ᠨᠡᠪᠲᠡᠷᠡᠨ ᠤᠷᠤᠬᠤ
ᠡᠷᠭᠢᠵᠤ ᠬᠠᠷᠠᠮᠠᠷ ᠰᠠᠨᠠᠭᠳᠠᠵᠤ ᠪᠠᠢ᠌ᠨ᠎ᠠ

        (ᠨᠢᠭᠡ)


ᠨᠠᠷᠠ ᠳᠤᠯᠠᠢ᠌ᠵᠤ᠂ ᠨᠠᠪᠴᠢ ᠢᠨᠢᠶᠡᠭ᠍ᠰᠡᠨ ᠵᠤᠨ ᠤ ᠣᠯᠠᠷᠢᠯ ᠭᠦᠷᠴᠤ ᠢᠷᠠᠪᠠ᠃ ᠳᠡᠷᠳᠡᠭᠡ ᠳᠤ ᠣᠨᠢᠶᠠᠷ ᠳᠤᠭᠯᠠᠵᠤ᠂ ᠳᠡᠷᠭᠡᠳᠡ ᠬᠤᠷᠠᠭ᠎ᠠ ᠢᠰᠢᠭᠡ ᠮᠠᠢ᠌ᠯᠠᠯᠳᠤᠨ᠎ᠠ᠃ ᠬᠠᠪᠣᠷ ᠤᠨ ᠰᠡᠭᠦᠯᠴᠢ ᠶᠢᠨ ᠭᠡᠳᠤ ᠣᠳᠠᠭᠠᠨ ᠤ ᠠᠶᠠᠷᠬᠠᠨ ᠣᠷᠤᠭᠰᠠᠨ ᠪᠣᠷᠤᠭᠠᠨ ᠳᠤ ᠦᠪᠴᠢ ᠳᠡᠯᠡᠭᠡᠢ ᠨᠤᠭᠤᠭᠠᠨ ᠭᠦᠷᠮ᠎ᠡ ᠪᠠᠨ ᠡᠮᠦᠰᠴᠤ᠂ ᠲᠦᠮᠡᠨ ᠪᠣᠳᠢᠰ ᠲᠤ ᠰᠢᠨ᠎ᠡ ᠠᠮᠢᠯᠠᠯ ᠢ ᠠᠪᠴᠢᠷᠠᠯ᠎ᠠ᠃

ᠡᠨᠡ ᠦᠶ᠎ᠡ ᠳᠤ ᠮᠤᠯᠤᠮ ᠴᠤ ᠭᠡᠭᠦᠳᠡᠭ᠌ ᠳᠦᠭᠦᠷᠡᠩ ᠭᠦᠰᠡᠯ ᠮᠦᠷᠦᠭᠡᠳᠦᠯ ᠢ ᠡᠪᠦᠷᠯᠡᠨ᠂ ᠠᠮᠢᠳᠤᠷᠠᠯ ᠣᠢ᠌ᠯᠠᠰ ᠤᠨ ᠰᠢᠨ᠎ᠡ ᠠᠶᠠᠨ ᠶᠢᠡᠨ ᠡᠭᠢᠯᠡᠪᠡ᠃ ᠶᠠᠷᠤ ᠨᠢ ᠮᠥᠩᠭᠡ ᠵᠤᠤ ᠳᠤ ᠣᠴᠢᠵᠤ᠂ ᠳᠠᠭᠢᠵᠤ ᠳᠦᠷᠤᠯ ᠣᠯᠤᠨ᠂ ᠳᠠᠯᠠᠢ ᠯᠠᠮᠠ ᠶᠢᠨ ᠰᠢᠭᠡᠰᠤ ᠪᠠᠷ ᠨᠢᠭᠤᠷ ᠶᠢᠡᠨ ᠣᠭᠢᠶᠠᠨ᠎ᠠ ᠭᠡᠭ᠍ᠴᠢ 《ᠪᠠᠷᠠᠭᠤᠠᠰᠢ ᠵᠤᠷᠴᠢᠭᠰᠠᠨ ᠥᠯᠢᠭᠡᠷ》 ᠮᠠᠳᠤ ᠭᠡᠯᠡᠭᠦ ᠳᠤ ᠠᠮᠠᠷ᠂ ᠭᠡᠷᠡᠭ᠍ᠵᠢᠭᠦᠯᠭᠦ ᠳᠤ ᠭᠦᠴᠢᠷ ᠠᠵᠤ ᠪᠠᠢ᠌ᠯ᠎ᠠ᠃ ᠮᠤᠯᠤᠮ ᠭᠤᠸᠠᠢ ᠭᠡᠳᠥᠢᠪᠠᠷ ᠳᠤᠯᠤᠭᠠᠨ ᠨᠠᠰᠤᠨ ᠡᠴᠠ ᠪᠠᠨ ᠰᠠᠭᠢᠯ ᠰᠠᠠᠸᠠᠷ ᠠᠪᠴᠤ᠂ ᠪᠣᠳᠢ ᠶᠢᠨ ᠮᠦᠷ ᠢ ᠭᠦᠭᠡᠭᠡᠨ᠂ ᠬᠠᠯᠠ ᠠᠮᠰᠠᠵᠤ᠂ ᠬᠠᠯᠠᠭᠤᠨ ᠴᠢᠯᠠᠭᠤ ᠳᠤᠯᠢᠶᠠᠭᠰᠠᠭᠠᠷ ᠳᠠᠪᠢ ᠶᠢᠨ ᠳᠠᠪᠠᠭ᠎ᠠ ᠶᠢ ᠳᠠᠪᠠᠯ᠎ᠠ ᠭᠡᠳᠡᠭ᠌ ᠪᠣᠯᠪᠠᠴᠤ ᠡᠢ᠌ᠮᠤ ᠭᠦᠴᠢᠷ ᠡᠴᠠ ᠭᠦᠴᠢᠷ ᠶᠠᠪᠣᠳᠠᠯ ᠢ ᠶᠠᠷᠤ ᠨᠢ ᠪᠣᠳᠤᠵᠤ ᠴᠤ ᠣᠯᠤᠭ᠎ᠠ ᠦᠭᠡᠶ ᠪᠠᠢ᠌ᠵᠠᠢ᠃ ᠳᠠᠷᠠ᠂ ᠵᠤᠨ ᠤ ᠬᠠᠯᠠᠭᠤᠨ ᠨᠠᠷᠠᠨ ᠳᠤ ᠬᠤᠴᠢᠯᠭ᠎ᠠ ᠳᠡᠪᠢᠰᠭᠡᠷ ᠶᠢᠡᠨ ᠡᠭᠦᠷᠤᠨ᠂ ᠠᠢ᠌ᠯ ᠳᠠᠭᠠᠷᠠᠪᠠᠯ ᠪᠠᠳᠢᠷ ᠪᠠᠷᠢᠵᠤ᠂ ᠭᠦᠮᠤᠨ ᠠᠭᠤᠯᠵᠠᠪᠠᠯ ᠵᠠᠮ ᠠᠰᠠᠭᠤᠨ᠂ ᠭᠡᠭᠡᠷ᠎ᠡ ᠬᠤᠨᠤᠵᠤ ᠭᠡᠳᠡ ᠳᠠᠷᠠᠯᠠᠨ ᠶᠠᠪᠣᠭᠰᠠᠭᠠᠷ ᠨᠢᠭᠡ ᠮᠡᠳᠡᠭᠦ ᠳᠤ ᠰᠠᠷ᠎ᠠ ᠰᠢᠬᠠᠮ ᠵᠠᠮ ᠭᠦᠭᠡᠭᠡᠴᠢᠭᠡᠭ᠍ᠰᠡᠨ ᠪᠠᠢ᠌ᠯ᠎ᠠ᠃ ᠪᠠᠷᠠᠭᠤᠨ ᠬᠣᠢ᠌ᠰᠢ ᠶ‍ᠪᠣᠬᠤ ᠳᠤᠳᠤᠮ ᠠᠭᠤᠷ ᠠᠮᠢᠰᠬᠤᠯ ᠡᠳᠦᠷ ᠡᠴᠠ ᠡᠳᠦᠷ ᠵᠢᠭᠡᠭᠦᠨ ᠭᠦᠢᠳᠡᠨ ᠪᠣᠯᠵᠤ᠂ ᠠᠭᠠᠷ ᠰᠡᠢ᠌ᠷᠡᠭ᠍ᠵᠢᠨ᠂ ᠳᠡᠭ᠍ᠷᠢ ᠴᠠᠯᠮᠠᠢ᠌ᠵᠤ ᠯᠠ ᠪᠠᠢ᠌ᠪᠠ᠃ ᠦᠨᠳᠦᠷ ᠦᠨᠳᠦᠷ ᠠᠭᠤᠯᠠᠰ ᠨᠢ ᠡᠭᠦᠯᠡᠨ ᠳᠤ ᠳᠤᠯᠤᠭᠠᠢ ᠪᠠᠨ ᠰᠢᠷᠭᠤᠭᠤᠯᠵᠤ᠂ ᠠᠭᠤᠳᠠᠮ ᠨᠤᠭᠤᠭᠠᠨ ᠳᠠᠯ᠎ᠠ ᠳᠤ ᠨᠢ ᠰᠠᠷᠯᠤᠭ ᠤᠨ ᠰᠦᠷᠦᠭ᠌ ᠪᠠᠯᠴᠢᠭᠡᠷᠯᠡᠨ᠎ᠡ᠃ ᠦᠴᠦᠭᠡᠳᠦᠷ ᠡᠴᠠ ᠡᠭᠢᠯᠡᠵᠤ ᠳᠡᠭᠦᠨ ᠤ ᠭᠦᠨᠡᠰᠤ ᠳᠠᠰᠤᠷᠠᠪᠠ᠃ ᠳᠠᠷᠠ ᠪᠦᠭᠦᠯᠢ ᠡᠳᠦᠷ ᠶᠢᠡᠷ ᠢᠳᠡᠭ᠍ᠰᠡᠨ ᠨᠢ ᠳᠤᠯᠤᠭᠠᠨ ᠴᠢᠪᠠᠭ᠎ᠠ᠂ ᠣᠤᠭᠤᠭᠰᠠᠨ ᠨᠢ ᠭᠤᠤᠯ ᠤᠨ ᠣᠰᠤ ᠪᠣᠯᠵᠠᠢ᠃ ᠵᠠᠮ ᠵᠠᠭᠤᠷ᠎ᠠ ᠠᠢ᠌ᠯ ᠡᠷᠦᠭᠡ ᠳᠠᠭᠠᠷᠠᠯᠳᠤᠬᠤ ᠨᠢ ᠴᠤ ᠣᠯᠠᠮ ᠴᠥᠭᠡᠨ ᠪᠣᠯᠤᠯ᠎ᠠ᠃ ᠬᠤᠷᠤᠭᠤ ᠳᠠᠷᠤᠨ ᠪᠣᠳᠤᠵᠤ ᠦᠵᠡᠪᠠᠯ᠂ ᠭᠡᠯᠡ ᠳᠡᠭᠡᠷ᠎ᠡ ᠬᠠᠯᠠᠭᠤᠨ ᠪᠦᠯᠢᠶᠡᠨ ᠬᠤᠭᠤᠯᠠ ᠭᠦᠷᠦᠭ᠍ᠰᠡᠨ ᠦᠭᠡᠶ ᠨᠢᠭᠡᠨᠲᠡ ᠭᠤᠷᠪᠠ ᠬᠤᠨᠤᠵᠠᠢ᠃ ᠮᠠᠩᠨᠠᠢ ᠳᠤ ᠭᠦᠢᠳᠡᠨ ᠭᠦᠯᠦᠰᠤ ᠳᠠᠭᠠᠭᠠᠪᠣᠷᠢᠯᠠᠨ ᠪᠠᠶ᠎ᠠ ᠣᠠᠳᠠᠷᠠᠵᠤ᠂ ᠶᠠᠮᠠᠷᠴᠤ ᠳᠠᠮᠢᠷ ᠳᠡᠩᠭᠡᠭᠡ ᠦᠭᠡᠶ᠂ ᠢᠮᠠᠭᠳᠠ ᠨᠣᠢ᠌ᠷ ᠭᠦᠷᠴᠤ ᠣᠠᠳᠠᠬᠤ ᠶᠢ ᠭᠦᠰᠡᠨ᠎ᠡ᠃ ᠳᠠᠷᠠ ᠶᠠᠭᠠᠭᠢᠭᠰᠠᠨ ᠴᠤ ᠣᠠᠳᠠᠵᠤ ᠪᠣᠯᠬᠤ ᠦᠭᠡᠶ ᠭᠡᠵᠤ ᠪᠠᠶ᠎ᠠ ᠳᠤ ᠪᠠᠨ ᠰᠠᠷᠠᠮᠵᠢ ᠦᠭ‍ᠭᠦ ᠶᠢᠨ ᠬᠠᠮᠳᠤ ᠵᠤᠭᠰᠤᠯ ᠦᠭᠡᠶ ᠣᠷᠤᠭᠰᠢ ᠳᠠᠮᠠᠤᠯᠠᠨ᠎ᠡ᠃ ᠣᠴᠢᠷ ᠨᠢ ᠳᠠᠷᠠ᠂ ᠡᠨᠡ ᠡᠵᠡᠭᠦᠢ ᠭᠡᠭᠡᠷ᠎ᠡ ᠨᠢᠭᠡ ᠯᠠ ᠣᠠᠳᠠᠪᠠᠯ ᠳᠠᠭᠢᠵᠤ ᠪᠣᠰᠴᠤ ᠳᠡᠢ᠌ᠯᠭᠦ ᠦᠭᠡᠶ ᠪᠣᠯᠤᠨ᠎ᠠ ᠭᠡᠳᠡᠭ᠌ ᠢ ᠳᠤᠳᠤᠷᠬᠠᠢ ᠮᠠᠳᠠᠵᠤ ᠪᠠᠢ᠌ᠯ᠎ᠠ᠃ ᠳᠡᠷᠳᠡᠭᠡ ᠠᠭᠤᠯᠠ ᠶᠢᠨ ᠡᠩᠭᠡᠷ ᠲᠠᠭᠢ ᠠᠢ᠌ᠯ ᠢ ᠳᠡᠨᠢᠭᠡᠷ ᠳᠠᠯ᠎ᠠ ᠡᠴᠠ ᠬᠠᠷᠠᠬᠤ ᠳᠤ ᠤᠢ᠌ᠷᠠᠬᠠᠨ ᠪᠣᠯᠪᠠᠴᠤ ᠶᠠᠪᠣᠭᠠᠤᠨ ᠶᠠᠪᠣᠭᠠᠤᠨ ᠭᠦᠷᠭᠦ ᠦᠭᠡᠶ ᠯᠠ ᠪᠠᠢ᠌ᠪᠠ᠃

ᠨᠢᠭᠡ ᠮᠡᠳᠡᠭᠦ ᠳᠤ ᠨᠠᠷᠠ ᠠᠭᠤᠯᠠ ᠶᠢᠨ ᠳᠤᠯᠤᠭᠠᠢ ᠰᠢᠭᠦᠷᠡᠵᠤ᠂ ᠠᠢ᠌ᠯ ᠤᠨ ᠨᠤᠬᠠᠢ ᠶᠢᠨ ᠬᠤᠴᠠᠬᠤ ᠳᠠᠭᠤᠨ ᠳᠤᠳᠤᠷᠬᠠᠢ ᠰᠤᠨᠤᠰᠳᠠᠯ᠎ᠠ᠃ ᠳᠠᠷᠠ᠂ ᠨᠠᠮᠬᠠᠨ ᠭᠦᠳᠦᠯ ᠳᠡᠭᠡᠷ᠎ᠡ ᠭᠠᠷᠴᠤ᠂ ᠡᠭᠦᠷᠭᠡ ᠪᠠᠨ ᠳᠠᠯᠪᠢᠭᠰᠠᠨ ᠤ ᠳᠠᠷᠠᠭ᠎ᠠ᠂ ᠱᠠᠬᠠᠢ ᠳᠠᠢ᠌ᠯᠵᠤ᠂ ᠭᠦᠯ ᠶᠢᠡᠨ ᠵᠢᠭᠢᠨ ᠳᠠᠭᠠᠳᠠᠢ᠌ᠬᠠᠨ ᠠᠮᠠᠷᠠᠵᠤ ᠰᠠᠭᠤᠯ᠎ᠠ᠃ ᠡᠷᠢᠭᠡ ᠢᠮᠠᠷᠤᠨ ᠣᠪᠣᠷ ᠳᠤᠪᠣᠷ ᠭᠡᠵᠤ ᠮᠠᠨᠢ ᠳᠤᠭᠠᠯᠠᠬᠤ ᠵᠠᠭᠤᠷ᠎ᠠ ᠪᠠᠨ ᠳᠠᠷᠠ᠂ 《ᠪᠠᠢ᠌ᠵᠠ ᠭᠦ᠋᠂ ᠡᠮᠤᠨ᠎ᠡ ᠠᠷᠪᠠᠭᠠᠤᠨ ᠡᠳᠦᠷ ᠲᠤ ᠭᠠᠬᠠᠢ ᠶᠢᠨ ᠮᠢᠬ᠎ᠠ ᠢᠳᠡᠳᠡᠭ᠌ ᠦᠭᠡᠶ᠂ ᠭᠠᠬᠠᠢ ᠭᠡᠵᠤ ᠭᠡᠯᠡᠭᠦ ᠶᠢ ᠴᠤ ᠭᠡᠴᠡᠭᠦᠤ ᠴᠡᠭᠡᠷᠯᠡᠳᠡᠭ᠌ ᠬᠤᠳᠤᠩᠴᠤᠳ ᠤᠨ ᠭᠢ ᠪᠠᠷ ᠬᠤᠨᠤᠵᠤ ᠶᠠᠪᠣᠭᠰᠠᠨ ᠪᠢᠯᠠ᠃ ᠦᠨᠦᠳᠤᠷ ᠴᠤᠬᠤᠮ ᠶᠠᠭᠤ ᠭᠡᠯᠡᠵᠤ᠂ ᠶᠠᠭᠤ ᠭᠢᠭᠦ ᠶᠢ ᠨᠢ ᠭᠢᠴᠢᠶᠡᠳᠡᠭ᠌ ᠠᠢ᠌ᠯ ᠳᠠᠭᠠᠷᠠᠳᠠᠭ ᠪᠣᠯ︖ ᠣᠤᠭᠤᠵᠤ ᠢᠳᠡᠭᠦ ᠶᠢ ᠨᠢ ᠴᠡᠭᠡᠷᠯᠡᠳᠡᠭ᠌ ᠠᠢ᠌ᠯ ᠳᠠᠭᠠᠷᠠᠪᠠᠯ ᠴᠤ ᠦᠯᠦᠰᠴᠤ ᠴᠠᠩᠭ᠋ᠠᠭᠰᠠᠨ ᠨᠠᠳᠠ ᠳᠤ ᠳᠠᠮᠤ ᠭᠡᠵᠤ ᠮᠠᠳᠠ᠁》 ᠭᠡᠵᠤ ᠳᠤᠳᠤᠷ᠎ᠠ ᠪᠠᠨ ᠪᠣᠳᠤᠯᠭᠠᠰᠢᠷᠠᠨ᠎ᠠ᠃ ᠳᠠᠮᠠᠢ ᠣᠳᠠᠯ ᠦᠭᠡᠶ ᠪᠠᠷ ᠮᠤᠯᠤᠮ᠂ ᠳᠤᠯᠵᠤ ᠢᠷᠡᠭ᠍ᠰᠡᠨ ᠭᠦᠴᠢᠷ ᠢ ᠳᠠᠭᠤᠯᠵᠤ ᠭᠠᠷᠬᠤ ᠡᠴᠠ ᠪᠢᠰᠢ ᠳᠤᠭᠤᠷᠢᠵᠤ ᠶᠠᠷᠤ ᠨᠢ ᠳᠡᠢ᠌ᠯᠳᠡᠭ᠌ ᠦᠭᠡᠶ ᠶᠢᠨ ᠵᠢᠮ᠎ᠠ ᠪᠠᠷ ᠣᠷᠤᠭᠰᠢ ᠳᠠᠮᠠᠤᠯᠠᠵᠤ᠂ ᠠᠢ᠌ᠯ ᠤᠨ ᠭᠠᠳᠠᠨ᠎ᠠ ᠣᠴᠢᠪᠠ᠃ ᠨᠠᠪᠳᠠᠭᠠᠷ ᠶᠡᠭᠡ ᠴᠢᠭᠢ ᠲᠡᠶ᠂ ᠪᠢᠷᠠᠭᠤ ᠰᠢᠭ ᠳᠤᠮᠤ ᠬᠤᠳᠠᠴᠢ ᠨᠤᠬᠠᠢ ᠨᠢ ᠠᠭᠰᠤᠮᠨᠠᠵᠤ ᠬᠤᠴᠠᠭᠰᠠᠭᠠᠷ ᠭᠦᠶ‍ᠦᠵᠤ ᠢᠷᠠᠪᠠ᠃ ᠮᠤᠯᠤᠮ ᠭᠤᠸᠠᠢ ᠨᠠᠰᠢ ᠭᠠᠷᠤᠭᠰᠠᠨ ᠡᠴᠠ ᠬᠣᠢ᠌ᠰᠢ ᠣᠴᠢᠵᠤ ᠥᠩᠭᠡᠷᠡᠭ᠍ᠰᠡᠨ ᠠᠢ᠌ᠯ ᠤᠨ ᠣᠯᠠᠩᠭᠢ ᠨᠢ ᠬᠤᠳᠠᠴᠢ ᠨᠤᠬᠠᠢ ᠲᠡᠶ ᠪᠠᠢ᠌ᠭᠰᠠᠨ ᠳᠤᠯᠠ ᠳᠠᠷᠠ᠂ ᠨᠤᠬᠠᠢ ᠥᠵᠡᠭ᠍ᠰᠡᠭᠡᠷ ᠪᠠᠢ᠌ᠵᠤ ᠬᠠᠰᠢᠷᠵᠢᠵᠠᠢ᠃ ᠦᠨᠦᠳᠤᠷ ᠶᠠᠷᠤ ᠨᠢ ᠳᠡᠭᠡᠵᠤ ᠰᠦᠷᠡᠭᠡᠢ ᠠᠶᠤᠵᠤ ᠰᠠᠠᠳᠤᠷᠤᠭᠰᠠᠨ ᠴᠤ ᠦᠭᠡᠶ ᠪᠠᠷ ᠣᠷᠳᠤ ᠳᠠᠶ‍ᠢᠭ ᠶᠢᠡᠷ ᠶᠢᠡᠨ ᠭᠠᠵᠠᠷ ᠴᠤᠭᠢᠵᠤ᠂ ᠨᠤᠬᠠᠢ ᠶᠢᠨ ᠤᠢ᠌ᠷᠠᠳᠤᠵᠤ ᠢᠷᠡᠭᠦ ᠶᠢ ᠰᠡᠷᠭᠡᠢ᠌ᠯᠡᠭᠦ ᠶᠢᠨ ᠬᠠᠮᠳᠤ ᠦᠨᠳᠦᠷ ᠳᠠᠭᠤ ᠪᠠᠷ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠤᠬᠠᠢ ᠪᠠᠨ ᠬᠤᠷᠢ︕ ᠨᠤᠬᠠᠢ ᠪᠠᠨ ᠬᠤᠷᠢ︕ ᠭᠡᠵᠤ ᠬᠠᠰᠭᠢᠷᠪᠠ᠃ ᠳᠠᠮᠠᠢ ᠣᠳᠠᠯ ᠦᠭᠡᠶ ᠭᠦᠮᠤᠨ ᠳᠤᠤᠭᠠᠷᠬᠤ ᠴᠢᠮᠡᠭᠡ ᠪᠠᠷ ᠭᠡᠷ ᠡᠴᠠ ᠨᠢᠭᠡᠨ ᠳᠤᠯᠤᠭ᠎ᠠ ᠨᠢ᠋ᠮᠠᠨ ᠨᠠᠰᠤᠨ ᠤ ᠪᠢᠴᠢᠬᠠᠨ ᠵᠢᠭᠠᠯ ᠭᠦᠶᠤᠨ ᠭᠠᠷᠴᠤ ᠢᠷᠡᠭᠡᠳ ᠭᠡᠰᠡᠭ᠌ ᠠᠵᠢᠭᠯᠠᠭᠰᠠᠨ ᠶᠢᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠮᠪᠦᠮ ᠤᠨ ᠪᠠᠳᠠᠷᠴᠢ ᠯᠠᠮᠠ ᠢᠷᠠᠯ᠎ᠠ ᠭᠡᠵᠤ ᠪᠠᠷᠭᠢᠷᠤᠭᠰᠠᠭᠠᠷ ᠭᠡᠷ ᠲᠡᠭᠡᠨ ᠳᠠᠭᠢᠨ ᠭᠦᠶᠤᠨ ᠣᠷᠤᠯ᠎ᠠ᠃ ᠡᠨᠡᠭᠦ ᠭᠦᠮᠤᠨ ᠤ ᠭᠠᠵᠠᠷ ᠭᠦᠡᠳᠡᠯᠡᠨ ᠤ ᠨᠤᠳᠤᠭ ᠲᠤ ᠭᠡᠨᠡᠳᠲᠡ ᠰᠤᠨᠤᠰᠳᠠᠭᠰᠠᠨ ᠮᠤᠩᠭ᠋ᠤᠯ ᠥᠭᠡ ᠨᠢ ᠮᠤᠯᠤᠮ ᠤᠨ ᠴᠢᠭᠢᠨ ᠳᠤ ᠶᠡᠭᠡ ᠯᠠ ᠳᠠᠭᠠᠳᠠᠢ ᠰᠠᠨᠠᠭᠳᠠᠵᠤ᠂ ᠳᠦᠭᠡᠷᠢᠵᠤ ᠳᠦᠭᠡᠷᠢᠭ᠍ᠰᠡᠭᠡᠷ ᠳᠦᠷᠤᠯ ᠳᠡᠭᠡᠨ ᠢᠷᠡᠭ᠍ᠰᠡᠨ ᠮᠠᠳᠤ ᠳᠤᠳᠤᠷ᠎ᠠ ᠨᠢᠭᠡ ᠯᠠ ᠰᠤᠨᠢᠬᠠᠨ ᠪᠣᠯᠵᠤ ᠪᠢᠯᠠ᠃ ᠳᠦᠳᠡᠭᠡᠨ ᠵᠠᠭᠤᠷ᠎ᠠ ᠭᠡᠷ ᠳᠤᠳᠤᠷ᠎ᠠ ᠡᠴᠠ ᠨᠢᠭᠡᠨ ᠳᠦᠴᠢᠭᠡᠳ ᠨᠠᠰᠤᠨ ᠤ ᠵᠠᠯᠠᠭᠤᠬᠠᠨ ᠪᠦᠰᠡᠭᠦᠢ ᠭᠠᠷᠴᠤ ᠢᠷᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠤᠴᠢᠨ ᠢᠷᠠᠵᠤ ᠪᠠᠢ᠌ᠬᠤ ᠳᠤ᠂ ᠨᠤᠬᠠᠢ ᠪᠠᠨ ᠬᠤᠷᠢᠬᠤ ᠦᠭᠡᠶ ᠪᠠᠷ ᠭᠡᠷ ᠥᠭᠡᠳᠡ ᠪᠠᠨ ᠭᠦᠶ‍ᠦᠭᠡᠳ ᠪᠠᠢ᠌ᠳᠠᠭ ᠶᠠᠮᠠᠷ ᠵᠡᠷᠯᠢᠭ᠌ ᠬᠡᠦᠬᠡᠳ ᠪᠣᠢ︖ ᠭᠡᠵᠤ ᠬᠠᠷᠢᠶᠠᠯ ᠳᠠᠯᠪᠢᠭᠰᠠᠭᠠᠷ ᠨᠤᠬᠠᠢ ᠪᠠᠨ ᠬᠤᠷᠢᠯ᠎ᠠ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ᠂ ᠠᠮᠤᠭᠤᠯᠠᠩ︖ ᠭᠡᠵᠤ ᠮᠤᠯᠤᠮ ᠭᠤᠸᠠᠢ ᠠᠮᠤᠷ ᠮᠠᠠᠳᠤ ᠠᠰᠠᠭᠤᠭᠰᠠᠨ ᠪᠣᠯᠪᠠᠴᠤ ᠳᠠᠷᠠ ᠪᠦᠰᠡᠭᠦᠢ ᠣᠬᠠᠭᠠᠨ ᠢ ᠨᠢ ᠣᠨᠤᠭᠰᠠᠨ ᠦᠭᠡᠶ ᠪᠣᠯᠵᠤ᠂ ᠪᠠᠬᠠᠨ ᠠᠷᠭ᠎ᠠ ᠪᠠᠷᠠᠭᠳᠠᠭᠰᠠᠨ ᠶᠢᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠷ ᠲᠤ ᠣᠷᠤᠭᠠᠷᠠᠢ ᠭᠡᠵᠤ ᠨᠤᠬᠠᠢ ᠪᠠᠨ ᠭᠦᠵᠦᠭᠦᠪᠴᠢ ᠡᠴᠠ ᠨᠢ ᠳᠠᠢ᠌ᠯ ᠠᠯᠳᠠᠨ ᠪᠠᠷᠢᠭᠰᠠᠭᠠᠷ ᠭᠡᠯᠡᠪᠡ᠃ ᠭᠡᠴᠡᠭᠦᠤ ᠭᠤᠯᠢᠳᠠᠨ ᠠᠭᠰᠤᠷᠴᠤ ᠪᠠᠢ᠌ᠭ᠎ᠠ ᠨᠤᠬᠠᠢ ᠶᠢ ᠬᠠᠷᠠᠮᠠᠭᠴᠠ᠂ ᠮᠤᠯᠤᠮ ᠤᠨ ᠠᠶᠤᠳᠠᠰᠤ ᠴᠤ ᠪᠠᠬᠠᠨ ᠭᠦᠷᠴᠤ᠂ ᠡᠭᠦᠷᠴᠤ ᠪᠠᠢ᠌ᠭ᠎ᠠ ᠭᠦᠡᠵᠢᠯᠡ ᠳᠡᠪᠢᠰᠭᠡᠷ ᠶᠢᠡᠨ ᠬᠤᠷᠢᠶᠠᠯᠳᠠᠳᠠᠢ ᠲᠦᠯᠡᠭᠡᠨ ᠳᠡᠭᠡᠷ᠎ᠡ ᠨᠢ ᠱᠠᠯᠠᠪᠬᠠᠨ ᠳᠠᠯᠪᠢᠮᠠᠭᠴᠠ᠂ ᠭᠡᠷ ᠣᠷᠤᠭᠤ ᠨᠢ ᠭᠦᠶᠤᠨ ᠣᠷᠤᠯ᠎ᠠ᠁


            (ᠬᠤᠶᠠᠷ)


ᠡᠨ︕ ᠬᠠᠴᠢᠨ ᠶᠤᠮ ᠡ᠂ ᠡᠨᠡ ᠭᠠᠵᠠᠷ ᠤᠨ ᠡᠳᠦᠷ ᠰᠦᠨᠢ ᠶᠢᠨ ᠳᠤᠯᠠᠭᠠᠨ ᠤ ᠵᠦᠷᠢᠶ᠎ᠠ ᠳᠤᠩ ᠶᠡᠭᠡ ᠠᠵᠢ᠃ ᠨᠠᠷᠠ ᠠᠷᠠᠢ ᠯᠠ ᠰᠢᠩᠭᠡᠮᠡᠭ᠍ᠴᠡ᠂ ᠳᠠᠮᠠᠢ ᠣᠳᠠᠯ ᠦᠭᠡᠶ ᠪᠠᠷ᠂ ᠡᠭᠡ ᠪᠠᠢ᠌ᠭᠠᠯᠢ ᠶᠠᠭ ᠭᠦᠯᠳᠡᠭᠡᠭᠦᠷ ᠮᠠᠰᠢᠨ ᠶᠢᠡᠨ ᠨᠡᠭᠡᠭᠡᠴᠢᠭᠡᠭ᠍ᠰᠡᠨ ᠮᠠᠳᠤ ᠠᠭᠤᠷ ᠠᠮᠢᠰᠬᠤᠯ ᠳᠤᠤᠷ᠎ᠠ ᠪᠠᠨ ᠭᠦᠢᠳᠡᠷᠡᠵᠤ᠂ ᠦᠣᠠᠳᠠᠷ ᠳᠦᠷᠭᠡᠨ ᠬᠤᠪᠴᠠᠰᠤ ᠬᠤᠨᠠᠷ ᠶᠢᠡᠨ ᠵᠤᠵᠠᠭᠠᠯᠠᠬᠤ ᠭᠡᠷᠡᠭ᠍ᠳᠡᠢ ᠪᠣᠯᠪᠠ᠃ ᠡᠨᠡ ᠦᠶ᠎ᠡ ᠳᠤ᠂ ᠳᠠᠨᠢᠬᠤ ᠦᠭᠡᠶ ᠠᠢ᠌ᠯ ᠤᠨ ᠡᠭᠦᠳᠡ ᠪᠠᠷ ᠴᠦᠯᠳᠤ ᠮᠦᠯᠳᠤ ᠳᠠᠭᠠᠷᠢᠨ ᠣᠷᠤᠭᠰᠠᠨ ᠳᠠᠭᠠᠨ ᠠᠷᠭ᠎ᠠ ᠠᠭᠠᠰᠢ ᠨᠢ ᠪᠠᠷᠠᠭᠳᠠᠨ᠂ ᠬᠠᠩᠵᠤᠨ ᠤ ᠢᠷᠮᠡᠭ᠌ ᠲᠤ ᠣᠪᠣᠷ ᠳᠤᠪᠣᠷ ᠭᠡᠵᠤ ᠮᠠᠨᠢ ᠳᠤᠭᠠᠯᠠᠨ ᠰᠠᠭᠤᠭᠰᠠᠨ ᠮᠤᠯᠤᠮ ᠤᠨ ᠣᠬᠠᠭᠠᠨ ᠳᠤ ᠳᠠᠭᠠᠷᠠᠬᠤ ᠶᠢᠨ ᠮᠠᠳᠠᠷᠠᠯ ᠪᠦᠷᠢᠨ ᠦᠭᠡᠶ ᠪᠠᠢ᠌ᠯ᠎ᠠ᠃ ᠵᠠᠯᠭᠠᠭᠠᠤᠨ ᠬᠣᠢ᠌ᠨ᠎ᠠ ᠡᠴᠠ ᠨᠢ ᠣᠷᠤᠵᠤ ᠢᠷᠡᠭ᠍ᠰᠡᠨ ᠳᠠᠷᠠ ᠪᠦᠰᠡᠭᠦᠢ ᠮᠤᠯᠤᠮ ᠡᠴᠠ ᠨᠢᠭᠡ ᠶᠠᠭᠤᠮ᠎ᠠ ᠠᠰᠠᠭᠤᠭᠰᠠᠨ ᠳᠤ᠂ ᠳᠠᠷᠠ ᠴᠢᠭᠢ ᠪᠠᠨ ᠳᠡᠯᠳᠡᠢ᠌ᠯᠭᠡᠨ ᠰᠤᠨᠤᠰᠤᠭᠰᠠᠨ ᠪᠣᠯᠪᠠᠴᠤ ᠣᠴᠢᠷ ᠣᠬᠠᠭᠠᠨ ᠢ ᠨᠢ ᠣᠯᠤᠭᠰᠠᠨ ᠦᠭᠡᠶ ᠳᠤᠯᠠ ᠨᠢᠭᠡᠮᠦᠰᠤᠨ ᠳᠤᠳᠤᠷ᠎ᠠ ᠨᠢ ᠪᠦᠵᠦᠩ ᠡᠪᠦᠷᠳᠦᠯᠡᠭ᠍ᠰᠡᠨ ᠰᠢᠭ᠌ ᠪᠣᠯᠵᠤ᠂ ᠭᠠᠷᠤᠭᠠᠤᠨ ᠳᠤᠳᠠᠭᠠᠴᠢᠬᠠᠮᠠᠷ ᠰᠠᠨᠠᠭᠳᠠᠪᠠ᠃ ᠳᠠᠷᠠ ᠪᠠᠬᠠᠨ ᠳᠠᠢ᠌ᠪᠣᠰᠢᠷᠠᠭᠰᠠᠨ ᠤ ᠳᠠᠷᠠᠭ᠎ᠠ᠂ ᠵᠤᠷᠢᠭ ᠶᠢᠡᠨ ᠡᠷᠴᠢᠯᠡᠨ᠂ ᠠᠯᠭᠤᠷ ᠠᠭᠠᠵᠢᠭᠤᠬᠠᠨ ᠶᠢᠡᠷ᠂ ᠶᠠᠷᠢᠬᠤ ᠪᠠ ᠳᠤᠭᠢᠬᠤ ᠶᠢ ᠣᠶᠠᠯᠳᠤᠭᠤᠯᠤᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠣᠷᠳᠤᠰ ᠡᠴᠠ ᠢᠷᠠᠪᠠ᠃ ᠮᠥᠩᠭᠡ ᠵᠤᠤ ᠶᠢ ᠵᠤᠷᠢᠨ ᠶᠠᠪᠣᠵᠤ ᠪᠠᠢ᠌ᠨ᠎ᠠ᠃ ᠳᠠᠨ ᠡᠴᠠ ᠨᠢᠭᠡ ᠬᠤᠨᠤᠭ ᠭᠤᠶᠤᠶ᠎ᠠ ᠭᠡᠵᠤ ᠭᠡᠯᠡᠪᠡ᠃ ᠰᠡᠭᠦᠯ ᠤᠨ ᠥᠭᠡ ᠨᠢ ᠶᠠᠭ ᠳᠠᠷᠠ ᠪᠦᠰᠡᠭᠦᠢ ᠶᠢᠨ ᠡᠪᠦᠷ ᠲᠤ ᠣᠠᠳᠠᠶ᠎ᠠ ᠭᠡᠵᠤ ᠭᠤᠶᠤᠭᠰᠠᠨ ᠮᠠᠳᠤ ᠳᠠᠯᠳᠠ ᠣᠤᠠᠬ᠎ᠠ ᠲᠡᠶ ᠰᠠᠨᠠᠭᠳᠠᠭᠰᠠᠨ ᠳᠤ ᠨᠢᠭᠤᠷ ᠨᠢ ᠴᠤ ᠭᠦᠵᠦᠭᠦᠤ ᠳᠤᠯᠳᠠᠯ᠎ᠠ ᠣᠯᠠᠢ᠌ᠵᠠᠢ᠃ ᠭᠡᠷ ᠳᠤᠳᠤᠷ᠎ᠠ ᠨᠠᠮ ᠵᠢᠮ᠂ ᠪᠠᠢ᠌ᠰᠭᠢᠭᠠᠳ ᠡᠭᠡ ᠭᠦᠤ ᠬᠤᠶᠠᠭᠤᠯᠠ ᠨᠢᠭᠡ ᠶᠠᠭᠤᠮ᠎ᠠ ᠶᠠᠷᠢᠯᠴᠠᠭᠰᠠᠨ ᠶᠢᠡᠨ ᠠᠵᠢᠯ ᠤᠨ ᠬᠤᠪᠢᠶᠠᠷᠢᠯᠠᠯ ᠭᠠᠷᠭᠠᠪᠠ ᠪᠣᠯᠤᠯᠳᠠᠢ᠂ ᠭᠦᠤ ᠨᠢ ᠭᠠᠷᠴᠤ᠂ ᠠᠷᠭᠠᠯ ᠪᠠ ᠲᠦᠯᠡᠭᠡ ᠠᠪᠴᠢᠷᠠᠨ᠂ ᠡᠭᠡ ᠨᠢ ᠭᠢᠰᠠ ᠳᠤ ᠭᠠᠯ ᠲᠦᠯᠠᠵᠤ ᠴᠠᠢ ᠴᠢᠨᠠᠪᠠ᠃ ᠶᠠᠭᠤᠨ ᠤ ᠤᠷᠢᠳ ᠠᠷᠭᠠᠯ ᠤᠨ ᠭᠠᠯ ᠤᠨ ᠢᠯᠴᠢ ᠨᠢ ᠭᠢᠰᠠ ᠶᠢᠨ ᠬᠠᠵᠠᠭᠤ ᠳᠤ᠂ ᠬᠠᠩᠵᠤᠨ ᠢᠷᠮᠡᠭ᠌ ᠳᠡᠭᠡᠷ᠎ᠡ ᠰᠠᠠᠳᠠᠯᠢᠳᠤᠨ ᠰᠠᠭᠤᠭᠰᠠᠨ ᠮᠤᠯᠤᠮ ᠤᠨ ᠪᠠᠶ᠎ᠠ ᠶᠢ ᠨᠠᠪᠳᠠ ᠰᠢᠷᠠᠬᠤ ᠳᠤ᠂ ᠳᠠᠷᠠ ᠰᠠ‍‌ᠶᠢ ᠡᠷᠡᠤ ᠨᠢ ᠴᠠᠴᠠᠷᠠᠨ ᠳᠠᠭᠠᠷᠠᠵᠤ ᠪᠠᠢ᠌ᠭ᠎ᠠ ᠪᠠᠨ ᠮᠠᠳᠠᠪᠠ᠃ ᠪᠣᠰᠤᠳ ᠶᠠᠮᠠᠷᠪᠠ ᠦᠨᠳᠦᠰᠦᠳᠠᠨ ᠲᠡᠶ ᠬᠠᠷᠢᠴᠠᠭᠤᠯᠪᠠᠯ ᠮᠤᠩᠭ᠋ᠤᠯ ᠭᠦᠮᠤᠨ ᠯᠠ ᠭᠡᠪᠠᠯ ᠳᠠᠨᠢᠬᠤ ᠪᠠ ᠳᠠᠨᠢᠬᠤ ᠦᠭᠡᠶ ᠭᠦᠮᠤᠨ ᠳᠤ ᠪᠦᠷ ᠠᠷᠪᠠᠨ ᠬᠤᠪᠢ ᠶᠢᠨ ᠵᠤᠴᠢᠠᠰᠠᠭ ᠶᠤᠮ᠃ ᠴᠠᠢ ᠪᠣᠴᠠᠯᠤᠮᠠᠭᠴᠠ᠂ ᠳᠠᠷᠠ ᠪᠦᠰᠡᠭᠦᠢ ᠴᠢᠨᠠᠭᠰᠠᠨ ᠮᠢᠬ᠎ᠠ ᠪᠣᠯᠤᠨ ᠠᠷᠪᠠᠢ ᠶᠢᠨ ᠭᠤᠯᠢᠷ ᠶᠢᠡᠨ ᠠᠪᠴᠢᠷᠠᠵᠤ ᠳᠠᠯᠪᠢᠨ᠂ ᠴᠠᠢ ᠠᠶᠠᠭᠠᠯᠠᠯ᠎ᠠ᠃ ᠡᠨᠡ ᠦᠶ᠎ᠡ ᠳᠤ ᠥᠯᠦᠰᠦᠭᠡᠳ ᠨᠢᠭᠡᠨᠲᠡ ᠪᠦᠳᠦᠭᠦᠨ ᠭᠡᠳᠡᠰᠤ ᠨᠢ ᠨᠠᠷᠢᠨ ᠭᠡᠳᠡᠰᠤ ᠪᠠᠨ ᠪᠠᠷᠢᠵᠤ ᠢᠳᠠᠮᠠᠷ ᠪᠣᠯᠤᠭᠰᠠᠨ ᠮᠤᠯᠤᠮ ᠳᠤ ᠡᠷᠡᠭᠡ ᠯᠠᠷᠵᠢᠶ᠎ᠠ ᠶᠢ ᠪᠣᠳᠤᠬᠤ ᠶᠢᠨ ᠴᠢᠯᠦᠭᠡ ᠦᠭᠡᠶ ᠪᠣᠯᠵᠠᠢ᠃ ᠳᠠᠷᠠ ᠠᠶᠠᠭᠠᠯᠠᠭᠰᠠᠨ ᠴᠠᠢ ᠶᠢ ᠨᠢ ᠨᠢᠭᠡ ᠣᠭᠤᠴᠢᠮᠠᠭᠴᠠ᠂ ᠨᠢᠳᠤ ᠰᠢᠷᠪᠢᠨ ᠬᠠᠷᠠᠬᠤᠯ᠎ᠠ᠂ ᠴᠢᠨᠠᠭᠰᠠᠨ ᠮᠢᠬ᠎ᠠ ᠨᠢ ᠨᠢᠭᠡ ᠶᠡᠭᠡ ᠭᠠᠳᠤᠷ᠎ᠠ ᠪᠠᠢ᠌ᠭ᠎ᠠ ᠳᠤᠯᠠ ᠰᠢᠭᠤᠳ ᠭᠢᠳᠤᠭ᠎ᠠ ᠶᠢ ᠨᠢ ᠠᠪᠬᠤ ᠲᠡᠶ ᠵᠡᠷᠭᠡ ᠭᠦᠢᠳᠡᠨ ᠮᠢᠬ᠎ᠠ ᠠᠮᠠ ᠳᠦᠭᠦᠷᠪᠡ᠃ ᠮᠤᠯᠤᠮ ᠭᠢᠳᠤᠭ᠎ᠠ ᠳᠠᠯᠪᠢᠯ ᠦᠭᠡᠶ ᠮᠢᠬ᠎ᠠ ᠢᠳᠠᠵᠤ᠂ ᠠᠶᠠᠭ᠎ᠠ ᠳᠠᠯᠪᠢᠯ ᠦᠭᠡᠶ ᠴᠠᠢ ᠣᠤᠭᠤᠭᠰᠠᠭᠠᠷ ᠨᠢᠭᠡ ᠮᠡᠳᠡᠭᠦ ᠳᠤ ᠭᠠᠳᠤᠷ᠎ᠠ ᠳᠦᠭᠦᠷᠡᠩ ᠮᠢᠬ᠎ᠠ ᠶᠢ ᠢᠳᠠᠵᠤ ᠠᠶᠠᠷᠠᠭᠤᠯᠤᠭᠰᠠᠨ ᠪᠦᠭᠡᠳ ᠭᠡᠳᠡᠰᠤ ᠨᠢᠭᠡᠨᠲᠡ ᠴᠠᠳᠤᠭᠰᠠᠨ ᠪᠣᠯᠪᠠᠴᠤ ᠰᠠᠨᠠᠭ᠎ᠠ ᠨᠢ ᠪᠠᠰᠠ ᠯᠠ ᠳᠤᠠᠳᠠᠭᠤᠷ ᠪᠠᠢ᠌ᠵᠤ᠂ ᠶᠠᠰᠤ ᠪᠠᠷᠢᠨ ᠮᠥᠯᠵᠢᠭ᠍ᠰᠡᠭᠡᠷ ᠪᠠᠢ᠌ᠯ᠎ᠠ᠃ ᠳᠡᠭᠦᠨ ᠳᠤ ᠣᠳᠤ ᠰᠠ‍‌ᠶᠢ ᠡᠨᠡ ᠠᠢ᠌ᠯ ᠤᠨ ᠡᠭᠡ ᠭᠦᠤ ᠬᠤᠶᠠᠭᠤᠯᠠ ᠰᠠᠨᠠᠭᠠᠨ ᠳᠤ ᠨᠢ ᠣᠷᠤᠵᠤ᠂ ᠳᠤᠯᠤᠭᠠᠢ ᠡᠷᠭᠦᠨ ᠬᠠᠷᠠᠬᠤᠯ᠎ᠠ᠂ ᠭᠦᠤ ᠨᠢ ᠡᠭᠡ ᠶᠢᠨ ᠶᠢᠡᠨ ᠡᠪᠦᠳᠦᠭ᠌ ᠢ ᠳᠡᠷᠡᠯᠡᠴᠢᠭᠡᠭ᠍ᠰᠡᠨ᠂ ᠳᠡᠭᠦᠨ ᠤ ᠠᠮᠳᠠᠷᠬᠠᠨ ᠢᠳᠡᠭᠦ ᠶᠢ ᠨᠢ ᠰᠤᠨᠢᠷᠬᠠᠨ ᠬᠠᠷᠠᠭᠰᠠᠭᠠᠷ ᠪᠠᠢ᠌ᠪᠠ᠁

ᠦᠳᠠᠰᠢ ᠣᠠᠳᠠᠬᠤ ᠳᠤ᠂ ᠡᠭᠡ ᠭᠦᠤ ᠬᠤᠶᠠᠭᠤᠯᠠ ᠦᠷᠦᠭᠡ ᠭᠡᠷ ᠲᠤ᠂ ᠮᠤᠯᠤᠮ ᠭᠤᠸᠠᠢ ᠭᠤᠤᠯ ᠭᠡᠷ ᠤᠨ ᠬᠠᠩᠵᠤᠨ ᠳᠡᠭᠡᠷ᠎ᠡ ᠭᠠᠳᠠᠨ᠎ᠠ ᠡᠴᠠ ᠭᠦᠡᠵᠢᠯᠡ ᠳᠡᠪᠢᠰᠭᠡᠷ ᠶᠢᠡᠨ ᠠᠪᠴᠢᠷᠠᠵᠤ ᠣᠷᠤᠪᠠ᠃ ᠳᠠᠷᠠ᠂ ᠬᠠᠯᠠᠭᠤᠨ ᠭᠦᠡᠵᠢᠯᠡ ᠳᠡᠭᠡᠨ ᠣᠷᠤᠵᠤ᠂ ᠳᠠᠷ᠎ᠠ ᠳᠤᠯᠤᠭᠠᠢ ᠨᠡᠢ᠌ᠯᠡᠮᠡᠭ᠍ᠴᠡ᠂ ᠡᠳᠦᠷ ᠤᠨ ᠶᠠᠳᠠᠷᠠᠭᠠᠨ ᠳᠤ ᠴᠤᠭᠢᠭᠳᠠᠨ ᠪᠦᠭᠡ ᠣᠠᠳᠠᠴᠢᠬᠠᠭᠰᠠᠨ ᠪᠠᠢ᠌ᠯ᠎ᠠ᠁


           (ᠭᠤᠷᠪᠠ)


ᠡ᠊ᠨᠳᠡᠭᠢ ᠠᠷᠠᠤᠨ ᠱᠠᠰᠢᠨ ᠰᠤᠷᠳᠠᠬᠤᠨ ᠢ ᠰᠤᠷᠳᠠᠯᠠᠴᠢᠯᠠᠵᠤ᠂ ᠯᠠᠮᠠ ᠬᠤᠸᠠᠷᠠᠭ ᠢ ᠭᠦᠡᠳᠦᠳᠭᠡᠳᠡᠭ᠌ ᠨᠢ ᠢᠯᠡᠭᠡᠨ ᠶᠤᠮ᠃ ᠮᠠᠷᠭᠠᠰᠢ ᠦᠷᠯᠦᠭᠡ ᠡᠴᠠ ᠨᠢ ᠡᠭᠢᠯᠡᠵᠤ᠂ ᠠᠢ᠌ᠯ ᠤᠨ ᠪᠦᠰᠡᠭᠦᠢ ᠨᠢ ᠮᠤᠯᠤᠮ ᠢ ᠭᠦᠳᠡᠯᠭᠦ ᠶᠢᠨ ᠳᠤᠭ᠎ᠠ ᠪᠠᠷ 《ᠪᠠᠭᠰᠢ》 ᠭᠡᠵᠤ ᠭᠦᠡᠳᠦᠯᠡᠭᠦ ᠪᠣᠯᠪᠠ᠃ ᠳᠠᠳᠠ ᠠᠭᠠᠵᠢᠭᠤᠬᠠᠨ ᠶᠠᠷᠢᠬᠤ ᠶᠢ ᠭᠢᠴᠢᠶᠠᠨ᠂ ᠥᠭᠡ ᠪᠠᠨ ᠳᠤᠳᠤ ᠭᠡᠯᠡᠭᠦ ᠶᠢ ᠪᠠᠷᠢᠮᠳᠠᠯᠠᠭᠰᠠᠨ ᠡᠴᠠ ᠭᠡᠯᠡ ᠠᠮᠠ ᠴᠤ ᠢᠯᠠᠭᠤᠮᠬᠠᠨ ᠨᠠᠪᠳᠠᠷᠠᠯᠴᠠᠵᠤ ᠡᠭᠢᠯᠡᠪᠡ᠃ ᠮᠤᠯᠤᠮ᠂ ᠰᠢᠯ ᠵᠢᠶᠠᠰᠠ ᠳᠤ ᠳᠠᠯᠪᠢᠭᠰᠠᠨ ᠪᠠᠠᠴᠢᠨ ᠪᠣᠭᠳᠠ ᠶᠢᠨ ᠭᠦᠷᠦᠭ᠌ ᠤᠨ ᠡᠮᠤᠨ᠎ᠡ ᠣᠴᠢᠵᠤ ᠨᠠᠮᠠᠠᠴᠢᠯᠠᠭᠰᠠᠨ ᠶᠢᠡᠨ ᠪᠣᠴᠠᠨ ᠢᠷᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠮ ᠮᠠ ᠨᠢ ᠪᠠᠤᠨ ᠮᠠᠢ ᠬᠤᠮ︕ ᠠᠯᠢᠪᠠ ᠠᠮᠢᠳᠠᠨ ᠵᠢᠷᠭᠤᠭᠠᠨ ᠵᠣᠢ᠌ᠯ ᠤᠨ ᠵᠤᠪᠠᠯᠠᠩ ᠡᠴᠠ ᠭᠡᠯᠳᠦᠷᠡᠭᠦ ᠪᠣᠯᠳᠤᠭᠠᠢ︕ ᠳᠠᠨ ᠡᠴᠠ ᠠᠶᠤᠮᠰᠢᠭ ᠦᠭᠡᠶ ᠪᠠᠷ ᠨᠢᠭᠡ ᠶᠠᠭᠤᠮ᠎ᠠ ᠠᠰᠠᠭᠤᠶ᠎ᠠ᠂ ᠳᠠᠨ ᠤ ᠠᠯᠳᠠᠷ ᠭᠡᠨ ᠭᠡᠳᠡᠭ᠌ ᠪᠣᠢ︖ ᠠᠢ᠌ᠯ ᠭᠡᠷ ᠤᠨ ᠳᠦᠰᠢᠭ᠌ ᠪᠣᠯᠳᠠᠭ ᠬᠠᠷ᠎ᠠ ᠭᠦᠮᠤᠨ ᠴᠢᠨᠢ ᠬᠠᠮᠢᠭ᠎ᠠ ᠣᠳᠤᠭᠰᠠᠨ ᠪᠣᠢ︖ ᠭᠡᠪᠡ᠃

ᠲ᠋ᠠᠷᠠ ᠪᠦᠰᠡᠭᠦᠢ ᠭᠡᠰᠡᠭ᠌ ᠳᠤᠭᠤᠢ ᠪᠠᠢ᠌ᠭᠰᠠᠨ ᠶᠢᠡᠨ ᠭᠡᠨᠡᠳᠲᠡ ᠳᠤᠯᠤᠭᠠᠢ ᠡᠷᠭᠦᠨ᠂ ᠡᠪᠦᠷ ᠡᠴᠠ ᠪᠠᠨ ᠬᠠᠳᠠᠭ ᠭᠠᠷᠭᠠᠵᠤ ᠳᠠᠳᠠᠬᠤ ᠶᠢᠨ ᠬᠠᠮᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠ ᠠᠰᠠᠭᠤᠴᠢᠬᠠᠭᠰᠠᠨ ᠶᠤᠮ ᠴᠢᠨᠢ ᠪᠢ ᠴᠤ ᠳᠤᠳᠤᠷᠬᠠᠢ ᠬᠠᠷᠢᠭᠤᠯᠬᠤ ᠶᠢᠨ ᠬᠠᠮᠳᠤ ᠪᠠᠭᠰᠢ ᠳᠤ ᠨᠢᠭᠡ ᠣᠴᠢᠷ ᠨᠠᠢ᠌ᠳᠠᠴᠢᠬᠠᠶ᠎ᠠ︕ ᠮᠢᠨᠤ ᠨᠠᠷ᠎ᠠ ᠨᠠᠩᠰᠠᠯᠮ᠎ᠠ ᠭᠡᠳᠡᠭ᠌᠂ ᠡᠷ᠎ᠡ ᠨᠥᠭᠦᠷ ᠮᠢᠨᠢ ᠨᠢᠳᠤᠨᠤᠨ ᠭᠡᠨᠡᠳᠲᠡ ᠭᠦᠤ ᠪᠢᠳᠠ ᠬᠤᠶᠠᠷ ᠢ ᠬᠠᠶᠠᠨ᠂ ᠦᠨᠡᠨ ᠮᠦᠨ ᠤ ᠭᠠᠵᠠᠷ ᠶᠢᠡᠨ ᠶᠠᠪᠣᠴᠢᠬᠠᠪᠠ᠃ ᠡ᠊ᠨᠳᠡ ᠡᠴᠠ ᠬᠣᠢ᠌ᠰᠢ ᠦᠷᠭᠦᠯᠵᠢ ᠰᠦᠷᠦᠭ᠌ ᠲᠤ ᠴᠢᠨ᠋ᠸ᠎ᠠ ᠣᠷᠤᠬᠤ ᠪᠣᠶᠤ ᠡᠰᠡᠭᠦᠯ᠎ᠡ ᠬᠡᠦᠬᠡᠳ ᠡᠪᠠᠦᠡᠴᠢᠯᠡᠭᠦ ᠪᠠ ᠬᠠᠷ᠎ᠠ ᠳᠠᠷᠤᠬᠤ ᠮᠠᠳᠤ ᠶᠢᠨ ᠮᠠᠭᠤ ᠰᠤᠪᠢᠩ ᠲᠡᠶ ᠣᠴᠢᠷ ᠳᠠᠰᠤᠷᠠᠬᠤ ᠦᠭᠡᠶ ᠪᠣᠯᠪᠠ᠃ ᠣᠷᠴᠢᠮᠬᠠᠨ ᠶᠤᠠᠳᠤᠨ ᠲᠦᠯᠭᠡᠴᠢ ᠡᠴᠠ ᠠᠰᠠᠭᠤᠬᠤᠯᠠᠷ᠂ ᠯᠠᠮᠠ ᠵᠠᠯᠠᠵᠤ᠂ ᠨᠤᠮ ᠭᠦᠷᠢᠮ ᠭᠢᠯᠭᠡᠨ᠂ 《ᠥᠯᠵᠡᠢ ᠬᠤᠳᠤᠭ ᠨᠢ᠋ᠮᠠᠨ ᠭᠡᠭᠡᠨ》 《ᠠᠯᠳᠠᠨ ᠭᠡᠷᠡᠯ》ᠮᠡᠳᠤ ᠶᠢᠨ ᠳᠤᠭᠰᠢᠨ ᠳᠠᠷᠨᠢ ᠪᠠᠭᠤᠯᠭᠠᠪᠠᠯ ᠬᠠᠮᠤᠭ ᠰᠠᠢ᠌ᠨ ᠭᠡᠪᠡ᠃ ᠭᠦᠰᠡᠭᠡᠳ ᠪᠠᠢ᠌ᠭᠰᠠᠨ ᠪᠠᠭᠰᠢ ᠳᠠ᠂ ᠭᠦᠷᠦᠭᠡᠳ ᠦᠪᠡᠷ ᠶᠢᠡᠨ ᠰᠠᠭᠠᠳᠠᠭᠰᠠᠨ ᠳᠤᠯᠠ ᠭᠡᠳᠤ ᠬᠤᠨᠤᠭ ᠠᠶᠠᠨ ᠤ ᠶᠠᠳᠠᠷᠠᠭ᠎ᠠ ᠪᠠᠨ ᠳᠠᠢ᠌ᠯᠵᠤ᠂ ᠠᠮᠢᠳᠠᠨ ᠲᠦᠮᠡᠨ ᠢ ᠳᠤᠰᠠᠯᠠᠬᠤ ᠪᠣᠯᠪᠠᠤ ᠭᠡᠵᠤ ᠰᠥᠭᠦᠷᠤᠨ ᠮᠦᠷᠭᠦᠪᠡ᠃

ᠮᠤᠯᠤᠮ ᠢᠯᠡᠭᠦᠤ ᠠᠮᠠᠯᠠᠭᠰᠠᠨ ᠳᠤ ᠪᠠᠨ ᠠᠮᠠ ᠪᠠᠨ ᠪᠠᠷᠢᠨ ᠬᠠᠷᠠᠮᠰᠠᠭᠰᠠᠨ ᠪᠣᠯᠪᠠᠴᠤ ᠨᠢᠭᠡ ᠭᠡᠯᠡᠪᠠᠯ᠂ 《ᠥᠭᠡᠢ》 ᠭᠡᠵᠤ ᠰᠢᠯᠳᠠᠭ ᠳᠤᠷᠠᠳᠬᠤ ᠶᠢᠨ ᠵᠠᠢ ᠨᠢᠭᠡᠨᠲᠡ ᠦᠭᠡᠶ ᠪᠣᠯᠤᠭᠰᠠᠨ ᠪᠠ ᠳᠠᠭᠢᠭᠠᠤᠨ ᠭᠡᠯᠡᠪᠠᠯ ᠡᠨᠡ ᠵᠤᠴᠢᠠᠰᠠᠭ ᠮᠤᠩᠭ᠋ᠤᠯ ᠠᠢ᠌ᠯ ᠳᠠᠭᠠᠷᠠᠭᠰᠠᠨ ᠳᠠᠯᠢᠮ ᠶᠢᠡᠷ ᠭᠡᠳᠤ ᠬᠤᠨᠤᠭ ᠭᠦᠯ ᠠᠮᠠᠷᠠᠬᠤ ᠨᠢ ᠴᠤ ᠵᠦᠪ ᠳᠤᠯᠠ 《ᠲ᠋ᠠᠷᠠ ᠶᠤᠰᠤᠭᠠᠷ ᠪᠣᠯᠳᠤᠭᠠᠢ》 ᠭᠡᠮᠡᠨ ᠪᠣᠳᠤᠵᠤ ᠬᠠᠳᠠᠭ ᠢ ᠭᠦᠯᠢᠶᠡᠨ ᠠᠪᠣᠯ᠎ᠠ᠁

ᠮᠤᠯᠤᠮ ᠳᠠᠷᠣᠢ᠌ᠬᠠᠨ ᠵᠤᠯᠠ ᠭᠦᠵᠢ ᠰᠢᠳᠠᠭᠠᠨ᠂ ᠰᠠᠩ ᠳᠠᠯᠪᠢᠭᠰᠠᠨ ᠤ ᠳᠠᠷᠠᠭ᠎ᠠ ᠡᠭᠦᠷᠴᠤ ᠶᠠᠪᠣᠭ᠎ᠠ ᠨᠤᠮ ᠶᠢᠡᠨ ᠠᠪᠴᠢᠷᠠᠵᠤ᠂ ᠮᠠᠩᠨᠠᠢ ᠳᠠᠭᠠᠨ ᠳᠤᠯᠭᠠᠨ ᠠᠳᠢᠰ ᠠᠪᠣᠪᠠ᠃ ᠵᠠᠯᠭᠠᠭᠠᠤᠨ ᠬᠠᠩᠵᠤᠨ ᠳᠡᠭᠡᠷ᠎ᠡ ᠵᠠᠪᠢᠯᠠᠨ ᠰᠠᠭᠤᠵᠤ᠂ ᠡᠪᠦᠷ ᠳᠡᠭᠡᠷ᠎ᠡ ᠪᠠᠨ ᠨᠤᠮ ᠶᠢᠡᠨ ᠳᠡᠯᠭᠡᠨ᠂ ᠡᠷᠢᠭᠡ ᠪᠠᠨ ᠢᠮᠠᠷᠴᠤ ᠭᠦᠩᠭᠢᠨᠡᠮ᠎ᠡ ᠳᠠᠭᠤ ᠪᠠᠷ ᠣᠩᠰᠢᠵᠤ ᠡᠭᠢᠯᠡᠯ᠎ᠡ᠃ ᠨᠠᠩᠰᠠᠯᠮ᠎ᠠ ᠭᠠᠳᠠᠨ᠎ᠠ ᠳᠤᠳᠤᠨ᠎ᠠ ᠶᠢᠨ ᠠᠷᠰᠠᠷ ᠠᠵᠢᠯ ᠶᠢᠡᠨ ᠳᠦᠪᠭᠢᠨᠡᠭᠦᠯᠦᠭ᠍ᠰᠡᠨ ᠤ ᠳᠠᠷᠠᠭ᠎ᠠ ᠭᠦᠤ ᠪᠠᠨ ᠳᠠᠭᠠᠭᠤᠯᠤᠨ ᠢᠷᠠᠵᠤ᠂ ᠮᠤᠯᠤᠮ ᠭᠤᠸᠠᠢ ᠳᠤ ᠭᠤᠷᠪᠠᠨ ᠳᠤᠯᠤᠭᠠᠢ ᠠᠯᠳᠠ ᠮᠦᠷᠭᠦᠭ᠍ᠰᠡᠨ ᠶᠢᠡᠨ ᠠᠳᠢᠰ ᠠᠪᠣᠪᠠ᠃ ᠡᠨᠡ ᠳᠤᠬᠠᠢ ᠣᠴᠢᠷ ᠶᠤᠰᠤ ᠭᠡᠭ᠍ᠴᠢ ᠡᠢ᠌ᠮᠤ ᠭᠡᠨ᠎ᠡ᠃ ᠯᠠᠮᠠ ᠨᠢ ᠨᠤᠮ ᠭᠦᠷᠢᠮ ᠣᠩᠰᠢᠨ ᠳᠠᠷᠨᠢ ᠪᠠᠭᠤᠯᠭᠠᠵᠤ ᠪᠠᠢ᠌ᠬᠤ ᠳᠤ᠂ ᠬᠠᠷ᠎ᠠ ᠨᠢ ᠣᠴᠢᠵᠤ ᠮᠦᠷᠭᠦᠨ ᠠᠳᠢᠰ ᠠᠪᠣᠪᠠᠯ ᠰᠠ‍‌ᠶᠢ ᠣᠩᠰᠢᠭᠰᠠᠨ ᠨᠤᠮ ᠤᠨ ᠭᠦᠴᠤ ᠨᠢ ᠬᠠᠷ᠎ᠠ ᠭᠦᠮᠤᠨ ᠤ ᠪᠠᠶ᠎ᠠ ᠳᠡᠭᠡᠷ᠎ᠡ ᠰᠢᠯᠵᠢᠳᠡᠭ᠌ ᠭᠡᠨ᠎ᠡ᠃ ᠦᠨᠡᠨ ᠳᠠᠢ᠌ᠮᠤ ᠪᠣᠯ ᠣᠩᠰᠢᠭᠴᠢ ᠪᠢᠳᠠ ᠴᠤ ᠳᠠᠷᠨᠢ ᠶᠢᠨ ᠭᠦᠴᠤ ᠨᠠᠩᠰᠠᠯᠮ᠎ᠠ ᠭᠦᠤ ᠬᠤᠶᠠᠭᠤᠯᠠ ᠶᠢᠨ ᠪᠠᠶ᠎ᠠ ᠳᠡᠭᠡᠷ᠎ᠡ ᠰᠢᠯᠵᠢᠵᠤ᠂ ᠠᠯᠢᠪᠠ ᠮᠠᠭᠤ ᠮᠠᠭᠤᠬᠠᠢ ᠪᠣᠯᠤᠨ ᠭᠠᠢ ᠪᠠᠷᠴᠢᠳ ᠨᠢ ᠬᠤᠭ ᠦᠭᠡᠶ ᠠᠷᠢᠯᠳᠤᠭᠠᠢ ᠭᠡᠵᠤ ᠳᠠᠭᠠᠳᠬᠠᠶ᠎ᠠ᠃

ᠣᠷᠤᠢ ᠶᠢᠨ ᠬᠤᠭᠤᠯᠠ ᠪᠣᠯᠬᠤ ᠳᠤ ᠨᠢᠭᠡ ᠡᠳᠦᠷ ᠤᠨ ᠨᠤᠮ ᠣᠩᠰᠢᠯᠭ᠎ᠠ ᠵᠠᠪᠰᠠᠷᠯᠠᠵᠤ᠂ ᠰᠤᠯᠠ ᠶᠠᠷᠢᠭ᠎ᠠ ᠭᠦᠭᠡᠷᠦᠭᠡ ᠪᠣᠯᠵᠤ ᠰᠠᠭᠤᠯ᠎ᠠ᠃ ᠨᠠᠩᠰᠠᠯᠮ᠎ᠠ ᠴᠤ ᠯᠠᠮᠠ ᠠᠰᠠᠷᠠᠵᠤ ᠴᠢᠳᠠᠬᠤ ᠭᠠᠷ ᠪᠠᠢ᠌ᠪᠠ᠃ ᠳᠠᠷᠠ ᠦᠨᠦᠳᠤᠷ᠂ ᠮᠤᠯᠤᠮ ᠳᠤ ᠳᠤᠰᠬᠠᠢ᠌ᠯᠠᠨ ᠨᠢᠳᠤᠷᠭᠠᠨ ᠬᠤᠯᠢᠶ᠎ᠠ ᠲᠡᠶ ᠳᠤᠳᠤᠷᠭᠠᠨ ᠪᠣᠳᠠᠭ᠎ᠠ ᠴᠢᠨᠠᠵᠤ ᠠᠶᠠᠭᠠᠯᠠᠬᠤ ᠶᠢᠨ ᠵᠡᠷᠭᠡ ᠪᠠᠷ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠦᠭᠡᠶ᠂ ᠶᠠᠷᠤ ᠨᠢ ᠪᠠᠭᠰᠢ ᠳᠠᠨ ᠢ ᠶᠠᠮᠠᠷ ᠨᠢᠭᠡ ᠣᠪᠢᠳᠠᠰ ᠳᠠᠢ᠌ᠮᠤ ᠶᠡᠭᠡ ᠭᠦᠴᠤᠨ ᠴᠢᠳᠠᠯ ᠣᠯᠭᠤᠵᠤ᠂ ᠮᠥᠩᠭᠡ ᠵᠤᠤ ᠳᠤ ᠣᠴᠢᠨ᠂ ᠳᠠᠯᠠᠢ ᠯᠠᠮᠠ ᠳᠤ ᠵᠤᠯᠭᠠᠬᠤ ᠭᠦᠰᠡᠯ ᠲᠡᠶ ᠪᠣᠯᠭᠠᠪᠠ︖ ᠭᠡᠵᠤ ᠢᠨᠢᠶᠡᠮᠰᠦᠭᠯᠡᠨ ᠠᠰᠠᠭᠤᠪᠠ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠮᠠᠷ ᠯᠠ ᠣᠪᠢᠳᠠᠰ ᠨᠠᠮᠢ᠋ᠢ ᠳᠡᠮᠵᠢᠭᠦ ᠳ᠋ᠠ︕ ᠪᠢ ᠵᠠᠯᠠᠭᠤ ᠽᠠᠠᠳᠠᠨ ᠨᠠᠰᠤᠨ ᠳᠠᠭᠠᠨ ᠳᠠᠢ᠌ᠮᠤ ᠨᠢᠭᠡ ᠭᠦᠰᠡᠯ ᠭᠦᠭᠡᠭᠡᠴᠡᠯᠳᠦᠯ ᠲᠡᠶ ᠪᠠᠢ᠌ᠭᠰᠠᠨ ᠶᠤᠮ ᠭᠡᠵᠤ ᠡᠰᠡ ᠮᠡᠳᠡᠭ᠍ᠴᠢᠨ ᠪᠣᠯᠵᠤ ᠬᠠᠷᠢᠭᠤᠯᠤᠭᠰᠠᠨ ᠶᠢᠡᠨ ᠪᠣᠳᠠᠭ᠎ᠠ ᠢᠳᠡᠭᠦ ᠶᠢᠨ ᠳᠠᠯᠢᠮ ᠶᠢᠡᠷ ᠦᠨᠡᠨ ᠣᠴᠢᠷ ᠢ ᠳᠤᠭᠠᠴᠢᠯ᠎ᠠ᠃

ᠦᠢ᠌ ᠲᠦᠮᠡᠨ ᠮᠤᠩᠭ᠋ᠤᠯᠴᠤᠳ ᠤᠨ ᠦᠶ᠎ᠡ ᠣᠯᠠᠷᠢᠨ ᠰᠢᠳᠤᠵᠤ ᠳᠠᠭᠢᠨ᠂ ᠰᠥᠰᠦᠭᠯᠡᠵᠤ ᠪᠢᠰᠢᠷᠡᠭ᠍ᠰᠡᠭᠡᠷ ᠢᠷᠡᠭ᠍ᠰᠡᠨ ᠠᠪᠠᠬᠠᠢ ᠬᠤᠷᠠᠬᠤ ᠶᠢᠨ ᠣᠪᠣᠭ᠎ᠠ ᠶᠢᠨ ᠵᠡᠭᠦᠨ ᠳᠤᠤᠷ᠎ᠠ ᠨᠢ ᠵᠦᠷᠢᠭᠦᠤ ᠵᠠᠭ ᠭᠡᠵᠤ ᠨᠢᠭᠡ ᠶᠡᠭᠡ ᠳᠦᠭᠦᠮ ᠪᠠᠢ᠌ᠳᠠᠭ᠃ ᠡᠨᠡᠭᠦ ᠥᠭᠡᠳᠡ ᠣᠷᠤᠭᠤ ᠪᠠᠨ ᠪᠠᠷᠤᠭ ᠳᠠᠪᠣ ᠵᠢᠷᠭᠤᠭᠠᠨ ᠭᠠᠵᠠᠷ ᠦᠷᠭᠡᠨ ᠪᠠᠢ᠌ᠵᠤ᠂ ᠵᠡᠭᠦᠡᠰᠢ ᠪᠠᠷᠠᠭᠤᠠᠰᠢ ᠪᠠᠨ ᠴᠤ ᠠᠷᠴᠠᠨ ᠪᠠᠯᠠᠷ ᠡᠴᠠ ᠳᠤᠵᠢ ᠶᠢᠨ ᠴᠠᠢ᠌ᠳᠠᠮ ᠭᠦᠷᠳᠡᠭ᠌ ᠵᠦᠷᠢᠭᠦᠤ ᠵᠠᠭ ᠤᠨ ᠳᠦᠭᠦᠮ ᠤᠨ ᠠᠷᠤ ᠳ᠋ᠠᠭᠢ ᠳᠤᠪᠣᠭ ᠤᠨ ᠳᠠᠯ᠎ᠠ ᠶᠢᠨ ᠡᠭᠢᠨ ᠳᠤ ᠰᠠᠭᠤᠭ᠎ᠠ ᠪᠣᠷᠤᠬᠠᠨ ᠬᠤᠨᠤᠭ ᠲᠡᠶ ᠠᠢ᠌ᠯ ᠪᠣᠯ ᠷᠢᠠᠴᠢᠠᠳᠤᠷᠵᠢ ᠶᠢᠨ ᠭᠢ ᠪᠣᠯᠤᠨ᠎ᠠ᠃ ᠠᠬ᠎ᠠ ᠳᠡᠭᠦᠤ ᠳᠠᠪᠣᠭᠤᠯᠠ ᠳᠤᠳᠤᠷ᠎ᠠ ᠡᠴᠠ ᠦᠯᠠᠳᠠᠵᠤ ᠪᠠᠢ᠌ᠭ᠎ᠠ ᠬᠠᠮᠤᠭ ᠤᠨ ᠪᠠᠭ᠎ᠠ ᠨᠢ ᠪᠣᠯᠳᠠᠭ ᠮᠤᠯᠤᠮ ᠭᠤᠸᠠᠢ ᠡᠳᠦᠭᠡ ᠶᠡᠭᠡ ᠠᠴᠢ ᠭᠦᠤ ᠷᠢᠠᠴᠢᠠᠳᠤᠷᠵᠢ ᠲᠡᠶ ᠪᠠᠨ ᠬᠠᠮᠳᠤ ᠠᠮᠢᠳᠤᠷᠠᠵᠤ ᠪᠠᠢ᠌ᠨ᠎ᠠ᠃ ᠮᠤᠯᠤᠮ ᠢ ᠪᠠᠭ᠎ᠠ ᠪᠠᠢ᠌ᠬᠤ ᠳᠤ ᠠᠪᠣ ᠡᠵᠢ ᠨᠢ ᠬᠠᠮᠪᠣ ᠯᠠᠮᠠ ᠳᠤ ᠱᠠᠪᠢ ᠪᠣᠯᠭᠠᠨ ᠦᠭ‍ᠭᠦᠭ᠍ᠰᠡᠨ ᠡᠴᠠ ᠬᠣᠢ᠌ᠰᠢ ᠪᠣᠷᠬᠠᠨ ᠱᠠᠰᠢᠨ ᠢ ᠰᠢᠳᠦᠭ᠍ᠰᠡᠭᠡᠷ ᠡᠳᠦᠭᠡ ᠪᠣᠯᠵᠤ ᠪᠢᠯᠠ᠃ ᠣᠳᠤ ᠡᠨᠡ ᠣᠴᠢᠷ ᠢ ᠳᠤᠷᠠᠳᠬᠤ ᠦᠭᠡᠶ᠂ ᠵᠠᠯᠭᠠᠭᠠᠤᠨ ᠶᠠᠷᠢᠬᠤ ᠨᠢᠭᠡᠨ ᠥᠯᠢᠭᠡᠷ ᠭᠡᠪᠠᠯ ᠨᠢᠭᠡ ᠡᠳᠦᠷ ᠷᠢᠠᠴᠢᠠᠳᠤᠷᠵᠢ ᠶᠢᠨ ᠭᠢᠨ ᠦᠳᠡ ᠶᠢᠨ ᠬᠤᠭᠤᠯᠠ ᠪᠠᠨ ᠢᠳᠠᠵᠤ ᠪᠠᠢ᠌ᠬᠤ ᠳᠤ᠂ ᠨᠢᠭᠡᠨ ᠭᠡᠰᠦᠭᠦᠯ ᠲᠦᠯᠭᠡᠴᠢ ᠢᠷᠠᠪᠠ᠃ ᠮᠤᠯᠤᠮ ᠭᠡᠵᠤ ᠥᠭ᠍‍ᠭᠢᠶᠡᠮᠦᠷᠴᠢ ᠭᠦᠮᠤᠨ ᠳᠤᠯᠠ ᠭᠡᠷ ᠡᠴᠠ ᠪᠠᠨ ᠭᠠᠷᠤᠭᠰᠠᠨ ᠭᠦᠮᠤᠨ ᠪᠠᠢ᠌ᠨ᠎ᠠ ᠭᠡᠵᠤ ᠭᠦᠭᠡᠷᠦᠭᠦᠢᠯᠡᠨ᠂ ᠰᠠᠢ᠌ᠨ ᠢᠳᠡᠭᠦᠯᠵᠤ ᠣᠤᠭᠤᠯᠭᠠᠪᠠ᠃ ᠣᠴᠢᠷ ᠶᠠᠪᠣᠳᠠᠯ ᠮᠦᠨ ᠡ᠊ᠨᠳᠡ ᠡᠴᠠ ᠡᠭᠦᠰᠪᠡ᠃ ᠳᠠᠷᠠ ᠲᠦᠯᠭᠡᠴᠢ ᠴᠠᠳᠳᠠᠯ᠎ᠠ ᠢᠳᠠᠵᠤ ᠣᠤᠭᠤᠭᠰᠠᠨ ᠤ ᠳᠠᠷᠠᠭ᠎ᠠ ᠮᠤᠯᠤᠮ ᠭᠤᠸᠠᠢ ᠶᠢᠨ ᠰᠠᠢ᠌ᠬᠠᠨ ᠰᠡᠳᠭᠢᠯ ᠳᠤ ᠳᠠᠯᠠᠷᠬᠠᠬᠤ ᠶᠢᠨ ᠶᠡᠭᠡ ᠪᠠᠷ ᠳᠠᠯᠠᠷᠬᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠨ ᠤ ᠪᠣᠷᠬᠠᠨ ᠰᠡᠳᠭᠢᠯ ᠤᠨ ᠨᠥᠯᠦᠭᠡᠨ ᠳᠤ᠂ ᠦᠨᠦᠳᠤᠷ ᠮᠢᠨᠤ ᠪᠢᠯᠢᠭ᠌ ᠤᠨ ᠨᠢᠳᠤ ᠨᠡᠭᠡᠭᠡᠭ᠍ᠳᠡᠵᠤ᠂ ᠬᠤᠷᠴᠠ ᠰᠡᠷᠡᠭᠦᠢ ᠡᠭᠦᠰᠪᠡ᠂ ᠪᠢ ᠬᠠᠷᠠᠮᠵᠢ ᠮᠦᠩᠭᠦ ᠠᠪᠬᠤ ᠦᠭᠡᠶ ᠪᠠᠷ ᠳᠠᠨ ᠳᠤ ᠨᠢᠭᠡ ᠲᠦᠯᠭᠡ ᠦᠵᠡᠵᠤ ᠦᠭ‍ᠭᠦᠶ᠎ᠡ ᠭᠡᠳ ᠮᠤᠯᠤᠮ ᠤᠨ ᠠᠯᠠᠭᠠᠨ ᠵᠢᠷᠤᠭᠠᠰᠤ ᠶᠢ ᠨᠢ ᠡᠷᠭᠢᠭᠦᠯᠤᠨ ᠣᠷᠪᠠᠭᠤᠯᠤᠨ ᠰᠢᠡᠵᠢᠭᠦ ᠶᠢᠨ ᠬᠠᠮᠳᠤ ᠨᠢᠳᠤ ᠪᠠ ᠮᠠᠩᠨᠠᠢ ᠶᠢ ᠨᠢ ᠳᠠᠭᠢᠨ ᠳᠠᠭᠢᠨ ᠬᠠᠷᠠᠵᠤ ᠯᠠ ᠪᠠᠢ᠌ᠪᠠ᠃ ᠬᠤᠷᠴᠠ ᠰᠡᠷᠡᠭᠦᠢ ᠨᠢ ᠦᠨᠡᠨ ᠨᠡᠭᠡᠭᠡᠭ᠍ᠳᠡᠴᠢᠭᠡᠯ᠎ᠡ ᠭᠡᠵᠢ ᠦᠦ︖ ᠭᠦᠮᠤᠨ ᠤ ᠬᠤᠷᠴᠠ ᠰᠡᠷᠡᠭᠦᠢ ᠭᠡᠵᠤ ᠪᠠᠶᠠᠷᠯᠠᠵᠤ ᠰᠡᠳᠭᠢᠯ ᠭᠦᠳᠡᠯᠪᠠᠯ ᠠᠮᠠᠷᠬᠠᠨ ᠨᠡᠭᠡᠭᠡᠭ᠍ᠳᠡᠴᠢᠭᠡᠳᠡᠭ᠌ ᠮᠠᠭᠠᠤᠨ ᠦᠭᠡᠶ᠃ ᠳᠠᠷᠠ ᠵᠠᠯᠭᠠᠭᠠᠤᠨ᠂ ᠥᠭᠡ ᠳᠤᠤᠭᠠᠷᠦᠯ ᠦᠭᠡᠶ ᠪᠠᠷ ᠭᠠᠳᠠᠨ᠎ᠠ ᠭᠠᠷᠤᠨ᠂ ᠰᠠᠭᠤᠭᠰᠠᠨ ᠨᠤᠳᠤᠭ ᠣᠰᠤ ᠶᠢ ᠨᠢ ᠰᠢᠠᠵᠢᠵᠤ ᠰᠢᠡᠵᠢᠭ᠍ᠰᠡᠨ ᠶᠢᠡᠨ ᠪᠣᠴᠠᠨ ᠢᠷᠠᠵᠤ᠂ ᠨᠢᠭᠡ ᠠᠶᠠᠭ᠎ᠠ ᠴᠠᠢ ᠣᠤᠭᠤᠭᠰᠠᠨ ᠶᠢᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ᠂ ᠴᠢ ᠮᠢᠨᠤ ᠭᠡᠯᠡᠭ᠍ᠰᠡᠨ ᠶᠢᠡᠷ ᠭᠢᠪᠠᠯ ᠯᠠᠪ ᠭᠡᠮᠵᠢᠶᠡᠯᠡᠰᠢ ᠦᠭᠡᠶ ᠪᠠᠶᠠᠨ ᠡᠷᠭᠢᠮ ᠶᠠᠪᠣᠬᠤ ᠶᠤᠮ ᠡ᠃ ᠶᠠᠭᠠᠭᠢᠬᠤ ᠪᠠᠨ ᠦᠪᠡᠷ ᠶᠢᠡᠨ ᠮᠠᠳᠠ︕ ᠮᠥᠩᠭᠡ ᠵᠤᠤ ᠳᠤ ᠣᠴᠢᠵᠤ᠂ ᠳᠠᠯᠠᠢ ᠯᠠᠮᠠ ᠡᠴᠠ ᠪᠠᠶᠠᠨ ᠡᠷᠭᠢᠮ ᠶᠠᠪᠣᠬᠤ ᠳᠤᠬᠠᠢ ᠠᠪᠣᠷᠠᠯ ᠭᠤᠶᠤᠭᠠᠷᠠᠢ︕ ᠣᠴᠢᠷ ᠶᠠᠪᠣᠳᠠᠯ ᠢ ᠳᠡᠭᠦᠨ ᠤ ᠵᠠᠭᠢᠭᠰᠠᠨ ᠶᠤᠰᠤᠭᠠᠷ ᠪᠠᠶᠡᠯᠡᠭᠦᠯᠪᠠᠯ ᠠᠮᠵᠢᠯᠳᠠ ᠣᠯᠬᠤ ᠨᠢ ᠭᠠᠷᠴᠠᠭ᠎ᠠ ᠦᠭᠡᠶ ᠭᠡᠪᠡ᠃ ᠡᠨᠡ ᠣᠴᠢᠷ ᠮᠦᠨ ᠢᠩᠭᠢᠭᠡᠳ ᠥᠩᠭᠡᠷᠡᠪᠡ᠃ ᠭᠡᠳᠤ ᠬᠤᠨᠤᠭ ᠤᠨ ᠭᠢᠨᠢ ᠳᠠᠷᠠᠠᠭ᠎ᠠ ᠭᠡᠰᠦᠭᠦᠯ ᠲᠦᠯᠭᠡᠴᠢ ᠶᠢᠨ ᠭᠡᠯᠡᠭ᠍ᠰᠡᠨ ᠥᠭᠡ ᠨᠢ ᠮᠤᠯᠤᠮ ᠭᠤᠸᠠᠢ ᠶᠢᠨ ᠡᠳᠦᠷ ᠤᠨ ᠪᠣᠳᠤᠯ ᠡᠴᠠ ᠭᠠᠷᠴᠤ ᠶᠡᠷᠦᠳᠡᠭᠡᠨ ᠪᠣᠯᠬᠤ ᠦᠭᠡᠶ ᠳᠤᠯᠠ ᠶᠡᠭᠡ ᠳᠡᠭ᠍ᠷᠢ ᠡᠴᠠ ᠢᠪᠠᠭᠡᠯ ᠲᠡᠶ ᠬᠤᠷᠮᠤᠰᠳᠠ ᠣᠳᠤᠨ ᠳᠠᠭᠠᠷᠠᠭᠰᠠᠨ ᠦᠯᠵᠡᠢ ᠳᠠᠮᠪᠠᠷᠢᠯ ᠪᠦᠭᠦᠢ ᠰᠠᠢ᠌ᠨ ᠡᠳᠦᠷ ᠢ ᠰᠤᠩᠭ᠋ᠤᠨ ᠨᠠᠰᠢ ᠭᠦᠳᠡᠯᠦᠭ᠍ᠰᠡᠨ ᠮᠠᠨᠢ ᠡᠨᠡ ᠪᠢᠯᠠ ᠭᠡᠵᠤ ᠭᠡᠯᠡᠯ᠎ᠡ᠃

ᠦᠨᠦ ᠦᠳᠡᠰᠢ ᠶᠢᠨ ᠶᠠᠷᠢᠶᠠᠨ ᠤ ᠳᠠᠪᠴᠠᠩ ᠢ ᠮᠤᠯᠤᠮ ᠭᠤᠸᠠᠢ ᠭᠠᠭᠴᠠᠭᠠᠷ ᠶᠢᠡᠨ ᠡᠵᠡᠯᠡᠪᠡ᠃ ᠣᠠᠳᠠᠬᠤ ᠡᠴᠠ ᠡᠮᠤᠨ᠎ᠡ ᠨᠠᠩᠰᠠᠯᠮ᠎ᠠ ᠠᠶᠠᠭ᠎ᠠ ᠰᠠᠪᠬ᠎ᠠ ᠪᠠᠨ ᠠᠭᠣᠢ᠌ᠯᠠᠬᠤ ᠳᠤ᠂ ᠮᠤᠯᠤᠮ ᠭᠠᠳᠠᠭᠰᠢ ᠭᠠᠷᠤᠯ᠎ᠠ᠃ ᠳᠠᠷᠠ ᠡᠩ ᠤᠨ ᠵᠤᠷᠰᠢᠯ ᠶᠤᠰᠤᠭᠠᠷ ᠰᠦᠨᠢ ᠶᠢᠨ ᠳᠡᠭ᠍ᠷᠢ ᠶᠢᠨ ᠣᠳᠤᠨ ᠮᠠᠴᠢᠳ ᠪᠠ ᠰᠠᠯᠭᠢᠨ ᠤ ᠴᠢᠭᠯᠡᠯ ᠢ ᠰᠢᠠᠵᠢᠨ᠂ ᠮᠠᠷᠭᠠᠰᠢ ᠶᠢᠨ ᠴᠠᠭ ᠠᠭᠤᠷ ᠤᠨ ᠪᠠᠢ᠌ᠳᠠᠯ ᠢ ᠣᠨᠤᠰᠢᠯᠠᠵᠤ ᠶᠠᠪᠣᠭᠰᠠᠭᠠᠷ ᠰᠠᠨᠠᠮᠰᠠᠷ ᠦᠭᠡᠶ ᠬᠤᠷᠢᠶᠠᠯᠳᠠᠳᠠᠢ ᠲᠦᠯᠡᠭᠡᠨ ᠤ ᠬᠠᠵᠠᠭᠤ ᠳᠤ ᠣᠴᠢᠬᠤ ᠳᠤ᠂ ᠲᠦᠯᠡᠭᠡᠨ ᠤ ᠵᠡᠭᠦᠨ ᠳᠤᠤᠷ᠎ᠠ ᠡᠴᠠ ᠨᠢᠭᠡᠨ ᠵᠤᠷᠪᠣᠰ ᠭᠡᠷᠡᠯ ᠰᠠᠴᠤᠷᠠᠵᠤ ᠪᠠᠢ᠌ᠪᠠ᠃ ᠳᠠᠷᠠ ᠳᠠᠮᠠᠢ ᠶᠠᠭᠤᠮ᠎ᠠ ᠪᠣᠯᠭᠠᠭᠰᠠᠨ ᠦᠭᠡᠶ᠂ ᠬᠠᠷᠢᠵᠤ ᠣᠠᠳᠠᠪᠠ᠃ ᠮᠠᠷᠭᠠᠰᠢ ᠨᠢ ᠪᠣᠰᠴᠤ ᠢᠷᠡᠭᠡᠳ ᠥᠵᠡᠭᠦ ᠳᠤ᠂ ᠨᠢᠭᠡ ᠮᠠᠭᠤ ᠬᠤᠭᠤᠷᠬᠠᠢ ᠮᠦᠷᠳᠡᠭᠡᠨ ᠰᠢᠪᠠᠷ ᠰᠢᠷᠤᠢ ᠳᠤ ᠳᠠᠷᠤᠭᠳᠠᠭᠰᠠᠨ ᠬᠠᠢ ᠳᠠᠮᠤᠷ ᠪᠠᠢ᠌ᠪᠠ᠃ ᠳᠠᠷᠠᠭ᠎ᠠ ᠭᠡᠳᠤᠨ ᠰᠦᠨᠢ ᠨᠢ ᠴᠤ ᠮᠤᠯᠤᠮ ᠭᠤᠸᠠᠢ ᠭᠠᠳᠠᠭᠰᠢ ᠭᠠᠷᠬᠤ ᠪᠦᠷᠢ ᠳᠠᠷᠠ ᠬᠠᠢ ᠳᠠᠮᠤᠷ ᠢ ᠣᠴᠢᠵᠤ ᠥᠵᠡᠭᠦ ᠳᠤ᠂ ᠮᠦᠨ ᠯᠠ ᠭᠡᠷᠡᠯ ᠶᠢᠡᠨ ᠰᠠᠴᠤᠷᠠᠭᠤᠯᠤᠨ᠎ᠠ᠃ ᠳᠤᠯᠤᠭ᠎ᠠ ᠬᠤᠨᠤᠭ ᠤᠨ ᠭᠢᠨᠢ ᠳᠠᠷᠨᠢ ᠣᠩᠰᠢᠯᠭ᠎ᠠ ᠳᠠᠭᠤᠰᠴᠤ᠂ ᠮᠤᠯᠤᠮ ᠵᠠᠮ ᠶᠢᠡᠨ ᠭᠦᠭᠡᠭᠡᠭᠦ ᠪᠠᠷ ᠪᠣᠯᠪᠠ᠃ ᠡᠨᠡ ᠦᠶᠡᠰ ᠨᠠᠩᠰᠠᠯᠮ᠎ᠠ ᠡᠴᠠ ᠬᠠᠷᠠᠮᠵᠢ ᠮᠦᠩᠭᠦᠨ ᠳ᠋ᠤᠨᠢ ᠶᠠᠭᠠᠭᠢᠭᠰᠠᠨ ᠴᠤ ᠣᠨᠤᠯᠭ᠎ᠠ ᠪᠣᠳᠠ ᠦᠭ‍ᠭᠦᠨ᠎ᠡ ᠭᠡᠵᠤ ᠰᠢᠨᠠᠯᠭᠠᠭᠠᠤᠨ ᠪᠣᠯᠬᠤ ᠦᠭᠡᠶ᠃ ᠳᠠᠷᠠ ᠠᠷᠭ᠎ᠠ ᠪᠣᠰᠤ ᠨᠠᠮᠠᠠᠴᠢᠯᠠᠨ ᠵᠠᠯᠪᠢᠷᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠮ ᠭᠦᠭᠡᠭᠡᠭ᠍ᠰᠡᠨ ᠨᠠᠳᠠ ᠳᠤ ᠶᠠᠭᠤ ᠴᠤ ᠭᠡᠷᠡᠭ᠌ ᠦᠭᠡᠶ᠂ ᠢᠯᠡᠭᠦᠤ ᠳᠡᠭᠡᠨ ᠶᠠᠷᠰᠢᠭ ᠳᠠᠷᠢᠨ᠎ᠠ᠃ ᠳᠠᠵᠠᠪᠠᠯ ᠨᠢᠭᠡ ᠶᠠᠭᠤᠮ᠎ᠠ ᠠᠪᠬᠤ ᠭᠡᠷᠡᠭ᠍ᠳᠡᠢ ᠭᠡᠪᠠᠯ ᠳᠠᠠᠳᠠ ᠲᠦᠯᠡᠭᠡᠨ ᠤ ᠳᠤᠤᠷ᠎ᠠ ᠬᠠᠶᠠᠭᠳᠠᠵᠤ ᠪᠠᠢ᠌ᠭ᠎ᠠ᠂ ᠰᠦᠨᠢ ᠨᠢ ᠭᠡᠷᠡᠯ ᠭᠠᠷᠳᠠᠭ ᠦᠨᠦᠭᠢ ᠬᠠᠢ ᠳᠠᠮᠤᠷ ᠶᠢᠡᠨ ᠨᠠᠳᠠ ᠳᠤ ᠥᠭ᠍ᠴᠢᠭᠡ ᠭᠡᠪᠡ᠃ ᠨᠠᠩᠰᠠᠯᠮ᠎ᠠ ᠣᠬᠠᠭᠠᠨ ᠢ ᠨᠢ ᠣᠯᠬᠤ ᠦᠭᠡᠶ ᠭᠡᠰᠡᠭ᠌ ᠳᠦᠭ᠍ᠳᠡᠷᠡᠭ᠍ᠰᠡᠨ ᠶᠢᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ᠂ ᠮᠠᠳᠠᠯ᠎ᠠ᠂ ᠴᠢᠨᠤ ᠭᠡᠯᠡᠵᠤ ᠪᠠᠢ᠌ᠭ᠎ᠠ ᠴᠢᠨᠢ ᠳᠠᠠᠳᠠ ᠬᠠᠶᠠᠭᠳᠠᠵᠤ ᠪᠠᠢ᠌ᠭ᠎ᠠ ᠭᠠᠯ ᠤᠨ ᠭᠢᠮᠰᠠ ᠶᠢ ᠭᠡᠯᠡᠵᠤ ᠪᠠᠢ᠌ᠭ᠎ᠠ ᠶᠤᠮ ᠪᠠᠢ᠌ᠨ᠎ᠠ᠃ ᠪᠣᠯᠤᠨ᠎ᠠ︕ ᠪᠣᠯᠤᠨ᠎ᠠ︕ ᠳᠠᠷᠠ ᠴᠢᠨᠢ ᠰᠦᠨᠢ ᠨᠢ ᠭᠡᠷᠡᠯ ᠭᠠᠷᠳᠠᠭ ᠬᠠᠴᠢᠨ ᠡᠳ᠋ ᠰᠢᠤ᠃ ᠮᠠᠭᠠᠤᠨ ᠴᠢᠮ᠎ᠠ ᠳᠤ ᠳᠤᠰᠠ ᠪᠣᠯᠵᠤ ᠮᠠᠳᠠᠨ᠎ᠡ᠃ ᠭᠡᠦᠭᠡ᠂ ᠴᠢ ᠳᠠᠠᠳᠠ ᠪᠠᠢ᠌ᠭ᠎ᠠ ᠬᠤᠭᠤᠷᠬᠠᠢ ᠭᠠᠯ ᠤᠨ ᠭᠢᠮᠰᠠ ᠶᠢ ᠠᠪᠠᠭ᠎ᠠ ᠳᠤ ᠪᠠᠨ ᠠᠪᠴᠢᠷᠠᠭᠠᠤᠨ ᠥᠭ᠍ᠴᠢᠭᠡ ᠭᠡᠵᠤ ᠭᠦᠤ ᠪᠠᠨ ᠵᠠᠷᠤᠪᠠ᠃ ᠮᠤᠯᠤᠮ ᠡᠭᠦᠷᠭᠡ ᠪᠠᠨ ᠡᠭᠦᠷᠴᠤ᠂ ᠭᠡᠷ ᠡᠴᠠ ᠭᠠᠷᠬᠤ ᠳᠤ᠂ ᠨᠠᠩᠰᠠᠯᠮ᠎ᠠ ᠬᠡᠦᠬᠡᠳ ᠶᠢᠡᠨ ᠣᠷᠭᠢᠨ᠂ ᠶᠡᠭᠡ ᠬᠤᠯᠠ ᠭᠦᠷᠳᠡᠯ᠎ᠡ ᠦᠳᠡᠪᠠ᠃ ᠳᠠᠷᠠ ᠬᠠᠮᠤᠭ ᠰᠡᠭᠦᠯ ᠳᠤ ᠭᠠᠷ ᠶᠢᠡᠨ ᠨᠤᠬᠤᠯᠤᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠣᠳᠠᠭ᠎ᠠ ᠳᠠᠨ ᠢ ᠳᠠᠩᠴᠢ ᠵᠤᠪᠠᠭᠠᠯ᠎ᠠ᠂ ᠳᠠ ᠮᠥᠩᠭᠡ ᠵᠤᠤ ᠳᠤ ᠣᠴᠢᠭᠠᠤᠨ ᠪᠣᠴᠠᠬᠤ ᠵᠠᠮ ᠳᠠᠭᠠᠨ ᠶᠠᠭᠠᠭᠢᠭᠰᠠᠨ ᠴᠤ ᠮᠠᠨ ᠤ ᠳᠤ ᠢᠷᠠᠵᠤ᠂ ᠬᠤᠶᠠᠷ ᠬᠤᠨᠤᠭ ᠠᠮᠠᠷᠠᠭᠠᠷᠠᠢ ᠭᠡᠵᠤ ᠭᠡᠯᠡᠭᠡᠳ᠂ ᠠᠷᠭ᠎ᠠ ᠨᠢ ᠪᠠᠷᠠᠭᠳᠠᠭᠰᠠᠨ ᠪᠠᠢ᠌ᠳᠠᠯ ᠲᠡᠶ ᠪᠠᠷ ᠵᠡᠷᠭᠡᠴᠡᠨ ᠠᠯᠬᠤᠯᠠᠵᠤ ᠯᠠ ᠪᠠᠢ᠌ᠪᠠ᠃ ᠮᠤᠯᠤᠮ ᠡᠳᠡᠭᠡᠷ ᠭᠦᠳᠡᠯᠦᠯ ᠪᠠᠷᠢᠯ ᠢ ᠨᠢ ᠥᠵᠡᠭᠡᠳ᠂ ᠬᠡᠦᠬᠡᠳ ᠶᠢᠡᠨ ᠬᠠᠶᠠᠨ ᠭᠠᠭᠴᠠᠭᠠᠷ ᠦᠳᠡᠵᠤ ᠪᠠᠢ᠌ᠭ᠎ᠠ ᠲᠠᠢ ᠨᠢ ᠬᠤᠯᠪᠤᠨ ᠪᠣᠳᠤᠵᠤ᠂ ᠡᠨᠡ ᠳᠤᠳᠤᠷ᠎ᠠ ᠨᠢ ᠣᠴᠢᠷ ᠲᠡᠶ ᠭᠡᠵᠢ ᠦᠦ︖ ᠭᠡᠵᠤ ᠳᠠᠭᠠᠮᠠᠭᠯᠠᠵᠤ ᠡᠭᠢᠯᠡᠪᠡ᠃ ᠯᠠᠮᠠ ᠴᠤ ᠠᠳᠠᠯᠢᠬᠠᠨ ᠴᠢᠰᠤ ᠮᠢᠬ᠎ᠠ ᠪᠠᠷ ᠪᠦᠳᠦᠭ᠍ᠰᠡᠨ ᠭᠦᠮᠤᠨ ᠪᠣᠯᠬᠤᠷ ᠢᠵᠢᠯ ᠪᠣᠰᠤ ᠴᠢᠨᠠᠷ ᠶᠢᠡᠨ ᠥᠵᠡᠭ᠍ᠰᠡᠨ ᠡᠨᠡ ᠮᠦᠴᠡ ᠳᠤ ᠳᠠᠷᠠ᠂ ᠰᠠᠭᠢᠯ ᠰᠠᠠᠸᠠᠷ ᠭᠡᠰᠡᠨ ᠬᠤᠭᠤᠰᠤᠨ ᠶᠠᠭᠤᠮ᠎ᠠ ᠶᠢ ᠬᠤᠯᠠ ᠰᠢᠳᠠᠨ ᠶ‍ᠪᠣᠭᠤᠯᠵᠤ᠂ ᠵᠤᠷᠢᠯᠭ᠎ᠠ ᠲᠡᠶ ᠪᠠᠷ ᠭᠠᠷ ᠶᠢᠡᠨ ᠰᠤᠩᠭ᠋ᠠᠭᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠ ᠰᠠᠢ᠌ᠨ ᠰᠠᠭᠤᠭᠠᠷᠠᠢ︕ ᠪᠢ ᠬᠠᠷᠢᠬᠤ ᠵᠠᠮ ᠳᠠᠭᠠᠨ ᠳᠠᠭᠢᠨ ᠳᠠᠨ ᠤ ᠳᠤ ᠢᠷᠠᠶ᠎ᠠ ᠭᠡᠵᠤ ᠭᠠᠷ ᠢ ᠨᠢ ᠠᠳᠬᠤᠬᠤ ᠶᠢᠨ ᠬᠠᠮᠳᠤ ᠵᠤᠷᠢᠭᠤᠳᠠ ᠡᠯᠢᠭᠡ ᠪᠠᠨ ᠨᠠᠭᠠᠯᠳᠤᠭᠤᠯᠤᠨ ᠳᠠᠪᠠᠷᠢᠵᠤ ᠰᠠᠯᠬᠤ ᠶᠤᠰᠤ ᠭᠢᠪᠠ᠃ ᠡᠨᠡ ᠨᠢᠭᠡ ᠳᠡᠪᠠᠷᠢᠯᠭᠡ ᠳᠠᠷᠠ ᠬᠤᠶᠠᠭᠤᠯᠠ ᠶᠢᠨ ᠬᠤᠭᠤᠷᠤᠠᠳᠤ ᠳᠤᠯᠤᠭ᠎ᠠ ᠬᠤᠨᠤᠭ ᠤᠨ ᠳᠤᠷᠰᠢ ᠤᠢ᠌ᠷᠠᠳᠬᠤ ᠦᠭᠡᠶ ᠪᠠᠢ᠌ᠭᠰᠠᠨ ᠵᠠᠢ ᠶᠢ ᠥᠭᠡᠢ᠌ᠰᠭᠡᠨ᠂ ᠴᠢᠨᠠᠭᠰᠢ ᠵᠢᠭᠤᠷᠠᠯᠴᠠᠬᠤ ᠭᠡᠮᠵᠢᠶᠡᠨ ᠳᠤ ᠭᠦᠷᠭᠡᠭ᠍ᠰᠡᠨ ᠪᠣᠯᠪᠠᠴᠤ ᠳᠦᠴᠢ ᠳᠠᠪᠢᠨ ᠨᠠᠰᠤᠨ ᠤ ᠭᠡᠷᠰᠡᠤ ᠣᠬᠠᠭ᠎ᠠ ᠭᠡᠰᠡᠨ ᠶᠠᠭᠤᠮ᠎ᠠ᠂ ᠳᠠᠷᠠ ᠬᠤᠶᠠᠭᠤᠯᠠ ᠶᠢ ᠲᠦᠷ ᠰᠠᠯᠭᠠᠵᠤ᠂ ᠳᠠᠭᠢᠨ ᠠᠭᠤᠯᠵᠠᠬᠤ ᠶᠢᠨ ᠪᠣᠯᠵᠤᠭ᠎ᠠ ᠪᠠᠷ ᠦᠨᠳᠦᠷᠯᠠᠵᠤ ᠪᠢᠯᠠ᠃ ᠮᠤᠯᠤᠮ ᠤᠨ ᠥᠵᠡᠭᠦ ᠪᠠᠷ᠂ ᠱᠠᠰᠢᠨ ᠰᠤᠷᠳᠠᠬᠤᠨ ᠪᠣᠯ ᠨᠢᠭᠡ ᠵᠣᠢ᠌ᠯ ᠤᠨ ᠰᠢᠡᠵᠢᠯᠡᠭᠦ ᠣᠬᠠᠭᠠᠨ ᠶᠢᠡᠷ ᠳᠠᠢ᠌ᠯᠵᠤ ᠴᠢᠳᠠᠭᠠᠳᠤᠢ ᠲᠤᠢ᠌ᠯ ᠤᠨ ᠳᠡᠭᠡᠳᠤ ᠭᠡᠮᠵᠢᠶᠡᠨ ᠤ ᠰᠢᠡᠵᠢᠯᠡᠭᠦ ᠣᠬᠠᠭᠠᠨ ᠮᠦᠨ᠃ ᠳᠡᠭᠦᠨ ᠢ ᠹᠧᠥᠳᠠᠯ ᠤᠨ ᠨᠤᠶᠠᠷᠬᠠᠭᠴᠢ ᠠᠩᠭᠢ ᠣᠷᠳᠤ ᠬᠤᠭᠤᠴᠠᠭ᠎ᠠ ᠪᠠᠷ ᠦᠪᠡᠷ ᠤᠨ ᠠᠰᠢᠭ ᠳᠤᠰᠠ ᠳᠤ ᠪᠠᠨ ᠥᠢᠯᠡᠴᠢᠯᠡᠭᠦᠯᠦᠭ᠍ᠰᠡᠨ ᠡᠴᠠ ᠣᠯᠠᠨ ᠨᠠᠵᠠᠭᠠᠢ ᠳᠠᠯ᠎ᠠ ᠲᠡᠶ ᠪᠣᠯᠵᠠᠢ ᠭᠡᠨ᠎ᠡ᠃ ᠮᠦᠨ ᠴᠤ ᠶᠠᠮᠠᠷᠪᠠ ᠭᠦᠮᠤᠨ ᠱᠠᠰᠢᠨ ᠰᠢᠳᠦᠭᠦ ᠳᠡᠭᠡᠨ ᠰᠠᠢ᠌ᠨ ᠢ ᠨᠢ ᠰᠢᠩᠭᠡᠭᠡᠨ ᠠᠪᠴᠤ᠂ ᠰᠢᠭᠠᠷᠤ ᠶᠢ ᠨᠢ ᠬᠠᠶᠠᠬᠤ ᠭᠡᠷᠡᠭ᠍ᠳᠡᠢ ᠭᠡᠨ᠎ᠡ᠃


             (ᠳᠦᠷᠪᠠ)


ᠮᠤᠯᠤᠮ ᠳᠠᠠᠳᠠ ᠡᠴᠠ ᠭᠠᠷᠤᠭᠠᠤᠨ ᠴᠤᠬᠤᠮ ᠭᠡᠳᠦᠢ ᠣᠳᠠᠭᠰᠠᠨ ᠢ ᠬᠤᠷᠤᠭᠤ ᠳᠠᠷᠤᠨ ᠬᠤᠨᠤᠭ ᠳᠤᠭᠠᠯᠠᠭᠰᠠᠨ ᠦᠭᠡᠶ᠃ ᠶᠠᠭᠤ ᠴᠤ ᠭᠡᠰᠡᠨ ᠣᠳᠤ᠂ ᠮᠥᠩᠭᠡ ᠵᠤᠤ ᠳᠤ ᠭᠦᠷᠳᠡᠯ᠎ᠡ ᠪᠦᠭᠦᠯᠢ ᠬᠤᠶᠠᠷ ᠡᠳᠦᠷ ᠤᠨ ᠵᠠᠮ ᠯᠠ ᠦᠯᠠᠳᠠᠵᠤ ᠪᠠᠢ᠌ᠨ᠎ᠠ ᠭᠡᠵᠤ ᠠᠭᠤᠯᠵᠠᠭᠰᠠᠨ ᠭᠦᠮᠦᠰ ᠭᠡᠯᠡᠵᠡᠢ᠃ ᠡᠨᠡ ᠦᠶᠡᠰ ᠳᠠᠯᠠᠢ ᠯᠠᠮᠠ ᠡᠴᠠ ᠭᠡᠨᠡᠳᠲᠡ ᠵᠠᠷᠯᠢᠭ ᠪᠠᠭᠤᠯᠭᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠡᠭᠦᠨ ᠬᠣᠢ᠌ᠨ᠎ᠠ ᠡᠴᠠ ᠬᠤᠨᠤᠭ ᠤᠨ ᠭᠠᠵᠠᠷ ᠲᠤ ᠨᠢᠭᠡᠨ ᠳᠤᠮᠤ ᠥᠭᠯᠢᠭᠡ ᠶᠢᠨ ᠡᠵᠡᠨ ᠨᠠᠰᠢ ᠶᠠᠪᠠᠭᠠᠨ ᠶᠢᠡᠷ ᠶᠠᠪᠣᠵᠤ ᠪᠠᠢ᠌ᠨ᠎ᠠ᠃ ᠳᠦᠷᠭᠡᠨ ᠳᠤᠰᠴᠤ ᠢᠷ᠎ᠠ ᠭᠡᠪᠡ᠃ ᠭᠠᠷ ᠳᠤᠤᠷᠠᠭᠢ ᠭᠦᠮᠦᠰ ᠨᠢ ᠳᠡᠷᠭᠡ ᠣᠨᠤᠭ᠎ᠠ ᠭᠦᠭᠯᠡᠨ᠂ ᠦᠷᠯᠦᠭᠡ ᠡᠴᠠ ᠣᠷᠤᠢ ᠪᠣᠯᠳᠠᠯ᠎ᠠ ᠡᠷᠢᠭ᠍ᠰᠡᠨ ᠪᠣᠯᠪᠠᠴᠤ ᠣᠯᠤᠭᠰᠠᠨ ᠦᠭᠡᠶ ᠪᠣᠴᠠᠵᠤ ᠢᠷᠠᠪᠠ᠃ ᠳᠠᠯᠠᠢ ᠯᠠᠮᠠ ᠦᠳᠡᠰᠢ᠂ ᠡᠷᠢᠭᠦ ᠪᠠᠷ ᠶᠠᠪᠣᠭᠰᠠᠨ ᠭᠤᠷᠪᠠᠨ ᠪᠦᠯᠦᠭ᠌ ᠭᠦᠮᠦᠰ ᠶᠢᠡᠨ ᠳᠠᠭᠤᠳᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠯᠤᠭᠰᠠᠨ ᠦᠦ︖ ᠭᠡᠵᠤ ᠠᠰᠠᠭᠤᠪᠠ᠃ ᠭᠠᠷ ᠳᠤᠤᠷᠠᠭᠢ ᠭᠦᠮᠦᠰ ᠨᠢ ᠳᠤᠯᠤᠭᠠᠢ ᠪᠠᠨ ᠰᠠᠵᠢᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠭᠦᠯᠢ ᠨᠢᠭᠡ ᠡᠳᠦᠷ ᠶᠠᠪᠣᠭᠰᠠᠨ ᠪᠣᠯᠪᠠᠴᠤ ᠥᠭᠯᠢᠭᠡ ᠶᠢᠨ ᠡᠵᠡᠨ ᠭᠡᠮᠡᠷ ᠭᠦᠮᠤᠨ ᠨᠢᠭᠡ ᠴᠤ ᠳᠠᠭᠠᠷᠠᠯᠳᠤᠭᠰᠠᠨ ᠦᠭᠡᠶ᠃ ᠵᠥᠪᠭᠡᠨ ᠨᠢᠭᠡ ᠡᠭᠦᠷᠭᠡ ᠪᠠᠨ ᠡᠭᠦᠷᠦᠭ᠍ᠰᠡᠨ ᠪᠠᠳᠠᠷᠴᠢ ᠯᠠᠮᠠ ᠯᠠ ᠶᠠᠪᠣᠵᠤ ᠪᠠᠢ᠌ᠪᠠ ᠭᠡᠪᠡ᠃ ᠳᠠᠯᠠᠢ ᠯᠠᠮᠠ ᠳᠠᠷᠠ ᠳᠤᠤᠷ᠎ᠠ ᠨᠢ ᠡᠪᠦᠳᠦᠭ᠌ ᠶᠢᠡᠨ ᠠᠯᠠᠭᠠᠳᠠᠨ ᠭᠠᠰᠠᠯᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠷᠠ ᠡᠭᠦᠷᠭᠡ ᠪᠠᠨ ᠡᠭᠦᠷᠦᠭ᠍ᠰᠡᠨ ᠪᠠᠳᠠᠷᠴᠢ ᠯᠠᠮᠠ ᠴᠢᠨᠢ ᠳᠤᠮᠤ ᠥᠭᠯᠢᠭᠡ ᠶᠢᠨ ᠡᠵᠡᠨ ᠮᠦᠨ᠃ ᠮᠠᠷᠭᠠᠰᠢ ᠳᠦᠷᠭᠡᠨ ᠳᠤᠰᠴᠤ ᠢᠷ᠎ᠠ ᠭᠡᠪᠡ᠃

ᠮᠠᠷᠭᠠᠰᠢ ᠦᠷᠯᠦᠭᠡ ᠨᠢ ᠦᠷ ᠤᠨ ᠳ᠋ᠦ᠋ᠩ ᠶᠢᠡᠷ ᠶᠠᠪᠣᠭᠰᠠᠨ ᠭᠦᠮᠦᠰ ᠦᠳᠡ ᠪᠣᠯᠬᠤ ᠳᠤ ᠮᠤᠯᠤᠮ ᠢ ᠬᠠᠰᠠᠭ ᠳᠡᠷᠭᠡᠨ ᠳᠡᠭᠡᠨ ᠰᠠᠭᠤᠯᠭᠠᠴᠢᠬᠠᠭᠰᠠᠨ ᠭᠦᠷᠦᠭᠡᠳ ᠢᠷᠠᠯ᠎ᠠ᠃ ᠭᠦᠭᠡᠷᠦᠭᠦᠢ ᠮᠤᠯᠤᠮ ᠮᠢᠨᠢ ᠮᠥᠩᠭᠡ ᠵᠤᠤ ᠳᠤ ᠢᠷᠡᠮᠡᠭ᠍ᠴᠡ᠂ ᠥᠵᠡᠭ᠍ᠰᠡᠨ ᠦᠭᠡᠶ ᠪᠠᠨ ᠦᠵᠡᠵᠤ᠂ ᠥᠭᠡᠷ ᠴᠠᠮ ᠬᠠᠷᠠᠢ᠌ᠪᠠ ᠭᠡᠭ᠍ᠴᠢ ᠶᠢ ᠭᠢᠵᠤ ᠪᠢᠯᠠ᠃ ᠳᠠᠷᠠ ᠰᠦᠮ᠎ᠡ ᠪᠠᠢ᠌ᠪᠠᠯ ᠮᠦᠷᠭᠦᠵᠤ᠂ ᠪᠣᠷᠬᠠᠨ ᠦᠵᠡᠪᠠᠯ ᠠᠳᠢᠰᠯᠠᠨ᠂ ᠯᠠᠮᠠ ᠠᠭᠤᠯᠵᠠᠪᠠᠯ ᠵᠠᠯᠪᠢᠷᠠᠭᠰᠠᠭᠠᠷ ᠳᠠᠯᠠᠢ ᠯᠠᠮᠠ ᠶᠢᠨ ᠣᠷᠳᠤᠨ ᠳᠤ ᠭᠦᠷᠴᠤ ᠢᠷᠠᠪᠠ᠃ ᠰᠦᠮ᠎ᠡ ᠶᠢᠨ ᠭᠦᠷᠢᠶᠡᠨ ᠳ᠋ᠤᠨᠢ ᠣᠷᠤᠮᠠᠭᠴᠠ ᠭᠤᠷᠪᠠᠨ ᠳᠤᠯᠤᠭᠠᠢ ᠨᠠᠮᠠᠠᠴᠢᠯᠠᠨ ᠮᠦᠷᠭᠦᠭ᠍ᠰᠡᠨ ᠶᠢᠡᠨ᠂ ᠮᠦᠷᠭᠦᠯᠴᠢᠨ ᠤ ᠣᠷᠳᠤ ᠵᠢᠭᠰᠠᠭᠠᠯ ᠳᠤ ᠱᠠᠯᠠᠪᠬᠠᠨ ᠣᠷᠤᠪᠠ᠃ ᠡᠨ︕ ᠳᠠᠯᠠᠢ ᠯᠠᠮᠠ ᠳᠤ ᠪᠠᠷᠠᠳᠠᠨ᠎ᠠ ᠭᠡᠭ᠍ᠴᠢ ᠥᠨᠡᠭᠡᠷ ᠲᠦᠮᠡᠨ ᠭᠠᠵᠠᠷ ᠢ ᠳᠤᠭᠤᠯᠤᠨ᠂ ᠮᠢᠩᠭ᠋ᠠᠨ ᠪᠣᠭᠤᠮᠳᠠ ᠶᠢ ᠳᠠᠪᠠᠬᠤ ᠭᠡᠷᠡᠭ᠍ᠳᠡᠢ ᠪᠠᠢ᠌ᠯ᠎ᠠ᠃ ᠨᠠᠷᠠ ᠰᠢᠩᠭᠡᠭᠦ ᠦᠶᠡᠰ ᠶᠢᠡᠷ ᠠᠷᠠᠢ ᠭᠡᠵᠤ ᠪᠣᠱᠤᠭ᠎ᠠ ᠳᠡᠭᠡᠷ᠎ᠡ ᠨᠢ ᠢᠷᠠᠪᠠ᠃ ᠳᠠᠷᠠ᠂ ᠭᠡᠷ ᠳᠤᠨᠢ ᠣᠷᠤᠮᠠᠭᠴᠠ ᠶᠠᠭᠤᠨ ᠤ ᠤᠷᠢᠳ ᠭᠤᠷᠪᠠᠨ ᠳᠤᠯᠤᠭᠠᠢ ᠠᠯᠳᠠ ᠮᠦᠷᠭᠦᠭ᠍ᠰᠡᠨ ᠶᠢᠡᠨ᠂ ᠬᠠᠳᠠᠭ ᠶᠢᠡᠨ ᠳᠡᠯᠭᠡᠨ᠂ ᠳᠡᠭᠡᠷ᠎ᠡ ᠨᠢ ᠦᠨᠦᠭᠢ ᠬᠠᠢ ᠳᠠᠮᠤᠷ ᠶᠢᠡᠨ ᠳᠠᠯᠪᠢᠵᠤ᠂ ᠡᠷᠭᠦᠨ ᠳᠡᠪᠰᠢᠭᠦᠯᠭᠦ ᠶᠢᠨ ᠬᠠᠮᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠣᠷᠳᠤᠰ ᠡᠴᠠ ᠢᠷᠡᠭ᠍ᠰᠡᠨ ᠦᠴᠦᠭᠡᠨ ᠯᠠᠮᠠ ᠮᠤᠯᠤᠮ ᠪᠠᠢ᠌ᠨ᠎ᠠ᠃ ᠶᠡᠭᠡ ᠪᠠᠭᠰᠢ ᠡᠴᠠ ᠬᠤᠪᠢᠯᠭᠠᠨ ᠰᠢᠳᠢ ᠪᠠᠨ ᠬᠠᠢ᠌ᠷᠠᠯᠠᠵᠤ᠂ ᠮᠢᠨᠤ ᠨᠤᠳᠤᠭ ᠤᠨ ᠠᠢ᠌ᠯ ᠠᠢ᠌ᠮᠠᠭ᠂ ᠠᠬᠠᠨ ᠳᠡᠭᠦᠦᠰ ᠢ ᠠᠯᠢᠪᠠ ᠮᠠᠭᠤ ᠮᠠᠭᠤᠬᠠᠢ᠂ ᠭᠠᠢ ᠪᠠᠷᠴᠢᠳ ᠡᠴᠠ ᠰᠠᠯᠭᠠᠨ᠂ ᠡᠩᠭᠡ ᠠᠮᠤᠭᠤᠯᠠᠩ᠂ ᠲᠦᠪᠰᠢᠨ ᠵᠢᠷᠭᠠᠯ ᠲᠡᠶ ᠠᠮᠢᠳᠤᠷᠠᠭᠤᠯᠬᠤ ᠪᠣᠯᠪᠠᠤ︖ ᠭᠡᠪᠡ᠃ ᠳᠡᠭᠦᠨ ᠤ ᠭᠡᠯᠡᠭ᠍ᠰᠡᠨ ᠥᠭᠡ ᠶᠢ ᠨᠢ ᠰᠤᠨᠤᠰᠴᠤ᠂ ᠦᠭ‍ᠭᠦᠭ᠍ᠰᠡᠨ ᠪᠠᠯᠡᠭ᠌ ᠢ ᠨᠢ ᠥᠵᠡᠭ᠍ᠰᠡᠨ ᠮᠦᠷᠭᠦᠯᠴᠢᠳ ᠬᠠᠷᠢᠨ ᠶᠡᠭᠡ ᠭᠠᠢ᠌ᠬᠠᠨ ᠪᠢᠰᠢᠷᠠᠵᠤ ᠪᠢᠯᠠ᠃ ᠨᠤᠳᠤᠭ ᠣᠰᠤ᠂ ᠠᠢ᠌ᠯ ᠠᠢ᠌ᠮᠠᠭ ᠭᠡᠵᠤ ᠪᠣᠰᠤᠳ ᠤᠨ ᠲᠦᠯᠦᠭᠡ ᠪᠣᠳᠤᠨ᠂ ᠳᠠᠢ᠌ᠮᠤ ᠬᠤᠯᠠ ᠡᠴᠠ ᠡ᠊ᠨᠳᠡ ᠢᠷᠠᠨ᠎ᠡ ᠭᠡᠭ᠍ᠴᠢ ᠥᠨᠡᠭᠡᠷ ᠠᠮᠤᠷ ᠦᠭᠡᠶ ᠭᠡᠵᠤ ᠰᠡᠮᠡᠭᠡᠷ ᠶᠠᠷᠢᠯᠴᠠᠵᠠᠭᠠᠨ᠎ᠠ᠃ ᠮᠤᠯᠤᠮ ᠬᠠᠷᠢᠨ ᠢᠩᠭᠢᠵᠤ ᠭᠡᠯᠡᠭ᠍ᠰᠡᠨ ᠳᠡᠭᠡᠨ ᠬᠠᠷᠠᠮᠰᠠᠬᠤ ᠦᠭᠡᠶ ᠮᠦᠷᠳᠡᠭᠡᠨ ᠠᠮᠵᠢᠯᠳᠠ ᠣᠯᠬᠤ ᠶᠢᠨ ᠢᠳᠡᠭᠡᠯ ᠳᠦᠭᠦᠷᠡᠩ ᠪᠠᠢ᠌ᠪᠠ᠃ ᠳᠡᠭᠦᠨ ᠤ ᠥᠵᠡᠭᠦ ᠪᠠᠷ᠂ ᠮᠥᠩᠭᠡ ᠵᠤᠤ ᠳᠤ ᠬᠠᠷ᠎ᠠ ᠠᠮᠢ ᠪᠠᠨ ᠪᠣᠳᠤᠭᠰᠠᠨ ᠮᠦᠷᠭᠦᠯᠴᠢᠨ ᠶᠢᠡᠷ ᠳᠦᠭᠦᠷᠡᠩ ᠪᠠᠢ᠌ᠵᠤ᠂ ᠦᠷᠦᠭᠡᠯ ᠪᠣᠰᠤᠳ ᠢ ᠪᠣᠳᠤᠭᠰᠠᠤᠨ ᠳᠤᠩ ᠴᠥᠭᠡᠨ ᠪᠠᠢ᠌ᠨ᠎ᠠ ᠭᠡᠨ᠎ᠡ᠃ ᠡᠢ᠌ᠮᠤ ᠡᠴᠠ ᠳᠠᠯᠠᠢ ᠯᠠᠮᠠ ᠳᠡᠭᠦᠨ ᠢ ᠭᠡᠭᠡᠨ ᠳᠡᠭᠡᠨ ᠳᠤᠩᠭ᠋ᠠᠭᠠᠬᠤ ᠶᠤᠮ ᠭᠡᠵᠤ ᠳᠤᠳᠤᠷ᠎ᠠ ᠪᠠᠨ ᠰᠠᠢ᠌ᠯᠵᠤ ᠪᠠᠢ᠌ᠯ᠎ᠠ᠃ ᠳᠡᠭᠡᠳᠡᠯ᠎ᠡ᠂ ᠳᠠᠯᠠᠢ ᠯᠠᠮᠠ ᠦᠢ᠌ ᠲᠦᠮᠡᠨ ᠮᠦᠷᠭᠦᠯᠴᠢᠨ ᠢ ᠳᠤᠰᠬᠤ ᠲᠡᠶ ᠪᠠᠨ ᠠᠳᠠᠯᠢ ᠪᠠᠷ ᠳᠡᠭᠦᠨ ᠤ ᠬᠠᠳᠠᠭ ᠢ ᠨᠢ ᠠᠪᠴᠤ᠂ ᠡᠷᠢᠭᠡ ᠪᠠᠨ ᠳᠤᠯᠤᠭᠠᠢ ᠳᠡᠭᠡᠷ᠎ᠡ ᠨᠢ ᠳᠤᠯᠭᠠᠨ ᠠᠳᠢᠰᠯᠠᠭᠰᠠᠨ ᠶᠢᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ︕ ᠣᠷᠢᠳᠠᠪᠠᠷ ᠭᠦᠰᠡᠯ ᠢ ᠴᠢᠨᠢ ᠪᠠᠶᠡᠯᠡᠭᠦᠯᠭᠦ ᠠᠷᠭ᠎ᠠ ᠵᠠᠮ ᠢ ᠵᠢᠭᠠᠵᠤ ᠦᠭ‍ᠭᠦᠶ᠎ᠡ᠃ ᠶᠠᠭᠤᠨ ᠤ ᠤᠷᠢᠳ ᠮᠥᠩᠭᠡ ᠵᠤᠤ ᠶᠢᠨ ᠯᠠᠮᠠ ᠨᠡᠷ ᠢ ᠳᠤᠯᠤᠭᠠᠨ ᠳᠤᠯᠤᠭ᠎ᠠ ᠳᠦᠴᠢ ᠶ‍ᠢᠰᠤ ᠬᠤᠨᠤᠭ ᠬᠤᠷᠠᠯ ᠬᠤᠷᠠᠭᠤᠯ᠃ ᠳᠠᠷᠠᠭ᠎ᠠ ᠨᠢ ᠴᠢᠨᠤ ᠡᠨᠡ ᠦᠭ‍ᠭᠦᠭ᠍ᠰᠡᠨ ᠪᠠᠯᠡᠭ᠌ ᠢ ᠶᠠᠷᠢᠶ᠎ᠠ᠃ ᠡᠨᠡ ᠬᠠᠢ ᠳᠠᠮᠤᠷ ᠴᠢᠨᠢ ᠴᠤᠯᠤ ᠠᠯᠳᠠ ᠪᠠᠢ᠌ᠨ᠎ᠠ᠂ ᠮᠥᠩᠭᠡ ᠵᠤᠤ ᠶᠢᠨ ᠯᠠᠮᠠ ᠨᠡᠷ ᠢ ᠪᠦᠭᠦᠯᠢ ᠨᠢᠭᠡ ᠵᠢᠯ ᠴᠤ ᠬᠤᠷᠠᠯ ᠬᠤᠷᠠᠭᠤᠯᠵᠤ ᠭᠦᠷᠤᠨ᠎ᠡ᠂ ᠴᠢ ᠡᠭᠦᠨ ᠶᠢᠡᠨ ᠠᠪᠠᠴᠢᠨ ᠬᠤᠷᠠᠯ ᠬᠤᠷᠠᠭᠤᠯᠬᠤ ᠳᠤ ᠭᠡᠷᠡᠭᠯᠨ ᠭᠡᠳ ᠬᠠᠳᠠᠭ ᠢ ᠨᠢ ᠠᠪᠴᠤ᠂ ᠠᠯᠳᠠ ᠶᠢ ᠨᠢ ᠪᠣᠴᠠᠭᠠᠪᠠ᠃ ᠮᠤᠯᠤᠮ ᠭᠠᠳᠠᠨ᠎ᠠ ᠭᠠᠷᠴᠤ ᠢᠷᠡᠮᠡᠭ᠍ᠴᠡ᠂ ᠠᠵᠢᠯ ᠪᠠᠢ᠌ᠷᠢᠯᠠᠭᠤᠯᠬᠤ ᠪᠠᠷ ᠳᠠᠭᠠᠭᠰᠠᠨ ᠨᠢᠷᠪᠠ ᠳ᠋ᠤᠨᠢ ᠬᠠᠢ ᠳᠠᠮᠤᠷ ᠤᠨ ᠬᠤᠭᠤᠷᠬᠠᠢ ᠨᠢᠭᠡ ᠭᠡᠰᠡᠭ᠌ ᠢ ᠥᠭ᠍ᠴᠤ᠂ ᠳᠦᠴᠢ ᠶ‍ᠢᠰᠤ ᠬᠤᠨᠤᠭ ᠤᠨ ᠢᠳᠠᠵᠤ ᠣᠤᠭᠤᠬᠤ ᠶᠢ ᠳᠡᠭᠦᠨ ᠳᠤ ᠳᠠᠭᠠᠭᠠᠯᠭᠠᠪᠠ᠃

ᠮᠢᠨᠤ ᠥᠵᠡᠭᠦ ᠪᠠᠷ᠂ ᠭᠡᠨ᠂ ᠬᠠᠮᠢᠭ᠎ᠠ᠂ ᠶᠠᠭᠤ ᠭᠢᠭᠦ ᠳᠤ ᠴᠤ ᠢᠮᠠᠭᠳᠠ ᠳᠠᠷᠢᠭᠢ ᠳᠤᠯᠤᠭᠠᠢ ᠪᠠᠨ ᠭᠦᠳᠡᠯᠭᠡᠭᠦ ᠭᠡᠷᠡᠭ᠍ᠳᠡᠢ᠃ ᠮᠤᠯᠤᠮ ᠤᠨ ᠭᠡᠯᠡᠭ᠍ᠰᠡᠨ ᠪᠠ ᠭᠢᠭ᠍ᠰᠡᠨ ᠡᠴᠠ ᠥᠵᠡᠭᠦ ᠳᠤ ᠯᠠᠪ ᠠᠮᠵᠢᠯᠳᠠ ᠣᠯᠤᠨ᠎ᠠ ᠭᠡᠵᠤ ᠪᠣᠳᠤᠵᠤ ᠪᠠᠢ᠌ᠨ᠎ᠠ᠃ ᠭᠡᠪᠠᠴᠤ ᠡᠷᠢᠶᠡᠨ ᠬᠤᠷᠸ᠎ᠠ᠂ ᠡᠭᠡᠳᠡᠷᠡᠭᠡᠨ ᠲᠡᠶ ᠣᠷᠴᠢᠯᠠᠩ ᠤᠨ ᠣᠴᠢᠷ ᠢ ᠭᠡᠨ ᠮᠡᠳᠡᠭᠦᠪ ︖ ᠡᠨᠡ ᠪᠣᠷᠬᠠᠨ ᠤ ᠣᠷᠤᠨ ᠳᠤ ᠴᠤ ᠠᠷᠤ ᠡᠭᠦᠳᠡ ᠪᠠᠢ᠌ᠵᠤ ᠮᠠᠳᠠᠨ᠎ᠡ ᠁

ᠮᠤᠯᠤᠮ ᠳᠤ ᠬᠠᠶᠠ ᠠᠴᠢ ᠭᠦᠪᠠᠭᠦᠨ ᠪᠣᠯᠤᠨ ᠣᠮᠪᠣᠯ ᠭᠦᠤ ᠨᠢ ᠪᠣᠳᠤᠭᠳᠠᠬᠤ ᠡᠴᠠ ᠭᠠᠳᠠᠨ᠎ᠠ ᠨᠠᠩᠰᠠᠯᠮ᠎ᠠ ᠡᠷᠢᠭ᠍ᠳᠡᠨ᠎ᠡ᠃ ᠭᠡᠪᠠᠴᠤ ᠳᠠᠷᠠ ᠡᠨᠡᠭᠦ ᠪᠣᠷᠬᠠᠨ ᠤ ᠣᠷᠤᠨ ᠳᠤ ᠭᠠᠭᠴᠠ ᠰᠡᠳᠭᠢᠯ ᠢ ᠪᠠᠷᠢᠵᠤ᠂ ᠡᠯᠳᠡᠪ ᠡᠰᠡᠨ ᠶᠠᠭᠤᠮ᠎ᠠ ᠪᠣᠳᠤᠬᠤ ᠶᠢ ᠡᠷᠡᠰ ᠴᠡᠭᠡᠷᠯᠡᠨ᠂ ᠪᠣᠷᠬᠠᠨ ᠶᠢᠡᠨ ᠰᠢᠳᠤᠵᠤ᠂ ᠪᠣᠭᠳᠠ ᠳᠠᠭᠠᠨ ᠵᠠᠯᠪᠢᠷᠠᠨ᠎ᠠ᠃ ᠦᠷᠯᠦᠭᠡ ᠪᠣᠯᠭᠠᠨ ᠷᠠᠰᠢᠶᠠᠨ ᠶᠢᠡᠷ ᠨᠢᠭᠤᠷ ᠶᠢᠡᠨ ᠣᠭᠢᠶᠠᠨ᠂ ᠪᠠᠯᠢᠩ ᠢᠳᠠᠵᠤ᠂ ᠦᠳᠡᠰᠢ ᠪᠦᠷᠢ ᠪᠣᠷᠬᠠᠨ ᠳᠤ ᠮᠦᠷᠭᠦᠨ᠂ ᠵᠤᠯᠠ ᠭᠦᠵᠢ ᠨᠤᠴᠤᠭᠠᠭᠰᠠᠭᠠᠷ ᠳᠦᠴᠢ ᠶ‍ᠢᠰᠤᠨ ᠬᠤᠨᠤᠭ ᠴᠤ ᠨᠢᠳᠤ ᠢᠷᠮᠡᠭᠦ ᠶᠢᠨ ᠵᠠᠭᠤᠷ᠎ᠠ ᠥᠩᠭᠡᠷᠡᠯ᠎ᠡ᠃ ᠦᠨᠦᠳᠤᠷ ᠮᠤᠯᠤᠮ ᠶᠠᠭᠤᠮ᠎ᠠ ᠭᠡᠦᠮ᠎ᠡ ᠪᠠᠨ ᠳᠢᠭᠯᠡᠨ᠂ ᠶᠠᠪᠣᠬᠤ ᠪᠠᠷ ᠪᠡᠯᠡᠳᠭᠡᠭ᠍ᠰᠡᠨ ᠤ ᠳᠠᠷᠠᠭ᠎ᠠ᠂ ᠳᠠᠯᠠᠢ ᠯᠠᠮᠠ ᠲᠡᠶ ᠠᠶᠠᠷᠯᠠᠬᠤ ᠶᠤᠰᠤ ᠭᠢᠭᠦ ᠶᠢᠨ ᠳᠤᠯᠠ ᠭᠦᠷᠴᠤ ᠣᠴᠢᠨ᠂ ᠬᠠᠳᠠᠭ ᠳᠡᠯᠭᠡᠵᠤ᠂ ᠳᠡᠭᠡᠷ᠎ᠡ ᠨᠢ ᠥᠯᠡᠳᠡᠭ᠍ᠰᠡᠨ ᠬᠠᠢ ᠳᠠᠮᠤᠷ ᠶᠢᠡᠨ ᠳᠠᠯᠪᠢᠨ ᠡᠷᠭᠦᠭᠦ ᠶᠢᠨ ᠳᠠᠭᠠᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠪᠢᠯᠭᠠᠨ ᠪᠠᠭᠰᠢ ᠡ᠂ ᠡᠳᠦᠭᠡ ᠳᠦᠴᠢ ᠶ‍ᠢᠰᠤ ᠬᠤᠨᠤᠭ ᠤᠨ ᠬᠤᠷᠠᠯ ᠢ ᠨᠢᠭᠡᠨᠲᠡ ᠬᠤᠷᠠᠭᠠᠤᠨ ᠳᠠᠭᠤᠰᠪᠠ᠃ ᠦᠴᠦᠭᠡᠨ ᠯᠠᠮᠠᠬᠠᠢ ᠪᠢ᠂ ᠳᠠᠨ ᠳᠤ ᠰᠠᠯᠬᠤ ᠶᠤᠰᠤ ᠭᠢᠵᠤ ᠪᠠᠢ᠌ᠨ᠎ᠠ᠃ ᠬᠣᠢ᠌ᠰᠢ ᠶᠢᠨ ᠡᠳᠦᠷ ᠶᠠᠭᠠᠭᠢᠪᠠᠯ ᠰᠠ‍‌ᠶᠢ ᠪᠠᠶᠠᠨ ᠡᠷᠭᠢᠮ ᠶᠠᠪᠣᠵᠤ ᠴᠢᠳᠠᠬᠤ ᠳᠤᠬᠠᠢ ᠰᠤᠷᠭᠠᠯ ᠬᠠᠢ᠌ᠷᠠᠯᠠᠬᠤ ᠪᠣᠯᠪᠠᠤ︖ ᠭᠡᠵᠤ ᠮᠦᠷᠭᠦᠪᠡ᠃ ᠦᠨᠦᠳᠤᠷ ᠳᠠᠯᠠᠢ ᠯᠠᠮᠠ ᠶᠡᠭᠡ ᠰᠡᠯᠡᠭᠦᠤ ᠪᠠᠢ᠌ᠯ᠎ᠠ᠃ ᠳᠠᠷᠠ ᠵᠡᠭᠦᠨ ᠭᠠᠷ ᠲᠠᠭᠠᠨ ᠡᠷᠢᠭᠡ ᠢᠮᠠᠷᠤᠨ᠂ ᠪᠠᠷᠠᠭᠤᠨ ᠭᠠᠷ ᠶᠢᠡᠷ ᠶᠢᠡᠨ ᠮᠤᠯᠤᠮ ᠤᠨ ᠳᠤᠯᠤᠭᠠᠢ ᠶᠢ ᠶᠡᠭᠡ ᠣᠳᠠᠭᠠᠨ ᠪᠠᠷᠢᠵᠤ ᠨᠤᠮᠯᠠᠬᠤ ᠶᠢᠨ ᠳᠠᠰᠢᠷᠠᠮ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠴᠢ ᠭᠡᠷ ᠲᠡᠭᠡᠨ ᠬᠠᠷᠢᠬᠤ ᠳᠠᠭᠠᠨ ᠳᠠᠨ ᠤ ᠪᠠᠷᠠᠭᠤᠨ ᠳᠠᠯ᠎ᠠ ᠳᠤ ᠪᠠᠢ᠌ᠭ᠎ᠠ ᠦᠨᠳᠦᠷ ᠣᠷᠤᠢ ᠳᠡᠭᠡᠭᠦᠷ ᠵᠡᠭᠦᠡᠰᠢ ᠪᠠᠭᠤᠭᠠᠤᠨ ᠠᠰᠬᠠᠨ ᠶᠠᠪᠣ᠂ ᠳᠠᠮᠠᠢ ᠶᠠᠪᠣᠯ ᠦᠭᠡᠶ ᠪᠠᠷ ᠵᠡᠭᠦᠨ ᠳᠦᠭᠦᠮ ᠳ᠋ᠤᠨᠢ ᠬᠤᠶᠠᠷ ᠭᠦᠭᠡ ᠪᠣᠬ᠎ᠠ ᠮᠦᠷᠭᠦᠯᠳᠦᠵᠤ ᠪᠣᠢ᠂ ᠪᠣᠤ ᠬᠠᠮᠢᠶᠠᠷ᠂ ᠳᠤᠮᠳᠠᠭᠤᠷ ᠨᠢ ᠭᠠᠷᠤᠭᠠᠤᠨ ᠦᠷᠭᠦᠯᠵᠢᠯᠡᠨ ᠵᠡᠭᠦᠡᠰᠢ ᠶᠠᠪᠣᠵᠤ ᠪᠠᠢ᠌ᠳᠠᠯ᠎ᠠ ᠶᠠᠮᠠᠷ ᠨᠢᠭᠡᠨ ᠳᠤᠭᠢᠶ᠎ᠠ ᠳᠡᠮᠳᠡᠭ᠌ ᠪᠠᠭᠤᠬᠤ ᠶᠤᠮ᠃ ᠳᠠᠷᠠ ᠭᠠᠵᠠᠷ ᠨᠢ ᠳᠠᠨ ᠤ ᠭᠢ ᠰᠠᠭᠤᠪᠠᠯ ᠪᠠᠶᠠᠨ ᠡᠷᠭᠢᠮ ᠪᠣᠯᠬᠤ ᠨᠢ ᠭᠠᠷᠴᠠᠭ᠎ᠠ ᠦᠭᠡᠶ ᠭᠡᠪᠡ᠃ ᠳᠠᠠᠳᠠ ᠡᠴᠠ ᠭᠦᠳᠡᠯᠭᠦ ᠦᠶᠡᠰ ᠳᠠᠯᠠᠢ ᠯᠠᠮᠠ ᠳᠡᠭᠦᠨ ᠢ ᠮᠥᠩᠭᠡ ᠵᠤᠤ ᠳᠤ ᠭᠦᠡᠳᠤ ᠪᠠᠯᠡᠭ᠌ ᠲᠡᠶ ᠢᠷᠠᠯ᠎ᠠ ᠭᠡᠮᠡᠨ ᠬᠤᠨᠤᠭ ᠤᠨ ᠭᠠᠵᠠᠷ ᠭᠦᠷᠳᠡᠯ᠎ᠡ ᠳᠡᠷᠭᠡ ᠭᠦᠰᠭᠡ ᠪᠠᠷ ᠥᠳᠡᠭᠦᠯᠪᠡ᠃

ᠮᠤᠯᠤᠮ ᠦᠷᠭᠦᠯᠵᠢᠯᠡᠨ ᠴᠢᠨᠠᠭᠰᠢ ᠨᠢᠭᠡ ᠭᠡᠰᠡᠭ᠌ ᠬᠤᠭᠤᠴᠠᠭ᠎ᠠ ᠶᠠᠪᠣᠭᠠᠤᠨ ᠨᠠᠩᠰᠠᠯᠮ᠎ᠠ ᠶᠢᠨ ᠳᠤ ᠭᠦᠷᠴᠤ ᠬᠤᠶᠠᠷ ᠬᠤᠨᠤᠪᠠ᠃ ᠳᠡᠭᠦᠨ ᠳᠤ᠂ ᠡ᠊ᠨᠳᠡᠭᠢ ᠪᠠᠯ ᠰᠢᠭ ᠰᠠᠢ᠌ᠬᠠᠨ ᠠᠮᠢᠳᠤᠷᠠᠯ ᠢ ᠡᠳ᠋ᠯᠡᠭᠡᠳ ᠪᠠᠢ᠌ᠮᠠᠷ ᠰᠠᠨᠠᠭᠳᠠᠪᠠᠴᠤ ᠳᠠᠯᠠᠢ ᠯᠠᠮᠠ ᠶᠢᠨ ᠭᠡᠯᠡᠭ᠍ᠰᠡᠨ ᠥᠭᠡ ᠳᠠᠩᠴᠤ ᠳᠤᠭᠳᠠᠪᠣᠷᠢ ᠠᠯᠳᠠᠭᠤᠯᠵᠤ ᠪᠠᠢ᠌ᠯ᠎ᠠ᠃ ᠳᠠᠷᠠ ᠣᠤᠯ ᠤᠨ ᠭᠡᠯᠡᠭ᠍ᠰᠡᠨ ᠶᠤᠰᠤᠭᠠᠷ᠂ ᠠᠷᠠᠢ ᠭᠡᠵᠤ ᠬᠤᠶᠠᠷ ᠬᠤᠨᠤᠮᠠᠭᠴᠠ ᠬᠠᠰᠢ ᠯᠠ ᠬᠠᠷᠢᠬᠤ ᠵᠠᠮ ᠶᠢᠡᠨ ᠡᠯᠭᠦᠪᠡ᠃ ᠮᠡᠳᠡᠭᠦ ᠦᠭᠡᠶ ᠵᠠᠮ ᠪᠠᠷᠳᠠᠭ᠎ᠠ ᠲᠡᠶ᠂ ᠳᠠᠨᠢᠬᠤ ᠦᠭᠡᠶ ᠭᠦᠮᠤᠨ ᠠᠭᠤᠷ ᠲᠡᠶ ᠭᠡᠭ᠍ᠴᠢ ᠪᠠᠷ ᠢᠷᠡᠭᠦ ᠳᠤ ᠶᠡᠭᠡ ᠭᠦᠴᠢᠷ ᠲᠡᠶ ᠪᠠᠢ᠌ᠭᠰᠠᠨ ᠵᠠᠮ ᠨᠢ ᠬᠠᠷᠢᠨ ᠪᠣᠴᠠᠬᠤ ᠳᠤ ᠰᠤᠨᠢᠨ ᠢᠯᠭᠤᠮᠬᠠᠨ ᠪᠣᠯᠵᠤ᠂ ᠨᠢᠭᠡ ᠮᠡᠳᠡᠭᠦ ᠳᠤ ᠠᠪᠠᠬᠠᠢ ᠬᠤᠷᠠᠬᠤ ᠶᠢᠨ ᠣᠷᠤᠢ ᠪᠠᠷ ᠵᠡᠭᠦᠡᠰᠢ ᠪᠠᠭᠤᠵᠤ ᠪᠠᠢ᠌ᠪᠠ᠃ ᠠᠭᠠᠵᠢᠭᠤ ᠠᠯᠬᠤᠯᠠᠭᠰᠠᠭᠠᠷ ᠪᠠᠢ᠌ᠳᠠᠯ᠎ᠠ᠂ ᠵᠦᠷᠢᠭᠦᠤ ᠵᠠᠭ ᠤᠨ ᠳᠦᠭᠦᠮ ᠳᠤ ᠣᠷᠤᠵᠠᠢ᠃ ᠳᠠᠷᠠ 《ᠠᠪᠣᠷᠠᠯ ᠤᠨ ᠣᠷᠤᠨ ᠳᠤ ᠰᠠᠭᠤᠵᠤ ᠪᠠᠢ᠌ᠯ᠎ᠠ ᠪᠢ᠂ ᠠᠮᠢᠳᠠᠨ ᠲᠦᠮᠡᠨ ᠢ ᠳᠤᠰᠠᠯᠠᠵᠤ ᠪᠠᠢ᠌ᠯ᠎ᠠ ᠪᠢ᠁》 ᠭᠡᠵᠤ ᠳᠠᠭᠤᠤ ᠭᠢᠩᠰᠢᠭ᠍ᠰᠡᠭᠡᠷ ᠶᠠᠪᠣᠵᠤ ᠪᠠᠢ᠌ᠳᠠᠯ᠎ᠠ ᠥᠨᠡᠭᠡᠷ ᠳᠠᠯᠠᠢ ᠯᠠᠮᠠ ᠶᠢᠨ ᠭᠡᠯᠡᠭ᠍ᠰᠡᠨ ᠶᠤᠰᠤᠭᠠᠷ᠂ ᠬᠤᠶᠠᠷ ᠪᠤᠬ᠎ᠠ ᠮᠦᠷᠭᠦᠯᠳᠦᠵᠤ ᠪᠠᠢ᠌ᠯ᠎ᠠ᠃ ᠡᠨᠡ ᠬᠤᠶᠠᠷ ᠭᠦᠭᠡ ᠪᠣᠬ᠎ᠠ ᠨᠢᠭᠡᠨᠲᠡ ᠵᠠᠯᠭ᠎ᠠ ᠭᠡᠳᠤ ᠬᠤᠨᠤᠭ ᠮᠦᠷᠭᠦᠯᠳᠦᠭ᠍ᠰᠡᠨ ᠡᠴᠠ ᠪᠣᠯᠵᠤ᠂ ᠳᠠᠮᠢᠷ ᠳᠡᠩᠭᠡᠭᠡ ᠨᠢ ᠰᠤᠯᠠᠷᠠᠨ᠂ ᠬᠣᠢ᠌ᠰᠢ ᠣᠬᠤᠷᠢᠵᠤ ᠭᠡᠳᠤᠨ ᠵᠠᠭᠤᠨ ᠮᠸᠲ᠋ᠷ ᠪᠣᠯᠤᠭᠰᠠᠨ ᠤ ᠳᠠᠷᠠᠭ᠎ᠠ ᠰᠠ‍‌ᠶᠢ ᠭᠦᠶᠤᠨ ᠢᠷᠠᠵᠤ ᠨᠢᠭᠡ ᠣᠳᠠᠭ᠎ᠠ ᠮᠦᠷᠭᠦᠯᠳᠦᠵᠤ ᠪᠠᠢ᠌ᠪᠠ᠃ ᠮᠤᠯᠤᠮ ᠣᠬᠤᠷᠢᠬᠤ ᠵᠠᠪᠰᠢᠶᠠᠨ ᠶᠢ ᠨᠢ ᠳᠠᠭᠠᠷᠠᠭᠤᠯᠤᠨ ᠳᠤᠮᠳᠠᠭᠤᠷ ᠨᠢ ᠭᠠᠷᠤᠯ᠎ᠠ᠃ ᠭᠡᠳᠡᠯ᠎ᠡ ᠡ᠊ᠨᠳᠡ ᠡᠴᠠ ᠵᠦᠷᠢᠭᠦᠤ ᠵᠠᠭ ᠤᠨ ᠳᠦᠭᠦᠮ ᠤᠨ ᠵᠡᠭᠦᠨ ᠥᠵᠦᠭᠦᠷ ᠭᠦᠷᠳᠡᠯ᠎ᠡ ᠶᠠᠪᠣᠭᠰᠠᠨ ᠪᠣᠯᠪᠠᠴᠤ ᠳᠡᠮᠳᠡᠭ᠌ ᠭᠡᠮᠡᠷ ᠪᠠᠭᠤᠵᠤ ᠢᠷᠡᠭ᠍ᠰᠡᠨ ᠶᠠᠭᠤᠮ᠎ᠠ ᠪᠠᠢ᠌ᠬᠤ ᠦᠭᠡᠶ᠃ ᠳᠠᠷᠠ ᠭᠠᠢ᠌ᠬᠠᠰᠢ ᠠᠯᠳᠠᠪᠠ᠃ ᠦᠭᠡᠶ︕ ᠶᠠᠷᠤ ᠨᠢ ᠥᠵᠡᠭ᠍ᠰᠡᠨ ᠦᠭᠡᠶ ᠥᠩᠭᠡᠷᠡᠴᠢᠭᠡᠪᠡ ᠦᠦ︖ ᠭᠡᠵᠤ ᠡᠷᠭᠢᠵᠤ ᠬᠠᠷᠠᠨ ᠪᠣᠳᠤᠯᠭᠠᠰᠢᠷᠠᠨ᠎ᠠ᠃ ᠭᠡᠷ ᠤᠨ ᠪᠠᠷ᠎ᠠ ᠴᠤ ᠬᠠᠷᠠᠭᠳᠠᠭᠰᠠᠨ ᠪᠣᠯᠬᠤᠷ ᠣᠳᠤ ᠨᠢᠭᠡ ᠠᠯᠬᠤᠮ ᠴᠤ ᠶᠠᠪᠣᠬᠤ ᠳᠤᠷ᠎ᠠ ᠦᠭᠡᠶ᠃ ᠬᠠᠮᠤᠭ ᠰᠡᠭᠦᠯ ᠳᠤ ᠳᠠᠯᠠᠢ ᠯᠠᠮᠠ ᠶᠢᠨ ᠭᠡᠯᠡᠭ᠍ᠰᠡᠨ ᠥᠭᠡ ᠳᠡᠭᠦᠨ ᠳᠤ ᠡᠴᠦᠰ ᠤᠨ ᠭᠦᠴᠤᠨ ᠴᠢᠳᠠᠯ ᠣᠯᠭᠤᠵᠤ᠂ ᠳᠠᠭᠢᠨ ᠣᠷᠤᠭᠰᠢ ᠳᠠᠮᠠᠤᠯᠠᠯ᠎ᠠ᠃

ᠨᠢᠭᠡ ᠠᠯᠬᠤᠮ᠁ ᠬᠤᠶᠠᠷ ᠠᠯᠬᠤᠮ᠁ ᠭᠤᠷᠪᠠ ᠠᠯᠬᠤᠮ᠁ ᠬᠤᠶᠠᠷ ᠵᠠᠭᠤ ᠠᠯᠬᠤᠮ ᠶᠠᠪᠣᠬᠤ ᠳᠤ ᠭᠡᠨᠡᠳᠲᠡ ᠡᠮᠤᠨ᠎ᠡ ᠨᠢ ᠳᠡᠭ᠍ᠷᠢ ᠡᠴᠠ ᠠᠳᠬᠤ ᠠᠷᠪᠠᠢ ᠰᠠᠴᠤᠭᠳᠠᠨ ᠪᠠᠭᠤᠵᠤ ᠢᠷᠠᠪᠠ᠃ ᠮᠤᠯᠤᠮ ᠳᠠᠷᠠ ᠳᠠᠷᠤᠢ ᠳ᠋ᠤᠨᠢ᠂ ᠳᠠᠶ‍ᠠᠭ ᠶᠢᠡᠨ ᠳᠡᠮᠳᠡᠭ᠌ ᠳᠠᠯᠪᠢᠨ ᠪᠣᠰᠬᠠᠭᠠᠤᠨ ᠭᠡᠷ ᠲᠡᠭᠡᠨ ᠬᠠᠷᠢᠯ᠎ᠠ᠃ ᠭᠡᠳᠤ ᠬᠤᠨᠤᠭ ᠤᠨ ᠭᠢᠨᠢ ᠳᠠᠷᠠᠭ᠎ᠠ ᠷᠢᠠᠴᠢᠠᠳᠤᠷᠵᠢ ᠰᠠᠷ᠎ᠠ ᠡᠳᠦᠷ ᠤᠨ ᠰᠠᠢ᠌ᠨ ᠢ ᠲᠤᠬᠢᠶᠠᠯᠳᠤᠭᠤᠯᠤᠨ᠂ ᠠᠪᠠᠭ᠎ᠠ ᠮᠤᠯᠤᠮ ᠤᠨ ᠶᠢᠡᠨ ᠵᠠᠭᠢᠶ᠎ᠠ ᠪᠠᠷ ᠠᠢ᠌ᠯ ᠠᠢ᠌ᠮᠠᠭ ᠤᠨ ᠠᠬ᠎ᠠ ᠳᠡᠭᠦᠤ ᠪᠠᠨ ᠴᠤᠭᠯᠠᠭᠤᠯᠵᠤ᠂ ᠠᠭᠤᠵᠢᠮᠬᠠᠨ ᠳᠠᠰᠤᠯᠭ᠎ᠠ ᠱᠠᠯᠠᠨ ᠭᠡᠷ ᠪᠣᠰᠬᠠᠪᠠ᠃ ᠡᠨᠡ ᠤᠢ᠌ᠷ᠎ᠡ ᠣᠷᠴᠢᠮ ᠤᠨ ᠠᠢ᠌ᠯ ᠤᠳ ᠶᠠᠷᠤ ᠨᠢ ᠠᠯᠢ ᠭᠡᠵᠢᠶᠡᠨᠡᠢ ᠡᠴᠠ ᠭᠡᠨ ᠤ ᠭᠢᠨ ᠳ᠋ᠤᠨᠢ ᠴᠢᠬᠤᠯᠠ ᠭᠡᠷᠡᠭ᠍ᠴᠡᠭᠡ ᠲᠡᠶ ᠪᠣᠯ ᠳᠠᠠᠳᠠ ᠨᠢ ᠳᠠᠶᠠᠭᠠᠷ ᠶᠢᠡᠨ ᠣᠴᠢᠵᠤ ᠬᠠᠮᠵᠢᠳᠠᠭ ᠳᠠᠳᠬᠠᠯ ᠲᠡᠶ ᠶᠤᠮ ᠭᠡᠨ᠎ᠡ᠃ ᠠᠵᠢᠯ ᠳᠠᠭᠤᠰᠬᠤ ᠳᠤ ᠷᠢᠠᠴᠢᠠᠳᠤᠷᠵᠢ ᠢᠷᠭᠡ ᠨᠢᠳᠤᠯᠠᠵᠤ᠂ ᠰᠠᠭᠠᠯᠢ ᠶᠢᠨ ᠠᠷᠢᠭᠢ ᠪᠠᠨ ᠭᠠᠷᠭᠠᠨ᠂ ᠭᠦᠡᠳᠤ ᠪᠠᠷ ᠵᠤᠴᠢᠯᠠᠯ᠎ᠠ᠃ ᠰᠡᠭᠦᠯᠡᠷ ᠨᠢ ᠰᠤᠨᠤᠰᠬᠤᠯᠠᠷ᠂ ᠠᠷᠢᠭᠢᠨ ᠳᠤ ᠰᠤᠭᠳᠤᠭᠰᠠᠨ ᠨᠢᠭᠡ ᠨᠢ ᠮᠠᠷᠭᠠᠰᠢ ᠶᠢᠨ ᠭᠢᠨᠢ ᠪᠠᠭ᠎ᠠ ᠦᠳᠡ ᠳᠤ ᠳᠤᠰᠬᠠᠢ᠌ᠯᠠᠨ ᠢᠷᠠᠵᠤ᠂ ᠭᠡᠯᠡ ᠠᠮᠠ ᠪᠠᠨ ᠴᠤᠯᠴᠢᠷᠠᠭᠤᠯᠤᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠦᠴᠦᠭᠡᠳᠦᠷ ᠪᠢ ᠬᠠᠷᠢᠬᠤ ᠦᠶᠡᠰ ᠳᠠᠨ ᠤ ᠭᠢᠨ ᠡᠴᠠ ᠶᠠᠭᠤ ᠴᠤ ᠠᠪᠴᠤ ᠶᠠᠪᠣᠭᠰᠠᠨ ᠦᠭᠡᠶ᠂ ᠢᠳᠡᠭ᠍ᠰᠡᠨ ᠶᠢᠡᠨ ᠴᠤ ᠳᠠᠨ ᠤ ᠭᠠᠳᠠᠨ᠎ᠠ ᠭᠠᠷᠭᠠᠵᠤ ᠳᠠᠯᠪᠢᠴᠢᠬᠠᠭᠠᠤᠨ ᠶᠠᠪᠣᠪᠠ ᠭᠡᠵᠤ ᠠᠷᠢᠭᠢ ᠣᠤᠭᠤᠭᠠᠤᠨ ᠪᠦᠭᠡᠯᠵᠢᠭ᠍ᠰᠡᠨ ᠶᠢᠡᠨ ᠱᠤᠭ ᠭᠠᠷᠭᠠᠨ ᠭᠡᠯᠡᠵᠤ ᠭᠡᠨ᠎ᠡ᠃


             (ᠲ᠋ᠠᠪᠣ)


ᠡᠪᠠᠰᠤᠨ ᠤ ᠳᠤᠯᠤᠭᠠᠢ ᠰᠢᠷᠭᠠᠯᠳᠤᠨ᠂ ᠣᠰᠤᠨ ᠤ ᠰᠢᠪᠠᠭᠤᠳ ᠪᠣᠴᠠᠯ᠎ᠠ᠃ ᠣᠮᠠᠷ᠎ᠠ ᠡᠴᠠ ᠦᠶ᠎ᠡ ᠦᠶ᠎ᠡ ᠰᠡᠩᠭᠢᠨᠡᠭᠦ ᠰᠡᠷᠢᠭᠦᠨ ᠰᠠᠯᠭᠢᠨ ᠳᠤ ᠮᠤᠳᠤᠨ ᠤ ᠨᠠᠪᠴᠢᠰ ᠱᠠᠷ ᠱᠠᠷ ᠭᠡᠢ᠌ᠰᠤᠨ᠎ᠡ᠃ ᠮᠤᠯᠤᠮ ᠤᠨ ᠭᠢᠨ ᠰᠢᠨ᠎ᠡ ᠰᠠᠭᠤᠷᠢᠨ ᠳᠤ ᠪᠠᠨ ᠨᠡᠭᠦᠵᠤ ᠢᠷᠠᠪᠠ᠃ ᠷᠢᠠᠴᠢᠠᠳᠤᠷᠵᠢ ᠶᠢ ᠴᠢᠳᠠᠯ ᠲᠡᠶ ᠭᠡᠭᠦ ᠳᠤ ᠪᠦᠰᠡᠭᠦᠢ ᠨᠢ ᠴᠤ ᠠᠵᠢᠯᠴᠢ ᠬᠤᠶᠠᠷ ᠭᠠᠷ ᠲᠡᠶ ᠶᠤᠮ᠃ ᠬᠤᠶᠠᠷ ᠵᠠᠯᠠᠭᠤ ᠮᠢᠨᠢ ᠭᠠᠵᠠᠷ ᠭᠦᠯᠳᠡᠭᠦ ᠡᠴᠠ ᠡᠮᠤᠨ᠎ᠡ ᠬᠤᠤᠠᠳᠤᠭ ᠣᠰᠤ ᠪᠠᠨ ᠮᠠᠯᠳᠠᠨ᠂ ᠭᠦᠷᠢᠶ᠎ᠡ ᠬᠠᠰᠢᠶ᠎ᠠ ᠪᠠᠷᠢᠵᠤ᠂ ᠡᠪᠦᠯᠵᠢᠶᠡᠨ ᠤ ᠪᠡᠯᠡᠳᠭᠡᠯ ᠶᠢᠡᠨ ᠰᠠᠢ᠌ᠳᠤᠷ ᠭᠢᠪᠠ᠃ ᠢᠩᠭᠢᠭᠡᠳ ᠯᠠ ᠭᠦᠰᠡᠯ ᠶᠢᠡᠷ ᠳᠦᠭᠦᠷᠡᠩ ᠰᠢᠨ᠎ᠡ ᠠᠮᠢᠳᠤᠷᠠᠯ ᠳᠠᠭᠢᠨ ᠡᠭᠢᠯᠡᠯ᠎ᠡ᠃ ᠳᠠᠯᠠᠢ ᠯᠠᠮᠠ ᠶᠢᠨ ᠵᠠᠭᠢᠭᠰᠠᠨ ᠰᠤᠷᠭᠠᠯ ᠨᠢ ᠳᠠᠳᠠᠨ ᠤ ᠢᠳᠡᠭᠡᠯ ᠢ ᠭᠦᠪᠴᠢᠯᠡᠵᠤ᠂ ᠣᠮᠤᠭ ᠢ ᠪᠠᠳᠠᠷᠠᠭᠤᠯᠤᠭᠰᠠᠨ ᠡᠴᠠ ᠰᠠᠨᠠᠭᠰᠠᠨ ᠣᠢ᠌ᠯᠠᠰ ᠴᠤ ᠰᠡᠳᠭᠢᠯᠴᠢᠯᠠᠨ ᠪᠦᠳᠦᠭᠦ ᠪᠣᠯᠵᠤ᠂ ᠠᠵᠤ ᠠᠮᠢᠳᠤᠷᠠᠯ ᠨᠢ ᠦᠣᠠᠳᠠᠷ ᠳᠦᠷᠭᠡᠨ ᠳᠡᠭᠡᠭ᠍ᠰᠢᠯᠡᠪᠡ᠁ ᠴᠠᠭ ᠮᠦᠴᠡ ᠭᠡᠵᠤ ᠣᠷᠤᠰᠬᠤ ᠣᠰᠤ ᠮᠠᠳᠤ ᠳᠦᠷᠭᠡᠨ ᠠᠵᠢ᠃ ᠪᠠᠰᠠ ᠠᠷᠪᠠᠨ ᠵᠢᠯ ᠥᠩᠭᠡᠷᠡᠯ᠎ᠡ᠃ ᠮᠤᠯᠤᠮ ᠮᠠᠮᠠ ᠶᠢᠨ ᠳᠤᠭᠢᠯᠭ᠎ᠠ ᠪᠠᠷ ᠷᠢᠠᠴᠢᠠᠳᠤᠷᠵᠢ ᠬᠤᠯᠠ ᠤᠢ᠌ᠷ᠎ᠡ ᠳᠠᠭᠠᠨ ᠠᠯᠳᠠᠷᠰᠢᠭᠰᠠᠨ ᠳᠤᠮᠤ ᠪᠠᠶᠠᠨ ᠪᠣᠯᠪᠠ᠃ ᠣᠳᠤ ᠳᠡᠭᠦᠨ ᠳᠤ ᠳᠤᠭᠠᠯᠠᠰᠢ ᠦᠭᠡᠶ ᠣᠯᠠᠨ ᠮᠠᠯ ᠰᠦᠷᠦᠭ᠌ ᠲᠡᠶ᠃ ᠵᠥᠪᠭᠡᠨ ᠨᠢᠭᠡ ᠠᠳᠤᠭᠤᠨ ᠰᠦᠷᠦᠭ᠌ ᠶᠢᠡᠷ ᠨᠢ ᠠᠪᠴᠤ ᠭᠡᠯᠡᠭ᠍ᠰᠡᠨ ᠴᠤ ᠪᠦᠷᠢᠨ ᠡᠰᠡᠭᠦ ᠶᠢ ᠨᠢ ᠵᠦᠷᠢᠭᠦᠤ ᠵᠠᠭ ᠤᠨ ᠳᠦᠭᠦᠮ ᠶᠢᠡᠷ ᠯᠠ ᠭᠡᠮᠵᠢᠨ ᠮᠠᠭᠠᠳᠯᠠᠳᠠᠭ ᠪᠤᠯᠤᠭᠰᠠᠨ ᠭᠡᠨ᠎ᠡ᠁ ᠬᠤᠵᠢᠮ ᠨᠢ ᠵᠦᠷᠢᠭᠦᠤ ᠵᠠᠭ ᠤᠨ ᠳᠦᠭᠦᠮ ᠨᠢ ᠪᠠᠶᠠᠨ ᠷᠢᠠᠴᠢᠠᠳᠤᠷᠵᠢ ᠶᠢᠨ ᠠᠳᠤᠭᠤᠨ ᠰᠦᠷᠦᠭ᠌ ᠶᠢᠡᠨ ᠭᠡᠮᠵᠢᠳᠡᠭ᠌ ᠭᠠᠵᠠᠷ ᠭᠡᠮᠡᠨ ᠳᠡᠦᠭᠡᠨ ᠳᠤ ᠠᠯᠳᠠᠷᠰᠢᠵᠠᠢ᠃ ᠶᠠᠷᠤ ᠨᠢ ᠪᠢ ᠴᠤ ᠡ᠊ᠨᠳᠡ ᠭᠦᠷᠳᠡᠯ᠎ᠡ ᠪᠢᠴᠢᠴᠢᠭᠡᠭᠡᠳ᠂ ᠡᠷᠭᠢᠴᠡᠭᠦᠯᠵᠤ ᠳᠤᠷᠠᠰᠤᠨ ᠰᠠᠭᠤᠬᠤᠯᠠᠷ᠂ ᠡᠨᠡ ᠰᠠᠢ᠌ᠬᠠᠨ ᠨᠤᠳᠤᠭ ᠶᠢᠡᠨ ᠡᠷᠭᠢᠵᠤ ᠬᠠᠷᠠᠮᠠᠷ ᠯᠠ ᠰᠠᠨᠠᠭᠳᠠᠬᠤ ᠶᠤᠮ᠂ ᠡᠰᠡᠨᠢᠯ ᠪᠢᠯᠬᠠᠭᠰᠠᠨ ᠠᠮᠢᠳᠤᠷᠠᠯ ᠢ ᠨᠢ ᠮᠥᠩᠭᠡᠯᠡᠵᠤ ᠳᠠᠯᠪᠢᠮᠠᠷ ᠯᠠ ᠪᠣᠳᠤᠭᠳᠠᠬᠤ ᠶᠤᠮ᠁


ᠵᠤᠬᠢᠶᠠᠭᠴᠢ ᠶᠢᠨ ᠬᠠ‍‌ᠶᠢᠭ ᠄ ᠦᠣᠰᠢᠨ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠷ·ᠴᠢᠷᠮᠠᠢ᠌ᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9191
ᠴᠠᠭ᠄ 2010 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ