ᠨᠡᠪᠲᠡᠷᠡᠨ ᠤᠷᠤᠬᠤ
ᠭᠦᠭᠡᠷᠦᠭᠦᠢ ᠠᠮᠢᠨ ᠴᠠᠭᠠᠨ ᠭᠦᠯᠦᠭᠡ ᠮᠢᠨᠢ

ᠭᠦᠮᠤᠨ ᠭᠡᠭ᠍ᠴᠢ ᠠᠮᠢᠳᠠᠨ ᠶᠠᠭᠤ ᠪᠦᠭᠦᠨ ᠢ ᠦᠪᠡᠷ ᠤᠨ ᠪᠠᠶ᠎ᠠ ᠪᠠᠷ ᠶᠢᠡᠨ ᠥᠩᠭᠡᠷᠡᠭᠦ ᠦᠭᠡᠶ ᠪᠣᠯ ᠳᠠᠷᠠ ᠶᠠᠭᠤᠮᠠᠨ ᠳᠤ ᠢᠳᠡᠭᠡᠯ ᠬᠤᠮᠰᠠᠳᠠᠭᠠᠤᠨ ᠪᠠᠢ᠌ᠬᠤ ᠶᠤᠮ᠃

ᠨᠤᠬᠠᠢ ᠳᠡᠵᠢᠭᠡᠨ᠎ᠡ ᠭᠡᠭ᠍ᠰᠡᠭᠡᠷ ᠭᠡᠷᠭᠡᠢ ᠪᠢᠳᠠ ᠬᠤᠶᠠᠭᠤᠯᠠ ᠪᠠᠨ 《ᠪᠠᠢ᠌ᠭ᠂ ᠭᠡᠷᠡᠭ᠌ ᠦᠭᠡᠶ ᠪᠣᠵᠠᠷ ᠪᠣᠷᠳᠠᠭ ᠠᠮᠢᠳᠠᠨ ᠢ᠂ ᠶᠠᠭᠤ ᠯᠠ ᠭᠢᠵᠤ ᠳᠡᠵᠢᠭᠡᠭᠦ ᠶᠤᠮ》 ᠭᠡᠵᠤ ᠭᠡᠯᠡᠵᠤ ᠭᠠᠷᠳᠠᠭ ᠶᠤᠮ᠃ ᠥᠨᠡᠭᠡᠷ ᠡ᠂ ᠪᠠᠭᠠᠰᠤ ᠰᠢᠭᠡᠰᠤ ᠲᠡᠶ ᠨᠢ ᠪᠢᠯᠳᠠᠭᠠᠤᠨ ᠣᠷᠰᠢᠭ ᠶᠠᠷᠰᠢᠭ ᠨᠢ ᠣᠯᠠᠠᠳᠠᠢ ᠯᠠ ᠶᠤᠮ ᠡ᠃

ᠭᠡᠳᠡᠯ᠎ᠡ ᠭᠡᠷᠡᠭ᠌ ᠣᠴᠢᠷ ᠶᠠᠷᠤᠨᠢ ᠰᠠᠨᠠᠭᠠᠨ ᠡᠴᠡ ᠭᠠᠳᠠᠭᠤᠷ ᠪᠠᠢ᠌ᠳᠠᠭ ᠢ ᠶᠠᠭᠠᠭᠢᠯᠳᠠᠢ ᠭᠡᠭ᠍ᠴᠢ ᠪᠣᠢ᠃ ᠭᠦᠯᠤᠨ ᠪᠣᠢ᠌ᠷ ᠲᠤ ᠪᠠᠢ᠌ᠭ᠎ᠠ ᠭᠡᠦᠭᠡᠨ ᠮᠢᠨᠢ ᠣᠳᠠᠰᠤ ᠢᠷᠡᠭᠦᠯᠵᠤ ᠨᠢᠭᠡ ᠭᠦᠭᠡᠷᠦᠭᠦᠢ ᠰᠠᠢ᠌ᠬᠠᠨ ᠴᠠᠭᠠᠨ ᠭᠦᠯᠦᠭᠡ ᠳᠡᠵᠢᠭᠡᠭ᠍ᠰᠡᠨ ᠶᠢᠡᠨ ᠮᠡᠳᠡᠭ᠍ᠳᠡᠭ᠍ᠰᠡᠨ ᠪᠦᠭᠡᠳ ᠬᠠᠶᠠ ᠬᠠᠶᠠ ᠺᠤᠮᠫᠢᠦ᠋ᠲ᠋ᠧᠷ ᠤᠨ ᠳᠦᠷᠰᠤ ᠳᠤᠳᠤᠷᠠᠭᠤᠷ ᠶᠢᠡᠷ ᠪᠢᠳᠠᠨ ᠳᠤ ᠥᠵᠡᠭᠦᠯᠳᠡᠭ᠌ ᠪᠢᠯᠠ᠃ ᠨᠠᠭᠠᠯᠠᠩᠬᠠᠢ᠌ᠳᠠᠨ ᠳᠤᠭᠯᠠᠬᠤ ᠪᠢᠴᠢᠬᠠᠨ ᠭᠦᠯᠦᠭᠡ ᠶᠢᠨ ᠳᠤᠩ ᠴᠠᠭᠠᠨ ᠦᠰᠦ ᠪᠠ ᠳᠤᠩ ᠴᠠᠭᠠᠨ ᠦᠰᠦᠨ ᠳᠡᠭᠡᠷ᠎ᠡ ᠨᠢ ᠢᠯᠡᠷᠭᠡᠭ᠌ ᠳᠤᠳᠤ ᠬᠠᠷ᠎ᠠ ᠨᠢᠳᠤ᠂ ᠡᠪ ᠲᠤᠨᠢ ᠵᠤᠭᠢᠴᠠᠭᠰᠠᠨ ᠪᠢᠴᠢᠬᠠᠨ ᠠᠮᠠ ᠨᠢ ᠬᠠᠷ᠎ᠠ ᠴᠠᠭᠠᠨ ᠥᠩᠭᠡ ᠢᠯᠭᠠᠷᠠᠭᠤᠯᠤᠭᠠᠤᠨ ᠳᠤᠩ ᠴᠤ ᠡᠪᠯᠢᠭ᠌ ᠬᠠᠷᠠᠭᠳᠠᠨ᠎ᠠ᠃

ᠪᠢ ᠬᠠᠶᠠ ᠳᠠᠭᠠᠨ᠄ ᠭᠡᠦᠭᠡᠨ ᠮᠢᠨᠢ ᠳᠠᠢ᠌ᠮᠤ ᠨᠢᠭᠡ ᠳᠠᠪᠤᠨ ᠳᠡᠭ᠍ᠰᠢ ᠳᠦᠷᠪᠠᠯᠵᠢᠨ ᠮᠸᠲ᠋ᠷ ᠠᠷᠠᠢ ᠦᠭᠡᠶ ᠵᠢᠵᠢᠭ᠍‍ᠬᠡᠨ ᠳᠦᠷᠢᠶᠠᠰᠤᠨ ᠭᠡᠷ ᠲᠡᠭᠡᠨ ᠡᠢ᠌ᠮᠤ ᠨᠢᠭᠡ ᠪᠢᠴᠢᠬᠠᠨ ᠠᠮᠢᠳᠠᠨ ᠢ ᠳᠡᠵᠢᠭᠡᠭᠡᠳ ᠯᠠᠪ ᠳᠦᠭᠦᠮ ᠦᠭᠡᠶ ᠪᠠᠢ᠌ᠬ᠎ᠠ᠂ ᠭᠡᠷᠪᠡ ᠮᠠᠨ ᠶᠢᠡᠷ ᠠᠷᠠᠴᠢᠯᠠᠭᠤᠯᠤᠨ᠎ᠠ ᠭᠡᠪᠠᠯ ᠶᠠᠭᠠᠭᠢᠨ᠎ᠠ ︖ ᠭᠦᠭᠡᠷᠦᠭᠦᠢ ᠠᠮᠢᠳᠠᠨ᠂ ᠪᠠᠰᠠ ᠳᠡᠵᠢᠭᠡᠵᠤ ᠪᠣᠯᠤᠨ᠎ᠠ ᠳ᠋ᠠ ᠭᠡᠵᠤ ᠪᠣᠳᠤᠳᠠᠭ᠃

ᠭᠦᠯᠦᠭᠡ ᠠᠭᠠᠵᠢᠮ ᠶᠢᠡᠷ ᠦᠰᠴᠦ ᠪᠠᠢ᠌ᠨ᠎ᠠ᠂ ᠳᠡᠵᠢᠭᠡᠭᠡᠳ ᠬᠠᠭᠠᠰ ᠵᠢᠯ ᠪᠣᠯᠴᠢᠬᠠᠯ᠎ᠠ᠃ ᠣᠷᠴᠢᠮᠬᠠᠨ ᠭᠡᠦᠭᠡᠨ ᠭᠦᠯᠦᠭᠡ ᠪᠠᠨ ᠪᠢᠳᠠᠨ ᠶᠢᠡᠷ ᠳᠡᠵᠢᠭᠡᠯᠭᠡᠭᠦ ᠰᠠᠨᠠᠭ᠎ᠠ ᠲᠡᠶ ᠡᠵᠢ ᠲᠡᠶ ᠪᠠᠨ ᠵᠦᠪᠳᠠᠪᠠ᠃ ᠡᠭᠦᠨ ᠳᠤ ᠭᠡᠷᠭᠡᠢ ᠮᠢᠨᠢ ᠳᠤᠷ᠎ᠠ ᠦᠭᠡᠶ ᠰᠠᠨᠠᠯ ᠶᠢᠡᠨ ᠢᠯᠡᠳᠭᠡᠪᠡ᠃ ᠪᠢ᠄ 《ᠭᠡᠦᠭᠡᠨ ᠳᠤ ᠮᠢᠨᠢ ᠳᠦᠭᠦᠮ ᠦᠭᠡᠶ ᠪᠠᠢ᠌ᠪᠠᠯ ᠨᠠᠰᠢ ᠠᠪᠴᠢᠷᠠᠵᠤ ᠥᠭ᠌ ᠭᠡ᠂ ᠪᠢ ᠳᠡᠵᠢᠭᠡᠵᠤ ᠦᠭ‍ᠭᠦᠶ᠎ᠡ᠂ ᠮᠠᠨ ᠤ ᠭᠡᠷ ᠪᠠᠰᠠ ᠳᠠᠢ᠌ᠮᠤ ᠯᠠ ᠭᠤᠶᠤᠯᠠᠵᠤ ᠵᠠᠰᠠᠭᠰᠠᠨ ᠭᠡᠷ ᠪᠢᠰᠢ ᠳ᠋ᠠ》 ᠭᠡᠪᠡ᠃

ᠢᠩᠭᠢᠭᠡᠳ ᠭᠡᠦᠭᠡᠨ ᠮᠢᠨᠢ 6 ᠰᠠᠷ᠎ᠠ ᠶᠢᠨ 1 ᠤ ᠡᠳᠦᠷ ᠭᠦᠯᠤᠨ ᠪᠣᠢ᠌ᠷ ᠤᠨ ᠬᠠᠢ᠌ᠯᠠᠷ ᠡᠴᠡ ᠮᠤᠷᠳᠠᠵᠤ ᠳᠠᠷᠠᠭ᠎ᠠ ᠡᠳᠦᠷ ᠤᠨ ᠭᠢᠨᠢ ᠠᠷᠪᠠᠨ ᠨᠢᠭᠡᠨ ᠴᠠᠭ ᠢᠯᠡᠭᠦᠤ ᠳᠤ ᠨᠢ᠋ᠮᠠᠨ ᠦᠷᠳᠡᠭᠡᠨ ᠳᠤ ᠪᠠᠭᠤᠪᠠ᠃ ᠪᠢᠳᠠ ᠭᠡᠦᠭᠡᠨ ᠶᠢᠡᠨ ᠳᠤᠰᠤᠭᠠᠤᠨ ᠭᠦᠯᠦᠭᠡ ᠶᠢ ᠨᠢ ᠭᠠᠯᠳᠤ ᠳᠡᠷᠭᠡᠨ ᠦᠷᠳᠡᠭᠡᠨ ᠤ ᠪᠠᠷᠠᠭ᠎ᠠ ᠭᠤᠪᠢᠭᠤᠯᠬᠤ ᠭᠠᠵᠠᠷ ᠡᠴᠡ ᠭᠠᠷᠳᠠᠵᠤ ᠠᠪᠣᠯ᠎ᠠ᠃ ᠠᠷᠪᠠᠨ ᠵᠢᠷᠭᠤᠭᠠᠨ ᠵᠢᠩ ᠪᠣᠯᠴᠢᠬᠠᠭᠰᠠᠨ ᠭᠦᠯᠦᠭᠡ ᠶᠢ ᠨᠢᠭᠡ ᠵᠢᠵᠢᠭ᠍‍ᠬᠡᠨ ᠳᠠᠮᠤᠷ ᠳᠤᠤᠷ ᠶᠢᠡᠷ ᠰᠥᠯᠵᠢᠭ᠍ᠰᠡᠨ ᠰᠢᠩᠭᠡᠯᠢᠭ᠌ ᠲᠤ ᠪᠠᠶ᠎ᠠ ᠶᠢ ᠨᠢ ᠳᠤᠭᠤᠷᠢᠭᠯᠠᠨ ᠮᠤᠷᠣᠢ᠌ᠯᠭᠠᠨ ᠬᠤᠷᠢᠵᠤ ᠮᠢᠩᠭ᠋᠎ᠠ ᠬᠤᠶᠠᠷ ᠵᠠᠭᠤᠨ ᠺᠢᠯᠤᠮᠸᠲ᠋ᠷ ᠬᠤᠯᠠ ᠶᠢᠨ ᠠᠶᠠᠨ ᠢ ᠭᠦᠭᠡᠭᠡᠨ᠎ᠡ ᠭᠡᠳᠡᠭ᠌ ᠠᠮᠠᠷ ᠦᠦ ᠳ᠋ᠠ᠂ ᠭᠡᠦᠭᠡᠨ ᠮᠢᠨᠢ ᠪᠢᠴᠢᠬᠠᠨ ᠭᠦᠯᠦᠭᠡ ᠪᠠᠨ ᠬᠠᠷᠠᠭᠠᠤᠨ ᠳᠤᠩ ᠴᠤ ᠦᠷᠤ ᠡᠪᠠᠳᠦᠭ᠍ᠰᠡᠨ ᠨᠢ ᠢᠯᠡᠷᠭᠡᠢ ᠪᠠᠢ᠌ᠯ᠎ᠠ᠃

ᠭᠡᠷ ᠲᠡᠭᠡᠨ ᠢᠷᠠᠯ᠎ᠠ᠃ ᠭᠦᠯᠦᠭᠡ ᠪᠠᠨ ᠰᠢᠩᠭᠡᠯᠢᠭ᠌ ᠡᠴᠡ ᠨᠢ ᠭᠠᠷᠭᠠᠬᠤ ᠳᠤ ᠪᠢᠳᠠᠨ ᠢ ᠭᠡᠵᠢᠶᠡᠨᠡᠢ ᠡᠴᠡ ᠬᠠᠷᠠᠴᠢᠬᠠᠭᠰᠠᠨ ᠭᠦᠯᠦᠭᠡ ᠮᠢᠨᠢ ᠰᠡᠭᠦᠯ ᠭᠤᠳᠣᠢ᠌ᠯᠭᠠᠨ ᠬᠤᠶᠠᠷ ᠳᠠᠰᠢ ᠭᠤᠶᠠᠳᠠᠯᠭᠢᠯᠠᠨ᠂ ᠭᠠᠷ ᠭᠦᠯ ᠢ ᠳᠤᠯᠢᠶᠠᠨ ᠡᠷᠭᠡᠯᠡᠵᠤ ᠡᠭᠢᠯᠡᠪᠡ᠃ ᠶᠠᠮᠠᠷ ᠴᠤ ᠪᠦᠱᠦᠭᠦᠷᠭᠡᠭᠦ ᠭᠦᠳᠡᠯᠦᠯ ᠢᠯᠠᠷᠠᠯ ᠪᠠᠢ᠌ᠭ᠎ᠠ ᠦᠭᠡᠶ ᠶᠢᠨ ᠭᠢᠨᠢ ᠪᠠᠢ᠌ᠳᠠᠯ ᠢ ᠬᠠᠷᠠᠭᠠᠤᠨ ᠪᠢ ᠶᠡᠭᠡ ᠭᠠᠢ᠌ᠬᠠᠪᠠ᠃ ᠡᠨᠡ ᠭᠠᠢ᠌ᠬᠠᠯ ᠨᠤᠬᠠᠢ ᠶᠢᠨ ᠣᠳᠤᠮ ᠴᠢᠨᠢ ᠶᠠᠭ ᠭᠦᠮᠤᠨ ᠪᠦᠭᠦᠨ ᠢ ᠡᠯᠢᠭᠡᠨ ᠳᠡᠭᠡᠨ ᠪᠠᠭᠳᠠᠭᠠᠵᠤ ᠶᠠᠪᠣᠳᠠᠭ ᠰᠠᠢ᠌ᠨ ᠰᠡᠳᠭᠢᠯᠳᠤ ᠨᠤᠬᠠᠢ ᠶᠢᠨ ᠣᠳᠤᠮ ᠨᠢ ᠴᠤ ᠶᠤᠮ ᠦᠦ ᠳ᠋ᠠ᠂ ᠳᠡᠭᠡᠯ᠎ᠡ ᠴᠤ ᠪᠠᠰᠠ ᠳᠠᠪᠠᠭᠤ᠃

ᠡᠭᠢᠨ ᠳᠡᠭᠡᠨ ᠭᠦᠭ᠍ᠰᠦᠴᠢᠭᠡᠭ᠍ᠰᠡᠨ ᠪᠢᠴᠢᠬᠠᠨ ᠭᠦᠯᠦᠭᠡ ᠡᠢ᠌ᠮᠤ ᠶᠡᠭᠡ ᠠᠭᠤᠳᠠᠮ ᠳᠠᠯᠠᠪᠠᠢ ᠶᠢ ᠰᠠ‍‌ᠶᠢ ᠦᠵᠡᠯ᠎ᠠ ᠭᠡᠰᠡᠨ ᠰᠢᠭ᠌ ᠵᠤᠴᠢᠨ ᠤ ᠦᠷᠦᠭᠡ ᠡᠴᠡ ᠭᠤᠳᠤᠮ᠂ ᠬᠤᠨᠤᠬᠤ ᠭᠡᠷ ᠢ ᠡᠭᠡᠯᠵᠢᠯᠡᠨ ᠬᠠᠷ᠎ᠠ ᠬᠤᠷᠳᠤ ᠪᠠᠷ ᠳᠠᠭᠢᠨ ᠳᠠᠪᠳᠠᠨ ᠭᠦᠶ‍ᠦᠭᠦ ᠨᠢ ᠳᠤᠩ ᠭᠦᠭᠡᠷᠦᠭᠡᠢ᠌ᠯᠡᠯᠳᠡᠢ ᠬᠠᠷᠠᠭᠳᠠᠨ᠎ᠠ ᠪᠢᠯᠠ᠃

ᠦᠳᠡᠰᠢ ᠶᠢᠨ ᠪᠦᠷᠦᠢ ᠪᠣᠯᠬᠤ ᠳᠤ ᠪᠢᠴᠢᠬᠠᠨ ᠭᠦᠯᠦᠭᠡ ᠶᠢ ᠳᠤᠷ᠎ᠠ ᠪᠠᠷ ᠨᠢ ᠶᠠᠪᠣᠭᠤᠯᠵᠤ ᠪᠣᠯᠳᠠᠭ ᠦᠭᠡᠶ ᠣᠴᠢᠷ ᠴᠡᠭᠡᠵᠢᠨ ᠪᠠᠶ᠎ᠠ ᠪᠠᠷ ᠨᠢ ᠣᠷᠤᠭᠤᠯᠵᠤ ᠳᠠᠳᠠᠵᠤ ᠨᠤᠭᠳᠤᠯᠠᠳᠠᠭ ᠪᠢᠴᠢᠬᠠᠨ ᠴᠡᠭᠡᠵᠢᠪᠴᠢ ᠪᠠᠷ ᠨᠢ ᠣᠶᠠᠵᠤ ᠳᠤᠮᠳᠠ ᠭᠡᠷ ᠤᠨ ᠡᠭᠦᠳᠡᠨ ᠲᠦᠰᠢᠶ᠎ᠠ ᠰᠠᠠᠳᠠᠯᠢ ᠳᠡᠭᠡᠷ᠎ᠡ ᠶᠡᠭᠡ ᠬᠤᠪᠴᠠᠰᠤ ᠣᠭᠢᠶᠠᠬᠤ ᠰᠠᠪᠠᠨ ᠳᠤᠳᠤᠷ᠎ᠠ ᠵᠥᠭᠡᠯᠡᠨ ᠨᠥᠮᠦᠷᠭᠡ ᠶᠢ ᠳᠡᠪᠢᠰᠦᠭᠡᠳ ᠬᠤᠷᠢᠵᠤ ᠳᠠᠯᠪᠢᠪᠠ᠃ ᠭᠦᠯᠦᠭᠡ ᠭᠡᠳᠤ ᠣᠳᠠᠭ᠎ᠠ ᠵᠥᠭᠡᠯᠡᠨ ᠬᠤᠴᠠᠭᠰᠠᠨ ᠡᠴᠡ ᠣᠠᠳᠤᠤ ᠳᠠᠭᠤ ᠴᠢᠮᠡᠭᠡ ᠭᠠᠷᠭᠠᠭᠰᠠᠨ ᠦᠭᠡᠶ᠃ ᠡᠨᠡ ᠬᠤᠭᠤᠷᠤᠠᠳᠤ ᠬᠤᠶᠠᠷ ᠣᠳᠠᠭ᠎ᠠ ᠪᠠᠶᠠᠨ ᠳᠠᠯ᠎ᠠ ᠶᠢᠨ ᠭᠦᠯ ᠶᠢᠡᠨ ᠡᠷᠭᠦᠰᠭᠢᠭᠡᠳ ᠭᠡᠷᠡᠮ ᠤᠨ ᠣᠭ ᠨᠠᠭᠠᠯᠳᠤᠭᠤᠯᠤᠨ ᠰᠢᠭᠡᠭᠡᠳ ᠪᠠᠰᠠ ᠰᠢᠭᠡᠰᠤ ᠪᠠᠨ ᠥᠨᠦᠷᠯᠡᠭᠦ ᠳᠠᠳᠭᠠᠯ ᠲᠡᠶ ᠶᠢ ᠨᠢ ᠮᠠᠳᠠᠯ᠎ᠠ᠃

ᠮᠠᠷᠭᠠᠰᠢ ᠡᠷᠳᠡ ᠶᠢᠨ ᠳᠠᠪᠤᠨ ᠴᠠᠭ ᠲᠤ ᠪᠢ ᠴᠡᠭᠡᠵᠢᠪᠴᠢ ᠶᠢᠨ ᠳᠡᠭᠡᠷ᠎ᠡ ᠳᠠᠯ᠎ᠠ ᠳᠤ ᠨᠢ ᠳᠤᠰᠬᠠᠢ ᠪᠦᠰ ᠳᠡᠭᠡᠰᠤ ᠶᠢ ᠨᠢ ᠵᠠᠯᠭᠠᠵᠤ ᠭᠠᠳᠠᠨ᠎ᠠ ᠨᠠᠭᠠᠳᠤᠭᠤᠯᠬᠤ ᠪᠠᠷ ᠭᠠᠷᠪᠠ᠃ ᠭᠦᠭᠡᠷᠦᠭᠦᠢ ᠭᠦᠯᠦᠭᠡ ᠮᠢᠨᠢ ᠪᠦᠮᠪᠦᠷ ᠪᠦᠮᠪᠦᠷ ᠭᠦᠶ‍ᠦᠭᠦ ᠨᠢ ᠶᠠᠭ ᠪᠠᠭ᠎ᠠ ᠳᠠᠭᠠᠨ ᠳᠠᠭᠠᠭᠤᠯᠵᠤ ᠨᠠᠭᠠᠳᠤᠭᠰᠠᠨ ᠭᠦᠶ‍ᠦᠭᠡ ᠨᠤᠬᠠᠢ ᠶᠢᠨ ᠪᠠᠢ᠌ᠴᠠ ᠲᠡᠶ᠃ ᠵᠢᠷᠭᠤᠭᠠᠨ ᠳᠠᠪᠬᠤᠷ ᠠᠰᠠᠷ ᠡᠴᠡ ᠣᠳᠠᠭᠰᠠᠨ ᠴᠤ ᠦᠭᠡᠶ ᠪᠠᠭᠤᠵᠤ ᠢᠷᠠᠯ᠎ᠠ᠃ ᠡᠭᠦᠳᠡᠨ ᠭᠠᠳᠠᠨ᠎ᠠ ᠭᠠᠵᠠᠷ ᠱᠥᠭᠦᠷᠳᠡᠳᠡᠭ᠌ ᠮᠦᠨ ᠴᠤ ᠡᠭᠦᠳᠡᠨ ᠭᠡᠷ ᠬᠠᠷᠠᠳᠠᠭ ᠸᠠᠩ ᠣᠪᠣᠭᠳᠤ ᠶᠢ ᠥᠵᠡᠭᠡᠳ ᠬᠠᠷᠭᠢᠷᠠᠨ ᠬᠤᠴᠠᠵᠤ ᠡᠮᠦᠨᠡᠰᠢ ᠣᠴᠢᠬᠤ ᠰᠢᠠᠵᠢ ᠭᠠᠷᠭᠠᠪᠠᠴᠤ ᠭᠦᠯ ᠨᠢ ᠬᠣᠢ᠌ᠰᠢ ᠣᠬᠤᠷᠢᠬᠤ ᠪᠠᠷ ᠪᠡᠯᠡᠳᠭᠡᠵᠤ ᠪᠠᠢ᠌ᠯ᠎ᠠ᠃ ᠭᠦᠭᠡᠷᠦᠭᠦᠢ ᠭᠦᠯᠦᠭᠡ ᠮᠢᠨᠢ ᠮᠦᠨ ᠴᠤ ᠵᠢᠰᠤ ᠪᠣᠷᠤᠭᠤ ᠭᠦᠮᠤᠨ ᠢ ᠦᠵᠡᠪᠠᠯ ᠴᠢᠨᠡᠭᠡ ᠮᠠᠳᠠᠨ ᠬᠤᠴᠠᠳᠠᠭ ᠪᠦᠭᠡᠳ ᠬᠠᠷᠭᠢᠷᠠᠳᠠᠭ ᠡᠭᠡᠯ ᠵᠢᠷ ᠤᠨ ᠨᠤᠬᠠᠢ ᠪᠠᠢ᠌ᠨ᠎ᠠ ︕

ᠭᠠᠳᠠᠨ᠎ᠠ ᠳᠤᠭᠤᠷᠢᠭᠤᠯᠬᠤ ᠭᠡᠭᠦ ᠡᠴᠡ ᠭᠤᠤᠯᠳᠠᠭᠤ ᠰᠢᠭᠡᠵᠤ ᠪᠠᠭᠠᠯᠭᠠᠬᠤ ᠶᠢᠨ ᠲᠦᠯᠦᠭᠡ ᠶᠤᠮ᠃ ᠭᠦᠯᠦᠭᠡ ᠮᠢᠨᠢ ᠳᠦᠭᠡ ᠭᠢᠷᠢ ᠣᠷᠭᠤᠭ᠎ᠠ ᠴᠡᠴᠡᠭ᠌ ᠤᠨ ᠳᠠᠳᠠᠭᠠᠯ ᠳᠤ ᠣᠷᠤᠵᠤ ᠵᠡᠭᠦᠨ ᠭᠦᠯ ᠶᠢᠡᠨ ᠡᠷᠭᠦᠵᠤ ᠰᠢᠭᠡᠵᠤ ᠯᠠ ᠪᠠᠢ᠌ᠨ᠎ᠠ᠂ ᠠᠷᠪᠠᠭᠠᠤᠨ ᠮᠢᠨᠦ᠋ᠲ᠋ ᠲᠤ ᠭᠤᠷᠪᠠ ᠣᠳᠠᠭ᠎ᠠ ᠰᠢᠭᠡᠯ᠎ᠡ᠃ ᠭᠦᠯᠦᠭᠡ ᠶᠢᠨ ᠪᠠᠭᠠᠬᠤ ᠨᠢ ᠬᠠᠷᠢᠨ ᠶᠡᠭᠡ ᠣᠬᠠᠭᠠᠨ ᠲᠡᠶ ᠶᠤᠮ ᠪᠠᠢ᠌ᠨ᠎ᠠ᠃ ᠳᠤᠰᠬᠠᠢ ᠬᠤᠭ ᠤᠨ ᠣᠪᠣᠭ᠎ᠠ ᠳᠡᠭᠡᠷ᠎ᠡ ᠣᠴᠢᠵᠤ ᠬᠤᠶᠠᠷ ᠭᠦᠯ ᠶᠢᠡᠷ ᠶᠢᠡᠨ ᠣᠴᠣᠢ᠌ᠵᠤ ᠪᠠᠢ᠌ᠭᠠᠤᠨ ᠳᠤᠩ ᠳᠦᠷᠭᠡᠨ ᠪᠠᠭᠠᠳᠠᠭ᠃ ᠭᠡᠷᠪᠡ ᠪᠦᠭ᠍ᠰᠡᠨ ᠳᠡᠭᠡᠷ᠎ᠡ ᠨᠢ ᠦᠴᠦᠭᠡᠨ ᠳᠠᠳᠤᠢ ᠪᠠᠭᠠᠰᠤ ᠭᠦᠷᠦᠭ᠍ᠰᠡᠨ ᠪᠠᠢ᠌ᠪᠠᠯ ᠳᠤᠩ ᠴᠤ ᠦᠷᠭᠦᠯ ᠪᠣᠯᠵᠤ ᠬᠠᠶᠠ ᠵᠠᠷᠢᠮ ᠳᠠᠭᠠᠨ ᠨᠠᠭᠠᠯᠳᠤᠭᠰᠠᠨ ᠪᠠᠭᠠᠰᠤ ᠪᠠᠨ ᠬᠠᠵᠠᠵᠤ ᠠᠷᠢᠯᠭᠠᠬᠤ ᠭᠡᠵᠤ ᠪᠦᠭ᠍ᠰᠡ ᠪᠠᠨ ᠳᠤᠭᠤᠷᠢᠵᠤ ᠭᠦᠶ‍ᠦᠳᠡᠭ᠌᠂ ᠡᠨᠡ ᠪᠠᠢ᠌ᠳᠠᠯ ᠢ ᠨᠢ ᠦᠵᠡᠪᠠᠯ ᠳᠤᠩ ᠢᠨᠢᠶᠠᠳᠤᠮᠳᠠᠢ ᠰᠠᠨᠠᠭᠳᠠᠨ᠎ᠠ᠃

ᠭᠡᠳᠤᠨ ᠡᠳᠦᠷ ᠥᠩᠭᠡᠷᠡᠭᠡᠳ ᠭᠦᠯᠦᠭᠡ ᠶᠢᠨ ᠣᠯᠠᠨ ᠣᠯᠠᠨ ᠣᠠᠴᠠᠯᠢᠭ ᠰᠢᠠᠵᠢ ᠵᠠᠯᠭᠠᠪᠠᠷ ᠢᠯᠠᠷᠠᠯ᠎ᠠ᠃ ᠰᠠᠢ᠌ᠬᠠᠨ ᠬᠠᠷ᠎ᠠ ᠨᠢᠳᠤ ᠪᠠᠷ ᠶᠢᠡᠨ ᠭᠦᠯᠦᠩ ᠭᠦᠯᠦᠩ ᠰᠢᠷᠳᠡᠭᠦ ᠶᠢᠨ ᠬᠠᠮᠳᠤ ᠭᠦᠷᠳᠡᠭ᠌ ᠶᠤᠮ ᠪᠣᠯ ᠭᠠᠷ ᠭᠦᠯ ᠢ ᠴᠢᠨᠢ ᠳᠤᠩ ᠴᠤ ᠨᠠᠷᠢᠯᠢᠭ ᠰᠠᠢ᠌ᠬᠠᠨ ᠳᠤᠯᠢᠶᠠᠵᠤ ᠦᠭ‍ᠭᠦᠨ᠎ᠡ᠂ ᠣᠠᠳᠠᠵᠤ ᠰᠡᠷᠡᠭ᠍ᠰᠡᠭᠡᠷ ᠪᠣᠰᠴᠤ ᠡᠮᠦᠨ᠎ᠡ ᠬᠨ ᠬᠤᠶᠠᠷ ᠭᠦᠯ ᠶᠢᠡᠨ ᠡᠭᠡᠯᠵᠢᠯᠡᠨ ᠳᠤᠯᠳᠠᠯ᠎ᠠ ᠵᠢᠭᠢᠨ ᠰᠤᠨᠢᠶᠠᠬᠤ ᠪᠦᠭᠡᠳ ᠨᠣᠢ᠌ᠷ ᠨᠢ ᠭᠦᠷᠦᠭ᠍ᠰᠡᠨ ᠪᠠᠢ᠌ᠪᠠᠯ ᠭᠡᠪᠳᠡᠭ᠍ᠰᠡᠨ ᠭᠠᠵᠠᠷ ᠲᠠᠭᠠᠨ ᠳᠤᠭᠤᠷᠢᠭᠯᠠᠨ ᠳᠦᠷᠪᠠᠨ ᠮᠦᠴᠢ ᠪᠠᠨ ᠠᠰ ᠳᠡᠭᠡᠭ᠍ᠰᠢ ᠪᠠᠨ ᠬᠠᠠᠳᠤᠭᠤᠯᠤᠨ ᠵᠢᠭᠢᠨ ᠰᠤᠨᠢᠶᠠᠨ᠎ᠠ᠂ ᠬᠠᠯᠠᠭᠤᠨ ᠡᠳᠦᠷ ᠭᠠᠷᠪᠠᠯ ᠭᠠᠵᠠᠷ ᠢ ᠨᠠᠭᠠᠨ ᠭᠡᠪᠳᠡᠭᠡᠳ ᠶᠠᠮᠠᠷ ᠨᠢᠭᠡᠨ ᠴᠢᠮᠡᠭᠡ ᠠᠨᠢᠷ ᠴᠢᠩᠨᠠᠵᠤ ᠪᠠᠢ᠌ᠬᠤ ᠰᠢᠭ᠂ ᠬᠠᠶᠠ ᠳᠠᠭᠠᠨ ᠪᠢ ᠴᠤᠩᠬᠤᠨ ᠳᠠᠢ᠌ᠵᠠ ᠳᠡᠭᠡᠷ᠎ᠡ ᠳᠠᠪᠠᠷᠢᠵᠤ ᠠᠪᠠᠴᠢᠨ ᠵᠤᠭᠰᠤᠭᠠᠪᠠᠯ ᠴᠢᠮᠡᠭᠡ ᠦᠭᠡᠶ ᠪᠠᠢ᠌ᠭᠰᠠᠭᠠᠷ 《ᠭᠦᠪ ︕ ᠭᠦᠪ ︕》 ᠬᠤᠴᠠᠨ ᠠᠯᠤᠰ ᠢ ᠬᠠᠷᠠᠨ ᠴᠢᠭᠢ ᠰᠡᠷᠳᠡᠢ᠌ᠯᠭᠡᠨ ᠶᠠᠩᠪᠠᠯᠢᠭ ᠵᠤᠭᠰᠤᠨ᠎ᠠ᠃

ᠨᠠᠯᠢᠶᠠᠤᠨ ᠭᠡᠳᠤᠨ ᠡᠳᠦᠷ ᠪᠣᠯᠤᠭᠠᠤᠨ ᠭᠦᠯᠦᠭᠡ ᠶᠢᠨ ᠮᠢᠨᠢ ᠵᠤᠷᠢᠭ ᠵᠢᠷᠦᠭᠡ ᠨᠢ ᠪᠠᠰᠠ ᠨᠡᠮᠡᠭ᠍ᠳᠡᠭ᠍ᠰᠡᠨ ᠪᠣᠯᠪᠠᠤ᠂ ᠳᠤᠭᠤᠭᠠᠨ ᠭᠡᠷ ᠲᠤ ᠪᠠᠢ᠌ᠨ ᠳᠠᠭᠢᠨ ᠣᠷᠤᠵᠤ ᠰᠢᠩᠰᠢᠯᠠᠵᠤ ᠥᠨᠦᠷᠯᠡᠭᠦ ᠪᠣᠯᠤᠭᠰᠠᠨ ᠪᠦᠭᠡᠳ 《ᠪᠦᠮᠪᠦᠭᠡ︕》 ᠭᠡᠵᠤ ᠨᠠᠷ᠎ᠠ ᠪᠠᠷ ᠨᠢ ᠳᠠᠭᠤᠳᠠᠭᠠᠤᠨ ᠴᠤ ᠥᠭᠡ ᠰᠤᠨᠤᠰᠬᠤ ᠦᠭᠡᠶ ᠪᠣᠯᠵᠠᠢ᠃ ᠦᠨᠦ 《ᠪᠦᠮᠪᠦᠭᠡ》 ᠮᠢᠨᠢ ᠠᠯᠢ ᠪᠠᠢ᠌ᠭᠰᠠᠨ ᠣᠠᠳᠠᠬᠤ ᠣᠷᠤ᠂ ᠫᠦᠷᠱ ᠵᠥᠭᠡᠯᠡᠨ ᠰᠠᠠᠳᠠᠯᠢ ᠳᠡᠭᠡᠭᠦᠷ ᠬᠤᠢ ᠡᠷᠭᠢᠯᠳᠦᠭᠦᠯᠤᠨ ᠶᠠᠪᠣᠬᠤ ᠳᠤ ᠵᠤᠴᠢᠨ ᠤ ᠦᠷᠦᠭᠡᠨ ᠤ ᠬᠣᠢ᠌ᠳᠤ ᠬᠠᠨ᠎ᠠ ᠨᠠᠭᠠᠯᠳᠤᠭᠤᠯᠤᠨ ᠫᠦᠷᠱ ᠢ ᠳᠠᠯᠪᠢᠭᠰᠠᠨ ᠡᠴᠡ ᠭᠦᠯᠦᠭᠡ ᠮᠢᠨᠢ ᠫᠦᠷᠱ ᠶᠢᠡᠷ ᠳᠠᠮᠵᠢᠨ ᠬᠣᠢ᠌ᠳᠤ ᠴᠤᠩᠬᠤᠨ ᠳᠠᠢ᠌ᠵᠠ ᠳᠡᠭᠡᠷ᠎ᠡ ᠭᠠᠷᠴᠤ ᠠᠵᠢᠭ ᠦᠭᠡᠶ ᠵᠤᠭᠰᠤᠨ᠎ᠠ᠃ ᠨᠢᠭᠡ ᠣᠳᠠᠭ᠎ᠠ ᠪᠢ ᠪᠠᠷᠢᠵᠤ ᠠᠪᠣᠭᠠᠤᠨ ᠬᠣᠢ᠌ᠳᠤ ᠴᠤᠩᠬᠤ ᠪᠠᠷ ᠵᠢᠷᠭᠤᠭᠠᠨ ᠳᠠᠪᠬᠤᠷ ᠠᠰᠠᠷ ᠤᠨ ᠦᠨᠳᠦᠷ ᠢ ᠥᠵᠡᠭᠦᠯᠦᠭ᠍ᠰᠡᠨ ᠳᠤ ᠶᠡᠭᠡᠳᠡ ᠠᠶᠤᠵᠤ ᠳᠠᠭᠢᠵᠤ ᠭᠠᠷᠤᠯ᠎ᠠ ᠴᠤ ᠶᠠᠭ ᠴᠤᠩᠬᠤᠨ ᠤ ᠭᠠᠳᠠᠷ ᠰᠢᠯ ᠢ ᠬᠠᠪᠢᠳᠠᠵᠤ ᠶᠠᠪᠣᠬᠤ ᠦᠭᠡᠶ ᠪᠣᠯᠵᠠᠢ᠃ ᠪᠢᠳᠠ 《ᠪᠦᠮᠪᠦᠭᠡ》 ᠵᠢ ᠶᠠᠯᠠᠳᠠᠬᠤ ᠠᠷᠭ᠎ᠠ ᠰᠥᠪᠠᠭ᠍ᠴᠢᠯᠡᠵᠤ ᠭᠠᠷᠭᠠᠪᠠ᠃ ᠨᠢᠭᠡ ᠪᠣᠯ ᠺᠤᠮᠫᠢᠦ᠋ᠲ᠋ᠧᠷ ᠳᠠᠯᠪᠢᠵᠤ ᠪᠠᠢ᠌ᠭ᠎ᠠ ᠦᠷᠦᠭᠡᠨ ᠤ ᠴᠤᠩᠬᠤᠨ ᠳᠠᠢ᠌ᠵᠠᠨ ᠳᠡᠭᠡᠷ᠎ᠡ ᠠᠪᠠᠴᠢᠵᠤ ᠳᠠᠯᠪᠢᠨ᠎ᠠ ᠡᠰᠡᠪᠠᠯ ᠰᠠᠠᠳᠠᠯᠢ ᠳᠡᠭᠡᠷ᠎ᠡ ᠬᠤᠪᠴᠠᠰᠤ ᠣᠭᠢᠶᠠᠬᠤ ᠰᠠᠪᠠ ᠶᠢ ᠳᠠᠯᠪᠢᠵᠤ ᠳᠤᠳᠤᠷ᠎ᠠ ᠨᠢ ᠬᠤᠷᠢᠨ᠎ᠠ ︕

ᠭᠦᠯᠦᠭᠡ ᠮᠢᠨᠢ ᠬᠤᠷᠢᠭᠤᠯ ᠳᠤ ᠣᠷᠤᠭᠠᠤᠨ ᠨᠠᠯᠢᠶᠠᠤᠨ ᠣᠳᠠᠭᠠᠤᠨ ᠨᠢᠭᠡᠴᠤ ᠭᠦᠮᠤᠨ ᠬᠠᠮᠢᠶᠠᠷᠬᠤ ᠦᠭᠡᠶ ᠪᠣᠯ ᠨᠠᠷᠢᠨ ᠵᠥᠭᠡᠯᠡᠨ ᠳᠠᠭᠤᠨ ᠶᠢᠡᠷ 《ᠭᠢᠶᠤᠩ ︕ ᠭᠢᠶᠤᠩ ︕》 ᠭᠡᠵᠤ ᠭᠠᠰᠠᠯᠠᠨ ᠭᠤᠶᠤᠨ᠎ᠠ᠃ 《ᠣᠤ︕ ᠣᠤ ︕ ᠠᠢ ︕ ᠠᠢ︕》᠂ ᠨᠠᠷᠢᠨ ᠰᠤᠨᠤᠰᠪᠠᠯ ᠶᠠᠭ ᠪᠢᠴᠢᠬᠠᠨ ᠬᠡᠦᠬᠡᠳ ᠤᠨ ᠣᠭᠢᠯᠠᠬᠤ ᠳᠠᠭᠤᠨ ᠮᠠᠳᠤ᠃ ᠪᠠᠰᠠ ᠵᠠᠷᠢᠮ ᠳᠠᠭᠠᠨ ᠶᠠᠭ ᠭᠠᠭᠴᠠᠭᠠᠷ ᠬᠠᠷᠢᠶᠠᠯ ᠳᠠᠯᠪᠢᠵᠤ ᠪᠠᠢ᠌ᠭ᠎ᠠ ᠰᠢᠭ ᠰᠠᠨᠠᠭᠳᠠᠳᠠᠭ ᠰᠠᠨ᠃

ᠪᠢᠳᠠ ᠭᠡᠷ ᠶᠢᠡᠷ ᠶᠢᠡᠨ ᠭᠠᠳᠠᠨ᠎ᠠ ᠭᠠᠷᠤᠭᠠᠤᠨ 《ᠪᠦᠮᠪᠦᠭᠡ》 ᠵᠢ ᠭᠠᠭᠴᠠᠭᠠᠷ ᠢ ᠬᠠᠶᠠᠪᠠᠯ ᠳᠠᠷᠠ ᠭᠠᠴᠢᠭᠳᠠᠬᠤ ᠶᠢᠨ ᠲᠤᠢ᠌ᠯ ᠪᠣᠯᠵᠤ ᠶᠡᠭᠡ ᠳᠠᠭᠤᠨ ᠶᠢᠡᠷ ᠬᠤᠴᠠᠳᠠᠭ᠃ ᠬᠠᠷᠢᠭᠠᠤᠨ ᠢᠷᠠᠪᠠᠯ ᠭᠡᠮᠵᠢᠶᠡᠯᠡᠰᠢ ᠦᠭᠡᠶ ᠬᠠᠯᠠᠭᠤᠨ ᠪᠦᠯᠢᠶᠡᠨ ᠠᠭᠠᠰᠢᠯᠠᠨ ᠪᠠᠶᠠᠨ ᠳᠡᠭᠡᠷ᠎ᠡ ᠴᠢᠨᠢ ᠦᠰᠦᠷᠭᠢᠯᠠᠨ 《ᠬᠤ᠂ ᠬᠨ》 ᠭᠡᠵᠤ ᠦᠨᠦᠷᠯᠠᠨ ᠳᠤᠯᠢᠶᠠᠵᠤ ᠰᠡᠭᠦᠯ ᠶᠢᠡᠨ ᠰᠠᠵᠢᠯᠭᠢᠯᠠᠨ ᠵᠡᠭᠦᠨ ᠪᠠᠷᠠᠭᠤᠨ ᠳᠠᠯ᠎ᠠ ᠪᠠᠷ ᠴᠢᠨᠢ ᠶᠠᠪᠣᠳᠠᠭ᠃

《ᠪᠦᠮᠪᠦᠭᠡ》 ᠣᠳᠤ ᠶᠠᠭ ᠰᠢᠳᠤ ᠭᠠᠷᠴᠤ ᠪᠠᠢ᠌ᠭ᠎ᠠ ᠴᠠᠭ ᠣᠴᠢᠷ ᠴᠢᠨᠤ ᠭᠠᠷ᠂ ᠭᠦᠯ ᠢ ᠴᠢᠨᠢ ᠬᠠᠵᠠᠵᠤ ᠵᠠᠭᠤᠬᠤ ᠪᠣᠯᠪᠠᠴᠤ ᠡᠪᠠᠦᠡᠭᠡᠳᠡᠭ᠌ ᠦᠭᠡᠶ᠃ ᠵᠠᠷᠢᠮ ᠳᠠᠭᠠᠨ ᠪᠠᠭᠠᠰᠢᠯᠠᠨ ᠭᠦᠶ‍ᠦᠭᠦ ᠳᠤᠮᠳᠠ ᠬᠤᠶᠠᠷ ᠬᠨ ᠪᠠᠷ ᠶᠢᠡᠨ ᠵᠡᠷᠭᠡᠪᠠᠷ ᠨᠦᠷᠢᠨ ᠳᠠᠷᠤᠯᠭᠢᠯᠠᠬᠤ ᠶᠢ ᠨᠢ ᠰᠠᠢ᠌ᠬᠠᠨ ᠯᠠᠪᠯᠠᠪᠠᠯ ᠠᠯᠠᠭᠠᠳᠠᠬᠤ ᠪᠦᠮᠪᠦᠭᠡᠴᠢᠨ ᠤ ᠪᠦᠮᠪᠦᠭᠡ ᠬᠠᠰᠢᠬᠤ ᠭᠦᠳᠡᠯᠦᠯ ᠮᠠᠳᠤ᠃

ᠠᠷᠪᠠᠭᠠᠤᠨ ᠡᠳᠦᠷ ᠤᠨ ᠳᠠᠷᠠᠭ᠎ᠠ ᠭᠡᠦᠭᠡᠨ ᠮᠢᠨᠢ ᠭᠦᠯᠤᠨ ᠪᠣᠢ᠌ᠷ ᠲᠠᠭᠠᠨ ᠶᠠᠪᠣᠬᠤ ᠪᠣᠯᠤᠯ᠎ᠠ᠃ ᠪᠦᠰᠡᠭᠦᠢ ᠪᠢᠳᠠ ᠬᠤᠶᠠᠭᠤᠯᠠ ᠭᠠᠷᠠᠭ ᠤᠨ ᠡᠳᠦᠷ ᠤᠨ ᠴᠠᠭ ᠶᠢᠡᠷ ᠳᠦᠡᠭᠯᠢᠶ‍ᠦᠤ ᠳᠤ ᠠᠪᠠᠴᠢᠵᠤ ᠦᠭ‍ᠭᠦ ᠪᠠᠷ ᠪᠣᠯᠪᠠ᠃ ᠦᠷᠯᠦᠭᠡ ᠭᠡᠷ ᠡᠴᠡ ᠭᠠᠷᠬᠤ ᠳᠠᠭᠠᠨ 《ᠪᠦᠮᠪᠦᠭᠡ》 ᠵᠢ ᠬᠠᠭᠤᠷᠤᠨ ᠭᠠᠷᠴᠤ ᠢᠷᠠᠪᠠ᠃ ᠠᠮᠤᠷ ᠲᠦᠪᠰᠢᠨ ᠢ ᠪᠣᠳᠤᠯᠭᠢᠯᠠᠨ 《ᠪᠦᠮᠪᠦᠭᠡ》 ᠵᠢ ᠭᠡᠷ ᠳᠤᠳᠤᠷ᠎ᠠ ᠰᠤᠯᠠ ᠪᠠᠷ ᠳᠠᠯᠪᠢᠪᠠ᠃

ᠪᠢᠳᠠ ᠭᠠᠯᠳᠤ ᠳᠡᠷᠭᠡ ᠬᠣᠢ᠌ᠰᠢᠯᠠᠬᠤ ᠲᠡᠶ ᠣᠭ ᠨᠢ ᠣᠷᠤᠢ ᠶᠢᠨ ᠨᠢᠭᠡ ᠴᠠᠭ ᠲᠤ ᠢᠷᠡᠭᠦ ᠳᠡᠷᠭᠡ ᠬᠣᠢ᠌ᠰᠢᠯᠠᠭᠠᠤᠨ ᠪᠠᠷᠤᠭ ᠬᠤᠶᠠᠷ ᠴᠠᠭ ᠲᠤ ᠰᠠ‍‌ᠶᠢ ᠭᠡᠷ ᠲᠡᠭᠡᠨ ᠢᠷᠠᠯ᠎ᠠ᠃ ᠪᠢᠳᠠ ᠠᠰᠠᠷ ᠤᠨ ᠱᠠᠳᠤ ᠪᠠᠷ ᠠᠭᠠᠵᠢᠮ ᠶᠢᠡᠷ ᠠᠯᠬᠤᠬᠤ ᠳᠤ ᠬᠤᠶᠠᠳᠤᠭᠠᠷ ᠳᠠᠪᠬᠤᠷ ᠲᠤ ᠢᠷᠡᠩᠭᠦᠳᠡ ᠭᠡᠳᠥᠢᠨ ᠴᠢᠮᠡᠭᠡ ᠠᠪᠣᠭᠰᠠᠨ 《ᠪᠦᠮᠪᠦᠭᠡ》 《ᠸᠠᠩ ︕ ᠸᠠᠩ ︕》 ᠭᠡᠵᠤ ᠨᠢᠭᠡ ᠠᠰᠠᠷ ᠱᠤᠤᠭᠢᠳᠠᠯ᠎ᠠ ᠬᠤᠴᠠᠯ᠎ᠠ᠃ 《ᠭᠦᠮᠦᠰ ᠪᠦᠷ ᠣᠠᠳᠠᠵᠤ ᠪᠠᠢ᠌ᠨ᠎ᠠ ᠰᠢᠤ》 ᠪᠢᠳᠠ ᠬᠤᠶᠠᠭᠤᠯᠠ ᠪᠠᠨ ᠪᠣᠰᠢᠭᠤᠬᠠᠨ ᠰᠢᠭ ᠵᠢᠷᠭᠤᠳᠤᠭᠠᠷ ᠠᠰᠠᠷ ᠳᠡᠭᠡᠷ᠎ᠡ ᠢᠷᠠᠵᠤ ᠡᠭᠦᠳᠡ ᠨᠡᠭᠡᠭᠡᠵᠤ ᠣᠷᠤᠪᠠᠯ ᠠᠰ ᠡᠮᠦᠨ᠎ᠡ ᠡᠴᠡ 《ᠣᠤ ︕》 ᠭᠡᠵᠤ ᠨᠦᠷᠢᠨ ᠭᠦᠳᠡᠯᠭᠡᠭᠡᠨ ᠨᠢ ᠣᠯᠠᠨ ᠶᠠᠩᠵᠤ ᠪᠠᠷ ᠡᠷᠭᠡᠯᠡᠨ᠎ᠡ᠃ ᠭᠡᠳᠦᠢ ᠠᠭᠤᠷᠳᠠᠢ ᠪᠠᠢ᠌ᠭᠰᠠᠨ ᠴᠤ ᠳᠤᠷ᠎ᠠ ᠪᠠᠷ ᠠᠭᠤᠷ ᠭᠠᠷᠭᠠᠳᠠᠭ ᠦᠭᠡᠶ ᠨᠢ ᠮᠠᠨ ᠤ 《ᠪᠦᠮᠪᠦᠭᠡ》 ᠳᠤ ᠯᠠ ᠪᠠᠢ᠌ᠳᠠᠭ ᠰᠠᠢ᠌ᠬᠠᠨ ᠵᠠᠩ ᠪᠢᠯᠢᠤ ⁈

ᠪᠢᠳᠠ ᠬᠤᠶᠠᠭᠤᠯᠠ 《ᠪᠦᠮᠪᠦᠭᠡ》 ᠵᠢ ᠬᠠᠶᠠᠵᠤ ᠶᠠᠪᠣᠭᠰᠠᠨ ᠣᠰᠤᠯ ᠭᠡᠵᠤ ᠳᠡᠭᠦᠨ ᠤ ᠳᠤᠰᠬᠠᠢ ᠢᠳᠡᠳᠡᠭ᠌ ᠬᠤᠭᠤᠯᠠᠨ ᠡᠴᠡ ᠴᠠᠳᠳᠠᠯ᠎ᠠ ᠢᠳᠡᠭᠦᠯᠪᠡ᠃ ᠭᠡᠳᠡᠯ᠎ᠡ 《ᠪᠦᠮᠪᠦᠭᠡ》 ᠣᠠᠳᠠᠵᠤ ᠦᠭ‍ᠭᠦ ᠦᠭᠡᠶ᠃ ᠭᠡᠦᠭᠡᠨ ᠤ ᠮᠢᠨᠢ ᠣᠠᠳᠠᠵᠤ ᠪᠠᠢ᠌ᠭᠰᠠᠨ ᠭᠡᠷ ᠤᠨ ᠡᠭᠦᠳᠡ ᠶᠢ ᠬᠠᠷᠠᠭᠠᠤᠨ ᠣᠳᠠᠰᠭᠢᠭᠠᠤᠨ 《ᠸᠠᠩ ︕ ᠸᠠᠩ ︕》 ᠬᠤᠴᠠᠭᠠᠤᠨ ᠠᠪᠣᠨ᠎ᠠ᠃ ᠠᠢ᠂ ᠭᠦᠭᠡᠷᠦᠭᠦᠢ ᠭᠦᠯᠦᠭᠡ ᠮᠢᠨᠢ ᠦᠪᠡᠷ ᠤᠨ ᠡᠵᠡᠨ ᠶᠢᠡᠨ ᠰᠠᠨᠠᠴᠢᠬᠠᠭᠰᠠᠨ ᠪᠠᠢ᠌ᠵᠠᠢ ︕ ᠳᠦᠷᠦᠭᠡᠳ ᠠᠷᠪᠠᠨ ᠳᠠᠪᠣᠬᠠᠨ ᠬᠤᠨᠤᠭ ᠳᠡᠭᠡᠷ᠎ᠡ ᠨᠢ ᠡᠭᠢᠯᠡᠵᠤ ᠳᠡᠵᠢᠭᠡᠭᠡᠳ ᠣᠳᠤ ᠪᠣᠯᠳᠠᠯ᠎ᠠ ᠳᠤᠯᠤᠭᠠᠨ ᠰᠠᠷ᠎ᠠ ᠪᠠᠭᠠᠰᠤ ᠰᠢᠭᠡᠰᠤ ᠶᠢ ᠨᠢ ᠠᠷᠢᠯᠭᠠᠵᠤ ᠥᠰᠭᠡᠭ᠍ᠰᠡᠨ ᠡᠵᠡᠨ ᠶᠢᠡᠨ ᠦᠪᠡᠷ ᠤᠨ ᠡᠷᠭᠡ ᠦᠭᠡᠶ ᠰᠠᠨᠠᠴᠢᠬᠠᠭᠰᠠᠨ ᠪᠠᠢ᠌ᠵᠠᠢ ︕ ᠭᠦᠯᠦᠭᠡ ᠮᠢᠨᠢ ᠰᠦᠨᠢᠵᠢᠨ ᠣᠠᠳᠠᠭᠰᠠᠨ ᠦᠭᠡᠶ᠂ ᠮᠦᠨ ᠴᠤ ᠪᠢᠳᠠ ᠬᠤᠶᠠᠭᠤᠯᠠ ᠶᠢ ᠠᠮᠠᠷ ᠣᠠᠳᠠᠭᠤᠯᠤᠭᠰᠠᠨ ᠦᠭᠡᠶ᠃ ᠪᠢ ᠣᠯᠠᠨ ᠶᠠᠭᠤᠮ᠎ᠠ ᠪᠣᠳᠤᠯ᠎ᠠ᠂ ᠣᠯᠠᠭᠠᠨ ᠨᠢᠯᠬ᠎ᠠ ᠠᠳᠤᠭᠤᠰᠤ ᠪᠠᠢ᠌ᠳᠠᠯ᠎ᠠ ᠦᠪᠡᠷ ᠢ ᠨᠢ ᠲᠦᠰᠢᠵᠤ ᠲᠡᠳᠬᠦᠭ᠍ᠰᠡᠨ ᠬᠠᠨᠢᠳᠠᠨ ᠶᠢᠡᠨ ᠥᠭᠡᠢ᠌ᠯᠡᠨ ᠣᠠᠳᠠᠬᠤ ᠪᠠᠨ ᠮᠠᠷᠳᠠᠨ ᠵᠤᠪᠠᠭᠤᠷᠢᠯᠠᠨ᠎ᠠ ᠭᠡᠳᠡᠭ᠌ ᠴᠢᠨᠢ ᠶᠠᠭᠠᠭᠢᠭᠰᠠᠨ ᠰᠠᠢ᠌ᠬᠠᠨ ᠪᠣᠢ ⁈

ᠪᠢ ᠨᠣᠢ᠌ᠷ ᠶᠢᠡᠨ ᠬᠠᠢ᠌ᠷᠠᠯᠠᠵᠤ ᠣᠠᠳᠤᠭᠤᠴᠠᠭᠰᠠᠨ ᠦᠭᠡᠶ᠂ ᠬᠠᠷᠢᠨ ᠪᠢᠴᠢᠬᠠᠨ ᠭᠦᠯᠦᠭᠡ ᠪᠠᠨ ᠳᠠᠪᠠᠷᠢᠨ ᠥᠭᠦᠭᠡᠷᠳᠦᠵᠤ ᠬᠤᠭᠤᠯᠠ ᠣᠮᠳᠠ ᠶᠢ ᠨᠢ ᠳᠠᠰᠤᠯᠳᠠᠭᠤᠯᠤᠯ ᠦᠭᠡᠶ ᠦᠭ‍ᠭᠦᠭ᠍ᠰᠡᠨ ᠪᠦᠭᠡᠳ ᠳᠠᠷᠠᠭ᠎ᠠ ᠦᠷᠯᠦᠭᠡ ᠡᠴᠡ ᠨᠢ ᠡᠭᠢᠯᠡᠵᠤ ᠦᠷᠯᠦᠭᠡ ᠪᠦᠷᠢ ᠭᠠᠳᠠᠨ᠎ᠠ ᠭᠠᠷᠭᠠᠵᠤ ᠰᠢᠭᠡᠵᠤ ᠪᠠᠭᠠᠯᠭᠠᠨ ᠬᠠᠨᠤᠳᠠᠯ᠎ᠠ ᠨᠠᠭᠠᠳᠤᠭᠤᠯᠬᠤ ᠪᠣᠯᠵᠠᠢ ︕


ᠵᠤᠬᠢᠶᠠᠭᠴᠢ ᠶᠢᠨ ᠬᠠᠶ‍ᠢᠭ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6148
ᠴᠠᠭ᠄ 2010 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ