ᠨᠡᠪᠲᠡᠷᠡᠨ ᠤᠷᠤᠬᠤ
ᠡᠯᠡᠰᠤᠨ ᠰᠢᠭᠤᠷᠭ᠎ᠠ ᠶᠠᠭᠤᠨ ᠳᠤ ᠪᠣᠰᠪᠠ

ᠣᠢ᠌ᠷ᠎ᠠ ᠶᠢᠨ ᠵᠢᠯ ᠤᠳ ᠲᠤ᠂ ᠡᠯᠡᠰᠤᠨ ᠰᠢᠭᠤᠷᠭ᠎ᠠ ᠭᠡᠭᠦ ᠥᠭᠡ ᠭᠦᠮᠦᠰ ᠤᠨ ᠰᠤᠨᠤᠷ ᠢ ᠬᠠᠶᠠ ᠦᠭᠡᠶ ᠳᠤᠭᠰᠢᠵᠤ᠂ 《ᠠᠯᠠᠭᠱᠠ ᠡᠴᠡ ᠡᠭᠦᠰᠦᠭ᠍ᠰᠡᠨ ᠡᠯᠡᠰᠤᠨ ᠰᠢᠭᠤᠷᠭ᠎ᠠ ᠣᠮᠠᠷᠠᠳᠤ ᠣᠷᠤᠨ ᠢ ᠨᠥᠯᠦᠭᠡᠯᠡᠵᠤ᠂ ᠪᠠᠭᠡᠵᠢᠩ᠂ ᠨᠡᠡᠵᠢᠩ᠂ ᠱᠠᠩᠬᠠᠢ ᠳᠤ ᠭᠦᠷᠳᠡᠯ᠎ᠡ ᠰᠢᠪᠠᠷ ᠲᠡᠶ ᠪᠣᠷᠤᠭᠠᠨ ᠣᠷᠤᠯ᠎ᠠ》 ᠭᠡᠵᠤ ᠳᠤᠷᠭᠢᠯᠳᠤᠬᠤ ᠪᠣᠯᠤᠭᠰᠠᠨ᠃ ᠳᠡᠭᠡᠪᠠᠯ ᠡᠯᠡᠰᠤᠨ ᠰᠢᠭᠤᠷᠭ᠎ᠠ ᠶᠢᠨ ᠡᠭᠦᠰᠦᠭ᠍ᠰᠡᠨ ᠡᠭᠢ ᠰᠤᠷᠪᠣᠯᠵᠢ᠂ ᠣᠴᠢᠷ ᠰᠢᠯᠳᠠᠭᠠᠨ ᠢ ᠡᠷᠢᠭᠦ ᠨᠢ ᠬᠣᠢ᠌ᠰᠢᠳᠠ ᠶᠢᠨ ᠡᠭᠡ ᠪᠠᠢ᠌ᠭᠠᠯᠢ ᠶᠢ ᠬᠠᠢ᠌ᠷᠠᠯᠠᠨ ᠬᠠᠮᠠᠭᠠᠯᠠᠬᠤ᠂ ᠰᠡᠷᠭᠦᠭᠡᠨ ᠰᠠᠢ᠌ᠵᠢᠷᠠᠭᠤᠯᠬᠤ ᠶᠢᠨ ᠠᠯᠢ ᠪᠦᠭᠦᠨ ᠳᠤ ᠠᠰᠢᠭᠳᠠᠢ ᠵᠣᠢ᠌ᠯ ᠪᠣᠯᠬᠤ ᠶ‍ᠦᠮ᠃ ᠡᠯᠡᠰᠤᠨ ᠰᠢᠭᠤᠷᠭ᠎ᠠ ᠶᠢ ᠨᠢᠭᠦᠯ ᠥᠭᠡᠢ ᠭᠡᠳᠤᠨ ᠢᠮᠠᠭ᠎ᠠ᠂ ᠲ᠋ᠡᠮᠡᠭᠡ ᠵᠢᠴᠢ ᠡᠪᠠᠰᠤ ᠪᠠᠯᠴᠢᠭᠡᠷ ᠤᠨ ᠳᠠᠭᠠᠭᠠᠴᠠ ᠭᠡᠳᠦᠷᠡᠭ᠍ᠰᠡᠨ ᠭᠡᠭᠦ ᠥᠭᠡ ᠪᠠᠷ ᠪᠦᠭᠯᠡᠭᠦ ᠨᠢ ᠵᠢᠮ᠎ᠠ ᠶᠤᠰᠤᠨ ᠳᠤ ᠨᠡᠢ᠌ᠴᠡᠭᠦ ᠦᠭᠡᠶ ᠶᠤᠮ᠃

ᠮᠤᠩᠭ᠋ᠤᠯ ᠭᠦᠮᠤᠨ ᠢ ᠪᠠᠭᠳᠠᠭᠠᠭᠰᠠᠨ ᠣᠮᠠᠷᠠᠳᠤ ᠶᠢᠨ ᠨᠡᠭᠦᠳᠡᠯᠴᠢᠨ ᠦᠨᠳᠦᠰᠦᠳᠠᠨ᠂ ᠡᠭᠡ ᠪᠠᠢ᠌ᠭᠠᠯᠢ ᠶᠢ ᠬᠠᠢ᠌ᠷᠠᠯᠠᠬᠤ ᠪᠠ ᠡᠭᠡ ᠪᠠᠢ᠌ᠭᠠᠯᠢ ᠳᠠᠢ ᠣᠶᠠᠯᠳᠤᠬᠤ ᠴᠢᠨᠠᠷ ᠶᠢᠡᠷ ᠬᠠᠮᠤᠭ ᠤᠨ ᠳᠤᠪᠣᠢ᠌ᠮ᠎ᠠ ᠪᠠᠢ᠌ᠳᠠᠭ᠃ ᠲ᠋ᠠᠳᠠ ᠡᠭᠡ ᠪᠠᠢ᠌ᠭᠠᠯᠢ ᠳᠤ ᠬᠠᠮᠤᠭ ᠤᠨ ᠣᠢ᠌ᠷ᠎ᠠ ᠡᠡᠮᠢᠳᠦᠷᠡᠵᠤ᠂ ᠡᠭᠡ ᠪᠠᠢ᠌ᠭᠠᠯᠢ ᠶᠢᠨ ᠦᠷᠦᠰᠢᠶᠠᠯ ᠭᠡᠰᠢᠭ᠌ ᠵᠢᠠᠷ ᠠᠮᠢᠳᠤᠷᠠᠯ ᠳᠤᠯᠭ᠎ᠠ ᠪᠠᠨ ᠪᠣᠰᠬᠠᠵᠤ ᠶᠠᠪᠣᠳᠠᠭ ᠡᠴᠡ ᠭᠦᠮᠤᠨ ᠪᠠ ᠪᠠᠢ᠌ᠭᠠᠯᠢ ᠶᠢᠨ ᠬᠠᠷᠢᠴᠠᠭ᠎ᠠ ᠵᠢ ᠨᠢᠭᠳᠠ ᠤᠶᠠᠯᠳᠤᠭᠤᠯᠵᠤ᠂ ᠡᠭᠡ ᠪᠠᠢ᠌ᠭᠠᠯᠢ ᠶᠢᠨ ᠨᠢᠭᠡ ᠰᠢᠷᠭᠡᠭ᠌ ᠡᠪᠠᠰᠤ ᠮᠦᠴᠢᠷ ᠢ ᠭᠦᠷᠳᠡᠯ᠎ᠡ ᠨᠢᠳᠤᠨ ᠤ ᠪᠠᠨ ᠴᠡᠴᠡᠭᠡᠢ ᠰᠢᠭ᠌ ᠶᠢᠡᠨ ᠬᠠᠢ᠌ᠷᠠᠯᠠᠵᠤ ᠪᠠᠢ᠌ᠳᠠᠭ᠃ ᠭᠦᠮᠤᠨ ᠠᠮᠢᠳᠠᠨ ᠪᠣᠯ ᠪᠠᠢ᠌ᠭᠠᠯᠢ ᠡᠴᠡ ᠢᠷᠡᠵᠤ᠂ ᠭᠡᠳᠡᠷᠭᠦ ᠪᠠᠢ᠌ᠭᠠᠯᠢ ᠳᠠᠭᠠᠨ ᠪᠣᠴᠠᠳᠠᠭ ᠵᠢᠮ᠎ᠠ ᠶᠤᠰᠤ ᠶᠢ ᠢᠰᠡᠭᠡᠢ ᠳᠤᠭᠤᠷᠭᠠᠳᠠᠨ ᠣᠢ᠌ᠯᠭᠠᠵᠤ ᠮᠡᠳᠡᠭᠦ ᠮᠥᠷᠳᠡᠭᠡᠨ ᠠᠭᠤᠯᠠ ᠣᠰᠤ᠂ ᠣᠢ ᠳᠡᠢ᠌ᠭ᠎ᠠ᠂ ᠡᠪᠠᠰᠤ ᠣᠷᠭᠤᠮᠠᠯ ᠶᠢᠡᠨ ᠭᠦᠷᠳᠡᠯ᠎ᠡ ᠠᠮᠢ ᠰᠦᠨᠠᠰᠤ ᠲᠡᠶ ᠪᠠᠷ ᠥᠵᠡᠵᠤ᠂ ᠰᠥᠵᠢᠭ᠍ᠯᠡᠨ ᠳᠠᠭᠢᠵᠤ᠂ ᠮᠠᠰᠢ ᠣᠯᠠᠨ ᠪᠠᠯᠠᠷᠯᠢᠭ ᠰᠢᠳᠦᠯᠭᠡ ᠶᠢ ᠪᠤᠢ ᠪᠣᠯᠭᠠᠭᠰᠠᠨ ᠪᠠᠢ᠌ᠳᠠᠭ᠃ ᠣᠪᠣᠭ᠎ᠠ ᠳᠠᠭᠢᠯᠭ᠎ᠠ᠂ ᠨᠠᠭᠤᠷ ᠨᠠᠮᠤᠭ᠎ᠠ᠂ ᠮᠤᠳᠤ ᠱᠠᠩᠰᠢ ᠶᠢᠨ ᠳᠠᠭᠢᠯᠭ᠎ᠠ ᠪᠣᠯ ᠳᠡᠭᠦᠨ ᠤ ᠢᠮ ᠳᠠᠮᠠᠭ᠎ᠠ᠃

ᠠᠯᠢ ᠡᠷᠳᠡ ᠯᠤᠪ ᠨᠠᠭᠤᠷ ᠤᠨ ᠡᠷᠭᠢ ᠳᠠᠭᠠᠤ ᠠᠮᠢᠳᠤᠷᠠᠵᠤ ᠪᠠᠢ᠌ᠭᠰᠠᠨ ᠮᠤᠩᠭ᠋ᠤᠯ ᠦᠨᠳᠦᠰᠦᠳᠠᠨ ᠢ ᠪᠠᠭᠳᠠᠭᠠᠭᠰᠠᠨ ᠤᠮᠡᠷᠡᠳᠤ ᠶᠢᠨ ᠨᠡᠭᠦᠳᠡᠯ ᠥᠡᠳᠦᠰᠦᠳᠡᠨ ᠳᠡᠯᠡᠭᠡᠢ ᠲ᠋ᠡᠭᠡᠷᠡᠭᠢ ᠬᠠᠮᠤᠭ ᠤᠨ ᠠᠩᠬᠠᠨ ᠤ 《ᠤᠢ ᠰᠢᠭᠤᠢ ᠶᠢᠨ ᠬᠠᠤᠯᠢ》 ᠳᠤᠭᠳᠠᠭᠠᠭᠰᠠᠨ ᠨᠢ ᠲᠡᠳᠠᠨ ᠤ ᠡᠭᠡ ᠪᠠᠢ᠌ᠭᠠᠯᠢ ᠪᠠᠨ ᠭᠡᠷᠭᠢᠨ ᠬᠠᠮᠠᠭᠠᠯᠠᠵᠤ ᠪᠠᠢ᠌ᠭᠰᠠᠨ ᠤ ᠪᠣᠳᠠᠳᠤ ᠭᠡᠷᠡᠴᠢ ᠪᠤᠯᠵᠤ ᠪᠠᠢ᠌ᠨ᠎ᠡ᠃ ᠡᠭᠦᠨ ᠳᠤ ᠭᠡᠷᠪᠡ ᠳᠤᠮᠤ ᠮᠤᠳᠤ ᠶᠢ ᠣᠭᠳᠤᠯᠪᠠᠯ ᠮᠤᠷᠢ ᠪᠠᠷ ᠳᠤᠷᠭᠠᠬᠤ ᠪᠠᠭ᠎ᠠ ᠮᠤᠳᠤ ᠶᠢ ᠣᠭᠳᠤᠯᠪᠠᠯ ᠥᠭᠡᠷ ᠶᠢᠡᠷ ᠳᠤᠷᠭᠠᠬᠤ ᠮᠦᠴᠢᠷ ᠰᠠᠯᠠᠭ᠎ᠠ ᠶᠢ ᠨᠢ ᠣᠭᠳᠤᠯᠪᠠᠯ ᠬᠤᠨᠢ ᠪᠠᠷ ᠳᠤᠷᠭᠠᠬᠤ ᠳᠦᠷᠢᠮ ᠲᠡᠶ ᠪᠠᠢ᠌ᠭᠰᠠᠨ ᠨᠢ ᠳᠠᠳᠠ ᠣᠢ ᠰᠢᠭᠤᠢ ᠶᠢᠨ ᠴᠢᠬᠤᠯᠠ ᠴᠢᠨᠠᠷ ᠢ ᠣᠬᠠᠭᠠᠴᠢᠯᠠᠨ ᠮᠠᠳᠠᠵᠤ᠂ ᠪᠠᠢ᠌ᠭᠠᠯᠢ ᠶᠢᠨ ᠳᠡᠩᠴᠡᠭᠦᠷᠢ ᠶᠢ ᠬᠠᠮᠠᠭᠠᠯᠠᠬᠤ ᠶᠢ ᠵᠤᠷᠢᠵᠤ ᠪᠠᠢ᠌ᠵᠠᠢ᠃ ᠮᠠᠨ ᠤ ᠳᠡᠭᠡᠳᠤ ᠮᠤᠩᠭ᠋ᠤᠯᠴᠤᠳ ᠴᠤ ᠨᠠᠢ᠌ᠳᠠ ᠮᠤᠩᠭ᠋ᠤᠯ ᠲᠡᠶ ᠪᠠᠨ ᠨᠢᠭᠡᠨ ᠠᠳᠠᠯᠢ ᠪᠠᠷ ᠡᠭᠡ ᠪᠠᠢ᠌ᠭᠠᠯᠢ ᠪᠠᠨ ᠬᠠᠢ᠌ᠷᠠᠯᠠᠵᠤ ᠬᠠᠮᠠᠭᠠᠯᠠᠵᠤ ᠢᠷᠡᠭ᠍ᠰᠡᠨ ᠳᠡᠦᠭᠡ ᠲᠡᠶ᠃ ᠲ᠋ᠠᠳᠠ ᠭᠠᠵᠠᠷ ᠭᠦᠷᠦᠰᠤ ᠶᠢ ᠬᠠᠮᠠᠭᠠᠯᠠᠬᠤ᠂ ᠣᠢ ᠮᠤᠳᠤ ᠶᠢ ᠣᠭᠳᠤᠯᠬᠤ ᠶᠢ ᠬᠤᠷᠢᠭᠯᠠᠬᠤ ᠪᠡ ᠡᠪᠠᠰᠤ ᠪᠠᠯᠴᠢᠭᠡᠷ ᠤᠨ ᠳᠠᠭᠠᠭᠠᠴᠠ ᠶᠢ ᠭᠦᠩᠭᠡᠷᠡᠭᠦᠯᠭᠦ ᠳᠠᠯ᠎ᠠ ᠪᠠᠷ ᠮᠠᠰᠢ ᠣᠯᠠᠨ ᠶᠤᠰᠤ ᠵᠢᠷᠤᠮ ᠲᠡᠶ ᠪᠠᠢ᠌ᠳᠠᠭ᠃ ᠵᠢᠱᠢᠶᠠᠯᠠᠵᠤ ᠭᠡᠯᠡᠪᠠᠯ᠂ ᠴᠡᠢ᠌ᠳᠡᠮ ᠤᠨ ᠬᠤᠳᠤᠭᠤᠷ ᠤᠨ ᠪᠠᠷᠠᠭᠤᠨ ᠬᠤᠷᠮᠤᠢ ᠳ᠋ᠤ ᠪᠠᠢ᠌ᠷᠢᠰᠢᠵᠤ ᠪᠠᠢ᠌ᠭ᠎ᠠ ᠪᠠᠷᠠᠭᠤᠨ ᠬᠤᠰᠢᠭᠤᠨ ᠳᠤ ᠣᠯᠠᠨ ᠳᠠᠭᠢᠯᠭ᠎ᠠ ᠶᠢᠨ ᠠᠭᠤᠯᠠ ᠲᠠᠢ ᠪᠠᠢ᠌ᠳᠠᠭ᠃ ᠡ᠊ᠨᠳᠡᠭᠢ ᠶᠢᠨ ᠮᠤᠩᠭ᠋ᠤᠯᠴᠤᠳ ᠳᠡᠳᠡᠭᠡᠷ ᠳᠠᠭᠢᠯᠭ᠎ᠠ ᠵᠢᠨ ᠠᠭᠤᠯᠠᠨ ᠤ ᠪᠠᠨ ᠠᠷᠢᠶᠠᠳᠠᠨ ᠭᠦᠷᠦᠭᠡᠰᠤ ᠶᠢ ᠠᠯᠠᠵᠤ ᠨᠢᠳᠦᠯᠡᠭᠦ ᠪᠠ ᠤᠢ ᠮᠤᠳᠤ ᠶᠢ ᠣᠭᠳᠤᠯᠵᠤ ᠭᠡᠷᠴᠢᠭᠦ ᠶᠢ ᠴᠡᠭᠡᠷᠯᠡᠳᠡᠭ᠌ ᠪᠠᠢ᠌ᠨ᠎ᠡ᠃ ᠡᠨᠡ ᠲᠤᠬᠠᠢ ᠡᠢ᠌ᠮᠤ ᠨᠢᠭᠡ ᠳᠤᠮᠤᠭ ᠪᠠᠢ᠌ᠳᠠᠭ᠃ ᠨᠢᠭᠡᠨ ᠤᠳᠠᠭ᠎ᠠ ᠨᠢᠭᠡ ᠮᠠᠯᠴᠢᠨ ᠭᠦᠮᠤᠨ ᠳᠡᠮᠡᠭᠡ ᠪᠠᠨ ᠣᠨᠤᠵᠤ ᠶᠠᠪᠣᠭᠠᠤᠨ ᠳᠠᠭᠢᠯᠭ᠎ᠠ ᠵᠢᠨ ᠠᠭᠤᠯᠠᠨ ᠳᠤ ᠭᠦᠷᠴᠤ ᠮᠤᠳᠤ ᠭᠡᠷᠴᠢᠭᠦ ᠭᠡᠰᠡᠨ ᠭᠡᠨ᠎ᠡ᠃ ᠳᠠᠷᠠ ᠠᠭᠤᠯᠠᠨ ᠳᠠᠭᠠᠨ ᠭᠦᠷᠴᠤ᠂ ᠨᠢᠭᠡᠨ ᠪᠦᠳᠦᠭᠦᠨ ᠮᠤᠳᠤ ᠶᠢ ᠰᠤᠩᠭ᠋ᠤᠭᠠᠤᠨ᠂ ᠳᠠᠷᠠ ᠮᠤᠳᠤ ᠶᠢ ᠣᠭᠳᠤᠯᠬᠤ ᠪᠠᠷ ᠪᠣᠯᠵᠤ᠂ ᠰᠥᠭᠡ ᠪᠠᠨ ᠭᠦᠷᠭᠡᠮᠡᠭ᠍ᠴᠡ᠂ ᠮᠤᠳᠤᠨ ᠡᠴᠡ ᠣᠯᠠᠭᠠᠨ ᠴᠢᠰᠤ ᠣᠷᠤᠰᠤᠨ ᠭᠠᠷᠤᠭᠰᠠᠨ ᠭᠡᠨ᠎ᠡ᠃ ᠲ᠋ᠡᠷᠡ ᠮᠠᠯᠴᠢᠨ ᠲᠤᠩ ᠡᠮᠢᠶᠡᠨ ᠰᠤᠴᠢᠵᠤ ᠪᠣᠷᠤ ᠮᠦᠷ ᠶᠢᠡᠷ ᠶᠢᠡᠨ ᠳᠤᠳᠠᠭᠠᠪᠠᠯ᠂ ᠬᠣᠢ᠌ᠨ᠎ᠠ ᠡᠴᠡ ᠨᠢ ᠨᠢᠭᠡ ᠶᠠᠭᠤᠮ᠎ᠠ ᠬᠠᠰᠭᠢᠷᠴᠤ ᠡᠯᠳᠡᠭ᠍ᠰᠡᠨ ᠭᠡᠨ᠎ᠡ᠃ ᠭᠡᠳᠡᠷᠭᠦ ᠪᠠᠨ ᠡᠷᠭᠢᠵᠤ ᠬᠠᠷᠠᠪᠠᠯ ᠬᠠᠭᠠᠰ ᠬᠠᠴᠠᠷ ᠡᠴᠡ ᠨᠢ ᠣᠯᠠᠭᠠᠨ ᠴᠢᠰᠤ ᠭᠤᠭᠤᠵᠢᠭᠰᠠᠨ ᠭᠦᠮᠤᠨ ᠪᠠᠢ᠌ᠯ᠎ᠡ ᠭᠡᠳᠡᠭ᠌᠃ ᠲ᠋ᠡᠭᠦᠨ ᠡᠴᠡ ᠬᠣᠢ᠌ᠰᠢ ᠳᠠᠷᠠ ᠨᠤᠳᠤᠭ ᠤᠨ ᠭᠢᠨ ᠡᠨᠡᠭᠦ ᠠᠭᠤᠯᠠᠨ ᠤ ᠪᠠᠨ ᠮᠦᠴᠢᠷ ᠢ ᠨᠢ ᠭᠦᠡᠳᠡᠭᠦ ᠡᠴᠡ ᠠᠶᠤᠳᠠᠭ ᠪᠤᠯᠤᠭᠰᠠᠨ ᠭᠡᠳᠡᠭ᠌᠃ ᠳᠤᠮᠤᠭ ᠬᠠᠰᠢᠯᠠ ᠳᠤᠮᠤᠭ᠃ ᠭᠡᠳᠡᠯ᠎ᠡ ᠡᠭᠦᠨ ᠳᠤ ᠨᠢᠭᠡ ᠳᠠᠯ᠎ᠠ ᠪᠠᠷ ᠡᠭᠡ ᠪᠠᠢ᠌ᠭᠠᠯᠢ ᠶᠢᠨ ᠠᠯᠢᠪᠠ ᠠᠮᠢᠳᠠᠨ ᠣᠷᠭᠤᠮᠠᠯ ᠪᠣᠯ ᠬᠠᠯᠳᠠᠰᠢ ᠥᠭᠡᠢ ᠭᠦᠴᠤᠨ ᠲᠡᠶ᠂ ᠪᠦᠷ ᠯᠠ ᠡᠵᠡᠨ ᠰᠠᠭᠢᠭᠤᠯᠰᠤᠨ ᠲᠡᠶ ᠭᠡᠰᠡᠨ ᠢ ᠬᠠᠷᠠᠭᠤᠯᠵᠤ᠂ ᠨᠥᠭᠦᠭᠡ ᠲ᠋ᠡᠯ᠎ᠡ ᠪᠠᠷ ᠮᠤᠩᠭ᠋ᠤᠯ ᠭᠦᠮᠤᠨ ᠤ ᠡᠭᠡ ᠪᠠᠢ᠌ᠭᠠᠯᠢ ᠪᠠᠨ ᠬᠠᠢ᠌ᠷᠠᠯᠠᠨ ᠬᠠᠮᠠᠭᠠᠯᠠᠬᠤ ᠪᠠᠯᠠᠷᠯᠢᠭ ᠣᠬᠠᠮᠰᠠᠷ ᠨᠠᠪᠳᠠ ᠰᠢᠩᠭᠡᠭ᠍ᠰᠡᠨ ᠪᠠᠢ᠌ᠨ᠎ᠠ᠃

ᠡᠢ᠌ᠮᠤ ᠯᠠ ᠪᠠᠢ᠌ᠭᠠᠯᠢ ᠳᠡᠯᠡᠭᠡᠢ ᠳᠡᠭᠡᠨ ᠡᠭᠡᠯᠢᠳᠡᠢ ᠶᠠᠪᠣᠭᠰᠠᠨ ᠦᠨᠳᠦᠰᠦᠳᠠᠨ ᠤ ᠣᠷᠤᠰᠢᠨ ᠳᠤᠭᠳᠠᠭᠰᠠᠨ ᠨᠤᠳᠤᠭ ᠣᠷᠤᠨ᠂ ᠣᠳᠤ ᠪᠣᠯᠬᠤᠯᠠᠷ ᠶᠠᠭᠠᠭᠢᠭᠠᠤᠨ ᠬᠠᠷᠢᠨ ᠡᠯᠡᠰᠤᠨ ᠰᠢᠭᠤᠷᠭ᠎ᠠ ᠬᠣᠢ᠌ᠯᠠᠷᠠᠨ ᠪᠣᠰᠬᠤ ᠨᠢᠳᠤ ᠨᠢ ᠪᠣᠯᠤᠭᠰᠠᠨ ᠪᠤᠢ︖ ᠭᠡᠪᠠᠯ ᠡᠭᠦᠨ ᠳᠤ ᠮᠠᠰᠢ ᠣᠯᠠᠨ ᠣᠴᠢᠷ ᠰᠢᠯᠳᠠᠭᠠᠨ ᠪᠠᠢ᠌ᠬᠤ ᠶᠤᠮ᠃

ᠶᠤᠤ ᠰᠢ ᠭᠤᠸᠠᠩ ᠤᠨ 《ᠮᠤᠩᠭ᠋ᠤᠯ ᠢ ᠵᠠᠰᠠᠬᠤ ᠮᠦᠴᠢᠳ ᠰᠠᠨᠠᠭᠤᠯᠭ᠎ᠠ》 (ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ ᠤᠨ 2004 ᠣᠨ ᠤ 4 ᠳ᠋ᠦᠭᠡᠷ ᠬᠤᠭᠤᠴᠠᠭᠠᠨ ᠤ ᠰᠤᠳᠦᠪᠢᠯᠢᠭ᠌ ᠤᠨ ᠵᠤᠬᠢᠶᠠᠯ ᠤᠨ ᠳᠠᠢ᠌ᠯᠪᠣᠷᠢ) ᠭᠡᠭᠦ ᠵᠤᠬᠢᠶᠠᠯ ᠡᠴᠡ ᠴᠢᠨ ᠣᠯᠤᠰ ᠤᠨ ᠰᠡᠭᠦᠯᠴᠢ᠂ ᠢᠷᠭᠡᠨ ᠣᠯᠤᠰ ᠤᠨ ᠡᠭᠢᠨ ᠤ ᠦᠶ᠎ᠡ ᠳᠤ ᠮᠤᠩᠭ᠋ᠤᠯ ᠳᠤ ᠶᠠᠪᠣᠭᠤᠯᠵᠤ ᠪᠠᠢ᠌ᠭᠰᠠᠨ ᠵᠠᠰᠠᠭ ᠲᠦᠷᠦ ᠶᠢᠨ ᠪᠠᠢ᠌ᠳᠠᠯ ᠢ ᠣᠢ᠌ᠯᠭᠠᠬᠤ ᠮᠥᠷᠳᠡᠭᠡᠨ ᠨᠡᠩ ᠴᠤ ᠲ᠋ᠡᠷᠢᠶᠡᠯᠡᠩ ᠤᠨ ᠦᠷᠭᠡᠳᠭᠡᠯ ᠭᠢᠭ᠍ᠰᠡᠨ ᠶᠠᠪᠣᠳᠠᠯ ᠢ ᠣᠢ᠌ᠯᠭᠠᠵᠤ ᠮᠠᠳᠠᠨ᠎ᠠ᠃ ᠮᠤᠩᠭ᠋ᠤᠯ ᠤᠨ ᠵᠠᠰᠠᠬᠤ ᠭᠡᠳᠡᠭ᠌ ᠨᠢ 19 ᠳ᠋ᠦᠭᠡᠷ ᠵᠠᠭᠤᠨ ᠤ ᠰᠡᠭᠦᠯᠴᠢ ᠬᠤᠷᠢᠳᠤᠭᠠᠷ ᠵᠠᠭᠤᠨ ᠤ ᠡᠭᠢᠨ ᠤ ᠦᠶ᠎ᠡ ᠶᠢᠨ ᠴᠢᠩ ᠣᠯᠤᠰ ᠲᠤ ᠳᠤᠯᠭᠠᠷᠠᠵᠤ ᠪᠠᠢ᠌ᠭ᠎ᠠ ᠴᠢᠬᠤᠯᠠ ᠠᠵᠢᠯ ᠭᠡᠵᠤ ᠥᠵᠡᠭ᠍ᠰᠡᠨ ᠪᠦᠭᠡᠤᠨ ᠳᠡᠭᠦᠨ ᠳᠤ ᠮᠤᠩᠭ᠋ᠤᠯ ᠢ ᠭᠡᠷᠭᠢᠨ ᠡᠷᠭᠡᠰᠢᠶᠡᠨ ᠨᠤᠶᠠᠷᠬᠠᠬᠤ ᠪᠠ ᠮᠤᠩᠭ᠋ᠤᠯ ᠭᠠᠵᠠᠷ ᠢ ᠭᠡᠷᠭᠢᠨ ᠨᠡᠭᠡᠭᠡᠨ ᠠᠰᠢᠭᠯᠠᠬᠤ ᠭᠡᠰᠡᠨ ᠬᠤᠶᠠᠷ ᠳᠠᠯ᠎ᠠ ᠶᠢ ᠪᠠᠭᠳᠠᠭᠠᠭᠰᠠᠨ ᠪᠠᠢ᠌ᠨ᠎ᠡ᠃ ᠲ᠋ᠡᠭᠦᠨ ᠤ ᠦᠵᠡᠯᠳᠠ ᠪᠠᠷ ᠮᠤᠩᠭ᠋ᠤᠯ ᠤᠨ ᠣᠷᠤᠰᠢᠵᠤ ᠪᠠᠢ᠌ᠭ᠎ᠠ ᠭᠠᠵᠠᠷ ᠣᠷᠤᠨ ᠳᠤ ᠭᠤᠷᠪᠠᠨ ᠳᠠᠯ᠎ᠠ ᠶᠢᠨ ᠦᠷᠭᠡᠳᠭᠡᠯ ᠶᠠᠪᠣᠭᠤᠯᠬᠤ ᠨᠢ ᠪᠠᠴᠢᠮ ᠴᠢᠬᠤᠯᠠ ᠭᠡᠵᠤ ᠦᠵᠡᠵᠠᠢ᠃ ᠲ᠋ᠤᠬᠠᠢ᠌ᠯᠠᠪᠠᠯ᠂ ᠭᠦᠮᠤᠨ ᠠᠮᠠ ᠶᠢᠨ ᠦᠷᠭᠡᠳᠭᠡᠯ᠂ ᠡᠡᠵᠤ ᠠᠬᠤᠢ ᠶᠢᠨ ᠦᠷᠭᠡᠳᠭᠡᠯ᠂ ᠤᠯᠦᠰ ᠲᠦᠷᠦ ᠶᠢᠨ ᠦᠷᠭᠡᠳᠭᠡᠯ ᠢ ᠵᠡᠷᠭᠡ ᠳ᠋ᠤᠨᠢ ᠶᠠᠪᠣᠭᠤᠯᠬᠤ ᠪᠣᠯᠤᠨ᠎ᠠ᠃ 《ᠠᠵᠤ ᠠᠬᠤᠢ ᠶᠢᠨ ᠦᠷᠭᠡᠳᠭᠡᠯ ᠢ ᠪᠣᠳᠠᠳᠠᠢ ᠪᠠᠷ ᠭᠡᠯᠡᠪᠠᠯ ᠳᠠᠷᠢᠶᠠᠯᠠᠩ ᠤᠨ ᠦᠷᠭᠡᠳᠭᠡᠯ᠂ ᠡᠡᠵᠤ ᠣᠢ᠌ᠯᠠᠤᠠᠪᠣᠷᠢ ᠶᠢᠨ ᠦᠷᠭᠡᠳᠭᠡᠯ᠂ ᠠᠷᠠᠯᠵᠢᠶ᠎ᠠ ᠬᠤᠳᠠᠯᠳᠤᠭᠠᠨ ᠤ ᠦᠷᠭᠡᠳᠭᠡᠯ》 ᠪᠤᠯᠤᠨ᠎ᠠ᠃ ᠲ᠋ᠡᠭᠡᠭᠡᠤᠨ ᠡᠭᠦᠨ ᠳᠤ ᠳᠠᠷᠢᠶᠠᠯᠠᠩ ᠤᠨ ᠦᠷᠭᠡᠳᠭᠡᠯ ᠪᠤᠯ ᠥᠡᠳᠦᠰᠤ ᠰᠠᠭᠤᠷᠢ ᠨᠢ ᠭᠡᠵᠡᠢ᠃ ᠳᠡᠭᠦᠡᠴᠢᠯᠡᠨ ᠳᠤᠳᠤᠷ ᠭᠠᠵᠠᠷ ᠤᠨ ᠢᠷᠭᠡᠤᠨ ᠲ᠋ᠤ ᠵᠤᠭᠢᠬᠤ ᠭᠡᠮᠵᠢᠶᠡᠨ ᠤ ᠬᠠᠷᠠᠭᠠᠯᠵᠠᠯᠠᠯ ᠥᠵᠡᠭᠦᠯᠤᠨ᠂ ᠳᠠᠳᠠᠨ ᠢ ᠢᠤᠠᠬᠠᠨ ᠮᠤᠩᠭ᠋ᠤᠯ ᠨᠤᠳᠤᠭ ᠲᠤ ᠣᠷᠤᠭᠤᠯᠤᠨ ᠮᠤᠩᠭ᠋ᠤᠯ ᠤᠨ ᠭᠠᠵᠠᠷ ᠰᠢᠷᠤᠢ᠌ ᠶᠢ ᠬᠤᠳᠠᠯᠳᠤᠨ ᠠᠪᠬᠤ ᠶᠢ ᠵᠤᠷᠢᠭᠵᠢᠭᠤᠯᠤᠭᠰᠠᠨ ᠤ ᠬᠠᠮᠳᠤ ᠮᠤᠩᠭ᠋ᠤᠯ ᠸᠠᠩ ᠭᠦᠩ ᠢ ᠢᠯᠪᠢᠨ ᠮᠡᠭᠡᠯᠡᠭᠦ ᠠᠷᠭ᠎ᠠ ᠪᠠᠷ ᠨᠤᠳᠤᠭ ᠢ ᠨᠢ ᠡᠵᠡᠯᠡᠭᠦ ᠶᠢ ᠵᠤᠷᠢᠭᠰᠠᠨ ᠪᠠᠢ᠌ᠨ᠎ᠠ᠃

ᠶᠤᠤ ᠰᠢ ᠭᠤᠸᠠᠩ ᠭᠡᠯᠡᠭᠦ ᠳᠡᠭᠡᠨ᠄ 《ᠣᠯᠤᠰ ᠡᠴᠡ ᠭᠡᠷᠪᠡ ᠳᠠᠷᠢᠶᠠᠴᠢᠨ ᠢᠷᠭᠡᠤᠨ ᠲᠤᠷ ᠰᠤᠷᠳᠠᠯᠴᠢᠯᠠᠨ ᠣᠬᠠᠭᠤᠯᠵᠤ᠂ ᠱᠡᠩᠨᠡᠨ ᠭᠦᠭᠢᠭᠦᠯᠭᠦ ᠠᠷᠭ᠎ᠠ ᠪᠠᠷᠢᠯ ᠢ ᠰᠢᠮᠳᠠᠨ ᠭᠡᠷᠡᠭ᠍ᠵᠢᠭᠦᠯᠪᠠᠰᠤ ᠦᠪᠣᠷ ᠮᠤᠩᠭ᠋ᠤᠯ ᠤᠨ ᠡᠯ᠎ᠡ ᠬᠤᠰᠢᠭᠤᠳ ᠤᠨ ᠬᠠᠭᠠᠯᠪᠣᠷᠢᠯᠠᠵᠤ ᠪᠣᠯᠬᠤ ᠭᠠᠵᠠᠷ ᠢ ᠳᠠᠪᠤᠨ ᠵᠢᠯ ᠪᠣᠯᠬᠤ ᠥᠭᠡᠢ ᠬᠠᠭᠠᠯᠪᠦᠷᠢᠯᠡᠵᠤ ᠳᠠᠢ᠌ᠯᠤᠮᠤᠢ᠃ ᠨᠡᠭᠡᠷᠡᠨ ᠢᠩᠭᠢᠭᠦ ᠳᠤ ᠭᠦᠷᠪᠠᠯ᠂ ᠲ᠋ᠡᠷᠢᠶᠡᠴᠢᠨ ᠢᠷᠭᠡᠤᠨ ᠮᠠᠭᠠᠤᠨ ᠶᠡᠭᠡ ᠤᠯᠡᠰᠢᠷᠡᠵᠤ᠂ ᠡᠳ᠋ ᠠᠭᠤᠷᠰᠤᠨ ᠢ ᠪᠠᠶᠠᠯᠢᠭᠵᠢᠭᠤᠯᠬᠤ ᠪᠠ ᠴᠡᠷᠢᠭ᠌ ᠠᠩᠭᠢ ᠶᠢ ᠪᠣᠯᠪᠠᠰᠤᠷᠠᠭᠤᠯᠬᠤ ᠶᠢᠨ ᠠᠯᠢ ᠨᠢ ᠴᠤ ᠠᠮᠠᠷᠬᠠᠨ ᠪᠦᠳᠦᠵᠤ᠂ ᠡᠴᠦᠰ ᠲᠡᠭᠡᠨ ᠦᠪᠣᠷ ᠮᠤᠩᠭ᠋ᠤᠯ ᠤᠨ ᠬᠤᠰᠢᠭᠤᠳ ᠪᠦᠭᠦᠨ ᠶᠢᠡᠷ ᠶᠢᠡᠨ ᠵᠸᠤ ᠰᠢᠶᠠᠨ ᠤ ᠡᠷᠭᠢᠨ ᠳᠤᠷ ᠵᠠᠰᠠᠭᠳᠠᠬᠤ ᠴᠠᠭ ᠲᠤᠷ ᠣᠳᠠᠯ ᠦᠭᠡᠶ ᠭᠦᠷᠴᠤ ᠴᠢᠳᠡᠮᠦᠢ᠃ ᠡᠨᠡ ᠪᠣᠯᠪᠠᠰᠤ ᠮᠦᠨ ᠴᠤ ᠠᠷᠤ ᠮᠤᠩᠭ᠋ᠤᠯ ᠢ ᠡᠵᠡᠩᠨᠡᠨ ᠵᠠᠰᠠᠬᠤ ᠶᠢᠨ ᠦᠨᠳᠦᠰᠦ ᠰᠠᠭᠤᠷᠢ ᠶᠢ ᠳᠠᠯᠪᠢᠭᠰᠠᠨ ᠭᠡᠷᠡᠭ᠌ ᠮᠦᠨ ᠪᠣᠶᠤ》 ᠭᠡᠵᠤ ᠥᠵᠡᠭᠡᠤᠨ ᠦᠪᠣᠷ ᠮᠤᠩᠭ᠋ᠤᠯ ᠤᠨ ᠵᠡᠭᠦᠨ ᠳᠦᠷᠪᠡᠨ ᠴᠢᠭᠤᠯᠭᠠᠨ ᠳᠤ ᠵᠸᠤ ᠰᠢᠶᠠᠨ ᠢ ᠦᠷᠭᠡᠳᠭᠡᠨ ᠪᠠᠢ᠌ᠭᠤᠯᠬᠤ ᠪᠠ ᠨᠢᠭᠡᠨᠲᠡ ᠠᠳᠠᠷ ᠬᠠᠭᠠᠯᠪᠣᠷᠢᠯᠠᠭᠰᠠᠨ ᠬᠤᠰᠢᠭᠤᠨ ᠢ ᠴᠢᠨᠠᠭᠰᠢ ᠭᠡᠷᠭᠢᠨ ᠵᠠᠭᠢᠷᠤᠨ ᠥᠭᠡᠷᠡᠴᠢᠯᠡᠭᠦ ᠳᠤᠬᠠᠢ ᠨᠠᠷᠢᠨ ᠳᠤᠭᠳᠠᠭᠠᠯ ᠭᠠᠷᠭᠠᠭᠰᠠᠨ ᠪᠠᠢ᠌ᠨ᠎ᠡ᠃ ᠡᠭᠦᠨ ᠡᠴᠡ ᠡᠭᠢᠯᠡᠨ ᠶᠤᠤ ᠰᠢ ᠭᠤᠸᠠᠩ ᠤᠨ ᠡᠨᠡᠭᠦ ᠰᠠᠨᠠᠭᠤᠯᠭ᠎ᠠ᠂ ᠪᠠᠷᠤᠭ ᠳᠦᠴᠢ ᠳᠠᠪᠢᠨ ᠵᠢᠯ ᠰᠠᠨᠠᠭᠠᠴᠢᠯᠠᠭᠳᠠᠨ ᠪᠦᠳᠦᠭ᠍ᠳᠡᠭᠦ ᠳᠤᠳᠤᠮ ᠮᠤᠩᠭ᠋ᠤᠯ ᠨᠤᠳᠤᠭ ᠤᠨ ᠦᠨᠭ᠌ ᠰᠢᠮᠢᠯᠢᠭ᠌ ᠳᠠᠯ᠎ᠠ ᠨᠤᠳᠤᠭ ᠠᠳᠠᠷᠰᠢᠨ ᠬᠠᠭᠠᠯᠪᠣᠷᠢᠯᠠᠭᠳᠠᠵᠤ᠂ ᠮᠤᠩᠭ᠋ᠤᠯ ᠤᠨ ᠡᠷᠭᠡ ᠠᠰᠢᠭ ᠪᠠᠭᠤᠷᠠᠨ᠂ 《ᠭᠠᠳᠠ ᠮᠠᠢ᠌ᠷᠠᠨ》 ᠊ᠤ ᠡᠮᠭᠡᠨᠢᠯᠳᠤ ᠥᠯᠢᠭᠡᠷ ᠡᠭᠦᠰᠦᠭ᠍ᠰᠡᠨ ᠪᠠᠢ᠌ᠨ᠎ᠡ᠃ ᠲ᠋ᠡᠭᠦᠨ ᠡᠴᠡ ᠡᠭᠢᠯᠡᠨ ᠦᠪᠣᠷ ᠮᠤᠩᠭ᠋ᠤᠯ ᠤᠨ ᠶᠡᠭᠡᠩᠭᠢ ᠭᠠᠵᠠᠷ ᠨᠤᠳᠤᠭ ᠲᠠᠷᠢᠶᠠᠯᠠᠩ ᠤᠨ ᠭᠠᠵᠠᠷ ᠪᠣᠯᠵᠤ᠂ ᠡᠭᠦᠨ ᠤ ᠳᠤᠳᠤᠷ᠎ᠠ ᠮᠠᠰᠢ ᠣᠯᠠᠨ ᠭᠠᠵᠠᠷ ᠨᠤᠳᠤᠭ ᠳᠠᠴᠢᠷᠳᠠᠨ ᠡᠯᠡᠰᠦᠷᠭᠡᠭ᠍ᠵᠢᠭ᠍ᠰᠡᠨ ᠪᠠᠢ᠌ᠨ᠎ᠠ᠃ ᠳᠠᠢ᠌ᠸᠠᠨ ᠤ ᠠᠯᠳᠠᠷᠳᠤ ᠰᠢᠯᠦᠭ᠍ᠴᠢ ᠰᠢ᠊·ᠮᠥᠷᠢᠨ ᠡᠴᠡ ᠬᠠᠷ᠎ᠠ ᠭᠤᠤᠯ ᠤᠨ ᠣᠰᠤ ᠶᠢ ᠭᠠᠠᠰᠤ ᠮᠤᠵᠢ ᠪᠣᠭᠤᠭᠰᠠᠨ ᠨᠢ ᠦᠢ᠌ ᠲᠦᠮᠡᠨ ᠡᠵᠡᠨ᠎ᠡ ᠶᠢᠨ ᠲ᠋ᠦᠦᠷᠡᠢ ᠶᠢᠨ ᠦᠨᠦᠳᠤᠷ ᠤᠨ ᠮᠥᠭᠦᠯ ᠢ ᠠᠪᠴᠢᠷᠠᠵᠤ᠂ ᠭᠠᠩ ᠬᠠᠭᠰᠠᠷᠭᠠᠨ ᠡᠯᠡᠰᠦᠷᠭᠡᠭ᠍ᠵᠢᠯ ᠤᠨ ᠦᠨᠳᠦᠰᠦ ᠪᠤᠯᠤᠭᠰᠠᠨ ᠭᠡᠵᠤ ᠵᠤᠷᠢᠭᠲᠠᠢ ᠭᠡᠯᠡᠵᠤ ᠳᠤᠮᠳᠠᠳᠤ ᠭᠦᠷᠤᠨ ᠢ ᠳᠤᠩᠰᠤᠯᠭᠠᠭᠰᠠᠨ ᠪᠠᠢ᠌ᠨ᠎ᠠ᠃ ᠳᠤᠷ᠎ᠠ ᠪᠠᠷ ᠶᠢᠠᠨ ᠪᠠᠢ᠌ᠭᠠᠯᠢ ᠶᠢᠨ ᠣᠢ ᠰᠢᠭᠤᠢ ᠶᠢ ᠡᠪᠳᠡᠨ ᠰᠥᠢᠦᠡᠭᠡᠵᠤ᠂ ᠭᠦᠳᠡᠭᠡ ᠶᠢ ᠬᠠᠭᠠᠯᠪᠣᠷᠢᠯᠠᠨ᠂ ᠠᠮᠢᠳᠠᠨ ᠭᠦᠷᠦᠭᠡᠰᠤ ᠶᠢ ᠬᠤᠷᠤᠭᠠᠬᠤ ᠨᠢ ᠡᠯᠡᠰᠤᠨ ᠰᠢᠭᠤᠷᠭ᠎ᠠ ᠳᠠᠯ᠎ᠠ ᠪᠣᠰᠤᠭᠰᠠᠨ ᠤ ᠦᠨᠳᠦᠰᠦ ᠰᠤᠷᠪᠣᠯᠵᠢ ᠪᠣᠯᠬᠤ ᠶᠤᠮ᠃ ᠳᠡᠭᠦᠨ ᠳᠤ ᠣᠯᠤᠰ ᠲᠦᠷᠦ ᠴᠠᠭ ᠡᠷᠡᠨ ᠤ ᠢᠯᠠ ᠳᠤᠳᠤ ᠳᠠᠮᠠᠭ᠎ᠠ ᠲᠡᠶ ᠪᠠᠢ᠌ᠳᠠᠭ᠃ ᠣᠤᠯ ᠳᠠᠭᠠᠨ ᠠᠯᠠᠭᠱᠠ ᠠᠢ᠌ᠮᠠᠭ ᠲᠤ 1735 ᠲᠦᠮᠡᠨ ᠮᠤ ᠶᠢᠨ ᠵᠠᠭ ᠤᠨ ᠣᠢ ᠲᠡᠶ᠂ 248 ᠭᠤᠤᠯ ᠭᠤᠷᠤᠬ᠎ᠠ ᠲᠡᠶ ᠮᠠᠰᠢ ᠣᠯᠠᠨ ᠨᠠᠭᠤᠷ ᠱᠠᠩᠳᠠ ᠲᠡᠶ ᠪᠠᠢ᠌ᠭᠰᠡᠨ ᠮᠥᠷᠳᠡᠭᠡᠨ ᠲ᠋ᠡᠳᠡᠭᠡᠷ ᠨᠠᠭᠤᠷ ᠪᠣᠯᠠᠭ᠂ ᠣᠢ ᠮᠤᠳᠤ ᠨᠢ ᠲ᠋ᠤᠰ ᠲ᠋ᠤᠰ ᠲᠠᠭᠠᠨ ᠡᠵᠡᠯᠡᠨ ᠬᠠᠮᠢᠶᠠᠷᠬᠤ ᠳᠠᠭᠠᠭᠠᠮᠠᠯ ᠲᠡᠶ᠂ ᠲ᠋ᠦᠷᠢᠮ ᠳᠤᠭᠳᠠᠭᠠᠯ ᠲᠡᠶ ᠪᠠᠢ᠌ᠵᠠᠢ᠃ ᠭᠡᠳᠡᠯ᠎ᠡ 《ᠶᠡᠭᠡ ᠥᠰᠦᠷᠦᠩᠭᠦᠢ ᠳᠡᠪᠰᠢᠯᠳᠡ》 ᠵᠢᠨ ᠦᠶ᠎ᠡ ᠰᠤᠬᠤᠷ ᠪᠠᠯᠠᠢ ᠪᠠᠷ 《ᠳᠤᠭᠤᠰᠬᠠᠨ ᠤ ᠶᠤᠤ ᠶᠢᠨ ᠣᠢ᠌ᠯᠠᠤᠠᠪᠣᠷᠢ》 ᠳᠤ ᠲᠦᠯᠡᠰᠢ ᠶᠢᠨ ᠮᠠᠲ᠋ᠸᠷᠢᠶᠠᠯ ᠬᠠᠩᠭ᠋ᠠᠬᠤ ᠪᠠ ᠴᠡᠷᠢᠭ᠌ ᠠᠷᠠᠤᠨ ᠤᠨ ᠲᠦᠯᠠᠰᠢ ᠬᠠᠩᠭ᠋ᠠᠬᠤ ᠵᠢᠴᠢ ᠠᠯᠳᠠᠴᠢᠨ ᠤ ᠡᠪᠳᠡᠯᠭᠡ᠂ ᠭᠠᠵᠠᠷ ᠤᠨ ᠥᠰᠤ ᠲ᠋ᠡᠭᠦᠭᠦ᠁ ᠭᠡᠭᠦ ᠮᠡᠳᠤ ᠭᠦᠮᠦᠰ ᠤᠨ ᠡᠪᠳᠡᠯᠭᠡ ᠶᠢᠨ ᠴᠢᠨᠠᠷ ᠲᠡᠶ ᠭᠦᠨᠦᠭᠡᠯᠭᠡ ᠪᠠᠷ ᠣᠬᠤᠷᠬᠠᠨ ᠭᠡᠳᠤᠨ ᠵᠢᠯ ᠳᠤ ᠡᠯᠡᠰᠦᠷᠭᠡᠭ᠍ᠵᠢᠵᠤ ᠡᠯᠡᠰᠤᠨ ᠰᠢᠭᠤᠷᠭ᠎ᠠ ᠪᠣᠰᠤᠭᠰᠠᠨ ᠪᠠᠢ᠌ᠨ᠎ᠠ᠃

ᠮᠠᠨ ᠤ ᠴᠠᠢ᠌ᠳᠠᠮ ᠤᠨ ᠬᠤᠳᠤᠭᠤᠷ ᠲᠤ ᠮᠠᠰᠢ ᠡᠯᠪᠠᠭ᠌ ᠣᠢ ᠰᠢᠭᠤᠢ ᠶᠢᠨ ᠪᠠᠶᠠᠯᠢᠭ ᠲᠡᠶ ᠪᠠᠢ᠌ᠵᠤ᠂ ᠪᠦᠭᠦ 9 ᠳᠤᠮᠤ ᠣᠢ ᠰᠢᠭᠤᠢ ᠶᠢᠨ ᠣᠷᠤᠨ ᠪᠣᠯᠵᠤ ᠪᠦᠷᠢᠯᠳᠦᠭ᠍ᠰᠡᠨ ᠪᠠᠢ᠌ᠪᠠ᠃ ᠲ᠋ᠠᠷᠤᠢ ᠴᠠᠭᠠᠨ‍ᠤ᠋ᠰᠤᠨ (ᠲ᠋ᠤᠯᠠᠭᠠᠨ ᠰᠢᠶᠠᠨ)᠂ ᠳᠦᠷᠪᠠᠯᠵᠢᠨ᠂ ᠰᠢᠷᠢᠭᠢ᠂ ᠴᠡᠴᠡ᠂ ᠠᠳᠡᠳᠤ᠂ ᠴᠡᠭᠠᠡ‍ᠤ᠋ᠰᠤᠨ (ᠲ᠋ᠡᠯᠡᠭᠡᠢ ᠬᠤᠳᠠ)᠂ ᠨᠤᠮᠤᠬᠠᠨ᠂ ᠪᠠᠷᠠᠭᠤᠨ᠂ ᠪᠠᠶᠠᠠᠭᠤᠤᠯ ᠵᠡᠷᠭᠡ ᠣᠢ ᠰᠢᠭᠤᠢ ᠶᠢᠨ ᠣᠷᠤᠨ ᠲᠡᠶ ᠪᠠᠢ᠌ᠵᠠᠢ᠃

《ᠬᠦᠬᠡ‍ᠨᠠᠭᠤᠷ ᠮᠤᠩᠭ᠋ᠤᠯᠴᠤᠳ ᠤᠨ ᠳᠤᠪᠴᠢ ᠳᠡᠦᠭᠡ》 ᠳ᠋ᠤ ᠲ᠋ᠡᠮᠳᠡᠭᠯᠡᠭ᠍ᠰᠡᠨ ᠢ ᠦᠨᠳᠦᠰᠦᠯᠠᠪᠠᠯ᠂ 《ᠨᠠᠢ᠌ᠳᠠ ᠶᠢᠨ ᠣᠨ ᠳᠤᠭᠠᠯᠠᠯ ᠤᠨ 1723 ᠣᠨ ᠳᠤ ᠶᠤᠸᠠᠢ ᠵᠦᠩ ᠴᠢ ᠯᠤᠪᠰᠠᠩᠳᠠᠠᠵᠢᠨ ᠢ ᠨᠡᠭᠡᠮᠵᠢᠯᠡᠵᠤ᠂ ᠨᠤᠮᠤᠬᠠᠨ ᠣᠷᠴᠢᠮ ᠭᠦᠷᠭᠦ ᠪᠠᠷ ᠨᠤᠮᠤᠬᠠᠨ ᠤ ᠪᠠᠯᠠᠷᠯᠢᠭ ᠣᠯᠠᠭᠠᠨ ᠰᠤᠬᠠᠢ ᠳᠡᠭ᠍ᠷᠢ ᠶᠢ ᠬᠠᠯᠬᠠᠯᠠᠵᠤ᠂ ᠣᠢ᠌ᠷ᠎ᠠ ᠬᠤᠯᠠ ᠶᠢᠨ ᠵᠠᠮ ᠥᠵᠡᠭ᠍ᠳᠡᠭᠦ ᠦᠭᠡᠶ ᠪᠣᠯᠵᠤ᠂ ᠥᠷᠭᠦᠯᠵᠢᠯᠡᠨ ᠵᠡᠮ ᠭᠦᠭᠡᠭᠡᠭᠦ ᠡᠡᠷᠭ᠎ᠠ ᠦᠭᠡᠶ ᠪᠣᠯᠤᠭᠠᠤᠨ ᠪᠣᠴᠠᠪᠠ》 ᠭᠡᠵᠤ ᠳᠡᠮᠳᠡᠭᠯᠡᠵᠡᠢ᠃ ᠪᠠᠰᠡᠴᠤ 《ᠬᠦᠬᠡ‍ᠨᠠᠭᠤᠷ ᠤᠨ ᠡᠭᠦᠳᠤᠨ ᠪᠦᠳᠦᠭᠡᠭ᠍ᠰᠡᠨ ᠳᠡᠮᠳᠡᠭᠯᠡᠯ》 ᠳ᠋ᠤ᠂ ᠢᠷᠭᠡᠨ ᠤᠯᠦᠰ ᠤᠨ ᠥᠶ᠎ᠡ ᠨᠤᠮᠤᠬᠠᠨ ᠤ ᠪᠠᠯᠠᠷ ᠶᠡᠭᠡ ᠣᠢ ᠮᠤᠳᠤ ᠭᠠᠵᠠᠷ ᠰᠢᠡᠵᠢᠯᠡᠭᠡᠨ ᠤ ᠭᠢᠨ ᠤ ᠭᠠᠵᠠᠷ ᠭᠡᠮᠵᠢᠭᠦ ᠠᠵᠢᠯ ᠢ ᠬᠠᠷᠰᠢᠯᠡᠵᠤ᠂ ᠭᠡᠮᠵᠢᠭᠦ ᠡᠡᠷᠭ᠎ᠠ ᠥᠭᠡᠢ ᠪᠤᠯᠤᠭᠰᠠᠨ ᠡᠴᠡ ᠳᠠᠳᠠ ᠳᠤᠰ ᠣᠷᠤᠨ ᠳ᠋ᠤ ᠰᠠᠭᠤᠷᠢᠰᠢᠭᠰᠠᠨ ᠮᠠᠯᠴᠢᠳ ᠲᠤ ᠦᠵᠡᠯ ᠰᠠᠨᠠᠭᠠᠨ ᠤ ᠠᠵᠢᠯ ᠭᠢᠵᠤ᠂ 《ᠥᠷᠭᠡᠨ ᠶᠢᠡᠷ ᠶᠢᠡᠨ 50 ᠮᠸᠲ᠋ᠷ ᠤᠨ ᠵᠠᠢ ᠳᠤ ᠮᠤᠳᠤ ᠭᠡᠷᠴᠢᠵᠤ ᠵᠠᠮ ᠭᠠᠷᠭᠠᠭᠠᠤᠨ᠂ ᠲ᠋ᠤᠰ ᠭᠠᠵᠠᠷ ᠢ ᠭᠡᠮᠵᠢᠵᠤ ᠳᠠᠭᠤᠰᠴᠠᠢ》 ᠭᠡᠵᠤ ᠳᠡᠮᠳᠡᠭᠯᠡᠵᠡᠢ᠃

1956 ᠣᠨ ᠳᠤ ᠨᠤᠮᠤᠬᠠᠨ ᠤ ᠳᠠᠷᠢᠶᠠᠯᠠᠩ ᠤᠨ ᠳᠠᠯᠠᠪᠠᠢ ᠪᠠᠢ᠌ᠭᠤᠯᠤᠭᠳᠠᠵᠤ᠂ ᠰᠤᠬᠤᠷ ᠪᠠᠯᠠᠢ ᠪᠠᠷ ᠡᠪᠳᠡᠯᠭᠡ ᠭᠢᠭ᠍ᠰᠡᠨ ᠡᠴᠡ ᠨᠤᠮᠤᠬᠠᠨ ᠤ ᠪᠠᠢ᠌ᠭᠠᠯᠯᠢᠭ ᠣᠢ ᠰᠢᠭᠤᠢ ᠭᠦᠡᠳᠤ ᠨᠤᠴᠢᠳᠠᠢ ᠡᠪᠳᠡᠭ᠍ᠳᠡᠵᠤ᠂ ᠳᠠᠮᠤᠷ ᠬᠠᠢ᠌ᠯᠠᠭᠤᠯᠬᠤ ᠲᠦᠯᠡᠰᠢ᠂ ᠭᠦᠮᠤᠨ ᠠᠷᠠᠤᠨ ᠤᠨ ᠲᠦᠯᠡᠰᠢ ᠪᠣᠯᠵᠤ ᠵᠥᠭᠡᠭᠡᠪᠦᠷᠢᠯᠡᠭ᠍ᠳᠡᠵᠡᠢ᠃ ᠳᠡᠭᠦᠡᠴᠢᠯᠡᠨ ᠳᠤᠰ ᠨᠤᠳᠤᠭ ᠲᠤ ᠨᠤᠳᠤᠭᠰᠢᠭᠰᠠᠨ ᠵᠡᠷᠯᠢᠭ᠌ ᠠᠮᠢᠳᠠᠨ ᠤ ᠪᠠᠷ᠎ᠠ ᠳᠠᠰᠤᠷᠠᠭᠠᠤᠨ᠂ ᠵᠤᠰᠠᠯᠠᠩ ᠤᠨ ᠵᠥᠯᠭᠡᠨ ᠰᠢᠷᠢᠭᠢ᠂ ᠰᠤᠬᠠᠢ ᠶᠢᠨ ᠭᠦᠩ ᠨᠢ ᠴᠦᠮ ᠳᠠᠷᠢᠶᠠᠯᠠᠩ ᠤᠨ ᠪᠣᠷᠳᠤᠭᠤᠷ ᠪᠣᠯᠵᠤ᠂ ᠪᠠᠢ᠌ᠭᠠᠯᠢ ᠶᠢᠨ ᠳᠡᠩᠴᠡᠭᠦᠷᠢ ᠲᠤᠩ ᠶᠡᠭᠡᠪᠠᠷ ᠠᠯᠳᠠᠭᠳᠠᠵᠠᠢ᠃

ᠨᠤᠮᠤᠬᠠᠨ ᠨᠤᠳᠤᠭ ᠤᠨ ᠮᠥᠩᠭᠡ ᠪᠠᠯᠡᠷ ᠣᠢ ᠮᠤᠳᠤ ᠶᠡᠭᠡ ᠭᠡᠮᠵᠢᠶ᠎ᠡ ᠪᠠᠷ ᠰᠥᠢᠦᠡᠭᠡᠭ᠍ᠳᠡᠵᠤ ᠵᠠᠮ ᠤᠨ ᠬᠠᠵᠠᠭᠤ ᠪᠠᠷ ᠮᠤᠳᠤᠳ ᠤᠨ ᠮᠦᠴᠢᠷ ᠰᠢᠷᠠᠯᠠᠨ ᠣᠨᠠᠵᠤ᠂ ᠦᠨᠳᠦᠰᠦ ᠪᠠᠷ ᠶᠢᠡᠨ ᠣᠩᠭ᠋ᠣᠢ᠌ᠭᠰᠠᠨ ᠭᠠᠵᠠᠷ ᠤᠨ ᠰᠢᠷᠬ᠎ᠠ ᠶᠢ 1958 ᠣᠨ ᠳᠤ᠂ ᠴᠧᠨ ᠡᠢ ᠳᠠᠳ᠋ ᠶᠡᠷᠦᠩᠭᠡᠢ ᠰᠠᠢ᠌ᠳ ᠨᠤᠮᠤᠬᠠᠨ ᠳᠤ ᠬᠤᠨᠤᠭᠯᠠᠬᠤ ᠵᠠᠭᠤᠷ᠎ᠠ ᠥᠵᠡᠭᠡᠤᠨ᠄ 《ᠡᠨᠡ ᠪᠣᠯ ᠠᠯᠭᠤᠷ ᠶᠢᠡᠷ ᠪᠠᠶ᠎ᠠ ᠪᠠᠨ ᠬᠤᠤᠷᠯᠠᠵᠤ ᠪᠠᠢ᠌ᠭ᠎ᠠ ᠲᠦᠷᠦ ᠶᠢᠨ ᠪᠣᠳᠤᠯᠭ᠎ᠠ᠂ ᠳᠡᠦᠭᠡ ᠶᠢᠨ ᠴᠢᠨᠠᠷ ᠳᠠᠢ ᠠᠯᠳᠠᠭ᠎ᠠ ᠭᠠᠷᠭᠠᠵᠤ ᠪᠠᠢ᠌ᠨ᠎ᠠ》 (《ᠵᠡᠭᠦᠨ ᠬᠤᠰᠢᠭᠤᠨ ᠤ ᠣᠢ᠌ᠯᠠᠪᠣᠷᠢ》 ᠡᠴᠡ) ᠭᠡᠵᠤ ᠴᠢᠩᠭ᠋᠎ᠠ ᠰᠢᠭᠦᠮᠵᠢᠯᠡᠭ᠍ᠰᠡᠨ ᠪᠠᠢ᠌ᠨ᠎ᠠ᠃ ᠭᠡᠳᠡᠯ᠎ᠡ ᠡᠨᠡᠭᠦ ᠡᠪᠳᠡᠯᠭᠡ ᠡᠭᠦᠪᠠᠷ ᠵᠤᠭᠰᠤᠭᠰᠠᠨ ᠦᠭᠡᠶ᠂ ᠤᠳᠤ ᠪᠤᠯᠳᠡᠯ᠎ᠡ ᠥᠷᠭᠦᠯᠵᠢᠯᠡᠵᠤ ᠪᠠᠢ᠌ᠭ᠎ᠠ ᠨᠢ ᠭᠦᠮᠦᠰ ᠲ᠋ᠤ ᠶᠡᠭᠤ ᠨᠢᠭᠡ ᠶᠢ ᠪᠣᠳᠤᠭᠤᠯᠬᠤ ᠴᠢᠬᠤᠯᠳᠠᠢ᠃ 1954 ᠣᠨ ᠳᠤ ᠬᠦᠬᠡ‍ᠨᠠᠭᠤᠷ ᠮᠤᠵᠢ ᠶᠢᠨ ᠳᠠᠷᠢᠶᠠᠯᠠᠩ ᠣᠢ ᠰᠢᠭᠤᠢ ᠶᠢᠨ ᠳᠠᠩᠭᠢᠮ ᠤᠨ ᠣᠢ ᠰᠢᠭᠤᠢ ᠳᠤᠪᠴᠢᠶᠠᠨ ᠤ ᠪᠠᠢ᠌ᠴᠠᠭᠠᠬᠤ ᠠᠩᠭᠢ ᠶᠢᠨ ᠪᠠᠢ᠌ᠴᠠᠭᠠᠭᠰᠠᠨ ᠶᠢᠡᠷ ᠬᠠᠢ᠌ᠰᠢ ᠵᠸᠤ ᠶᠢᠨ ᠳᠤᠬᠠᠢ ᠶᠢᠨ ᠦᠶ᠎ᠡ ᠶᠢᠨ ᠣᠢ ᠰᠢᠭᠤᠢ ᠶᠢᠨ ᠶᠡᠷᠦᠩᠭᠡᠢ ᠳᠠᠯᠠᠪᠠᠢ ᠨᠢ 698375 ᠾᠸᠺᠲ᠋ᠠᠷ (ᠲ᠋ᠤᠰ ᠭᠡᠰᠡᠭ᠌ ᠳᠠᠭᠢ ᠳᠤᠭ᠎ᠠ ᠪᠦᠷᠢᠦᠡᠭᠡᠯ ᠢ ᠬᠠᠢ᠌ᠰᠢ ᠵᠸᠤ ᠶᠢᠨ ᠰᠤᠶᠤᠯ ᠳᠡᠦᠭᠡ ᠶᠢᠨ ᠮᠠᠲ᠋ᠸᠷᠢᠶᠠᠯ ᠤᠨ ᠭᠢᠳᠠᠤᠨ ᠭᠡᠪᠯᠡᠯ ᠤᠨ ᠶᠡᠷᠦᠩᠭᠡᠢ 13 ᠳ᠋ᠤᠭᠠᠷ ᠡᠮᠭᠢᠦᠡᠭᠡᠯ ᠡᠴᠡ ᠡᠡᠪᠦᠪᠡ) ᠭᠦᠷᠴᠤ᠂ ᠭᠤᠤᠯ ᠨᠢ ᠬᠠᠷᠭᠠᠢ᠂ ᠠᠷᠴᠠ ᠪᠠᠢ᠌ᠵᠤ᠂ ᠲ᠋ᠤᠮᠳᠠᠴᠢ ᠨᠠᠰᠤ ᠨᠢ 200—1000 ᠵᠢᠯ ᠤᠨ ᠬᠤᠭᠤᠴᠠᠭ᠎ᠠ ᠲᠡᠶ ᠭᠡᠰᠡᠨ ᠪᠠᠢ᠌ᠨ᠎ᠠ᠃ 1954 ᠣᠨ ᠡᠴᠡ ᠡᠭᠢᠯᠡᠭ᠍ᠰᠡᠨ ᠣᠢ ᠰᠢᠭᠤᠢ ᠵᠢᠨ ᠡᠪᠳᠡᠯᠭᠡ ᠨᠢ ᠭᠡᠳᠥᠭᠡᠨ ᠵᠢᠯ ᠳᠤ ᠭᠦᠮᠤᠨ ᠢ ᠰᠤᠴᠢᠭᠠᠮ᠎ᠠ ᠪᠣᠯᠤᠭᠰᠠᠨ ᠪᠠᠢ᠌ᠨ᠎ᠠ᠃ ᠲ᠋ᠠᠷᠠ ᠦᠶ᠎ᠡ ᠳᠡᠷᠡᠭᠦ ᠮᠥᠩᠭᠡ ᠪᠠᠢ᠌ᠭᠠᠯᠢᠯᠢᠭ ᠣᠢ ᠰᠢᠭᠤᠢ ᠶᠢ ᠶᠡᠭᠡ ᠭᠡᠮᠵᠢᠶ᠎ᠡ ᠪᠠᠷ ᠣᠭᠳᠤᠯᠠᠨ ᠭᠡᠷᠴᠢᠵᠤ᠂ ᠴᠠᠢ᠌ᠳᠠᠮ ᠤᠨ ᠬᠤᠳᠤᠭᠤᠷ ᠤᠨ ᠬᠤᠳᠠ ᠪᠠᠯᠭᠠᠰᠤᠨ ᠤ ᠪᠦᠳᠦᠭᠡᠨ ᠪᠠᠢ᠌ᠭᠤᠯᠦᠯᠳᠡ ᠪᠡ ᠬᠦᠬᠡ‍ᠨᠠᠭᠤᠷ ᠵᠠᠰᠠᠮᠠᠯ ᠵᠠᠮ ᠤᠨ ᠭᠦᠤᠷ ᠲᠡᠯᠪᠢᠬᠤ᠂ ᠭᠦᠮᠤᠨ ᠠᠷᠠᠤᠨ ᠤᠨ ᠲᠦᠯᠡᠰᠢ ᠳᠤ ᠮᠤᠳᠤᠨ ᠤ ᠮᠠᠲ᠋ᠸᠷᠢᠶᠠᠯ ᠬᠠᠩᠭ᠋ᠠᠭᠰᠠᠨ ᠪᠠᠢ᠌ᠨ᠎ᠠ᠃ ᠳᠡᠭᠦᠡᠴᠢᠯᠡᠨ 《ᠶᠡᠭᠡ ᠥᠰᠦᠷᠦᠩᠭᠦᠢ ᠳᠠᠪᠰᠢᠯᠳᠠ》 ᠶᠢᠨ ᠦᠶ᠎ᠡ᠂ ᠳᠠᠮᠤᠷ ᠬᠠᠢ᠌ᠯᠠᠭᠤᠯᠬᠤ ᠮᠠᠳᠤ  ᠶᠢᠨ 《ᠭᠦᠡᠳᠤ ᠠᠵᠤ ᠣᠢ᠌ᠯᠠᠤᠠᠪᠣᠷᠢ》 ᠶᠡᠭᠡ ᠭᠡᠮᠵᠢᠶ᠎ᠡ ᠪᠠᠷ ᠪᠠᠢ᠌ᠭᠤᠯᠵᠤ᠂ ᠴᠠᠢ᠌ᠳᠠᠮ ᠨᠤᠳᠤᠭ ᠤᠨ ᠰᠤᠬᠠᠢ᠂ ᠵᠡᠭᠡᠷᠭᠡᠨ᠎ᠡ᠂ ᠪᠣᠳᠠ᠂ ᠵᠠᠭ ᠢ ᠳᠡᠷᠭᠡ ᠳᠡᠷᠭᠡ ᠪᠠᠷ ᠵᠥᠭᠡᠭᠡᠪᠦᠷᠢᠯᠡᠵᠤ ᠶᠡᠭᠡ ᠭᠡᠪᠴᠢᠶ᠎ᠡ ᠪᠠᠷ ᠰᠥᠢᠦᠡᠭᠡᠭ᠍ᠰᠡᠨ ᠨᠢ ᠣᠳᠤᠬᠠᠨ ᠳᠤ ᠬᠠᠶᠠ ᠦᠭᠡᠶ ᠬᠠᠷᠠᠭᠳᠠᠬᠤ ᠣᠢ᠌ᠯᠠᠤᠠᠪᠣᠷᠢ ᠶᠢᠨ ᠬᠤᠯᠤᠡᠭ᠌ ᠲ᠋ᠡᠢ ᠪᠠᠨ ᠳᠡᠦᠭᠡ ᠶᠢᠨ ᠣᠰᠤᠯ ᠪᠣᠯᠤᠨ ᠭᠡᠷᠡᠴᠢᠯᠡᠭ᠍ᠳᠡᠵᠡᠢ᠃ ᠮᠦᠨ ᠳᠠᠷᠠ ᠦᠶ᠎ᠡ ᠬᠠᠶᠠ ᠦᠭᠡᠶ ᠥᠷᠭᠦᠯᠵᠢᠯᠡᠭ᠍ᠰᠡᠨ ᠴᠠᠢ᠌ᠳᠠᠮ ᠨᠤᠳᠤᠭ ᠤᠨ ᠬᠤᠯᠤᠰᠤ ᠶᠢ ᠭᠡᠷᠴᠢᠵᠤ ᠪᠠᠢ᠌ᠰᠢᠩ ᠪᠠᠷᠢᠯᠭ᠎ᠠ ᠶᠢᠨ ᠳᠡᠭᠡᠪᠦᠷᠢ ᠳᠤ ᠭᠡᠷᠡᠭᠯᠡᠭ᠍ᠰᠡᠨ ᠤ ᠬᠠᠮᠳᠤ ᠴᠠᠭᠠᠰᠤᠨ ᠤ ᠣᠢ᠌ᠯᠠᠤᠠᠪᠣᠷᠢ ᠳᠤ ᠳᠦᠭᠦᠭᠡᠢ ᠮᠠᠲ᠋ᠸᠷᠢᠶᠠᠯ ᠶᠢᠡᠷ ᠰᠥᠢᠦᠡᠭᠡᠵᠤ ᠪᠠᠢ᠌ᠭᠰᠠᠨ ᠶᠢᠡᠷ ᠦᠯᠦ ᠪᠠᠷᠠᠨ ᠴᠠᠢ᠌ᠳᠠᠮ ᠨᠤᠳᠤᠭ ᠤᠨ ᠰᠤᠵᠦᠡᠭ᠌᠂ ᠮᠥᠭᠦ᠂ ᠬᠠᠷᠮᠠᠭ᠁ ᠭᠡᠭᠦ ᠵᠡᠷᠯᠢᠭ᠌ ᠣᠷᠭᠤᠮᠠᠯ ᠢ ᠲ᠋ᠤᠷ᠎ᠠ ᠳᠠᠪᠠ ᠪᠠᠷ ᠶᠢᠠᠨ ᠮᠠᠯᠳᠠᠵᠤ᠂ ᠭᠠᠵᠠᠷ ᠤᠨ ᠣᠷᠤ ᠶᠢ ᠰᠢᠷᠬᠠᠯᠡᠨ ᠡᠪᠳᠡᠵᠡᠢ᠃ ᠡᠢ᠌ᠮᠤ ᠡᠴᠡ ᠳᠤᠰ ᠵᠠᠭᠤᠨ ᠤ ᠡᠴᠦᠰ ᠪᠣᠯᠬᠤ ᠳᠤ᠂ ᠴᠠᠢ᠌ᠳᠠᠮ ᠤᠨ ᠬᠤᠳᠤᠭᠤᠷ ᠤᠨ ᠪᠠᠢ᠌ᠭᠠᠯᠢᠯᠢᠭ ᠣᠢ ᠰᠢᠭᠤᠢ ᠵᠢᠨ ᠪᠦᠭᠦ ᠬᠠᠳᠠᠭᠠᠯᠠᠭᠳᠠᠴᠠ ᠨᠢ 50 % ᠪᠠᠷ ᠪᠠᠭᠠᠰᠴᠠᠢ᠃

ᠲ᠋ᠠᠪᠢ᠂ ᠵᠢᠷᠠᠭᠠᠤᠨ ᠣᠨ ᠤ ᠦᠶ᠎ᠡ ᠳᠤ ᠪᠠᠢ᠌ᠭᠠᠯᠢ ᠶᠢᠨ ᠬᠤᠪᠣᠷ ᠴᠤᠬᠠᠭ ᠠᠷᠢᠶᠠᠳᠠᠨ ᠠᠮᠢᠳᠠᠨ ᠶᠡᠭᠡ ᠭᠡᠮᠵᠢᠶ᠎ᠡ ᠪᠠᠷ ᠭᠢᠳᠤᠭᠳᠠᠵᠤ ᠣᠰᠠᠤᠠᠴᠠᠢ᠃ ᠮᠠᠲ᠋ᠸᠷᠢᠶᠠᠯ ᠢ ᠦᠨᠳᠦᠰᠦᠯᠠᠪᠠᠯ᠂ 1959 ᠣᠨ ᠳᠤ ᠪᠦᠭᠦ ᠵᠸᠤ ᠶᠢᠨ ᠵᠡᠷᠯᠢᠭ᠌ ᠠᠮᠢᠳᠠᠨ ᠪᠠᠭᠠᠪᠠᠭᠠᠢ᠂ ᠭᠦᠳᠡᠷ᠂ ᠴᠢᠨ᠋ᠸ᠎ᠡ᠂ ᠴᠥᠭᠡᠪᠦᠷᠢ᠂ ᠴᠤᠬᠤᠷ᠂ ᠲ᠋ᠡᠷᠪᠠᠭ᠎ᠠ᠂ ᠠᠷᠭᠠᠯᠢ᠂ ᠭᠦᠷᠦᠭᠡᠰᠤᠨ ᠥᠭᠡᠷ ᠪᠠᠷᠤᠭ 414 ᠲᠦᠮᠡᠨ ᠳᠤᠯᠤᠭᠠᠢ ᠪᠠᠢ᠌ᠭᠰᠠᠨ ᠡᠴᠡ ᠪᠠᠨ ᠭᠤᠴᠢ ᠭᠠᠷᠤᠢ ᠵᠢᠯ ᠢ ᠥᠩᠭᠡᠷᠡᠭᠡᠭᠦ ᠳᠤ 393 ᠲᠦᠮᠡ ᠨᠢ ᠨᠢᠭᠡᠨᠲᠡ ᠪᠠᠷ᠎ᠠ ᠦᠭᠡᠶ ᠣᠰᠠᠤᠠᠴᠠᠢ᠃ ᠵᠢᠷᠠᠭᠠᠤᠨ ᠣᠨ ᠤ ᠬᠠᠢ᠌ᠰᠢ ᠵᠸᠤ ᠶᠢᠨ ᠬᠤᠷᠢᠶᠠᠩᠭ᠋ᠤᠢ ᠮᠠᠲ᠋ᠸᠷᠢᠶᠠᠯ ᠢ ᠦᠨᠳᠦᠰᠦᠯᠠᠪᠠᠯ᠂ ᠲ᠋ᠠᠷᠠ ᠥᠶ᠎ᠡ ᠪᠦᠭᠦ ᠵᠸᠤ ᠳᠤ ᠵᠡᠷᠯᠢᠭ᠌ ᠠᠮᠢᠳᠠᠨ ᠢ ᠠᠩᠴᠢᠯᠠᠬᠤ ᠪᠠᠷ ᠵᠤᠬᠢᠶᠠᠨ ᠪᠠᠢ᠌ᠭᠤᠯᠤᠭᠰᠠᠨ ᠠᠩᠭᠢ 257 ᠳᠤᠭᠣᠢ᠌ᠯᠠᠩ᠂ ᠡᠡᠩᠴᠢᠨ 2610 ᠭᠦᠮᠤᠨ ᠭᠦᠷᠴᠤ ᠪᠠᠢ᠌ᠵᠡᠢ᠃ ᠵᠥᠪᠭᠡᠨ 1959 ᠣᠨ ᠪᠣᠯᠤᠨ 1960 ᠣᠨ ᠤ ᠬᠤᠭᠤᠷᠤᠠᠳᠤ ᠳᠡᠷᠡᠭᠦ ᠠᠩᠴᠢᠯᠠᠬᠤ ᠠᠩᠭᠢ 6010 ᠳᠤᠯᠤᠭᠠᠢ ᠭᠦᠷᠦᠭᠡᠰᠤᠨ ᠥᠭᠡᠷ᠂ 71353 ᠳᠤᠯᠤᠭᠠᠢ ᠬᠤᠯᠠᠨ᠂ 985 ᠭᠦᠷᠦᠭᠡᠰᠤᠨ ᠢᠮᠠᠭ᠎ᠠ ᠶᠢ ᠠᠩᠨᠠᠵᠤ᠂ ᠲ᠋ᠤᠬᠠᠢ ᠶᠢᠨ ᠦᠶ᠎ᠡ ᠶᠢᠨ ᠠᠮᠤ ᠭᠦᠨᠡᠰᠤᠨ ᠤ ᠭᠦᠴᠢᠷᠳᠡᠯ ᠢ ᠰᠢ᠌ᠤᠠᠪᠣᠷᠢᠯᠠᠵᠤ ᠪᠠᠢ᠌ᠵᠠᠢ᠃ ᠢᠩᠭᠢᠵᠤ ᠠᠯᠠᠵᠤ ᠭᠢᠳᠤᠭᠰᠠᠨ ᠤ ᠳ᠋ᠦ᠋ᠩ ᠳᠤ ᠴᠠᠢ᠌ᠳᠠᠮ ᠨᠤᠳᠤᠭ ᠤᠨ ᠵᠡᠷᠯᠢᠭ᠌ ᠠᠮᠢᠳᠠᠨ ᠶᠡᠭᠡ ᠭᠡᠮᠵᠢᠶ᠎ᠡ ᠪᠠᠷ ᠬᠤᠷᠤᠭᠳᠠᠵᠤ᠂ ᠵᠠᠷᠢᠮ ᠨᠢ ᠦᠨᠳᠦᠰᠦ ᠳᠠᠰᠤᠷᠠᠬᠤ ᠪᠣᠯᠤᠭᠰᠠᠨ ᠪᠦᠭᠡᠤᠨ ᠵᠥᠪᠭᠡᠨ 《ᠬᠤᠯᠡᠨ ᠤ ᠭᠦᠳᠡᠭᠡ》᠂ 《ᠢᠮᠠᠭᠠᠳᠤ》᠂ 《ᠪᠣᠭᠤᠳᠤ》 ᠭᠡᠭᠦ ᠨᠠᠷ᠎ᠠ ᠯᠠ ᠥᠯᠡᠳᠡᠭ᠍ᠰᠡᠨ ᠪᠠᠢ᠌ᠨ᠎ᠠ᠃

ᠡᠢ᠌ᠮᠤ ᠡᠴᠡ ᠡᠯᠡᠰᠤᠨ ᠰᠢᠭᠤᠷᠭ᠎ᠠ ᠡᠭᠦᠰᠭᠦ ᠶᠢ ᠵᠥᠪᠭᠡᠨ ᠭᠦᠩᠭᠡᠨ ᠬᠠᠭᠤᠳᠠᠮ ᠶᠢᠡᠷ ᠮᠠᠯᠵᠢᠯ ᠲᠡᠶ ᠬᠤᠯᠪᠣᠭᠳᠠᠭᠤᠯᠬᠤ ᠪᠣᠯ ᠵᠢᠮ᠎ᠠ ᠶᠤᠰᠤᠨ ᠳᠤ ᠨᠡᠢ᠌ᠴᠡᠭᠦ ᠦᠭᠡᠶ ᠶᠠᠪᠣᠳᠠᠯ ᠪᠣᠯᠬᠤ ᠶᠤᠮ᠃ ᠣᠳᠤᠬᠠᠨ ᠳᠤ ᠵᠠᠷᠢᠮ ᠡᠷᠳᠡᠮᠳᠡᠨ ᠡᠴᠡ ᠨᠡᠭᠦᠳᠡᠯ ᠮᠠᠯᠵᠢᠯ ᠪᠣᠯ ᠪᠠᠢ᠌ᠭᠠᠯᠢ ᠶᠢᠨ ᠳᠡᠩᠴᠡᠭᠦᠷᠢ ᠶᠢ ᠪᠠᠳᠤᠯᠠᠵᠤ᠂ ᠡᠯᠡᠰᠤᠨ ᠰᠢᠭᠤᠷᠭ᠎ᠠ ᠶᠢ ᠬᠤᠷᠢᠭᠯᠠᠵᠤ ᠢᠷᠡᠭ᠍ᠰᠡᠨ ᠪᠣᠳᠠᠳᠤ ᠳᠤᠷᠰᠢᠯᠭ᠎ᠠ ᠭᠡᠮᠡᠨ ᠥᠵᠡᠭᠦ ᠨᠢ ᠲᠤᠩ ᠣᠴᠢᠷᠳᠠᠢ᠌ᠬᠠᠨ ᠶᠠᠪᠣᠳᠠᠯ᠃ ᠣᠴᠢᠷ ᠨᠢ ᠨᠡᠭᠦᠳᠡᠯᠴᠢᠨ ᠦᠨᠳᠦᠰᠦᠳᠠᠨ ᠣᠯᠠᠷᠢᠯ ᠳᠠᠭᠠᠵᠤ ᠨᠡᠭᠦᠳᠡᠯᠯᠡᠳᠡᠭ᠌ ᠡᠴᠡ ᠭᠠᠵᠠᠷ ᠤᠨ ᠭᠦᠷᠦᠰᠤ ᠶᠢ ᠰᠤᠯᠠᠯᠠᠨ᠂ ᠪᠠᠯᠴᠢᠭᠡᠷ ᠤᠨ ᠳᠠᠭᠠᠭᠠᠴᠠ ᠶᠢ ᠭᠦᠩᠭᠡᠯᠡᠳᠡᠭ᠌ ᠮᠥᠷᠳᠡᠭᠡᠨ ᠣᠷᠭᠤᠮᠠᠯ ᠤᠨ ᠪᠦᠷᠭᠦᠴᠡ ᠵᠢ ᠪᠠᠳᠤᠯᠠᠵᠤ ᠴᠢᠳᠠᠳᠠᠭ ᠪᠠᠢ᠌ᠨ᠎ᠡ᠃ ᠲ᠋ᠡᠭᠦᠨ ᠤ ᠡᠰᠡᠷᠭᠦᠤ ᠪᠠᠷ ᠭᠠᠭᠴᠠ ᠯᠠ ᠭᠠᠵᠠᠷ ᠣᠳᠠᠭᠠᠨ ᠮᠠᠯᠵᠢᠪᠠᠯ᠂ ᠪᠠᠯᠴᠢᠭᠡᠷ ᠤᠨ ᠲ᠋ᠠᠷᠤᠭᠠᠰᠤ ᠶᠢ ᠭᠦᠡᠳᠦᠷᠡᠭᠦᠯᠵᠤ᠂ ᠣᠷᠭᠤᠮᠠᠯ ᠤᠨ ᠦᠨᠳᠦᠰᠦ ᠶᠢ ᠨᠥᠯᠦᠭᠡᠯᠡᠨ᠂ ᠡᠪᠠᠰᠤᠨ ᠤ ᠣᠷᠭᠤᠴᠠ ᠶᠢ ᠪᠠᠭᠤᠷᠠᠭᠤᠯᠵᠤ ᠡᠯᠡᠰᠤ ᠳᠠᠴᠢᠷᠳᠠᠯ ᠢ ᠪᠣᠢ ᠪᠣᠯᠭᠠᠬᠤ ᠶᠠᠪᠣᠳᠠᠯ ᠪᠤᠢ᠃ ᠲ᠋ᠡᠭᠡᠳᠦᠰ ᠤᠨ ᠨᠡᠭᠦᠳᠡᠯ ᠰᠤᠶᠤᠯ ᠤᠨ ᠭᠡᠳᠤᠨ ᠮᠢᠩᠭ᠋ᠠᠨ ᠵᠢᠯ ᠤᠨ ᠨᠠᠠᠳᠢᠨ ᠳᠤᠷᠰᠢᠯᠭ᠎ᠠ ᠶᠢ ᠭᠦᠩᠭᠡᠪᠴᠢᠯᠡᠨ ᠦᠵᠡᠵᠤ ᠪᠣᠯᠤᠮᠠᠷ ᠦᠭᠡᠶ᠃

ᠨᠢᠳᠤᠨ ᠡᠮᠦᠨᠡᠭᠢ ᠠᠰᠢᠭ ᠶᠢᠡᠨ ᠢᠯᠡᠭᠦᠤ ᠪᠤᠳᠤᠵᠤ᠂ ᠡᠭᠡ ᠪᠠᠢ᠌ᠭᠠᠯᠢ ᠶᠢᠨ ᠳᠡᠩᠴᠡᠭᠦᠷᠢ ᠶᠢ ᠭᠦᠡᠳᠤ ᠨᠤᠴᠢᠳᠠᠢ ᠡᠪᠳᠡᠭ᠍ᠰᠡᠨ ᠡᠴᠡ ᠪᠣᠯᠤᠭᠰᠠᠨ ᠣᠯᠠᠨ ᠵᠣᠢ᠌ᠯ ᠤᠨ ᠭᠦᠨᠦᠭᠡᠯ ᠨᠢ ᠬᠤᠵᠢᠮ ᠤᠨ ᠭᠦᠮᠦᠰ ᠲᠤ ᠶᠠᠮᠠᠷ ᠭᠠᠢ ᠠᠪᠴᠢᠷᠠᠬᠤ ᠶᠢ ᠭᠦᠨ ᠪᠣᠳᠤᠯᠭᠢᠯᠠᠬᠤ ᠴᠢᠬᠤᠯᠳᠠᠢ᠃ ᠵᠢᠯ ᠳᠠᠷᠠᠭᠠᠯᠠᠨ ᠥᠷᠭᠦᠯᠵᠢᠯᠡᠭ᠍ᠰᠡᠨ ᠡᠯᠡᠰᠤᠨ ᠰᠢᠭᠤᠷᠭ᠎ᠠ ᠪᠢᠳᠠᠨ ᠡᠴᠡ ᠦᠷᠢ ᠪᠠᠨ ᠨᠡᠭᠡᠵᠤ ᠪᠠᠢ᠌ᠭ᠎ᠠ ᠶ‍ᠦᠮ᠃ ᠭᠡᠳᠡᠯ᠎ᠡ ᠡᠭᠡ ᠪᠠᠢ᠌ᠭᠠᠯᠢ ᠶᠢᠨ ᠡᠨᠡᠭᠦ ᠦᠷᠢ ᠳᠤᠮ ᠢ ᠳᠦᠯᠦᠭᠦ ᠳᠤ ᠳᠠᠢ᠌ᠮᠤ ᠭᠢᠯᠪᠠᠷ ᠶᠠᠪᠣᠳᠠᠯ ᠪᠢᠰᠢ ᠪᠠᠢ᠌ᠭ᠎ᠠ᠃ ᠡᠭᠦᠨ ᠳᠤ ᠵᠠᠷᠤᠴᠠᠭᠤᠯᠬᠤ ᠭᠦᠳᠡᠯᠮᠦᠷᠢ᠂ ᠴᠠᠭ ᠬᠤᠭᠤᠴᠠᠭ᠎ᠠ᠂ ᠴᠢᠷᠮᠠᠢ᠌ᠯᠭ᠎ᠠ ᠨᠢ ᠥᠨᠡᠭᠡᠷ ᠴᠤ ᠭᠦᠮᠤᠨ ᠤ ᠰᠠᠨᠠᠭᠠᠨ ᠡᠴᠡ ᠭᠠᠳᠠᠭᠤᠷ ᠮᠤᠠᠳᠠᠭ ᠳᠤᠮᠤ ᠪᠠᠢ᠌ᠬᠤ ᠶ‍ᠦᠮ᠃ ᠡᠨᠡᠭᠦ ᠣᠰᠤᠯ ᠢ ᠪᠢᠳᠠ ᠦᠪᠡᠷ ᠶᠢᠡᠨ ᠴᠤ ᠮᠡᠳᠡᠷᠡᠭᠦ ᠭᠡᠷᠡᠭ᠍ᠳᠡᠢ ᠮᠥᠷᠳᠡᠭᠡᠨ ᠦᠷᠢ ᠳᠤᠮ ᠢ ᠴᠤ ᠳᠦᠯᠦᠭᠦ ᠶᠤᠰᠤᠳᠠᠢ᠃

ᠵᠤᠬᠢᠶᠠᠭᠴᠢ᠄ ᠪᠠᠶᠠᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11040
ᠴᠠᠭ᠄ 2005 ᠤᠨ ᠤ 08 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ