ᠨᠡᠪᠲᠡᠷᠡᠨ ᠤᠷᠤᠬᠤ
ᠺᠠᠷᠲ᠋ ᠡᠪᠦᠷᠯᠡᠭ᠍ᠰᠡᠨ ᠮᠠᠠᠰᠠᠩ

ᠨᠠᠭᠠᠨ᠎ᠠ ᠨᠢ ᠯᠠ ᠰᠠᠷ᠎ᠠ

ᠴᠠᠭᠠᠨ᠎ᠠ ᠨᠢ ᠴᠠᠭᠠᠨ ᠰᠠᠷ᠎ᠠ


ᠺᠠᠷᠲ᠋ ᠡᠪᠦᠷᠯᠡᠭ᠍ᠰᠡᠨ ᠮᠠᠠᠰᠠᠩ ᠡᠪᠦᠭᠡᠨ

ᠺᠠᠷᠲ᠋ ᠪᠠᠨ ᠵᠢᠷᠤᠭᠤᠯᠬᠤ ᠪᠠᠷ ᠬᠤᠳᠠ ᠣᠷᠤᠪᠠ

ᠢᠳᠡᠭᠡᠮᠵᠢ ᠶᠢᠨ ᠳᠠᠩᠭᠢᠮ ᠳᠤ ᠠᠮᠢᠰᠬᠤᠭᠠᠳᠠᠨ ᠰᠢᠬᠠᠭᠳᠠᠭᠰᠠᠭᠠᠷ

ᠦᠷᠯᠦᠭᠡ ᠡᠴᠡ ᠴᠡᠭᠡᠵᠢᠯᠡᠭ᠍ᠰᠡᠨ ᠵᠢᠷᠭᠤᠭᠠᠨ ᠳᠤᠭ᠎ᠠ ᠪᠠᠷ ᠶᠢᠡᠨ

ᠣᠯᠠᠭᠠᠨ ᠵᠤᠭᠤᠰ ᠢ ᠠᠷᠪᠠ ᠣᠯᠵᠤ ᠡᠪᠦᠷᠯᠡᠪᠡ


ᠮᠠᠠᠰᠠᠩ ᠡᠪᠦᠭᠡᠨ ᠮᠠᠷᠰᠠᠭᠠᠨᠠᠨ ᠢᠨᠢᠶᠠᠵᠤ

ᠮᠠᠯᠠ ᠳ᠋ᠸᠤᠹᠦ᠋ ᠡᠴᠡ ᠨᠢᠭᠡ ᠫᠢᠯᠠ ᠵᠠᠭᠢᠶᠠᠯᠠᠵᠤ

ᠮᠢᠬ᠎ᠠ ᠱᠦᠯᠦ ᠡᠴᠡ ᠬᠤᠶᠠᠷ ᠳᠤᠭᠤᠭ᠎ᠠ ᠳᠤᠷᠠᠳᠠᠨ

ᠮᠠᠰᠢ ᠳᠤᠷᠠᠳᠠᠢ ᠠᠷᠢᠭᠢ ᠡᠴᠡ ᠵᠤᠭᠤᠭᠯᠠᠪᠠ


ᠢᠮᠠᠭᠠᠨ ᠡᠪᠠᠷ ᠨᠢ ᠶᠠᠭᠵᠢᠭ ᠪᠣᠯᠪᠠᠴᠤ ᠡ ᠭᠡᠵᠤ

ᠶᠡᠭᠡ ᠳᠠᠭᠤᠨ ᠶᠢᠡᠷ ᠣᠳᠠᠰᠤ ᠨᠢ ᠬᠠᠩᠭᠢᠨᠠᠵᠤ

ᠶᠠᠩᠰᠢᠶ᠎ᠠ ᠡᠭᠡᠨᠡᠷ ᠰᠤᠪᠣᠤᠨ ᠨᠢ ᠪᠠᠷᠭᠢᠷᠠᠵᠤ

ᠶᠠᠭᠠᠭᠢᠪᠠᠴᠤ ᠪᠢᠳᠠᠭᠢ ᠰᠤᠭᠳᠤ ᠭᠡᠵᠤ ᠵᠠᠷᠯᠢᠭᠳᠠᠪᠠ


ᠮᠠᠭᠤ ᠡᠮᠡᠰ ᠥᠭᠡ ᠠᠷᠪᠢᠨ

ᠮᠠᠭᠤ ᠭᠤᠧᠨ ᠶᠢᠨ ᠦᠷ᠎ᠡ ᠠᠷᠪᠢᠨ

ᠮᠠᠠᠰᠠᠩ ᠪᠢ ᠡᠷ᠎ᠡ ᠭᠦᠮᠤᠨ ᠭᠡᠮᠡᠭᠡᠳ

ᠮᠠᠰᠢ ᠳᠤᠷᠠᠳᠠᠢ ᠡᠴᠡ ᠪᠠᠨ ᠪᠠᠰᠠ ᠵᠤᠭᠤᠭᠯᠡᠪᠡ


ᠡᠴᠢᠭᠡ ᠶᠢᠨ ᠪᠣᠶᠠᠨ ᠪᠢᠰᠢ

ᠡᠪ ᠬᠠᠮᠳᠤ ᠨᠠᠮ ᠤᠨ ᠪᠣᠶᠠᠨ

ᠦᠨᠦᠳᠤᠷ ᠳᠤᠤᠷ᠎ᠠ ᠪᠠᠳᠤᠯᠭᠠᠳᠤ ᠶᠢᠨ ᠮᠥᠩᠭᠦ ᠪᠠᠨ ᠵᠠᠷᠤᠬᠤ ᠳ᠋ᠤ  

ᠮᠠᠷᠭᠠᠰᠢ ᠡᠪᠠᠰᠤ ᠪᠠᠯᠴᠢᠭᠡᠷ ᠤᠨ ᠨᠥᠭᠦᠪᠦᠷᠢ ᠪᠠᠢ᠌ᠨ᠎ᠠ


ᠡᠯᠢᠭᠡ ᠨᠢ ᠬᠠᠯᠠᠭᠤᠷᠠᠭᠰᠠᠨ ᠡᠮᠳᠡᠷᠭᠡᠢ ᠮᠠᠠᠰᠠᠩ

ᠡᠯᠢᠭᠡᠳᠡᠨ ᠣᠨᠠᠵᠤ ᠪᠦᠳᠦᠴᠢᠨ ᠪᠣᠰᠴᠤ ᠯᠠ ᠪᠠᠢ᠌ᠨ᠎ᠠ

ᠡᠢ᠌ᠰᠢ ᠪᠠᠨ ᠶᠠᠪᠣᠬᠤ ᠭᠡᠳ ᠳᠠᠢ᠌ᠰᠢ ᠪᠠᠨ ᠬᠠᠢ᠌ᠪᠠᠵᠤ

ᠡᠮᠤᠨᠠᠭᠢ ᠳᠡᠷᠭᠡ ᠡᠴᠡ ᠵᠠᠢ᠌ᠯᠠᠵᠤ ᠵᠠᠪᠳᠠᠭᠰᠠᠨ ᠦᠭᠡᠶ ᠁


ᠨᠠᠭᠠᠨ᠎ᠠ ᠨᠢ ᠯᠠ ᠰᠠᠷ᠎ᠠ

ᠴᠠᠭᠠᠨ᠎ᠠ ᠨᠢ ᠴᠠᠭᠠᠨ ᠰᠠᠷ᠎ᠠ


ᠺᠠᠷᠲ᠋ ᠡᠪᠦᠷᠯᠡᠭ᠍ᠰᠡᠨ ᠮᠠᠠᠰᠠᠩ ᠡᠪᠦᠭᠡᠨ ᠁


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠭᠦᠡᠳᠡᠯᠡᠨ ᠠᠵᠢᠯᠯᠠᠬᠤ ᠭᠠᠵᠠᠷ

ᠵᠤᠬᠢᠶᠠᠭᠴᠢ᠄ ᠯᠢ ᠬᠤᠧᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 8997
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ