ᠨᠡᠪᠲᠡᠷᠡᠨ ᠤᠷᠤᠬᠤ
ᠬᠡᠦᠬᠡᠳ ᠢ ᠬᠠᠪᠰᠤᠷᠴᠤ ᠰᠦᠯᠵᠢᠶ᠎ᠡ ᠶᠢᠨ ᠰᠢᠨᠤᠯ ᠡᠴᠡ ᠠᠪᠤᠷᠠᠬᠤ ᠬᠡᠷᠡᠭᠲᠡᠢ

ᠲᠤᠥᠷ ᠰᠦ᠋ᠯᠵᠢ᠍ᠶ᠎ᠠ ᠶᠢᠨ ᠨᠢ᠍ᠰᠭᠦ ᠮᠡᠳ᠋ᠦ ᠲᠦ᠋ᠷᠭᠡᠨ ᠬᠦᠭ᠍ᠵᠢ᠍ᠯᠳ᠋ᠡ ᠶᠢ ᠲᠠᠭᠠᠯᠳ᠋ᠤᠨ᠂ ᠰᠦ᠋ᠯᠵᠢ᠍ᠶᠡᠨ ᠳ᠋ᠥ ᠭᠠᠷᠬᠤ ᠬᠦᠮᠦᠨ ᠤᠯᠠᠮ ᠡᠴᠡ ᠤᠯᠠᠮ ᠤᠯᠠᠰᠢ᠍ᠷᠠᠵᠤ ᠪᠠᠢ᠌ᠨ᠎ᠠ᠂ ᠬᠡᠶ᠎ᠠ ᠮᠠᠰᠢ ᠤᠯᠠᠨ ᠬᠡᠥᠬᠡᠳ ᠬᠠᠷᠢ᠍ᠨ ᠰᠦ᠋ᠯᠵᠢ᠍ᠶ᠎ᠠ ᠶᠢᠨ ᠡᠷᠡᠭᠦᠯ ᠪᠤᠰᠤ ᠰᠢ᠍ᠨᠤᠯ ᠳ᠋ᠥ ᠨᠡᠷᠪᠡᠭ᠍ᠳ᠋ᠡᠵᠤ᠂ ᠨᠡᠩ ᠤᠯᠠᠨ ᠰᠤᠷᠤᠯᠭ᠎ᠠ ᠳ᠋ᠥ ᠠᠰᠢ᠍ᠭ ᠦᠭᠡᠶ ᠵᠦ᠋ᠢ᠍ᠯ ᠤᠨ ᠰᠢ᠍ᠨᠤᠯ ᠳ᠋ᠥ ᠤᠷᠤᠭᠰᠠᠨ ᠡᠴᠡ ᠪᠤᠯᠵᠤ᠂ ᠰᠤᠷᠤᠯᠭ᠎ᠠ ᠨᠢ ᠲᠤᠷᠤᠭᠰᠢ᠍ᠯᠠᠬᠤ ᠦᠵᠡᠭ᠍ᠳ᠋ᠡᠯ ᠭᠠᠷᠴᠤ᠂ ᠮᠠᠰᠢ ᠤᠯᠠᠨ ᠭᠡᠷ ᠤᠨ ᠠᠬᠠᠮᠠᠳ ᠬᠢᠭᠡᠳ ᠪᠠᠭᠰᠢ ᠨᠡᠷ ᠢ ᠵᠤᠪᠠᠭᠠᠵᠤ ᠪᠠᠢ᠌ᠨ᠎ᠠ᠃ ᠤᠳ᠋ᠤ ᠶᠢᠨ ᠰᠦ᠋ᠯᠵᠢ᠍ᠶᠡᠨ ᠲᠡᠭᠡᠷᠡᠬᠢ ᠵᠠᠷᠢ᠍ᠮ ᠪᠦᠷᠢ᠍ᠨ ᠪᠤᠰᠤ ᠪᠦᠷᠢ᠍ᠳᠭᠡᠯ ᠢ ᠦᠨᠳ᠋ᠦᠰᠦᠯᠡᠪᠡᠯ ᠰᠦ᠋ᠯᠵᠢ᠍ᠶᠡᠨ ᠳ᠋ᠥ ᠭᠠᠷᠬᠤ ᠰᠤᠷᠤᠭᠴᠢ᠍ᠳ ᠲᠤᠰ ᠲᠤᠰ᠂ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠵᠠᠭᠤᠨ ᠤ ᠭᠤᠴᠢ᠂ ᠠᠩᠬ᠎ᠠ ᠲᠤᠮᠳ᠋ᠠᠳ᠋ᠤ ᠶᠢᠨ ᠰᠤᠷᠤᠭᠴᠢ ᠶᠢᠨ ᠵᠠᠭᠤᠨ ᠤ ᠲᠦ᠋ᠴᠢ᠂ ᠲᠡᠭᠡᠳ᠋ᠦ ᠲᠤᠮᠳ᠋ᠠᠳ᠋ᠤ ᠶᠢᠨ ᠰᠤᠷᠤᠭᠴᠢ ᠶᠢᠨ ᠵᠠᠭᠤᠨ ᠤ ᠵᠢᠷᠠ ᠳ᠋ᠥ ᠲᠤᠯᠵᠤ᠂ ᠰᠦ᠋ᠯᠵᠢ᠍ᠶ᠎ᠠ ᠨᠢ ᠰᠠᠨᠠᠭᠠᠨ ᠳ᠋ᠥ ᠦᠭᠡᠶ ᠪᠡᠷ ᠡᠳ᠋ᠡᠭᠡᠷ ᠬᠡᠥᠬᠡᠳ ᠤᠨ ᠰᠠᠨᠠᠭ᠎ᠠ ᠰᠡᠳᠬᠢᠴᠡ ᠶᠢ ᠶᠡᠬᠡ ᠪᠡᠷ ᠨᠦ᠋ᠯᠦᠭᠡᠯᠡᠵᠤ ᠪᠠᠢ᠌ᠨ᠎ᠠ᠃

ᠬᠡᠥᠬᠡᠳ ᠤᠨ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠵᠤ ᠪᠠᠢ᠌ᠬᠤ ᠭᠤᠥᠯ ᠰᠢ᠍ᠯᠳ᠋ᠠᠭᠠᠨ ᠨᠢ᠂ ᠲᠡᠳ᠋ᠡᠨᠡᠷ ᠤᠨ ᠰᠤᠯᠠ ᠴᠠᠭ ᠶᠢᠠᠨ ᠰᠠᠢ᠌ᠳ᠋ᠤᠷ ᠲᠤᠬᠢᠷᠠᠭᠤᠯᠵᠤ ᠴᠢ᠍ᠳ᠋ᠠᠬᠤ ᠦᠭᠡᠶ ᠡᠴᠡ ᠪᠤᠯᠤᠭᠰᠠᠨ ᠲᠤᠯᠠ ᠬᠡᠯᠡᠯᠭᠡᠨ ᠦᠭᠡᠶ ᠬᠡᠥᠬᠡᠳ ᠤᠨ ᠠᠪᠤ ᠡᠵᠢ ᠲᠡᠶ ᠬᠤᠯᠪᠤᠭᠳ᠋ᠠᠯ ᠲᠡᠶ ᠶᠤᠮ᠃ ᠤᠴᠢ᠍ᠷ ᠨᠢ ᠡᠬᠡ ᠡᠴᠢ᠍ᠭᠡ ᠨᠢ ᠬᠡᠥᠬᠡᠳ ᠤᠨ ᠵᠢᠨᠨ ᠮᠠᠰᠢ ᠤᠯᠠᠨ ᠰᠤᠯᠠ ᠰᠡᠯᠡᠭᠦᠥ ᠴᠠᠭ ᠲᠣ ᠬᠡᠥᠬᠡᠳ ᠲᠡᠶ ᠪᠠᠨ ᠬᠠᠮᠳ᠋ᠤ ᠪᠠᠢ᠌ᠳ᠋ᠠᠭ ᠦᠭᠡᠶ᠂ ᠡᠢ᠌ᠮᠦ ᠡᠴᠡ ᠬᠡᠥᠬᠡᠳ ᠠᠶᠠᠨᠳ᠋ᠠᠭᠠᠨ ᠲᠤᠥᠷ ᠰᠦ᠋ᠯᠵᠢ᠍ᠶ᠎ᠠ ᠲᠡᠶ ᠨᠦ᠋ᠬᠦᠷᠯᠡᠨ᠂ 《ᠰᠦ᠋ᠯᠵᠢ᠍ᠶ᠎ᠠ ᠶᠢᠨ ᠨᠠᠢ᠌ᠵᠠ》 ᠪᠤᠯᠳ᠋ᠠᠭ ᠪᠠᠢ᠌ᠨ᠎ᠠ᠃ ᠬᠡᠥᠬᠡᠳ ᠤᠳ᠋ᠠᠭᠠᠨ ᠳᠠᠭᠠᠨ ᠰᠦ᠋ᠯᠵᠢ᠍ᠶ᠎ᠠ ᠡᠴᠡ ᠮᠠᠰᠢ ᠠᠷᠪᠢᠨ ᠡᠷᠡᠭᠦᠯ ᠪᠤᠰᠤ ᠵᠦᠢᠯ ᠢ ᠬᠦᠷᠳ᠋ᠡᠵᠤ ᠪᠠᠢ᠌ᠳ᠋ᠠᠭ᠂ ᠡᠳ᠋ᠡᠭᠡᠷ ᠬᠡᠥᠬᠡᠳ ᠤᠨ ᠲᠤᠥᠷ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭ᠍ᠰᠡᠨ ᠪᠤᠳ᠋ᠠᠳ᠋ᠤ ᠢᠯᠡᠷᠡᠯ ᠨᠢ ᠲᠤᠥᠷᠠᠬᠢ ᠮᠡᠳ᠋ᠦ ᠪᠠᠢ᠌ᠳ᠋ᠠᠭ᠄

ᠨᠢ᠍ᠭᠡ᠂ ᠬᠡᠥᠬᠡᠳ ᠤᠨ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭᠦ ᠭᠤᠥᠯ ᠰᠢ᠍ᠯᠳ᠋ᠠᠭᠠᠨ

(1) ᠲᠤᠳ᠋ᠤᠭᠠᠳ᠋ᠤ ᠰᠡᠳᠭᠢᠯ ᠡᠴᠡ ᠪᠠᠨ ᠪᠠᠬ᠎ᠠ ᠲᠡᠶ ᠪᠤᠯᠵᠤ᠂ ᠠᠯᠢ᠍ᠪᠠ ᠤᠶᠤᠨ ᠰᠠᠨᠠᠭ᠎ᠠ ᠪᠠᠨ ᠰᠦ᠋ᠯᠵᠢ᠍ᠶᠡᠨ ᠳ᠋ᠥ ᠵᠠᠷᠴᠠᠭᠤᠯᠬᠤ᠃ ᠲᠠᠷᠤᠢ ᠬᠡᠥᠭᠡᠳ ᠠᠮᠢ᠍ᠳ᠋ᠤᠷᠠᠯ ᠲᠤᠮᠳ᠋ᠠ ᠪᠠᠨ ᠲᠤᠥᠷ ᠰᠦ᠋ᠯᠵᠢ᠍ᠶᠡᠨ ᠳ᠋ᠥ ᠨᠡᠷᠪᠡᠭ᠍ᠳ᠋ᠡᠪᠡᠯ᠂ ᠶᠡᠷᠦᠨᠢ ᠲᠡᠳ᠋ᠡᠨᠡᠷ ᠤᠨ ᠠᠩᠬᠠᠷᠤᠯ᠂ ᠤᠷᠮ᠎ᠠ ᠪᠠᠬ᠎ᠠ ᠨᠢ ᠰᠦ᠋ᠯᠵᠢ᠍ᠶᠡᠨ ᠳ᠋ᠥ ᠲᠠᠳ᠋ᠠᠭᠳ᠋ᠠᠵᠤ ᠪᠠᠢ᠌ᠳ᠋ᠠᠭ ᠡᠴᠡ ᠪᠤᠯᠵᠤ᠂ ᠵᠢᠩᠭᠢᠨᠢ ᠰᠤᠷᠭᠠᠭᠤᠯᠢ ᠶᠢᠨ ᠬᠦᠷᠢ᠍ᠶᠡᠨ ᠳ᠋ᠡᠬᠢ ᠨᠤᠮ ᠪᠢᠴᠢ᠍ᠭ᠌ ᠡᠴᠡ ᠠᠯᠭᠤᠷ ᠵᠢᠨᠷ ᠬᠤᠯᠠᠳᠬᠤ᠂ ᠤᠷᠮ᠎ᠠ ᠮᠠᠭᠤᠳ᠋ᠠᠬᠤ᠂ ᠰᠤᠷᠤᠯᠴᠠᠬᠤ ᠢᠳ᠋ᠡᠪᠬᠢᠵᠢ᠍ᠯ ᠨᠢ ᠪᠠᠭᠤᠷᠠᠬᠤ᠃ (2)ᠬᠠᠢ᠌ᠷ᠎ᠠ ᠰᠡᠳᠭᠢᠯ ᠨᠢ ᠬᠡᠳ᠋ᠦᠷᠬᠡᠢ ᠳ᠋ᠠᠩ ᠴᠤᠯᠭᠤᠢ᠃ ᠰᠦ᠋ᠯᠵᠢ᠍ᠶ᠎ᠠ ᠡᠴᠡ ᠲᠠᠨᠢ᠍ᠯᠴᠠᠭᠰᠠᠨ ᠨᠠᠢ᠌ᠵᠠ ᠪᠠᠨ ᠪᠦᠷᠢ᠍ᠮᠦᠰᠦᠨ ᠢᠳ᠋ᠡᠭᠡᠭᠦ ᠪᠦᠭᠡᠳ ᠦᠪᠡᠷ ᠤᠨ ᠴᠢ᠍ᠰᠤᠨ ᠲᠦ᠋ᠷᠦᠯ ᠤᠨ ᠬᠠᠷᠢ᠍ᠴᠠᠭ᠎ᠠ ᠲᠡᠶ ᠰᠠᠳ᠋ᠤᠨ ᠨᠢ ᠬᠠᠷᠢ᠍ᠨ ᠠᠯᠭᠤᠷ ᠠᠭᠠᠵᠢ᠍ᠮ ᠵᠢᠨᠷ ᠲᠡᠳ᠋ᠡᠨ ᠤ ᠰᠦ᠋ᠯᠵᠢ᠍ᠶ᠎ᠠ ᠶᠢᠨ ᠨᠠᠢ᠌ᠵᠠ ᠶᠢ ᠬᠦᠷᠭᠦ ᠦᠭᠡᠶ ᠰᠠᠨᠠᠭᠳ᠋ᠠᠬᠤ ᠶᠢ ᠲᠠᠭᠠᠯᠳ᠋ᠤᠨ᠂ ᠰᠦ᠋ᠯᠵᠢ᠍ᠶ᠎ᠠ ᠡᠴᠡ ᠰᠤᠷᠤᠭᠰᠠᠨ ᠵᠠᠷᠢ᠍ᠮ ᠵᠦ᠋ᠢ᠍ᠯ ᠶᠢᠠᠨ ᠵᠤᠷᠢ᠍ᠭᠤᠳ᠋ᠠ ᠪᠡᠷ ᠡᠬᠡ ᠡᠴᠢ᠍ᠭᠡ ᠡᠴᠡ ᠪᠠᠨ ᠨᠢ᠍ᠭᠤᠨ ᠲᠠᠯᠳ᠋ᠠᠯᠠᠵᠤ᠂ ᠵᠠᠷᠢ᠍ᠮ ᠳᠠᠭᠠᠨ ᠡᠬᠡ ᠡᠴᠢ᠍ᠭᠡ ᠲᠡᠶ ᠪᠠᠨ ᠠᠰ ᠲᠤᠯᠤᠨ ᠠᠪᠤᠨ ᠬᠠᠷᠢ᠍ᠭᠤᠴᠠᠵᠤ᠂ ᠬᠠᠷᠢ᠍ᠯᠴᠠᠨ ᠲᠠᠢ᠌ᠰᠤᠩᠨᠠᠬᠤ ᠦᠵᠡᠭ᠍ᠳ᠋ᠡᠯ ᠴᠦ ᠡᠭᠦᠰᠳ᠋ᠡᠭ᠌᠃ (3) ᠬᠠᠮᠳ᠋ᠤ ᠰᠤᠷᠤᠭᠴᠢ ᠶᠢᠨ ᠬᠤᠭᠤᠷᠤᠨᠳ᠋ᠤᠬᠢ ᠬᠠᠷᠢ᠍ᠴᠠᠭ᠎ᠠ ᠬᠤᠯᠪᠤᠭ᠎ᠠ ᠢᠪᠴᠡᠥ ᠪᠤᠯᠬᠤ᠃ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭ᠍ᠰᠡᠨ ᠬᠡᠥᠬᠡᠳ ᠶᠡᠷᠦᠳ᠋ᠡᠭᠡᠨ ᠮᠠᠰᠢ ᠠᠷᠪᠢᠨ ᠰᠦ᠋ᠯᠵᠢ᠍ᠶ᠎ᠠ ᠶᠢᠨ ᠨᠠᠢ᠌ᠵᠠ ᠲᠡᠶ ᠪᠤᠯᠵᠤ ᠪᠠᠢ᠌ᠳ᠋ᠠᠭ ᠡᠴᠡ ᠰᠦ᠋ᠯᠵᠢ᠍ᠶᠡᠨ ᠲᠡᠭᠡᠷ᠎ᠠ ᠤᠷᠳ᠋ᠤ ᠬᠤᠭᠤᠴᠠᠭ᠎ᠠ ᠪᠡᠷ ᠨᠠᠢ᠌ᠵᠠᠯᠠᠨ ᠶᠠᠷᠢ᠍ᠯᠴᠠᠵᠤ ᠪᠠᠢ᠌ᠳ᠋ᠠᠭ᠂ ᠡᠢ᠌ᠮᠦ ᠡᠴᠡ ᠬᠡᠥᠬᠡᠳ ᠤᠨ ᠪᠤᠳ᠋ᠠᠳ᠋ᠤ ᠠᠵᠤ ᠠᠮᠢ᠍ᠳ᠋ᠤᠷᠠᠯ ᠳ᠋ᠡᠬᠢ ᠨᠦ᠋ᠬᠦᠷᠰᠡᠭ᠌ ᠬᠠᠷᠢ᠍ᠴᠠᠭ᠎ᠠ ᠨᠢ ᠠᠯᠭᠤᠷᠬᠠᠨ ᠵᠢᠨᠷ ᠨᠢ᠍ᠮᠬᠡᠷᠡᠵᠤ ᠪᠠᠢ᠌ᠳ᠋ᠠᠭ ᠡᠴᠡ ᠬᠡᠥᠬᠡᠳ ᠡᠳ᠋ᠦᠷ ᠤᠨ ᠤᠳ᠋ᠠᠭᠠᠨ ᠳᠠᠭᠠᠨ ᠤᠷᠴᠢ᠍ᠨ ᠲᠤᠭᠤᠷᠢ᠍ᠨ ᠤ ᠬᠦᠮᠦᠰ ᠲᠣ ᠲᠤᠷ᠎ᠠ ᠦᠭᠡᠢ᠌ᠴᠡᠭᠦ᠂ ᠢᠯᠡᠳᠭᠡᠭᠦ ᠴᠢ᠍ᠳ᠋ᠠᠪᠤᠷᠢ ᠨᠢ ᠲᠤᠷᠤᠭᠰᠢ᠍ᠯᠠᠬᠤ᠂ ᠪᠤᠳ᠋ᠠᠳ᠋ᠤ ᠠᠮᠢ᠍ᠳ᠋ᠤᠷᠠᠯ ᠤᠨ ᠶᠠᠪᠤᠴᠠ ᠳ᠋ᠥ ᠨᠤᠭᠤᠷᠠᠯ ᠳ᠋ᠥ ᠤᠴᠠᠷᠠᠬᠤ ᠵᠡᠷᠭᠡ ᠬᠡᠥᠬᠡᠳ ᠤᠨ ᠦᠰᠦᠯᠳ᠋ᠡ ᠪᠤᠢ᠌ᠵᠢᠯᠳ᠋ᠠ ᠳ᠋ᠥ ᠠᠰᠢ᠍ᠭ ᠦᠭᠡᠶ ᠪᠠᠢ᠌ᠳ᠋ᠠᠯ ᠲᠤᠯᠭᠠᠷᠠᠵᠤ ᠪᠠᠢ᠌ᠳ᠋ᠠᠭ᠃ (4) ᠤᠷᠮ᠎ᠠ ᠵᠤᠷᠢ᠍ᠭ ᠨᠢ ᠲᠤᠷᠤᠭᠰᠢ᠍ᠯᠠᠬᠤ᠃ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭ᠍ᠰᠡᠨ ᠬᠡᠥᠭᠡᠳ᠂ ᠦᠪᠡᠷ ᠤᠨ ᠪᠡᠶ᠎ᠠ ᠪᠠᠨ ᠬᠤᠷᠢ᠍ᠭᠯᠠᠵᠤ ᠴᠢ᠍ᠳ᠋ᠠᠬᠤ ᠦᠭᠡᠶ ᠪᠡᠷ᠂ ᠪᠠᠭ᠎ᠠ ᠯᠡ ᠲᠤᠬᠢᠶᠠᠯ ᠤᠯᠳ᠋ᠠᠪᠠᠯ ᠰᠦ᠋ᠯᠵᠢ᠍ᠶᠡᠨ ᠳ᠋ᠥ ᠭᠠᠷᠴᠤ᠂ ᠡᠷᠡᠭᠦᠯ ᠪᠤᠰᠤ ᠰᠢ᠍ᠩᠭᠡᠭᠡᠯᠳ᠋ᠡ ᠪᠤᠶᠤ ᠨᠤᠮ ᠵᠤᠬᠢᠶᠠᠯ ᠤᠩᠰᠢ᠍ᠵᠤ᠂ ᠴᠢ᠍ᠨᠠᠭᠰᠢ᠍ᠯᠠᠪᠠᠯ᠂ ᠬᠤᠥᠷᠳ᠋ᠤ ᠡᠳ᠋ ᠢ ᠡᠳ᠋ᠯᠡᠵᠤ᠂ ᠵᠤᠭᠤᠰ ᠲᠡᠶ ᠮᠦ᠋ᠷᠦᠢ᠌ᠴᠡᠬᠦ ᠮᠡᠳ᠋ᠦ ᠪᠡᠷ ᠰᠦ᠋ᠯᠵᠢ᠍ᠶ᠎ᠠ ᠶᠢᠨ ᠰᠢ᠍ᠨᠤᠯ ᠳ᠋ᠥ ᠤᠨᠠᠵᠤ ᠪᠠᠢ᠌ᠳ᠋ᠠᠭ ᠲᠤᠯᠠ᠂ ᠴᠠᠭ ᠲᠤᠬᠢᠶᠠᠯ ᠢ ᠠᠰᠢ᠍ᠭᠯᠠᠨ ᠡᠷᠳ᠋ᠡ ᠨᠢ᠍ᠭᠡ ᠡᠳ᠋ᠦᠷ ᠬᠡᠥᠬᠡᠳ ᠤᠨ ᠶᠢᠠᠨ ᠪᠤᠳ᠋ᠠᠳ᠋ᠤ ᠪᠠᠢ᠌ᠳ᠋ᠠᠯ ᠳ᠋ᠥ ᠵᠠᠪᠠᠯ ᠡᠭ᠍ᠴᠡᠯᠡᠨ ᠬᠠᠨᠳ᠋ᠤᠬᠤ ᠦᠭᠡᠶ ᠶᠤᠮ ᠪᠤᠯ ᠦᠷ᠎ᠠ ᠳ᠋ᠦ᠋ᠩ ᠨᠢ ᠨᠡᠩ ᠠᠶᠤᠯᠳ᠋ᠠᠢ ᠪᠢᠯᠡ᠃

ᠬᠤᠶᠠᠷ᠂ ᠭᠡᠷ ᠪᠦᠯᠢ᠂ ᠰᠤᠷᠭᠠᠭᠤᠯᠢ᠂ ᠨᠡᠢ᠌ᠭᠡᠮ ᠬᠠᠮᠳ᠋ᠤᠷᠠᠵᠤ ᠪᠠᠢ᠌ᠭᠠᠳ᠂ ᠵᠦ᠋ᠢ ᠵᠤᠬᠢᠰᠳ᠋ᠠᠢ ᠠᠷᠭ᠎ᠠ ᠠᠪᠴᠠᠯ ᠠᠪᠬᠤ ᠬᠡᠷᠡᠭ᠍ᠳ᠋ᠡᠢ᠃

ᠰᠦ᠋ᠯᠵᠢ᠍ᠶᠡᠨ ᠳ᠋ᠥ ᠨᠡᠷᠪᠡᠭ᠍ᠳ᠋ᠡᠭ᠍ᠰᠡᠨ ᠬᠡᠥᠬᠡᠳ ᠤᠨ ᠪᠤᠳ᠋ᠠᠳ᠋ᠤ ᠢᠯᠡᠷᠡᠯ ᠨᠢ ᠭᠡᠪᠡᠯ᠄ (1) ᠤᠶᠤᠨ ᠰᠠᠨᠠᠭ᠎ᠠ ᠶᠢᠨ ᠰᠦ᠋ᠭ᠌ ᠰᠦ᠋ᠯᠳ᠋ᠡ ᠨᠢ ᠪᠠᠭᠤᠷᠠᠬᠤ᠃ ᠬᠡᠯᠡᠯᠭᠡᠨ ᠦᠭᠡᠶ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭ᠍ᠰᠡᠨ ᠬᠡᠥᠬᠡᠳ ᠤᠨ ᠡᠬᠡ ᠡᠴᠢ᠍ᠭᠡ ᠨᠢ ᠲᠦ᠋ᠢ᠍ᠯ ᠵᠢᠨᠷ ᠵᠤᠪᠠᠵᠤ᠂ ᠬᠡᠥᠬᠡᠳ ᠲᠡᠭᠡᠨ ᠢᠳ᠋ᠡᠭᠡᠯ ᠠᠯᠳ᠋ᠠᠵᠤ ᠪᠠᠢ᠌ᠳ᠋ᠠᠭ᠃ ᠡᠢ᠌ᠮᠦ ᠡᠴᠡ ᠵᠠᠷᠢ᠍ᠮ ᠬᠡᠥᠬᠡᠳ ᠡᠬᠡ ᠡᠴᠢ᠍ᠭᠡ ᠶᠢᠨ ᠪᠡᠶ᠎ᠠ ᠲᠡᠭᠡᠷ᠎ᠠ ᠡᠴᠡ ᠬᠠᠢ᠌ᠷ᠎ᠠ ᠬᠠᠯᠠᠮᠵᠢ ᠤᠯᠵᠤ ᠬᠦᠷᠳ᠋ᠡᠭᠦ ᠦᠭᠡᠶ ᠡᠴᠡ ᠪᠤᠯᠵᠤ᠂ ᠰᠦ᠋ᠯᠵᠢ᠍ᠶᠡᠨ ᠳ᠋ᠥ ᠭᠠᠷᠪᠠᠯ᠂ ᠰᠠᠨᠠᠭᠠᠨ ᠲᠠᠪᠠ ᠪᠡᠷ ᠶᠢᠠᠨ ᠪᠤᠰᠤᠳ ᠲᠣ ᠬᠦᠢ᠍ᠳ᠋ᠡᠨ ᠵᠢᠨᠷ ᠬᠠᠨᠳ᠋ᠤᠵᠤ ᠰᠦ᠋ᠯᠵᠢ᠍ᠶᠡᠨ ᠲᠡᠭᠡᠷ᠎ᠠ ᠲᠤᠷ᠎ᠠ ᠪᠡᠷ ᠶᠢᠠᠨ ᠬᠠᠷᠢ᠍ᠶᠠᠨ ᠵᠦ᠋ᠬᠡᠵᠤ᠂ ᠴᠢ᠍ᠨᠠᠭᠰᠢ᠍ᠯᠠᠪᠠᠯ ᠦᠪᠡᠷ ᠤᠨ ᠦᠨᠡᠨ ᠨᠡᠷ᠎ᠠ ᠪᠠᠨ ᠪᠤᠷᠤᠭᠤᠯᠠᠵᠤ ᠪᠠᠢ᠌ᠭᠠᠳ ᠠᠭᠤᠷ ᠤᠮᠤᠭ ᠶᠢᠠᠨ ᠭᠠᠷᠭᠠᠵᠤ᠂ ᠰᠦ᠋ᠯᠵᠢ᠍ᠶᠡᠨ ᠳ᠋ᠥ ᠲᠤᠷ᠎ᠠ ᠪᠡᠷ ᠶᠢᠠᠨ ᠡᠷᠡᠭᠦᠯ ᠪᠤᠰᠤ ᠶᠠᠷᠢ᠍ᠶ᠎ᠠ ᠬᠡᠯᠡᠯᠴᠡᠭᠡ ᠨᠡᠢ᠌ᠳ᠋ᠡᠯᠡᠵᠤ ᠪᠠᠢ᠌ᠳ᠋ᠠᠭ᠃ (2) ᠵᠠᠩ ᠠᠪᠤᠷᠢ ᠨᠢ ᠡᠷᠡᠭᠦᠯ ᠪᠤᠰᠤ ᠪᠤᠯᠳ᠋ᠠᠭ᠃ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭ᠍ᠰᠡᠨ ᠬᠡᠥᠬᠡᠳ ᠤᠯᠠᠩᠭᠢ ᠳᠠᠭᠠᠨ ᠭᠠᠭᠴᠠᠭᠠᠷᠳ᠋ᠠᠮᠠᠯ᠂ ᠮᠤᠵᠢ᠍ᠭᠤᠳ᠋ᠠ᠂ ᠦᠨᠡᠨ ᠶᠢᠠᠨ ᠪᠤᠰᠤᠳ ᠲᠣ ᠬᠡᠯᠡᠬᠦ ᠦᠭᠡᠶ᠂ ᠪᠤᠰᠤᠳ ᠲᠡᠶ ᠰᠠᠨᠠᠭ᠎ᠠ ᠰᠡᠳᠭᠢᠯ ᠤᠨ ᠲᠠᠯ᠎ᠠ ᠪᠡᠷ ᠨᠡᠢ᠌ᠯᠡᠬᠦ ᠦᠭᠡᠶ ᠪᠠᠢ᠌ᠳ᠋ᠠᠭ ᠡᠴᠡ ᠪᠤᠯᠵᠤ᠂ ᠲᠤᠷ᠎ᠠ ᠪᠡᠷ ᠰᠦ᠋ᠯᠵᠢ᠍ᠶᠡᠨ ᠳ᠋ᠥ ᠭᠠᠷᠴᠤ ᠰᠠᠨᠠᠭᠠᠨ ᠤ ᠠᠶ᠎ᠠ ᠪᠡᠷ ᠦᠪᠡᠷ ᠤᠨ ᠲᠤᠷ᠎ᠠ ᠪᠠᠬ᠎ᠠ ᠲᠡᠶ ᠡᠯ᠎ᠠ ᠵᠦ᠋ᠢ᠍ᠯ ᠤᠨ ᠡᠷᠡᠭᠦᠯ ᠪᠤᠰᠤ ᠪᠦᠳ᠋ᠦᠭᠡᠯ ᠢ ᠦᠵᠡᠵᠤ ᠪᠠᠢ᠌ᠳ᠋ᠠᠭ᠃ ᠡᠭᠦᠨ ᠤ ᠤᠯᠠᠮ ᠡᠴᠡ ᠰᠦ᠋ᠯᠵᠢ᠍ᠶ᠎ᠠ ᠶᠢᠨ ᠰᠢ᠍ᠨᠤᠯ ᠳ᠋ᠥ ᠤᠨᠠᠳ᠋ᠠᠭ᠃ (3) ᠤᠷᠴᠢ᠍ᠨ ᠲᠤᠭᠤᠷᠢ᠍ᠨ ᠤ ᠨᠦ᠋ᠯᠦᠭᠡᠯᠡᠯ᠃ ᠤᠢ᠌ᠷ᠎ᠠ ᠤᠷᠴᠢ᠍ᠮ ᠤᠨ ᠰᠦ᠋ᠯᠵᠢ᠍ᠶᠡᠨ ᠪᠠᠭᠠᠷ ᠤᠯᠠᠰᠢ᠍ᠷᠠᠬᠤ ᠶᠢ ᠲᠠᠭᠠᠯᠳ᠋ᠤᠨ ᠴᠢ᠍ᠮᠡᠭᠡ ᠵᠠᠩᠭᠢ ᠨᠢ᠍ᠰᠬᠦ ᠮᠡᠳ᠋ᠦ ᠲᠦ᠋ᠷᠭᠡᠨ ᠬᠦᠭ᠍ᠵᠢ᠍ᠵᠤ ᠪᠠᠢ᠌ᠭ᠎ᠠ ᠤᠳ᠋ᠤᠬᠢ ᠴᠠᠭ ᠡᠷᠡᠨ ᠳ᠋ᠥ᠂ ᠡᠳ᠋ᠡᠭᠡᠷ ᠨᠢ᠍ᠳ᠋ᠦ ᠬᠢᠯᠠᠰᠤᠮ᠎ᠠ ᠤᠯᠠᠨ ᠵᠦ᠋ᠢ᠍ᠯ ᠤᠨ ᠲᠡᠯᠡᠭᠡᠢ ᠶᠢ᠍ᠷᠳ᠋ᠢ᠍ᠨᠴᠤ ᠶᠢᠨ ᠱᠤᠥᠭᠢᠶᠠᠨ ᠤ ᠲᠤᠮᠳ᠋ᠠ ᠰᠠᠨᠠᠭᠠᠨ ᠳ᠋ᠥ ᠦᠭᠡᠶ ᠪᠡᠷ ᠦᠪᠡᠷ ᠤᠨ ᠬᠠᠷᠠᠯᠳ᠋ᠠ᠂ ᠵᠤᠷᠢ᠍ᠯᠭ᠎ᠠ᠂ ᠴᠢᠭ᠍ᠯᠡᠯ ᠶᠢᠠᠨ ᠴᠦ ᠠᠯᠳ᠋ᠠᠳ᠋ᠠᠭ᠃ (4) ᠰᠤᠷᠤᠯᠭ᠎ᠠ ᠶᠢᠨ ᠲᠠᠷᠤᠯᠳ᠋ᠠ ᠶᠡᠬᠡ᠃ ᠨᠢ᠍ᠭᠡᠨ ᠭᠤᠥᠯᠳ᠋ᠠᠯᠭᠠᠳ᠋ᠤ ᠲᠡᠭᠡᠳ᠋ᠦ ᠲᠤᠮᠳ᠋ᠠᠳ᠋ᠤ ᠶᠢᠨ ᠰᠤᠷᠤᠭᠴᠢ ᠰᠦ᠋ᠯᠵᠢ᠍ᠶ᠎ᠠ ᠶᠢᠨ ᠰᠢ᠍ᠨᠤᠯ ᠳ᠋ᠥ ᠤᠷᠤᠭᠰᠠᠨ ᠡᠴᠡ ᠪᠤᠯᠵᠤ᠂ ᠬᠢᠴᠢ᠍ᠶᠡᠯ ᠰᠤᠷᠤᠯᠭ᠎ᠠ ᠪᠠᠨ ᠰᠠᠭᠠᠳ᠋ᠤᠵᠤ ᠪᠠᠢ᠌ᠳ᠋ᠠᠭ ᠡᠴᠡ ᠦᠪᠡᠷ ᠤᠨ ᠠᠯᠤᠰ ᠢᠷᠡᠭᠡᠳ᠋ᠦᠢ ᠳᠡᠭᠡᠨ ᠢᠳ᠋ᠡᠭᠡᠯ ᠠᠯᠳ᠋ᠠᠵᠤ᠂ ᠡᠳ᠋ᠦᠷ ᠪᠦᠷᠢ ᠰᠠᠨᠠᠭ᠎ᠠ ᠰᠡᠳᠭᠢᠯ ᠵᠤᠪᠠᠵᠤ᠂ ᠡᠮᠴᠢ ᠳ᠋ᠥ᠄ 《ᠡᠳ᠋ᠦᠷ ᠪᠦᠷᠢ ᠰᠢ᠍ᠯᠠᠭᠠᠯᠳ᠋ᠠ ᠶᠢᠨ ᠬᠤᠪᠢ᠂ ᠡᠳ᠋ᠦᠷ ᠪᠦᠷᠢ ᠰᠤᠷᠤᠯᠭ᠎ᠠ ᠶᠢᠨ ᠲᠠᠷᠤᠯᠳ᠋ᠠ᠂ ᠰᠡᠳᠭᠢᠯ ᠰᠠᠨᠠᠭᠠᠨ ᠳ᠋ᠥ ᠲᠦ᠋ᠢ᠍ᠯ ᠤᠨ ᠶᠡᠭᠡ ᠲᠠᠷᠤᠯᠳ᠋ᠠ ᠲᠡᠶ ᠪᠤᠯᠵᠠᠢ 》 ᠭᠡᠪᠡ᠃

ᠭᠤᠷᠪᠠ᠂ ᠰᠦ᠋ᠯᠵᠢ᠍ᠶ᠎ᠠ ᠶᠢᠨ ᠰᠢ᠍ᠨᠦᠯ ᠳ᠋ᠥ ᠨᠡᠷᠪᠡᠭ᠍ᠳ᠋ᠡᠭ᠍ᠰᠡᠨ ᠪᠤᠳ᠋ᠠᠳ᠋ᠤ ᠢᠯᠡᠷᠡᠯ ᠳ᠋ᠥ ᠬᠠᠨᠳ᠋ᠤᠭᠤᠯᠵᠤ᠂ ᠲᠤᠥᠷᠠᠬᠢ ᠮᠡᠳ᠋ᠦ ᠶᠢᠨ ᠠᠷᠭ᠎ᠠ ᠠᠪᠴᠠᠯ ᠠᠪᠴᠤ ᠪᠤᠯᠤᠨ᠎ᠠ᠄

ᠲᠠᠷᠤᠢ (1) ᠬᠡᠥᠬᠡᠳ ᠲᠡᠶ ᠢᠯᠡᠭᠦᠥ ᠰᠠᠨᠠᠭ᠎ᠠ ᠰᠡᠳᠭᠢᠯ ᠶᠢᠠᠨ ᠰᠤᠯᠢ᠍ᠯᠴᠠᠬᠤ ᠬᠡᠷᠡᠭ᠍ᠳ᠋ᠡᠢ᠃ ᠡᠬᠡ ᠡᠴᠢ᠍ᠬᠡ ᠵᠠᠪᠠᠯ ᠢᠯᠡᠬᠦᠥ ᠴᠠᠭ ᠲᠤᠬᠢᠶᠠᠯ ᠭᠠᠷᠭᠠᠵᠤ ᠪᠠᠢ᠌ᠭᠠᠳ ᠭᠡᠥᠭᠡᠳ ᠲᠡᠶ ᠪᠠᠨ ᠤᠢ᠌ᠷᠠᠳᠴᠤ᠂ ᠬᠡᠥᠬᠡᠳ ᠤᠨ ᠶᠢᠠᠨ ᠤᠷᠮ᠎ᠠ ᠪᠠᠬ᠎ᠠ᠂ ᠬᠦᠰᠡᠯᠡᠩ᠂ ᠢᠷᠡᠭᠡᠳ᠋ᠦᠢ ᠶᠢᠨ ᠲᠤᠬᠠᠢ ᠢᠯᠡᠭᠦᠥ ᠪᠤᠳ᠋ᠤᠯᠭᠠᠰᠢ᠍ᠷᠠᠵᠤ᠂ ᠲᠤᠷᠰᠢ᠍ᠯᠭ᠎ᠠ ᠰᠤᠷᠭᠠᠮᠵᠢ ᠪᠠᠨ ᠲᠠᠰᠤᠷᠠᠯᠳ᠋ᠠ ᠦᠭᠡᠶ ᠰᠤᠯᠢ᠍ᠯᠴᠠᠬᠤ ᠬᠡᠷᠡᠭ᠍ᠳ᠋ᠡᠢ᠃ ᠭᠠᠷᠠᠭ ᠤᠨ ᠰᠡᠭᠦᠯ ᠳ᠋ᠥ ᠬᠡᠥᠬᠡᠳ ᠲᠡᠶ ᠪᠠᠨ ᠬᠠᠮᠳ᠋ᠤ ᠪᠡᠷ ᠢᠯᠡᠭᠦᠥ ᠰᠢ᠍ᠭ᠌ ᠤᠳᠬ᠎ᠠ ᠠᠭᠤᠯᠭ᠎ᠠ ᠲᠡᠶ ᠪᠠᠶ᠎ᠠ ᠲᠠᠮᠢ᠍ᠷ᠂ ᠤᠳᠬ᠎ᠠ ᠤᠷᠠᠯᠢ᠍ᠭ᠂ ᠤᠷᠠᠨ ᠰᠠᠢ᠌ᠬᠠᠨ ᠤ ᠬᠦᠳ᠋ᠡᠯᠬᠡᠭᠡᠨ ᠳ᠋ᠥ ᠤᠷᠤᠯᠴᠠᠵᠤ᠂ ᠰᠠᠨᠠᠭ᠎ᠠ ᠰᠡᠳᠭᠢᠯ ᠶᠢᠠᠨ ᠲᠠᠰᠤᠷᠠᠯᠳ᠋ᠠ ᠦᠭᠡᠶ ᠰᠤᠯᠢ᠍ᠯᠴᠠᠵᠤ ᠪᠠᠢ᠌ᠪᠠᠯ ᠬᠡᠥᠬᠡᠳ ᠪᠠᠰᠠ ᠤᠳ᠋ᠠᠭᠠᠨ ᠳᠠᠭᠠᠨ ᠡᠬᠡ ᠡᠴᠢ᠍ᠭᠡ ᠪᠠᠨ ᠤᠢ᠌ᠯᠠᠭᠠᠵᠤ᠂ ᠠᠯᠭᠤᠷ ᠵᠢᠨᠷ ᠲᠤᠥᠷ ᠰᠦ᠋ᠯᠵᠢ᠍ᠶ᠎ᠠ ᠶᠢᠨ ᠨᠠᠵᠠᠭᠠᠢ ᠵᠦ᠋ᠢ᠍ᠯ ᠳ᠋ᠥ ᠨᠡᠷᠪᠡᠭ᠍ᠳ᠋ᠡᠬᠦ ᠦᠭᠡᠶ ᠮᠦ᠋ᠷᠳ᠋ᠡᠭᠡᠨ᠂ ᠬᠠᠷᠢ᠍ᠨ ᠰᠦ᠋ᠯᠵᠢ᠍ᠶ᠎ᠠ ᠶᠢᠨ ᠮᠠᠰᠢ ᠤᠯᠠᠨ ᠰᠠᠢ᠌ᠨ ᠰᠠᠢ᠌ᠬᠠᠨ ᠲᠠᠪᠠᠭᠤᠯᠢ᠍ᠭ ᠲᠠᠯ᠎ᠠ ᠶᠢ ᠠᠰᠢ᠍ᠭᠯᠠᠵᠤ ᠮᠡᠳ᠋ᠡᠭᠦ ᠶᠤᠮ᠃ (2) ᠠᠩᠬᠠᠷᠤᠯ ᠢ ᠨᠢ ᠰᠢ᠍ᠯᠵᠢ᠍ᠭᠦᠯᠬᠦ ᠬᠡᠷᠡᠭ᠍ᠳ᠋ᠡᠢ᠃ ᠬᠡᠥᠬᠡᠳ ᠤᠨ ᠶᠢᠠᠨ ᠬᠤᠷᠴᠠ ᠰᠡᠷᠭᠡᠭ᠌᠂ ᠬᠠᠴᠢ᠍ᠨ ᠰᠤᠨᠢᠷᠬᠠᠬᠤ ᠵᠠᠩ ᠲᠠᠳᠬᠠᠯ ᠪᠤᠶᠤ ᠤᠨᠴᠠᠭᠠᠢ ᠤᠷᠠᠨ ᠮᠡᠷᠭᠡᠵᠢ᠍ᠯ ᠢ ᠨᠢ ᠠᠰᠢ᠍ᠭᠯᠠᠨ᠂ ᠬᠢᠴᠢ᠍ᠶᠡᠯ ᠤᠨ ᠨᠤᠮ ᠲᠡᠶ ᠨᠢ ᠤᠶᠠᠯᠳ᠋ᠤᠭᠤᠯᠵᠤ ᠪᠠᠢ᠌ᠭᠠᠳ ᠭᠠᠷ ᠤᠷᠯᠠᠯ᠂ ᠵᠤᠬᠢᠶᠠᠨ ᠪᠦᠳ᠋ᠦᠭᠡᠭᠦ᠂ ᠰᠢ᠍ᠨᠵᠢ᠍ᠯᠡᠬᠦ ᠤᠬᠠᠭᠠᠨ ᠤ ᠪᠠᠭ᠎ᠠ ᠪᠦᠳ᠋ᠦᠭᠡᠯᠳ᠋ᠡ ᠵᠡᠷᠭᠡ ᠶᠢ ᠬᠢᠬᠦ ᠪᠡᠷ ᠲᠠᠮᠵᠢ᠍ᠨ ᠰᠤᠷᠤᠯᠭ᠎ᠠ᠂ ᠤᠷᠠᠨ ᠮᠡᠷᠭᠡᠵᠢ᠍ᠯ ᠤᠨ ᠤᠷᠮ᠎ᠠ ᠪᠠᠬ᠎ᠠ ᠶᠢ ᠨᠢ ᠲᠡᠭᠡᠭ᠍ᠰᠢ᠍ᠯᠡᠭᠦᠯᠬᠦ ᠬᠡᠷᠡᠭ᠍ᠳ᠋ᠡᠢ᠃ (3) ᠵᠤᠬᠢᠬᠤ ᠬᠡᠮᠵᠢ᠍ᠶᠡᠨ ᠤ ᠰᠡᠳᠭᠢᠴᠡ ᠶᠢᠨ ᠡᠷᠡᠭᠦᠯ ᠮᠡᠨᠳ᠋ᠦ ᠶᠢᠨ ᠬᠦᠮᠦᠵᠢ᠍ᠯ ᠬᠢᠬᠦ᠃ ᠬᠡᠥᠬᠡᠳ ᠤᠨ ᠰᠤᠨᠢᠭᠤᠴᠠ ᠠᠷᠠᠨᠰᠢ᠍ᠨ ᠡᠴᠡ ᠪᠤᠯᠵᠤ᠂ ᠡᠷᠡᠭᠦᠯ ᠪᠤᠰᠤ ᠲᠦ᠋ᠷᠰᠦ ᠰᠢ᠍ᠩᠭᠡᠭᠡᠯᠳ᠋ᠡ ᠦᠵᠡᠬᠦ ᠨᠢ ᠡᠩ ᠤᠨ ᠶᠠᠪᠤᠳ᠋ᠠᠯ ᠪᠤᠯᠬᠤ ᠪᠤᠯᠪᠠᠴᠤ᠂ ᠲᠡᠭᠦᠨ ᠤ ᠪᠠᠭ᠎ᠠ ᠨᠠᠰᠤᠨ ᠤ ᠬᠡᠥᠭᠡᠳ ᠲᠣ ᠤᠯᠭᠤᠬᠤ ᠬᠤᠥᠷ ᠬᠦᠨᠦᠭᠡᠯ ᠢ ᠵᠢᠭᠠᠨ ᠵᠢᠯᠤᠭᠤᠳᠴᠤ᠂ ᠡᠭᠦᠨ ᠤ ᠤᠯᠠᠮ ᠡᠴᠡ ᠪᠡᠶ᠎ᠠ ᠰᠡᠳᠭᠢᠯ ᠳ᠋ᠥ ᠠᠰᠢ᠍ᠭᠳ᠋ᠠᠢ᠂ ᠡᠷᠡᠭᠦᠯ ᠰᠠᠷᠠᠭᠤᠯ ᠡᠷᠳ᠋ᠡᠮ ᠮᠡᠳ᠋ᠡᠯᠭᠡ ᠶᠢ ᠰᠤᠨᠢᠷᠬᠠᠬᠤ ᠵᠠᠩ ᠲᠠᠳᠬᠠᠯ ᠢ ᠬᠦᠮᠦᠵᠢ᠍ᠭᠦᠯᠬᠦ ᠬᠡᠷᠡᠭ᠍ᠳ᠋ᠡᠢ᠃ (4) ᠦᠢ᠍ᠯᠡ ᠬᠦᠳ᠋ᠡᠯᠭᠡᠭᠡᠨ ᠤ ᠲᠠᠯ᠎ᠠ ᠪᠠᠷ ᠵᠢᠭᠠᠨ ᠵᠢᠯᠤᠭᠤᠳᠬᠤ ᠬᠡᠷᠡᠭ᠍ᠳ᠋ᠡᠢ᠃ ᠨᠢ᠍ᠭᠡᠨᠳ᠋ᠡ ᠰᠦ᠋ᠯᠵᠢ᠍ᠶ᠎ᠠ ᠶᠢᠨ ᠰᠢ᠍ᠨᠤᠯ ᠳ᠋ᠥ ᠨᠡᠷᠪᠡᠭ᠍ᠳ᠋ᠡᠭ᠍ᠰᠡᠨ ᠬᠡᠥᠬᠡᠳ ᠢ ᠶᠠᠭᠠᠬᠢᠭᠰᠠᠨ ᠴᠦ ᠨᠢ᠍ᠭᠡ ᠯᠡ ᠲᠤᠥᠷ᠎ᠠ ᠲᠠᠰᠤ ᠵᠤᠭᠰᠤᠭᠠᠬᠤ ᠪᠡᠷ ᠤᠷᠤᠯᠳ᠋ᠤᠵᠤ ᠪᠤᠯᠬᠤ ᠦᠭᠡᠶ ᠪᠦᠭᠡᠳ ᠬᠡᠯᠡᠯᠭᠡᠨ ᠦᠭᠡᠶ ᠲᠡᠭᠦᠨ ᠢ ᠪᠠᠰᠠ ᠨᠡᠩ ᠲᠤᠷ᠎ᠠ ᠪᠡᠷ ᠬᠢᠵᠠᠭᠠᠷᠯᠠᠬᠤ ᠦᠭᠡᠶ ᠪᠠᠢ᠌ᠵᠤ ᠪᠤᠯᠬᠤ ᠦᠭᠡᠶ᠃ ᠬᠠᠮᠤᠭ ᠰᠠᠢ᠌ᠨ ᠠᠷᠭ᠎ᠠ ᠨᠢ ᠬᠡᠥᠬᠡᠳ ᠲᠡᠶ ᠪᠠᠨ ᠲᠡᠭᠦᠨ ᠤ ᠰᠦ᠋ᠯᠵᠢ᠍ᠶᠡᠨ ᠳ᠋ᠥ ᠭᠠᠷᠬᠤ ᠴᠠᠭ ᠬᠤᠭᠤᠴᠠᠭ᠎ᠠ ᠬᠢᠭᠡᠳ ᠭᠠᠷᠬᠤ ᠲᠤᠭ᠎ᠠ ᠬᠡᠮᠵᠢ᠍ᠶ᠎ᠠ ᠶᠢ ᠬᠢᠵᠠᠭᠠᠷᠯᠠᠬᠤ ᠲᠤᠭ᠎ᠠ ᠪᠠᠷᠢ᠍ᠮᠳ᠋ᠠ ᠲᠤᠭᠳ᠋ᠠᠭᠠᠵᠤ᠂ ᠲᠠᠷᠠᠭ᠎ᠠ ᠳ᠋ᠤᠨᠢ ᠬᠡᠥᠬᠡᠳ ᠶᠢᠠᠨ ᠠᠯᠭᠤᠷ ᠠᠭᠠᠵᠢ᠍ᠮ ᠵᠢᠨᠷ ᠰᠦ᠋ᠯᠵᠢ᠍ᠶ᠎ᠠ ᠡᠴᠡ ᠰᠠᠯᠭᠠᠵᠤ᠂ ᠬᠢᠴᠢ᠍ᠶᠡᠯ ᠤᠨ ᠭᠠᠳ᠋ᠠᠨᠠᠬᠢ ᠰᠤᠷᠤᠯᠴᠠᠯᠭ᠎ᠠ ᠶᠢ ᠨᠢ ᠴᠢ᠍ᠩᠭ᠋ᠠᠷᠠᠭᠤᠯᠤᠨ᠎ᠠ᠃ ᠡᠬᠡ ᠡᠴᠢ᠍ᠭᠡ ᠡᠴᠡ ᠪᠠᠰᠠ ᠵᠦ᠋ᠢ ᠵᠤᠬᠢᠰᠲᠠᠢ ᠪᠡᠷ ᠬᠦᠬᠢᠭᠦᠯᠦᠯ ᠪᠤᠶᠤ ᠲᠤᠷᠭᠠᠭᠤᠯᠢ ᠶᠢᠨ ᠲᠦ᠋ᠷᠢ᠍ᠮ ᠲᠤᠭᠳ᠋ᠠᠭᠠᠨ ᠦᠭ‍ᠪᠡᠯ᠂ ᠬᠡᠥᠬᠡᠳ ᠴᠦ ᠠᠶᠠᠨᠳ᠋ᠠᠭᠠᠨ ᠰᠦ᠋ᠯᠵᠢ᠍ᠶ᠎ᠠ ᠶᠢᠨ ᠰᠢ᠍ᠨᠤᠯ ᠡᠴᠡ ᠮᠤᠯᠳ᠋ᠤᠷᠠᠵᠤ ᠴᠢ᠍ᠳ᠋ᠠᠬᠤ ᠶᠤᠮ᠃ (5) ᠴᠠᠭ ᠲᠤᠬᠢᠶᠠᠯ ᠢ ᠠᠮᠵᠢ᠍ᠨ ᠠᠪᠤᠷᠠᠯᠳ᠋ᠠ ᠬᠢᠬᠦ ᠬᠡᠷᠡᠭ᠍ᠳ᠋ᠡᠢ᠃ ᠵᠠᠷᠢ᠍ᠮ ᠡᠷᠳ᠋ᠡᠮᠳ᠋ᠡᠨ ᠤ ᠬᠡᠯᠡᠭ᠍ᠰᠡᠨ ᠵᠢᠨᠷ᠄ ᠬᠡᠷᠪᠡ ᠬᠡᠥᠬᠡᠳ ᠴᠢ᠍ᠨᠢ ᠰᠦ᠋ᠯᠵᠢ᠍ᠶ᠎ᠠ ᠶᠢᠨ ᠰᠢ᠍ᠨᠦᠯ ᠳ᠋ᠥ ᠨᠡᠷᠪᠡᠭ᠍ᠳ᠋ᠡᠭ᠍ᠰᠡᠨ ᠪᠠᠢ᠌ᠪᠠᠯ᠂ ᠡᠬᠡ ᠡᠴᠢ᠍ᠭᠡ ᠡᠴᠡ ᠴᠠᠭ ᠢ ᠠᠮᠵᠢ᠍ᠨ ᠡᠷᠡᠭᠦᠯ ᠮᠡᠨᠳ᠋ᠦ ᠶᠢᠨ ᠲᠤᠰᠬᠠᠢ ᠡᠷᠳ᠋ᠡᠮᠳ᠋ᠡᠨ ᠤᠷᠢ᠍ᠵᠤ᠂ ᠬᠡᠥᠬᠡᠳ ᠤᠨ ᠶᠢᠠᠨ ᠪᠤᠳ᠋ᠠᠳ᠋ᠤ ᠪᠠᠢ᠌ᠳ᠋ᠠᠯ ᠳ᠋ᠥ ᠵᠤᠬᠢᠴᠠᠭᠤᠯᠤᠨ ᠰᠠᠨᠠᠭ᠎ᠠ ᠰᠡᠳᠬᠢᠴᠡ ᠶᠢ ᠨᠢ ᠲᠤᠬᠢᠷᠠᠭᠤᠯᠬᠤ ᠬᠡᠷᠡᠭ᠍ᠳ᠋ᠡᠢ᠃ ᠡᠭᠦᠨ ᠳ᠋ᠥ ᠬᠡᠥᠬᠡᠳ ᠴᠢ᠍ᠨᠢ ᠨᠢ᠍ᠭᠡᠨᠳ᠋ᠡ ᠰᠦ᠋ᠯᠵᠢ᠍ᠶᠡᠨ ᠳ᠋ᠥ ᠨᠡᠷᠪᠡᠭ᠍ᠳ᠋ᠡᠭ᠍ᠰᠡᠨ ᠪᠠᠢ᠌ᠪᠠᠯ᠂ ᠡᠬᠡ ᠡᠴᠢ᠍ᠭᠡ ᠬᠡᠳ᠋ᠦᠷᠬᠡᠢ ᠰᠠᠨᠠᠭ᠎ᠠ ᠵᠤᠪᠠᠵᠤ᠂ ᠠᠩ ᠰᠠᠩ ᠠᠯᠳ᠋ᠠᠷᠠᠭᠰᠠᠨ ᠤ ᠴᠢ᠍ᠬᠤᠯᠠ ᠦᠭᠡᠶ᠂ ᠨᠡᠩ ᠴᠦ ᠬᠡᠥᠭᠡᠳ ᠶᠢᠠᠨ ᠡᠷᠦᠢ ᠬᠤᠷᠤᠢ ᠦᠭᠡᠶ ᠵᠢᠮᠡᠯᠡᠭ᠍ᠰᠡᠨ ᠤ ᠴᠢ᠍ᠬᠤᠯᠠ ᠦᠭᠡᠶ᠂ ᠬᠠᠷᠢ᠍ᠨ ᠴᠠᠭ ᠲᠤᠬᠢᠶᠠᠯ ᠢ ᠬᠤᠷᠳ᠋ᠤᠨ ᠠᠮᠵᠢ᠍ᠵᠤ᠂ ᠵᠦ᠋ᠢ ᠵᠤᠬᠢᠰᠲᠠᠢ ᠠᠷᠭ᠎ᠠ ᠬᠡᠮᠵᠢ᠍ᠶ᠎ᠠ ᠠᠪᠴᠤ᠂ ᠬᠡᠥᠬᠡᠳ ᠶᠢᠠᠨ ᠲᠠᠷᠤᠢ ᠲᠦ᠋ᠷᠭᠡᠨ ᠵᠢᠨᠷ ᠰᠦ᠋ᠯᠵᠢ᠍ᠶ᠎ᠠ ᠶᠢᠨ ᠰᠢ᠍ᠨᠤᠯ ᠡᠴᠡ ᠠᠪᠤᠷᠠᠬᠤ ᠬᠡᠷᠡᠭ᠍ᠳ᠋ᠡᠢ᠃

ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 68552
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ