ᠨᠡᠪᠲᠡᠷᠡᠨ ᠤᠷᠤᠬᠤ
ᠰᠤᠷᠤᠯᠴᠠᠭᠰᠠᠨ ᠳᠡᠮᠳᠡᠭᠯᠡᠯ 《ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠣᠩᠰᠢᠭᠤ》

ᠡᠷᠡᠭᠦᠯ ᠮᠠᠠᠳᠤ ᠶᠢᠨ ᠰᠤᠷᠭᠠᠨ ᠭᠦᠮᠦᠵᠢᠯ ᠤᠨ ᠬᠭᠤᠳᠠᠰᠤ ᠄

1. ᠴᠠᠭ ᠳᠤᠬᠠᠢ ᠳᠤ ᠨᠢ ᠦᠰᠤ ᠪᠠᠨ ᠵᠠᠰᠠᠬᠤ ᠪᠠ ᠦᠷᠭᠦᠯᠵᠢ ᠳᠤᠯᠤᠭᠠᠢ ᠪᠠᠨ ᠣᠭᠢᠶᠠᠬᠤ ᠭᠡᠷᠡᠭ᠍ᠳᠡᠢ᠃

ᠦᠰᠤ ᠪᠠᠨ ᠵᠠᠰᠠᠬᠤ ᠪᠠ ᠳᠤᠯᠤᠭᠠᠢ ᠪᠠᠨ ᠣᠭᠢᠶᠠᠬᠤ ᠨᠢ ᠦᠰᠤ ᠪᠠ ᠳᠤᠯᠤᠭᠠᠢ ᠶᠢᠨ ᠠᠷᠠᠰᠤᠨ ᠤ ᠊ᠭ᠍‍ᠬᠢᠷ ᠪᠣᠷᠳᠠᠭ᠂ ᠳᠤᠯᠤᠭᠠᠢ ᠶᠢᠨ ᠬᠠᠭ᠂ ᠡᠪᠡᠳᠴᠢᠨ ᠤ ᠪᠠᠺᠲ᠋ᠸᠷᠢ᠂ ᠳᠤᠯᠤᠭᠠᠢ ᠶᠢᠨ ᠢᠯᠢᠳᠤ ᠶᠢᠨ ᠡᠪᠡᠳᠴᠢᠨ ᠢ ᠰᠡᠷᠭᠡᠢ᠌ᠯᠡᠭᠦ ᠪᠠ ᠠᠷᠠᠰᠤᠨ ᠤ ᠡᠪᠡᠳᠴᠢᠨ ᠢ ᠰᠡᠷᠭᠡᠢ᠌ᠯᠡᠵᠤ ᠪᠠᠢ᠌ᠳᠠᠭ᠃

2. ᠭᠦᠢᠳᠡᠨ ᠣᠰᠤ ᠣᠤᠭᠤᠵᠤ ᠪᠣᠯᠬᠤ ᠦᠭᠡᠶ᠃

ᠭᠦᠢᠳᠡᠨ ᠣᠰᠤᠨ ᠳᠤ ᠡᠪᠡᠳᠴᠢᠨ ᠤ ᠪᠠᠺᠲ᠋ᠸᠷᠢ᠂ ᠬᠤᠷᠤᠬᠠᠢ ᠶᠢᠨ ᠥᠡᠳᠡᠭᠡ ᠨᠢ ᠭᠡᠳᠡᠰᠤᠨ ᠤ ᠬᠠᠯᠳᠠᠪᠣᠷᠢᠳᠤ ᠡᠪᠡᠳᠴᠢᠨ ᠢ ᠡᠭᠦᠰᠭᠡᠳᠡᠭ᠌ (ᠭᠡᠳᠡᠰᠤᠨ ᠤ ᠦᠷᠪᠢᠰᠦᠯ᠂ ᠰᠠᠭᠤᠯᠭᠠᠬᠤ᠂ ᠭᠦᠢᠳᠡᠨ ᠤ ᠰᠢᠷᠬᠠᠯᠠᠭ᠎ᠠ ᠪᠠ ᠭᠡᠳᠡᠰᠤᠨ ᠤ ᠮᠥᠯᠵᠢᠭᠦᠷ ᠬᠤᠷᠤᠬᠠᠢ᠂ ᠭᠦᠵᠢ ᠬᠤᠷᠤᠬᠠᠢ᠌ᠳᠤ ᠡᠪᠡᠳᠴᠢᠨ ᠢ ᠰᠡᠷᠭᠡᠢ᠌ᠯᠡᠳᠡᠭ᠌᠃

3. ᠬᠤᠭᠤᠯᠠ ᠰᠢᠯᠢᠭᠦ ᠪᠠ ᠬᠤᠭᠤᠯᠠ ᠭᠤᠯᠤᠬᠤ ᠨᠢ ᠶᠠᠮᠠᠷ ᠬᠤᠤᠷ ᠲᠡᠶ ᠳᠠᠯ᠎ᠠ ᠲᠡᠶ ᠪᠣᠢ᠃

ᠬᠤᠭᠤᠯᠠ ᠰᠢᠯᠢᠭᠦ ᠪᠠ ᠬᠤᠭᠤᠯᠠ ᠭᠤᠯᠤᠬᠤ ᠨᠢ ᠰᠢᠮ᠎ᠠ ᠳᠡᠵᠢᠭᠡᠯ ᠤᠨ ᠡᠯᠧᠮᠧᠨ᠋ᠲ ᠶᠢ ᠳᠤᠳᠠᠭᠳᠠᠠᠭᠤᠯᠤᠨ ᠰᠢᠮ᠎ᠠ ᠳᠡᠵᠢᠭᠡᠯ ᠭᠦᠢᠴᠡᠯᠳᠦᠭᠦ ᠦᠭᠡᠶ ᠪᠣᠯᠭᠠᠵᠤ ᠦᠰᠤᠯᠳᠠ ᠪᠣᠢ᠌ᠵᠢᠯᠳᠠ ᠪᠠ ᠡᠷᠡᠭᠦᠯ ᠴᠢᠭᠢᠷᠠᠭ ᠢ ᠨᠥᠯᠦᠭᠡᠯᠡᠳᠡᠭ᠌᠃

4. ᠨᠤᠮ ᠥᠵᠡᠭᠦ ᠪᠠ ᠪᠢᠴᠢᠭ᠌ ᠪᠢᠴᠢᠭᠦ ᠳᠤ ᠪᠠᠨ ᠶᠠᠭᠤ ᠶᠢ ᠠᠩᠬᠠᠷᠬᠤ ᠴᠢᠬᠤᠯᠠᠳᠠᠢ ᠪᠣᠢ᠃

ᠭᠦᠳᠡᠯᠦᠯ ᠪᠠᠢ᠌ᠳᠠᠯ ᠵᠤᠭᠢᠰᠳᠡᠢ᠂ ᠭᠡᠷᠡᠯ ᠭᠡᠭᠡ ᠳᠤᠭᠢᠷᠠᠮᠵᠢᠳᠠᠢ᠂ ᠨᠢᠳᠤ ᠪᠣᠯᠤᠨ ᠨᠤᠮ ᠳᠠᠪᠳᠠᠷ ᠤᠨ ᠬᠤᠭᠤᠷᠤᠠᠳᠤᠭᠢ ᠵᠠᠢ ᠶᠢ ᠨᠢᠭᠡ ᠳᠤᠬᠤᠢ ᠭᠢᠷᠢ ᠵᠠᠢ ᠲᠡᠶ ᠪᠠᠢ᠌ᠯᠭᠠᠵᠤ᠂ ᠭᠡᠳᠦᠷᠭᠡᠢ ᠣᠷᠳᠤ ᠴᠠᠭ ᠶᠢᠡᠷ ᠣᠩᠰᠢᠬᠤ ᠦᠭᠡᠶ ᠪᠠᠢ᠌ᠵᠤ᠂ ᠵᠠᠮ ᠶᠠᠪᠣᠬᠤ ᠪᠣᠶᠤ ᠳᠡᠷᠭᠡᠨ ᠳᠤ ᠰᠠᠭᠤᠬᠤ ᠳᠤ ᠪᠠᠨ ᠨᠤᠮ ᠥᠵᠡᠭᠦ ᠶᠢ ᠴᠡᠭᠡᠷᠯᠡᠭᠦ ᠭᠡᠷᠡᠭ᠍ᠳᠡᠢ᠃

5. ᠪᠠᠭ᠎ᠠ ᠰᠤᠷᠭᠠᠭᠤᠯᠢ ᠶᠢᠨ ᠰᠤᠷᠤᠭᠴᠢ ᠶᠠᠮᠠᠷ ᠡᠷᠡᠭᠦᠯ ᠬᠠᠮᠠᠭᠠᠯᠠᠯ ᠤᠨ ᠵᠠᠩᠰᠢᠯ ᠢ ᠭᠦᠮᠦᠵᠢᠭᠦᠯᠪᠠᠯ ᠵᠤᠭᠢᠬᠤ ᠪᠣᠢ᠃

ᠨᠢᠭᠡ ᠳᠤ᠂ ᠡᠷᠳᠡ ᠣᠷᠤᠢ ᠨᠢᠭᠤᠷ ᠶᠢᠡᠨ ᠣᠭᠢᠶᠠᠨ᠎ᠠ᠃

ᠬᠤᠶᠠᠷ ᠲᠤ᠂ ᠡᠷᠳᠡ ᠣᠷᠤᠢ ᠰᠢᠳᠤ ᠪᠠᠨ ᠱᠤᠸᠠᠰᠠᠳᠠᠨ᠎ᠠ᠃

ᠭᠤᠷᠪᠠ ᠳᠤ᠂ ᠬᠤᠭᠤᠯᠠᠨ ᠡᠴᠠ ᠡᠮᠤᠨ᠎ᠡ ᠪᠠᠶ᠎ᠠ ᠴᠡᠪᠠᠷᠯᠡᠭ᠍ᠰᠡᠨ ᠤ ᠳᠠᠷᠠᠭ᠎ᠠ ᠭᠠᠷ ᠶᠢᠡᠨ ᠣᠭᠢᠶᠠᠨ᠎ᠠ᠃

ᠳᠦᠷᠪᠠ ᠳᠤ᠂ ᠣᠠᠳᠠᠬᠤ ᠡᠴᠠ ᠪᠠᠨ ᠡᠮᠦᠨ᠎ᠡ ᠭᠦᠯ ᠶᠢᠡᠨ ᠣᠭᠢᠶᠠᠨ᠎ᠠ᠃

ᠳᠠᠪᠣ ᠳᠤ᠂ ᠳᠤᠯᠤᠭᠠᠢ ᠪᠠᠨ ᠦᠷᠭᠦᠯᠵᠢ ᠣᠭᠢᠶᠠᠨ᠎ᠠ᠃

ᠵᠢᠷᠭᠤᠭ᠎ᠠ ᠳᠤ᠂ ᠪᠠᠶ᠎ᠠ ᠪᠠᠨ ᠢᠮᠠᠭᠳᠠ ᠣᠭᠢᠶᠠᠨ᠎ᠠ᠃

ᠳᠤᠯᠤᠭ᠎ᠠ ᠳᠤ᠂ ᠭᠢᠮᠤᠰᠤ ᠪᠠᠨ ᠴᠠᠭ ᠳᠤᠬᠠᠢ ᠳᠤ ᠨᠢ ᠠᠪᠣᠨ᠎ᠠ᠃

ᠨᠢ᠋ᠮᠠ ᠳᠤ᠂ ᠭᠤᠧᠨ ᠵᠢᠮᠢᠰ ᠢᠳᠡᠭᠦ ᠳᠤ ᠪᠠᠨ ᠣᠭᠢᠶᠠᠨ ᠴᠠᠪᠠᠷᠯᠠᠨ᠎ᠡ᠃

ᠶ‍ᠢᠰᠤ ᠳᠤ᠂ ᠭᠦᠢᠳᠡᠨ ᠣᠰᠤ ᠣᠤᠭᠤᠬᠤ ᠦᠭᠡᠶ᠃

ᠠᠷᠪᠠ ᠳᠤ᠂ ᠭᠡᠪᠳᠡᠵᠤ ᠪᠠᠢ᠌ᠭᠠᠤᠨ ᠨᠤᠮ ᠥᠵᠡᠭᠦ ᠦᠭᠡᠶ᠃

6. 《ᠳᠡᠯᠡᠭᠡᠢ ᠶᠢᠨ ᠮᠠᠳᠠᠷᠠᠯ ᠤᠨ ᠡᠷᠡᠭᠦᠯ ᠬᠠᠮᠠᠭᠠᠯᠠᠯ ᠤᠨ ᠡᠳᠦᠷ》 ᠊ᠢ ᠳᠡᠯᠡᠭᠡᠢ ᠶᠢᠨ ᠮᠠᠳᠠᠷᠠᠯ ᠤᠨ ᠡᠪᠡᠳᠴᠢᠨ ᠤ ᠨᠡᠢ᠌ᠭᠡᠮᠯᠢᠭ᠌ ᠡᠴᠠ 1992 ᠣᠨ ᠳᠤ ᠡᠭᠢᠯᠡᠭᠦᠯᠵᠡᠢ᠃ ᠵᠢᠯ ᠪᠦᠷᠢ ᠶᠢᠨ 10 ᠰᠠᠷ᠎ᠠ ᠵᠢᠨ 10 ᠊ᠤ ᠡᠳᠦᠷ ᠪᠣᠯᠤᠨ᠎ᠠ᠃ 2007 ᠣᠨ ᠤ 10 ᠰᠠᠷ᠎ᠠ ᠶᠢᠨ 10 ᠊ᠤ ᠡᠳᠦᠷ ᠪᠣᠯ 16 ᠳ᠋ᠤᠭᠠᠷ ᠣᠳᠠᠭᠠᠨ ᠤ ᠳᠡᠯᠡᠭᠡᠢ ᠶᠢᠨ ᠮᠠᠳᠠᠷᠠᠯ ᠤᠨ ᠡᠷᠡᠭᠦᠯ ᠬᠠᠮᠠᠭᠠᠯᠠᠯ ᠤᠨ ᠡᠳᠦᠷ ᠪᠣᠯᠤᠨ᠎ᠠ᠃

7. ᠰᠠᠳᠭᠢᠴᠠ ᠶᠢᠨ ᠡᠷᠡᠭᠦᠯ ᠴᠢᠭᠢᠷᠠᠭ ᠭᠡᠵᠤ ᠶᠠᠭᠤ ᠪᠣᠢ᠃

1948 ᠣᠨ ᠳᠤ ᠳᠡᠯᠡᠭᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠢ᠌ᠭᠤᠯᠤᠯᠳᠠ ᠶᠢᠨ ᠪᠠᠢ᠌ᠭᠤᠯᠤᠭᠳᠠᠭᠰᠠᠨ ᠦᠨᠳᠦᠰᠦᠨ ᠳᠤᠭᠳᠠᠭᠠᠯ ᠳᠤ ᠳᠤᠭᠳᠠᠭᠠᠭᠰᠠᠨ ᠡᠷᠡᠭᠦᠯ ᠴᠢᠭᠢᠷᠠᠭ ᠤᠨ ᠣᠬᠠᠭᠳᠠᠬᠤᠨ ᠪᠣᠯ᠄ 《ᠪᠠᠶ᠎ᠠ ᠮᠠᠬᠠᠪᠣᠤᠨ ᠤᠨ ᠡᠮᠵᠡᠭ᠌ ᠪᠠ ᠠᠷᠬᠠᠭ ᠭᠡᠮ ᠦᠭᠡᠶ ᠮᠦᠷᠳᠡᠭᠡᠨ ᠪᠠᠰᠠ ᠪᠦᠷᠢᠨ ᠳᠡᠭᠦᠯᠳᠡᠷ ᠹᠢᠽᠢᠤᠯᠤᠭᠢ᠂ ᠰᠠᠳᠭᠢᠴᠠ ᠶᠢᠨ ᠪᠠᠢ᠌ᠳᠠᠯ ᠪᠠ ᠨᠡᠢ᠌ᠭᠡᠮ ᠳᠤ ᠳᠤᠭᠢᠷᠠᠯᠴᠠᠬᠤ ᠴᠢᠳᠠᠪᠣᠷᠢ ᠲᠡᠶ》᠃ ᠡᠭᠦᠨ ᠡᠴᠠ ᠥᠵᠡᠭᠦ ᠳᠤ ᠰᠠᠳᠭᠢᠴᠠ ᠶᠢᠨ ᠡᠷᠡᠭᠦᠯ ᠴᠢᠭᠢᠷᠠᠭ ᠪᠣᠯ ᠪᠦᠷᠢᠨ ᠳᠡᠭᠦᠯᠳᠡᠷ ᠡᠷᠡᠭᠦᠯ ᠴᠢᠭᠢᠷᠠᠭ ᠤᠨ ᠣᠬᠠᠭᠳᠠᠬᠤᠨ ᠤ ᠪᠦᠷᠢᠯᠳᠦᠭᠦᠨ ᠭᠡᠰᠡᠭ᠌ ᠮᠦᠨ᠃ ᠭᠦᠮᠦᠰ ᠦᠪᠡᠷ ᠤᠨ ᠶᠢᠡᠨ ᠪᠠᠶ᠎ᠠ ᠴᠤᠭᠴᠠ ᠶᠢᠨ ᠡᠷᠡᠭᠦᠯ ᠴᠢᠭᠢᠷᠠᠭ ᠢ ᠬᠠᠷᠠᠭᠠᠯᠵᠠᠬᠤ ᠪᠠᠷ ᠪᠠᠷᠠᠬᠤ ᠦᠭᠡᠶ ᠪᠠᠰᠠ ᠦᠪᠡᠷ ᠤᠨ ᠶᠢᠡᠨ ᠰᠠᠳᠭᠢᠴᠠ ᠶᠢᠨ ᠡᠷᠡᠭᠦᠯ ᠴᠢᠭᠢᠷᠠᠭ ᠵᠢᠴᠢ ᠦᠪᠡᠷ ᠤᠨ ᠨᠡᠢ᠌ᠭᠡᠮ ᠲᠡᠶ ᠣᠶᠠᠯᠳᠤᠨ ᠵᠤᠭᠢᠴᠠᠬᠤ ᠭᠡᠮᠵᠢᠶ᠎ᠡ ᠪᠠᠨ ᠠᠩᠬᠠᠷᠳᠠᠭ᠃

8. ᠡᠷᠡᠭᠦᠯ ᠮᠠᠠᠳᠤ ᠶᠢᠨ ᠶᠠᠷᠤ ᠶᠢᠨ ᠮᠡᠳᠡᠯᠭᠡ

* ᠨᠢᠭᠡ ᠭᠠᠷᠠᠭ ᠲᠤ ᠵᠥᠪᠭᠡᠨ ᠳᠦᠷᠪᠠᠨ ᠥᠡᠳᠡᠭᠡ ᠢᠳᠠᠪᠠᠯ ᠵᠤᠭᠢᠨ᠎ᠠ᠃ ᠠᠷᠪᠢᠨ ᠢᠳᠠᠪᠠᠯ ᠡᠷᠡᠭᠦᠯ ᠳᠤ ᠰᠠᠢ᠌ᠨ ᠪᠢᠰᠢ᠃

* ᠳᠠᠭᠢᠶᠠᠨ ᠤ ᠪᠦᠭ᠍ᠰᠡ ᠦᠮᠠᠨ ᠳᠤ ᠨᠡᠷᠪᠠᠭ᠍ᠳᠡᠭᠦ ᠪᠣᠳᠠᠰ ᠲᠡᠶ᠂ ᠢᠳᠡᠭᠦ ᠦᠭᠡᠶ ᠪᠠᠢ᠌ᠪᠠᠯ ᠵᠤᠭᠢᠨ᠎ᠠ᠃

* ᠣᠠᠳᠠᠬᠤ ᠡᠴᠠ ᠪᠠᠨ ᠡᠮᠤᠨ᠎ᠡ ᠶᠠᠭᠤᠮ᠎ᠠ ᠢᠳᠠᠪᠠᠯ ᠮᠠᠷᠢᠶᠠᠯᠠᠨ᠎ᠠ᠃

* ᠨᠢᠳᠤᠨ ᠴᠡᠴᠡᠭᠡᠢ ᠶᠢᠨ ᠡᠷᠡᠭᠦᠯ ᠤᠨ ᠳᠠᠮᠢᠷ ᠭᠢᠪᠠᠯ ᠨᠢᠳᠤᠨ ᠤ ᠶᠠᠳᠠᠷᠠᠯ ᠢ ᠳᠠᠢ᠌ᠯᠤᠨ᠂ ᠨᠢᠳᠤᠨ ᠬᠠᠷᠠᠭ᠎ᠠ ᠶᠢ ᠬᠠᠮᠠᠭᠠᠯᠠᠨ᠂ ᠤᠢ᠌ᠷ᠎ᠡ ᠬᠠᠷᠠᠭ᠎ᠠ ᠶᠢ ᠰᠡᠷᠭᠡᠢ᠌ᠯᠡᠵᠤ ᠴᠢᠳᠠᠨ᠎ᠠ᠃

* ᠭᠦᠢᠳᠡᠨ ᠣᠰᠤᠨ ᠳᠤ ᠡᠪᠡᠳᠴᠢᠨ ᠤ ᠪᠠᠺᠲ᠋ᠸᠷᠢ᠂ ᠬᠤᠷᠤᠬᠠᠢ ᠶᠢᠨ ᠥᠡᠳᠡᠭᠡ ᠶᠢᠨ ᠠᠭᠤᠯᠬᠤᠨ ᠪᠠᠢ᠌ᠵᠤ ᠭᠡᠳᠡᠰᠤᠨ ᠤ ᠬᠠᠯᠳᠠᠪᠣᠷᠢᠳᠤ ᠡᠪᠡᠳᠴᠢᠨ ᠪᠠ ᠭᠡᠳᠡᠰᠤᠨ ᠤ ᠮᠥᠯᠵᠢᠭᠦᠷ ᠬᠤᠷᠤᠬᠠᠢ ᠶᠢ ᠡᠭᠦᠰᠭᠡᠳᠡᠭ᠌ ᠡᠴᠠ ᠭᠦᠢᠳᠡᠨ ᠣᠰᠤ ᠣᠤᠭᠤᠬᠤ ᠦᠭᠡᠶ ᠪᠠᠢ᠌ᠪᠠᠯ ᠵᠤᠭᠢᠨ᠎ᠠ᠃


ᠠᠮᠤᠷ ᠲᠦᠪᠰᠢᠨ ᠤ ᠰᠤᠷᠭᠠᠨ ᠭᠦᠮᠦᠵᠢᠯ ᠤᠨ ᠬᠠᠭᠤᠳᠠᠰᠤ


ᠭᠠᠳᠠᠨ᠎ᠠ ᠶᠠᠪᠣᠬᠤ ᠳᠤ ᠪᠠᠨ ᠭᠡᠷᠰᠡᠤᠯᠡᠭᠦ ᠭᠡᠷᠡᠭ᠍ᠳᠡᠢ 1 ᠊᠊᠊᠊᠊᠊᠊᠊᠊᠊᠊᠊᠊᠊᠊ ᠮᠤᠭᠠᠢ ᠳᠠᠭᠠᠷᠠᠯᠳᠤᠪᠠᠯ ᠵᠠᠢ᠌ᠯᠠᠨ᠎ᠠ᠃


ᠵᠤᠨ ᠤ ᠴᠠᠭ ᠤᠨ ᠳᠠᠷᠢᠶ᠎ᠠ ᠪᠣᠶᠤ ᠡᠪᠠᠰᠤᠨ ᠳᠤᠮᠳᠠ ᠦᠷᠭᠦᠯᠵᠢ ᠡᠯ᠎ᠡ ᠵᠣᠢ᠌ᠯ ᠤᠨ ᠮᠤᠭᠠᠢ ᠢᠯᠡᠷᠡᠳᠡᠭ᠌᠃ ᠮᠤᠭᠠᠢ ᠶᠠᠷᠤ ᠳᠤ ᠪᠠᠨ ᠭᠦᠮᠤᠨ ᠵᠥᠭ᠌ ᠭᠦᠳᠡᠯᠦᠩᠭᠦᠢ ᠪᠠᠷ ᠳᠠᠭᠠᠷᠢᠳᠠᠭ ᠦᠭᠡᠶ᠃ ᠭᠡᠷᠪᠡ ᠮᠤᠭᠠᠢ ᠳᠠᠭᠠᠷᠠᠪᠠᠯ ᠬᠤᠯᠠᠬᠠᠨ ᠵᠠᠢ᠌ᠯᠠᠬᠤ ᠪᠠᠷ ᠰᠠᠮ ᠰᠡᠮᠭᠡᠨ ᠳᠤᠳᠠᠭᠠᠵᠤ ᠶᠠᠪᠣᠨ᠎ᠠ᠃ ᠶᠠᠭᠠᠭᠢᠭᠰᠠᠨ ᠴᠤ ᠰᠠᠨᠠᠭᠠᠨ ᠳᠤᠷ᠎ᠠ ᠪᠠᠷ ᠶᠢᠡᠨ ᠥᠳᠦᠭᠡᠨ ᠠᠭᠠᠰᠢᠯᠠᠵᠤ ᠪᠣᠯᠬᠤ ᠦᠭᠡᠶ᠃ ᠭᠡᠷᠪᠡ ᠭᠢᠵᠢᠶᠠᠮᠵᠢ ᠦᠭᠡᠶ ᠪᠠᠷ ᠬᠤᠤᠷᠳᠤ ᠮᠤᠭᠠᠢ ᠳᠤ ᠬᠠᠳᠬᠤᠭᠳᠠᠪᠠᠯ᠂ ᠴᠠᠭ ᠳᠤᠬᠠᠢ ᠳᠤ ᠨᠢ ᠳᠦᠷᠭᠡᠨ ᠡᠮᠴᠢ ᠡᠷᠢᠵᠤ ᠡᠮᠨᠡᠭᠦᠯᠤᠨ᠎ᠡ᠃ ᠡᠰᠡᠪᠠᠰᠤ ᠠᠮᠢ ᠨᠠᠰᠤᠨ ᠤ ᠠᠶᠤᠯ ᠳᠦᠭ᠍ᠰᠢᠭᠦᠷᠢ ᠲᠡᠶ᠃


ᠭᠠᠳᠠᠨ᠎ᠠ ᠶᠠᠪᠣᠬᠤ ᠳᠤ ᠪᠠᠨ ᠭᠡᠷᠰᠡᠤᠯᠡᠭᠦ ᠭᠡᠷᠡᠭ᠍ᠳᠡᠢ 2 ᠊᠊᠊᠊᠊᠊᠊᠊᠊᠊᠊᠊᠊᠊᠊ ᠵᠠᠮ ᠶᠠᠪᠣᠬᠤ ᠳᠤ ᠪᠠᠨ ᠠᠩᠬᠠᠷᠤᠯ ᠶᠢᠡᠨ ᠳᠦᠪᠯᠡᠷᠡᠭᠦᠯᠤᠨ᠎ᠡ᠃


ᠵᠡᠭᠡᠯᠢ ᠳᠤ ᠭᠠᠷᠬᠤ ᠳᠤ ᠪᠠᠨ ᠡᠷᠭᠡᠪᠰᠢ ᠵᠠᠮ ᠬᠠᠷᠢᠯᠴᠠᠭᠠᠨ ᠤ ᠬᠠᠤᠯᠢ ᠳᠤᠭᠳᠠᠭᠠᠯ ᠢ ᠡᠷᠭᠢᠮᠯᠡᠨ᠎ᠡ᠃ ᠳᠤᠷ᠎ᠠ ᠪᠠᠷ ᠵᠠᠰᠠᠮᠠᠯ ᠵᠠᠮ ᠢ ᠭᠦᠡᠳᠡᠯᠡᠨ ᠭᠡᠳᠦᠯᠭᠦ ᠪᠣᠶᠤ ᠣᠯᠠᠭᠠᠨ ᠳ᠋ᠸᠩ ᠥᠭᠡᠳᠡ ᠰᠢᠪᠳᠤᠯᠵᠤ ᠪᠣᠯᠬᠤ ᠦᠭᠡᠶ᠃ ᠡᠷᠭᠡᠪᠰᠢ ᠨᠢᠭᠡ ᠳᠤ ᠦᠵᠡᠨ᠎ᠡ᠂ ᠬᠤᠶᠠᠷ ᠲᠤ ᠣᠳᠠᠭᠠᠨ᠂ ᠭᠤᠷᠪᠠ ᠳᠤ ᠨᠠᠪᠳᠠᠷᠠᠨ᠎ᠡ᠃ ᠵᠠᠮ ᠶᠠᠪᠣᠬᠤ ᠳᠠᠭᠠᠤ ᠰᠡᠳᠭᠢᠯ ᠤᠨ ᠶᠠᠪᠣᠳᠠᠯ ᠶᠢᠡᠨ ᠪᠣᠳᠤᠯᠭᠢᠯᠠᠵᠤ ᠵᠠᠰᠠᠮᠠᠯ ᠵᠠᠮ ᠳᠡᠭᠡᠷ᠎ᠡ ᠵᠦᠷᠢᠯᠳᠤᠵᠤ ᠪᠠᠢ᠌ᠭ᠎ᠠ ᠳᠡᠷᠭᠡ ᠣᠨᠤᠭ᠎ᠠ ᠪᠠ ᠭᠦᠮᠤᠨ ᠢ ᠠᠩᠬᠠᠷᠠᠬᠤ ᠦᠭᠡᠶ ᠭᠢᠴᠢᠶᠡᠭᠦ ᠦᠭᠡᠶ ᠪᠣᠯ ᠭᠢᠯᠪᠠᠷᠬᠠᠨ ᠡ᠊ᠨᠳᠡᠭ᠍ᠳᠡᠯ ᠭᠠᠷᠴᠤ ᠮᠠᠳᠠᠨ᠎ᠡ᠃ ᠵᠠᠮ ᠶᠠᠪᠣᠬᠤ ᠳᠠᠭᠠᠤ ᠶᠠᠷᠢᠶ᠎ᠠ ᠭᠦᠭᠡᠷᠦᠭᠡ ᠪᠣᠯᠵᠤ ᠶᠠᠷᠢᠯᠴᠠᠭ᠎ᠠ ᠨᠢ ᠳᠤᠩ ᠣᠷᠮᠠᠳᠠᠢ ᠦᠶᠡᠰ ᠲᠤ ᠪᠠᠨ ᠣᠷᠴᠢᠨ ᠳᠤᠭᠤᠷᠢᠨ ᠤ ᠠᠵᠢᠭᠯᠠᠯᠳᠠ ᠪᠠᠨ ᠣᠮᠳᠤᠭᠠᠢ᠌ᠯᠠᠪᠠᠯ ᠵᠠᠮ ᠬᠠᠷᠢᠯᠴᠠᠭᠠᠨ ᠤ ᠡ᠊ᠨᠳᠡᠭ᠍ᠳᠡᠯ ᠭᠠᠷᠬᠤ ᠪᠣᠯᠤᠯᠴᠠᠭ᠎ᠠ ᠲᠡᠶ᠃ ᠬᠤᠳᠠ ᠶᠢᠨ ᠳᠡᠭᠦᠷᠭᠡ ᠪᠠᠷ ᠭᠡᠭᠡᠷ᠎ᠡ ᠭᠠᠳᠠᠨ᠎ᠠ ᠶᠠᠪᠣᠬᠤ ᠳᠤ ᠭᠦᠮᠤᠨ ᠴᠥᠭᠡᠨ ᠳᠡᠷᠭᠡ ᠴᠥᠭᠡᠨ ᠭᠡᠵᠤ ᠨᠢᠰᠭᠦ ᠮᠠᠳᠤ ᠳᠦᠷᠭᠡᠨ ᠭᠦᠶ‍ᠦᠵᠤ ᠪᠠᠢ᠌ᠭᠠᠤᠨ ᠠᠯᠢ ᠨᠢᠭᠡ ᠴᠠᠭ ᠲᠤ ᠰᠠᠭᠠᠤᠨ ᠳᠤᠳᠬᠠᠷ ᠲᠤ ᠣᠴᠠᠷᠠᠵᠤ ᠮᠠᠳᠠᠨ᠎ᠠ᠃ ᠵᠢᠱᠢᠶᠠᠯᠠᠪᠠᠯ ᠴᠠᠭᠢᠯᠠᠭᠠᠨ ᠣᠳᠠᠰᠤᠨ ᠪᠠᠭᠠᠨ᠎ᠠ ᠶᠢᠨ ᠳᠠᠳᠠᠮᠠᠯ ᠳᠠᠮᠤᠷ ᠣᠳᠠᠰᠤ᠂ ᠬᠠᠶᠠᠭᠳᠠᠭᠰᠠᠨ ᠱᠣᠢ᠌ᠨᠢ ᠬᠠᠪᠳᠠᠰᠤ ᠭᠡᠭᠦ ᠮᠠᠳᠤ ᠳᠤ ᠬᠠᠷᠭᠤᠪᠠᠯ ᠳᠤᠩ ᠠᠶᠤᠯ ᠲᠡᠶ ᠪᠠᠢ᠌ᠳᠠᠭ᠃ ᠪᠠᠢ᠌ᠷᠢ ᠶᠢᠨ ᠣᠷᠴᠢᠨ ᠳᠤ ᠮᠠᠰᠢ ᠠᠮᠤᠷ ᠲᠦᠪᠰᠢᠨ ᠪᠠᠢ᠌ᠳᠠᠭ ᠪᠣᠯᠪᠠᠴᠤ ᠡᠰᠢ ᠳᠠᠰᠢ ᠶᠠᠪᠣᠬᠤ ᠳᠤ ᠪᠠᠨ ᠠᠩᠬᠠᠷᠤᠨ ᠠᠵᠢᠭᠯᠠᠬᠤ ᠭᠡᠷᠡᠭ᠍ᠳᠡᠢ᠃ ᠭᠢᠴᠢᠶᠡᠭᠦ ᠦᠭᠡᠶ ᠪᠣᠯ ᠳᠠᠪᠠᠯ ᠬᠤᠪᠴᠠᠰᠤ ᠬᠠᠳᠠᠭᠠᠵᠤ ᠪᠠᠢ᠌ᠭ᠎ᠠ ᠳᠡᠭᠡᠰᠤᠨ ᠳᠤ ᠳᠤᠷᠤᠨ ᠣᠨᠠᠳᠠᠭ᠃


ᠭᠠᠳᠠᠨ᠎ᠠ ᠶᠠᠪᠣᠬᠤ ᠳᠤ ᠪᠠᠨ ᠭᠡᠷᠰᠡᠤᠯᠡᠭᠦ ᠭᠡᠷᠡᠭ᠍ᠳᠡᠢ 3 ᠊᠊᠊᠊᠊᠊᠊᠊᠊᠊᠊᠊᠊᠊᠊ ᠭᠠᠳᠠᠭᠰᠢ ᠭᠠᠷᠪᠠᠯ ᠴᠠᠭ ᠲᠤ ᠪᠠᠨ ᠪᠣᠴᠠᠨ᠎ᠠ᠃


ᠰᠤᠷᠭᠠᠭᠤᠯᠢ ᠳᠠᠷᠠᠭᠰᠠᠨ ᠤ ᠰᠡᠭᠦᠯᠡᠷ ᠴᠠᠭ ᠲᠤ ᠪᠠᠨ ᠭᠡᠷ ᠲᠤ ᠪᠠᠨ ᠪᠣᠴᠠᠨ᠎ᠠ᠃ ᠣᠠᠴᠠᠭᠠᠢ ᠪᠠᠢ᠌ᠳᠠᠯ ᠲᠡᠶ ᠪᠣᠯ ᠴᠠᠭ ᠳᠤᠬᠠᠢ ᠳᠤ ᠨᠢ ᠭᠡᠷ ᠤᠨ ᠭᠦᠮᠦᠰ ᠪᠣᠶᠤ ᠬᠠᠮᠳᠤ ᠰᠤᠷᠤᠭᠴᠢ ᠡᠰᠡᠭᠦᠯ᠎ᠡ ᠪᠠᠭᠰᠢ ᠳᠤ ᠪᠠᠨ ᠳᠤᠳᠤᠷᠬᠠᠢ ᠶᠠᠷᠢᠵᠤ ᠦᠭ‍ᠭᠦᠨ᠎ᠡ᠃

ᠭᠠᠷᠠᠭ ᠤᠨ ᠡᠳᠦᠷ ᠪᠢᠴᠢᠬᠠᠨ ᠨᠥᠭᠦᠤᠨ ᠦᠷᠭᠦᠯᠵᠢ ᠬᠤᠳᠠ ᠶᠢᠨ ᠳᠡᠭᠦᠷᠭᠡ ᠪᠠᠷ ᠵᠤᠭᠠᠴᠠᠬᠤ ᠪᠠᠷ ᠪᠣᠯᠵᠤᠭ᠎ᠠ ᠳᠤᠭᠳᠠᠳᠠᠭ᠃

ᠵᠤᠭᠠᠴᠠᠬᠤ ᠪᠠᠷ ᠭᠠᠷᠬᠤ ᠡᠴᠠ ᠪᠠᠨ ᠡᠮᠤᠨ᠎ᠡ ᠡᠷᠭᠡᠪᠰᠢ ᠵᠤᠭᠠᠴᠠᠬᠤ ᠲᠦᠯᠦᠪᠯᠡᠭᠡ ᠪᠠᠨ ᠠᠪᠣ ᠡᠵᠢ ᠳᠤ ᠪᠠᠨ ᠨᠠᠷᠢᠯᠢᠭ ᠭᠡᠯᠡᠵᠤ ᠦᠭ‍ᠭᠦᠨ᠂ ᠵᠥᠪᠰᠢᠶᠡᠷᠡᠯ ᠣᠯᠤᠭᠰᠠᠨ ᠤ ᠰᠡᠭᠦᠯᠡᠷ ᠰᠠ‍‌ᠶᠢ ᠭᠦᠳᠡᠯᠦᠨ᠎ᠡ᠃ ᠳᠡᠭᠦᠷᠭᠡ ᠪᠠᠷ ᠵᠤᠭᠠᠴᠠᠬᠤ ᠨᠢ ᠣᠯᠳᠠᠬᠤᠶ᠎ᠠ ᠪᠠᠷᠭᠡ ᠵᠠᠪᠰᠢᠶᠠᠨ ᠪᠣᠯᠬᠤᠷ ᠣᠯᠠᠨ ᠶᠢᠡᠷ ᠶᠢᠡᠨ ᠪᠦᠷ ᠬᠠᠠᠳᠠᠯ᠎ᠠ ᠨᠠᠭᠠᠳᠤᠶ᠎ᠠ ᠭᠡᠵᠤ ᠰᠠᠨᠠᠪᠠᠴᠤ ᠶᠠᠭᠠᠭᠢᠭᠰᠠᠨ ᠴᠤ ᠭᠡᠷ ᠲᠤ ᠪᠠᠨ ᠬᠠᠷᠢᠬᠤ ᠶᠢ ᠮᠠᠷᠳᠠᠵᠤ ᠪᠣᠯᠬᠤ ᠦᠭᠡᠶ᠃ ᠴᠠᠭ ᠲᠤ ᠪᠠᠨ ᠭᠡᠷ ᠲᠤ ᠪᠠᠨ ᠬᠠᠷᠢᠬᠤ ᠦᠭᠡᠶ ᠪᠣᠯ ᠶᠡᠭᠡ ᠭᠦᠮᠦᠰ ᠯᠠᠪᠳᠠᠢ ᠳᠤᠩ ᠪᠠᠴᠢᠮᠳᠠᠨ ᠰᠠᠠᠳᠤᠷᠳᠠᠭ᠃ ᠭᠡᠷᠪᠡ ᠨᠠᠭᠠᠳᠤᠮ ᠳᠤ ᠪᠠᠨ ᠰᠢᠨᠤᠵᠤ ᠰᠡᠭᠦᠯᠴᠢ ᠶᠢᠨ ᠡᠭᠡᠯᠵᠢ ᠶᠢᠨ ᠮᠠᠰᠢᠨ ᠡᠴᠠ ᠬᠤᠴᠤᠷᠪᠠᠯ᠂ ᠠᠷᠭ᠎ᠠ ᠰᠥᠪᠠᠭ᠍ᠴᠢᠯᠡᠨ ᠴᠠᠭᠳᠠᠭ᠎ᠠ ᠠᠪᠠᠭ᠎ᠠ ᠪᠠᠨ ᠡᠷᠢᠵᠤ ᠬᠠᠪᠰᠦᠷᠦᠮᠵᠢ ᠭᠦᠰᠡᠨ ᠭᠡᠷ ᠲᠤ ᠪᠠᠨ ᠣᠳᠠᠰᠤ ᠠᠪᠣᠭᠤᠯᠤᠨ ᠦᠳᠡᠰᠢ 9 ᠴᠠᠭ ᠡᠴᠠ ᠡᠮᠤᠨ᠎ᠡ ᠭᠡᠷ ᠭᠡᠷ ᠲᠤ ᠪᠠᠨ ᠬᠠᠷᠢᠵᠠᠭᠠᠨ᠎ᠠ᠃ ᠪᠣᠢ᠌ᠳᠠ ᠪᠦᠭᠯᠡᠭᠦᠤ ᠭᠠᠵᠠᠷ ᠣᠷᠤᠨ ᠪᠣᠶᠤ ᠭᠦᠮᠤᠨ ᠬᠠᠷ᠎ᠠ ᠴᠥᠭᠡᠨ ᠵᠠᠮ ᠵᠡᠭᠡᠯᠢ ᠪᠠᠷ ᠶᠠᠪᠣᠬᠤ ᠦᠭᠡᠶ᠃


ᠭᠠᠳᠠᠭᠰᠢ ᠶᠠᠪᠣᠬᠤ ᠳᠤ ᠪᠠᠨ ᠭᠡᠷᠰᠡᠤᠯᠡᠭᠦ ᠭᠡᠷᠡᠭ᠍ᠳᠡᠢ 4 ᠊᠊᠊᠊᠊᠊᠊᠊᠊᠊᠊᠊᠊᠊᠊ ᠤᠯᠡᠨᠭᠦᠮᠤᠨ ᠠᠪᠠᠭᠠᠷᠠᠯᠳᠤᠨ ᠰᠢᠬᠠᠯᠳᠤᠬᠤ ᠨᠢ ᠠᠮᠤᠷ ᠲᠦᠪᠰᠢᠨ ᠪᠢᠰᠢ᠃


ᠪᠠᠶᠠᠷ ᠳᠤᠷᠠᠰᠬᠠᠯ ᠤᠨ ᠡᠳᠦᠷ ᠪᠣᠶᠤ ᠴᠤᠭᠯᠠᠭᠠᠨ ᠤ ᠦᠶᠡᠰ ᠭᠦᠮᠤᠨ ᠶᠠᠷᠤ ᠳᠤ ᠪᠠᠨ ᠳᠤᠩ ᠣᠯᠠᠨ ᠪᠠᠢ᠌ᠳᠠᠭ᠃ ᠪᠢᠴᠢᠬᠠᠨ ᠨᠥᠭᠦᠤᠨ ᠨᠠᠷᠭᠢᠶᠠᠨ ᠳᠤ ᠳᠤᠷᠠᠳᠠᠢ ᠪᠣᠯᠪᠠᠴᠤ ᠵᠠᠪᠠᠯ ᠶᠡᠭᠡ ᠭᠦᠮᠤᠨ ᠶᠢᠡᠨ ᠳᠠᠭᠠᠯᠳᠤᠬᠤ ᠭᠡᠷᠡᠭ᠍ᠳᠡᠢ᠃ ᠭᠦᠮᠤᠨ ᠣᠯᠠᠨ ᠭᠠᠵᠠᠷ ᠶᠢᠡᠷ ᠰᠢᠬᠠᠯᠳᠤᠬᠤ ᠦᠭᠡᠶ ᠪᠠᠢ᠌ᠵᠤ᠂ ᠰᠢᠬᠠᠨ ᠰᠢᠷᠬᠠᠳᠤᠭᠤᠯᠬᠤ᠂ ᠭᠢᠰᠭᠢᠨ ᠰᠢᠷᠬᠠᠳᠤᠭᠤᠯᠬᠤ ᠡᠴᠠ ᠭᠢᠴᠢᠶᠡᠭᠦ ᠭᠡᠷᠡᠭ᠍ᠳᠡᠢ᠃ ᠳᠢᠶᠡᠲ᠋ᠷ᠂ ᠵᠥᠴᠦᠭᠡ ᠶᠢᠨ ᠭᠦᠷᠢᠶᠡᠯᠡᠩ᠂ ᠬᠤᠷᠠᠯ ᠤᠨ ᠳᠠᠯᠠᠪᠣᠷ ᠵᠡᠷᠭᠡ ᠶᠢᠨ ᠣᠯᠠᠨ ᠨᠠᠢ᠌ᠳᠠ ᠶᠢᠨ ᠴᠤᠭᠯᠠᠭᠠᠨ ᠤ ᠳᠠᠯᠠᠪᠣᠷ ᠲᠤ ᠭᠡᠷᠪᠡ ᠭᠠᠯ ᠤᠨ ᠠᠶᠤᠯ᠂ ᠳᠡᠯᠪᠠᠷᠡᠭᠦ ᠡ᠊ᠨᠳᠡᠭ᠍ᠳᠡᠯ ᠭᠠᠷᠪᠠᠯ ᠭᠦᠮᠤᠨ ᠤ ᠣᠷᠤᠰᠬᠠᠯ ᠡᠭᠦᠳᠡᠨ ᠤ ᠵᠠᠬ᠎ᠠ ᠳᠤ ᠰᠢᠬᠠᠯᠳᠤᠨ ᠭᠦᠷᠳᠡᠭ᠌᠃ ᠪᠢᠴᠢᠬᠠᠨ ᠨᠥᠭᠦᠤᠨ ᠡᠨᠡᠭᠦ ᠳᠠᠯᠠᠪᠣᠷ ᠲᠤ ᠪᠠᠢ᠌ᠪᠠᠯ᠂ ᠰᠤᠬᠤᠷ ᠪᠠᠯᠠᠢ ᠪᠠᠷ ᠰᠢᠬᠠᠴᠠᠯᠳᠤᠬᠤ ᠦᠭᠡᠶ ᠪᠠᠢ᠌ᠵᠤ᠂ ᠳᠤᠭᠳᠠᠭᠤᠨ ᠠᠵᠢᠭᠯᠠᠵᠤ᠂ ᠵᠤᠬᠢᠶᠠᠨ ᠪᠠᠢ᠌ᠭᠤᠯᠤᠭᠴᠢ ᠶᠢᠨ ᠵᠠᠭᠢᠷᠬᠤ ᠶᠢ ᠰᠤᠨᠤᠰᠤᠨ᠂ ᠬᠤᠷᠳᠤᠨ ᠲ᠋ᠠᠷᠬᠠᠨ ᠭᠠᠷᠤᠨ᠎ᠠ᠃ ᠠᠰᠠᠷ ᠤᠨ ᠱᠠᠳᠤᠨ ᠤ ᠢᠪᠴᠤᠤ ᠨᠡᠪᠳᠡᠷᠡᠭᠦ ᠵᠠᠮ ᠳᠤ ᠪᠠᠰᠠ ᠰᠢᠬᠠᠯᠳᠤᠬᠤ ᠦᠭᠡᠶ ᠪᠠᠢ᠌ᠵᠤ᠂ ᠭᠡᠷᠪᠡ ᠭᠡᠨᠡᠳᠲᠡ ᠴᠠᠭᠢᠯᠭᠠᠨ ᠵᠤᠭᠰᠤᠬᠤ ᠪᠣᠶᠤ ᠭᠡᠷᠡᠯᠳᠦᠯᠭᠡ ᠦᠭᠡᠶ ᠦᠶ᠎ᠡ ᠳᠤ ᠡᠷᠭᠡᠪᠰᠢ ᠭᠦᠯᠢᠶᠡᠵᠤ ᠪᠠᠢ᠌ᠭᠠᠤᠨ ᠭᠦᠮᠤᠨ ᠴᠥᠭᠡᠨ ᠦᠶ᠎ᠡ ᠳᠤ ᠨᠠᠪᠳᠠᠷᠠᠨ ᠭᠠᠷᠦᠨ᠎ᠡ᠃ ᠡᠰᠡᠪᠠᠯ ᠭᠦᠮᠤᠨ ᠤ ᠣᠷᠤᠰᠬᠠᠯ ᠡᠵᠡᠮᠰᠢᠯ ᠵᠤᠭᠢᠴᠠᠯ ᠶᠢᠡᠨ ᠠᠯᠳᠠᠪᠠᠯ ᠭᠢᠴᠢᠶᠠᠮᠵᠢ ᠦᠭᠡᠶ ᠪᠠᠷ ᠤᠢ᠌ᠴᠢᠨ ᠣᠨᠠᠬᠤ ᠪᠣᠶᠤ ᠠᠶᠤᠯ ᠳᠦᠭ᠍ᠰᠢᠭᠦᠷᠢ ᠲᠡᠶ ᠪᠣᠯᠳᠠᠭ᠃ ᠭᠦᠭᠦᠷᠭᠡ ᠭᠠᠳᠤᠯᠬᠤ ᠦᠶ᠎ᠡ ᠳᠤ ᠴᠤ ᠰᠢᠬᠠᠯᠳᠤᠵᠤ ᠪᠠᠢ᠌ᠭ᠎ᠠ ᠭᠦᠮᠤᠨ ᠤ ᠣᠷᠤᠰᠬᠠᠯ ᠳᠤ ᠣᠷᠤᠵᠤ ᠪᠣᠯᠬᠤ ᠦᠭᠡᠶ᠃ ᠭᠦᠭᠦᠷᠭᠡ ᠶᠢᠨ ᠳᠤᠤᠷ᠎ᠠ ᠰᠢᠬᠠᠭᠳᠠᠨ ᠣᠷᠤᠬᠤ ᠡᠴᠠ ᠪᠣᠯᠭᠤᠮᠵᠢᠯᠠᠬᠤ ᠭᠡᠷᠡᠭ᠍ᠳᠡᠢ᠃ ᠡᠰᠡᠭᠦᠯ᠎ᠡ ᠭᠦᠭᠦᠷᠭᠡ ᠶᠢᠨ ᠳᠠᠭᠠᠭᠠᠴᠠ ᠡᠴᠠ ᠭᠡᠳᠦᠷᠡᠨ ᠬᠤᠭᠤᠷᠠᠬᠤ ᠡᠴᠠ ᠰᠡᠷᠭᠡᠢ᠌ᠯᠡᠭᠦ ᠭᠡᠷᠡᠭ᠍ᠳᠡᠢ᠃


ᠨᠠᠭᠠᠳᠴᠤ ᠳᠤᠭᠯᠠᠬᠤ ᠳᠤ ᠪᠠᠨ ᠭᠡᠷᠰᠡᠤᠯᠡᠭᠦ ᠵᠣᠢ᠌ᠯ 1 ᠊᠊᠊᠊᠊᠊᠊᠊᠊᠊᠊᠊᠊᠊᠊ ᠠᠰᠠᠷ ᠤᠨ ᠱᠠᠳᠤ ᠳᠡᠭᠡᠷ᠎ᠡ ᠨᠠᠭᠠᠳᠴᠤ ᠪᠣᠯᠬᠤ ᠦᠭᠡᠶ᠃


ᠠᠰᠠᠷ ᠤᠨ ᠱᠠᠳᠤ ᠳᠡᠭᠡᠷ᠎ᠡ ᠨᠠᠭᠠᠳᠴᠤ ᠥᠢᠮᠡᠭᠦ ᠨᠢ ᠰᠠᠢ᠌ᠨ ᠪᠢᠰᠢ᠃ ᠨᠢᠭᠡᠯᠭᠡᠨ ᠡ᠊ᠨᠳᠡᠭ᠍ᠳᠡᠯ ᠭᠠᠷᠪᠠᠯ ᠶᠡᠭᠡ ᠵᠤᠪᠠᠭᠤᠷᠢ ᠪᠣᠯᠳᠠᠭ᠃ ᠭᠠᠷ ᠳᠦᠰᠢᠭᠦ ᠭᠡᠷᠡᠰᠭᠡ ᠳᠡᠭᠡᠷ᠎ᠡ ᠡᠴᠠ ᠳᠤᠷᠤᠭᠰᠢ ᠭᠤᠯᠭᠤᠷᠢᠬᠤ ᠨᠠᠭᠠᠳᠤᠮ ᠨᠢ ᠡ᠊ᠨᠳᠡᠭᠦᠤ ᠳᠠᠨᠢᠯᠳᠠ ᠶᠤᠮ᠃ ᠳᠠᠷᠠ ᠨᠢ ᠭᠢᠯᠪᠠᠷᠬᠠᠨ ᠡᠵᠡᠮᠰᠢᠯ ᠶᠢᠡᠨ ᠠᠯᠳᠠᠨ ᠣᠨᠠᠳᠠᠭ᠃ ᠠᠰᠠᠷ ᠤᠨ ᠱᠠᠳᠤ ᠳᠡᠭᠡᠷ᠎ᠡ ᠭᠦᠭᠡᠭᠡᠴᠡᠯᠲᠳ ᠬᠦᠶ‍ᠦᠯᠳᠦᠪᠠᠯ ᠠᠶᠤᠯ ᠨᠢ ᠳᠤᠩ ᠶᠡᠭᠡ ᠪᠠᠢ᠌ᠳᠠᠭ᠃ ᠳᠠᠮ ᠭᠢᠰᠭᠢᠭᠦ ᠪᠣᠶᠤ ᠭᠦᠮᠤᠨ ᠲᠡᠶ ᠮᠦᠷᠭᠦᠯᠳᠦᠪᠠᠯ ᠪᠦᠷ ᠭᠦᠡᠳᠤ ᠰᠦᠷᠡᠭᠡᠢ ᠰᠢᠷᠬᠠᠳᠤᠨ ᠭᠡᠮᠳᠦᠳᠡᠭ᠌᠃ ᠵᠠᠷᠢᠮ ᠭᠠᠵᠠᠷ ᠣᠷᠤᠨ ᠤ ᠠᠰᠠᠷ ᠤᠨ ᠱᠠᠳᠤ ᠳᠦᠰᠢᠭᠦ ᠭᠡᠷᠡᠰᠭᠡ ᠦᠭᠡᠶ ᠪᠠᠢ᠌ᠳᠠᠭ ᠪᠣᠯᠬᠤᠷ ᠳᠡᠭᠡᠷ᠎ᠡ ᠨᠢ ᠶᠠᠪᠣᠬᠤ ᠳᠤ ᠨᠠᠩᠳᠠ ᠭᠢᠴᠢᠶᠡᠭᠦ ᠭᠡᠷᠡᠭ᠍ᠳᠡᠢ ᠪᠠᠢ᠌ᠳᠠᠭ᠃


ᠨᠠᠭᠠᠳᠴᠤ ᠳᠤᠭᠯᠠᠬᠤ ᠳᠤ ᠪᠠᠨ ᠭᠡᠷᠰᠡᠤᠯᠡᠭᠦ ᠵᠣᠢ᠌ᠯ 2 ᠊᠊᠊᠊᠊᠊᠊᠊᠊᠊᠊᠊᠊᠊᠊ ᠵᠠᠰᠠᠮᠠᠯ ᠵᠠᠮ ᠳᠡᠭᠡᠷ᠎ᠡ ᠨᠠᠭᠠᠳᠴᠤ ᠪᠣᠯᠬᠤ ᠦᠭᠡᠶ᠃


ᠵᠠᠰᠠᠮᠠᠯ ᠵᠠᠮ ᠳᠡᠭᠡᠷ᠎ᠡ ᠭᠦᠮᠤᠨ ᠳᠡᠷᠭᠡ ᠴᠤᠪᠣᠷᠠᠯᠳᠤᠨ ᠵᠦᠷᠢᠯᠳᠤᠨ ᠭᠢᠯᠪᠠᠷᠬᠠᠨ ᠭᠡᠷᠡᠭ᠌ ᠭᠠᠷᠳᠠᠭ ᠶᠤᠮ᠃ ᠡᠪᠦᠯ ᠵᠠᠰᠠᠮᠠᠯ ᠵᠠᠮ ᠳᠡᠭᠡᠷ᠎ᠡ ᠴᠠᠰᠤ ᠬᠤᠷᠠᠮᠳᠤᠨ ᠮᠦᠰᠤ ᠭᠦᠯᠳᠡᠪᠠᠴᠤ ᠪᠠᠰᠠ ᠨᠢᠭᠡ ᠯᠠ ᠠᠳᠠᠯᠢ ᠣᠴᠢᠵᠤ ᠭᠤᠯᠭᠤᠷᠢᠵᠤ ᠪᠣᠯᠬᠤ ᠦᠭᠡᠶ᠃ ᠮᠠᠰᠢᠨ ᠳᠡᠷᠭᠡᠨ ᠳᠡᠭᠡᠷ᠎ᠡ ᠦᠰᠦᠷᠭᠦ ᠳᠡᠭᠡᠰᠤ ᠨᠡᠭᠤᠨᠬᠤ᠂ ᠡᠰᠢ ᠳᠠᠰᠢ ᠦᠰᠦᠷᠭᠦ ᠨᠢ ᠵᠠᠮ ᠬᠠᠷᠢᠯᠴᠠᠭ᠎ᠠ ᠶᠢ ᠬᠠᠷᠰᠢᠯᠠᠬᠤ ᠪᠠᠷ ᠦᠯᠦ ᠪᠠᠷᠠᠨ ᠠᠮᠤᠷ ᠲᠦᠪᠰᠢᠨ ᠪᠣᠰᠤ ᠪᠠᠢ᠌ᠳᠠᠭ᠃ ᠶᠡᠭᠡ ᠵᠡᠭᠡᠯᠢ ᠳᠡᠭᠡᠷ᠎ᠡ ᠭᠦᠯ ᠪᠦᠮᠪᠦᠭᠡ ᠢᠰᠭᠦᠯᠭᠦ᠂ ᠨᠢᠭᠤᠯᠴᠠᠭ᠎ᠠ ᠭᠢᠵᠤ ᠨᠠᠭᠠᠳᠬᠤ ᠭᠡᠭᠦ ᠮᠠᠳᠤ ᠭᠦᠳᠡᠯᠭᠡᠭᠡᠨ ᠭᠢᠵᠤ ᠪᠣᠯᠬᠤ ᠦᠭᠡᠶ᠃ ᠪᠠᠭ᠎ᠠ ᠭᠤᠳᠤᠮᠵᠢ ᠳᠤ ᠴᠤ ᠭᠡᠨᠡᠳᠲᠡ ᠪᠠᠷ ᠢᠷᠡᠭᠦ ᠳᠡᠷᠭᠡ ᠣᠨᠤᠭ᠎ᠠ ᠲᠡᠶ ᠮᠦᠷᠭᠦᠯᠳᠦᠵᠤ ᠮᠡᠳᠡᠨ᠎ᠡ᠃ ᠵᠠᠰᠠᠮᠠᠯ ᠵᠠᠮ ᠠᠯᠤᠰᠯᠠᠨ ᠬᠠᠷᠢᠯᠴᠠᠨ ᠪᠠᠷᠭᠢᠷᠠᠯᠴᠠᠨ᠂ ᠠᠮᠤᠷ ᠠᠰᠠᠭᠤᠯᠴᠠᠬᠤ ᠨᠢ ᠮᠦᠨ ᠴᠤ ᠭᠢᠯᠪᠠᠷᠬᠠᠨ ᠵᠦᠷᠢᠯᠳᠤᠵᠤ ᠪᠠᠢ᠌ᠭ᠎ᠠ ᠭᠦᠮᠤᠨ ᠪᠠ ᠳᠡᠷᠭᠡ ᠣᠨᠤᠭ᠎ᠠ ᠲᠡᠶ ᠮᠦᠷᠭᠦᠯᠳᠦᠳᠡᠭ᠌᠃ ᠵᠠᠰᠠᠮᠠᠯ ᠵᠡᠮ ᠲ᠋ᠡᠭᠡᠷ᠎ᠡ ᠬᠠᠭᠤᠷᠠᠢ ᠳᠤ ᠭᠤᠯᠭᠤᠷᠢᠬᠤ ᠱᠠᠬᠠᠢ ᠡᠮᠦᠰᠴᠤ ᠨᠠᠭᠠᠳᠴᠤ ᠪᠣᠯᠬᠤ ᠦᠭᠡᠶ᠃


ᠨᠠᠭᠠᠳᠴᠤ ᠳᠤᠭᠯᠠᠬᠤ ᠳᠤ ᠪᠠᠨ ᠭᠡᠷᠰᠡᠤᠯᠡᠭᠦ ᠵᠣᠢ᠌ᠯ 3 ᠊᠊᠊᠊᠊᠊᠊᠊᠊᠊᠊᠊᠊᠊᠊ ᠨᠠᠭᠠᠳᠤᠮ ᠤᠨ ᠫᠣᠤ ᠨᠠᠭᠠᠳᠬᠤ ᠳᠤ ᠪᠠᠨ ᠭᠢᠴᠢᠶᠡᠭᠦ ᠭᠡᠷᠡᠭ᠍ᠳᠡᠢ᠃


ᠭᠦᠮᠦᠰ ᠤᠨ ᠠᠮᠢᠳᠤᠷᠠᠯ ᠤᠨ ᠲᠦᠪᠰᠢᠨ ᠤ ᠰᠠᠢ᠌ᠵᠢᠷᠠᠬᠤ ᠶᠢ ᠳᠠᠭᠠᠯᠳᠤᠨ ᠪᠢᠴᠢᠬᠠᠨ ᠨᠠᠢ᠌ᠵᠠ ᠨᠡᠷ ᠤᠨ ᠨᠠᠭᠠᠳᠬᠤ ᠫᠣᠤ ᠶᠢᠨ ᠰᠢᠨ᠎ᠡ ᠭᠡᠯᠪᠠᠷᠢ ᠮᠠᠶ‍ᠢᠭ ᠴᠤ ᠣᠯᠠᠰᠢᠷᠠᠨ᠂ ᠳᠡᠯᠭᠡᠭᠦᠷ ᠲᠤ ᠦᠷᠭᠦᠯᠵᠢ ᠡᠯ᠎ᠡ ᠵᠣᠢ᠌ᠯ ᠤᠨ ᠭᠡᠯᠪᠠᠷᠢ ᠮᠠᠶ‍ᠢᠭ ᠤᠨ ᠳᠠᠭᠤᠷᠢᠶᠠᠮᠠᠯ ᠨᠠᠭᠠᠳᠬᠤ ᠭᠠᠷ ᠫᠣᠤ ᠬᠤᠳᠠᠯᠳᠤᠵᠤ ᠪᠠᠢ᠌ᠳᠠᠭ᠃ ᠳᠤᠮᠤᠴᠤᠤᠯ ᠬᠡᠦᠬᠡᠳ ᠶᠢᠡᠨ ᠪᠠᠶᠠᠷᠯᠠᠭᠤᠯᠬᠤ ᠶᠢᠨ ᠲᠦᠯᠦᠭᠡ ᠵᠤᠭᠤᠰ ᠶᠢᠡᠨ ᠬᠠᠢ᠌ᠷᠠᠯᠠᠯ ᠦᠭᠡᠶ ᠬᠡᠦᠬᠡᠳ ᠲᠤ ᠪᠠᠨ ᠨᠠᠭᠠᠳᠤᠮ ᠤᠨ ᠫᠣᠤ ᠬᠤᠳᠠᠯᠳᠤᠨ ᠠᠪᠴᠤ ᠥᠭ᠍ᠳᠡᠭ᠌᠃ ᠡᠨᠡ ᠵᠣᠢ᠌ᠯ ᠤᠨ ᠫᠣᠤ ᠶᠢᠨ ᠰᠦᠷ ᠭᠦᠴᠤᠨ ᠳᠤᠩ ᠶᠡᠭᠡ ᠪᠠᠢ᠌ᠳᠠᠭ᠃ ᠪᠢᠴᠢᠬᠠᠨ ᠨᠠᠢ᠌ᠵᠠ ᠨᠡᠷ ᠡᠷᠭᠡᠪᠰᠢ ᠭᠢᠴᠢᠶᠠᠨ ᠭᠡᠷᠡᠭᠯᠡᠭᠦ ᠭᠡᠷᠡᠭ᠍ᠳᠡᠢ᠃ ᠫᠣᠤ ᠭᠡᠷᠡᠭᠯᠡᠨ ᠬᠠᠷᠢᠯᠴᠠᠨ ᠣᠨᠢᠯᠠᠨ ᠬᠠᠷᠪᠣᠯᠴᠠᠵᠤ ᠪᠣᠯᠬᠤ ᠦᠭᠡᠶ᠃ ᠭᠡᠷᠪᠡ ᠭᠢᠴᠢᠶᠠᠮᠵᠢ ᠠᠯᠳᠠᠨ 《ᠰᠤᠮᠤ ᠪᠠᠨ ᠬᠠᠷᠪᠤᠨ ᠭᠠᠷᠭᠠᠪᠠᠯ》 ᠨᠥᠭᠦᠭᠡ ᠡᠳᠡᠭᠡᠳ ᠤᠨ ᠶᠢᠡᠨ ᠠᠮᠢᠨ ᠭᠠᠵᠠᠷ ᠢ ᠨᠢ ᠣᠨᠤᠪᠠᠯ ᠨᠥᠭᠦᠭᠡ ᠡᠳᠡᠭᠡᠳ ᠨᠢ ᠰᠢᠷᠬᠠᠳᠤᠨ ᠭᠡᠮᠳᠤᠨ᠎ᠡ᠃


ᠨᠠᠭᠠᠳᠴᠤ ᠲ᠋ᠤᠭᠯᠠᠬᠤ ᠳᠤ ᠪᠠᠨ ᠭᠡᠷᠰᠡᠤᠯᠡᠭᠦ ᠵᠣᠢ᠌ᠯ 4 ᠊᠊᠊᠊᠊᠊᠊᠊᠊᠊᠊᠊᠊᠊᠊ ᠫᠣᠤᠵᠢᠩ ᠳᠠᠯᠪᠢᠬᠤ ᠳᠤ ᠭᠦᠮᠤᠨ ᠰᠢᠷᠬᠠᠳᠤᠭᠤᠯᠬᠤ ᠡᠴᠡ ᠰᠡᠷᠭᠡᠢ᠌ᠯᠡᠭᠦ ᠭᠡᠷᠡᠭ᠍ᠳᠡᠢ᠃


ᠫᠣᠤᠵᠢᠩ ᠳᠠᠯᠪᠢᠬᠤ ᠡᠴᠠ ᠪᠣᠯᠵᠤ ᠵᠠᠷᠢᠮ ᠪᠢᠴᠢᠬᠠᠨ ᠨᠠᠢ᠌ᠵᠠ ᠶᠢᠨ ᠨᠢᠳᠤ ᠨᠢ ᠳᠡᠯᠪᠠᠴᠢᠭ᠍ᠳᠡᠨ ᠰᠢᠷᠬᠠᠳᠤᠨ ᠬᠠᠷᠠᠭ᠎ᠠ ᠪᠠᠨ ᠠᠯᠳᠠᠳᠠᠭ᠃ ᠡᠢ᠌ᠮᠤ ᠡᠴᠠ ᠪᠢᠴᠢᠬᠠᠨ ᠨᠠᠢ᠌ᠵᠠ ᠨᠡᠷ ᠫᠣᠤᠵᠢᠩ ᠳᠠᠯᠪᠢᠬᠤ ᠳᠤ ᠪᠠᠨ ᠡᠷᠭᠡᠪᠰᠢ ᠫᠣᠤᠵᠢᠩ ᠡᠴᠠ ᠪᠠᠨ ᠵᠠᠢ᠌ᠳᠠᠭᠤᠬᠠᠨ ᠪᠠᠢ᠌ᠬᠤ ᠭᠡᠷᠡᠭ᠍ᠳᠡᠢ᠃ ᠴᠢᠨᠠᠷ ᠨᠢ ᠮᠠᠭᠤ ᠵᠠᠯ᠎ᠠ ᠫᠣᠤᠵᠢᠩ ᠨᠢᠭᠡ ᠪᠣᠯ ᠪᠠᠭ᠎ᠠ ᠯᠠ ᠨᠤᠴᠤᠭᠠᠪᠠᠯ ᠳᠡᠯᠪᠠᠷᠡᠵᠤ᠂ ᠡᠰᠡᠪᠠᠯ ᠨᠤᠴᠤᠭᠠᠭᠰᠠᠨ ᠴᠤ ᠣᠷᠳᠤ ᠴᠠᠭ ᠶᠢᠡᠷ ᠳᠡᠯᠪᠠᠷᠡᠭᠦ ᠦᠭᠡᠶ ᠪᠠᠢ᠌ᠳᠠᠭ ᠶᠤᠮ᠃ ᠡᠢ᠌ᠮᠤ ᠡᠴᠠ ᠫᠣᠤᠵᠢᠩ ᠲ᠋ᠠᠯᠪᠢᠬᠤ ᠳᠤ ᠪᠠᠨ ᠰᠢᠷᠬᠠᠳᠤᠬᠤ ᠡᠴᠠ ᠰᠡᠷᠭᠡᠢ᠌ᠯᠡᠨ ᠡᠷᠭᠡᠪᠰᠢ ᠭᠠᠷ ᠲᠤ ᠪᠠᠨ ᠲ᠋ᠤᠤᠭᠠᠷᠭᠠᠵᠤ ᠪᠣᠯᠬᠤ ᠦᠭᠡᠶ᠃ ᠨᠢᠭᠡ ᠭᠦᠮᠤᠨ ᠫᠣᠤᠵᠢᠩ ᠠᠪᠴᠤ ᠶᠠᠪᠣᠪᠠᠯ ᠨᠢᠭᠡ ᠳᠡᠷᠭᠡ ᠭᠦᠮᠤᠨ ᠳᠤ ᠭᠠᠮᠰᠢᠭ ᠳᠠᠷᠢᠬᠤ ᠠᠶᠤᠯ ᠲᠡᠶ ᠪᠠᠢ᠌ᠳᠠᠭ᠃ ᠣᠯᠠᠨ ᠶᠢᠡᠷ ᠶᠢᠡᠨ ᠳᠡᠷᠭᠡᠨ ᠳᠡᠭᠡᠷ᠎ᠡ ᠫᠣᠤᠵᠢᠩ ᠠᠪᠴᠤ ᠶᠠᠪᠣᠵᠤ ᠪᠣᠯᠬᠤ ᠦᠭᠡᠶ᠃ ᠣᠯᠤᠰ ᠤᠨ ᠳᠤᠭᠳᠠᠭᠠᠯ ᠳᠤ ᠨᠢᠰᠭᠡᠯ᠂ ᠭᠦᠯᠭᠡ ᠣᠩᠭ᠋ᠤᠴᠠ᠂ ᠭᠠᠯᠳᠤ ᠳᠡᠷᠭᠡᠨ ᠳᠤ ᠰᠠᠭᠤᠭᠰᠠᠤᠨ ᠫᠣᠤᠵᠢᠩ ᠠᠪᠴᠤ ᠶᠠᠪᠣᠬᠤ ᠶᠢ ᠴᠠᠭᠠᠵᠠᠯᠠᠳᠠᠭ᠃


ᠡᠪᠡᠳᠴᠢᠨ ᠰᠡᠷᠭᠡᠢ᠌ᠯᠡᠭᠦ ᠳᠤ ᠢᠯᠡᠭᠦᠭᠡᠨ ᠠᠩᠬᠠᠷᠬᠤ 1 ᠊᠊᠊᠊᠊᠊᠊᠊᠊᠊᠊᠊᠊᠊᠊ ᠡᠪᠡᠳᠴᠢᠨ ᠠᠮᠠ ᠪᠠᠷ ᠪᠣᠯᠬᠤ ᠶᠢ ᠴᠢᠩᠭ᠎ᠠ ᠰᠡᠷᠭᠡᠢ᠌ᠯᠡᠨ᠎ᠡ᠃


ᠭᠡᠭᠡᠷ᠎ᠡ ᠶᠢᠨ ᠣᠷᠭᠤᠮᠠᠯ ᠢ ᠳᠠᠷᠠ ᠪᠣᠯᠭᠠᠨ ᠢ ᠢᠳᠠᠵᠤ ᠪᠣᠯᠬᠤ ᠦᠭᠡᠶ᠃ ᠵᠠᠷᠢᠮ ᠨᠢ ᠬᠤᠤᠷᠳᠠᠢ ᠪᠠᠢ᠌ᠳᠠᠭ᠃ ᠳᠤᠷ᠎ᠠ ᠪᠠᠷ ᠢᠳᠠᠵᠤ ᠳᠤᠷ᠎ᠠ ᠪᠠᠷ ᠠᠮᠳᠠᠯᠠᠪᠠᠯ ᠬᠤᠤᠷᠳᠠᠭᠳᠠᠵᠤ ᠮᠠᠳᠠᠨ᠎ᠡ᠃ ᠨᠠᠷ᠎ᠠ ᠶᠢ ᠨᠢ ᠮᠡᠳᠡᠭᠦ ᠦᠭᠡᠶ ᠪᠣᠳᠠᠰ ᠢ ᠬᠠᠭᠤᠮᠠᠭᠠᠢ ᠪᠠᠷ ᠠᠮᠳᠠᠯᠠᠪᠠᠯ ᠠᠶᠤᠯ ᠨᠢ ᠳᠤᠩ ᠶᠡᠭᠡ᠃ ᠬᠠᠭᠤᠴᠢᠷᠠᠨ ᠬᠠᠶᠠᠭᠳᠠᠠᠭᠰᠠᠨ ᠡᠮᠨᠡᠯᠭᠡᠨ ᠤ ᠪᠣᠳᠠᠰ ᠳᠡᠭᠡᠷ᠎ᠡ ᠦᠷᠭᠦᠯᠵᠢ ᠶᠡᠭᠡ ᠭᠡᠮᠵᠢᠶᠡᠨ ᠤ ᠡᠪᠡᠳᠴᠢᠨ ᠤ ᠪᠠᠺᠲ᠋ᠧᠷᠢ ᠨᠢᠭᠤᠭᠳᠠᠵᠤ ᠪᠠᠢ᠌ᠳᠠᠭ᠃ ᠳᠤᠷ᠎ᠠ ᠪᠠᠷ ᠶᠢᠡᠨ ᠨᠠᠭᠠᠳᠴᠤ ᠪᠣᠯᠬᠤ ᠦᠭᠡᠶ᠂ ᠨᠠᠩ ᠳᠤᠷ᠎ᠠ ᠪᠠᠷ ᠶᠢᠡᠨ ᠠᠮᠠᠨ ᠳᠤ ᠪᠠᠨ ᠭᠢᠵᠤ ᠪᠣᠯᠬᠤ ᠦᠭᠡᠶ᠃ ᠢᠳᠡᠭᠡᠨ ᠳᠤ ᠬᠤᠤᠷᠳᠠᠭᠳᠠᠪᠠᠯ ᠳᠦᠷᠭᠡᠨ ᠡᠡᠪᠦᠷᠡᠵᠤ᠂ ᠭᠦᠡᠳᠤ ᠣᠨᠤᠭᠳᠠᠪᠠᠯ ᠡᠮᠨᠡᠯᠭᠡ ᠳᠤ ᠭᠦᠷᠭᠡᠨ ᠡᠮᠨᠡᠭᠦᠯᠭᠦ ᠭᠡᠷᠡᠭ᠍ᠳᠡᠢ᠃


ᠡᠪᠡᠳᠴᠢᠨ ᠰᠡᠷᠭᠡᠢ᠌ᠯᠡᠭᠦ ᠳᠤ ᠢᠯᠡᠭᠦᠭᠡᠨ ᠠᠩᠬᠠᠷᠬᠤ ᠵᠣᠢ᠌ᠯ 2 ᠊᠊᠊᠊᠊᠊᠊᠊᠊᠊᠊᠊᠊᠊᠊ ᠴᠢᠨᠠᠷ ᠨᠢ ᠬᠤᠪᠢᠷᠠᠭᠰᠠᠨ ᠢᠳᠡᠭᠡᠨ ᠢ ᠢᠳᠠᠵᠤ ᠪᠣᠯᠬᠤ ᠦᠭᠡᠶ᠃


ᠠᠮᠳᠠᠳᠠᠢ ᠢᠳᠡᠭᠡᠨ ᠢ ᠢᠳᠠᠵᠤ ᠪᠠᠷᠠᠬᠤ ᠦᠭᠡᠶ ᠪᠣᠯ ᠭᠡᠭᠡᠭᠦ ᠳᠤ ᠪᠠᠨ ᠬᠠᠢ᠌ᠷᠠᠯᠠᠳᠠᠭ᠃ ᠡᠳᠦᠷ ᠣᠳᠠᠬᠤ ᠳᠤ ᠪᠠᠨ ᠠᠭᠠᠵᠢᠮ ᠶᠢᠡᠷ ᠡᠪᠳᠡᠷᠡᠳᠡᠭ᠌᠃ ᠭᠡᠳᠥᠢᠪᠠᠷ ᠠᠮᠠᠨ ᠳᠤ ᠣᠷᠤᠬᠤ ᠳᠤ ᠪᠠᠨ ᠢᠯᠡᠷᠭᠡᠢ ᠰᠡᠷᠡᠭ᠍ᠳᠡᠭᠦ ᠦᠭᠡᠶ ᠪᠣᠯᠪᠠᠴᠤ ᠢᠳᠠᠪᠠᠯ ᠡᠪᠡᠳᠴᠢᠨ ᠤ ᠪᠠᠺᠲ᠋ᠸᠷᠢ ᠬᠠᠯᠳᠠᠪᠣᠷᠢᠯᠠᠭᠳᠠᠳᠠᠭ᠃ ᠴᠢᠨᠠᠷ ᠨᠢ ᠬᠤᠪᠢᠷᠠᠭᠰᠠᠨ ᠢᠳᠡᠭᠡᠨ ᠢᠳᠠᠪᠠᠯ ᠬᠦᠩᠭᠡᠨ ᠳᠤ ᠪᠠᠨ ᠪᠦᠭᠡᠯᠵᠢᠵᠤ ᠰᠠᠭᠤᠯᠭᠠᠨ ᠭᠦᠡᠳᠤ ᠳᠤ ᠪᠠᠨ ᠬᠠᠯᠠᠭᠤᠷᠠᠨ ᠮᠠᠨᠠᠷᠠᠳᠠᠭ᠃ ᠮᠢᠺᠷᠤᠰᠺᠦᠫ ᠤᠨ ᠳᠤᠤᠷ᠎ᠠ ᠴᠢᠨᠠᠷ ᠨᠢ ᠬᠤᠪᠢᠷᠠᠭᠰᠠᠨ ᠢᠳᠡᠭᠡᠨ ᠳᠤ ᠶᠡᠭᠡ ᠭᠡᠮᠵᠢᠶᠡᠨ ᠤ ᠬᠤᠤᠷᠳᠠᠢ ᠡᠪᠡᠳᠴᠢᠨ ᠤ ᠪᠠᠺᠲ᠋ᠸᠷᠢ ᠶᠢᠨ ᠠᠭᠤᠯᠬᠤᠨ ᠪᠠᠢ᠌ᠬᠤ ᠶᠢ ᠣᠯᠵᠤ ᠥᠵᠡᠳᠡᠭ᠌᠃


ᠡᠪᠡᠳᠴᠢᠨ ᠰᠡᠷᠭᠡᠢ᠌ᠯᠡᠭᠦ ᠳᠤ ᠢᠯᠡᠭᠦᠭᠡᠨ ᠠᠩᠬᠠᠷᠬᠤ ᠵᠣᠢ᠌ᠯ 3 ᠊᠊᠊᠊᠊᠊᠊᠊᠊᠊᠊᠊᠊᠊᠊ ᠡᠮ ᠰᠦᠷᠴᠢᠭᠡᠳ ᠪᠠᠢ᠌ᠬᠤ ᠵᠢᠮᠢᠰ ᠢ ᠢᠳᠠᠵᠤ ᠪᠣᠯᠬᠤ ᠦᠭᠡᠶ᠃


ᠵᠢᠮᠢᠰ ᠤᠨ ᠭᠦᠷᠢᠶᠡᠯᠡᠩ ᠳᠤ ᠦᠷ᠎ᠡ ᠵᠢᠮᠢᠰ ᠭᠡᠳᠥᠢᠪᠠᠷ ᠪᠣᠯᠪᠠᠰᠤᠷᠠᠭ᠎ᠠ ᠦᠭᠡᠶ ᠪᠣᠯᠪᠠᠴᠤ ᠠᠩᠭᠢᠯᠤᠮᠠᠯ ᠦᠨᠦᠷ ᠨᠢ ᠰᠠᠩᠭᠢᠨᠠᠵᠤ ᠬᠡᠦᠬᠡᠳ ᠤᠨ ᠨᠢᠳᠤ ᠶᠢ ᠨᠢ ᠰᠤᠷᠢᠠᠵᠢᠠᠳᠠᠨ᠂ ᠰᠢᠯᠤᠰᠤ ᠶᠢ ᠨᠢ ᠬᠤᠷᠠᠭᠤᠯᠵᠤ ᠳᠠᠯᠳᠠᠭᠤᠷ ᠳᠡᠭᠦᠨ ᠬᠤᠯᠠᠭᠠᠢ᠌ᠯᠠᠨ ᠢᠳᠡᠭᠦ ᠭᠡᠵᠤ ᠰᠠᠨᠠᠳᠠᠭ᠃ ᠶᠠᠭ ᠬᠡᠦᠬᠡᠳ ᠤᠳ ᠵᠢᠮᠢᠰ ᠬᠤᠯᠠᠭᠠᠢ᠌ᠯᠠᠨ ᠳᠡᠭᠦᠭᠦ ᠨᠢ ᠮᠡᠳᠡᠭ᠍ᠳᠡᠮᠡᠭ᠍ᠴᠡ ᠪᠠᠢ᠌ᠳᠠᠯ ᠢ ᠨᠢ ᠬᠠᠷᠠᠮᠠᠭᠴᠠ ᠭᠡᠯᠮᠡᠨ ᠳᠤᠳᠠᠭᠠᠳᠠᠭ᠃ ᠪᠣᠰᠤᠳ ᠤᠨ ᠶᠠᠭᠤᠮ᠎ᠠ ᠶᠢ ᠬᠤᠯᠠᠭᠠᠢ᠌ᠯᠠᠨ ᠢᠳᠡᠭᠦ ᠨᠢ ᠪᠣᠷᠤᠭᠤ ᠠᠵᠢᠯᠯᠠᠭ᠎ᠠ ᠪᠣᠯᠤᠨ᠎ᠠ᠃ ᠨᠠᠩ ᠴᠤ ᠵᠢᠮᠢᠰ ᠤᠨ ᠳᠡᠭᠡᠷ᠎ᠡ ᠨᠢ ᠳᠠᠷᠢᠶᠠᠯᠠᠩ ᠤᠨ ᠡᠮ ᠰᠦᠷᠴᠢᠭ᠍ᠰᠡᠨ ᠪᠠᠢ᠌ᠵᠤ ᠮᠠᠳᠠᠨ᠎ᠡ᠃ ᠳᠠᠷᠢᠶᠠᠯᠠᠩ ᠤᠨ ᠡᠮ ᠰᠦᠷᠴᠢᠭ᠍ᠰᠡᠨ ᠵᠢᠮᠢᠰ ᠢ ᠭᠡᠷᠪᠡ ᠡ᠊ᠨᠳᠡᠭᠦᠷᠡᠨ ᠢᠳᠠᠪᠠᠯ ᠬᠤᠤᠷᠳᠠᠭᠳᠠᠨ᠎ᠠ᠃ ᠡᠮ ᠰᠦᠷᠴᠢᠭ᠍ᠰᠡᠨ ᠵᠢᠮᠢᠰ ᠢ ᠵᠤᠭᠢᠬᠤ ᠬᠤᠭᠤᠴᠠᠭ᠎ᠠ ᠦᠩᠭᠡᠷᠡᠪᠠᠯ ᠰᠠ‍‌ᠶᠢ ᠠᠮᠤᠷ ᠲᠦᠪᠰᠢᠨ ᠢᠳᠠᠵᠤ ᠪᠣᠯᠤᠨ᠎ᠠ᠃


ᠡᠪᠡᠳᠴᠢᠨ ᠰᠡᠷᠭᠡᠢ᠌ᠯᠡᠭᠦ ᠳᠤ ᠢᠯᠡᠭᠦᠭᠡᠨ ᠠᠩᠬᠠᠷᠬᠤ ᠵᠣᠢ᠌ᠯ 4 ᠊᠊᠊᠊᠊᠊᠊᠊᠊᠊᠊᠊᠊᠊᠊ ᠢᠳᠡᠭᠡᠨ ᠳᠤ ᠬᠠᠯᠠᠬᠤ ᠡᠴᠠ ᠰᠡᠷᠭᠡᠢ᠌ᠯᠡᠨ᠎ᠡ᠃


ᠰᠠ‍‌ᠶᠢ ᠳᠤᠭᠤᠭᠠᠨ ᠡᠴᠠ ᠭᠠᠷᠭᠠᠭᠰᠠᠨ ᠳᠤᠰᠤᠨ ᠪᠣᠭᠤᠷᠰᠤᠭ ᠤᠨ ᠭᠠᠳᠠᠷ ᠬᠠᠯᠢᠰᠤ ᠨᠢ ᠰᠢᠷ᠎ᠠ ᠭᠤᠷᠰᠤ ᠪᠠᠢ᠌ᠳᠠᠭ᠃ ᠠᠩᠭᠢᠯᠤᠮᠠᠯ ᠦᠨᠦᠷ ᠨᠢ ᠳᠦᠷᠪᠠᠨ ᠵᠥᠭ᠌ ᠲᠤ ᠪᠠᠨ ᠠᠩᠭᠢᠯᠤᠨ ᠭᠦᠮᠤᠨ ᠤ ᠬᠤᠭᠤᠯᠠᠢ ᠶᠢ ᠭᠦᠳᠡᠯᠭᠡᠵᠤ ᠰᠢᠯᠤᠰᠤ ᠶᠢ ᠨᠢ ᠬᠤᠷᠠᠭᠤᠯᠬᠤ ᠶᠤᠮ᠃ ᠡᠨᠡ ᠳᠦᠷᠤᠯ ᠤᠨ ᠢᠳᠡᠭᠡᠨ ᠢ ᠠᠮᠠ ᠠᠮᠠ ᠪᠠᠷ ᠵᠠᠯᠭᠢᠵᠤ ᠪᠣᠯᠬᠤ ᠦᠭᠡᠶ᠃ ᠪᠣᠴᠠᠯᠤᠮ᠎ᠠ ᠬᠠᠯᠠᠭᠤᠨ ᠮᠦᠷᠳᠡᠭᠡᠨ ᠨᠠᠭᠠᠯᠳᠤᠮᠠᠳᠠᠭᠠᠢ ᠢᠳᠡᠭᠡᠨ ᠨᠢ ᠠᠮᠠᠨ ᠭᠦᠡᠳᠡᠢ ᠪᠠ ᠣᠯᠭᠠᠨ ᠬᠤᠭᠤᠯᠠᠢ ᠶᠢ ᠬᠠᠯᠠᠭᠠᠨ ᠰᠢᠷᠬᠠᠳᠤᠭᠤᠯᠵᠤ ᠮᠠᠳᠠᠨ᠎ᠡ᠃ 


ᠡᠪᠡᠳᠴᠢᠨ ᠢ ᠰᠡᠷᠭᠡᠢ᠌ᠯᠡᠭᠦ ᠳᠤ ᠢᠯᠡᠭᠦᠭᠡᠨ ᠠᠩᠬᠠᠷᠬᠤ ᠵᠣᠢ᠌ᠯ 5 ᠊᠊᠊᠊᠊᠊᠊᠊᠊᠊᠊᠊᠊᠊᠊ ᠹᠦ᠋ ᠶᠢᠨ ᠬᠠᠯᠠᠭᠤᠨ ᠳᠤ ᠨᠠᠷᠠᠰᠢᠬᠤ ᠡᠴᠠ ᠰᠡᠷᠭᠡᠢ᠌ᠯᠡᠭᠦ ᠭᠡᠷᠡᠭ᠍ᠳᠡᠢ᠃


ᠪᠦᠭ᠍ᠴᠢᠮ᠎ᠡ ᠬᠠᠯᠠᠭᠤᠨ ᠡᠳᠦᠷ ᠭᠠᠯ ᠨᠠᠷᠠᠨ ᠳᠡᠭᠡᠷ᠎ᠡ ᠡᠴᠠ ᠳᠦᠭᠡᠨᠡᠵᠤ ᠪᠠᠢ᠌ᠬᠤ ᠳᠤ ᠪᠢᠴᠢᠬᠠᠨ ᠨᠠᠢ᠌ᠵᠠ ᠨᠡᠷ ᠭᠡᠷᠪᠡ ᠨᠠᠷᠠᠨ ᠤ ᠳᠤᠤᠷ᠎ᠠ ᠣᠳᠠᠭᠠᠨ ᠭᠦᠳᠡᠯᠭᠡᠭᠡᠨ ᠭᠢᠭ᠍ᠰᠡᠨ ᠪᠠᠢ᠌ᠪᠠᠯ᠂ ᠵᠤᠨ ᠤ ᠡᠳᠦᠷ ᠭᠢᠯᠪᠠᠷᠬᠠᠨ ᠭᠦᠯᠦᠰᠤ ᠭᠠᠷᠬᠤ ᠣᠴᠢᠷ ᠡᠴᠠ ᠢᠯᠡᠭᠦᠭᠡᠨ ᠣᠰᠤ ᠣᠤᠭᠤᠵᠤ ᠴᠠᠭ ᠳᠤᠬᠠᠢ ᠳᠤ ᠨᠢ ᠪᠠᠶ᠎ᠠ ᠶᠢᠨ ᠳᠤᠳᠤᠷᠠᠭᠢ ᠣᠰᠤᠨ ᠤ ᠠᠭᠤᠯᠬᠤᠨ ᠶᠢᠡᠨ ᠨᠥᠭᠦᠪᠦᠷᠢᠯᠡᠭᠦ ᠭᠡᠷᠡᠭ᠍ᠳᠡᠢ᠃ ᠵᠤᠨ ᠨᠠᠭᠠᠳᠤᠨ ᠳᠤᠭᠯᠠᠬᠤ ᠳᠤ ᠪᠠᠨ ᠭᠦᠳᠡᠯᠭᠡᠭᠡᠨ ᠤ ᠭᠡᠮᠵᠢᠶ᠎ᠡ ᠪᠠᠨ ᠭᠢᠵᠠᠭᠠᠷᠯᠠᠵᠤ ᠭᠡᠳᠦᠷᠭᠡᠢ ᠶᠠᠳᠠᠵᠤ ᠪᠣᠯᠬᠤ ᠦᠭᠡᠶ᠃ ᠭᠡᠭᠡᠷ᠎ᠡ ᠭᠠᠳᠠᠨ᠎ᠠ ᠣᠳᠠᠭᠠᠨ ᠨᠠᠭᠠᠳᠪᠠᠯ ᠵᠠᠷᠢᠮ ᠳᠤ ᠪᠠᠨ ᠳᠤᠯᠤᠭᠠᠢ ᠡᠷᠭᠢᠵᠤ ᠳᠤᠷ᠎ᠠ ᠪᠣᠯᠭᠢᠳᠠᠭ ᠨᠠᠩ ᠴᠢᠨᠠᠭᠰᠢᠯᠠᠪᠠᠯ ᠮᠠᠨᠠᠷᠠᠳᠠᠭ᠃ ᠡᠨᠡ ᠪᠣᠯ ᠳᠠᠷᠤᠢ ᠨᠠᠷᠠᠰᠢᠴᠢᠬᠠᠯ᠎ᠠ᠃ ᠳᠠᠷᠠ ᠲ᠋ᠠᠷᠤᠢ ᠳᠤ ᠨᠢ ᠵᠠᠪᠳᠤᠵᠤ ᠳᠦᠷᠭᠡᠨ ᠠᠪᠣᠷᠠᠬᠤ ᠭᠡᠷᠡᠭ᠍ᠳᠡᠢ᠃


ᠠᠶᠤᠯ ᠡᠴᠠ ᠭᠡᠯᠳᠦᠷᠢᠭᠦ ᠳᠤ ᠰᠠᠮᠪᠠᠭᠠᠯᠢᠭ ᠪᠠᠢ᠌ᠬᠤ ᠭᠡᠷᠡᠭ᠍ᠳᠡᠢ 1 ᠊᠊᠊᠊᠊᠊᠊᠊᠊᠊᠊᠊᠊᠊᠊ ᠳᠤᠯᠭᠠᠮ᠎ᠠ ᠪᠠᠴᠢᠮ ᠪᠠᠢ᠌ᠳᠠᠯ ᠢ ᠰᠢ᠌ᠳᠪᠦᠷᠢᠯᠡᠭᠦ ᠠᠷᠭ᠎ᠠ


ᠭᠡᠷᠪᠡ ᠭᠠᠯ ᠤᠨ ᠠᠶᠤᠯ᠂ ᠵᠠᠮ ᠬᠠᠷᠢᠯᠴᠠᠭᠠᠨ ᠤ ᠡ᠊ᠨᠳᠡᠭ᠍ᠳᠡᠯ᠂ ᠠᠮᠤᠷ ᠲᠦᠪᠰᠢᠨ ᠤ ᠭᠡᠷᠡᠭ᠌ ᠲᠤᠬᠢᠶᠠᠯᠳᠤᠭᠰᠠᠭᠠᠷ ᠳᠠᠷᠠ ᠳᠠᠷᠤᠢ ᠳᠤ ᠨᠢ ᠳᠤᠮᠤ ᠭᠦᠮᠤᠨ ᠳᠤ ᠮᠡᠳᠡᠭ᠍ᠳᠡᠨ ᠳᠤᠬᠠᠢ ᠶᠢᠨ ᠭᠠᠵᠠᠷ ᠤᠨ ᠭᠠᠯ ᠢ ᠰᠡᠷᠭᠡᠢ᠌ᠯᠡᠭᠦ᠂ ᠳᠤᠳᠤᠭᠠᠳᠤ ᠶᠢ ᠬᠠᠮᠠᠭᠠᠯᠠᠬᠤ᠂ ᠵᠠᠮ ᠬᠠᠷᠢᠯᠴᠠᠭᠠᠨ ᠤ ᠰᠠᠯᠠᠭ᠎ᠠ ᠮᠦᠴᠢᠷ ᠲᠡᠶ ᠬᠠᠷᠢᠯᠴᠠᠨ ᠳᠤᠰᠠᠯᠮᠵᠢ ᠭᠦᠰᠡᠭᠦ ᠭᠡᠷᠡᠭ᠍ᠳᠡᠢ᠃ ᠭᠠᠯ ᠲ᠋ᠣᠢ᠌ᠮᠠᠷ ᠤᠨ ᠮᠡᠳᠡᠭᠡ ᠶᠢᠨ ᠴᠠᠭᠢᠯᠭᠠᠨ ᠣᠳᠠᠰᠤ ᠄ 119 ᠵᠠᠮ ᠬᠠᠷᠢᠯᠴᠠᠭᠠᠨ ᠤ ᠭᠡᠷᠡᠭ᠌ ᠡᠭᠦᠰᠦᠯ ᠤᠨ ᠮᠡᠳᠡᠭ᠍ᠳᠡᠯ ᠴᠠᠭᠢᠯᠭᠠᠨ᠄ 122 ᠳᠦᠷᠭᠡᠨ ᠠᠪᠣᠷᠠᠯᠳᠠ ᠶᠢᠨ ᠴᠠᠭᠢᠯᠭᠠᠨ ᠣᠳᠠᠰᠤ᠄ 120 ᠬᠤᠯᠠᠭᠠᠢ᠌ᠴᠢ ᠶᠢᠨ ᠭᠡᠷᠡᠭ᠌ ᠤᠨ ᠴᠠᠭᠢᠯᠭᠠᠨ ᠣᠳᠠᠰᠤ ᠄ 110


ᠠᠶᠤᠯ ᠡᠴᠠ ᠭᠡᠯᠳᠦᠷᠢᠭᠦ ᠳᠤ ᠰᠠᠮᠪᠠᠭᠠᠯᠢᠭ ᠪᠠᠢ᠌ᠬᠤ ᠭᠡᠷᠡᠭ᠍ᠳᠡᠢ 2 ᠊᠊᠊᠊᠊᠊᠊᠊᠊᠊᠊᠊᠊᠊᠊ ᠠᠭᠤᠷ ᠤᠨ ᠬᠠᠯᠠᠭᠠᠨ ᠰᠢᠷᠬᠠᠳᠤᠭᠤᠯᠬᠤ ᠡᠴᠠ ᠢᠯᠡᠭᠦᠭᠡᠨ ᠭᠢᠴᠢᠶᠡᠭᠦ ᠭᠡᠷᠡᠭ᠍ᠳᠡᠢ᠃


ᠦᠨᠳᠦᠷ ᠳᠠᠷᠤᠯᠳᠠᠳᠤ ᠳᠤᠭᠤᠭᠠᠨ ᠤ ᠨᠡᠭᠡᠭᠡᠯᠳᠡ ᠶᠢ ᠭᠡᠷᠡᠭᠯᠡᠭᠦ ᠳᠤ ᠵᠠᠪᠠᠯ ᠣᠷᠢᠳᠠᠵᠤ ᠭᠡᠢ ᠶᠢᠨ ᠨᠡᠭᠡᠯᠡᠬᠡᠢ ᠨᠢ ᠨᠠᠪᠳᠠᠷᠠᠵᠤ ᠪᠠᠢ᠌ᠬᠤ ᠡᠰᠡᠭᠦ ᠶᠢ ᠪᠠᠢ᠌ᠴᠠᠭᠠᠨ᠎ᠠ᠃ ᠳᠤᠭᠤᠭᠠᠨ ᠳᠤᠳᠤᠷ᠎ᠠ ᠪᠠᠨ ᠣᠰᠤ ᠨᠡᠮᠡᠭᠦ ᠳᠤ ᠳᠤᠭᠳᠠᠭᠠᠯ ᠳ᠋ᠠᠭᠢ ᠭᠡᠮᠵᠢᠶ᠎ᠡ ᠡᠴᠠ ᠭᠡᠳᠦᠷᠡᠭᠦᠯᠵᠤ ᠪᠣᠯᠬᠤ ᠦᠭᠡᠶ᠃ ᠦᠨᠳᠦᠷ ᠳᠠᠷᠤᠯᠳᠠᠳᠤ ᠳᠤᠭᠤᠭᠠᠨ ᠤ ᠭᠡᠢ ᠶᠢᠨ ᠨᠡᠭᠡᠯᠡᠬᠡᠢ ᠨᠢ ᠨᠠᠪᠳᠠᠷᠠᠵᠤ ᠦᠭᠡᠶ ᠪᠣᠯ ᠳᠠᠷᠠ ᠳᠠᠷᠤᠢ ᠳᠤ ᠨᠢ ᠭᠠᠯ ᠶᠢᠡᠨ ᠣᠠᠳᠠᠷᠭᠠᠨ᠎ᠠ᠃ ᠬᠠᠯᠠᠭᠤᠨ ᠣᠰᠤᠨ ᠤ ᠭᠡᠷ ᠡᠴᠠ ᠣᠰᠤ ᠠᠪᠬᠤ ᠳᠤ ᠪᠠᠨ ᠡᠷᠭᠡᠪᠰᠢ ᠭᠢᠴᠢᠶᠠᠨ ᠪᠣᠯᠭᠤᠮᠵᠢᠯᠠᠬᠤ ᠭᠡᠷᠡᠭ᠍ᠳᠡᠢ᠃ ᠬᠠᠯᠠᠭᠤᠨ ᠠᠭᠤᠷ ᠪᠠ ᠬᠠᠯᠭᠤᠨ ᠣᠰᠤᠨ ᠳᠤ ᠬᠠᠯᠠᠭᠠᠨ ᠰᠢᠷᠬᠠᠳᠤᠭᠤᠯᠬᠤ ᠡᠴᠠ ᠭᠡᠷᠰᠤᠯᠡᠨ᠎ᠡ᠃ ᠣᠰᠤ ᠪᠣᠴᠠᠯᠭᠠᠬᠤ ᠰᠠᠪᠠᠨ ᠳᠤ ᠣᠰᠤ ᠪᠣᠴᠠᠯᠭᠠᠬᠤ ᠳᠤ ᠪᠠᠨ ᠣᠰᠤ ᠪᠣᠴᠠᠯᠤᠭᠰᠠᠨ ᠤ ᠰᠡᠭᠦᠯᠡᠷ ᠣᠷᠢᠳᠠᠪᠠᠷ ᠠᠮᠠᠰᠠᠷ ᠢ ᠨᠢ ᠨᠡᠭᠡᠭᠡᠵᠤ ᠪᠣᠯᠬᠤ ᠦᠭᠡᠶ᠃ ᠣᠷᠢᠳᠠᠪᠠᠷ ᠭᠠᠯ ᠢ ᠨᠢ ᠣᠠᠳᠠᠷᠭᠠᠨ᠎ᠠ᠃ ᠡᠰᠡᠪᠠᠯ ᠰᠠᠪᠠᠨ ᠤ ᠬᠠᠯᠭᠠᠤᠨ ᠠᠭᠤᠷ ᠨᠢ ᠰᠠᠪᠰᠠᠨ ᠭᠠᠷᠴᠤ ᠢᠷᠠᠪᠠᠯ ᠭᠦᠮᠤᠨ ᠤ ᠨᠢᠭᠤᠷ ᠢ ᠬᠠᠯᠠᠭᠠᠨ᠎ᠠ᠃ ᠪᠣᠳᠠᠭ᠎ᠠ ᠴᠢᠨᠠᠭᠠᠤᠨ ᠪᠣᠯᠭᠤᠭᠠᠭᠰᠠᠨ ᠤ ᠳᠠᠷᠠᠭᠠᠬᠠᠨ ᠳᠤᠭᠤᠭᠠᠨ ᠤ ᠠᠮᠠᠰᠠᠷ ᠢ ᠨᠢ ᠶᠠᠭᠠᠷᠠᠵᠤ ᠴᠥᠯᠳᠦᠭᠡᠨ ᠨᠡᠭᠡᠭᠡᠵᠤ ᠪᠣᠯᠬᠤ ᠦᠭᠡᠶ᠃ ᠬᠠᠯᠠᠭᠤᠨ ᠠᠭᠤᠷ ᠤᠨ ᠬᠠᠯᠠᠭᠠᠬᠤ ᠡᠴᠠ ᠰᠡᠷᠭᠡᠢ᠌ᠯᠡᠭᠦ ᠭᠡᠷᠡᠭ᠍ᠳᠡᠢ᠃ ᠡᠷᠭᠡᠪᠰᠢ ᠪᠠᠶ᠎ᠠ ᠪᠠᠨ ᠬᠠᠵᠠᠢ᠌ᠨ ᠥᠭᠡᠷ᠎ᠡ ᠨᠢᠭᠡ ᠴᠢᠭᠯᠡᠯ ᠶᠢᠡᠷ ᠠᠮᠠᠰᠠᠷ ᠢ ᠨᠢ ᠨᠡᠭᠡᠭᠡᠨ᠎ᠡ᠃


ᠠᠶᠤᠯ ᠡᠴᠡ ᠭᠡᠯᠳᠦᠷᠢᠭᠦ ᠳᠤ ᠰᠠᠮᠪᠠᠭᠠᠯᠢᠭ ᠪᠠᠢ᠌ᠬᠤ ᠭᠡᠷᠡᠭ᠍ᠳᠡᠢ 3 ᠊᠊᠊᠊᠊᠊᠊᠊᠊᠊᠊᠊᠊᠊᠊ ᠭᠠᠵᠠᠷ ᠭᠦᠳᠡᠯᠭᠦ ᠶᠢ ᠠᠷᠭᠠᠴᠠᠬᠤ ᠳᠤ ᠪᠠᠨ ᠠᠮᠢᠳᠤᠯᠢᠭ ᠪᠠᠢ᠌ᠬᠤ ᠭᠡᠷᠡᠭ᠍ᠳᠡᠢ᠃


ᠭᠠᠵᠠᠷ ᠭᠦᠳᠡᠯᠦᠯᠳᠡ ᠭᠡᠨᠡᠳᠲᠡ ᠡᠭᠦᠰᠭᠦ ᠦᠶ᠎ᠡ ᠳᠤ ᠬᠤᠷᠳᠤᠨ ᠭᠡᠷᠡᠮ ᠤᠨ ᠪᠣᠯᠤᠩ᠂ ᠠᠷᠢᠭᠤᠨ ᠴᠠᠪᠠᠷᠯᠠᠯ ᠤᠨ ᠦᠷᠦᠭᠡ ᠵᠡᠷᠭᠡ ᠰᠢᠯᠵᠢᠴᠠ ᠤᠢ᠌ᠷ᠎ᠡ ᠭᠠᠵᠠᠷ ᠲᠤ ᠳᠠᠯᠳᠠᠯᠠᠨ᠎ᠠ᠃ ᠶᠠᠭᠠᠭᠢᠭᠰᠠᠨ ᠴᠤ ᠴᠦᠯᠳᠤ ᠮᠦᠯᠳᠤ ᠪᠠᠷ ᠠᠰᠠᠷ ᠡᠴᠠ ᠦᠰᠤᠷᠴᠤ᠂ ᠭᠠᠵᠠᠷ ᠭᠦᠳᠡᠯᠦᠭᠡᠳ ᠭᠡᠷᠡᠭ᠌ ᠭᠠᠷᠤᠭᠰᠠᠨ ᠦᠭᠡᠶ ᠪᠠᠷ ᠠᠰᠠᠷ ᠡᠴᠠ ᠦᠰᠦᠷᠦᠭᠡᠳ ᠭᠡᠮᠳᠤᠨ ᠰᠢᠷᠬᠠᠳᠤᠵᠤ ᠪᠣᠯᠬᠤ ᠦᠭᠡᠶ᠃ ᠺᠢᠨᠤ᠋ ᠳᠢᠶᠡᠲ᠋ᠷ᠂ ᠪᠦᠷᠢᠨ ᠪᠠᠷᠠᠭᠠᠳᠤ ᠳᠡᠯᠭᠡᠭᠦᠷ ᠵᠡᠷᠭᠡ ᠣᠯᠠᠨ ᠨᠠᠢ᠌ᠳᠠ ᠶᠢᠨ ᠳᠠᠯᠠᠪᠣᠷ ᠲᠤ ᠭᠠᠵᠠᠷ ᠭᠦᠳᠡᠯᠭᠦ ᠦᠶ᠎ᠡ ᠳᠤ ᠶᠠᠭᠠᠷᠠᠨ ᠰᠠᠠᠳᠤᠷᠴᠤ ᠪᠣᠯᠬᠤ ᠦᠭᠡᠶ᠂ ᠪᠣᠰᠢᠭᠤ ᠱᠠᠯᠠᠮᠠᠭᠠᠢ ᠰᠢᠷᠡᠭᠡ ᠰᠠᠠᠳᠠᠯᠢ ᠳᠤᠤᠷ᠎ᠠ ᠰᠢᠷᠭᠤᠨ ᠳᠠᠯᠳᠠᠯᠠᠪᠠᠯ ᠳᠠᠭᠠᠷᠠᠨ᠎ᠠ᠃ ᠬᠠᠷᠢᠨ ᠶᠠᠭᠠᠷᠠᠨ ᠳᠤᠳᠠᠭᠠᠭᠠᠤᠨ ᠭᠢᠯᠪᠠᠷ ᠰᠢᠬᠠᠯᠳᠤᠨ ᠭᠢᠰᠭᠢᠵᠤ ᠰᠢᠷᠬᠠᠳᠤᠭᠤᠯᠬᠤ ᠨᠢ ᠳᠤᠩ ᠪᠣᠷᠤᠭᠤ ᠭᠢᠳᠠᠯ ᠪᠣᠯᠬᠤ ᠶᠤᠮ᠃


ᠠᠶᠤᠯ ᠡᠴᠠ ᠭᠡᠯᠳᠦᠷᠢᠭᠦ ᠳᠤ ᠰᠠᠮᠪᠠᠭᠠᠯᠢᠭ ᠪᠠᠢ᠌ᠬᠤ ᠭᠡᠷᠡᠭ᠍ᠳᠡᠢ 4 ᠊᠊᠊᠊᠊᠊᠊᠊᠊᠊᠊᠊᠊᠊᠊ ᠭᠡᠷ ᠲᠤ ᠪᠠᠨ ᠭᠠᠭᠴᠠᠭᠠᠷ ᠪᠠᠢ᠌ᠬᠤ ᠦᠶ᠎ᠡ ᠳᠤ ᠪᠠᠨ ᠠᠮᠤᠷ ᠲᠦᠪᠰᠢᠨ ᠶᠢᠡᠨ ᠠᠩᠬᠠᠷᠬᠤ ᠭᠡᠷᠡᠭ᠍ᠳᠡᠢ᠃


ᠭᠡᠷ ᠲᠤ ᠪᠠᠨ ᠭᠠᠭᠴᠠᠭᠠᠷ ᠪᠠᠢ᠌ᠬᠤ ᠦᠶ᠎ᠡ ᠳᠤ ᠪᠠᠨ ᠡᠷᠭᠡᠪᠰᠢ ᠡᠭᠦᠳᠡ ᠪᠠᠨ ᠣᠨᠢᠰᠤᠯᠠᠬᠤ ᠭᠡᠷᠡᠭ᠍ᠳᠡᠢ᠃ ᠭᠡᠷᠪᠡ ᠡᠭᠦᠳᠡ ᠳᠤᠭᠰᠢᠬᠤ ᠶᠢ ᠰᠤᠨᠤᠰᠪᠠᠯ ᠡᠭᠦᠳᠡᠨ ᠳᠤᠯᠢ ᠪᠣᠶᠤ ᠡᠭᠦᠳᠡᠨ ᠵᠠᠪᠰᠠᠷ ᠶᠢᠡᠷ ᠢᠷᠡᠭᠦ ᠭᠦᠮᠤᠨ ᠢ ᠢᠯᠭᠠᠨ ᠳᠠᠨᠢᠵᠤ᠂ ᠳᠠᠨᠢᠬᠤ ᠦᠭᠡᠶ ᠭᠦᠮᠤᠨ ᠳᠤ ᠶᠠᠮᠠᠷ ᠰᠢᠯᠳᠠᠭᠠᠨ ᠪᠣᠯᠤᠭᠰᠠᠨ ᠴᠤ᠂ ᠶᠠᠮᠠᠷ ᠪᠠᠶ᠎ᠠ ᠶᠢᠨ ᠭᠠᠷᠤᠯ ᠪᠣᠯᠤᠭᠰᠠᠨ ᠴᠤ᠂ ᠳᠡᠭᠦᠨ ᠳᠤ ᠡᠭᠦᠳᠡ ᠪᠠᠨ ᠨᠡᠭᠡᠭᠡᠵᠤ ᠥᠭ᠍ᠴᠤ ᠪᠣᠯᠬᠤ ᠦᠭᠡᠶ᠃ ᠭᠡᠭᠦ ᠮᠦᠷᠳᠡᠭᠡᠨ ᠠᠪᠣ ᠡᠵᠢ ᠭᠡᠷ ᠲᠤ ᠪᠠᠢ᠌ᠬᠤ ᠲᠡᠶ ᠠᠳᠠᠯᠢ ᠠᠷᠭᠠᠯᠠᠨ ᠠᠪᠣ ᠡᠵᠢ ᠪᠠᠨ ᠳᠠᠭᠤᠳᠠᠬᠤ ᠭᠡᠷᠡᠭ᠍ᠳᠡᠢ᠃ ᠢᠩᠭᠢᠭᠡᠳ ᠳᠠᠨᠢᠬᠤ ᠦᠭᠡᠶ ᠭᠦᠮᠤᠨ ᠢ ᠠᠶᠤᠨ ᠳᠤᠳᠠᠭᠠᠯᠠᠭᠠᠨ᠎ᠠ᠃ ᠵᠠᠷᠢᠮ ᠮᠠᠭᠤ ᠭᠦᠮᠤᠨ ᠰᠢᠤᠳᠠᠠᠴᠢ᠂ ᠪᠣᠷᠤᠯᠠᠭᠤᠯᠤᠭᠴᠢ᠂ ᠪᠠᠢ᠌ᠴᠠᠭᠠᠨ ᠰᠡᠯᠪᠢᠭ᠍ᠴᠢ ᠵᠡᠷᠭᠡ ᠠᠵᠢᠯᠴᠢᠨ ᠶᠢᠡᠷ ᠣᠪᠯᠠᠨ ᠡᠭᠦᠳᠡ ᠶᠢ ᠨᠢ ᠮᠡᠭᠡᠯᠡᠨ ᠨᠡᠭᠡᠭᠡᠯᠭᠡᠵᠤ᠂ ᠭᠡᠷ ᠲᠤ ᠨᠢ ᠣᠷᠤᠨ ᠪᠣᠯᠢᠶᠠᠬᠤ ᠪᠣᠶᠤ ᠪᠣᠰᠤᠳ ᠮᠠᠭᠤ ᠭᠡᠷᠡᠭ᠌ ᠥᠢᠯᠡᠳᠳᠡᠭ᠌᠃ ᠭᠡᠷᠪᠡ ᠡᠢ᠌ᠮᠦᠷᠭᠦ ᠮᠠᠶ‍ᠢᠭ ᠤᠨ ᠲ᠋ᠠᠨᠢᠬᠤ ᠦᠭᠡᠶ ᠭᠦᠮᠤᠨ ᠲᠤᠬᠢᠶᠠᠯᠳᠤᠪᠠᠯ᠂ ᠳᠠᠨᠢᠬᠤ ᠦᠭᠡᠶ ᠭᠦᠮᠤᠨ ᠤ ᠪᠠᠶ᠎ᠠ ᠶᠢᠨ ᠦᠨᠳᠦᠷ᠂ ᠨᠢᠭᠤᠷ ᠴᠢᠷᠠᠢ᠂ ᠬᠤᠪᠴᠠᠰᠤ ᠬᠤᠨᠠᠷ ᠢ ᠨᠢ ᠠᠩᠬᠠᠷᠤᠯ ᠳᠠᠯᠪᠢᠨ ᠠᠵᠢᠭᠯᠠᠨ ᠴᠢᠬᠤᠯᠠ ᠲᠡᠶ ᠦᠶ᠎ᠡ ᠳᠤ ᠴᠠᠭᠳᠠᠭ᠎ᠠ ᠳᠤ ᠮᠡᠳᠡᠭ᠍ᠳᠡᠨ᠎ᠡ᠃ ᠪᠠᠰᠠ ᠠᠪᠣ ᠡᠵᠢ᠂ ᠭᠦᠷᠰᠢ ᠰᠠᠭᠠᠬᠠᠯᠳᠠ᠂ ᠰᠠᠭᠤᠭᠠᠯᠢ ᠠᠷᠠᠤᠨ ᠤᠨ ᠵᠦᠪᠯᠠᠯ ᠪᠣᠶᠤ ᠳᠤᠳᠤᠭᠠᠳᠤ ᠶᠢ ᠬᠠᠮᠠᠭᠠᠯᠠᠬᠤ ᠰᠠᠯᠪᠣᠷᠢ ᠳᠤ ᠮᠡᠳᠡᠭᠡ ᠦᠭ‍ᠭᠦ ᠪᠠᠷ ᠪᠡᠯᠡᠳᠭᠡᠨ᠎ᠡ᠃ ᠭᠡᠷᠪᠡ ᠢᠷᠡᠭ᠍ᠰᠡᠨ ᠭᠦᠮᠤᠨ ᠠᠪᠣ ᠡᠵᠢ ᠶᠢᠨ ᠴᠢᠨᠢ ᠬᠠᠮᠳᠤ ᠠᠵᠢᠯᠳᠠᠨ᠂ ᠴᠢᠨᠤ ᠨᠠᠷ᠎ᠠ ᠪᠣᠶᠤ ᠠᠪᠣ ᠡᠵᠢ ᠶᠢᠨ ᠴᠢᠨᠢ ᠨᠠᠷ᠎ᠠ ᠶᠢ ᠳᠠᠭᠤᠳᠠᠵᠤ ᠪᠠᠢ᠌ᠪᠠᠴᠤ ᠭᠢᠴᠢᠶᠠᠨ ᠰᠡᠷᠡᠮᠵᠢᠯᠡᠭᠦ ᠭᠡᠷᠡᠭ᠍ᠳᠡᠢ᠃ ᠭᠡᠪᠠᠴᠤ ᠶᠠᠮᠠᠷ ᠣᠴᠢᠷ ᠲᠡᠶ ᠶᠢ ᠨᠢ ᠠᠰᠠᠭᠤᠵᠤ ᠴᠡᠭᠡᠵᠢᠯᠡᠨ ᠠᠪᠣ ᠡᠵᠢ ᠳᠤ ᠪᠠᠨ ᠭᠡᠯᠡᠵᠤ ᠥᠭ᠍ᠴᠤ ᠪᠣᠯᠤᠨ᠎ᠠ᠃

ᠭᠡᠷᠪᠡ ᠮᠠᠭᠤ ᠭᠦᠮᠤᠨ ᠡᠯ᠎ᠡ ᠵᠣᠢ᠌ᠯ ᠤᠨ ᠰᠢᠯᠳᠠᠭᠠᠨ ᠶᠢᠡᠷ ᠭᠡᠷ ᠲᠤ ᠴᠢᠨᠢ ᠣᠷᠤᠵᠤ ᠢᠷᠠᠪᠠᠯ ᠦᠪᠡᠷ ᠤᠨ ᠠᠮᠤᠷ ᠲᠦᠪᠰᠢᠨ ᠶᠢᠡᠨ ᠪᠠᠳᠤᠯᠠᠬᠤ ᠪᠠᠢ᠌ᠳᠠᠯ ᠳᠤᠤᠷ᠎ᠠ ᠮᠠᠭᠤ ᠭᠦᠮᠤᠨ ᠲᠡᠶ ᠠᠷᠭ᠎ᠠ ᠣᠬᠠᠭᠠᠨ ᠰᠦᠰᠦ ᠵᠤᠷᠢᠭ ᠶᠢᠡᠷ ᠶᠢᠡᠨ ᠳᠠᠮᠠᠴᠠᠨ᠂ ᠡᠭᠦᠳᠡ ᠪᠠᠨ ᠭᠠᠳᠠᠨ᠎ᠠ ᠡᠴᠠ ᠨᠢ ᠣᠨᠢᠰᠤᠯᠠᠭᠰᠠᠨ ᠤ ᠳᠠᠷᠠᠭ᠎ᠠ ᠣᠳᠠᠰᠤ ᠪᠠᠷ ᠭᠡᠷᠡᠭ᠌ ᠮᠡᠳᠡᠭ᠍ᠳᠡᠨ᠎ᠡ᠃ ᠭᠡᠭᠦ ᠳᠤ ᠪᠠᠨ ᠦᠪᠡᠷ ᠤᠨ ᠳᠤᠳᠤᠷᠬᠠᠢ ᠬᠠ‍‌ᠶᠢᠭ ᠶᠢᠡᠨ ᠮᠡᠳᠡᠭ᠍ᠳᠡᠨ᠎ᠡ᠃ ᠪᠠᠰᠠ ᠠᠷᠭ᠎ᠠ ᠭᠡᠷᠡᠭᠯᠡᠨ ᠮᠠᠭᠤ ᠭᠦᠮᠤᠨ ᠢ ᠠᠶᠤᠯᠭᠠᠨ ᠳᠤᠳᠠᠭᠠᠯᠭᠠᠵᠤ ᠪᠣᠯᠤᠨ᠎ᠠ᠃ ᠭᠡᠪᠠᠴᠤ ᠮᠠᠭᠤ ᠭᠦᠮᠤᠨ ᠤ ᠪᠠᠶ᠎ᠠ ᠶᠢᠨ ᠦᠨᠳᠦᠷ᠂ ᠭᠠᠳᠠᠷ ᠪᠠᠢ᠌ᠳᠠᠯ ᠤᠨ ᠣᠠᠴᠠᠯᠢᠭ ᠶᠢᠡᠷ ᠬᠤᠷᠳᠤᠨ ᠭᠡᠷᠡᠭ᠌ ᠮᠡᠳᠡᠭ᠍ᠳᠡᠨ᠎ᠡ᠃ ᠭᠡᠪᠠᠴᠤ ᠮᠠᠭᠤ ᠭᠦᠮᠤᠨ ᠲᠡᠶ ᠰᠢᠷᠦᠭᠦᠨ ᠳᠠᠮᠠᠴᠠᠵᠤ ᠪᠣᠯᠬᠤ ᠦᠭᠡᠶ᠃ ᠦᠪᠡᠷ ᠤᠨ ᠠᠮᠢ ᠨᠠᠰᠤ ᠪᠠᠨ ᠬᠠᠮᠠᠭᠠᠯᠬᠤ ᠪᠣᠶᠤ ᠬᠤᠪᠢ ᠶᠢᠨ ᠠᠮᠤᠷ ᠲᠦᠪᠰᠢᠨ ᠶᠢᠡᠨ ᠠᠩᠬᠠᠷᠬᠤ ᠭᠡᠷᠡᠭ᠍ᠳᠡᠢ᠃


ᠠᠶᠤᠯ ᠡᠴᠠ ᠭᠡᠯᠳᠦᠷᠢᠭᠦ ᠳᠤ ᠰᠠᠮᠪᠠᠭᠠᠯᠢᠭ ᠪᠠᠢ᠌ᠬᠤ ᠭᠡᠷᠡᠭ᠍ᠳᠡᠢ 5 ᠊᠊᠊᠊᠊᠊᠊᠊᠊᠊᠊᠊᠊᠊᠊ ᠭᠦᠮᠤᠨ ᠤ ᠮᠡᠭᠡᠯᠡᠨ ᠬᠤᠳᠠᠯᠳᠤᠬᠤ ᠡᠴᠠ ᠭᠢᠴᠢᠶᠡᠭᠦ ᠭᠡᠷᠡᠭ᠍ᠳᠡᠢ᠃


ᠨᠡᠢ᠌ᠭᠡᠮ ᠳᠡᠭᠡᠷ᠎ᠡ᠂ ᠵᠠᠷᠢᠮ ᠬᠠᠤᠯᠢ ᠪᠣᠰᠤ ᠡᠳᠡᠭᠡᠳ ᠡᠮᠡᠭ᠍ᠳᠡᠢ᠌ᠴᠦᠳ ᠬᠡᠦᠬᠡᠳ ᠢ ᠮᠡᠭᠡᠯᠡᠨ ᠬᠤᠳᠠᠯᠳᠤᠨ ᠰᠠᠷᠢᠭᠠᠯᠠᠬᠤ ᠳᠤ ᠲᠦᠰᠢᠨ ᠵᠦᠢ ᠶᠤᠰᠤᠨ ᠳᠤ ᠨᠡᠢ᠌ᠴᠡᠭᠦ ᠦᠭᠡᠶ ᠡᠳ᠋ ᠭᠦᠷᠦᠩᠭᠡ ᠣᠯᠳᠠᠭ᠃ ᠳᠠᠳᠠᠨ ᠠᠪᠣ ᠡᠵᠢ ᠶᠢᠨ ᠭᠢᠨ ᠠᠬ᠎ᠠ ᠳᠡᠭᠦᠤ ᠤᠢ᠌ᠷ᠎ᠡ ᠰᠠᠳᠤᠨ ᠶᠢᠡᠷ ᠣᠪᠯᠠᠨ ᠮᠡᠭᠡᠯᠡᠭᠦ ᠪᠣᠶᠤ ᠪᠠᠭ᠎ᠠ ᠰᠠᠭ᠎ᠠ ᠠᠰᠢᠭ ᠳᠤᠰᠠ ᠣᠯᠭᠤᠬᠤ ᠠᠷᠭ᠎ᠠ ᠪᠠᠷ ᠬᠡᠦᠬᠡᠳ ᠢ ᠨᠢ ᠳᠠᠭᠠᠭᠤᠯᠵᠤ ᠶᠠᠪᠣᠳᠠᠭ᠃ ᠨᠢᠭᠡᠨ ᠴᠠᠭ ᠬᠡᠦᠬᠡᠳ ᠬᠠᠭᠤᠷᠳᠠᠪᠠᠯ ᠮᠠᠭᠤ ᠭᠦᠮᠤᠨ ᠤ ᠭᠠᠷ ᠲᠤ ᠣᠷᠤᠵᠤ ᠡᠨᠡ ᠦᠶ᠎ᠡ ᠳᠤ ᠭᠦᠴᠢᠷ ᠵᠤᠪᠠᠭᠤᠷᠢ ᠶᠢ ᠬᠠᠠᠳᠠᠯ᠎ᠠ ᠠᠮᠰᠠᠨ ᠬᠠᠷᠠᠮᠰᠠᠪᠠᠴᠤ ᠬᠤᠵᠢᠭᠳᠠᠨ᠎ᠠ᠃ ᠰᠠᠢ᠌ᠨ ᠰᠠᠨᠠᠭᠠᠳᠤ ᠭᠦᠮᠤᠨ ᠪᠣᠶᠤ ᠴᠠᠭᠳᠠᠭ᠎ᠠ ᠳᠤ ᠣᠴᠠᠷᠠᠪᠠᠯ ᠬᠡᠦᠬᠡᠳ ᠨᠢ ᠠᠪᠣᠷᠠᠭᠳᠠᠨ᠎ᠠ᠃ ᠳᠡᠭᠡᠷᠡᠭᠢ ᠡᠴᠠ ᠰᠤᠷᠭᠠᠮᠵᠢ ᠠᠪᠤᠨ ᠶᠠᠭᠠᠭᠢᠪᠠᠴᠤ ᠳᠠᠨᠢᠯ ᠪᠣᠰᠤ ᠭᠦᠮᠤᠨ ᠢ ᠳᠠᠭᠠᠵᠤ ᠶᠠᠪᠣᠵᠤ ᠪᠣᠯᠬᠤ ᠦᠭᠡᠶ᠃


ᠰᠤᠷᠬᠤ ᠠᠷᠭ᠎ᠠ ᠵᠢᠯᠤᠭᠤᠳᠬᠤ ᠬᠠᠭᠤᠳᠠᠰᠤ ᠄


1. ᠥᠭᠡ ᠭᠡᠯᠡᠭᠦ ᠡᠴᠠ ᠪᠠᠨ ᠠᠶᠤᠬᠤ ᠶᠢᠨ ᠰᠢᠯᠳᠠᠭᠠᠨ

ᠥᠭᠡ ᠭᠡᠯᠡᠭᠦ ᠡᠴᠠ ᠪᠠᠨ ᠠᠶᠤᠬᠤ ᠶᠢᠨ ᠰᠢᠯᠳᠠᠭᠠᠨ ᠭᠤᠷᠪᠠ ᠪᠠᠢ᠌ᠳᠠᠭ᠃ ᠨᠢᠭᠡ ᠨᠢ ᠵᠠᠩ ᠠᠭᠠᠠᠰᠢ ᠳᠤᠳᠤᠭᠠᠳᠤᠯᠢᠭ᠃ ᠶᠠᠷᠤᠨᠢ ᠭᠡᠯᠡᠵᠤ ᠶᠠᠷᠢᠬᠤ ᠴᠢᠳᠠᠪᠣᠷᠢ ᠨᠢ ᠮᠠᠰᠢ ᠵᠦᠷᠢᠨ᠎ᠠ ᠭᠡᠵᠤ ᠪᠣᠳᠤᠵᠤ᠂ ᠣᠯᠠᠨ ᠤ ᠡᠮᠤᠨ᠎ᠡ ᠦᠪᠡᠷ ᠤᠨ ᠦᠵᠡᠯᠳᠠ ᠪᠠᠨ ᠢᠯᠡᠳᠭᠡᠭᠦ ᠡᠴᠠ ᠵᠢᠷᠦᠭᠡᠰᠢᠶᠡᠨ᠎ᠡ᠃ ᠬᠤᠶᠠᠷ ᠨᠢ ᠭᠡᠯᠡᠭᠦ ᠡᠴᠠ ᠪᠠᠨ ᠡᠮᠤᠨ᠎ᠡ ᠪᠡᠯᠡᠳᠭᠡᠭ᠍ᠰᠡᠨ ᠨᠢ ᠭᠦᠢᠴᠡᠳ ᠪᠢᠰᠢ᠃ ᠮᠡᠳᠡᠭᠦ ᠰᠢᠭ᠌᠂ ᠪᠠᠰᠡ ᠮᠡᠳᠡᠭᠦ ᠦᠭᠡᠶ ᠰᠢᠭ᠌ ᠪᠠᠢ᠌ᠳᠠᠭ᠃ ᠭᠤᠷᠪᠠ ᠨᠢ ᠳᠤᠰᠬᠠᠵᠤ ᠣᠢ᠌ᠯᠠᠭᠠᠬᠤ ᠨᠢ ᠣᠳᠠᠭᠠᠨ᠃ ᠠᠰᠠᠭᠤᠳᠠᠯ ᠢ ᠪᠣᠳᠤᠯᠭᠢᠯᠠᠬᠤ ᠳᠤ ᠪᠠᠨ ᠰᠡᠷᠭᠡᠭ᠌ ᠪᠢᠰᠢ ᠪᠠᠢ᠌ᠵᠤ ᠦᠵᠡᠯ ᠰᠠᠨᠠᠭᠠᠨ ᠤ ᠭᠦᠯᠢᠶᠡᠰᠦᠯᠡᠯ ᠲᠡᠶ ᠪᠣᠯᠳᠠᠭ᠃

2. ᠵᠤᠷᠢᠭ ᠲᠡᠶ ᠪᠠᠷ ᠪᠠᠷ ᠭᠡᠯᠡᠵᠤ ᠶᠠᠷᠢᠬᠤ ᠪᠠᠨ ᠭᠦᠮᠦᠵᠢᠭᠦᠯᠤᠨ᠎ᠡ᠃

ᠭᠡᠯᠡᠵᠤ ᠶᠠᠷᠢᠬᠤ ᠳᠤ ᠪᠠᠨ ᠴᠠᠭᠠᠷᠠᠬᠤ ᠳᠤ ᠭᠦᠮᠦᠵᠢᠭᠦᠯᠭᠦ ᠭᠡᠷᠡᠭ᠍ᠳᠡᠢ᠃ ᠵᠦᠷᠢᠭ ᠲᠡᠶ ᠭᠡᠯᠡᠵᠤ ᠶᠠᠷᠢᠬᠤ ᠳᠤ ᠪᠠᠨ ᠳᠤᠤᠷᠠᠭᠢ ᠭᠤᠷᠪᠠᠨ ᠠᠷᠭ᠎ᠠ ᠶᠢ ᠠᠪᠴᠤ ᠪᠣᠯᠤᠨ᠎ᠠ᠃

⑴ ᠠᠬ᠎ᠠ ᠳᠡᠭᠦᠤ ᠤᠢ᠌ᠷ᠎ᠡ ᠰᠠᠳᠤᠨ ᠲᠡᠶ ᠪᠠᠨ ᠢᠯᠡᠭᠦᠭᠡᠨ ᠶᠡᠷᠢᠯᠴᠡᠵᠤ᠂ ᠭᠦᠳᠡᠯᠭᠡᠭᠡᠨ ᠳᠤ ᠢᠯᠡᠭᠦᠭᠡᠨ ᠣᠷᠤᠯᠴᠠᠨ᠎ᠠ᠃

ᠭᠡᠷ ᠲᠤ ᠪᠠᠨ ᠠᠪᠣ ᠡᠵᠢ ᠲᠡᠶ ᠪᠠᠨ᠂ ᠤᠢ᠌ᠷ᠎ᠡ ᠰᠠᠳᠤᠨ ᠲᠡᠶ ᠪᠠᠨ ᠦᠪᠡᠷ ᠤᠨ ᠰᠤᠷᠤᠯᠭ᠎ᠠ ᠠᠮᠢᠳᠤᠷᠠᠯ ᠤᠨ ᠪᠠᠢ᠌ᠳᠠᠯ ᠶᠢᠡᠨ ᠶᠠᠷᠢᠯᠴᠠᠨ᠎ᠠ᠃ ᠰᠤᠷᠭᠠᠭᠤᠯᠢ ᠳᠤ ᠪᠠᠨ ᠬᠠᠮᠳᠤ ᠰᠤᠷᠤᠯᠭᠠᠳᠠᠨ ᠤ ᠬᠤᠭᠤᠷᠤᠠᠳᠤᠭᠢ ᠶᠠᠷᠢᠯᠴᠠᠭ᠎ᠠ᠂ ᠮᠠᠷᠭᠤᠯᠳᠤᠭᠠᠨ ᠳᠤ ᠢᠯᠡᠭᠦᠭᠡᠨ ᠣᠷᠤᠯᠴᠠᠨ᠎ᠠ᠃ ᠢᠩᠭᠢᠪᠠᠯ ᠴᠢᠨᠤ ᠰᠦᠰᠦ ᠵᠤᠷᠢᠭ ᠢ ᠴᠢᠨᠢ ᠨᠡᠮᠡᠭ᠍ᠳᠡᠭᠦᠯᠤᠨ᠂ ᠪᠠᠰᠠ ᠴᠢᠨᠤ ᠭᠡᠯᠡᠵᠤ ᠶᠠᠷᠢᠬᠤ ᠴᠢᠳᠠᠪᠣᠷᠢ ᠶᠢ ᠴᠢᠨᠢ ᠳᠡᠭᠡᠭ᠍ᠰᠢᠯᠡᠭᠦᠯᠭᠦ ᠳᠤ ᠠᠰᠢᠭᠳᠠᠢ ᠪᠠᠢ᠌ᠳᠠᠭ᠃

⑵ ᠭᠢᠴᠢᠶᠠᠯ ᠶᠢᠡᠨ ᠣᠷᠢᠳᠴᠢᠯᠠᠨ ᠰᠤᠷᠤᠯᠴᠠᠬᠤ ᠶᠢ ᠠᠩᠬᠠᠷᠤᠨ᠎ᠠ᠃

ᠰᠠᠳᠭᠢᠴᠠ ᠵᠦᠢ ᠶᠢᠨ ᠬᠠᠷᠠᠭᠠᠰᠤ ᠡᠴᠠ ᠠᠪᠴᠤ ᠭᠡᠯᠡᠪᠠᠯ ᠠᠯᠢᠪᠠ ᠭᠢᠴᠢᠶᠠᠯ ᠶᠢᠡᠨ ᠪᠦᠷᠢᠨ ᠭᠦᠢᠴᠡᠳ ᠪᠡᠯᠡᠳᠭᠡᠪᠠᠯ ᠶᠡᠭᠡ ᠳᠠᠷᠢᠭᠢᠨ ᠤ ᠪᠣᠷᠤ ᠳᠠᠪᠬᠤᠷᠭ᠎ᠠ ᠳᠤ ᠨᠢ ᠪᠠᠳᠤ ᠪᠠᠭᠢ ᠲᠦᠷ ᠵᠠᠭᠤᠷ᠎ᠠ ᠶᠢᠨ ᠮᠠᠳᠠᠷᠠᠯ ᠤᠨ ᠬᠤᠯᠪᠣᠭᠠᠰᠤ ᠪᠦᠷᠢᠯᠳᠦᠳᠡᠭ᠌᠃ ᠶᠡᠷᠦᠳᠡᠭᠡᠨ ᠭᠢᠯᠪᠠᠷᠬᠠᠨ ᠬᠤᠷᠢᠭᠯᠠᠭᠳᠠᠳᠠᠭ ᠦᠭᠡᠶ᠃ ᠭᠡᠷᠪᠡ ᠪᠡᠯᠡᠳᠭᠡᠯ ᠨᠢ ᠭᠦᠢᠴᠡᠯᠳᠦᠭᠦ ᠦᠭᠡᠶ ᠪᠣᠯ ᠲᠦᠷ ᠵᠠᠭᠤᠷ᠎ᠠ ᠶᠢᠨ ᠮᠠᠳᠠᠷᠠᠯ ᠤᠨ ᠬᠤᠯᠪᠣᠭᠠᠰᠤ ᠨᠢ ᠪᠠᠭᠤᠷᠠᠢ ᠪᠠᠢ᠌ᠵᠤ᠂ ᠭᠢᠯᠪᠠᠷᠬᠠᠨ ᠪᠠᠶ᠎ᠠ ᠪᠠᠨ ᠪᠠᠷᠢᠵᠤ᠂ ᠰᠠᠮᠠᠭᠠᠷᠳᠠᠬᠤ ᠪᠠᠢ᠌ᠳᠠᠯ ᠢᠯᠡᠷᠡᠳᠡᠭ᠌᠃ ᠪᠠᠴᠢᠮᠳᠠᠨ ᠰᠠᠮᠭᠠᠷᠳᠠᠪᠠᠯ ᠨᠢᠭᠡ ᠴᠤ ᠶᠠᠭᠤᠮ᠎ᠠ ᠮᠡᠳᠡᠭᠦ ᠦᠭᠡᠶ ᠪᠣᠯᠴᠢᠬᠠᠳᠠᠭ᠃ ᠡᠢ᠌ᠮᠤ ᠡᠴᠠ ᠣᠷᠢᠳᠴᠢᠯᠠᠨ ᠰᠤᠷᠤᠯᠴᠠᠬᠤ ᠨᠢ ᠭᠢᠴᠢᠶᠠᠯ ᠤᠨ ᠴᠠᠭ ᠲᠤ ᠢᠳᠠᠪᠭᠢᠳᠠᠢ ᠭᠡᠯᠡᠵᠤ ᠶᠠᠷᠢᠬᠤ ᠳᠤ ᠳᠤᠰᠠᠯᠠᠮᠵᠢ ᠪᠣᠯᠳᠠᠭ᠃

⑶ ᠣᠶᠤᠨ ᠤ ᠪᠣᠯᠪᠠᠰᠤᠷᠠᠯ ᠤᠨ ᠰᠠᠳᠤᠪ ᠢ ᠣᠯᠠᠨ ᠭᠢᠨ᠎ᠠ᠃

ᠣᠯᠠᠩᠭᠢ ᠠᠰᠠᠭᠤᠳᠠᠯ ᠢ ᠪᠢᠳᠠᠨ ᠰᠠᠭᠤᠵᠤ ᠪᠠᠢ᠌ᠭᠠᠤᠨ ᠠᠭᠠᠵᠢᠭᠤᠬᠠᠨ ᠪᠣᠳᠤᠯᠭᠢᠯᠠᠪᠠᠯ ᠪᠦᠷ ᠵᠦᠪ ᠬᠠᠷᠢᠭᠤᠯᠵᠤ ᠴᠢᠳᠠᠨ᠎ᠠ᠃ ᠭᠡᠪᠠᠴᠤ ᠪᠠᠭᠰᠢ ᠶᠢᠨ ᠣᠷᠢᠳᠠᠢ ᠳᠠᠷᠠ ᠳᠠᠷᠤᠢ ᠳᠤ ᠨᠢ ᠮᠠᠳᠠᠵᠤ ᠬᠠᠷᠢᠭᠤᠯᠬᠤ ᠳᠤ ᠪᠢᠳᠠᠨ ᠪᠠᠴᠢᠮᠳᠠᠨ ᠰᠠᠠᠳᠤᠷᠳᠠᠭ ᠶᠤᠮ᠃ ᠮᠠᠳᠠᠵᠤ ᠪᠠᠢ᠌ᠭ᠎ᠠ ᠠᠰᠠᠭᠤᠳᠠᠯ ᠶᠢᠡᠨ ᠴᠤ ᠮᠡᠳᠡᠭᠦ ᠦᠭᠡᠶ ᠪᠣᠯᠴᠢᠬᠠᠳᠠᠭ᠃ ᠡᠨᠡᠭᠦ ᠪᠠᠢ᠌ᠳᠠᠯ ᠳᠤ ᠬᠠᠠᠳᠤᠨ ᠴᠢ ᠣᠯᠠᠠᠳᠠ ᠪᠣᠯᠪᠠᠰᠤᠷᠠᠵᠤ ᠪᠣᠯᠤᠨ᠎ᠠ᠃ ᠦᠷᠭᠦᠯᠵᠢ ᠣᠶᠤᠨ ᠤ ᠪᠣᠯᠪᠠᠰᠤᠷᠠᠯ ᠤᠨ ᠰᠠᠳᠤᠪ ᠭᠢᠵᠤ ᠪᠣᠯᠤᠨ᠎ᠠ᠃ ᠣᠳᠠᠭᠠᠨ ᠳᠤ ᠪᠠᠨ ᠶᠡᠭᠡ ᠳᠠᠷᠢᠭᠢ ᠴᠢᠨᠢ ᠮᠠᠰᠢ ᠰᠡᠷᠭᠡᠭ᠌ ᠪᠣᠯᠴᠢᠬᠠᠳᠠᠭ ᠶᠤᠮ᠃ ᠳᠡᠭᠡᠷᠡᠭᠢ ᠠᠷᠭ᠎ᠠ ᠶᠢ ᠡᠵᠡᠮᠰᠢᠭ᠍ᠰᠡᠨ ᠦᠦ ︖ ᠭᠢᠴᠢᠶᠠᠯ ᠳᠡᠭᠡᠷ᠎ᠡ ᠭᠡᠯᠡᠵᠤ ᠶᠠᠷᠢᠬᠤ ᠡᠴᠠ ᠪᠠᠨ ᠵᠢᠷᠦᠭᠡᠰᠢᠶᠡᠳᠡᠭ᠌ ᠰᠤᠷᠤᠭᠴᠢ ᠳᠤᠷᠰᠢᠵᠤ ᠦᠵᠡᠵᠤ ᠪᠣᠯᠤᠨ᠎ᠠ᠃


3. ᠰᠤᠷᠤᠯᠴᠠᠬᠤ ᠶᠢᠨ ᠭᠦᠳᠡᠯᠦᠩᠭᠦᠢ ᠢ ᠴᠢᠨᠠᠷ ᠢ ᠭᠡᠷᠭᠢᠨ ᠭᠦᠮᠦᠵᠢᠭᠦᠯᠭᠦ ᠪᠣᠢ


⑴ ᠰᠠᠢ᠌ᠨ ᠳᠦᠷᠢᠮ ᠳᠤᠭᠳᠠᠭᠠᠯ ᠳᠤᠭᠳᠠᠭᠠᠨ᠎ᠠ᠃

ᠳᠦᠷᠢᠮ ᠭᠡᠮ ᠦᠭᠡᠶ ᠪᠣᠯ ᠳᠦᠷᠪᠠᠯᠵᠢᠨ ᠳᠤᠭᠤᠷᠢᠭ ᠦᠭᠡᠶ ᠶᠤᠮ᠃ ᠣᠷᠢᠳᠠᠵᠤ ᠰᠠᠢ᠌ᠨ ᠳᠦᠷᠢᠮ ᠳᠤᠭᠳᠠᠭᠠᠨ᠎ᠠ᠃ ᠵᠢᠱᠢᠶᠠᠯᠠᠪᠠᠯ ᠄ ᠭᠢᠴᠢᠶᠠᠯ ᠳᠡᠭᠡᠷ᠎ᠡ ᠳᠤᠷ᠎ᠠ ᠪᠠᠷ ᠶᠢᠡᠨ ᠥᠭᠡ ᠶᠠᠷᠢᠬᠤ ᠦᠭᠡᠶ᠂ ᠰᠤᠷᠭᠠᠭᠤᠯᠢ ᠳᠠᠷᠬᠠᠭᠰᠠᠨ ᠤ ᠰᠡᠭᠦᠯᠡᠷ ᠣᠷᠢᠳᠠᠵᠤ ᠳᠠᠰᠬᠠᠯ ᠶᠢᠡᠨ ᠭᠢᠨ᠎ᠡ᠃ ᠨᠢᠭᠡ ᠭᠠᠷᠠᠭ ᠵᠥᠪᠭᠡᠨ ᠬᠤᠶᠠᠷ ᠣᠳᠠᠭ᠎ᠠ ᠳᠸᠯᠸᠢᠰ ᠡᠦᠵᠡᠭᠦ ᠭᠡᠭᠦ ᠮᠠᠳᠤ᠃ ᠭᠡᠷᠪᠡ ᠦᠪᠡᠷ ᠶᠢᠡᠨ ᠦᠪᠡᠷ ᠢ ᠪᠠᠨ ᠦᠨᠡᠨ ᠬᠠᠮᠢᠶᠠᠷᠴᠤ ᠳᠡᠢ᠌ᠯᠭᠦ ᠦᠭᠡᠶ ᠪᠣᠯ ᠠᠩᠬ᠎ᠠ ᠡᠭᠢᠯᠡᠭᠦ ᠦᠶ᠎ᠡ ᠳᠤ ᠪᠠᠨ ᠠᠪᠣ ᠡᠵᠢ ᠪᠠᠷ ᠶᠢᠡᠨ ᠦᠪᠡᠷ ᠢ ᠪᠠᠨ ᠭᠢᠨᠠᠭᠤᠯᠵᠤ ᠪᠣᠯᠤᠨ᠎ᠠ᠃ ᠣᠳᠠᠭᠠᠨ ᠳᠤ ᠪᠠᠨ ᠳᠠᠳᠬᠠᠯ ᠪᠣᠯᠴᠢᠬᠠᠨ᠎ᠠ᠃

⑵ ᠦᠪᠡᠷ ᠢ ᠪᠠᠨ ᠠᠯᠪᠠᠳᠠᠨ ᠰᠤᠷᠤᠯᠴᠠᠬᠤ ᠡᠭᠦᠷᠭᠡ ᠪᠠᠨ ᠪᠠᠶᠡᠯᠡᠭᠦᠯᠤᠨ᠎ᠡ᠃

ᠡᠷᠭᠡᠪᠰᠢ ᠭᠢᠭᠦ ᠣᠴᠢᠷ ᠶᠢᠡᠨ ᠭᠢᠵᠤ ᠪᠠᠷᠠᠭᠠᠳᠤᠢ ᠪᠠᠷ ᠬᠠᠷᠢᠨ ᠨᠠᠭᠠᠳᠬᠤ ᠳᠤᠷ᠎ᠠ ᠭᠦᠳᠡᠯᠭᠦ ᠦᠶ᠎ᠡ ᠳᠤ ᠪᠠᠨ ᠦᠪᠡᠷ ᠢ ᠪᠠᠨ ᠠᠯᠪᠠᠳᠠᠨ ᠪᠠᠢ᠌ᠵᠤ ᠦᠪᠡᠷ ᠤᠨ ᠰᠤᠷᠤᠯᠴᠠᠬᠤ ᠡᠭᠦᠷᠭᠡ ᠪᠠᠨ ᠪᠠᠶᠡᠯᠡᠭᠦᠯᠤᠨ᠎ᠡ᠃ ᠡᠨᠡ ᠦᠶ᠎ᠡ ᠳᠤ ᠴᠢ ᠴᠥᠭᠡᠨ ᠨᠠᠭᠠᠳᠬᠤ ᠨᠢ ᠶᠠᠮᠠᠷ ᠴᠤ ᠰᠣᠢ᠌ᠳᠤᠯ ᠪᠠᠢ᠌ᠬᠤ ᠦᠭᠡᠶ ᠭᠡᠳᠡᠭ᠌ ᠢ ᠮᠡᠳᠡᠳᠡᠭ᠌᠃

⑶ ᠭᠢᠷᠢ ᠪᠦᠳᠦᠮᠵᠢ ᠪᠠᠨ ᠠᠭᠠᠵᠢᠮ ᠶᠢᠡᠷ ᠳᠡᠭᠡᠭ᠍ᠰᠢᠯᠡᠭᠦᠯᠤᠨ ᠭᠦᠳᠡᠯᠭᠡᠭᠦ ᠭᠦᠴᠤᠨ ᠶᠢᠡᠨ ᠳᠠᠰᠤᠷᠠᠯᠳᠠ ᠦᠭᠡᠶ ᠴᠢᠩᠭ᠋ᠠᠳᠬᠠᠨ᠎ᠠ᠃

ᠨᠢᠭᠡ ᠬᠤᠪᠢ ᠶᠢᠨ ᠴᠢᠷᠮᠠᠢ᠌ᠯᠭ᠎ᠠ ᠨᠢᠭᠡ ᠬᠤᠪᠢ ᠶᠢᠨ ᠠᠮᠵᠢᠯᠳᠠ ᠪᠣᠯᠳᠠᠭ᠃ ᠴᠢ ᠰᠤᠷᠤᠯᠴᠠᠯᠭ᠎ᠠ ᠳᠤ ᠪᠠᠨ ᠴᠢᠷᠮᠠᠢ᠌ᠪᠠᠯ ᠯᠠᠪᠳᠠᠢ ᠰᠠᠢ᠌ᠨ ᠬᠠᠷᠢᠭᠤ ᠣᠯᠵᠤ ᠴᠢᠳᠠᠨ᠎ᠠ᠃ ᠰᠢᠯᠢᠳᠡᠭ᠌ ᠰᠠᠢ᠌ᠨ ᠭᠢᠷᠢ ᠪᠦᠳᠦᠮᠵᠢ ᠪᠣᠯ ᠭᠦᠳᠡᠯᠦᠩᠭᠦᠢ ᠰᠤᠷᠤᠯᠴᠠᠬᠤ ᠶᠢᠨ ᠭᠦᠳᠡᠯᠭᠡᠭ᠍ᠴᠢ ᠭᠦᠴᠤᠨ ᠪᠣᠯᠤᠨ᠎ᠠ᠃ ᠴᠢᠮ᠎ᠠ ᠳᠤ ᠰᠤᠷᠤᠯᠴᠠᠬᠤ ᠶᠢᠨ ᠪᠠᠶᠠᠷ ᠪᠠᠶᠠᠰᠤᠯ ᠢ ᠠᠮᠳᠠᠯᠠᠭᠤᠯᠤᠨ᠎ᠠ᠃ ᠰᠤᠷᠤᠯᠴᠠᠬᠤ ᠨᠢ ᠨᠢᠭᠡ ᠵᠣᠢ᠌ᠯ ᠤᠨ ᠳᠠᠳᠬᠠᠯ ᠪᠣᠯᠬᠤ ᠦᠶ᠎ᠡ ᠳᠤ ᠭᠦᠳᠡᠯᠦᠩᠭᠦᠢ ᠴᠢᠨᠠᠷ ᠨᠢ ᠪᠦᠷᠢᠯᠳᠦᠴᠢᠭᠡᠭᠦ ᠶᠤᠮ᠃ ᠦᠪᠡᠷ ᠡᠴᠠ ᠪᠠᠨ ᠠᠰᠠᠭᠤᠨ᠎ᠠ᠃ ᠴᠢᠮ᠎ᠠ ᠳᠤ ᠠᠪᠴᠤ ᠭᠡᠯᠡᠪᠠᠯ ᠰᠤᠷᠤᠯᠴᠠᠬᠤ ᠨᠢ ᠪᠣᠳᠠᠭ᠎ᠠ ᠢᠳᠡᠭᠦ᠂ ᠣᠠᠳᠠᠬᠤ ᠲᠡᠶ ᠠᠳᠠᠯᠢ ᠵᠠᠪᠠᠯ ᠲ᠋ᠤᠳᠠᠭᠳᠠᠵᠤ ᠪᠣᠯᠬᠤ ᠦᠭᠡᠶ ᠦᠦ ︖ ᠭᠡᠷᠪᠡ ᠬᠠᠷᠢᠭᠤᠯᠳᠠ ᠨᠢ ᠳᠠᠢ᠌ᠮᠤ ᠪᠣᠯ᠂ ᠴᠢ ᠭᠦᠳᠡᠯᠦᠩᠭᠦᠢ ᠰᠤᠷᠤᠯᠴᠠᠬᠤ ᠰᠠᠢ᠌ᠨ ᠰᠤᠷᠤᠭᠴᠢ ᠪᠣᠯᠴᠢᠬᠠᠯ᠎ᠠ᠃


4. ᠬᠠᠰᠢ ᠶᠠᠰᠢ ᠭᠡᠮ ᠶᠢᠡᠨ ᠭᠡᠷᠭᠢᠨ ᠬᠠᠯᠠᠬᠤ ᠪᠣᠢ


ᠠᠯᠠᠩ ᠰᠠᠯᠠᠩ ᠭᠡᠮ ᠶᠢᠡᠨ ᠬᠠᠯᠠᠶ᠎ᠠ ᠭᠡᠪᠠᠯ ᠶᠠᠷᠤ ᠶᠢᠨ ᠰᠤᠷᠤᠯᠴᠠᠯᠭ᠎ᠠ ᠳᠤ ᠪᠠᠨ ᠳᠤᠤᠷᠠᠭᠢ ᠭᠡᠳᠤᠨ ᠳᠠᠯ᠎ᠠ ᠪᠠᠷ ᠭᠢᠵᠤ ᠡᠭᠢᠯᠡᠭᠦ ᠭᠡᠷᠡᠭ᠍ᠳᠡᠢ᠃

⑴ ᠰᠠᠳᠤᠪ ᠶᠢᠡᠨ ᠭᠤᠷᠪᠠ ᠣᠳᠠᠭ᠎ᠠ ᠭᠢᠨᠠᠭᠠᠤᠨ ᠰᠠ‍‌ᠶᠢ ᠪᠢᠷ ᠶᠢᠡᠨ ᠭᠦᠳᠡᠯᠭᠡᠨ᠎ᠡ᠃ ᠰᠤᠷᠤᠯᠴᠠᠬᠤ ᠶᠠᠪᠣᠴᠠ ᠳᠤ ᠪᠠᠨ ᠰᠠᠳᠤᠪ ᠶᠢᠡᠨ ᠨᠠᠷᠢᠨ ᠭᠢᠨᠠᠮᠭᠠᠢ ᠦᠵᠡᠨ᠎ᠡ᠃ ᠠᠰᠠᠭᠤᠳᠠᠯ ᠢ ᠨᠠᠷᠢᠨ ᠭᠢᠨᠠᠮᠠᠭᠠᠢ ᠪᠣᠳᠤᠯᠭᠢᠯᠠᠨ᠎ᠠ᠃ ᠳᠠᠰᠬᠠᠯ ᠭᠢᠭᠦ ᠳᠤ ᠪᠠᠨ ᠣᠷᠢᠳᠠᠪᠠᠷ ᠵᠦᠪ ᠭᠢᠭᠦ᠂ ᠰᠠᠢ᠌ᠨ ᠭᠢᠭᠦ ᠪᠠᠷ ᠱᠠᠭᠠᠷᠳᠠᠨ᠂ ᠳᠠᠷᠠᠭ᠎ᠠ ᠳᠤ ᠨᠢ ᠬᠤᠷᠳᠤᠨ ᠭᠢᠭᠦ ᠪᠠᠷ ᠱᠠᠭᠠᠷᠳᠠᠨ᠎ᠠ᠃ 《ᠰᠠᠳᠤᠪ ᠭᠤᠷᠪᠠᠠᠳᠠ ᠭᠢᠨᠠᠭᠠᠤᠨ ᠰᠠ‍‌ᠶᠢ ᠪᠢᠷ ᠶᠢᠡᠨ ᠭᠦᠳᠡᠯᠭᠡᠨ》᠂ ᠨᠠᠷᠢᠨ ᠭᠢᠨᠠᠮᠠᠭᠠᠢ ᠳᠠᠰᠬᠠᠯ ᠶᠢᠡᠨ ᠭᠢᠭᠦ ᠰᠠᠢ᠌ᠨ ᠳᠠᠳᠬᠠᠯ ᠢ ᠪᠦᠷᠢᠯᠳᠦᠭᠦᠯᠤᠨ᠎ᠡ᠃

⑵ ᠪᠣᠷᠤᠭᠤ ᠭᠢᠭ᠍ᠰᠡᠨ ᠰᠠᠳᠤᠪ ᠤᠨ ᠡᠮᠭᠢᠳᠭᠡᠯ ᠪᠡᠯᠡᠳᠭᠡᠨ᠎ᠡ᠃

ᠴᠢ ᠭᠦᠩᠭᠡᠨ ᠬᠠᠭᠤᠳᠠᠮ ᠡᠴᠠ ᠪᠣᠯᠵᠤ ᠳᠠᠰᠬᠠᠯ ᠶᠢᠡᠨ ᠪᠣᠷᠤᠭᠤ ᠭᠢᠭᠦ ᠦᠶᠡᠰ ᠲᠤ ᠪᠣᠷᠤᠭᠤ ᠭᠢᠭ᠍ᠰᠡᠨ ᠰᠠᠳᠤᠪ ᠤᠨ ᠡᠮᠭᠢᠳᠭᠡᠯ ᠳᠤ ᠪᠠᠨ ᠪᠣᠷᠤᠭᠤ ᠪᠠᠨ ᠳᠡᠮᠳᠡᠭᠯᠡᠨ ᠳᠠᠯᠪᠢᠨ᠎ᠠ᠃ ᠪᠣᠷᠤᠭᠤ ᠭᠢᠭ᠍ᠰᠡᠨ ᠰᠢᠯᠳᠠᠭᠠᠨ ᠶᠢᠡᠨ ᠵᠠᠳᠠᠯᠵᠤ᠂ ᠵᠢᠮ᠎ᠠ ᠶᠤᠰᠤ ᠶᠢ ᠨᠢ ᠡᠷᠢᠨ ᠭᠠᠷᠭᠠᠨ᠎ᠠ᠃ ᠡᠨᠡᠭᠦ ᠠᠷᠭ᠎ᠠ ᠨᠢ ᠮᠠᠨ ᠳᠤ ᠬᠠᠰᠢ ᠶᠠᠰᠢ ᠶᠢᠨ ᠬᠤᠤᠷ ᠭᠦᠨᠦᠭᠡᠯ ᠤᠨ ᠳᠠᠨᠢᠯᠳᠠ ᠶᠢ ᠳᠡᠭᠡᠭ᠍ᠰᠢᠯᠡᠭᠦᠯᠤᠨ᠂ ᠬᠠᠰᠢ ᠶᠠᠰᠢ ᠶᠢᠨ ᠳᠤᠳᠠᠭᠳᠠᠯ ᠢ ᠬᠠᠯᠠᠨ ᠰᠠᠢ᠌ᠵᠢᠷᠠᠭᠤᠯᠬᠤ ᠣᠬᠠᠮᠰᠠᠷ ᠢ ᠳᠡᠭᠡᠭ᠍ᠰᠢᠯᠡᠭᠦᠯᠭᠦ ᠳᠤ ᠳᠤᠩ ᠰᠠᠢ᠌ᠨ ᠪᠠᠢ᠌ᠳᠠᠭ᠃

⑶ ᠰᠠᠳᠤᠪ ᠭᠢᠭ᠍ᠰᠡᠨ ᠤ ᠳᠠᠷᠠᠭ᠎ᠠ ᠡᠷᠭᠡᠪᠰᠢ ᠪᠠᠢ᠌ᠴᠠᠭᠠᠨ᠎ᠠ᠃

ᠪᠠᠢ᠌ᠴᠠᠭᠠᠬᠤ ᠨᠢ ᠣᠯᠠᠮ ᠨᠢᠭᠡ ᠠᠯᠬᠤᠮ ᠵᠦᠪ ᠪᠣᠷᠤᠭᠤ ᠶᠢ ᠰᠢᠯᠭᠠᠨ ᠳᠤᠳᠤᠯᠠᠨ᠎ᠠ᠃ ᠪᠣᠷᠤᠭᠤ ᠪᠠᠨ ᠢᠯᠡᠷᠡᠭᠦᠯᠪᠠᠯ ᠪᠠᠰᠠ ᠵᠠᠯᠠᠷᠠᠭᠤᠯᠬᠤ ᠵᠠᠢ ᠵᠠᠪᠰᠠᠷ ᠪᠠ ᠵᠠᠪᠰᠢᠶᠠᠨ ᠪᠠᠢ᠌ᠨ᠎ᠡ᠃ ᠭᠡᠪᠠᠴᠤ ᠳᠤᠩ ᠣᠯᠠᠨ ᠰᠤᠷᠤᠭᠴᠢ ᠪᠠᠢ᠌ᠴᠠᠭᠠᠬᠤ ᠳᠠᠳᠬᠠᠯ ᠦᠭᠡᠶ ᠪᠠᠢ᠌ᠳᠠᠭ᠃ ᠰᠢᠯᠭᠠᠯᠳᠠ ᠶᠢᠨ ᠬᠠᠭᠤᠳᠠᠰᠤ ᠪᠠᠨ ᠭᠢᠵᠤ ᠪᠠᠷᠠᠮᠠᠭᠴᠠ᠂ ᠵᠦᠪ ᠪᠣᠷᠤᠭᠤ ᠪᠠᠨ ᠦᠯᠦ ᠬᠠᠢ᠌ᠬᠤᠷᠤᠨ ᠡᠭᠦᠷᠭᠡ ᠪᠠᠨ ᠪᠠᠶᠡᠯᠡᠭᠦᠯᠦᠭᠰᠡᠨ ᠶᠢᠡᠷ ᠪᠣᠳᠤᠳᠠᠭ᠃ ᠵᠠᠷᠢᠮ ᠰᠤᠷᠤᠭᠴᠢ ᠪᠠᠢ᠌ᠴᠠᠭᠠᠪᠠᠴᠤ ᠳᠡᠭᠡᠮ ᠳᠡᠭᠡᠭᠦᠷ ᠪᠠᠢ᠌ᠵᠤ᠂ ᠥᠭ᠍ᠭᠡᠨ ᠳᠠᠯ᠎ᠠ ᠶᠢᠨ ᠪᠠᠢ᠌ᠳᠠᠭ᠃ ᠵᠢᠩᠭᠢᠨᠢ ᠪᠠᠢ᠌ᠴᠠᠭᠠᠬᠤ ᠪᠣᠯ ᠴᠢᠮ᠎ᠠ ᠶᠢ ᠨᠠᠷᠢᠨ ᠭᠢᠨᠠᠮᠠᠭᠠᠢ ᠪᠠᠷ ᠳᠠᠭᠢᠨ ᠰᠢᠨ᠎ᠡ ᠪᠠᠷ ᠠᠰᠠᠭᠤᠳᠠᠯ ᠤᠨ ᠱᠠᠭᠠᠷᠳᠠᠯᠭ᠎ᠠ ᠪᠠ ᠬᠠᠷᠢᠭᠤᠯᠳᠠ ᠶᠢᠨ ᠲᠦᠰᠤᠪ ᠨᠢ ᠨᠢᠭᠡᠳᠦᠯᠳᠡᠢ ᠡᠰᠡᠭᠦ ᠶᠢ ᠭᠢᠨᠠᠨ ᠪᠠᠢ᠌ᠴᠠᠭᠠᠬᠤ ᠮᠦᠷᠳᠡᠭᠡᠨ ᠴᠠᠭ ᠲᠤ ᠨᠢ ᠨᠢᠭᠡᠨᠲᠡ ᠭᠢᠵᠤ ᠪᠠᠷᠠᠭᠰᠠᠨ ᠰᠠᠳᠤᠪ ᠤᠨ ᠲᠦᠰᠤᠯ ᠢ ᠥᠭᠡᠢ᠌ᠰᠭᠡᠭᠦ ᠰᠠᠳᠭᠢᠴᠠ ᠶᠢᠨ ᠪᠡᠯᠡᠳᠭᠡᠯ ᠭᠢᠨ᠎ᠡ᠃


5. ᠠᠩᠬᠠᠷᠤᠯ ᠶᠢᠡᠨ ᠳᠦᠪᠯᠡᠷᠡᠭᠦᠯᠭᠦ ᠠᠷᠭ᠎ᠠ ᠳᠠᠮ ᠪᠠᠢ᠌ᠨ᠎ᠠ᠃


ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠨᠠᠰᠤ ᠨᠢ ᠪᠠᠭ᠎ᠠ᠂ ᠦᠪᠡᠷ ᠢ ᠪᠠᠨ ᠡᠵᠡᠮᠳᠡᠭᠦ ᠴᠢᠳᠠᠪᠣᠷᠢ ᠪᠠᠷ ᠠᠨᠠᠢ᠂ ᠠᠩᠬᠠᠷᠤᠯ ᠨᠢ ᠭᠢᠯᠪᠠᠷᠬᠠᠨ ᠰᠠᠳᠠᠷᠠᠳᠠᠭ᠃ ᠪᠠᠭᠰᠢ ᠨᠢ ᠭᠢᠴᠢᠶᠠᠯ ᠤᠨ ᠳᠠᠢ᠌ᠰᠠᠨ ᠳᠤ ᠳᠠᠢ᠌ᠯᠪᠣᠷᠢᠯᠠᠬᠤ ᠳᠤ ᠵᠠᠷᠢᠮ ᠰᠤᠷᠤᠭᠴᠢ ᠡᠯᠳᠡᠪ ᠢ ᠪᠣᠳᠤᠳᠠᠭ᠃ ᠦᠷ᠎ᠡ ᠳ᠋ᠦ᠋ᠩ ᠨᠢ᠄ ᠭᠢᠴᠢᠶᠠᠯ ᠳᠡᠭᠡᠷ᠎ᠡ ᠰᠤᠨᠤᠰᠬᠤ ᠴᠤ ᠰᠢᠭ ᠰᠤᠨᠤᠰᠬᠤ ᠦᠭᠡᠶ ᠴᠤ ᠰᠢᠭ᠌ ᠪᠠᠢ᠌ᠵᠤ᠂ ᠰᠡᠳᠭᠢᠯ ᠨᠢ ᠥᠭᠡᠷ᠎ᠡ ᠶᠠᠭᠤᠮ᠎ᠠ ᠪᠣᠳᠤᠵᠤ ᠶᠠᠪᠣᠳᠠᠭ᠃ ᠪᠠᠰᠠ ᠵᠠᠷᠢᠮ ᠨᠢ ᠪᠠᠭ᠎ᠠ ᠭᠦᠳᠡᠯᠦᠯ ᠭᠠᠷᠭᠠᠳᠠᠭ᠃ ᠭᠢᠴᠢᠶᠠᠯ ᠳᠡᠭᠡᠷ᠎ᠡ ᠪᠠᠭ᠎ᠠ ᠭᠦᠳᠡᠯᠦᠯ ᠭᠠᠷᠭᠠᠬᠤ ᠨᠢ ᠭᠡᠳᠥᠢᠪᠠᠷ ᠪᠠᠭ᠎ᠠ ᠭᠡᠮ ᠪᠣᠯᠪᠠᠴᠤ ᠮᠠᠭᠤ ᠳᠠᠳᠬᠠᠯ ᠪᠣᠯᠪᠠᠯ ᠰᠤᠷᠤᠯᠴᠠᠬᠤ ᠶᠢ ᠰᠢᠭᠤᠳ ᠨᠥᠯᠦᠭᠡᠯᠡᠳᠡᠭ᠌᠃ ᠭᠢᠴᠢᠶᠠᠯ ᠤᠨ ᠴᠠᠭ ᠤᠨ ᠠᠭᠤᠯᠭ᠎ᠠ ᠪᠠᠨ ᠡᠵᠡᠮᠰᠢᠵᠤ ᠴᠢᠳᠠᠬᠤ ᠦᠭᠡᠶ ᠪᠣᠯ ᠭᠢᠷᠢ ᠪᠦᠳᠦᠮᠵᠢ ᠨᠢ ᠰᠢᠭᠤᠳ ᠳᠤᠷᠤᠭᠰᠢᠯᠠᠳᠠᠭ᠃ ᠣᠳᠠᠭᠠᠨ ᠳᠤ ᠪᠠᠨ ᠰᠤᠷᠤᠯᠭ᠎ᠠ ᠳᠤ ᠪᠠᠨ ᠣᠷᠮ᠎ᠠ ᠰᠤᠨᠢᠷᠠᠬᠠᠯ ᠠᠯᠳᠠᠬᠤ ᠪᠣᠯᠤᠨ᠎ᠠ᠃


* ᠳᠠᠢ᠌ᠮᠤ ᠪᠣᠯ ᠭᠡᠷᠭᠢᠪᠠᠯ ᠰᠠ‍‌ᠶᠢ ᠠᠩᠬᠠᠷᠤᠯ ᠶᠢᠡᠨ ᠳᠦᠪᠯᠡᠷᠡᠭᠦᠯᠵᠤ ᠭᠢᠴᠢᠶᠠᠯ ᠰᠤᠨᠤᠰᠴᠤ ᠴᠢᠳᠠᠬᠤ ᠪᠣᠢ ︖


ᠨᠢᠭᠡᠳᠦᠭᠡᠷ ᠡᠡᠷᠭ᠎ᠠ᠂ ᠪᠢᠴᠢᠭ᠌ ᠤᠨ ᠪᠣᠭᠴᠤ ᠳᠤ ᠭᠢᠴᠢᠶᠠᠯ ᠤᠨ ᠪᠢᠴᠢᠭ᠌ ᠪᠠ ᠪᠢᠴᠢᠭ᠌ ᠤᠨ ᠭᠡᠷᠡᠭ᠍ᠰᠡᠯ ᠡᠴᠠ ᠭᠠᠳᠠᠨ᠎ᠠ ᠰᠤᠷᠤᠯᠴᠠᠬᠤ ᠳᠤ ᠬᠠᠮᠢᠶ᠎ᠠ ᠦᠭᠡᠶ ᠪᠣᠳᠠᠰ ᠬᠠᠪᠴᠢᠭᠤᠯᠵᠤ ᠪᠣᠯᠬᠤ ᠦᠭᠡᠶ᠃ ᠭᠢᠴᠢᠶᠠᠯ ᠰᠤᠨᠤᠰᠬᠤ ᠳᠤ ᠡᠰᠢ ᠳᠠᠰᠢ ᠬᠠᠷᠠᠵᠤ ᠪᠣᠯᠬᠤ ᠦᠭᠡᠶ᠃ ᠪᠠᠭᠰᠢ ᠶᠢᠨ ᠭᠢᠴᠢᠶᠠᠯ ᠳᠠᠢ᠌ᠯᠪᠣᠷᠢᠯᠠᠬᠤ ᠶᠢ ᠠᠩᠬᠠᠷᠤᠨ ᠰᠤᠨᠤᠰᠬᠤ ᠪᠠ ᠳᠡᠮᠳᠡᠭᠯᠡᠨ᠎ᠡ᠃

ᠬᠤᠶᠠᠳᠤᠭᠠᠷ ᠠᠷᠭ᠎ᠠ᠂ ᠴᠢ ᠭᠢᠴᠢᠶᠠᠯ ᠳᠡᠭᠡᠷ᠎ᠡ ᠪᠠᠨ ᠰᠡᠳᠭᠢᠯ ᠬᠤᠪᠢᠶᠠᠭᠳᠠᠬᠤ ᠦᠶ᠎ᠡ ᠳᠤ ᠦᠪᠡᠷ ᠢ ᠪᠠᠨ ᠠᠭᠢᠨ ᠳᠠᠪᠳᠠᠨ ᠰᠡᠷᠡᠮᠵᠢᠯᠡᠭᠦᠯᠦᠨ᠎ᠡ ᠄ 《ᠠᠩᠬᠠᠷᠤᠯ ᠶᠢᠡᠨ ᠳᠦᠪᠯᠡᠷᠡᠭᠦᠯᠤᠨ᠎ᠡ᠂ ᠬᠠᠭᠤᠴᠢᠨ ᠭᠡᠮ ᠶᠢᠡᠨ ᠳᠠᠭᠢᠵᠤ ᠪᠣᠯᠬᠤ ᠦᠭᠡᠶ》᠃ ᠪᠠᠰᠠ ᠪᠢᠴᠢᠭ᠌ ᠤᠨ ᠭᠡᠷᠡᠭ᠍ᠰᠡᠯ ᠤᠨ ᠬᠠᠢ᠌ᠷᠴᠠᠭ ᠳᠡᠭᠡᠷ᠎ᠡ ᠪᠠᠨ ᠨᠢᠭᠡᠨ ᠵᠤᠷᠪᠣᠰ ᠪᠢᠴᠢᠭᠡᠰᠤ ᠨᠠᠭᠠᠵᠤ ᠪᠣᠯᠤᠨ᠎ᠠ᠃ ᠳᠡᠭᠡᠷ᠎ᠡ ᠨᠢ 《ᠠᠩᠬᠠᠷᠤᠯ ᠶᠢᠡᠨ ᠳᠦᠪᠯᠡᠷᠡᠭᠦᠯᠤᠨ᠎ᠡ》 ᠭᠡᠵᠤ ᠪᠢᠴᠢᠨ᠎ᠡ᠃ ᠦᠪᠡᠷ ᠢ ᠪᠠᠨ ᠰᠡᠳᠭᠢᠯ ᠬᠤᠪᠢᠶᠠᠭᠳᠠᠬᠤ ᠡᠴᠠ ᠰᠡᠷᠡᠮᠵᠢᠯᠡᠭᠦᠯᠦᠨ᠎ᠡ᠃ ᠠᠭᠠᠵᠢᠮ ᠶᠢᠡᠷ ᠶᠡᠭᠡ ᠳᠠᠷᠢᠭᠢ ᠰᠡᠳᠭᠢᠯ ᠳᠠᠯᠪᠢᠨ ᠵᠤᠷᠢᠭ ᠰᠢᠭᠤᠳᠬᠤ ᠪᠠᠢ᠌ᠳᠠᠯ ᠳᠤ ᠣᠷᠤᠨ᠎ᠠ᠃

ᠭᠤᠷᠪᠠᠳᠤᠭᠠᠷ ᠠᠷᠭ᠎ᠠ ᠨᠢ᠂ ᠪᠠᠭᠰᠢ ᠶᠢᠨ ᠶᠢᠡᠨ ᠭᠢᠴᠢᠶᠠᠯ ᠤᠨ ᠠᠭᠢᠴᠠ ᠶᠢ ᠳᠠᠭᠠᠨ᠎ᠠ᠃ ᠭᠡᠷᠪᠡ ᠳᠠᠭᠠᠵᠤ ᠳᠡᠢ᠌ᠯᠭᠦ ᠦᠭᠡᠶ ᠪᠣᠯ ᠭᠢᠴᠢᠶᠠᠯ ᠳᠤ ᠠᠩᠬᠠᠷᠤᠯ ᠵᠠᠳᠠᠷᠠᠬᠤ ᠴᠢᠬᠤᠯᠠ ᠰᠢᠯᠳᠠᠭᠠᠨ ᠤ ᠨᠢᠭᠡ ᠨᠢ ᠪᠣᠯᠤᠨ᠎ᠠ᠃ ᠭᠢᠴᠢᠶᠠᠯ ᠳᠤ ᠭᠡᠷᠪᠡ ᠰᠤᠨᠤᠰᠴᠤ ᠳᠦᠭᠦᠭᠡᠷᠡᠭᠦ ᠦᠭᠡᠶ ᠠᠭᠤᠯᠭ᠎ᠠ ᠳᠠᠭᠠᠷᠠᠯᠳᠤᠪᠠᠯ ᠶᠠᠭᠠᠭᠢᠭᠰᠠᠨ ᠴᠤ ᠳᠠᠠᠳᠠ ᠨᠢ ᠵᠤᠭᠰᠤᠩᠭᠢᠷᠠᠭᠠᠤᠨ ᠳᠤᠷᠴᠤ ᠪᠣᠯᠬᠤ ᠦᠭᠡᠶ᠃ ᠴᠢ ᠣᠢ᠌ᠯᠠᠭᠠᠬᠤ ᠦᠭᠡᠶ ᠭᠠᠵᠠᠷ ᠲᠤ ᠪᠠᠨ ᠨᠢᠭᠡᠨ ᠠᠰᠠᠭᠤᠯᠳᠠ ᠳᠠᠯᠪᠢᠵᠤ ᠪᠣᠯᠤᠨ᠎ᠠ᠃ ᠠᠭᠢᠨ ᠪᠠᠭᠰᠢ ᠶᠢᠨ ᠳᠠᠢ᠌ᠯᠪᠣᠷᠢᠯᠠᠬᠤ ᠳᠠᠷᠠᠭᠠᠴᠢ ᠶᠢᠨ ᠠᠭᠤᠯᠭ᠎ᠠ ᠶᠢ ᠰᠤᠨᠤᠰᠤᠨ᠎ᠠ᠃ ᠢᠩᠭᠢᠪᠠᠯ ᠴᠢ ᠰᠤᠨᠤᠰᠴᠤ ᠳᠦᠭᠦᠭᠡᠷᠡᠭᠦ ᠦᠭᠡᠶ᠂ ᠤᠳᠬ᠎ᠠ ᠦᠭᠡᠶ ᠭᠡᠵᠤ ᠪᠣᠳᠤᠨ ᠭᠢᠴᠢᠶᠠᠯ ᠰᠤᠨᠤᠰᠬᠤ ᠪᠠᠨ ᠬᠠᠷᠰᠢᠯᠠᠬᠤ ᠦᠭᠡᠶ ᠪᠣᠯᠤᠨ᠎ᠠ᠃

ᠳᠦᠷᠪᠠᠳᠦᠭᠡᠷ ᠠᠷᠭ᠎ᠠ᠂ ᠰᠡᠳᠭᠢᠯ ᠶᠢᠡᠨ ᠰᠤᠯᠠ ᠳᠠᠯᠪᠢᠨ ᠪᠣᠳᠤᠯᠭᠢᠯᠠᠨ᠎ᠠ᠃ ᠭᠡᠷᠪᠡ ᠴᠢ ᠳᠡᠭᠡᠷᠡᠭᠢ ᠠᠷᠭ᠎ᠠ ᠶᠢ ᠭᠡᠷᠡᠭᠯᠡᠭᠡᠳ ᠪᠠᠰᠠ ᠠᠩᠬᠠᠷᠤᠯ ᠳᠦᠪᠯᠡᠷᠡᠭᠦ ᠦᠭᠡᠶ᠂ ᠰᠡᠳᠭᠢᠯ ᠨᠠᠮᠵᠢᠭᠤᠷᠠᠬᠤ ᠦᠭᠡᠶ ᠪᠣᠯ᠂ ᠪᠠᠰᠠ ᠡᠷᠦᠢ ᠬᠤᠷᠤᠢ ᠦᠭᠡᠶ ᠪᠣᠳᠤᠭᠠᠤᠨ ᠪᠠᠢ᠌ᠳᠠᠭ ᠪᠣᠯ᠂ ᠡᠨᠡ ᠦᠶ᠎ᠡ ᠳᠤ ᠴᠢ ᠰᠡᠳᠭᠢᠯ ᠶᠢᠡᠨ ᠰᠤᠯᠠ ᠳᠠᠯᠪᠢᠨ ᠳᠤᠭᠣᠢ᠌ᠬᠠᠨ ᠪᠣᠳᠤᠯ ᠪᠣᠯᠤᠨ᠎ᠠ᠃ ᠣᠷᠢᠳᠠᠵᠤ ᠦᠪᠡᠷ ᠢ ᠪᠠᠨ ᠠᠯᠪᠠᠳᠠᠵᠤ ᠭᠢᠴᠢᠶᠠᠯ ᠰᠤᠨᠤᠰᠴᠤ ᠪᠣᠯᠬᠤ ᠦᠭᠡᠶ᠂ ᠬᠠᠷᠢᠨ ᠨᠢᠳᠤ ᠪᠠᠨ ᠠᠨᠢᠨ ᠪᠦᠭᠦ ᠪᠠᠶ᠎ᠠ ᠪᠠᠨ ᠰᠤᠯᠠ ᠲ᠋ᠠᠯᠪᠢᠨ᠂ ᠣᠳᠠᠭᠠᠨ ᠠᠮᠢᠰᠬᠤᠨ᠎ᠠ᠃ ᠴᠢᠳᠠᠬᠤ ᠶᠢᠨ ᠭᠢᠷᠢ ᠪᠠᠷ ᠥᠭᠡᠷ᠎ᠡ ᠪᠣᠳᠤᠯ ᠶᠢᠡᠨ ᠬᠠᠶᠠᠵᠤ᠂ ᠪᠦᠭᠦ ᠠᠩᠬᠠᠷᠤᠯ ᠶᠢᠡᠨ ᠳᠦᠪᠯᠡᠷᠡᠭᠦᠯᠤᠨ ᠦᠪᠡᠷ ᠤᠨ ᠠᠮᠢᠰᠬᠤᠬᠤ ᠳᠤᠭ᠎ᠠ ᠪᠠᠨ ᠳᠤᠭᠠᠯᠠᠨ᠎ᠠ᠃ ᠪᠠᠷᠤᠭ ᠬᠤᠶᠠᠷ ᠮᠢᠨᠦ᠋ᠲ ᠤᠨ ᠳᠠᠷᠠᠭ᠎ᠠ ᠨᠢᠳᠤ ᠪᠠᠨ ᠨᠡᠭᠡᠭᠡᠨ ᠦᠷᠭᠦᠯᠵᠢᠯᠡᠨ ᠭᠢᠴᠢᠶᠠᠯ ᠰᠤᠨᠤᠰᠤᠨ᠎ᠠ᠃ ᠡᠨᠡ ᠦᠶ᠎ᠡ ᠳᠤ ᠠᠩᠬᠠᠷᠤᠯ ᠴᠢᠨᠢ ᠳᠦᠪᠯᠡᠷᠡᠴᠢᠭᠡᠨ᠎ᠡ᠃


* ᠬᠣᠢ᠌ᠰᠢᠯᠠᠨ ᠣᠳᠠᠭᠠᠰᠢᠷᠠᠭᠤᠯᠬᠤ ᠮᠠᠭᠤ ᠳᠠᠳᠬᠠᠯ ᠶᠢᠡᠨ ᠬᠠᠯᠠᠨ ᠵᠠᠰᠠᠬᠤ ᠠᠷᠭ᠎ᠠ


⑴ ᠦᠪᠡᠷ ᠤᠨ ᠪᠠᠶ᠎ᠠ ᠳᠤ ᠪᠠᠨ ᠡᠭᠦᠷᠭᠡ ᠪᠠᠨ ᠪᠠᠶᠡᠯᠡᠭᠦᠯᠭᠦ ᠬᠤᠭᠤᠴᠠᠭ᠎ᠠ ᠳᠤᠭᠳᠠᠭᠠᠨ᠎ᠠ᠃

ᠭᠡᠷᠪᠡ ᠵᠤᠬᠢᠶᠠᠨ ᠪᠢᠴᠢᠯᠭᠡ ᠶᠢ ᠭᠠᠷᠠᠭ ᠤᠨ ᠨᠢᠭᠡᠨ ᠳᠤ ᠳᠤᠰᠢᠶᠠᠬᠤ ᠶᠢ ᠱᠠᠭᠠᠷᠳᠠᠵᠤ ᠦᠭᠡᠶ᠂ ᠭᠠᠷᠠᠭ ᠤᠨ ᠬᠤᠶᠠᠷ ᠪᠣᠯ ᠡᠭᠦᠨ ᠶᠢᠡᠨ ᠣᠷᠢᠳᠴᠢᠯᠠᠭᠤᠯᠤᠨ ᠭᠠᠷᠠᠭ ᠤᠨ ᠨᠢᠭᠡᠨ ᠤ ᠣᠷᠤᠢ ᠪᠣᠯᠭᠠᠵᠤ ᠪᠣᠯᠤᠨ᠎ᠠ᠃ ᠠᠯᠢᠪᠠ ᠭᠡᠷᠡᠭ᠌ ᠢ ᠭᠢᠭᠦ ᠳᠤ ᠦᠪᠡᠷ ᠤᠨ ᠪᠠᠶ᠎ᠠ ᠳᠤ ᠪᠠᠨ ᠨᠢᠭᠡ ᠬᠤᠭᠤᠴᠠᠭ᠎ᠠ ᠳᠤᠭᠳᠠᠭᠠᠬᠤ ᠨᠢ ᠬᠣᠢ᠌ᠰᠢᠯᠠᠭᠤᠯᠬᠤ ᠶᠢ ᠪᠠᠢ᠌ᠬᠤ ᠨᠢᠭᠡᠨ ᠴᠢᠬᠤᠯᠠ ᠠᠷᠭ᠎ᠠ ᠪᠣᠯᠤᠨ᠎ᠠ᠃ ᠠᠩᠬᠠᠨ ᠤ ᠬᠤᠭᠤᠴᠠᠭᠠᠨ ᠳᠤ᠂ ᠴᠢᠨᠤ ᠡᠨᠡ ᠴᠠᠭ ᠤᠨ ᠭᠢᠵᠠᠭᠠᠷᠯᠠᠯ ᠶᠢᠡᠨ ᠣᠯᠠᠨ ᠳᠤ ᠨᠠᠢ᠌ᠳᠠᠯᠠᠵᠤ᠂ ᠪᠣᠰᠤᠳ ᠭᠦᠮᠤᠨ ᠳᠤ ᠴᠠᠭ ᠤᠨ ᠭᠢᠵᠠᠭᠠᠷᠯᠠᠯ ᠢ ᠮᠡᠳᠡᠭ᠍ᠳᠡᠨ᠎ᠡ᠃ ᠢᠩᠭᠢᠪᠠᠯ ᠴᠢ ᠨᠢᠭᠡ ᠵᠣᠢ᠌ᠯ ᠤᠨ ᠳᠠᠷᠤᠯᠳᠠ ᠲᠡᠶ ᠪᠣᠯᠤᠨ᠎ᠠ᠃ ᠦᠪᠡᠷ ᠢ ᠪᠠᠨ ᠭᠦᠡᠳᠦᠳᠭᠡᠭᠦ ᠰᠡᠳᠭᠢᠯ ᠴᠢᠨᠢ ᠴᠢᠮ᠎ᠠ ᠶᠢ ᠱᠭᠠᠷᠳᠠᠨ ᠴᠢᠷᠮᠠᠢ᠌ᠯᠭᠠᠵᠤ ᠴᠠᠭ ᠲᠤ ᠪᠠᠨ ᠡᠭᠦᠷᠭᠡ ᠪᠠᠨ ᠪᠠᠶᠡᠯᠡᠭᠦᠯᠤᠨ᠎ᠡ᠃

⑵ ᠪᠣᠳᠤᠵᠤ ᠣᠯᠤᠭᠰᠠᠭᠠᠷ ᠳᠠᠷᠠ ᠳᠠᠷᠤᠢ ᠳᠤ ᠨᠢ ᠭᠢᠨ᠎ᠡ᠃

ᠬᠣᠢ᠌ᠰᠢᠯᠠᠭᠤᠯᠵᠤ ᠣᠳᠠᠭᠠᠰᠢᠷᠠᠭᠤᠯᠬᠤ ᠮᠠᠭᠤ ᠳᠠᠳᠬᠠᠯ ᠢ ᠵᠠᠰᠠᠬᠤ ᠪᠠᠰᠠ ᠨᠢᠭᠡ ᠠᠷᠭ᠎ᠠ ᠪᠣᠯ ᠳᠠᠷᠠ ᠳᠠᠷᠤᠢ ᠳᠤ ᠨᠢ ᠭᠦᠢᠴᠡᠳᠭᠡᠨ᠎ᠡ᠃ ᠪᠢᠴᠢᠯᠭᠡ ᠰᠤᠷᠤᠶ᠎ᠠ ᠭᠡᠪᠠᠯ ᠦᠨᠦ ᠡᠴᠠ ᠪᠠᠨ ᠡᠭᠢᠯᠡᠨ᠎ᠡ᠃ ᠪᠠᠶ᠎ᠠ ᠮᠠᠬᠠᠪᠣᠤᠨ ᠶᠢᠡᠨ ᠪᠣᠯᠪᠠᠰᠤᠷᠠᠶ᠎ᠠ ᠭᠡᠪᠠᠯ ᠦᠨᠦ ᠡᠴᠠ ᠪᠠᠨ ᠡᠭᠢᠯᠡᠨ᠎ᠡ᠃ ᠪᠢᠳᠡᠭᠡᠢ 《ᠮᠠᠷᠭᠠᠰᠢ ᠶᠢᠨ ᠳᠠᠷᠠᠭ᠎ᠠ ᠮᠠᠷᠭᠠᠰᠢ ᠪᠠᠢ᠌ᠨ᠎ᠠ ᠭᠡᠵᠤ ᠪᠣᠳᠤᠭᠠᠷᠠᠢ》᠃ ᠦᠨᠦ ᠡᠴᠠ ᠡᠭᠢᠯᠡᠪᠠᠯ ᠰᠠ‍‌ᠶᠢ ᠴᠠᠭ ᠢ ᠠᠮᠵᠢᠵᠤ ᠴᠢᠳᠠᠨ᠎ᠠ᠃

⑶ ᠭᠡᠷᠡᠭ᠌ ᠶᠠᠪᠣᠳᠠᠯ ᠤᠨ ᠭᠦᠡᠳᠤ ᠭᠦᠩᠭᠡᠨ ᠳᠤᠯᠭᠠᠮ᠎ᠠ ᠠᠯᠭᠤᠷ ᠢ ᠢᠯᠠᠭᠠᠨ ᠮᠠᠳᠠᠨ᠎ᠡ᠃

ᠭᠡᠷᠡᠭ᠌ ᠶᠠᠪᠣᠳᠠᠯ ᠤᠨ ᠭᠦᠡᠳᠤ ᠭᠦᠩᠭᠡᠨ ᠪᠠᠴᠢᠮ ᠳᠤᠯᠭᠠᠭᠤ ᠶᠢ ᠢᠯᠭᠠᠨ ᠮᠡᠳᠡᠭᠦ ᠨᠢ ᠪᠠᠰᠠ ᠬᠣᠢ᠌ᠰᠢᠯᠠᠭᠤᠯᠤᠨ ᠣᠳᠠᠭᠠᠰᠢᠷᠠᠭᠤᠯᠬᠤ ᠮᠠᠭᠤ ᠳᠠᠳᠬᠠᠯ ᠢ ᠵᠠᠰᠠᠬᠤ ᠳᠤ ᠳᠤᠰᠠᠳᠠᠢ ᠪᠠᠢ᠌ᠳᠠᠭ᠃ ᠭᠡᠷᠪᠡ ᠴᠢᠨᠤ ᠰᠢᠷᠡᠭᠡᠨ ᠳᠡᠭᠡᠷ᠎ᠡ ᠵᠢᠷᠭᠤᠭᠠᠨ ᠭᠢᠴᠢᠶᠠᠯ ᠤᠨ ᠳᠠᠪᠳᠠᠬᠤ ᠮᠠᠲ᠋ᠸᠷᠢᠶᠠᠯ ᠳᠠᠯᠪᠢᠵᠤ ᠪᠠᠢ᠌ᠪᠠᠯ᠂ ᠵᠥᠪᠭᠡᠨ ᠣᠷᠢᠳᠠᠵᠤ ᠶᠠᠮᠠᠷ ᠭᠢᠴᠢᠶᠠᠯ ᠶᠢᠡᠨ ᠳᠠᠪᠳᠠᠬᠤ ᠶᠢ ᠰᠢ᠌ᠳᠪᠦᠷᠢᠯᠡᠭᠦ ᠳᠤ ᠪᠠᠰᠠ ᠵᠤᠭᠢᠬᠤ ᠴᠠᠭ ᠭᠡᠷᠡᠭ᠍ᠰᠡᠳᠡᠭ᠌᠃ ᠭᠡᠭᠦ ᠮᠦᠷᠳᠡᠭᠡᠨ ᠶᠠᠮᠠᠷ ᠬᠤᠶᠠᠷ ᠡᠭᠦᠷᠭᠡ ᠨᠢ ᠴᠤ ᠠᠳᠠᠯᠢ ᠴᠢᠬᠤᠯᠠ ᠪᠢᠰᠢ ᠶᠤᠮ᠃ ᠭᠦᠮᠤᠨ ᠶᠠᠳᠠᠷᠠᠬᠤ ᠳᠤ ᠪᠠᠨ ᠦᠷᠭᠦᠯᠵᠢ ᠰᠠᠨᠠᠭᠠᠨ ᠳᠤᠷ᠎ᠠ ᠪᠠᠷ ᠶᠠᠮᠠᠷ ᠨᠢᠭᠡᠨ ᠠᠵᠢᠯ ᠢ ᠰᠤᠩᠭ᠋ᠤᠨ ᠭᠢᠳᠡᠭ᠌᠃ ᠢᠩᠭᠢᠭᠡᠳ ᠬᠠᠮᠤᠭ ᠴᠢᠬᠤᠯᠠ ᠣᠴᠢᠷ ᠶᠢᠡᠨ ᠣᠮᠳᠤᠭᠠᠢ᠌ᠯᠠᠳᠠᠭ᠃ ᠡᠢ᠌ᠮᠤ ᠡᠴᠠ ᠣᠴᠢᠷ ᠶᠠᠪᠣᠳᠠᠯ ᠤᠨ ᠭᠦᠡᠳᠤ ᠭᠦᠩᠭᠡᠨ ᠪᠠᠴᠢᠮ ᠳᠤᠯᠭᠠᠭᠠᠤ ᠶᠢ ᠢᠯᠭᠠᠨ ᠮᠠᠳᠠᠵᠤ ᠭᠢᠭᠦ ᠮᠦᠷᠳᠡᠭᠡᠨ ᠨᠢᠭᠡ ᠣᠴᠢᠷ ᠢ ᠪᠠᠶᠡᠯᠡᠭᠦᠯᠦᠭ᠍ᠰᠡᠨ ᠤ ᠳᠠᠷᠠᠭ᠎ᠠ ᠰᠠ‍‌ᠶᠢ ᠥᠭᠡᠷ᠎ᠡ ᠨᠢᠭᠡᠨ ᠣᠴᠢᠷ ᠲᠤ ᠭᠠᠷ ᠣᠷᠤᠵᠤ ᠰᠢ᠌ᠤᠠᠪᠣᠷᠢᠯᠠᠨ᠎ᠡ᠃ ᠵᠠᠷᠢᠮ ᠭᠦᠮᠤᠨ ᠡᠭᠦᠷᠭᠡ ᠪᠢᠴᠢᠭᠦ ᠠᠷᠭ᠎ᠠ ᠪᠠᠷ ᠦᠪᠡᠷ ᠤᠨ ᠭᠢᠭᠦ ᠴᠢᠬᠤᠯᠠ ᠲᠡᠶ ᠣᠴᠢᠷ ᠶᠢᠡᠨ ᠴᠢᠬᠤᠯᠠᠴᠢᠯᠠᠯ ᠤᠨ ᠳᠠᠷᠭᠠᠯᠠᠯ ᠶᠢᠡᠷ ᠵᠢᠭᠰᠠᠭᠠᠳᠠᠭ᠃ ᠢᠩᠭᠢᠭᠡᠳ ᠳᠤᠭᠢᠷᠠᠭᠤᠯᠤᠭᠰᠠᠨ ᠪᠠᠢ᠌ᠳᠠᠯ ᠶᠢᠡᠷ ᠶᠢᠡᠨ ᠳᠡᠭᠦᠨ ᠶᠢᠡᠨ ᠰᠢ᠌ᠳᠪᠦᠷᠢᠯᠳᠡᠭ᠌᠃ ᠨᠢᠭᠡ ᠣᠴᠢᠷ ᠭᠢᠭᠦ ᠪᠦᠷᠢ ᠪᠠᠶᠠᠰᠤᠩᠭ᠋ᠤᠢ ᠪᠠᠷ ᠳᠠᠷᠠ ᠣᠴᠢᠷ ᠶᠢᠡᠨ ᠳᠡᠮᠳᠡᠭ᠍ᠯᠡᠯ ᠡᠴᠠ ᠪᠠᠨ ᠬᠠᠰᠤᠳᠠᠭ᠃ ᠡᠨᠡ ᠨᠢ ᠮᠦᠨ ᠴᠤ ᠨᠢᠭᠡᠨ ᠪᠣᠯᠤᠮᠠᠷ ᠠᠷᠭ᠎ᠠ ᠪᠣᠯᠬᠤ ᠶᠤᠮ᠃

ᠬᠠᠮᠤᠭ ᠰᠡᠭᠦᠯ ᠳᠤ ᠨᠢ ᠪᠠᠰᠠ ᠨᠢᠭᠡ ᠥᠭᠡ ᠭᠡᠯᠡᠭᠦ ᠨᠢ ᠪᠢᠳᠡᠭᠡᠢ ᠪᠦᠷᠢᠨ ᠳᠡᠭᠦᠰ ᠰᠠᠢ᠌ᠨ ᠰᠠᠢ᠌ᠬᠠᠨ ᠪᠣᠯᠬᠤ ᠭᠡᠳ ᠥᠩᠭᠡᠷᠡᠤ ᠭᠡᠷᠰᠤᠯᠡᠨᠭᠦᠯ ᠶᠢᠡᠨ ᠪᠣᠭᠤᠨ ᠣᠷᠤᠭᠰᠢᠯᠠᠬᠤ ᠦᠭᠡᠶ ᠪᠠᠢ᠌ᠭᠠᠷᠠᠢ᠃ ᠡᠨᠡ ᠨᠢ ᠮᠦᠨ ᠴᠤ ᠬᠣᠢ᠌ᠰᠢᠯᠠᠨ ᠣᠳᠠᠭᠠᠰᠢᠷᠠᠭᠤᠯᠬᠤ ᠳᠠᠳᠬᠠᠯ ᠶᠢᠡᠨ ᠬᠠᠯᠠᠨ ᠰᠠᠢ᠌ᠵᠢᠷᠠᠭᠤᠯᠬᠤ ᠳᠤ ᠠᠩᠬᠠᠷᠠᠭᠤᠯᠬᠤ ᠠᠰᠭᠤᠳᠠᠯ ᠪᠣᠯᠤᠨ᠎ᠠ᠃


*7. ᠭᠢᠴᠢᠶᠠᠯ ᠰᠤᠨᠤᠰᠴᠤ ᠰᠤᠷᠤᠨ᠎ᠠ᠃


ᠭᠢᠴᠢᠶᠠᠯ ᠤᠨ ᠳᠠᠩᠭᠢᠮ ᠪᠣᠯ ᠰᠤᠷᠭᠠᠭᠤᠯᠢ ᠶᠢᠨ ᠰᠤᠷᠭᠠᠨ ᠭᠦᠮᠦᠵᠢᠯ ᠤᠨ ᠭᠤᠤᠯ ᠭᠤᠭᠴᠤᠭ᠎ᠠ ᠪᠣᠯᠤᠨ᠎ᠠ᠃ ᠰᠤᠷᠤᠭᠴᠢ ᠰᠢᠡᠵᠢᠯᠡᠭᠦ ᠣᠬᠠᠭᠠᠨ ᠤ ᠰᠤᠶᠤᠯ ᠮᠡᠳᠡᠯᠭᠡ ᠶᠢ ᠡᠵᠡᠮᠰᠢᠭᠦ ᠴᠢᠬᠤᠯᠠ ᠠᠷᠭ᠎ᠠ ᠵᠠᠮ ᠪᠣᠯᠤᠨ᠎ᠠ᠃ ᠭᠡᠷᠪᠡ ᠪᠠᠭ᠎ᠠ ᠰᠤᠷᠭᠠᠭᠤᠯᠢ ᠶᠢᠨ ᠰᠤᠷᠤᠭᠴᠢ ᠭᠢᠴᠢᠶᠠᠯ ᠰᠤᠨᠤᠰᠴᠤ ᠴᠢᠳᠠᠬᠤ ᠦᠭᠡᠶ ᠪᠣᠯ᠂ ᠰᠤᠨᠤᠰᠴᠤ ᠳᠦᠭᠦᠭᠡᠷᠡᠭᠦ ᠦᠭᠡᠶ᠂ ᠰᠤᠷᠴᠤ ᠴᠢᠳᠠᠬᠤ ᠦᠭᠡᠶ ᠪᠣᠯᠵᠤ ᠭᠢᠴᠢᠶᠠᠯ ᠤᠨ ᠳᠠᠷᠠᠭᠠᠭᠢ ᠳᠠᠪᠳᠠᠬᠤ ᠳᠤ ᠭᠦᠴᠢᠷᠳᠡᠯᠭᠡ ᠪᠠ ᠳᠠᠷᠤᠭᠠᠰᠤ ᠶᠢ ᠨᠡᠮᠡᠭ᠍ᠳᠡᠭᠦᠯᠳᠡᠭ᠌᠃ ᠡᠷᠭᠢᠯᠳᠡ ᠨᠢ ᠰᠠᠢ᠌ᠨ ᠪᠣᠰᠤ ᠪᠣᠯᠳᠠᠭ᠃ ᠢᠩᠭᠢᠭᠡᠳ ᠣᠷᠳᠤ ᠬᠤᠭᠤᠴᠠᠭ᠎ᠠ ᠪᠣᠯᠪᠠᠯ ᠰᠤᠷᠬᠤ ᠳᠤ ᠪᠠᠨ ᠳᠤᠷ᠎ᠠ ᠥᠭᠡᠢ᠌ᠴᠡᠭᠦ ᠰᠠᠳᠭᠢᠴᠠ ᠪᠣᠢ ᠪᠣᠯᠳᠠᠭ᠃ ᠰᠤᠷᠬᠤ ᠦᠷ᠎ᠡ ᠪᠦᠳᠦᠮᠵᠢ ᠨᠢ ᠰᠠᠢ᠌ᠵᠢᠷᠠᠬᠤ ᠳᠤ ᠠᠰᠢᠭ ᠦᠭᠡᠶ ᠮᠦᠷᠳᠡᠭᠡᠨ ᠰᠠᠳᠭᠢᠴᠠ ᠶᠢᠨ ᠡᠷᠡᠭᠦᠯ ᠳᠤ ᠴᠤ ᠠᠰᠢᠭ ᠦᠭᠡᠶ ᠪᠠᠢ᠌ᠳᠠᠭ᠃ ᠡᠭᠦᠨ ᠳᠤ ᠬᠠᠠᠳᠤᠭᠤᠯᠤᠨ᠂ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠳᠤ ᠪᠠᠭ᠎ᠠ ᠰᠤᠷᠭᠠᠭᠤᠯᠢ ᠶᠢᠨ ᠰᠤᠷᠤᠭᠴᠢ ᠶᠢ ᠭᠦᠳᠦᠯᠤᠨ ᠳᠤᠤᠷᠠᠭᠢ ᠭᠡᠳᠤᠨ ᠳᠠᠯ᠎ᠠ ᠶᠢ ᠠᠩᠬᠠᠷᠤᠨ᠎ᠠ᠃

⑴ ᠭᠢᠨᠠᠮᠠᠭᠠᠢ ᠰᠤᠨᠤᠰᠤᠨ᠎ᠠ᠃ ᠪᠠᠭ᠎ᠠ ᠰᠤᠷᠭᠠᠭᠤᠯᠢ ᠶᠢᠨ ᠰᠤᠷᠤᠭᠴᠢ ᠶᠢ ᠪᠦᠭᠦ ᠠᠩᠬᠠᠷᠤᠯ ᠶᠢᠡᠨ ᠳᠦᠪᠯᠡᠷᠡᠭᠦᠯᠤᠨ ᠭᠢᠴᠢᠶᠠᠯ ᠰᠤᠨᠤᠰᠬᠤ ᠶᠢ ᠱᠠᠭᠠᠷᠳᠠᠨ᠎ᠠ᠃ ᠪᠠᠭᠰᠢ ᠶᠢᠨ ᠭᠢᠴᠢᠶᠠᠯ ᠳᠠᠢ᠌ᠯᠪᠣᠷᠢᠯᠠᠬᠤ ᠠᠭᠤᠯᠭ᠎ᠠ ᠵᠢᠴᠢ ᠢᠯᠡᠳᠭᠡᠭᠦ ᠠᠷᠭ᠎ᠠ ᠭᠡᠯᠪᠠᠷᠢ ᠶᠢᠨ ᠤᠳᠬ᠎ᠠ ᠠᠭᠤᠯᠭ᠎ᠠ ᠶᠢ ᠪᠦᠷᠢᠨ ᠳᠡᠭᠦᠯᠳᠡᠷ ᠣᠢ᠌ᠯᠠᠭᠠᠨ᠎ᠠ᠂ ᠵᠢᠱᠢᠶᠠᠯᠠᠪᠠᠯ ᠶᠠᠪᠣᠴᠠ ᠠᠭᠢᠴᠠ ᠶᠢᠨ ᠬᠤᠷᠳᠤᠨ ᠣᠳᠠᠭᠠᠨ᠂ ᠳᠠᠭᠤᠨ ᠤ ᠳᠡᠭᠡᠷ᠎ᠡ ᠳᠤᠤᠷ᠎ᠠ ᠭᠡᠭᠦ ᠮᠠᠳᠤ᠃

⑵ ᠠᠩᠬᠠᠷᠤᠨ ᠦᠵᠡᠨ᠎ᠡ᠃ ᠪᠠᠭ᠎ᠠ ᠰᠤᠷᠭᠠᠭᠤᠯᠢ ᠶᠢᠨ ᠰᠤᠷᠤᠭᠴᠢ ᠶᠢ ᠪᠦᠭᠦ ᠰᠡᠳᠭᠢᠯ ᠬᠠᠮᠤᠭ ᠰᠠᠨᠠᠭ᠎ᠠ ᠪᠠᠨ ᠳᠦᠪᠯᠡᠷᠡᠭᠦᠯᠤᠨ ᠪᠠᠭᠰᠢ ᠶᠢᠨ ᠰᠠᠮᠪᠠᠷᠠᠯᠠᠯ ᠤᠨ ᠠᠭᠤᠯᠭ᠎ᠠ ᠶᠢ ᠥᠵᠡᠭᠦ ᠶᠢ ᠱᠠᠭᠠᠷᠳᠠᠨ᠎ᠠ᠃ ᠪᠠᠭᠰᠢ ᠶᠢᠨ ᠥᠩᠭᠡᠳᠤ ᠪᠢᠷ ᠶᠢᠡᠷ ᠳᠡᠮᠳᠡᠭᠯᠡᠭ᠍ᠰᠡᠨ ᠭᠡᠰᠡᠭ᠌ ᠢ᠂ ᠴᠠᠭᠢᠯᠭᠠᠨ ᠵᠢᠭᠠᠬᠤ ᠪᠠᠭᠠᠵᠢ ᠭᠡᠷᠡᠭᠯᠡᠨ ᠥᠵᠡᠭᠦᠯᠦᠭ᠍ᠰᠡᠨ ᠭᠡᠰᠡᠭ᠌ ᠢ ᠨᠢ ᠨᠠᠩ ᠢᠯᠡᠭᠦᠤ ᠨᠠᠷᠢᠨ ᠭᠢᠨᠠᠮᠠᠭᠠᠢ ᠠᠵᠢᠭᠯᠠᠵᠤ᠂ ᠨᠠᠷᠢᠯᠢᠭ ᠣᠢ᠌ᠯᠠᠭᠠᠬᠤ ᠪᠠ ᠴᠢᠬᠤᠯᠠᠴᠢᠯᠠᠨ ᠴᠡᠭᠡᠵᠢᠯᠡᠨ᠎ᠡ᠃

⑶ ᠳᠠᠷᠢᠭᠢ ᠪᠠᠨ ᠢᠯᠡᠭᠦᠭᠡᠨ ᠭᠦᠳᠡᠯᠭᠡᠨ᠎ᠡ᠃ ᠪᠠᠭ᠎ᠠ ᠰᠤᠷᠭᠠᠭᠤᠯᠢ ᠶᠢᠨ ᠰᠤᠷᠤᠭᠴᠢ ᠶᠢ ᠵᠢᠯᠤᠭᠤᠳᠤᠨ ᠢᠳᠠᠪᠭᠢᠳᠠᠢ ᠰᠠᠳᠭᠢᠨ᠎ᠡ᠃ ᠰᠤᠨᠤᠰᠬᠤ ᠶᠢᠨ ᠳᠭᠠᠤ ᠦᠵᠡᠨ᠎ᠡ᠂ ᠰᠠᠳᠭᠢᠨ᠎ᠡ᠃ ᠪᠠᠭᠰᠢ ᠶᠢᠨ ᠭᠢᠴᠢᠶᠠᠯ ᠳᠠᠢ᠌ᠯᠪᠣᠷᠢᠯᠠᠬᠤ ᠶᠠᠪᠣᠴᠠ ᠲᠡᠶ ᠠᠳᠠᠯᠢ ᠠᠯᠬᠤᠮ ᠶᠢᠡᠷ ᠶᠠᠪᠣᠭᠳᠠᠬᠤ ᠶᠢ ᠪᠠᠷᠢᠮᠳᠠᠯᠠᠨ᠂ ᠶᠠᠭᠠᠭᠢᠭᠠᠤᠨ ᠭᠡᠳᠡᠭ᠌ ᠢ ᠢᠯᠡᠭᠦᠭᠡᠨ ᠠᠰᠠᠭᠤᠵᠤ᠂ ᠰᠢᠨ᠎ᠡ ᠬᠠᠭᠤᠴᠢᠨ ᠮᠡᠳᠡᠯᠭᠡ ᠶᠢ ᠬᠤᠯᠪᠣᠭᠳᠠᠭᠤᠯᠤᠨ ᠰᠠᠳᠭᠢᠨ᠎ᠡ᠃ ᠰᠤᠷᠤᠭᠰᠠᠨ ᠶᠢᠡᠨ ᠬᠤᠯᠪᠣᠭᠳᠠᠭᠤᠯᠤᠨ ᠭᠡᠯᠭᠢᠶᠡᠷᠡᠭᠦᠯᠵᠤ᠂ ᠨᠢᠭᠡ ᠡᠴᠠ ᠣᠯᠠᠨ ᠢ ᠮᠠᠳᠠᠵᠤ ᠴᠢᠳᠠᠨ᠎ᠠ᠃

⑷ ᠭᠦᠳᠡᠯᠦᠩᠭᠦᠢ ᠪᠣᠯᠪᠠᠰᠤᠷᠠᠨ᠎ᠠ᠃ ᠭᠢᠴᠢᠶᠠᠯ ᠳᠡᠭᠡᠷ᠎ᠡ ᠪᠠᠭ᠎ᠠ ᠰᠤᠷᠭᠠᠭᠤᠯᠢ ᠶᠢᠨ ᠰᠤᠷᠤᠭᠴᠢ ᠶᠢ ᠵᠤᠷᠢᠭ ᠲᠡᠶ ᠪᠠᠷ ᠥᠭᠡ ᠭᠡᠯᠡᠭᠦ ᠶᠢ ᠵᠤᠷᠢᠭᠵᠢᠭᠤᠯᠤᠨ᠂ ᠰᠢᠷᠭᠠᠭᠤ ᠰᠤᠷᠤᠯᠴᠠᠨ ᠢᠯᠡᠭᠦᠭᠡᠨ ᠪᠣᠯᠪᠠᠰᠤᠷᠠᠵᠤ᠂ ᠣᠢ᠌ᠯᠠᠭᠠᠯᠳᠠ ᠪᠠᠨ ᠭᠦᠡᠵᠡᠭᠡᠢ᠌ᠷᠡᠭᠦᠯᠤᠨ᠂ ᠭᠢᠴᠢᠶᠡᠯ ᠰᠤᠨᠤᠰᠬᠤ ᠦᠷ᠎ᠡ ᠪᠦᠳᠦᠮᠵᠢ ᠪᠠᠨ ᠳᠡᠭᠡᠭᠰᠢᠯᠡᠭᠦᠯᠤᠨ᠎ᠡ᠃

⑸ ᠳᠡᠮᠳᠡᠭᠯᠡᠯ ᠭᠢᠨ᠎ᠡ᠃ ᠪᠠᠭᠰᠢ ᠶᠢᠨ ᠭᠢᠴᠢᠶᠠᠯ ᠳᠠᠢ᠌ᠯᠪᠣᠷᠢᠯᠠᠭᠰᠠᠨ ᠭᠤᠤᠯᠳᠡᠯᠭ᠎ᠠ᠂ ᠭᠦᠴᠢᠷᠳᠡᠯᠭᠡ ᠶᠢ ᠳᠤᠳᠤ ᠳᠤᠪᠣᠭᠤᠷ ᠳᠡᠮᠳᠡᠭᠯᠡᠯ ᠭᠢᠵᠤ᠂ ᠬᠤᠵᠢᠮ ᠤᠨ ᠳᠠᠪᠳᠠᠬᠤ ᠳᠤ ᠪᠠᠨ ᠪᠡᠯᠡᠳᠭᠡᠨ᠎ᠡ᠃

⑹ ᠰᠠᠢ᠌ᠳᠤᠷ ᠬᠤᠷᠢᠶᠠᠩᠭ᠋ᠣᠢ᠌ᠯᠠᠨ᠎ᠠ᠃ ᠪᠠᠭᠰᠢ ᠶᠢᠨ ᠭᠢᠴᠢᠶᠠᠯ ᠳᠡᠭᠡᠷ᠎ᠡ ᠳᠠᠢ᠌ᠯᠪᠣᠷᠢᠯᠠᠭᠰᠠᠨ ᠠᠭᠤᠯᠭ᠎ᠠ ᠶᠢ ᠭᠦᠳᠦᠯᠪᠦᠷᠢ ᠶᠢ ᠨᠢ ᠠᠳᠬᠤᠨ᠂ ᠭᠤᠤᠯᠳᠠᠯᠭ᠎ᠠ ᠶᠢ ᠳᠤᠪᠴᠢᠯᠠᠨ᠂ ᠳᠤᠰ ᠭᠢᠴᠢᠶᠠᠯ ᠳᠤ ᠨᠢ ᠣᠢ᠌ᠯᠠᠭᠠᠬᠤ ᠪᠠᠷ ᠣᠷᠤᠯᠳᠤᠨ᠎ᠠ᠃


*8. ᠳᠠᠰᠬᠠᠯ ᠭᠢᠭᠦ ᠶᠢ ᠰᠤᠷᠤᠨ᠎ᠠ᠃


ᠳᠠᠰᠬᠠᠯ ᠭᠢᠭᠦ ᠨᠢ ᠰᠤᠷᠤᠭᠴᠢ ᠳᠤᠰᠠᠭᠠᠷ ᠰᠠᠳᠭᠢᠵᠤ ᠣᠬᠠᠮᠰᠠᠷ ᠡᠴᠠ ᠪᠠᠨ ᠵᠤᠷᠢᠯᠭ᠎ᠠ ᠲᠡᠶ ᠠᠰᠠᠭᠤᠳᠠᠯ ᠢ ᠰᠠᠳᠭᠢᠨ ᠵᠠᠳᠠᠯᠤᠨ᠂ ᠠᠰᠠᠭᠤᠳᠠᠯ ᠢ ᠰᠢ᠌ᠤᠠᠪᠣᠷᠢᠯᠠᠨ᠂ ᠰᠤᠷᠤᠭᠰᠠᠨ ᠮᠡᠳᠡᠯᠭᠡ ᠪᠠᠨ ᠪᠣᠳᠠᠳᠠᠢ ᠣᠶᠤᠨ ᠤ ᠭᠦᠳᠡᠯᠭᠡᠭᠡᠨ ᠳᠤ ᠪᠠᠨ ᠭᠡᠷᠡᠭᠡᠯᠡᠭᠦ ᠶᠠᠪᠣᠴᠠ ᠪᠣᠯᠤᠨ᠎ᠠ᠃ ᠳᠠᠰᠬᠠᠯ ᠭᠢᠭᠦ ᠶᠠᠪᠣᠴᠠ ᠪᠠᠷ ᠲ᠋ᠠᠮᠵᠢᠨ ᠰᠤᠷᠤᠭᠰᠠᠨ ᠦᠷ᠎ᠡ ᠳ᠋ᠦ᠋ᠩ ᠶᠢᠡᠨ ᠦᠪᠠᠰᠤᠪᠠᠨ ᠪᠠᠢ᠌ᠴᠠᠭᠠᠵᠤ᠂ ᠮᠡᠳᠡᠯᠭᠡ ᠶᠢᠨ ᠣᠢ᠌ᠯᠠᠭᠠᠯᠳᠠ ᠪᠠ ᠴᠡᠭᠡᠵᠢᠯᠡᠭᠦᠢ ᠪᠠᠨ ᠭᠦᠡᠵᠡᠭᠡᠢ᠌ᠷᠡᠭᠦᠯᠵᠤ᠂ ᠥᠪᠠᠷ ᠤᠨ ᠣᠶᠤᠨ ᠣᠭᠭᠠᠨ ᠪᠠ ᠨᠥᠭᠡᠴᠡ ᠭᠦᠴᠤᠨ ᠶᠢᠡᠨ ᠪᠦᠷᠢᠨ ᠳᠡᠭᠦᠯᠳᠡᠷ ᠪᠠᠳᠠᠷᠠᠭᠤᠯᠵᠤ ᠪᠣᠯᠤᠨ᠎ᠠ᠃ ᠳᠠᠭᠠᠤ ᠳᠤ ᠨᠢ ᠦᠪᠡᠷ ᠤᠨ ᠰᠡᠳᠭᠢᠭᠦᠢ ᠶᠢᠨ ᠴᠢᠳᠠᠪᠣᠷᠢ ᠪᠠᠨ ᠭᠦᠮᠦᠵᠢᠭᠦᠯᠭᠦ ᠳᠤ ᠳᠤᠰᠠᠯᠠᠮᠵᠢ ᠪᠣᠯᠳᠠᠭ᠃ ᠰᠢᠯᠢᠳᠡᠭ᠌ ᠰᠠᠢ᠌ᠨ ᠰᠤᠷᠤᠯᠴᠠᠬᠤ ᠣᠪᠣᠷ ᠪᠠ ᠰᠤᠷᠤᠯᠴᠠᠬᠤ ᠳᠠᠳᠬᠠᠯ ᠢ ᠭᠦᠮᠦᠵᠢᠭᠦᠯᠤᠨ᠎ᠡ᠃

ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠳᠠᠰᠬᠠᠯ ᠭᠢᠭᠦ ᠣᠨᠤᠪᠴᠢᠳᠠᠢ ᠠᠷᠭ᠎ᠠ ᠪᠣᠯ᠄

⑴ ᠣᠷᠢᠳᠠᠵᠤ ᠳᠠᠪᠳᠠᠵᠤ ᠰᠡᠭᠦᠯ ᠳᠤ ᠨᠢ ᠳᠠᠰᠬᠠᠯ ᠶᠢᠡᠨ ᠭᠢᠨ᠎ᠡ᠃ ᠳᠠᠷᠤᠢ ᠭᠢᠨᠠᠮᠠᠭᠠᠢ ᠳᠠᠪᠳᠠᠵᠤ ᠪᠦᠷᠢᠨ ᠭᠦᠢᠴᠡᠳ ᠣᠢ᠌ᠯᠠᠭᠠᠰᠠᠨ ᠰᠠᠭᠤᠷᠢᠨ ᠳᠡᠭᠡᠷ᠎ᠡ ᠳᠠᠰᠬᠠᠯ ᠶᠢᠡᠨ ᠪᠠᠶᠡᠯᠡᠭᠦᠯᠤᠨ᠎ᠡ᠃

⑵ ᠰᠠᠳᠤᠪ ᠶᠢᠡᠨ ᠨᠠᠷᠢᠨ ᠨᠢᠮᠪᠠᠢ ᠭᠢᠨᠠᠵᠤ᠂ ᠳᠠᠷᠤᠢ ᠰᠠᠳᠤᠪ ᠤᠨ ᠰᠠᠨᠠᠭ᠎ᠠ ᠶᠢ ᠣᠢ᠌ᠯᠠᠭᠠᠵᠤ᠂ ᠪᠣᠯᠪᠠᠰᠤᠷᠠᠯ ᠤᠨ ᠰᠠᠳᠤᠪ ᠤᠨ ᠵᠤᠷᠢᠯᠭ᠎ᠠ ᠱᠠᠭᠠᠠᠷᠳᠠᠯᠭ᠎ᠠ ᠶᠢ ᠳᠤᠳᠤᠷᠬᠠᠢ ᠮᠡᠳᠡᠵᠤ᠂ ᠨᠢᠭᠡᠨᠲᠡ ᠮᠡᠳᠡᠭ᠍ᠰᠡᠨ ᠨᠥᠭᠦᠴᠡᠯ ᠪᠠ ᠮᠡᠳᠡᠭᠡᠳᠦᠢ ᠨᠥᠭᠦᠴᠡᠯ ᠵᠢᠴᠢ ᠰᠢ᠌ᠳᠪᠦᠷᠢᠯᠡᠭᠦ ᠠᠰᠠᠭᠤᠳᠠᠯ ᠤᠨ ᠵᠠᠩᠭᠢᠯᠠᠭ᠎ᠠ ᠶᠢᠨ ᠠᠰᠠᠭᠤᠳᠠᠯ ᠶᠢᠡᠨ ᠳᠤᠳᠤᠷᠬᠠᠢ ᠪᠣᠯᠭᠠᠵᠤ᠂ ᠳᠤᠳᠤᠷ᠎ᠠ ᠪᠠᠨ ᠳᠤᠭ᠎ᠠ ᠲᠡᠶ ᠪᠣᠯᠤᠨ᠎ᠠ᠃

⑶ᠭᠢᠴᠢᠶᠡᠩᠭᠦᠢ ᠳᠤᠭᠠᠴᠢᠨ᠎ᠠ᠃ ᠳᠠᠷᠤᠢ ᠰᠠᠳᠭᠢᠴᠠ ᠳᠤᠳᠤᠷᠬᠠᠢ᠂ ᠳᠤᠭᠠᠴᠢᠯᠳᠠ ᠳᠤᠭᠢᠷᠡᠮᠵᠢᠳᠡᠢ᠂ ᠪᠢᠴᠢᠭᠦ ᠨᠢ ᠳᠦᠷᠢᠮᠵᠢᠭᠦᠨ᠂ ᠬᠠᠷᠢᠭᠤᠯᠳᠠ ᠨᠢ ᠣᠨᠤᠪᠴᠢᠳᠠᠢ᠂ ᠴᠠᠪᠠᠷ ᠴᠡᠭ᠍ᠴᠡᠭᠡᠨ᠃

⑷ᠨᠠᠷᠢᠨ ᠭᠢᠨᠠᠮᠭᠠᠢ ᠪᠠᠢ᠌ᠴᠠᠭᠠᠨ᠎ᠠ᠃ ᠳᠠᠷᠤᠢ ᠪᠣᠯᠪᠠᠰᠤᠷᠠᠯ ᠤᠨ ᠰᠠᠳᠤᠪ ᠤᠨ ᠵᠤᠷᠢᠯᠭ᠎ᠠ ᠱᠠᠭᠠᠷᠳᠠᠯᠭ᠎ᠠ ᠶᠢ ᠥᠡᠳᠦᠰᠦᠯᠡᠨ᠂ ᠥᠭᠡ ᠥᠭᠦᠯᠡᠪᠦᠷᠢ ᠳᠠᠷᠠᠭᠠᠯᠠᠨ ᠪᠠᠢ᠌ᠴᠠᠭᠠᠵᠤ᠂ ᠰᠢᠯᠭᠠᠨ ᠪᠠᠳᠤᠯᠠᠵᠤ᠂ ᠪᠣᠷᠤᠭᠤ ᠶᠢ ᠨᠢ ᠢᠯᠡᠷᠡᠭᠦᠯᠪᠠᠯ ᠳᠠᠷᠠ ᠳᠠᠷᠤᠢ ᠳᠤ ᠨᠢ ᠵᠠᠯᠠᠷᠠᠭᠤᠯᠤᠨ᠎ᠠ᠃ ᠳᠠᠭᠠᠤ ᠳᠤ ᠨᠢ ᠪᠠᠭᠰᠢ ᠶᠢᠨ ᠳᠠᠰᠬᠠᠯ ᠵᠠᠰᠠᠭᠰᠠᠨ᠂ ᠴᠤᠬᠤᠯᠠᠪᠣᠷᠢ ᠳᠠᠯᠪᠢᠭᠰᠠᠨ ᠢ ᠨᠠᠷᠢᠨ ᠭᠢᠨᠠᠮᠠᠭᠠᠢ ᠰᠠᠳᠭᠢᠨ᠎ᠡ᠃ ᠳᠠᠰᠤᠷᠠᠯᠳᠠ ᠦᠭᠡᠶ ᠳᠤᠷᠰᠢᠯᠭ᠎ᠠ ᠪᠠᠨ ᠳ᠋ᠦ᠋ᠩᠨᠠᠨ᠂ ᠰᠤᠷᠭᠠᠮᠵᠢ ᠠᠪᠣᠪᠠᠯ ᠰᠠ‍‌ᠶᠢ ᠳᠠᠰᠠᠭᠯ ᠭᠢᠭᠦ ᠭᠢᠷᠢ ᠭᠡᠮᠵᠢᠶ᠎ᠡ ᠪᠠᠨ ᠳᠡᠭᠡᠭ᠍ᠰᠢᠯᠡᠭᠦᠯᠵᠤ ᠴᠢᠳᠠᠨ᠎ᠠ᠃


*9. ᠭᠢᠴᠢᠶᠠᠯ ᠵᠢᠡᠨ ᠭᠡᠷᠭᠢᠨ ᠣᠷᠢᠳᠴᠢᠯᠠᠨ ᠰᠤᠷᠤᠯᠴᠠᠬᠤ ᠪᠣᠢ


ᠣᠷᠢᠳᠴᠢᠯᠠᠨ ᠰᠤᠷᠤᠯᠴᠠᠬᠤ ᠶᠢ ᠪᠠᠰᠠ ᠣᠷᠢᠳᠠᠯ ᠰᠤᠷᠤᠯᠴᠠᠯᠭ᠎ᠠ ᠭᠡᠳᠡᠭ᠌᠃ ᠳᠠᠷᠤᠢ ᠪᠠᠭᠰᠢ ᠭᠢᠴᠢᠶᠡᠯᠯᠡᠭᠦ ᠡᠴᠠ ᠡᠮᠦᠨ᠎ᠡ ᠰᠤᠷᠬᠤ ᠭᠡᠵᠤ ᠪᠠᠢ᠌ᠭ᠎ᠠ ᠠᠭᠤᠯᠭ᠎ᠠ ᠪᠠᠨ ᠣᠷᠢᠳᠴᠢᠯᠠᠨ ᠰᠤᠷᠤᠯᠴᠠᠬᠤ ᠪᠠ ᠣᠢ᠌ᠯᠠᠭᠠᠬᠤ ᠶᠠᠪᠣᠴᠠ ᠪᠣᠯᠤᠨ᠎ᠠ᠃ ᠣᠷᠢᠳᠴᠢᠯᠠᠨ ᠰᠤᠷᠤᠯᠴᠠᠬᠤ ᠨᠢ ᠦᠷ᠎ᠡ ᠠᠰᠢᠭ ᠪᠦᠭᠦᠢ ᠰᠤᠷᠤᠯᠴᠠᠬᠤ ᠠᠷᠭ᠎ᠠ ᠪᠣᠯᠤᠨ᠎ᠠ᠃ ᠪᠠᠰᠠ ᠴᠤ ᠰᠢᠯᠢᠳᠡᠭ᠌ ᠰᠠᠢ᠌ᠨ ᠰᠤᠷᠤᠯᠴᠠᠬᠤ ᠳᠠᠳᠬᠠᠯ ᠪᠣᠯᠤᠨ᠎ᠠ᠃ ᠣᠷᠢᠳᠴᠢᠯᠠᠨ ᠰᠤᠷᠤᠯᠴᠠᠬᠤ ᠠᠷᠭ᠎ᠠ ᠪᠣᠯ ᠬᠤᠶᠠᠳᠤᠭᠠᠷ ᠡᠳᠦᠷ ᠤᠨ ᠳᠠᠢ᠌ᠯᠪᠣᠷᠢᠯᠠᠬᠤ ᠠᠭᠤᠯᠭ᠎ᠠ ᠪᠠᠨ ᠭᠢᠨᠠᠮᠭᠠᠢ ᠣᠩᠰᠢᠵᠤ᠂ ᠨᠠᠷᠢᠯᠢᠭ ᠰᠠᠳᠭᠢᠵᠤ᠂ ᠰᠢᠨ᠎ᠡ ᠮᠡᠳᠡᠯᠭᠡ ᠪᠠ ᠣᠷᠢᠳᠠᠢ ᠰᠤᠷᠴᠤ ᠥᠩᠭᠡᠷᠡᠭ᠍ᠰᠡᠨ ᠮᠡᠳᠡᠯᠭᠡ ᠪᠠᠨ ᠬᠤᠯᠪᠤᠨ ᠠᠪᠴᠤ᠂ ᠠᠯᠢ ᠠᠯᠢ ᠶᠢ ᠨᠢ ᠳᠦᠭᠦᠭᠡᠷᠡᠭ᠍ᠰᠡᠨ᠂ ᠠᠯᠢ ᠠᠯᠢ ᠶᠢ ᠨᠢ ᠴᠢᠳᠠᠭᠰᠠᠨ᠂ ᠠᠯᠢ ᠶᠢ ᠨᠢ ᠳᠦᠭᠦᠭᠡᠷᠡᠵᠤ ᠮᠡᠳᠡᠭ᠍ᠰᠡᠨ ᠦᠭᠡᠶ᠂ ᠢᠩᠭᠢᠭᠡᠳ ᠭᠢᠴᠢᠶᠠᠯ ᠰᠤᠨᠤᠰᠬᠤ ᠭᠤᠤᠯᠳᠠᠭ᠎ᠠ᠂ ᠭᠦᠴᠢᠷᠳᠡᠯᠭᠡ ᠪᠠ ᠰᠡᠵᠢᠭᠯᠡᠯ ᠶᠢᠡᠨ ᠳᠤᠳᠤᠷᠬᠠᠢ᠌ᠰᠢᠭᠤᠯᠵᠤ᠂ ᠭᠢᠴᠢᠶᠠᠯ ᠤᠨ ᠰᠤᠷᠤᠯᠴᠠᠯᠭ᠎ᠠ ᠤᠨ ᠭᠦᠳᠡᠯᠦᠩᠭᠦᠢ ᠪᠣᠰᠤ ᠴᠢᠨᠠᠷ ᠪᠠ ᠰᠤᠬᠤᠷ ᠪᠠᠯᠠᠢ ᠴᠢᠨᠠᠷ ᠢ ᠢᠯᠠᠨ ᠳᠠᠪᠠᠵᠤ᠂ ᠰᠤᠷᠤᠯᠴᠠᠬᠤ ᠭᠦᠳᠡᠯᠦᠩᠭᠦᠢ ᠴᠢᠨᠠᠷ ᠪᠠ ᠣᠬᠠᠮᠰᠠᠷᠳᠤ ᠴᠢᠨᠠᠷ ᠶᠢᠡᠨ ᠳᠠᠢ᠌ᠴᠢᠯᠠᠨ᠎ᠠ᠃ ᠣᠷᠢᠳᠴᠢᠯᠠᠨ ᠰᠤᠷᠤᠯᠴᠠᠬᠤ ᠨᠢ ᠶᠡᠷᠦᠳᠡᠭᠡᠨ ᠳᠦᠷᠪᠠᠨ ᠠᠯᠬᠤᠮ ᠶᠢᠡᠷ ᠶᠠᠪᠣᠭᠳᠠᠨ᠎ᠠ᠃

ᠨᠢᠭᠡᠳᠦᠭᠡᠷ ᠠᠯᠬᠤᠮ ᠳᠤ᠂ ᠭᠢᠴᠢᠶᠠᠯ ᠶᠢᠡᠨ ᠠᠩᠬᠠᠯᠠᠨ ᠣᠩᠰᠢᠵᠤ᠂ ᠳᠣᠢ᠌ᠮᠤ ᠪᠠᠢ᠌ᠳᠠᠯ ᠢ ᠮᠠᠳᠠᠨ᠎ᠡ᠃ ᠣᠷᠢᠳᠠᠵᠤ ᠭᠢᠴᠢᠶᠠᠯ ᠶᠢᠡᠨ ᠨᠢᠭᠡ ᠣᠳᠠᠭ᠎ᠠ ᠣᠩᠰᠢᠵᠤ᠂ ᠭᠢᠴᠢᠶᠠᠯ ᠤᠨ ᠶᠡᠭᠡ ᠲᠦᠯᠤᠪ ᠠᠭᠤᠯᠭ᠎ᠠ ᠶᠢ ᠮᠠᠳᠠᠵᠤ᠂ ᠠᠩᠬ᠎ᠠ ᠠᠯᠬᠤᠮ ᠤᠨ ᠰᠠᠭᠤᠭᠳᠠᠯ ᠲᠡᠶ ᠪᠣᠯᠤᠨ᠎ᠠ᠃

ᠬᠤᠶᠠᠳᠤᠭᠠᠷ ᠠᠯᠬᠤᠮ ᠳᠤ᠂ ᠥᠭᠡ ᠦᠰᠦᠭ᠌ ᠢ ᠵᠢᠷᠤᠵᠤ ᠳᠡᠮᠳᠡᠭᠯᠡᠨ᠂ ᠳᠡᠢ᠌ᠯᠪᠦᠷᠢ ᠶᠢ ᠡᠷᠢᠨ᠎ᠡ᠃ ᠣᠢ᠌ᠯᠠᠭᠠᠬᠤ ᠦᠭᠡᠶ ᠮᠡᠳᠡᠭᠦ ᠦᠭᠡᠶ ᠥᠭᠡ᠂ ᠦᠰᠦᠭ᠌ ᠵᠢᠴᠢ ᠥᠭᠦᠯᠡᠪᠦᠷᠢ ᠪᠠᠨ ᠵᠢᠷᠤᠵᠤ ᠳᠡᠮᠳᠡᠭᠯᠡᠭᠡᠳ ᠪᠠᠭᠠᠵᠢᠳᠤ ᠨᠤᠮ ᠡᠴᠠ ᠡᠷᠢᠨ ᠤᠷᠪᠠᠭᠤᠯᠵᠤ᠂ ᠭᠦᠴᠢᠷ ᠥᠭᠡᠰ ᠶᠢᠡᠨ ᠠᠪᠢᠶᠠᠯᠠᠨ᠂ ᠳᠠᠢ᠌ᠯᠪᠣᠷᠢ ᠬᠠᠳᠠᠨ᠎ᠠ᠃ ᠶᠠᠭ ᠳᠦᠭᠦᠭᠡᠷᠡᠭᠦ ᠦᠭᠡᠶ ᠪᠠᠨ ᠭᠢᠴᠢᠶᠠᠯ ᠰᠤᠨᠤᠰᠬᠤ ᠳᠤ ᠪᠠᠨ ᠭᠤᠤᠯᠳᠠᠯᠭ᠎ᠠ ᠪᠣᠯᠭᠠᠨ᠎ᠠ᠃

ᠭᠤᠷᠪᠠᠳᠤᠭᠠᠷ ᠠᠯᠬᠤᠮ ᠳᠤ᠂ ᠳᠡᠮᠳᠡᠭ᠌ ᠳᠠᠯᠪᠢᠵᠤ ᠪᠦᠯᠦᠭ᠌ ᠬᠤᠪᠢᠶᠠᠵᠤ᠂ ᠶᠡᠭᠡ ᠲᠦᠯᠤᠪ ᠤᠳᠬ᠎ᠠ ᠶᠢ ᠨᠢ ᠬᠤᠷᠢᠶᠠᠩᠭ᠋ᠣᠢ᠌ᠯᠠᠨ᠎ᠠ᠃

ᠣᠯᠭᠠᠨ ᠮᠦᠷ ᠢ ᠨᠢ ᠳᠡᠮᠳᠡᠭ᠌ ᠳᠠᠯᠪᠢᠵᠤ᠂ ᠳᠠᠭᠢᠨ ᠭᠡᠰᠡᠭ᠌ ᠪᠦᠷᠢ ᠶᠢᠨ ᠶᠡᠭᠡ ᠲᠦᠯᠤᠪ ᠤᠳᠬ᠎ᠠ ᠶᠢ ᠪᠢᠴᠢᠨ᠎ᠡ᠃ ᠣᠯᠠᠭᠠᠨ ᠮᠦᠷ ᠤᠨ ᠶᠡᠭᠡ ᠲᠦᠯᠤᠪ ᠤᠳᠬ᠎ᠠ ᠶᠢ ᠦᠨᠳᠦᠰᠦᠯᠠᠨ ᠳᠠᠭᠢᠨ ᠭᠡᠰᠡᠭ᠌ ᠬᠤᠪᠢᠶᠠᠨ᠂ ᠠᠭᠢᠨ ᠭᠡᠰᠡᠭ᠌ ᠤᠨ ᠤᠳᠬ᠎ᠠ ᠶᠢ ᠬᠤᠷᠢᠶᠠᠩᠭ᠋ᠣᠢ᠌ᠯᠠᠨ᠎ᠠ᠃ ᠳᠡᠭᠡᠳᠤ ᠠᠩᠭᠢ ᠪᠠᠰᠠ ᠭᠢᠴᠢᠶᠠᠯ ᠪᠦᠷᠢ ᠶᠢᠨ ᠭᠤᠤᠯ ᠤᠳᠬ᠎ᠠ ᠰᠠᠨᠠᠭ᠎ᠠ ᠶᠢ ᠬᠤᠷᠢᠶᠠᠩᠭ᠋ᠣᠢ᠌ᠯᠠᠬᠤ ᠶᠢ ᠳᠤᠷᠰᠢᠨ᠎ᠠ᠃

ᠳᠦᠷᠪᠠᠳᠦᠭᠡᠷ ᠠᠯᠬᠤᠮ ᠳᠤ᠂ ᠰᠠᠳᠭᠢᠨ ᠪᠣᠯᠪᠠᠰᠤᠷᠠᠵᠤ᠂ ᠠᠰᠠᠭᠤᠳᠠᠯ ᠳᠤᠷᠠᠳᠤᠨ᠎ᠠ᠃ ᠭᠢᠴᠢᠶᠠᠯ ᠶᠢᠡᠨ ᠣᠩᠰᠢᠭᠰᠠᠨ ᠤ ᠳᠠᠷᠠᠭ᠎ᠠ ᠬᠣᠢ᠌ᠨᠠᠭᠢ ᠰᠡᠳᠭᠢᠭᠦ ᠪᠠ ᠪᠣᠯᠪᠠᠰᠤᠷᠠᠬᠤ ᠶᠢ ᠥᠵᠡᠭᠡᠳ ᠳᠤᠷᠰᠢᠨ ᠭᠢᠨ᠎ᠡ᠃ ᠨᠢᠭᠡ ᠪᠦᠯᠦᠭ᠌ ᠠᠰᠠᠭᠤᠳᠠᠯ ᠢ ᠬᠠᠷᠢᠭᠤᠯᠬᠤ ᠪᠠᠷ ᠳᠠᠮᠵᠢᠨ ᠭᠢᠴᠢᠶᠠᠯ ᠤᠨ ᠣᠢ᠌ᠯᠭᠠᠯᠳᠠ ᠪᠠᠨ ᠭᠦᠡᠵᠡᠭᠡᠢ᠌ᠷᠡᠭᠦᠯᠤᠨ᠎ᠡ᠃



*10. ᠳᠤᠭᠠᠨ ᠤ ᠣᠭᠭᠠᠨ ᠤ ᠳᠠᠰᠬᠠᠯ ᠶᠢᠡᠨ ᠭᠡᠷᠭᠢᠨ ᠪᠠᠶᠡᠯᠡᠭᠦᠯᠭᠦ ᠪᠣᠢ


ᠳᠠᠰᠬᠠᠯ ᠭᠢᠭᠦ ᠨᠢ ᠰᠤᠷᠤᠭᠰᠠᠨ ᠮᠡᠳᠡᠯᠭᠡ ᠪᠠᠨ ᠦᠨᠳᠦᠰᠦᠯᠠᠨ ᠴᠢᠳᠠᠪᠣᠷᠢ᠂ ᠣᠷ᠎ᠠ ᠮᠡᠷᠭᠡᠵᠢᠯ ᠪᠦᠷᠢᠯᠳᠦᠭᠦ᠂ ᠤᠢᠯᠠᠭᠠᠯᠳᠡ ᠪᠠᠨ ᠭᠦᠡᠵᠡᠭᠡᠢ᠌ᠷᠡᠭᠦᠯᠭᠦ ᠪᠠ ᠰᠤᠷᠤᠭᠰᠠᠨ ᠮᠡᠳᠡᠯᠭᠡ ᠪᠠᠨ ᠪᠠᠳᠤᠳᠬᠠᠬᠤ ᠴᠢᠬᠤᠯᠠ ᠡᠭᠦᠷᠭᠡ ᠪᠣᠯᠤᠨ᠎ᠠ᠃ ᠰᠤᠷᠤᠭᠴᠢᠳ ᠡᠷᠭᠡᠪᠰᠢ ᠴᠢᠳᠠᠬᠤ ᠶᠢᠨ ᠭᠢᠷᠢ ᠪᠠᠷ ᠶᠢᠡᠨ ᠪᠠᠶ᠎ᠠ ᠪᠠᠨ ᠳᠠᠭᠠᠭᠠᠵᠤ ᠡᠵᠡᠨ ᠮᠠᠳᠠᠨ ᠳᠠᠰᠬᠠᠯ ᠶᠢᠡᠨ ᠪᠠᠶᠡᠯᠡᠭᠦᠯᠦᠨ᠎ᠡ᠃ ᠳᠠᠰᠬᠠᠯ ᠭᠢᠭᠦ ᠠᠷᠭ᠎ᠠ ᠨᠢ ᠳᠤᠤᠷᠠᠭᠢ ᠮᠠᠳᠤ᠃

⑴ ᠣᠷᠢᠳᠠᠪᠠᠷ ᠳᠠᠪᠳᠠᠵᠤ ᠳᠠᠷᠠᠭ᠎ᠠ ᠨᠢ ᠳᠠᠰᠬᠠᠯ ᠶᠢᠡᠨ ᠭᠢᠨ᠎ᠡ᠃ ᠢᠩᠭᠢᠪᠠᠯ ᠰᠠ‍‌ᠶᠢ ᠠᠮᠢᠳᠤᠯᠢᠭ ᠶᠢᠡᠷ ᠰᠤᠷᠤᠭᠰᠠᠨ ᠮᠡᠳᠡᠯᠭᠡ ᠪᠠᠨ ᠰᠠᠳᠤᠪ ᠵᠠᠳᠠᠯᠬᠤ ᠪᠠ ᠰᠠᠳᠤᠪ ᠬᠠᠷᠢᠭᠤᠯᠬᠤ ᠳᠡᠭᠡᠷ᠎ᠡ ᠭᠡᠷᠡᠭᠯᠡᠵᠤ ᠳᠠᠰᠬᠠᠯ ᠤᠨ ᠴᠢᠨᠠᠷ ᠴᠢᠠᠰᠠᠭ᠎ᠠ ᠪᠠᠨ ᠰᠠᠢ᠌ᠵᠢᠷᠠᠭᠤᠯᠤᠨ᠎ᠠ᠃

⑵ ᠳᠠᠰᠬᠠᠯ ᠤᠨ ᠱᠠᠭᠠᠷᠳᠠᠯᠭ᠎ᠠ ᠪᠠᠨ ᠳᠤᠳᠤᠷᠬᠠᠢ ᠮᠠᠳᠠᠨ᠎ᠡ᠃ ᠪᠠᠭᠰᠢ ᠳᠠᠰᠬᠠᠯ ᠳᠤᠭᠢᠷᠠᠭᠤᠯᠤᠭᠰᠠᠨ ᠴᠢᠨᠠᠷ᠂ ᠡᠯ᠎ᠡ ᠰᠠᠳᠤᠪ ᠤᠨ ᠱᠠᠭᠠᠷᠳᠠᠯᠭ᠎ᠠ᠂ ᠪᠠᠶᠡᠯᠡᠭᠦᠯᠭᠦ ᠴᠠᠭ᠂ ᠳᠠᠰᠬᠠᠯ ᠳᠤᠰᠢᠶᠠᠬᠤ ᠴᠠᠭ ᠵᠡᠷᠭᠡ ᠶᠢ ᠳᠤᠳᠤᠷᠬᠠᠢ ᠴᠡᠭᠡᠵᠢᠯᠡᠨ᠂ ᠴᠠᠭ ᠳᠤᠬᠠᠢ ᠳᠤ ᠨᠢ ᠴᠢᠨᠠᠷ ᠭᠡᠮᠵᠢᠶ᠎ᠡ ᠶᠢ ᠨᠢ ᠪᠠᠳᠤᠯᠠᠨ ᠳᠠᠰᠬᠠᠯ ᠶᠢᠡᠨ ᠳᠤᠰᠢᠶᠠᠨ᠎ᠠ᠃

⑶ᠭᠢᠨᠠᠮᠭᠠᠢ ᠰᠠᠳᠤᠪ ᠶᠢᠡᠨ ᠭᠢᠨᠠᠨ᠂ ᠰᠠᠳᠤᠪ ᠤᠨ ᠤᠳᠬ᠎ᠠ ᠶᠢ ᠣᠢ᠌ᠯᠠᠭᠠᠨ᠂ ᠰᠠᠳᠤᠪ ᠪᠣᠳᠤᠬᠤ ᠰᠠᠳᠭᠢᠴᠠ ᠪᠠᠨ ᠳᠤᠳᠤᠷᠬᠠᠢ᠌ᠰᠢᠭᠤᠯᠤᠨ᠎ᠠ᠃ ᠪᠢᠷ ᠪᠣᠳᠤᠯᠭ᠎ᠠ ᠪᠠᠢ᠌ᠬᠤ ᠦᠶ᠎ᠡ ᠳᠤ ᠰᠤᠯᠠ ᠴᠠᠭᠠᠰᠤᠨ ᠳᠡᠭᠡᠷ᠎ᠡ ᠭᠢᠭᠡᠳ ᠳᠠᠷᠠᠭ᠎ᠠ ᠨᠢ ᠰᠠ‍‌ᠶᠢ ᠵᠦᠪ ᠬᠠᠭᠤᠯᠤᠨ᠎ᠠ᠃

⑷ᠣᠬᠠᠮᠰᠠᠷ ᠡᠴᠠ ᠪᠠᠨ ᠪᠠᠢ᠌ᠴᠠᠭᠠᠨ᠎ᠠ᠃ ᠳᠠᠰᠬᠠᠯ ᠭᠢᠭᠦ ᠳᠤ ᠪᠠᠨ ᠦᠨᠡᠠᠴᠢ ᠭᠢᠨᠠᠮᠭᠠᠢ ᠪᠠᠢ᠌ᠵᠤ᠂ ᠦᠴᠦᠭᠡᠨ ᠴᠤ ᠣᠰᠤᠯᠳᠠᠬᠤ ᠦᠭᠡᠶ᠂ ᠳᠠᠭᠠᠷᠠᠭᠤᠯᠬᠤ ᠪᠠᠷ ᠴᠢᠷᠮᠠᠢ᠌ᠨ᠎ᠠ᠃ ᠦᠪᠡᠷ ᠶᠢᠡᠨ ᠬᠠᠨᠤᠮᠵᠢᠳᠠᠢ ᠪᠣᠯᠤᠭᠰᠠᠨ ᠤ ᠰᠡᠭᠦᠯᠡᠷ ᠰᠠ‍‌ᠶᠢ ᠪᠠᠭᠰᠢ ᠳᠤ ᠪᠠᠨ ᠳᠤᠰᠢᠶᠠᠨ᠎ᠠ᠃ ᠳᠠᠰᠬᠠᠯ ᠶᠢᠡᠨ ᠵᠦᠪ ᠡᠰᠡᠭᠦ ᠶᠢ ᠪᠠᠢ᠌ᠴᠠᠭᠠᠬᠤ ᠠᠷᠭ᠎ᠠ ᠪᠣᠯ ᠪᠠᠷᠤᠭᠯᠠᠨ ᠪᠣᠳᠤᠬᠤ ᠠᠷᠭ᠎ᠠ᠂ ᠳᠠᠭᠢᠨ ᠪᠣᠳᠤᠬᠤ ᠠᠷᠭ᠎ᠠ᠂ ᠠᠰᠳᠠᠭᠠᠨ ᠪᠣᠳᠤᠬᠤ ᠠᠷᠭ᠎ᠠ᠂ ᠣᠷᠤᠯᠠᠭᠤᠯᠬᠤ ᠠᠷᠭ᠎ᠠ ᠭᠡᠭᠦ ᠮᠠᠳᠤ᠃ ᠡᠯ᠎ᠡ ᠵᠣᠢ᠌ᠯ ᠤᠨ ᠠᠷᠭ᠎ᠠ ᠶᠢ ᠪᠢᠳᠠᠨ ᠪᠦᠷ ᠰᠤᠷᠴᠤ ᠪᠣᠯᠬᠤ ᠮᠦᠷᠳᠡᠭᠡᠨ ᠰᠠᠳᠤᠪ ᠵᠠᠳᠠᠯᠬᠤ ᠦᠶ᠎ᠡ ᠳᠤ ᠪᠠᠨ ᠠᠮᠢᠳᠤᠯᠢᠭ ᠭᠡᠷᠡᠭᠯᠡᠨ᠎ᠡ᠃

⑸ ᠵᠠᠰᠠᠭᠰᠠᠨ ᠤ ᠰᠡᠭᠦᠯᠡᠷ ᠰᠠᠳᠤᠪ ᠪᠣᠷᠤᠭᠤ ᠭᠢᠭ᠍ᠰᠡᠨ ᠶᠢᠡᠨ ᠢᠯᠡᠷᠡᠭᠦᠯᠪᠠᠯ ᠴᠠᠭ ᠳᠤᠬᠠᠢ ᠳᠤ ᠨᠢ ᠵᠠᠯᠠᠷᠠᠭᠤᠯᠤᠨ᠎ᠠ᠃ ᠪᠠᠭᠰᠢ ᠶᠢᠨ ᠵᠠᠰᠠᠭᠰᠠᠨ ᠳᠠᠰᠠᠭᠯ ᠶᠢᠡᠨ ᠭᠢᠷᠢ ᠪᠦᠳᠦᠮᠵᠢ ᠶᠢ ᠨᠢ ᠥᠵᠡᠭᠦ ᠪᠠᠷ ᠦᠯᠦ ᠪᠠᠷᠠᠮ ᠪᠠᠰᠠ ᠵᠦᠪ ᠪᠣᠷᠤᠭᠤ ᠶᠢ ᠨᠢ ᠦᠵᠡᠨ᠎ᠡ᠃ ᠭᠡᠷᠪᠡ ᠪᠣᠷᠤᠭᠤ ᠳᠤᠳᠠᠭᠤ ᠪᠠᠢ᠌ᠪᠠᠯ ᠴᠠᠭ ᠳᠤᠬᠠᠢ ᠳᠤ ᠨᠢ ᠵᠠᠰᠠᠵᠤ᠂ ᠨᠥᠭᠦᠪᠦᠷᠢᠯᠡᠨ᠎ᠡ᠃ ᠪᠠᠰᠠ ᠳᠦᠭᠦᠭᠡᠷᠡᠭᠦ ᠦᠭᠡᠶ ᠪᠣᠯ ᠪᠠᠭᠰᠢ ᠪᠣᠶᠤ ᠬᠠᠮᠳᠤ ᠰᠤᠷᠤᠭᠴᠢ ᠪᠠᠷ ᠶᠢᠡᠨ ᠵᠢᠭᠠᠯᠭᠠᠨ ᠬᠠᠪᠰᠤᠷᠤᠭᠤᠯᠤᠨ ᠰᠢ᠌ᠤᠠᠪᠣᠷᠢᠯᠠᠨ᠎ᠠ᠃


*12. ᠭᠢᠯᠪᠠᠷ ᠭᠡᠷᠡᠭᠯᠡᠭᠡᠨ ᠤ ᠰᠠᠳᠤᠪ ᠢ ᠰᠤᠷᠤᠯᠴᠠᠬᠤ ᠠᠷᠭ᠎ᠠ ᠳᠠᠮ


⑴ ᠮᠡᠳᠡᠯᠭᠡ ᠶᠢᠨ ᠭᠤᠤᠯᠳᠠᠯᠭ᠎ᠠ ᠪᠠ ᠭᠦᠴᠢᠷᠳᠡᠯᠭᠡ ᠶᠢ ᠡᠵᠡᠮᠰᠢᠨ᠎ᠡ᠃

ᠭᠢᠯᠪᠠᠷ ᠭᠡᠷᠡᠭᠯᠡᠯᠳᠡ ᠶᠢᠨ ᠰᠠᠳᠤᠪ ᠤᠨ ᠰᠤᠷᠤᠯᠴᠠᠬᠤ ᠭᠤᠤᠯᠳᠠᠯᠭ᠎ᠠ ᠪᠣᠯ ᠭᠡᠷᠡᠭᠯᠡᠯᠳᠡ ᠶᠢᠨ ᠰᠠᠳᠤᠪ ᠤᠨ ᠪᠦᠳᠦᠴᠡ ᠶᠢ ᠪᠣᠯᠪᠠᠰᠤᠷᠠᠩᠭ᠋ᠤᠢ ᠡᠵᠡᠮᠰᠢᠨ᠎ᠡ᠃ (ᠬᠤᠶᠠᠷ ᠨᠢᠭᠡᠨᠲᠡ ᠮᠡᠳᠡᠭ᠍ᠰᠡᠨ ᠨᠥᠭᠦᠴᠡᠯ ᠪᠠ ᠨᠢᠭᠡᠨ ᠠᠰᠠᠭᠤᠳᠠᠯ) ᠭᠢᠯᠪᠠᠷ ᠭᠡᠷᠡᠭᠯᠡᠯᠳᠡ ᠶᠢᠨ ᠰᠠᠳᠤᠪ ᠢ ᠰᠢ᠌ᠳᠪᠦᠷᠢᠯᠡᠭᠦ ᠴᠢᠳᠠᠪᠣᠷᠢ ᠪᠠᠨ ᠳᠡᠭᠡᠭ᠍ᠰᠢᠯᠡᠭᠦᠯᠤᠨ᠎ᠡ᠃

ᠭᠢᠯᠪᠠᠷ ᠭᠡᠷᠡᠭᠯᠡᠯᠳᠡ ᠶᠢᠨ ᠰᠠᠳᠤᠪ ᠤᠨ ᠰᠤᠷᠤᠯᠴᠠᠬᠤ ᠭᠦᠴᠢᠷᠳᠡᠯᠭᠡ ᠪᠣᠯ ᠳᠤᠭᠠᠨ ᠤ ᠣᠭᠭᠠᠨ ᠤ ᠬᠠᠷᠢᠴᠠᠭ᠎ᠠ ᠶᠢ ᠵᠠᠳᠠᠯᠵᠤ ᠰᠤᠷᠤᠨ᠎ᠠ᠃ ᠳᠤᠭᠠᠨ ᠤ ᠣᠭᠭᠠᠨ ᠤ ᠮᠡᠳᠡᠯᠭᠡ ᠪᠠᠨ ᠭᠡᠷᠡᠭᠯᠡᠨ (ᠳᠦᠷᠪᠠᠨ ᠣᠢ᠌ᠯᠠᠳᠤᠯ ᠤᠨ ᠪᠣᠳᠤᠯᠭ᠎ᠠ ᠶᠢᠨ ᠤᠳᠬ᠎ᠠ) ᠭᠡᠷᠡᠭ᠍ᠯᠡᠯᠳᠡ ᠶᠢᠨ ᠰᠠᠳᠤᠪ ᠲᠤ ᠳᠤᠰᠬᠠᠭᠰᠠᠨ ᠠᠮᠢᠳᠤᠷᠠᠯ ᠤᠨ ᠶᠤᠰᠤ ᠣᠴᠢᠷ ᠢ ᠵᠠᠳᠠᠯᠤᠨ ᠪᠠᠰᠠ ᠰᠡᠳᠭᠢᠭ᠍ᠰᠡᠨ ᠶᠠᠪᠣᠴᠠ ᠪᠠᠨ ᠳᠤᠭᠠᠴᠢᠵᠤ ᠴᠢᠳᠠᠨ᠎ᠠ᠃

⑵ ᠭᠤᠷᠪᠠᠨ ᠠᠰᠠᠭᠤᠳᠠᠯ ᠢ ᠠᠩᠬᠠᠷᠤᠨ᠎ᠠ᠃

ᠨᠢᠭᠡ ᠨᠢ ᠭᠢᠯᠪᠠᠷ ᠭᠡᠷᠡᠭᠯᠡᠯᠳᠡ ᠶᠢᠨ ᠰᠠᠳᠤᠪ ᠤᠨ ᠭᠠᠷᠴᠠᠭ ᠨᠢ ᠣᠯᠠᠩᠭᠢ ᠳᠤ ᠪᠠᠨ ᠮᠠᠨ ᠤ ᠪᠣᠳᠠᠳᠠᠢ ᠠᠮᠢᠳᠤᠷᠠᠯ ᠲᠡᠶ ᠬᠤᠯᠪᠣᠭᠳᠠᠵᠤ ᠪᠠᠢ᠌ᠳᠠᠭ᠃ ᠢᠯᠡᠷᠡᠭᠦ ᠭᠡᠯᠪᠠᠷᠢ ᠨᠢ ᠴᠤ ᠣᠯᠠᠨ ᠶᠠᠩᠵᠤ ᠶᠢᠨ ᠪᠠᠢ᠌ᠳᠠᠭ᠃ ᠰᠤᠷᠤᠯᠴᠠᠬᠤ ᠦᠶ᠎ᠡ ᠳᠤ ᠪᠠᠨ ᠳᠤᠭᠠᠨ ᠤ ᠣᠭᠭᠠᠨ ᠤ ᠮᠡᠳᠡᠯᠭᠡ ᠪᠠ ᠠᠷᠭ᠎ᠠ ᠪᠠᠷ ᠡᠳᠡᠭᠡᠷ ᠠᠰᠠᠭᠤᠳᠠᠯ ᠢ ᠰᠢ᠌ᠤᠠᠪᠣᠷᠢᠯᠠᠨ᠎ᠡ᠃

ᠬᠤᠶᠠᠷ ᠨᠢ ᠭᠢᠯᠪᠠᠷ ᠭᠡᠷᠡᠭᠯᠡᠯᠳᠡ ᠶᠢᠨ ᠰᠠᠳᠤᠪ ᠤᠨ ᠳᠦᠰᠦᠪᠯᠡᠭ᠍ᠰᠡᠨ ᠭᠡᠯᠪᠠᠷᠢ ᠨᠢ ᠣᠯᠠᠨ ᠶᠠᠩᠵᠤ ᠶᠢᠨ ᠪᠠᠢ᠌ᠳᠠᠭ᠃ ᠰᠠᠳᠤᠪ ᠵᠠᠳᠠᠯᠬᠤ ᠴᠢᠳᠠᠪᠣᠷᠢ ᠶᠢᠨ ᠪᠣᠯᠪᠠᠰᠤᠷᠠᠯ ᠶᠢᠡᠨ ᠴᠢᠩᠭ᠋ᠠᠳᠬᠠᠨ᠎ᠠ᠃

ᠭᠤᠷᠪᠠ ᠨᠢ ᠡᠷᠭᠡᠪᠰᠢ ᠭᠢᠯᠪᠠᠷ ᠭᠡᠷᠡᠭᠯᠡᠯᠳᠡ ᠶᠢᠨ ᠰᠠᠳᠤᠪ ᠤᠨ ᠪᠦᠳᠦᠴᠡ ᠶᠢᠨ ᠣᠠᠴᠠᠯᠢᠭ ᠤᠨ ᠳᠠᠨᠢᠯᠳᠠ ᠪᠠ ᠳᠤᠭ᠎ᠠ ᠭᠡᠮᠵᠢᠶᠡᠨ ᠤ ᠬᠤᠯᠪᠣᠭᠳᠠᠯ ᠤᠨ ᠣᠢ᠌ᠯᠠᠭᠠᠯᠳᠠ ᠶᠢ ᠭᠦᠡᠵᠡᠭᠡᠢ᠌ᠷᠡᠭᠦᠯᠤᠨ᠂ ᠭᠢᠯᠪᠠᠷ ᠭᠡᠷᠡᠭᠡᠯᠡᠯᠳᠡ ᠶᠢᠨ ᠰᠠᠳᠤᠪ ᠤᠨ ᠦᠨᠳᠦᠰᠦᠨ ᠪᠦᠳᠦᠴᠡ ᠪᠠ ᠨᠥᠭᠦᠪᠦᠷᠢ ᠨᠥᠭᠦᠴᠡᠯ ᠤᠨ ᠪᠣᠯᠪᠠᠰᠤᠷᠠᠯ ᠢ ᠳᠤᠪᠣᠢ᠌ᠯᠭᠠᠨ ᠦᠪᠡᠷ ᠤᠨ ᠴᠢᠭᠯᠡᠯᠳᠤ ᠰᠡᠳᠭᠢᠭᠦᠢ ᠶᠢᠨ ᠴᠢᠳᠠᠪᠣᠷᠢ ᠪᠠᠨ ᠭᠦᠮᠦᠵᠢᠭᠦᠯᠤᠨ᠎ᠡ᠃

⑶ ᠡᠯ᠎ᠡ ᠵᠣᠢ᠌ᠯ ᠤᠨ ᠳᠤᠭᠠᠨ ᠤ ᠬᠠᠷᠢᠴᠠᠭ᠎ᠠ ᠶᠢ ᠡᠵᠡᠮᠰᠢᠨ᠎ᠡ᠃

ᠭᠢᠯᠪᠠᠷ ᠭᠡᠷᠡᠭᠯᠡᠯᠳᠡ ᠶᠢᠨ ᠰᠠᠳᠤᠪ ᠤᠨ ᠬᠤᠯᠪᠣᠭᠳᠠᠭᠰᠠᠨ ᠳᠤᠭ᠎ᠠ ᠭᠡᠮᠵᠢᠶᠡᠨ ᠤ ᠬᠤᠯᠪᠣᠭᠳᠠᠯ ᠨᠢ ᠨᠡᠮᠡᠭᠦ᠂ ᠬᠠᠰᠤᠬᠤ᠂ ᠦᠷᠡᠵᠢᠭᠦᠯᠭᠦ᠂ ᠬᠤᠪᠢᠶᠠᠬᠤ ᠡᠴᠠ ᠭᠠᠳᠠᠨ᠎ᠠ ᠪᠠᠰᠠ ᠳᠤᠤᠷᠠᠭᠢ ᠮᠠᠳᠤ ᠦᠷᠭᠦᠯᠵᠢ ᠲᠤᠬᠢᠶᠠᠯᠳᠤᠬᠤ ᠳᠤᠭ᠎ᠠ ᠭᠡᠮᠵᠢᠶᠡᠨ ᠤ ᠬᠠᠷᠢᠴᠠᠭ᠎ᠠ ᠪᠠᠢ᠌ᠳᠠᠭ ᠄

ᠣᠯᠤᠯᠳᠠ- ᠭᠠᠷᠤᠯᠳᠠ = ᠦᠯᠠᠳᠠᠪᠣᠷᠢ

ᠨᠢᠭᠡᠴᠢ ᠦᠨ᠎ᠡ × ᠳᠤᠭ᠎ᠠ ᠭᠡᠮᠵᠢᠶ᠎ᠡ = ᠪᠦᠭᠦ ᠦᠨ᠎ᠡ

ᠬᠤᠷᠳᠤᠴᠠ× ᠴᠠᠭ ᠬᠤᠭᠤᠴᠠᠭ᠎ᠠ = ᠵᠠᠮ ᠤᠨ ᠣᠷᠳᠤ

ᠨᠢᠭᠡᠴᠢ ᠣᠨᠠᠯᠳᠠ× ᠳᠤᠭ᠎ᠠ ᠭᠡᠮᠵᠢᠶ᠎ᠡ= ᠪᠦᠭᠦ ᠭᠠᠷᠤᠯᠳᠠ

ᠨᠢᠭᠡᠴᠢ ᠴᠢᠳᠠᠴᠠ× ᠴᠠᠭ ᠬᠤᠭᠤᠴᠠᠭ᠎ᠠ = ᠪᠦᠭᠦ ᠠᠵᠢᠯ ᠤᠨ ᠭᠡᠮᠵᠢᠶ᠎ᠡ

ᠡᠭᠡ ᠮᠥᠩᠭᠦ × ᠭᠦᠤ ᠮᠥᠩᠭᠦᠨ ᠤ ᠨᠤᠷᠮ᠎ᠠ × ᠴᠠᠭ = ᠭᠦᠤ ᠮᠥᠩᠭᠦ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 12106
ᠴᠠᠭ᠄ 2013 ᠤᠨ ᠤ 11 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ