☆ ᠭᠦᠷᠵᠡᠪ
ᠬᠡᠦᠬᠡᠳ ᠢ ᠳᠡᠩᠳᠡᠭᠦᠤ ᠡᠷᠳᠡ ᠰᠦᠯᠵᠢᠶᠠᠨ ᠳᠤ ᠤᠢ᠌ᠷᠠᠳᠤᠭᠤᠯᠬᠤ ᠶᠢᠨ ᠠᠰᠢᠭ ᠬᠤᠤᠷ
《ᠮᠠᠨ ᠤ ᠬᠡᠦᠬᠡᠳ ᠰᠦᠯᠵᠢᠶ᠎ᠠ ᠳᠤ ᠳᠤᠩ ᠪᠠᠬᠠᠳᠠᠢ᠂ ᠡᠳᠦᠷᠵᠢᠨ ᠨᠠᠭᠠᠳᠤᠭᠠᠤᠨ ᠬᠠᠨᠤᠬᠤ ᠦᠭᠡᠶ᠂ ᠪᠢᠳᠠ ᠬᠤᠷᠢᠭᠯᠠᠭᠠᠤᠨ ᠴᠤ ᠳᠡᠢ᠌ᠯᠡᠭᠦ ᠦᠭᠡᠶ᠃ ᠶᠠᠮᠠᠷ ᠠᠷᠭ᠎ᠠ ᠪᠠᠢ᠌ᠨ᠎ᠠ ᠦᠦ︖》 ᠭᠡᠵᠤ ᠮᠠᠨ ᠤ ᠰᠤᠷᠭᠠᠭᠤᠯᠢ ᠶᠢᠨ ᠨᠢᠭᠡᠨ ᠭᠡᠷ ᠤᠨ ᠠᠬᠠᠮᠠᠤᠨ ᠨᠠᠳᠠ ᠡᠴᠡ ᠠᠰᠠᠭᠤᠵᠤ ᠪᠢᠯᠠ︕ ᠡᠭᠦᠨ ᠳᠤ᠂ ᠪᠢ᠄ 《ᠨᠠᠳᠠ ᠶᠠᠮᠠᠷ ᠯᠠ ᠣᠠᠴᠠᠭᠠᠢ ᠠᠷᠭ᠎ᠠ ᠪᠠᠢ᠌ᠨ᠎ᠠ ᠳ᠋ᠠ︕ ᠬᠡᠦᠬᠡᠳ ᠢ ᠳᠡᠩᠳᠡᠭᠦᠤ ᠡᠷᠳᠡ ᠰᠦᠯᠵᠢᠶᠠᠨ ᠳᠤ ᠤᠢ᠌ᠷᠠᠳᠤᠭᠤᠯᠬᠤ ᠡᠴᠡ ᠭᠢᠴᠢᠶᠡᠭᠦ᠂ ᠰᠡᠷᠭᠡᠢ᠌ᠯᠡᠭᠦ ᠯᠠ ᠣᠴᠢᠷ᠂ ᠠᠷᠭ᠎ᠠ ᠰᠢᠳᠠ︕ ᠥᠭᠡᠷ᠎ᠡ ᠶᠠᠭᠤᠮ᠎ᠠ ᠥᠭᠡᠢ》 ᠭᠡᠵᠤ ᠭᠡᠯᠡᠵᠤ ᠪᠢᠯᠡ︕
ᠥᠨᠡᠭᠡᠷ ᠰᠢᠤ︕ ᠬᠡᠦᠬᠡᠳ ᠢ ᠳᠡᠩᠳᠡᠭᠦᠤ ᠡᠷᠳᠡ ᠰᠦᠯᠵᠢᠶ᠎ᠠ ᠳᠤ ᠤᠢ᠌ᠷᠠᠳᠤᠭᠤᠯᠬᠤ ᠨᠢ ᠳᠠᠢ᠌ᠮᠤ ᠰᠠᠢ᠌ᠨ ᠣᠴᠢᠷ ᠪᠢᠰᠢ ᠶᠤᠮ᠃ ᠭᠢᠴᠢᠶᠡᠭᠦ ᠦᠭᠡᠶ ᠪᠣᠯ ᠬᠡᠦᠬᠡᠳ ᠤᠨ ᠦᠰᠦᠯᠳᠠ ᠪᠣᠢ᠌ᠵᠢᠯᠳᠠ᠂ ᠰᠤᠷᠤᠯᠭ᠎ᠠ ᠭᠢᠴᠢᠶᠠᠯ ᠳᠤ ᠨᠢ ᠴᠦᠮ ᠬᠠᠷᠰᠢ ᠪᠣᠯᠵᠤ ᠮᠡᠳᠡᠭᠦ ᠶᠦᠮ᠃ ᠬᠡᠦᠬᠡᠳ ᠰᠦᠯᠵᠢᠶᠠᠨ ᠳᠤ ᠭᠠᠷᠤᠭᠠᠤᠨ ᠭᠡᠷᠡᠭ᠍ᠴᠠᠭᠡᠳᠠᠢ ᠶᠠᠭᠤᠮ᠎ᠠ ᠭᠢᠵᠤ ᠣᠷᠤᠯᠳᠤᠪᠠᠯ ᠪᠣᠯᠤᠨ᠎ᠠ᠃ ᠳᠠᠷᠤᠢ ᠰᠤᠷᠤᠯᠭ᠎ᠠ ᠭᠢᠴᠢᠶᠠᠯ᠂ ᠳᠠᠰᠬᠠᠯ ᠪᠣᠯᠪᠠᠰᠤᠷᠠᠯ᠂ ᠠᠰᠢᠭᠳᠤ ᠨᠠᠭᠠᠳᠤᠮ ᠳᠤᠭᠯᠠᠭᠠᠮ᠂ ᠠᠴᠢ ᠳᠤᠰᠠᠳᠠᠢ ᠣᠶᠤᠨ ᠤ ᠮᠦᠷᠥᠢᠴᠡᠭᠡᠨ ᠤ ᠵᠣᠢ᠌ᠯᠠᠰ ᠁ ᠵᠡᠷᠭᠡ ᠳᠤᠰᠠᠳᠠᠢ ᠶᠠᠭᠤᠮ᠎ᠠ ᠭᠢᠵᠤ ᠣᠷᠤᠯᠳᠤᠪᠠᠯ ᠪᠣᠯᠤᠨ᠎ᠠ ᠰᠢᠳᠠ︕ ᠳᠤᠰᠠᠳᠠᠢ ᠳᠠᠯ᠎ᠠ ᠪᠠᠢ᠌ᠬᠤ ᠪᠠᠢ᠌ᠯᠭᠦᠢ︕ ᠭᠡᠷᠡᠭ᠍ᠴᠡᠭᠡ ᠦᠭᠡᠶ ᠶᠠᠭᠤᠮ᠎ᠠ ᠭᠢᠵᠤ ᠣᠷᠤᠯᠳᠤᠪᠠᠯ᠂ ᠳᠤᠰᠠ ᠦᠭᠡᠶ᠂ ᠭᠡᠷᠡᠭ᠌ ᠳᠠᠳᠠᠬᠤ ᠨᠢ ᠳᠠᠷᠠ ᠰᠢᠤ︕
ᠠᠵᠢᠭᠯᠠᠭᠠᠤᠨ ᠪᠠᠢ᠌ᠪᠠᠯ᠂ ᠣᠳᠤᠭᠢ ᠬᠡᠦᠬᠡᠳ ᠤᠳ ᠣᠯᠠᠩᠭᠢ ᠨᠢ ᠭᠡᠷᠡᠭ᠌ ᠲᠡᠶ ᠶᠠᠭᠤᠮ᠎ᠠ ᠭᠢᠵᠤ ᠣᠷᠤᠯᠳᠤᠬᠤ ᠦᠭᠡᠶ᠃ ᠭᠡᠷᠡᠭ᠌ ᠦᠭᠡᠶ ᠶᠠᠭᠤᠮ᠎ᠠ ᠭᠢᠵᠤ ᠣᠷᠤᠯᠳᠤᠬᠤ ᠯᠠ ᠶᠤᠮ ᠪᠢᠯᠠ︕ ᠡᠨᠡ ᠠᠶᠤᠯ ᠲᠡᠶ︕᠂ ᠡᠢ᠌ᠮᠤ ᠪᠠᠢ᠌ᠳᠠᠯ ᠢᠯᠠᠷᠠᠪᠠᠯ᠂ ᠭᠡᠷ ᠤᠨ ᠠᠬᠠᠮᠠᠳᠴᠤᠤᠯ ᠡᠷᠳᠡ ᠡᠴᠡ ᠠᠷᠭ᠎ᠠ ᠠᠪᠬᠤ ᠭᠡᠷᠡᠭ᠍ᠳᠡᠢ᠃ ᠬᠡᠦᠬᠡᠳ ᠶᠢᠡᠨ ᠰᠦᠯᠵᠢᠶ᠎ᠠ ᠳᠤ ᠭᠠᠷᠤᠭᠠᠤᠨ ᠠᠰᠢᠭᠳᠠᠢ ᠳᠤᠰᠠᠳᠠᠢ᠂ ᠭᠡᠷᠡᠭ᠍ᠴᠠᠭᠡᠳᠠᠢ ᠶᠠᠭᠤᠮ᠎ᠠ ᠭᠢᠵᠤ ᠣᠷᠤᠯᠳᠤᠵᠤ ᠪᠠᠢ᠌ᠨ᠎ᠠ ᠦᠦ ᠦᠭᠡᠶ ᠦᠦ ᠭᠡᠰᠡᠨ ᠢ ᠴᠠᠭ ᠢᠮᠠᠭᠳᠠ ᠠᠩᠬᠠᠷᠴᠤ ᠠᠵᠢᠭᠯᠠᠵᠤ ᠪᠠᠢ᠌ᠬᠤ ᠭᠡᠷᠡᠭ᠍ᠳᠡᠢ᠃ ᠠᠰᠢᠭ ᠥᠭᠡ ᠭᠡᠷᠡᠭ᠍ᠴᠡᠭᠡ ᠦᠭᠡᠶ ᠶᠠᠭᠤᠮ᠎ᠠ ᠭᠢᠵᠤ ᠣᠷᠤᠯᠳᠤᠵᠤ ᠪᠠᠢ᠌ᠪᠠᠯ ᠴᠠᠭ ᠳᠠᠷᠤᠢ ᠳᠤ ᠨᠢ ᠬᠤᠷᠢᠭᠯᠠᠨ ᠵᠤᠭᠰᠤᠭᠠᠬᠤ ᠭᠡᠷᠡᠭ᠍ᠳᠡᠢ᠃ ᠶᠠᠭᠠᠭᠢᠭᠰᠠᠨ ᠴᠤ ᠰᠢᠨᠤᠵᠤ ᠰᠢᠭᠢᠳᠦᠭᠡᠳ ᠠᠪᠣᠷᠠᠵᠤ ᠠᠪᠴᠤ ᠳᠡᠢ᠌ᠯᠭᠦ ᠦᠭᠡᠶ ᠪᠣᠯᠬᠤ ᠭᠡᠮᠵᠢᠶᠡᠨ ᠳᠤ ᠭᠦᠷᠭᠦ ᠦᠶ᠎ᠡ ᠳᠤ ᠨᠢ ᠰᠠᠶᠢ ᠭᠦᠳᠡᠯᠵᠤ ᠪᠣᠯᠬᠤ ᠦᠭᠡᠶ᠃ ᠢᠩᠭᠢᠪᠠᠯ ᠬᠤᠵᠢᠭᠳᠠᠭᠰᠠᠨ ᠣᠴᠢᠷ ᠪᠣᠯᠬᠤ ᠶᠤᠮ ᠰᠢᠤ︕
ᠮᠠᠳᠠᠵᠤ ᠠᠪᠴᠠᠭ᠎ᠠ︕
2011.03.31 ᠤ ᠦᠳᠡᠰᠢ᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠦᠩᠭ᠋ᠡᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 2767
ᠴᠠᠭ᠄ 2011 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ