ᠨᠡᠪᠲᠡᠷᠡᠨ ᠤᠷᠤᠬᠤ
ᠣᠩᠭ᠋ᠤᠳ ᠰᠠᠭᠢᠬᠤ ᠣᠷᠤᠨ

ᠳᠠᠩᠴᠤ ᠭᠦᠭᠡᠷᠦᠭᠦᠨ ᠨᠤᠭᠤᠭᠠᠨ ᠳ᠋ᠠᠷᠢ ᠰᠢᠭ

ᠳᠤᠷᠮᠣᠢ᠌ᠭᠠᠤᠨ ᠢᠷᠡᠳᠡᠭ᠌ ᠮᠢᠨᠢ ᠴᠢ ᠪᠠᠢ᠌ᠯ᠎ᠠ

ᠳᠡᠯᠡᠭᠡᠢ ᠲᠡᠶ ᠪᠣᠯᠬᠤᠷ ᠭᠦᠮᠤᠨ ᠭᠡᠳᠡᠭ᠌

ᠳᠠᠯ᠎ᠠ ᠶᠢᠨ ᠬᠠᠨᠠᠭᠠᠷ ᠲᠤ ᠴᠡᠭᠡᠵᠢ ᠳᠡᠨᠢᠭᠡᠷ ᠡ


ᠬᠤᠠᠳᠤ ᠨᠠᠭᠤᠷ ᠲᠤ ᠵᠤᠠᠰᠢᠵᠤ ᠵᠢᠷᠭᠠᠭᠰᠠᠨ

ᠬᠤᠨ ᠨᠢ ᠳᠠᠩᠳᠠ ᠨᠢᠰᠦᠭᠡᠳ ᠢᠷᠡᠳᠡᠭ᠌

ᠬᠠᠮᠢᠭ᠎ᠠ ᠪᠠᠢ᠌ᠯ᠎ᠠ ᠴᠤ ᠢᠨᠢᠶᠡᠩᠭᠦᠢ ᠳᠦᠷᠢ ᠴᠢᠨᠢ

ᠬᠤᠨᠤᠭ ᠤᠨ ᠵᠡᠭᠦᠳᠤ ᠪᠠᠷ ᠪᠠᠭᠤᠳᠠᠭ ᠪᠠᠢ᠌ᠯ᠎ᠠ


ᠵᠢᠷᠦᠭᠡᠨ ᠡᠴᠠ ᠣᠠᠳᠤᠷᠤᠭᠰᠠᠨ ᠪᠣᠯᠠᠭ ᠶᠤᠮ ᠪᠣᠯᠬᠤᠷ

ᠵᠢᠳᠭᠦᠭᠦᠯᠵᠤ ᠭᠦᠷᠳᠡᠭ᠌ ᠣᠢ᠌ᠯᠠᠷ ᠲᠡᠶ ᠪᠠᠢ᠌ᠯ᠎ᠠ

ᠴᠢᠩ ᠰᠡᠳᠭᠢᠯ ᠤᠨ ᠴᠠᠢ᠌ᠯᠭᠠᠨ ᠪᠣᠳᠤᠯ ᠲᠡᠶ ᠪᠠᠨ

ᠴᠢᠨᠤ ᠵᠥᠭ᠌ ᠲᠤ ᠨᠢᠰᠳᠡᠭ᠌ ᠴᠤ ᠪᠠᠢ᠌ᠯ᠎ᠠ


ᠦᠷᠢ ᠲᠦᠯᠦᠭᠡᠰᠤ ᠶᠢᠨ ᠳᠠᠮᠠᠭᠠᠨ ᠳᠠᠩᠰᠠᠨ ᠳᠤ

ᠣᠴᠢᠷᠯᠠᠵᠤ ᠨᠡᠭᠡᠭᠡᠳᠡᠭ᠌ ᠦᠭᠡᠶ ᠬᠠᠢ᠌ᠷ᠎ᠠ ᠪᠠᠢ᠌ᠯ᠎ᠠ

ᠥᠡᠵᠢᠭᠦ ᠡᠳᠦᠷ ᠤᠨ ᠡᠭᠡᠯᠵᠢᠨ ᠬᠤᠨᠤᠭ ᠶᠢᠡᠷ

ᠦᠷᠤᠪᠴᠢᠯᠠᠵᠤ ᠰᠠᠭᠤᠬᠤ ᠵᠢᠷᠭᠠᠯ ᠪᠠᠢ᠌ᠯ᠎ᠠ


ᠠᠮᠠᠨ ᠡᠴᠠ ᠣᠨᠠᠭᠰᠠᠨ ᠥᠭᠡ ᠶᠢ ᠴᠢᠨᠢ ᠳᠤᠰᠴᠤ

ᠢᠳᠡᠭᠡᠯ ᠶᠢᠡᠷ ᠴᠠᠳᠴᠤ ᠳᠦᠭᠦᠷᠡᠩ ᠶᠠᠪᠣᠯ᠎ᠠ

ᠠᠯᠢ ᠭᠡᠵᠢᠶ᠎ᠡ ᠥᠳᠡᠯᠭᠦ ᠪᠠᠨ ᠮᠠᠷᠳᠠᠵᠤ

ᠠᠷᠪᠠᠨ ᠨᠢ᠋ᠮᠠ ᠲᠡᠶ ᠰᠢᠭ ᠭᠦᠭ᠍ᠰᠡᠵᠤ ᠵᠢᠷᠭᠠᠶ᠎ᠠ


ᠵᠠᠭᠤᠨ ᠪᠠᠯᠭᠡᠳᠤ ᠵᠠᠶᠠᠭᠠᠨ ᠤ ᠢᠷᠦᠭᠡᠯ

ᠵᠠᠭᠤᠷᠠᠳᠤ ᠪᠠᠷ ᠴᠤ ᠪᠢᠳᠠᠨ ᠳᠤ ᠪᠠᠭᠤᠬᠤ ᠪᠣᠯᠤᠭᠠᠰᠠᠢ

ᠵᠣᠢ᠌ᠴᠢᠯᠠᠵᠤ ᠪᠦᠳᠦᠡᠴᠢᠯᠡᠭᠦ ᠡᠭᠡᠰᠢᠭ᠌ ᠤᠨ ᠳᠠᠭᠤᠨ ᠳᠤ

ᠵᠢᠷᠭᠠᠬᠤ ᠶᠢᠨ ᠡᠷᠭᠡᠨ ᠳᠤ ᠱᠤᠩᠪᠠᠵᠤ ᠴᠤ ᠰᠠᠭᠤᠶ᠎ᠠ


ᠬᠤᠯᠠ ᠭᠡᠪᠠᠯ ᠬᠤᠯᠠ ᠳᠤ ᠪᠠᠨ ᠨᠢᠰᠳᠡᠭ᠌

ᠭᠦᠭᠡᠷᠦᠭᠦᠨ ᠪᠣᠳᠤᠯ ᠮᠢᠨᠢ ᠡᠮᠵᠡᠭ᠍ᠭᠡᠨ ᠴᠤ ᠪᠠᠢ᠌ᠯ᠎ᠠ

ᠤᠢ᠌ᠷ᠎ᠡ ᠭᠡᠪᠠᠯ ᠳᠡᠷᠭᠡᠳᠡ ᠮᠢᠨᠢ ᠡᠷᠭᠡᠯᠡᠳᠡᠭ᠌

ᠭᠦᠭᠡᠷᠦᠭᠦᠨ ᠠᠭᠠᠰᠢ ᠴᠢᠨᠢ ᠳᠤᠯᠢᠮᠠᠬᠠᠨ ᠶᠢᠡᠷ ᠶᠢᠡᠨ ᠪᠠᠢ᠌ᠯ᠎ᠠ


ᠥᠨᠡᠷᠭᠡᠵᠤ ᠭᠠᠩᠳᠠᠭᠤᠷᠬᠠᠳᠠᠭ ᠰᠡᠳᠭᠢᠯ ᠶᠤᠮ ᠪᠣᠯᠬᠤᠷ

ᠣᠷᠢᠳᠠᠭᠤᠷ ᠨᠢ ᠳᠠᠭᠠᠷᠢᠭᠠᠤᠨ ᠥᠩᠭᠡᠷᠡᠳᠡᠭ᠌ ᠴᠤ ᠪᠠᠢ᠌ᠪᠠ

ᠦᠵᠡᠭ᠍ᠰᠡᠨ ᠦᠭᠡᠶ ᠶᠤᠮ ᠰᠢᠭ᠌ ᠪᠠᠶ᠎ᠠ ᠪᠠᠨ ᠴᠢᠩᠨᠠᠵᠤ

ᠦᠨ᠎ᠡ ᠴᠠᠨ᠎ᠠ ᠪᠠᠨ ᠪᠠᠷᠤᠭᠴᠠᠭᠠᠯᠠᠳᠠᠭ ᠴᠤ ᠪᠠᠢ᠌ᠪᠠ


ᠠᠭᠤᠰᠭᠢ ᠵᠢᠷᠦᠭᠡᠨ ᠤ ᠴᠤᠭᠢᠯᠭ᠎ᠠ ᠳᠤ ᠳᠠᠨᠢᠯᠴᠠᠬᠤ ᠪᠠᠷ

ᠠᠭᠤᠯᠠ ᠨᠢᠷᠤᠭᠤᠳ ᠨᠢ ᠳᠡᠭ᠍ᠰᠢᠭᠡᠨ ᠶᠢᠡᠷ ᠶᠢᠡᠨ ᠪᠠᠢ᠌ᠪᠠ

ᠠᠭᠤᠯᠵᠠᠬᠤ ᠶᠢᠨ ᠰᠠᠢ᠌ᠬᠠᠨ ᠢᠷᠦᠭᠡᠯ ᠳᠠᠩᠳᠠ

ᠡᠭᠦᠳᠡ ᠶᠢ ᠲᠦᠯᠭᠢᠭᠡᠳ ᠢᠷᠡᠳᠡᠭ᠌ ᠰᠢᠭ᠌ ᠪᠠᠢ᠌ᠪᠠ


ᠴᠤᠴᠢᠷᠳᠠᠨ ᠢᠨᠢᠶᠡᠭᠦ ᠮᠦᠰᠢᠶᠠᠯ ᠨᠢ ᠭᠦᠷᠳᠡᠯ᠎ᠡ

ᠵᠢᠷᠦᠭᠡᠨ ᠳᠤ ᠮᠢᠨᠢ ᠬᠤᠨᠤᠭᠰᠢᠨ ᠭᠡᠳᠡᠭᠡᠯᠡᠳᠡᠭ᠌ ᠪᠠᠢ᠌ᠪᠠ

ᠴᠤᠭᠤ ᠰᠢᠷᠳᠡᠭ᠍ᠰᠡᠨ ᠬᠠᠷᠠᠴᠠ ᠨᠢ ᠭᠦᠷᠳᠡᠯ᠎ᠡ

ᠰᠡᠳᠭᠢᠯ ᠢ ᠮᠢᠨᠢ ᠬᠤᠯᠠᠭᠠᠢ᠌ᠯᠠᠭᠠᠤᠨ ᠭᠠᠷᠳᠠᠭ ᠴᠤ ᠪᠠᠢ᠌ᠪᠠ


ᠭᠡᠨᠳᠡᠢ ᠬᠠᠩᠭ᠋ᠠᠢ ᠶᠢᠨ ᠠᠷᠤ ᠦᠪᠣᠷ ᠲᠤ

ᠭᠡᠷ ᠲᠡᠶ ᠶᠤᠮ ᠰᠢᠭ ᠳᠠᠭᠠᠳᠠᠢ ᠴᠤ ᠪᠠᠢ᠌ᠯ᠎ᠠ

ᠭᠡᠷᠭᠡᠢ ᠬᠠᠳᠤᠨ ᠰᠢᠭ ᠬᠤᠨ ᠮᠢᠨᠢ ᠳᠡᠭᠡᠭᠡᠳ

ᠭᠡᠢ᠌ᠴᠢᠨ ᠶᠢᠡᠨ ᠣᠭᠳᠤᠭᠠᠤᠨ ᠢᠨᠢᠶᠡᠮᠰᠦᠭᠯᠡᠵᠤ ᠪᠠᠢ᠌ᠨ᠎ᠠ


ᠬᠠᠳᠠᠭ ᠶᠢᠡᠷ ᠣᠷᠢᠭᠰᠠᠨ ᠣᠩᠭ᠋ᠤᠳ ᠴᠢᠮ᠎ᠠ ᠪᠠᠨ

ᠬᠠᠩᠭ᠋ᠠᠢ ᠶᠢᠨ ᠴᠡᠴᠡᠭ᠌ ᠰᠢᠭ᠌ ᠡᠩᠬᠦᠷᠡᠢ᠌ᠯᠡᠵᠤ ᠬᠠᠢ᠌ᠷᠠᠯᠠᠶ᠎ᠠ

ᠬᠠᠯᠭᠢᠯᠠᠵᠤ ᠣᠷᠤᠰᠬᠤ ᠭᠤᠤᠯ ᠤᠨ ᠡᠭᠢ ᠰᠢᠭ᠌

ᠬᠤᠪᠢᠳᠠᠵᠤ ᠰᠢᠯᠦᠭ᠌ ᠲᠤ ᠪᠠᠨ ᠠᠭᠤᠰᠬᠠᠵᠤ ᠣᠶᠠᠩᠭ᠋ᠠᠯᠠᠶ᠎ᠠ ︕


2014᠂ 01᠂ 07᠂ ᠬᠦᠬᠡᠬᠤᠲᠠ ᠳ᠋ᠤ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠪᠠ᠊·ᠤᠳᠬᠤᠨᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12507
ᠴᠠᠭ᠄ 2014 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ