ᠨᠡᠪᠲᠡᠷᠡᠨ ᠤᠷᠤᠬᠤ
ᠬᠤᠷ᠎ᠠ ᠬᠤᠷ᠎ᠠ ᠬᠤᠷ᠎ᠠ

ᠬᠠᠯᠠᠭᠤᠨ ᠰᠠᠯᠭᠢᠨ ᠬᠠᠴᠠᠷ ᠢᠯᠪᠢᠵᠤ

ᠬᠠᠨᠠᠭᠠᠷ ᠪᠠᠢ᠌ᠭᠠᠯᠢ ᠶᠢᠨ ᠭᠠᠩ ᠤᠨ ᠨᠢᠭᠤᠷ

ᠬᠠᠮᠤᠭ ᠠᠮᠢᠳᠠᠨ ᠤ ᠠᠮᠢᠵᠢᠷᠠᠯ ᠳᠤ

ᠬᠤᠷᠸ᠎ᠠ ᠶᠢᠨ ᠥᠩᠭᠡ ᠶᠢ ᠵᠢᠰᠤᠳᠤᠨ᠎ᠠ᠃


ᠲ᠋ᠠᠯ᠎ᠠ ᠶᠢᠨ ᠠᠢ᠌ᠯ ᠤᠨ

ᠰᠠᠭᠠᠯᠢ ᠶᠢᠨ ᠵᠠᠯ᠎ᠠ ᠳᠡᠭᠡᠷ᠎ᠡ

ᠭᠡᠳᠤᠨ ᠳᠤᠭᠤᠯ ᠮᠦᠷᠭᠦᠯᠳᠦᠵᠤ

ᠰᠠᠭᠠᠯᠢᠴᠢᠨ ᠪᠦᠰᠡᠭᠦᠢ ᠶᠢᠨ ᠰᠡᠳᠭᠢᠯ ᠳᠤ

ᠠᠭᠠᠷ ᠤᠨ ᠮᠡᠳᠡᠭᠡ ᠶᠢ ᠨᠠᠪᠴᠢᠯᠠᠨ᠎ᠠ᠃


ᠬᠤᠳᠠᠴᠢ ᠬᠠᠯᠳᠠᠷ ᠨᠤᠬᠠᠢ ᠶᠢᠨ

ᠮᠤᠩᠭ᠋ᠤᠯ ᠭᠡᠷ ᠤᠨ ᠰᠡᠭᠦᠳᠡᠷ ᠲᠤ

ᠨᠢᠯ ᠬᠠᠯᠠᠭᠤᠨ ᠠᠮᠢᠰᠬᠤᠯ ᠪᠣᠷᠭᠢᠯᠵᠤ

ᠰᠡᠷᠢᠭᠦᠨ ᠦᠨᠦᠷ ᠳᠤᠯᠢᠶᠠᠨ᠎ᠠ᠃


ᠲ᠋ᠡᠭ᠍ᠷᠢ ᠶᠢᠨ ᠭᠡᠪᠠᠯᠢ ᠳᠤ ᠠᠯᠠᠭᠠᠨ ᠴᠢᠨᠡᠭᠡᠨ

ᠡᠭᠦᠯᠡ ᠴᠤ ᠦᠭᠡᠢ

ᠪᠠᠯᠴᠢᠭᠡᠷ ᠲᠤ ᠪᠠᠯᠴᠢᠭ᠍ᠰᠡᠨ ᠬᠤᠨᠢᠨ ᠰᠦᠷᠦᠭ᠌

ᠡᠩᠭᠡᠷ ᠤᠨ ᠰᠡᠭᠦᠳᠡᠷ ᠲᠤ ᠳᠤᠯᠤᠭᠠᠢ ᠰᠢᠷᠭᠤᠨ᠎ᠠ᠃


ᠭᠡᠳᠤᠨ ᠴᠠᠭ ᠪᠢᠰᠢ

ᠭᠡᠳᠤᠨ ᠡᠳᠦᠷ ᠶᠢᠡᠷ ᠪᠢᠰᠢ

ᠬᠠᠪᠣᠷ ᠡᠴᠡ ᠨᠠᠰᠢ ᠬᠤᠷ᠎ᠠ ᠶᠢᠨ ᠳᠤᠰᠤᠯ ᠬᠤᠪᠣᠷᠳᠠᠨ᠎ᠠ ᠁


ᠬᠤᠷ᠎ᠠ ᠶᠢᠨ ᠴᠢᠮᠡᠭᠡ ᠶᠢ ᠷᠠᠳᠢᠤ᠋ ᠡᠴᠡ ᠰᠤᠨᠤᠰᠤᠭᠰᠠᠨ

ᠳᠠᠪᠬᠤᠷ ᠪᠠᠷᠢ ᠬᠠᠳᠠᠮ ᠡᠵᠢ ᠭᠡᠯᠡᠵᠤ

ᠬᠤᠤᠰ ᠪᠠᠶᠠᠷ ᠤᠨ ᠨᠤᠭᠤᠭᠠᠨ ᠴᠢᠮᠡᠭᠡ ᠳᠤ

ᠳᠠᠯ᠎ᠠ ᠶᠢᠨ ᠦᠷᠤ ᠪᠠᠶᠠᠰᠤᠨ᠎ᠠ᠃

ᠵᠤᠬᠢᠶᠠᠭᠴᠢ᠄ ᠳ᠋ᠤ᠋·ᠴᠡᠪᠠᠭ᠍ᠵᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2906
ᠴᠠᠭ᠄ 2014 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ