ᠨᠡᠪᠲᠡᠷᠡᠨ ᠤᠷᠤᠬᠤ
ᠪᠤᠷᠤᠭᠴᠢᠨ ᠤ ᠦᠳᠦᠭᠡᠯᠭᠡ

ᠬᠠᠪᠣᠷ ᠤᠨ ᠣᠷᠢ ᠣᠷᠤᠵᠤ ᠰᠢᠪᠠᠭᠤᠳ ᠤᠨ ᠨᠡᠭᠦᠳᠡᠯ ᠳᠠᠭᠤᠰᠴᠤ ᠂ ᠳᠠᠷᠢᠶᠠᠯᠠᠩ ᠤᠨ ᠬᠤᠷ᠎ᠠ ᠥᠩᠭᠡᠷᠡᠮᠡᠭ᠍ᠴᠡ ᠭᠤᠷᠭᠤᠤᠯ ᠠᠩᠨᠠᠬᠤ ᠰᠠᠢ᠌ᠬᠠᠨ ᠴᠠᠭ ᠢᠷᠠᠨ᠎ᠠ ᠃ ᠨᠠᠮ ᠰᠡᠯᠡᠭᠦᠭᠡᠨ ᠭᠦᠳᠦᠯ ᠤᠨ ᠣᠷᠤᠢ ᠂ ᠭᠢᠷ᠎ᠠ ᠭᠠᠩᠭ᠋᠎ᠠ ᠪᠠᠷ ᠰᠤᠨ ᠭᠤᠷᠭᠤᠤᠯ ᠤᠨ ᠡᠭᠡᠰᠢᠭᠯᠡᠭᠡᠨ ᠵᠢᠭ᠍ᠳᠡᠭᠡᠨ ᠴᠤᠤᠷᠢᠶᠠᠯᠠᠵᠤ ᠂ ᠠᠭᠤᠯᠠ ᠭᠦᠪᠴᠢ ᠶᠢᠨ ᠨᠠᠮ ᠭᠦᠮ ᠢ ᠡᠪᠳᠡᠨ᠎ᠡ ᠃

ᠭᠡᠪᠠᠴᠤ ᠡᠨᠡ ᠦᠶ᠎ᠡ ᠳᠤ ᠪᠣᠷᠤᠭᠴᠢᠨ ᠭᠤᠷᠭᠤᠤᠯ ᠳᠤᠡᠭ ᠴᠥᠭᠡᠨ ᠲᠤᠬᠢᠶᠠᠯᠳᠤᠨ᠎ᠠ ᠃

ᠡᠪᠦᠭᠡᠨ ᠠᠩᠴᠢᠨ ᠤ ᠭᠡᠯᠡᠭᠦ ᠪᠠᠷ ᠳᠠᠳᠠ ᠶᠠᠭ ᠥᠡᠳᠡᠭᠡ ᠳᠠᠷᠤᠰᠢᠭᠤᠯᠵᠤ ᠪᠠᠢ᠌ᠬᠤ ᠮᠥᠷᠳᠡᠭᠡᠨ ᠡᠨᠡᠭᠦ ᠠᠮᠢ ᠨᠠᠰᠤᠨ ᠤ ᠠᠭᠤᠤ ᠶᠡᠭᠡ ᠶᠠᠪᠣᠴᠠ ᠨᠢ ᠵᠠᠪᠠᠯ ᠳᠣᠢ᠌ᠯ ᠤᠨ ᠨᠢᠭᠤᠴᠠ ᠪᠠᠢ᠌ᠳᠠᠯ ᠳᠤᠤᠷ᠎ᠠ ᠶᠠᠪᠣᠭᠳᠠᠬᠤ ᠶᠤᠰᠤᠳᠠᠢ ᠠᠵᠠᠢ ᠃ ᠣᠴᠢᠷ ᠨᠢ 《 ᠳᠤᠷᠠᠯᠠᠯ ᠤᠨ ᠬᠠᠯᠠᠭᠤᠨ 》 ᠰᠢᠳᠠᠵᠤ ᠪᠠᠢ᠌ᠭ᠎ᠠ ᠰᠤᠨ ᠭᠤᠷᠭᠤᠤᠯ ᠂ ᠪᠣᠷᠤᠭᠴᠢᠨ ᠢ ᠬᠠᠷᠠᠮᠠᠭᠴᠠ ᠪᠠᠨ ᠭᠦᠭᠡᠭᠡᠴᠡᠯᠳᠤᠨ ᠡᠷᠭᠢᠴᠡᠵᠤ ᠰᠠᠯᠬᠤ ᠪᠠᠨ ᠪᠣᠯᠢᠬᠤ ᠮᠥᠷᠳᠡᠭᠡᠨ ᠪᠣᠷᠤᠭᠴᠢᠨ ᠤ ᠠᠮᠢ ᠨᠠᠰᠤᠨ ᠤ ᠬᠠᠯᠠᠭᠤᠨ ᠢᠯᠴᠢ ᠨᠡᠪᠴᠢᠭ᠍ᠰᠡᠨ ᠥᠡᠳᠡᠭᠡ ᠨᠤᠭᠦᠳ ᠢ ᠨᠢᠭᠡ ᠨᠢᠭᠡ ᠪᠠᠷ ᠳᠤᠶ‍ᠢᠵᠤ ᠴᠤᠭᠤᠯᠤᠨ ᠣᠷᠪᠠᠭᠤᠯᠵᠤ ᠬᠠᠶᠠᠴᠢᠬᠠᠳᠠᠭ ᠪᠠᠢ᠌ᠪᠠ ᠭᠡᠨ᠎ᠡ ᠃

ᠪᠦᠭᠦᠯᠢ ᠬᠠᠪᠣᠷᠵᠢᠨ ᠠᠩᠴᠢᠨ ᠡᠪᠦᠭᠡᠨ ᠤ ᠭᠦᠯ ᠤᠨ ᠴᠢᠮᠡᠭᠡ ᠭᠦᠪᠴᠢ ᠪᠠᠯᠠᠷ ᠢ ᠭᠦᠨ ᠨᠣᠢ᠌ᠷ ᠡᠴᠡ ᠨᠢ ᠰᠤᠴᠢᠭᠠᠨ ᠰᠡᠷᠢᠭᠡᠵᠤ ᠂ ᠨᠢᠭᠡ ᠰᠠᠤᠠᠭᠢᠯ ᠨᠢᠭᠡ ᠵᠤᠷᠢᠭ ᠶᠢᠡᠷ ᠳᠠᠷᠤᠰᠢᠵᠤ ᠪᠠᠢ᠌ᠭ᠎ᠠ ᠪᠣᠷᠤᠭᠴᠢᠨ ᠤ ᠳᠠᠪᠠ ᠳᠤᠭᠢ ᠶᠢ ᠠᠯᠳᠠᠭᠤᠯᠤᠨ᠎ᠠ ᠃ ᠡᠭᠡ ᠪᠣᠯᠬᠤ ᠶᠢᠨ ᠡᠯᠢᠭᠡᠰᠡᠭ᠌ ᠴᠢᠨᠠᠷ ᠲᠤ ᠠᠪᠳᠠᠨ ᠂ ᠥᠭᠦᠯ ᠠᠶᠤᠩᠭ᠋ᠤᠷᠢ ᠶᠢ ᠰᠠᠤᠠᠭᠢᠯ ᠡᠴᠡ ᠪᠠᠨ ᠵᠠᠢ᠌ᠯᠠᠭᠤᠯᠤᠭᠰᠠᠨ ᠪᠣᠷᠤᠭᠴᠢᠨ ᠠᠯᠢᠪᠠ ᠣᠬᠠᠭᠠᠨ ᠴᠢᠳᠠᠪᠣᠷᠢ ᠪᠠᠷ ᠶᠢᠡᠨ ᠬᠠᠷ᠎ᠠ ᠠᠶᠤᠯ ᠡᠴᠡ ᠡᠭᠦᠷ ᠂ ᠥᠡᠳᠡᠭᠡ ᠪᠠᠨ ᠬᠠᠮᠠᠭᠠᠯᠠᠨ ᠂ ᠨᠦᠮᠤᠷᠢᠨ ᠢᠷᠡᠭ᠍ᠰᠡᠨ ᠳᠠᠢ᠌ᠰᠤᠩᠨᠠᠭᠴᠢ ᠡᠳᠡᠭᠡᠤᠨ ᠢ ᠠᠷᠭᠠᠳᠠᠨ ᠵᠠᠢ᠌ᠯᠠᠭᠤᠯᠬᠤ ᠰᠠᠮᠪᠠᠭ᠎ᠠ ᠂ ᠰᠦᠰᠦ ᠵᠡᠷᠭᠡ ᠳᠦᠷᠦᠳᠡᠭ᠌ ᠠᠵᠠᠢ ᠃ ᠡᠭᠡ ᠶᠢᠨ ᠬᠠᠢ᠌ᠷ᠎ᠠ ᠶᠢᠨ ᠠᠤᠭ᠎ᠠ ᠭᠦᠴᠤ ᠭᠡᠵᠤ ᠡᠭᠦᠨ ᠳᠤ ᠯᠠ ᠪᠠᠢ᠌ᠳᠠᠭ ᠠᠵᠠᠢ ᠃

ᠭᠡᠳᠡᠯ᠎ᠡ ᠭᠦᠪᠴᠢ ᠬᠠᠢ᠌ᠷᠠᠬᠠᠨ ᠶᠢᠡᠨ ᠵᠢᠷᠦᠭᠡᠨ ᠤ ᠣᠭ ᠡᠴᠡ ᠪᠠᠨ ᠬᠠᠢ᠌ᠷᠠᠯᠠᠨ ᠂ ᠪᠠᠢ᠌ᠭᠠᠯᠢ ᠠᠬᠤᠢ ᠶᠢᠨ ᠳᠡᠩᠴᠡᠭᠦᠷᠢ ᠶᠢᠨ ᠴᠢᠨᠠᠷ ᠢ ᠳᠡᠭᠡᠳᠦᠯᠡᠨ ᠥᠵᠡᠳᠡᠭ᠌ ᠠᠩᠴᠢᠤᠨ ᠦᠷᠡᠵᠢᠯ ᠳᠦᠯᠵᠢᠯ ᠤᠨ ᠬᠠᠪᠣᠷ ᠴᠠᠭ ᠡᠮ᠎ᠡ ᠭᠦᠢᠰᠦᠳᠡᠢ ᠠᠮᠢᠳᠠᠨ ᠤ ᠥᠭᠡᠳᠡ ᠨᠢᠭᠦᠯ ᠤᠨ ᠬᠠᠷ᠎ᠠ ᠰᠤᠮᠤ ᠶᠢ ᠭᠡᠵᠢᠶᠡᠳᠡ ᠣᠨᠢᠯᠠᠳᠠᠭ ᠦᠭᠡᠶ ᠠᠵᠠᠢ ᠃

ᠰᠤᠨ ᠭᠤᠷᠭᠤᠤᠯ ᠬᠠᠷᠢᠨ ᠡᠢ᠌ᠮᠤ ᠠᠵᠠᠳᠠᠢ ᠪᠢᠰᠢ ᠪᠠᠢ᠌ᠯ᠎ᠠ ᠃ ᠡᠪᠦᠭᠡᠨ ᠠᠩᠴᠢᠨ ᠤ ᠪᠣᠷᠤᠭᠴᠢᠨ ᠳᠤ ᠥᠳᠦᠭᠡᠭ᠍ᠳᠡᠨ ᠠᠮᠢ ᠨᠠᠰᠤ ᠪᠠᠨ 《 ᠠᠷᠢᠭᠤᠨ ᠳᠤᠷᠠᠯᠠᠯ 》 ᠳᠤ ᠥᠷᠡᠭ᠍ᠳᠡᠭᠦᠯᠭᠦ ᠨᠢ ᠳᠤᠡᠭ ᠣᠯᠠᠨ ᠳᠤᠭᠠᠨ ᠤ ᠰᠤᠨ ᠭᠤᠷᠭᠤᠤᠯ ᠤᠨ ᠴᠤᠷᠢ ᠶᠢᠨ ᠭᠠᠭᠴᠠ ᠭᠤᠸ᠎ᠠ ᠰᠠᠢ᠌ᠬᠠᠨ ᠳᠡᠭᠦᠰᠭᠡᠯ ᠪᠣᠯᠵᠤ ᠬᠤᠴᠤᠷᠤᠨ᠎ᠠ ᠃

ᠪᠣᠷᠤᠭᠴᠢᠨ ᠤ ᠥᠳᠦᠭᠡᠯᠭᠡ ᠶᠢᠨ ᠣᠪ ᠶᠠᠪᠣᠭᠤᠯᠤᠯᠭ᠎ᠠ ᠳᠦᠷᠦᠭᠦᠴᠢ ᠶᠢᠨ ᠬᠠᠪᠣᠷ ᠡᠴᠡ ᠪᠠᠨ ᠡᠭᠢᠯᠡᠨ᠎ᠡ ᠃ ᠡᠪᠦᠭᠡᠨ ᠠᠩᠴᠢᠨ ᠪᠣᠷᠤᠭᠴᠢᠨ ᠤ ᠥᠡᠳᠡᠭᠡ ᠭᠡᠳᠤ ᠶᠢ ᠡᠮᠡᠭ᠍ᠴᠢᠨ ᠳᠠᠭᠢᠶᠠᠨ ᠳᠤ ᠳᠠᠷᠤᠰᠢᠭᠤᠯᠤᠨ᠎ᠠ ᠃ ᠨᠠᠪᠴᠢᠵᠤ ᠭᠠᠷᠤᠭᠰᠠᠨ ᠤ ᠳᠠᠷᠠᠭ᠎ᠠ ᠭᠡᠳᠤᠨ ᠭᠦᠭᠡᠷᠦᠭᠦᠨ ᠳᠡᠭ᠍ᠳᠡᠭᠡᠭᠡᠢ ᠡᠴᠡ ᠬᠠᠮᠤᠭ ᠤᠨ ᠰᠡᠷᠭᠦᠯᠡᠩ ᠪᠣᠷᠤᠭᠴᠢᠨ ᠳᠡᠭ᠍ᠳᠡᠭᠡᠭᠡᠢ ᠶᠢ ᠰᠤᠩᠭ᠋ᠤᠵᠤ ᠰᠤᠷᠭᠠᠵᠤ ᠡᠭᠢᠯᠡᠨ᠎ᠡ ᠃ ᠪᠠᠷᠤᠭ ᠨᠢᠭᠡ ᠵᠢᠯ ᠤᠨ ᠰᠤᠷᠭᠠᠯᠳᠠ ᠪᠠᠷ ᠳᠠᠮᠵᠢᠨ ᠳᠠᠷᠠ ᠭᠦ ᠵᠠᠯᠠᠭᠤ ᠪᠣᠷᠤᠭᠴᠢᠨ ᠨᠢ ᠡᠪᠦᠭᠡ ᠠᠩᠴᠢᠨ ᠤ ᠨᠢᠳᠤ ᠴᠢᠭᠢ ᠰᠢᠭ᠌ ᠰᠤᠷᠭᠤᠭ ᠮᠡᠳᠡᠷᠡᠮᠡᠳᠡᠭᠡᠢ ᠪᠣᠯᠵᠤ ᠢᠷᠡᠭᠦ ᠳᠤ ᠳᠠᠷᠠᠭᠠᠴᠢ ᠶᠢᠨ ᠬᠠᠪᠣᠷ ᠴᠤ ᠭᠦᠷᠴᠤ ᠢᠷᠠᠨ᠎ᠠ ᠃

ᠨᠠᠮ ᠭᠦᠮ ᠣᠢ ᠭᠦᠪᠴᠢ ᠶᠢᠨ ᠭᠦᠨ ᠳᠤ ᠳᠤᠭᠢᠳᠠᠢ ᠣᠷᠤᠨ ᠪᠠᠢ᠌ᠷᠢ ᠰᠤᠩᠭ᠋ᠤᠵᠤ ᠥᠳᠦᠭᠡᠭ᠍ᠴᠢ ᠪᠣᠷᠤᠭᠴᠢᠨ ᠨᠠᠮ ᠴᠡᠭᠡᠯᠭᠡᠨ ᠶᠢᠡᠷ ᠳᠠᠭᠤᠳᠠᠵᠤ ᠡᠭᠢᠯᠡᠨ᠎ᠡ ᠁ ᠪᠣᠷᠤᠭᠴᠢᠨ ᠤ ᠳᠠᠭᠤᠳᠠᠯᠭ᠎ᠠ ᠶᠢ ᠳᠠᠭᠠᠵᠤ ᠭᠦᠪᠴᠢ ᠭᠦᠨ ᠡᠴᠡ ᠰᠤᠨ ᠭᠤᠷᠭᠤᠤᠯ ᠤᠨ ᠭᠦᠰᠡᠯ ᠳᠤᠷ᠎ᠠ ᠂ ᠮᠥᠷᠦᠭᠡᠳᠦᠯ ᠳᠠᠴᠢᠶᠠᠯ ᠳᠦᠭᠦᠷᠦᠭ᠍ᠰᠡᠨ ᠡᠭᠡᠰᠢᠭᠯᠡᠭᠡᠨ ᠬᠣᠢ᠌ᠨ᠎ᠠ ᠬᠣᠢ᠌ᠨ᠎ᠠ ᠡᠴᠡ ᠪᠠᠨ ᠴᠤᠤᠷᠢᠶᠠᠯᠠᠵᠤ ᠡᠭᠢᠯᠡᠨ᠎ᠡ ᠃

ᠭᠡᠳᠡᠯ᠎ᠡ ᠭᠦᠷᠦᠯᠴᠡᠨ ᠢᠷᠡᠭ᠍ᠰᠡᠨ ᠰᠤᠨ ᠭᠤᠷᠭᠤᠤᠯ ᠤᠨ ᠣᠯᠠᠰᠢᠷᠠᠬᠤ ᠶᠢ ᠳᠠᠭᠠᠵᠤ ᠠᠰᠠᠭᠤᠳᠠᠯ ᠤᠨ ᠭᠦᠡᠳᠤ ᠪᠠᠢ᠌ᠳᠠᠯ ᠨᠢ ᠡᠷᠭᠡ ᠦᠭᠡᠶ ᠮᠡᠳᠡᠭ᠍ᠳᠡᠵᠤ ᠡᠭᠢᠯᠡᠨ᠎ᠡ ᠃ ᠪᠣᠷᠤᠭᠴᠢᠨ ᠤ ᠳᠠᠭᠤᠳᠠᠯᠭ᠎ᠠ ᠳᠤ ᠳᠠᠳᠠᠭᠳᠠᠨ ᠢᠷᠡᠭ᠍ᠰᠡᠨ ᠰᠤᠨ ᠭᠤᠷᠭᠤᠤᠯ ᠨᠢᠭᠡᠪᠦᠷᠢ ᠳᠠᠳᠠ ᠣᠯᠠᠭᠤᠯᠠ ᠶᠢᠨ ᠳᠤᠮᠳᠠ ᠭᠠᠭᠴᠠᠬᠠᠨ ᠪᠣᠷᠤᠭᠴᠢᠨ ᠪᠠᠢ᠌ᠬᠤ ᠶᠢ ᠮᠡᠳᠡᠮᠡᠭ᠍ᠴᠡ ᠪᠠᠨ ᠬᠤᠪᠢᠠᠴᠢᠷ ᠡᠵᠡᠷᠭᠡᠭ᠍ᠯᠡᠯ ᠤᠨ ᠭᠠᠯ ᠴᠡᠭᠡᠵᠢᠨ ᠳᠤ ᠨᠢ ᠰᠢᠳᠠᠵᠤ ᠡᠭᠢᠯᠡᠨ᠎ᠡ ᠃ ᠨᠢᠭᠡᠨ ᠣᠳᠠᠭᠠᠨ ᠤ ᠴᠢᠰᠤᠳᠤ ᠮᠥᠷᠥᠢᠴᠡᠭᠡᠨ ᠭᠢᠳᠤᠯᠭ᠎ᠠ ᠶᠢᠨ ᠭᠢᠳᠤᠭᠠᠨ ᠤ ᠢᠷ ᠳᠡᠭᠡᠷ᠎ᠡ ᠶᠠᠪᠣᠭᠳᠠᠵᠤ ᠡᠭᠢᠯᠡᠨ᠎ᠡ ᠃

ᠰᠤᠨ ᠭᠤᠷᠭᠤᠤᠯ ᠤᠳ 《 ᠳᠤᠷᠠᠯᠠᠯ ᠬᠠᠢ᠌ᠷ᠎ᠠ 》 ᠵᠢᠨ ᠴᠢᠰᠤᠳᠤ ᠮᠥᠷᠥᠢᠴᠡᠭᠡᠨ ᠶᠢᠡᠨ ᠠᠪᠢᠶᠠᠰᠳᠤ ᠭᠤᠸ᠎ᠠ ᠪᠦᠵᠢᠭ᠌ ᠶᠢᠡᠷ ᠡᠭᠢᠯᠡᠭᠦᠯᠦᠨ᠎ᠡ ᠃ ᠨᠤᠭᠤᠯᠤᠭᠠᠨ ᠶᠡᠭᠡᠳᠡᠢ ᠡᠭᠡᠰᠢᠭᠯᠡᠭᠡᠨ ᠳᠠᠭᠤ ᠪᠠᠨ ᠳᠠᠭᠠᠵᠤ ᠰᠤᠯᠤᠩᠭ᠋ᠠᠨ ᠭᠤᠸ᠎ᠠ ᠦᠳᠤ ᠰᠡᠭᠦᠯ ᠶᠢᠡᠨ ᠭᠠᠢ᠌ᠬᠠᠭᠤᠯᠤᠨ ᠂ ᠨᠠᠭᠢᠯᠤᠨ ᠨᠤᠭᠢᠯᠤᠨ ᠪᠦᠵᠢᠭᠯᠡᠵᠤ ᠡᠭᠢᠯᠡᠭᠦ ᠳᠤ ᠬᠠᠷᠠᠭᠰᠠᠨ ᠠᠮᠢᠳᠠᠨ ᠤ ᠵᠠᠶᠠᠭ᠎ᠠ ᠪᠠᠶᠠᠰᠤᠨ᠎ᠠ ᠃ ᠬᠤᠷᠸ᠎ᠠ ᠪᠠᠢ᠌ᠭᠠᠯᠢ ᠶᠢᠨ ᠡᠨᠡᠭᠦ ᠰᠠᠢ᠌ᠬᠠᠨ ᠥᠵᠡᠭ᠍ᠳᠡᠯ ᠳᠣᠢ᠌ᠯ ᠳᠡᠬᠡᠨ ᠳᠤᠯᠬᠤ ᠳᠤ ᠭᠡᠭᠡᠡᠴᠢᠷ ᠭᠠᠩᠭ᠋ᠠᠩ ᠂ ᠣᠮᠤᠷᠬᠠᠭ ᠵᠤᠷᠢᠭᠳᠤ ᠡᠳᠡᠭᠡᠷ 《 ᠵᠠᠯᠠᠭᠤᠰ 》 ᠰᠠᠤᠠᠭᠢᠯ ᠢ ᠪᠣᠯᠢᠶᠠᠭᠰᠠᠨ ᠭᠠᠭᠴᠠ 《 ᠭᠡᠦᠭᠡᠨ 》 ᠤ ᠳᠦᠯᠦᠭᠡ ᠥᠭᠦᠯ ᠂ ᠠᠶᠤᠯ ᠬᠤᠶᠠᠷ ᠢ ᠠᠷᠤ ᠳᠠᠭᠠᠨ ᠣᠷᠭᠢᠵᠤ ᠦᠳᠤ ᠨᠢᠳᠤ ᠪᠠᠨ ᠳᠤᠶ‍ᠢᠯᠴᠠᠵᠤ ᠡᠭᠢᠯᠡᠨ᠎ᠡ ᠃

ᠶᠠᠭ ᠡᠨᠡ ᠦᠶ᠎ᠡ ᠳᠤ ᠦᠨᠳᠦᠷ ᠲᠤ ᠵᠤᠭᠰᠤᠵᠤ ᠦᠪᠡᠷ ᠤᠨ ᠭᠢᠨᠢ ᠳᠦᠯᠦᠭᠡᠨ᠎ᠡ ᠶᠠᠪᠣᠭᠳᠠᠬᠤ ᠴᠢᠰᠤᠳᠤ ᠳᠡᠮᠡᠴᠡᠭᠡᠨ ᠢ ᠭᠦᠢᠳᠡᠨ ᠬᠠᠷᠠᠴᠠ ᠪᠠᠷ ᠰᠢᠷᠳᠠᠵᠤ ᠪᠠᠢ᠌ᠭᠰᠠᠨ ᠥᠳᠦᠭᠡᠯᠭᠡ ᠶᠢᠨ ᠪᠣᠷᠤᠭᠴᠢᠨ ᠂ ᠠᠩᠴᠢᠨ ᠤ ᠳᠤᠭᠢᠶ᠎ᠠ ᠪᠠᠷ ᠥᠯᠦᠡᠭ᠌ ᠤᠨ ᠳᠤᠮᠳᠠᠭᠤᠷ ᠭᠤᠯᠭᠤᠨ ᠭᠦᠶ‍ᠦᠵᠤ ᠠᠩᠴᠢᠨ ᠤ ᠬᠤᠷᠮᠤᠢ ᠳᠤ ᠰᠢᠷᠭᠤᠨ᠎ᠠ ᠃

ᠥᠭᠦᠯ ᠢ ᠵᠥᠩᠨᠡᠭ᠍ᠰᠡᠨ ᠳᠦᠨᠠᠷ ᠬᠠᠷ᠎ᠠ ᠫᠣᠤ ᠶᠢᠨ ᠠᠮᠠ ᠰᠢᠷᠦᠭᠦᠨ ᠳᠡᠮᠡᠴᠡᠭᠡᠨ ᠤ ᠳᠠᠯᠠᠪᠣᠷ ᠢ ᠣᠨᠢᠯᠠᠨ ᠂ ᠫᠣᠤ ᠶᠢᠨ ᠭᠡᠪᠠᠯᠢ ᠡᠴᠡ ᠨᠦᠰᠠᠷ ᠶᠡᠭᠡ ᠳᠠᠭᠤᠨ ᠤ ᠵᠡᠷᠭᠡ ᠬᠠᠯᠠᠭᠤᠨ ᠬᠠᠯᠠᠭᠤ ᠰᠢᠳᠠᠭᠰᠠᠨ ᠭᠡᠳᠤᠨ ᠵᠠᠭᠤᠨ ᠮᠥᠭᠦᠯᠢᠭ᠌ ᠨᠤᠭᠤᠭᠠᠨ ᠪᠣᠷᠴᠠᠭ ᠪᠣᠳᠠᠷᠠᠨ ᠰᠦᠷᠴᠢᠵᠤ ᠂ ᠭᠡᠭᠡᠡᠴᠢᠷ ᠰᠤᠨ ᠤ ᠳᠤᠷᠠᠯᠠᠯ ᠂ ᠠᠳᠠᠭᠠᠷᠬᠠᠯ ᠵᠡᠷᠭᠡ ᠪᠣᠴᠠᠯᠤᠭᠰᠠᠨ ᠣᠮᠤᠷᠬᠠᠭ ᠴᠡᠭᠡᠵᠢᠨ᠎ᠡ ᠮᠥᠭᠦᠯ ᠢ ᠳᠠᠷᠢᠵᠤ ᠭᠠᠩᠭ᠋ᠠᠩ ᠵᠢᠭᠦᠷ ᠢ ᠨᠢ ᠮᠥᠩᠭᠡ ᠣᠠᠳᠠᠷᠠᠭᠠᠨ᠎ᠠ ᠃ ᠠᠩᠴᠢᠨ ᠤ ᠨᠢᠭᠡ ᠯᠠ ᠫᠣᠤᠳᠠᠯᠳᠠ ᠳᠤ ᠵᠠᠭᠤ ᠶᠢᠨ ᠳᠤᠭᠠᠨ ᠡᠴᠡ ᠳᠡᠭᠡᠭ᠍ᠰᠢᠭᠢ ᠰᠤᠨ ᠭᠤᠷᠭᠤᠤᠯ ᠭᠦᠪᠴᠢ ᠪᠠᠯᠠᠷ ᠶᠢᠡᠨ ᠦᠨᠢ ᠣᠷᠭᠢᠵᠤ ᠂ ᠠᠪᠠ ᠶᠢᠨ ᠭᠠᠠᠵᠤᠭᠠᠨ ᠳᠤ ᠣᠯᠵᠠ ᠪᠣᠯᠤᠨ᠎ᠠ ᠃ ᠠᠵᠠ ᠪᠠᠷ ᠥᠯᠡᠳᠡᠭ᠍ᠰᠡᠨ ᠭᠠᠭᠴᠠ ᠵᠠᠷᠢᠮ ᠨᠢ ᠴᠤ ᠡᠨᠡ ᠭᠡᠰᠡᠭ᠌ ᠣᠢ ᠳᠤ ᠭᠠᠰᠢᠭᠤᠨ ᠳᠤᠷᠠᠤᠠᠬᠠᠯ ᠶᠢᠡᠨ ᠣᠷᠭᠢᠵᠤ ᠂ ᠡᠨᠡ ᠨᠠᠰᠤᠨ ᠳᠠᠭᠠᠨ ᠡᠷᠭᠢᠰᠢ ᠦᠭᠡᠶ ᠬᠤᠯᠠᠳᠤᠨ ᠨᠢᠰᠴᠤ ᠂ ᠳᠠᠭᠢᠵᠤ ᠨᠠᠰᠢ ᠬᠠᠠᠳᠤᠬᠤ ᠦᠭᠡᠶ ᠠᠷᠢᠯᠤᠨ ᠣᠤᠠᠬᠤ ᠠᠵᠠᠢ ᠃

ᠬᠤᠶᠠᠷ ᠭᠤᠷᠪᠠᠨ ᠣᠳᠠᠭᠠᠨ ᠤ ᠠᠪᠠ ᠶᠢ ᠥᠩᠭᠡᠷᠡᠭᠡᠪᠠᠯ ᠥᠳᠦᠭᠡᠭ᠍ᠴᠢ ᠪᠣᠷᠤᠭᠴᠢᠨ ᠤ ᠣᠢ᠌ᠯᠠᠳᠤᠯ ᠴᠤ ᠠᠭᠠᠵᠢᠮ ᠶᠢᠡᠷ ᠠᠯᠳᠠᠭᠳᠠᠵᠤ ᠡᠭᠢᠯᠡᠨ᠎ᠡ ᠃ ᠳᠡᠭᠦᠨ ᠤ ᠳᠠᠭᠤᠳᠠᠯᠭ᠎ᠠ ᠳᠤ ᠳᠠᠭᠢᠨ ᠰᠤᠨ ᠭᠤᠷᠭᠤᠤᠯ ᠢᠷᠡᠭᠦ ᠪᠠᠨ ᠪᠣᠯᠢᠬᠤ ᠳᠤ ᠪᠣᠷᠤᠭᠴᠢᠨ ᠤ ᠡᠭᠦᠷᠭᠡ ᠳᠠᠭᠤᠰᠴᠤ ᠂ ᠡᠪᠦᠭᠡᠨ ᠠᠩᠴᠢᠨ ᠴᠤ ᠳᠠᠷᠠᠭ᠎ᠠ ᠬᠠᠪᠣᠷ ᠤᠨ ᠰᠢᠨ᠎ᠠ ᠥᠳᠦᠭᠡᠭ᠍ᠴᠢ ᠪᠠᠨ ᠪᠠᠯᠡᠳᠭᠡᠵᠤ ᠡᠭᠢᠯᠡᠨ᠎ᠡ ᠃ ᠣᠭᠰᠠᠭ᠎ᠠ ᠲᠦᠷᠦᠯᠳᠠᠨ ᠶᠢᠡᠨ ᠬᠠᠭᠤᠷᠤᠨ ᠮᠡᠭᠡᠯᠡᠵᠤ ᠂ ᠳᠠᠳᠠᠨ ᠳᠤ ᠪᠠᠨ ᠢᠳᠡᠭᠡᠭ᠍ᠳᠡᠭᠦ ᠪᠠᠨ ᠪᠣᠯᠢᠭᠰᠠᠨ ᠪᠣᠷᠤᠭᠴᠢᠨ ᠤ ᠠᠮᠢ ᠨᠠᠰᠤ ᠴᠤ ᠳᠡᠭᠦᠰᠭᠡᠯ ᠳᠡᠭᠡᠨ ᠣᠢ᠌ᠷᠠᠳᠤᠨ᠎ᠠ ᠃ ᠢᠵᠢᠯ ᠲᠦᠷᠦᠯᠳᠠᠨ ᠶᠢᠡᠨ ᠮᠡᠭᠡᠯᠡᠨ ᠭᠦᠨᠦᠭᠡᠵᠤ ᠂ ᠨᠢᠭᠦᠯ ᠤᠨ ᠳᠡᠭ᠍ᠷᠢ ᠳᠤ ᠭᠦᠷᠦᠭ᠍ᠰᠡᠨ ᠳᠡᠷᠡᠭᠦ ᠪᠣᠷᠤᠭᠴᠢᠨ ᠠᠯᠢ ᠨᠢᠭᠡᠨ ᠪᠣᠷᠤᠭᠠᠠᠳᠤ ᠡᠳᠦᠷ ᠭᠦᠪᠴᠢ ᠶᠢᠨ ᠭᠦᠨ ᠳᠤ ᠰᠢᠷᠭᠤᠨ ᠠᠯᠠᠭ᠎ᠠ ᠪᠣᠯᠵᠤ ᠣᠳᠤᠨ᠎ᠠ ᠃ ᠪᠣᠷᠤᠭᠠᠨ ᠤ ᠳᠠᠷᠠᠭ᠎ᠠ ᠳᠡᠭᠦᠨ ᠤ ᠮᠦᠷ ᠨᠢ ᠪᠠᠯᠠᠷᠠᠭᠰᠠᠭᠠᠷ ᠁


ᠵᠤᠬᠢᠶᠠᠭᠴᠢ᠄ ᠲ·ᠬᠤᠷᠴᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9193
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ