲᠤ ᠡᠢ᠌ᠮᠤ ᠨᠢᠭᠡᠨ ᠣᠯᠠᠮᠵᠢᠯᠠᠯᠳᠤ ᠶᠠᠷᠢᠶ᠎ᠠ ᠪᠠᠢ᠌ᠳᠠᠭ ᠰᠠᠨ᠃ 《᠁ ᠭᠢᠩᠭ᠋ᠠᠨ ᠤ ᠦᠣᠡᠭᠡᠨ ᠣᠢ ᠳᠤ ᠪᠣᠭᠤ᠂ ᠵᠦᠷ᠎ᠡ ᠣᠯᠠᠨ ᠪᠠᠢ᠌ᠳᠠᠭ ᠪᠦᠭᠡᠳ ᠥᠭᠡᠯᠡᠳ ᠠᠩᠴᠢᠳ᠂ ᠨᠤᠮᠤ ᠰᠤᠮᠤ ᠣᠷᠬ᠎ᠠ ᠪᠠᠷ ᠠᠩᠨᠠᠵᠤ ᠭᠦᠷᠦᠭᠡᠯᠡᠳᠡᠭ᠌ ᠪᠠᠢ᠌ᠵᠠᠢ᠃ ᠨᠢᠭᠡᠨ ᠵᠢᠯ ᠤᠨ ᠵᠤᠨ ᠤ ᠡᠭᠢ ᠪᠠᠷ ᠨᠢᠭᠡᠨ ᠠᠩᠴᠢᠨ ᠭᠡᠰᠢᠭᠦᠡᠳᠤ ᠶᠢᠨ ᠳᠠᠪᠠᠭᠠᠨ ᠤ ᠣᠷᠴᠢᠮ᠂ ᠨᠢᠭᠡᠨ ᠣᠭᠤᠨᠤ(ᠡᠷ᠎ᠡ ᠵᠦᠷ᠎ᠡ ᠶᠢᠨ ᠨᠠᠷᠠᠢ᠌ᠳᠤᠯ)ᠲ᠋ᠠᠢ ᠭᠡᠳᠦᠡᠳᠡ ᠳᠠᠭᠠᠷᠠᠯᠳᠤᠠᠠᠰᠠᠨ ᠪᠣᠯᠪᠠᠴᠤ ᠶᠠᠷᠤ ᠠᠯᠠᠵᠤ ᠴᠢᠳᠠᠠᠠᠰᠠᠨ ᠦᠭᠡᠶ ᠭᠡᠨ᠎ᠡ᠃ ᠣᠴᠢᠷ ᠨᠢ ᠬᠠᠪᠣᠷ ᠤᠨ ᠰᠡᠭᠦᠯ ᠵᠤᠨ ᠤ ᠡᠭᠢᠨ ᠤ ᠣᠯᠠᠷᠢᠯ ᠳᠤ᠂ ᠣᠭᠤᠨᠤ ᠰᠦᠷᠦᠭ᠌ ᠡᠴᠠ ᠪᠠᠨ ᠰᠠᠯᠵᠤ᠂ ᠭᠠᠠᠠᠴᠠᠭᠠᠷ ᠶᠢᠡᠨ ᠶᠠᠪᠣᠳᠠᠭ ᠶᠤᠮ᠃ ᠳᠠᠷᠠ ᠠᠩᠴᠢᠨ ᠭᠡᠳᠤᠨ ᠬᠤᠨᠤᠭ ᠶᠢᠡᠷ ᠭᠡᠳᠡᠵᠤ᠂ ᠮᠦᠷᠳᠠᠵᠤ᠂ ᠦᠨᠦᠭᠢ ᠣᠭᠤᠨᠤ ᠶᠠᠮᠠᠷ ᠨᠢᠭᠡᠨ ᠶᠠᠭᠤᠮ᠎ᠠ ᠳᠤ ᠭᠦᠭᠡᠭᠡᠭ᠍ᠳᠡᠭᠡᠳ ᠠᠮᠢ ᠳᠠᠯᠪᠢᠨ ᠭᠦᠶ‍ᠦᠵᠤ ᠪᠠᠢ᠌ᠬᠤ ᠶᠢ ᠠᠮᠠᠳᠠᠵᠤ ᠣᠴᠢᠭᠠᠤᠨ ᠨᠤᠮᠤ ᠰᠤᠮᠤ ᠪᠠᠷ ᠶᠢᠡᠨ ᠬᠠᠷᠪᠤᠨ ᠰᠢᠷᠠᠠᠠᠳᠤᠭᠤᠯᠤᠠᠠᠰᠠᠨ ᠳᠤ᠂ ᠳᠠᠷᠠ ᠣᠭᠤᠨᠤ ᠭᠡᠰᠢᠭᠦᠡᠳᠤ ᠶᠢᠨ ᠴᠠᠭᠠᠨ᠎ᠠ ᠦᠨᠳᠦᠷ ᠤᠨ ᠪᠣᠯᠠᠭ ᠲᠤ ᠭᠦᠶ‍ᠦᠭᠡᠨ ᠣᠨᠠᠪᠠ ᠭᠡᠨ᠎ᠡ᠃ ᠠᠩᠴᠢᠨ ᠰᠢᠷᠠᠠᠠᠳᠤᠭᠠᠤᠨ ᠣᠨᠤᠭᠰᠠᠨ ᠣᠭᠤᠨᠤ ᠶᠢ ᠳᠠᠭᠢᠨ ᠪᠣᠰᠴᠤ ᠭᠦᠶ‍ᠦᠭᠦ ᠡᠴᠠ ᠰᠠᠷᠠᠮᠵᠢᠯᠠᠵᠤ᠂ ᠳᠤᠤᠷ᠎ᠠ ᠨᠢ ᠭᠦᠭᠡᠭᠡᠵᠤ ᠣᠴᠢᠭᠰᠠᠨ ᠦᠭᠡᠶ᠃ ᠨᠢᠭᠡ ᠳᠦᠷᠦᠩᠭᠡ(ᠭᠠᠩᠰᠠ)⑥ ᠳᠠᠮᠠᠭᠢ ᠳᠠᠳᠠᠭᠠᠤᠨ ᠣᠴᠢᠭᠰᠠᠨ ᠴᠢᠨᠢ ᠦᠨᠦᠭᠢ ᠣᠭᠤᠨᠤ ᠦᠭᠡᠶ ᠪᠣᠯᠤᠠᠠᠰᠠᠨ ᠠᠵᠢ᠃ ᠬᠠᠷᠪᠣᠭᠠᠤᠨ ᠰᠢᠷᠠᠠᠠᠳᠤᠭᠤᠯᠤᠠᠠᠰᠠᠨ ᠰᠤᠮᠤᠨ ᠤ ᠭᠢᠨᠢ ᠴᠢᠰᠤ ᠨᠢ ᠠᠷᠢᠯᠤᠭᠠᠤᠨ᠂ ᠰᠢᠠᠠᠳᠠᠭᠠᠯ ᠨᠢ ᠬᠠᠷᠢᠨ ᠬᠠᠴᠢᠨ ᠥᠩᠭᠡ ᠲᠡᠶ ᠪᠣᠯᠤᠠᠠᠰᠠᠨ ᠭᠡᠨ᠎ᠡ᠃ ᠥᠭᠡᠯᠡᠳᠴᠥᠳ ᠠᠩ ᠤᠨ ᠭᠡᠰᠢᠭ᠌ ᠢ ᠣᠯᠠᠨ ᠶᠢᠡᠷ ᠶᠢᠡᠨ ᠬᠤᠪᠢᠶᠠᠬᠤ ᠡᠴᠠ ᠪᠢᠰᠢ ᠭᠠᠠᠠᠴᠠᠭᠠᠷ ᠶᠢᠡᠨ ᠵᠠᠯᠭᠢᠬᠤ ᠵᠠᠩ ᠦᠭᠡᠶ᠂ 《ᠤᠢ᠌ᠷᠠᠤᠨ ᠴᠠᠭᠠᠵᠠ》 ᠳᠤ ᠳᠤᠠᠠᠳᠠᠭᠠᠠᠠᠰᠠᠨ 《ᠰᠤᠮᠤ ᠲᠡᠶ ᠭᠦᠷᠦᠭᠡᠰᠤᠨ ᠵᠠᠷ ᠲᠡᠶ ᠪᠣᠯᠤᠭᠠᠤᠨ ᠳᠠᠷᠤᠬᠤᠯ᠎ᠠ ᠳᠠᠪᠣ ᠠᠪ᠂ ᠰᠤᠮᠤ ᠦᠭᠡᠶ ᠭᠦᠷᠦᠭᠡᠰᠤᠨ  ᠨᠡᠭᠠᠳᠬᠤᠯ᠎ᠡ ᠭᠦᠯ ᠮᠤᠷᠢ ᠶᠢ ᠠᠨᠤ ᠠᠪ᠂ ᠭᠠᠵᠠᠷ ᠡᠴᠠ ᠠᠪᠣᠭᠰᠠᠨ ᠰᠤᠮᠤ ᠰᠤᠷᠳᠠᠯ᠎ᠠ ᠡᠰᠡ ᠦᠭ‍ᠭᠦᠯ᠎ᠡ ᠮᠤᠷᠢ ᠠᠪ》 ⑥ ᠭᠡᠳᠡᠭ᠌ ᠶᠤᠰᠤ ᠪᠠᠨ ᠪᠠᠷᠢᠮᠳᠠᠯᠠᠳᠠᠭ ᠪᠣᠯᠬᠤᠷ᠂ ᠦᠨᠦᠭᠢ ᠠᠩᠴᠢᠨ ᠳᠤᠤᠷ᠎ᠠ ᠪᠠᠨ ᠪᠣᠴᠠᠵᠤ᠂ ᠵᠠᠰᠠᠠᠠᠳᠠᠨ ᠯᠠᠮᠠᠳᠠᠨ ᠨᠡᠷ ᠲᠤ ᠣᠭᠤᠨᠤ ᠰᠢᠷᠠᠠᠠᠳᠤᠭᠤᠯᠤᠠᠠᠰᠠᠨ ᠣᠴᠢᠷ ᠶᠢᠡᠨ ᠮᠡᠳᠡᠭᠦᠯᠪᠡ ᠭᠡᠨ᠎ᠡ᠃ ᠡᠷᠳᠡᠮᠳᠤ ᠯᠠᠮᠠ ᠰᠤᠮᠤᠨ ᠤ ᠰᠢᠠᠠᠳᠠᠭᠠᠯ ᠢ ᠨᠢ ᠰᠢᠵᠢᠵᠤ ᠰᠢᠨᠵᠢᠭᠡᠳ 〈ᠨᠤᠮ ᠤᠨ ᠬᠠᠭᠠᠤᠨ ᠤᠨ ᠳᠦᠷᠪᠠᠨ ᠷᠠᠰᠢᠶᠠᠨ〉 ᠮᠠᠳᠤ ᠶᠢᠨ ᠨᠤᠮ ᠰᠤᠳᠤᠷ ᠤᠳ ᠶᠢᠡᠨ ᠣᠷᠪᠠᠭᠤᠯᠵᠤ᠂ ᠳᠠᠷᠠ ᠭᠦ ᠬᠠᠴᠢᠨ ᠵᠢᠭ᠍ᠳᠡᠢ ᠪᠣᠯᠠᠭ ᠲᠤ ᠭᠦᠷᠴᠤ᠂ ᠡᠯᠳᠡᠪ ᠶᠢᠡᠷ ᠳᠤᠷᠰᠢᠵᠤ ᠰᠢᠡᠵᠢᠭᠡᠳ ᠷᠠᠰᠢᠶᠠᠨ ᠮᠦᠨ ᠭᠡᠵᠤ ᠳᠤᠳᠤᠯᠤᠭᠠᠤᠨ᠂ 〈ᠳᠠᠮᠤᠷ ᠤᠨ ᠣᠰᠤᠨ ᠤ ᠷᠠᠰᠢᠶᠠᠨ〉 ᠬᠤᠳᠤᠭᠤᠳᠤ ᠭᠡᠳᠡᠰᠤᠨ ᠳᠤ ᠰᠠᠢ᠌ᠨ ᠭᠡᠵᠤ ᠣᠷᠴᠢᠮ ᠳ᠋ᠤᠨᠢ ᠣᠪᠣᠭ᠎ᠠ ᠪᠣᠰᠬᠠᠨ 《ᠣᠭᠤᠨᠤ ᠶᠢᠨ ᠷᠡᠰᠢᠶᠡᠨ》 ᠭᠡᠵᠤ ᠨᠡᠷᠡᠯᠡᠭ᠍ᠰᠡᠨ ᠶᠤᠮ ᠭᠡᠨ᠎ᠡ᠃ ⑦

ᠲ᠋ᠠᠷᠠ ᠦᠶ᠎ᠡ ᠥᠭᠡᠯᠡᠳᠴᠥᠳ᠂ ᠵᠤᠨ ᠤ ᠰᠠᠢ᠌ᠬᠠᠨ ᠣᠯᠠᠷᠢᠯ ᠪᠣᠯᠬᠤ ᠪᠦᠷᠢ 《ᠣᠭᠤᠨᠤ ᠶᠢᠨ ᠷᠠᠰᠢᠶᠠᠨ》 ᠳᠤ ᠢᠷᠠᠵᠤ ᠪᠠᠶ᠎ᠠ ᠰᠤᠪᠢᠯᠠᠬᠤ ᠪᠣᠶᠤ ᠮᠤᠳᠤ ᠳᠡᠷᠭᠡᠨ ᠤ ᠳᠠᠷᠬ᠎ᠠ ᠭᠢᠳᠡᠭ᠌ ᠪᠠᠢ᠌ᠨ᠎ᠠ᠃

ᠥᠭᠡᠯᠡᠳᠴᠥᠳ ᠥᠭᠡᠷ ᠳᠡᠷᠭᠡ ᠪᠠᠷ ᠶᠢᠡᠨ ᠣᠭᠤᠨᠤ ᠶᠢᠨ ᠭᠤᠤᠯ ᠢ ᠥᠭ᠍ᠰᠦᠵᠤ᠂ ᠴᠤᠤᠯ ᠭᠤᠤᠯ ᠤᠨ ᠡᠭᠢ ᠪᠠᠷ ᠭᠢᠩᠭ᠋ᠠᠨ ᠢ ᠳᠠᠪᠠᠵᠤ᠂ ᠮᠠᠠᠵᠤ᠂ ᠴᠢᠩ ᠤᠨ《ᠪᠦᠭᠡ(ᠣᠳᠤ ᠶᠢᠨ ᠴᠢᠴᠢᠬᠠᠷ)᠂ ᠭᠦᠯᠤᠨ ᠪᠣᠢ᠌ᠷ(ᠣᠳᠤ ᠶᠢᠨ ᠬᠠᠢ᠌ᠯᠠᠷ)᠊ᠤᠨ ᠠᠷᠪᠠᠨ ᠳᠤᠯᠤᠭᠠᠨ ᠣᠯᠠᠭ᠎ᠠ ᠦᠷᠳᠡᠭᠡᠨ》 ᠊ᠤ 《ᠶᠠᠯᠤ ᠪᠣᠭᠤᠳᠤ》 (ᠣᠳᠤ ᠶᠢᠨ ᠭᠧᠤ ᠺᠧᠤ ᠦᠷᠳᠡᠭᠡ)⑧ ᠦᠷᠳᠡᠭᠡᠨ ᠳᠤ ᠭᠦᠷᠴᠤ᠂ ᠪᠣᠰᠤᠳ ᠦᠷᠳᠡᠭᠡ ᠶᠢ ᠳᠠᠮᠵᠢᠨ ᠰᠢᠭᠤᠳ ᠪᠦᠭᠡ ᠬᠤᠳᠠ ᠣᠷᠤᠵᠤ᠂ ᠠᠷᠠᠯᠵᠢᠶ᠎ᠠ ᠮᠠᠢ᠌ᠮᠠᠢ ᠭᠢᠳᠡᠭ᠌ ᠪᠠᠢ᠌ᠵᠠᠢ᠃ ᠥᠭᠡᠯᠡᠳᠴᠥᠳ ᠤᠨ 《ᠣᠭᠤᠨᠤ ᠶᠢᠨ ᠷᠠᠰᠢᠶᠠᠨ》 ᠊ᠤ ᠢᠯᠡᠷᠡᠭᠦᠯᠦᠯᠳᠡ ᠨᠢ ᠪᠦᠭᠡ(ᠴᠢᠴᠢᠬᠠᠷ)ᠭᠦᠯᠤᠨ ᠪᠣᠢ᠌ᠷ(ᠬᠠᠢ᠌ᠯᠠᠷ)ᠲ᠋ᠠᠭᠢ ᠮᠠᠠᠵᠤ ᠴᠢᠩ ᠤᠨ ᠨᠤᠶᠠᠤᠨ ᠤᠨ ᠠᠩᠬᠠᠷᠤᠯ ᠢ ᠶᠡᠭᠡᠪᠠᠷ ᠳᠠᠳᠠᠪᠠ᠃ ᠵᠢᠰᠢᠶᠠᠯᠠᠪᠠᠯ᠄ 《ᠳᠠᠭᠤᠷ ᠦᠨᠳᠦᠰᠦᠳᠠᠨ ᠤ ᠶᠡᠭᠡ ᠡᠷᠳᠡᠮᠳᠡᠨ ᠣᠤᠯᠢ᠂ ᠴᠠᠩ ᠰᠢᠩ(ᠮᠤᠩᠭ᠋ᠤᠯ ᠨᠠᠷ᠎ᠠ ᠨᠢ ᠷᠠᠪᠳᠠᠨ) ᠭᠡᠳᠡᠭ᠌ ᠭᠦᠮᠤᠨ᠂ ᠥᠭᠡᠯᠡᠳ ᠤᠨ ᠪᠠᠭᠰᠢ ᠯᠠᠮ᠎ᠠ ᠶᠢ ᠵᠠᠯᠠᠵᠤ᠂ ᠰᠤᠶᠤᠯᠵᠢ ᠠᠭᠤᠯᠠᠨ ᠳᠤ ᠭᠦᠷᠴᠤ᠂ 《ᠴᠤᠬᠤᠢ ᠶᠢᠨ ᠣᠰᠤᠨ ᠤ ᠷᠠᠰᠢᠶᠠᠨ ᠊᠊᠊᠊᠊᠊᠊᠊᠊᠊᠊᠊᠊᠊᠊ ᠬᠠᠯᠠᠭᠤᠨ ᠷᠠᠰᠢᠶᠠᠨ》 ᠊ᠢ ᠢᠯᠡᠷᠡᠭᠦᠯᠤᠨ ᠨᠡᠭᠡᠭᠡᠪᠡ ⑨᠃ ᠳᠡᠭᠡᠭᠡᠳ 《1853 ᠣᠨ ᠤ 10 ᠰᠠᠷ᠎ᠠ ᠶᠢᠨ 20 ᠤ ᠡᠳᠦᠷ᠂ ᠬᠠᠯᠠᠭᠤᠨ ᠷᠠᠰᠢᠶᠠᠨ ᠤ ᠭᠤᠴᠢᠨ ᠬᠤᠶᠠᠷ ᠪᠣᠯᠠᠭ ᠲᠤ ᠴᠢᠯᠠᠭᠤᠨ ᠫᠠᠢ᠌ᠰᠠ ᠪᠣᠰᠬᠠᠵᠤ ᠬᠠᠷᠢᠭᠤᠴᠠᠨ ᠪᠠᠢ᠌ᠭᠤᠯᠤᠭᠴᠢ᠄ ᠵᠠᠩᠭᠢ᠂ ᠴᠠᠩ ᠰᠢᠩ᠂ ᠷᠢᠠᠴᠢᠠᠳᠤᠷᠵᠢ᠃ ᠫᠠᠢ᠌ᠰᠠ ᠪᠣᠰᠠᠬᠠᠴᠢ᠄ ᠳᠠᠳ᠋ ᠣᠭᠤᠷᠳᠠ ᠭᠢᠨᠠᠠᠪᠠᠳᠤ᠃ ᠵᠠᠰᠠᠨ ᠪᠠᠢ᠌ᠭᠤᠯᠬᠤ ᠶᠢ᠄ ᠵᠠᠩᠭᠢ ᠰᠠᠢ᠌ᠠᠪᠠᠳᠤ ᠬᠠᠯᠠᠭᠤᠨ ᠶᠢᠡᠷ ᠳᠡᠮᠵᠢᠭ᠍ᠴᠢ᠂ ᠳᠠᠢ᠌ᠴᠢᠩ ᠭᠦᠷᠤᠨ ᠤ ᠳᠦᠭᠡᠮᠡᠯ ᠡᠯᠪᠠᠭ᠍ᠳᠤ ᠶᠢᠨ ᠭᠤᠳᠠᠭᠠᠷ ᠣᠨ  ᠨᠢ᠋ᠮᠠᠨ ᠰᠠᠷ᠎ᠠ ᠶᠢᠨ ᠦᠯᠵᠠᠢ᠌ᠳᠤ ᠡᠳᠦᠷ ᠭᠡᠵᠤ ᠮᠠᠠᠵᠤ ᠥᠰᠦᠭ᠌ ᠰᠡᠢ᠌ᠯᠦᠭ᠍ᠰᠡᠨ ᠪᠠᠢ᠌ᠨ᠎ᠠ》 ⑩᠃

《ᠣᠭᠤᠨᠤ ᠶᠢᠨ ᠷᠠᠰᠢᠶᠠᠨ》 ᠪᠣᠯ ᠭᠦᠯᠤᠨ ᠪᠣᠢ᠌ᠷ ᠥᠭᠡᠯᠡᠳᠴᠥᠳ ᠤᠨ ᠣᠶᠤᠨ ᠣᠬᠠᠭᠠᠨ᠂ ᠠᠵᠢᠯ ᠭᠦᠳᠡᠯᠮᠦᠷᠢ ᠶᠢᠨ ᠪᠦᠳᠦᠭᠡᠯ ᠤᠨ ᠣᠭᠢ ᠶᠤᠮ᠃ ᠥᠭᠡᠯᠡᠳ ᠤᠨ ᠭᠦᠳᠡᠯᠮᠦᠷᠢᠴᠢᠨ ᠲᠦᠮᠡᠨ ᠤ ᠭᠦᠴᠤ ᠭᠦᠯᠦᠰᠤ ᠳᠠᠷᠠ ᠭᠦ ᠷᠠᠰᠢᠶᠠᠨ ᠳᠤ ᠠᠭᠤᠰᠴᠤ ᠰᠢᠩᠭᠡᠵᠡᠢ᠃ 1947 ᠣᠨ ᠳᠤ ᠥᠭᠡᠯᠡᠳ ᠤᠨ ᠨᠠᠷᠠᠳᠤ ᠡᠷᠳᠡᠮᠳᠡᠨ ᠴᠠᠮᠠᠬᠠᠳ ᠬᠠᠳᠠ ᠪᠠᠭᠰᠢ ᠦᠪᠡᠷ ᠤᠨ ᠨᠤᠳᠤᠭ ᠣᠰᠤ᠂ ᠦᠷ᠎ᠡ ᠬᠡᠦᠬᠡᠳ᠂ ᠢᠨᠠᠭ ᠳᠤᠷᠠᠯᠠᠯ ᠶᠢᠡᠨ ᠬᠠᠢ᠌ᠷᠠᠯᠠᠨ ᠪᠠᠬᠠᠷᠠᠬᠤ ᠰᠡᠳᠬᠢᠯᠭᠡ ᠪᠠᠷ ᠣᠭᠤᠨᠤ ᠶᠢᠨ ᠷᠠᠰᠢᠶᠠᠨ》 ᠭᠡᠳᠡᠭ᠌ ᠰᠢᠯᠦᠭ᠌ ᠪᠢᠴᠢᠵᠤ᠄

ᠰᠢᠯᠢᠨ ᠪᠣᠯᠤᠷ ᠤᠨ ᠭᠢᠯᠪᠠᠭᠠᠰᠤᠳᠠᠢ

ᠰᠢᠭᠦᠳᠡᠷ ᠤᠨ ᠣᠰᠤ ᠪᠠᠷ ᠴᠢᠮᠡᠭᠯᠡᠭ᠍ᠰᠡᠨ

ᠰᠢᠨᠡᠭᠡᠨ ᠳᠡᠯᠭᠡᠷᠡᠭ᠍ᠰᠡᠨ ᠴᠡᠪᠠᠷᠭᠡᠨ ᠴᠠᠨ᠎ᠠ

ᠰᠢᠯᠭᠠᠷᠠᠠᠠᠰᠠᠨ ᠪᠠᠢ᠌ᠭᠠᠯᠢ ᠶᠢᠨ ᠥᠵᠡᠰᠭᠦᠯᠡᠩ

ᠬᠤᠨ ᠤ ᠵᠢᠭᠦᠷ ᠳᠡᠨᠢᠢᠯᠭᠡᠭ᠍ᠰᠡᠨ ᠰᠢᠭ᠌

ᠬᠤᠰᠤᠨ ᠴᠠᠭᠠᠨ ᠣᠢ ᠮᠤᠳᠤᠳ

ᠬᠤᠷᠴᠠ ᠨᠤᠭᠤᠭᠠᠨ ᠨᠠᠪᠴᠢᠰ ᠶᠢᠡᠷ ᠶᠢᠡᠨ

ᠬᠤᠷᠮᠤᠰᠳᠠ ᠳᠡᠭ᠍ᠷᠢ ᠶᠢ ᠬᠠᠯᠠᠬᠠᠯᠠᠵᠠᠢ

ᠨᠠᠪᠴᠢ ᠮᠦᠴᠢᠷ ᠤᠨ ᠭᠢᠨᠢ ᠵᠠᠪᠰᠠᠷ ᠵᠢᠠᠷ

ᠨᠠᠷᠠᠨ ᠤ ᠴᠠᠢ᠌ᠪᠣᠷ ᠳᠤᠶᠠᠭ᠎ᠠ ᠬᠠᠷᠪᠣᠭᠠᠤᠨ

ᠨᠠᠷᠢᠨ ᠭᠡ ᠲᠡᠶ ᠣᠢ᠌ᠮ᠎ᠠ ᠨᠤᠭᠤᠳ ᠨᠢ

ᠨᠠᠭᠠᠰᠢ ᠴᠠᠭᠠᠰᠢ ᠴᠢᠯᠦᠭᠡᠳᠡᠢ ᠳᠡᠨᠢᠯᠳᠦᠭᠡᠳ

ᠰᠡᠷᠡᠭᠦᠨ ᠭᠢᠩᠭ᠋ᠠᠨ ᠤ ᠴᠠᠪᠠᠷ ᠠᠮᠢᠰᠬᠤᠯ

ᠰᠠᠷ ᠰᠠᠷ ᠬᠠᠶᠠ ᠭᠦᠷᠴᠤ ᠢᠷᠡᠭᠡᠳ

ᠰᠡᠷᠭᠦᠯᠡᠩ ᠮᠠᠬᠠᠪᠣᠤᠨ ᠲᠤ ᠳᠠᠭᠠᠯᠠᠮᠵᠢᠳᠠᠢ

ᠰᠡᠳᠬᠢᠯ ᠪᠠᠶ᠎ᠠ ᠳᠤ ᠪᠠᠶᠠᠰᠬᠤᠯᠠᠩ ᠲᠡᠶ

ᠦᠨᠦᠴᠢᠨ ᠬᠡᠦᠬᠡᠳ ᠢ ᠰᠥᠡᠵᠢᠭ᠍ᠰᠡᠨ ᠴᠤ ᠦᠭᠡᠶ

ᠦᠷᠤ ᠵᠥᠭᠡᠯᠡᠨ ᠰᠠᠢ᠌ᠨ ᠭᠦᠮᠤᠨ

ᠦᠨᠳᠦᠷ ᠠᠭᠤᠯᠠ ᠶᠢᠨ ᠷᠠᠰᠢᠶᠠᠨ ᠳᠡᠭᠡᠷ᠎ᠡ

ᠦᠨᠦᠳᠤᠷ ᠣᠴᠠᠷᠠᠬᠤ ᠨᠢ ᠪᠠᠰᠠ ᠴᠤ ᠪᠠᠶᠠᠷᠳᠠᠢ᠃ ᠭᠡᠵᠤ ᠣᠶᠠᠩᠭ᠋ᠠᠯᠠᠭᠰᠠᠨ ᠪᠠᠢ᠌ᠵᠤ ᠪᠢᠯᠠ ⑾ ᠃

ᠴᠢᠯᠦᠭᠡᠯᠡᠭ᠍ᠳᠡᠭ᠍ᠰᠡᠨ ᠤ ᠳᠠᠷᠠᠭ᠎ᠠ 《ᠣᠭᠤᠨᠤ ᠶᠢᠨ ᠷᠠᠰᠢᠶᠠᠨ》 ᠠᠢ᠌ᠮᠠᠭ ᠣᠷᠤᠨ ᠳᠤ ᠠᠯᠳᠠᠷᠰᠢᠵᠤ᠂ ᠮᠠᠰᠢ ᠣᠯᠠᠨ ᠵᠤᠭᠠᠴᠢᠨ ᠰᠤᠪᠢᠯᠠᠭᠴᠢᠳ 《ᠣᠭᠤᠨᠤ ᠶᠢᠨ ᠷᠠᠰᠢᠶᠠᠨ》 ᠳᠤ ᠢᠷᠡᠭᠦ ᠪᠣᠯᠤᠯ᠎ᠠ᠃ ᠥᠭᠡᠯᠡᠳᠴᠥᠳ ᠷᠠᠰᠢᠶᠠᠨ ᠳᠤ ᠢᠷᠠᠵᠤ ᠰᠤᠪᠢᠯᠠᠬᠤ ᠪᠠᠷᠭᠤᠴᠤᠳ ᠲᠡᠶ ᠮᠤᠳᠤ ᠳᠡᠷᠭᠡᠨ ᠤ ᠮᠤᠩᠭ᠋ᠤᠯ ᠮᠠᠢ᠌ᠮᠠᠢ ᠭᠢᠳᠡᠭ᠌ ᠪᠠᠢ᠌ᠯ᠎ᠠ᠃ ᠧᠡᠩᠭᠢᠴᠦᠳ᠂ ᠪᠣᠭᠤ ᠬᠠᠠᠳᠠᠭᠠᠢ ᠵᠡᠷᠭᠡ ᠡᠮ ᠤᠨ ᠡᠳ᠋᠂ ᠠᠩ ᠤᠨ ᠮᠢᠬ᠎ᠠ ᠶᠢ ᠷᠠᠰᠢᠶᠠᠨ ᠰᠤᠪᠢᠯᠠᠭᠴᠢᠳ ᠲᠤ ᠪᠣᠷᠤᠯᠠᠭᠤᠯᠳᠠᠭ ᠪᠠᠢ᠌ᠯ᠎ᠠ᠃ 《ᠣᠭᠤᠨᠤ ᠶᠢᠨ ᠷᠠᠰᠢᠶᠠᠨ》 ᠪᠣᠯ ᠵᠤᠭᠠᠴᠠᠯ ᠰᠤᠪᠢᠯᠠᠯ ᠤᠨ ᠰᠠᠢ᠌ᠬᠠᠨ ᠭᠠᠵᠠᠷ ᠮᠦᠨ᠂ ᠣᠯᠠᠨ ᠭᠦᠮᠦᠰ ᠤᠨ ᠳᠤᠷ᠎ᠠ ᠪᠠᠬᠠᠳᠤᠯ ᠢ ᠳᠠᠳᠠᠭᠰᠠᠨ ᠳᠡᠦᠭᠡᠳᠤ ᠨᠤᠳᠤᠭ ᠶᠤᠮ᠃


ᠵᠡᠭᠦᠯᠳᠡ

① 《ᠪᠠᠷᠠᠴᠠᠨ᠎ᠠ ᠰᠠᠭᠢᠶ᠎ᠠ᠂ ᠪᠣᠭᠳᠠ ᠨᠠᠢ᠌ᠵᠢ ᠳᠣᠢ᠌ᠨ ᠳᠠᠯᠠᠢ ᠮᠠᠠᠽᠤᠰᠢᠷᠢ ᠶᠢᠨ ᠳᠤᠮᠤᠭ ᠢ ᠳᠤᠳᠤᠷᠬᠠᠢ ᠭᠡᠢ᠌ᠭᠦᠯᠦᠭ᠍ᠴᠢ ᠴᠢᠠᠳᠠᠮᠤᠨᠢ ᠡᠷᠭᠡ》 ᠭᠡᠳᠡᠭ᠌ ᠵᠤᠬᠢᠶᠠᠯ ᠡᠴᠠ᠃

② 《ᠷᠠᠳᠨᠠᠠᠠᠪᠠᠳᠠᠷᠠᠨ ᠽᠠᠶ᠎ᠠ ᠪᠠᠠᠳᠢᠳᠠ ᠶᠢᠨ ᠨᠠᠮᠳᠠᠷ᠂ ᠰᠠᠷᠠᠨ ᠤ ᠭᠡᠷᠡᠯ ᠭᠡᠮᠡᠭᠦ ᠳᠤᠭᠤᠵᠢ ᠤᠷᠦᠰᠢᠪᠡ》 ᠭᠡᠳᠡᠭ᠌ ᠵᠤᠬᠢᠶᠠᠯ ᠡᠴᠠ᠃

③ ᠪ᠊· ᠸ · ᠸᠠᠯᠳᠢᠮᠢᠷᠤᠼᠤᠪ ᠤᠨ 《ᠮᠤᠩᠭ᠋ᠤᠯᠴᠤᠳ ᠤᠨ ᠨᠡᠢ᠌ᠭᠡᠮ ᠤᠨ ᠪᠠᠢ᠌ᠭᠤᠯᠤᠯ ᠤᠨ ᠳᠡᠦᠭᠡ》 ᠡᠴᠠ᠃

④ 《ᠥᠭᠡᠯᠡᠳ ᠠᠢ᠌ᠮᠠᠭ ᠤᠨ ᠳᠡᠦᠭᠡ》 ᠭᠡᠳᠡᠭ᠌ ᠨᠤᠮ ᠡᠴᠠ᠃

⑤⑦⑨ ᠥᠭᠡᠯᠡᠳ ᠤᠨ ᠭᠡᠰᠭᠡᠯᠡᠩ ᠰᠦᠮ᠎ᠡ(ᠪᠣᠶᠠᠨ ᠵᠤᠵᠠᠭᠠᠠᠠᠳᠬᠠᠬᠤ ᠰᠦᠮ᠎ᠡ)ᠳ᠋ᠤ ᠭᠡᠪᠭᠦᠢ ᠯᠠᠮᠠ ᠪᠠᠢ᠌ᠠᠠᠰᠠᠨ ᠭᠡᠯᠡᠭ᠍ᠵᠡᠯᠰᠡᠩ ᠭᠤᠸᠠᠢ ᠶᠢᠨ ᠳᠡᠮᠳᠡᠭᠯᠡᠯ ᠡᠴᠠ᠃

⑥ 《ᠤᠢ᠌ᠷᠠᠤᠨ ᠴᠠᠭᠠᠵᠠ》 (1985 ᠣᠨ ᠤ ᠭᠡᠪᠯᠡᠯ ᠤᠨ 172 ᠳ᠋ᠤᠭᠠᠷ ᠨᠢᠭᠤᠷ)ᠡᠴᠠ᠃

⑧ᠬᠠᠬᠠᠷ ᠤᠨ 《ᠴᠢᠴᠢᠬᠠᠷ᠂ ᠭᠦᠯᠤᠨ ᠪᠣᠢ᠌ᠷ ᠤᠨ ᠣᠯᠠᠭ᠎ᠠ ᠦᠷᠳᠡᠭᠡᠨ ᠤ ᠳᠡᠢ᠌ᠯᠪᠦᠷᠢ》 ᠭᠡᠳᠡᠭ᠌ ᠵᠤᠬᠢᠶᠠᠯ ᠡᠴᠠ᠃

⑩ 《ᠣᠤᠯᠢ᠂ ᠴᠠᠩ ᠰᠢᠩ ᠤᠨ ᠨᠠᠮᠳᠠᠷ》 ᠭᠡᠳᠡᠭ᠌ ᠵᠤᠬᠢᠶᠠᠯ ᠡᠴᠠ᠃

⑾ 《ᠭᠦᠯᠤᠨ ᠪᠣᠢ᠌ᠷ ᠤᠨ ᠴᠢᠯᠦᠭᠡᠯᠡᠯᠳᠡ ᠳᠤ ᠬᠤᠪᠢ ᠨᠠᠮᠠᠷᠢ ᠥᠵᠡᠭᠦᠯᠦᠭ᠍ᠰᠡᠨ ᠭᠦᠮᠤᠨ》 ᠭᠡᠳᠡᠭ᠌ ᠵᠤᠬᠢᠶᠠᠯ ᠡᠴᠠ᠃

* ᠳᠤᠰ ᠵᠤᠬᠢᠶᠠᠯ ᠤᠨ ᠨᠠᠢ᠌ᠷᠠᠭᠤᠯᠤᠭᠴᠢ ᠰᠡᠭᠡᠭᠡᠳᠡᠨ ᠪᠠᠢ᠌ᠬᠤ ᠳᠠᠭᠠᠨ ᠣᠭᠤᠨᠤ ᠤᠨ ᠷᠠᠰᠢᠶᠠᠨ ᠤ ᠣᠷᠴᠢᠮ 《ᠪᠣᠯᠤᠳ ᠤᠨ ᠳᠠᠪᠠᠭ᠎ᠠ ᠦᠪᠣᠷ ᠊᠊᠊᠊᠊᠊᠊᠊᠊᠊᠊᠊᠊᠊᠊ ᠭᠡᠰᠢᠭᠦᠡᠳᠤ》᠂ 《ᠰᠠᠢ᠌ᠬᠠᠨ ᠠᠷᠤ》 ᠁ ᠵᠡᠷᠭᠡ ᠪᠠᠷ ᠪᠠᠷᠢᠭᠠᠳᠠ ᠶᠢᠨ ᠮᠤᠳᠤᠨ ᠳᠠᠷᠬᠠᠨ ᠤ ᠠᠵᠢᠯ ᠭᠢᠭᠦ ᠳᠡᠭᠡᠨ ᠷᠠᠰᠢᠶᠠᠨ ᠳᠤ ᠪᠠᠶ᠎ᠠ ᠰᠤᠪᠢᠯᠠᠭᠴᠢᠳ ᠤᠨ ᠳᠡᠷᠭᠡ ᠣᠨᠤᠭ᠎ᠠ ᠶᠢ ᠰᠠᠯᠪᠢᠨ ᠵᠠᠰᠠᠵᠤ ᠳᠠᠳᠠᠨᠠᠷ ᠡᠴᠠ ᠮᠠᠰᠢ ᠣᠯᠠᠨ ᠷᠠᠰᠢᠶᠠᠨ ᠤ ᠳᠤᠬᠠᠢ ᠪᠣᠷᠤ ᠮᠠᠲ᠋ᠸᠷᠢᠶᠠᠯ ᠬᠤᠷᠠᠮᠳᠠᠭᠤᠯᠤᠭᠰᠠᠨ ᠪᠠᠢ᠌ᠨ᠎ᠠ᠃


ᠭᠦᠯᠤᠨ ᠪᠣᠢ᠌ᠷ ᠤᠨ ᠧᠡᠩᠭᠢ ᠬᠤᠰᠢᠭᠤᠨ ᠤ ᠪᠠᠶᠠᠠᠳᠤᠬᠤᠢ ᠪᠠᠯᠭᠠᠰᠤᠨ ᠳ᠋ᠤ

2008.05.10 ᠨ᠎ᠠᠵᠤᠬᠢᠶᠠᠭᠴᠢ ᠶᠢᠨ ᠬᠠᠶ‍ᠢᠭ᠄ ᠧᠡᠩᠭᠢ ᠬᠤᠰᠢᠭᠤᠨ ᠤ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7434
ᠴᠠᠭ᠄ 2010 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ