ᠨᠡᠪᠲᠡᠷᠡᠨ ᠤᠷᠤᠬᠤ
ᠳᠤᠭᠠᠨ ᠤ ᠦᠷᠭᠡᠳᠭᠡᠯ ᠊᠊᠊᠊᠊᠊᠊᠊᠊᠊᠊᠊᠊᠊᠊ ᠰᠥᠭᠡᠷᠭᠦ ᠳᠤᠭ᠎ᠠ

ᠠᠮᠢᠳᠤᠷᠠᠯ ᠳᠤ ᠳᠤᠭᠠᠨ ᠤ ᠣᠬᠠᠭᠠᠨ ᠡᠴᠠ ᠰᠠᠯᠵᠤ ᠪᠣᠯᠤᠰᠢ ᠦᠭᠡᠶ᠃ ᠳᠤᠭᠠᠨ ᠤ ᠣᠬᠠᠭᠠᠨ ᠢ ᠰᠠᠢ᠌ᠳᠤᠷ ᠰᠤᠷᠬᠤ ᠨᠢ ᠭᠦᠮᠤᠨ ᠨᠢᠭᠡᠪᠦᠷᠢ ᠶᠢᠨ ᠬᠠᠮᠤᠭ ᠤᠨ ᠦᠨᠳᠦᠰᠦᠨ ᠴᠢᠳᠠᠪᠣᠷᠢ ᠪᠣᠯᠤᠨ᠎ᠡ᠃ ᠪᠢᠳᠠ ᠣᠳᠤ ᠨᠢᠭᠡᠨᠲᠡ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ ᠪᠣᠯᠤᠭᠰᠠᠨ ᠪᠣᠯᠬᠤᠷ ᠳᠤᠭᠠᠨ ᠤ ᠸᠠᠩᠳᠤ ᠣᠯᠤᠰ ᠲᠤ ᠰᠢᠨ᠎ᠡ ᠨᠢᠭᠡᠨ ᠳᠤᠭ᠎ᠠ ᠊᠊᠊᠊᠊᠊᠊᠊᠊᠊᠊᠊᠊᠊᠊ ᠰᠥᠭᠡᠷᠭᠦ ᠳᠤᠭ᠎ᠠ ᠶᠢ ᠰᠤᠷᠬᠤ ᠪᠣᠯᠤᠨ᠎ᠡ᠃

ᠥᠨᠡ᠊ᠨᠳᠡᠭᠡᠨ ᠪᠢᠳᠠ ᠰᠥᠭᠡᠷᠭᠦ ᠳᠤᠭ᠎ᠠ ᠶᠢ ᠮᠡᠳᠡᠭᠦ ᠦᠭᠡᠶ ᠪᠢᠰᠢ᠃ ᠡᠳᠦᠷ ᠪᠦᠷᠢ ᠴᠠᠭ ᠠᠭᠤᠷ ᠤᠨ ᠮᠡᠳᠡᠭᠡᠯᠡᠯ ᠡᠴᠠ 《ᠳᠠᠩ ᠡᠴᠠ ᠳᠤᠷᠤᠭᠰᠢ 5℃》 ᠭᠡᠭᠦ ᠶᠢ ᠣᠯᠵᠤ ᠰᠤᠨᠤᠰᠳᠠᠭ᠃ ᠪᠠᠰᠠ ᠬᠠᠳᠠᠭᠠᠯᠠᠮᠵᠢ ᠶᠢᠨ ᠳᠠᠪᠳᠠᠷ ᠳᠡᠭᠡᠷ᠎ᠡ ᠵᠤᠭᠤᠰ ᠬᠤᠷᠢᠶᠠᠭᠰᠠᠨ ᠢ《+》 ᠳᠡᠮᠳᠡᠭ᠌ ᠶᠢᠡᠷ ᠢᠯᠡᠳᠭᠡᠵᠤ᠂ ᠵᠤᠭᠤᠰ ᠭᠠᠷᠭᠠᠭᠰᠠᠨ ᠢ《-》 ᠶ᠋ᠢᠡᠷ ᠢᠯᠡᠳᠭᠡᠵᠤ ᠪᠠᠢ᠌ᠬᠤ᠂ ᠣᠰᠤᠨ ᠲᠦᠪᠰᠢᠨ ᠤ ᠳᠤᠭᠤᠰᠢᠯᠠᠭᠰᠠᠨ ᠨᠢ 《-》 ᠳᠡᠮᠳᠡᠭ᠌ ᠶᠢᠡᠷ ᠢᠯᠡᠷᠭᠡᠢ᠌ᠯᠡᠵᠤ ᠪᠠᠢ᠌ᠬᠤ ᠶᠢ ᠣᠯᠵᠤ ᠬᠠᠷᠠᠳᠠᠭ᠃ ᠡᠳᠡᠭᠡᠷ ᠳᠤᠭ᠎ᠠ ᠪᠣᠯ ᠴᠦᠮ ᠰᠥᠭᠡᠷᠭᠦ ᠳᠤᠭ᠎ᠠ ᠪᠣᠯᠤᠨ᠎ᠡ᠃ ᠢᠩᠭᠢᠭᠡᠳ ᠮᠠᠨ ᠤ ᠰᠤᠳᠤᠯᠬᠤ ᠳᠤᠭᠠᠨ ᠤ ᠣᠬᠠᠭᠠᠨ ᠨᠢ ᠣᠤᠯ ᠤᠨ ᠪᠣᠳᠤᠯᠭ᠎ᠠ ᠶᠢᠨ ᠳᠤᠭ᠎ᠠ (ᠡᠶᠡᠷᠭᠦ ᠪᠦᠭᠦᠯᠢ ᠳᠤᠭ᠎ᠠ᠂ ᠡᠶᠡᠷᠭᠦ ᠪᠣᠳᠠᠷᠬᠠᠢ ᠳᠤᠭ᠎ᠠ᠂ ᠳᠡᠭ᠌) ᠡᠴᠠ ᠶᠡᠭᠡᠰᠦᠭᠡᠳ ᠶᠤᠰᠤᠳᠠᠢ ᠳᠤᠭᠠᠨ ᠤ ᠭᠡᠪᠴᠢᠶᠡᠨ ᠳᠤ ᠭᠦᠷᠳᠡᠯ᠎ᠡ ᠦᠷᠭᠡᠳᠴᠡᠢ᠃

ᠳᠤᠭᠠᠨ ᠤ ᠭᠦᠷᠢᠶ᠎ᠡ ᠭᠡᠪᠴᠢᠶ᠎ᠡ ᠶᠡᠭᠡᠰᠦᠭ᠍ᠰᠡᠨ ᠡᠴᠠ ᠳᠤᠭᠠᠨ ᠤ ᠣᠬᠠᠭᠠᠨ ᠳᠤ ᠰᠢᠨ᠎ᠡ ᠬᠤᠪᠢᠷᠠᠯᠳᠠ ᠭᠠᠷᠤᠭᠰᠠᠨ ᠪᠠᠢ᠌ᠨ᠎ᠡ᠃ ᠪᠢᠳᠠ ᠣᠤᠯ ᠤᠨ ᠳᠤᠭᠠᠨ ᠤ ᠣᠬᠠᠭᠠᠨ ᠤ ᠰᠡᠳᠭᠢᠭᠦᠢ ᠪᠠᠨ ᠬᠤᠪᠢᠷᠠᠭᠠᠨ᠂ ᠰᠥᠭᠡᠷᠭᠦ ᠳᠤᠭᠠᠨ ᠤ ᠳᠤᠬᠠᠢ ᠵᠦᠪ ᠣᠢ᠌ᠯᠠᠭᠠᠯᠳᠠ ᠲᠡᠶ ᠪᠣᠯᠵᠤ᠂ ᠰᠥᠭᠡᠷᠭᠦ ᠳᠤᠭ᠎ᠠ ᠪᠠᠨ ᠵᠦᠪ ᠭᠡᠷᠡᠭᠯᠡᠵᠤ ᠴᠢᠳᠠᠬᠤ ᠨᠢ ᠳᠤᠩ ᠴᠢᠬᠤᠯᠠ ᠪᠣᠯᠵᠤ ᠪᠣᠢ᠃

ᠨᠢᠭᠡ᠂ 《0》 ᠨᠢ ᠣᠳᠤ ᠵᠥᠪᠭᠡᠨ 《 ᠦᠭᠡᠶ》 《ᠬᠤᠭᠤᠰᠤᠨ ᠢ ᠢᠯᠡᠳᠭᠡᠭᠦ》 ᠪᠢᠰᠢ ᠪᠣᠯᠵᠠᠢ᠃

ᠪᠢᠳᠠ ᠰᠥᠭᠡᠷᠭᠦ ᠳᠤᠭ᠎ᠠ ᠶᠢ ᠰᠤᠷᠤᠭᠰᠠᠨ ᠤ ᠳᠠᠷᠠᠭ᠎ᠠ 《0》 ᠨᠢ ᠮᠠᠰᠢ ᠣᠯᠠᠨ ᠤᠳᠬ᠎ᠠ ᠠᠭᠤᠯᠭ᠎ᠠ ᠲᠡᠶ ᠪᠣᠯᠵᠠᠢ᠃ ᠳᠤᠯᠠᠭᠠᠨ ᠤ ᠭᠡᠮᠵᠢᠭᠦᠷ ᠳᠡᠭᠡᠷ᠎ᠡ 0℃ ᠨᠢ ᠶᠠᠮᠠᠷᠴᠤ ᠳᠤᠯᠠᠭᠠᠴᠠ ᠦᠭᠡᠶ ᠶᠢ ᠢᠯᠡᠷᠭᠡᠢ᠌ᠯᠡᠭᠦ ᠪᠢᠰᠢ᠂ ᠬᠠᠷᠢᠨ ᠣᠰᠤᠨ ᠤ ᠭᠦᠯᠳᠡᠭᠦ ᠴᠡᠭ᠌ ᠨᠢ 0℃ ᠪᠣᠯᠬᠤ ᠶᠢ ᠢᠯᠡᠷᠭᠡᠢ᠌ᠯᠡᠭᠦ ᠪᠣᠳᠠᠳᠤ ᠤᠳᠬ᠎ᠠ ᠲᠡᠶ ᠪᠣᠯᠵᠠᠢ᠃ 《ᠶᠠᠮᠠᠷ ᠨᠢᠭᠡᠨ ᠭᠠᠵᠠᠷ ᠤᠨ ᠡᠷᠭᠦᠭ᠍ᠳᠡᠴᠡ ᠨᠢ ᠳᠠᠯᠠᠢ ᠶᠢᠨ ᠲᠦᠪᠰᠢᠨ ᠡᠴᠠ 0 ᠮᠸᠲ᠋ᠷ ᠡᠷᠭᠦᠭ᠍ᠳᠡᠭ᠍ᠰᠡᠨ》 ᠨᠢ ᠡᠨᠡᠭᠦ ᠭᠠᠵᠠᠷ ᠲᠤ ᠦᠨᠳᠦᠷᠴᠠ ᠪᠠᠢ᠌ᠬᠤ ᠦᠭᠡᠶ ᠪᠢᠰᠢ᠂ ᠬᠠᠷᠢᠨ ᠡᠨᠡᠭᠦ ᠭᠠᠵᠠᠷ ᠤᠨ ᠡᠷᠭᠦᠭ᠍ᠳᠡᠴᠡ ᠨᠢ ᠳᠠᠯᠠᠢ ᠶᠢᠨ ᠲᠦᠪᠰᠢᠨ ᠲᠡᠶ ᠠᠳᠠᠯᠢ ᠦᠨᠳᠦᠷ ᠲᠤ ᠪᠠᠢ᠌ᠬᠤ ᠶᠢ ᠢᠯᠡᠳᠭᠡᠵᠡᠢ᠃ ᠢᠩᠭᠢᠭᠦᠯᠡᠷ 《ᠳᠡᠭ᠌ ᠨᠢ ᠡᠶᠡᠷᠭᠦ ᠳᠤᠭ᠎ᠠ ᠰᠥᠭᠡᠷᠭᠦ ᠳᠤᠭ᠎ᠠ ᠶᠢᠨ ᠵᠠᠭᠠᠭ》 ᠨᠢ ᠪᠣᠯᠵᠤ᠂ 《ᠡᠶᠡᠷᠭᠦ ᠳᠤᠭ᠎ᠠ ᠪᠠ ᠰᠥᠭᠡᠷᠭᠦ ᠳᠤᠭᠠᠨ ᠤ ᠬᠤᠪᠢ ᠳᠤ ᠠᠪᠴᠤ ᠭᠡᠯᠡᠪᠠᠯ ᠳᠡᠭ᠌ ᠨᠢ ᠴᠤᠷ ᠤᠨ ᠭᠠᠭᠴᠠ ᠳᠤᠮᠳᠠ ᠪᠠᠢ᠌ᠷᠢ ᠶᠢᠨ ᠳᠤᠭ᠎ᠠ ᠪᠣᠯᠤᠨ᠎ᠡ》᠃

ᠬᠤᠶᠠᠷ᠂ 《0》 ᠨᠢ ᠬᠠᠮᠤᠭ ᠤᠨ ᠪᠠᠭ᠎ᠠ ᠳᠤᠭ᠎ᠠ ᠪᠢᠰᠢ ᠪᠣᠯᠵᠠᠢ᠃

ᠪᠢᠳᠠ ᠪᠠᠭ᠎ᠠ ᠰᠤᠷᠭᠠᠭᠤᠯᠢ ᠳᠤ ᠳᠡᠭ᠌ ᠪᠣᠯ ᠬᠠᠮᠤᠭ ᠪᠠᠭ᠎ᠠ ᠳᠤᠭ᠎ᠠ ᠮᠦᠨ ᠭᠡᠵᠤ ᠰᠤᠷᠤᠭᠰᠠᠨ ᠪᠢᠯᠠ᠃ ᠪᠣᠰᠤᠳ ᠳᠤᠭ᠎ᠠ ᠨᠢ ᠴᠦᠮ ᠳᠡᠭ᠌ ᠡᠴᠠ ᠶᠡᠭᠡ ᠪᠠᠢ᠌ᠳᠠᠭ᠃ ᠭᠡᠳᠡᠯ᠎ᠡ ᠰᠥᠭᠡᠷᠭᠦ ᠳᠤᠭ᠎ᠠ ᠶᠢ ᠰᠤᠷᠤᠭᠰᠠᠨ ᠡᠴᠠ ᠬᠣᠢ᠌ᠰᠢ ᠳᠡᠭ᠌ ᠨᠢ ᠬᠠᠮᠤᠭ ᠤᠨ ᠪᠠᠭ᠎ᠠ ᠳᠤᠭ᠎ᠠ ᠪᠢᠰᠢ ᠪᠣᠯᠵᠠᠢ᠃ ᠮᠠᠨ ᠤ ᠰᠤᠷᠤᠭᠰᠠᠨ ᠳᠤᠭᠠᠨ ᠤ ᠴᠤᠭᠯᠠᠷᠠᠯ ᠳᠤ ᠬᠠᠮᠤᠭ ᠶᠡᠭᠡ ᠳᠤᠭ᠎ᠠ ᠪᠠᠢ᠌ᠬᠤ ᠦᠭᠡᠶ ᠮᠦᠷᠳᠡᠭᠡᠨ ᠬᠠᠮᠤᠭ ᠤᠨ ᠪᠠᠭ᠎ᠠ ᠳᠤᠭ᠎ᠠ ᠴᠤ ᠪᠠᠢ᠌ᠬᠤ ᠦᠭᠡᠶ ᠶᠤᠮ᠃ ᠳᠡᠭ᠌ ᠡᠴᠠ ᠪᠠᠭ᠎ᠠ ᠳᠤᠭ᠎ᠠ ᠴᠤ ᠳᠤᠭ᠎ᠠ ᠦᠭᠡᠶ ᠣᠯᠠᠨ ᠪᠠᠢ᠌ᠵᠤ᠂ ᠪᠣᠢ ᠪᠦᠭᠦᠢ ᠰᠥᠭᠡᠷᠭᠦ ᠳᠤᠭ᠎ᠠ ᠨᠢ ᠴᠦᠮ ᠳᠡᠭ᠌ ᠡᠴᠠ ᠪᠠᠭ᠎ᠠ ᠪᠣᠯᠤᠭᠰᠠᠨ ᠪᠠᠢ᠌ᠨ᠎ᠡ᠃

ᠭᠤᠷᠪᠠ᠂ ᠪᠢᠳᠠ ᠪᠠᠭ᠎ᠠ ᠰᠤᠷᠭᠠᠭᠤᠯᠢ ᠳᠤ《+》᠂ 《-》 ᠨᠢ ᠨᠡᠮᠡᠭᠦ ᠬᠠᠰᠤᠬᠤ ᠳᠡᠮᠳᠡᠭ᠌ ᠢ ᠢᠯᠡᠷᠭᠡᠢ᠌ᠯᠡᠵᠤ ᠪᠠᠢ᠌ᠭᠰᠠᠨ᠃ ᠰᠥᠭᠡᠷᠭᠦ ᠳᠤᠭ᠎ᠠ ᠶᠢ ᠰᠤᠷᠤᠭᠰᠠᠨ ᠡᠴᠠ 《+》᠂ 《-》 ᠳᠡᠮᠳᠡᠭ᠌ ᠨᠢ ᠮᠦᠨ ᠨᠡᠮᠡᠭᠦ ᠬᠠᠰᠤᠬᠤ ᠣᠢ᠌ᠯᠠᠳᠤᠯ ᠤᠨ ᠳᠡᠮᠳᠡᠭ᠌ ᠢ ᠢᠯᠡᠷᠭᠡᠢ᠌ᠯᠡᠭᠦ ᠡᠴᠠ ᠭᠠᠳᠠᠨ᠎ᠡ ᠳᠤᠭᠠᠨ ᠤ ᠴᠢᠨᠠᠷ ᠊᠊᠊᠊᠊᠊᠊᠊᠊᠊᠊᠊᠊᠊᠊ ᠡᠶᠡᠷᠭᠦ ᠰᠥᠭᠡᠷᠭᠦ ᠳᠤᠭ᠎ᠠ ᠪᠣᠯᠬᠤ ᠶᠢ ᠢᠯᠡᠷᠭᠡᠢ᠌ᠯᠡᠵᠤ ᠪᠣᠢ᠃

ᠵᠢᠱᠢᠶᠠᠯᠠᠪᠠᠯ᠄ (-5) (+3) ᠳ᠋ᠤ ᠡᠮᠦᠨᠡᠭᠢ 《-》 ᠨᠢ ᠰᠥᠭᠡᠷᠭᠦ ᠳᠤᠭ᠎ᠠ ᠶᠢ ᠢᠯᠡᠷᠭᠡᠢ᠌ᠯᠡᠵᠤ᠂ ᠳᠤᠮᠳᠠᠭᠢ 《-》 ᠬᠠᠰᠤᠬᠤ ᠳᠡᠮᠳᠡᠭ᠌ ᠢ ᠢᠯᠡᠷᠭᠡᠢ᠌ᠯᠡᠵᠤ᠂ 《+》 ᠳᠡᠮᠳᠡᠭ᠌ ᠨᠢ ᠡᠶᠡᠷᠭᠦ ᠳᠤᠭ᠎ᠠ ᠶᠢ ᠢᠯᠡᠷᠭᠡᠢ᠌ᠯᠡᠵᠤ ᠪᠠᠢ᠌ᠨ᠎ᠡ᠃

《-》 ᠳᠡᠮᠳᠡᠭ᠌ ᠤᠨ ᠪᠠᠰᠠ ᠨᠢᠭᠡ ᠤᠳᠬ᠎ᠠ ᠨᠢ ᠡᠰᠡᠷᠭᠦ ᠳᠤᠭ᠎ᠠ ᠶᠢ ᠢᠯᠡᠷᠭᠡᠢ᠌ᠯᠡᠨ᠎ᠡ᠃ 《-》 ᠳᠡᠮᠳᠡᠭ᠌ ᠶᠢᠨ ᠨᠢᠭᠡᠨ ᠳᠤᠭᠠᠨ ᠤ (ᠡᠶᠡᠷᠭᠦ ᠳᠤᠭ᠎ᠠ᠂ ᠰᠥᠭᠡᠷᠭᠦ ᠳᠤᠭ᠎ᠠ᠂ ᠳᠡᠭ᠌) ᠡᠮᠤᠨ᠎ᠡ ᠳᠠᠯᠪᠢᠪᠠᠯ ᠣᠤᠯ ᠳᠤᠭᠠᠨ ᠤ ᠡᠰᠡᠷᠭᠦ ᠳᠤᠭ᠎ᠠ ᠪᠣᠯᠬᠤ ᠶᠢ ᠢᠯᠡᠷᠭᠡᠢ᠌ᠯᠡᠨ᠎ᠡ᠃ ᠵᠢᠱᠢᠶᠠᠯᠠᠪᠠᠯ᠄ -(-5) ᠶ᠋ᠢᠨ ᠡᠰᠡᠷᠭᠦ ᠳᠤᠭ᠎ᠠ ᠶᠢ ᠢᠯᠡᠳᠭᠡᠵᠤ᠂ ᠣᠠᠴᠤᠭᠣᠢ᠌ᠯᠠᠨ -0 ᠊ᠢ《ᠰᠥᠭᠡᠷᠭᠦ ᠳᠡᠭ᠌》 ᠭᠡᠵᠤ ᠣᠩᠰᠢᠵᠤ ᠪᠣᠯᠬᠤ ᠦᠭᠡᠶ᠃ ᠬᠠᠷᠢᠨ 《ᠳᠡᠭ᠌ ᠤᠨ ᠡᠰᠡᠷᠭᠦ ᠳᠤᠭ᠎ᠠ》 ᠶ᠋ᠢ ᠢᠯᠡᠳᠭᠡᠵᠤ ᠪᠠᠢ᠌ᠳᠠᠭ᠃ ᠶᠠᠷᠤ ᠶᠢᠨ ᠪᠠᠢ᠌ᠳᠠᠯ ᠳᠤ《-a》 ᠨᠢ 《ᠰᠥᠭᠡᠷᠭᠦ a》 ᠪᠣᠯᠬᠤ ᠶᠢ ᠢᠯᠡᠳᠭᠡᠵᠤ ᠪᠠᠢ᠌ᠳᠠᠭ ᠡᠴᠠ ᠭᠠᠳᠠᠨ᠎ᠡ 《a ᠶ᠋ᠢᠨ ᠡᠰᠡᠷᠭᠦ ᠳᠤᠭ᠎ᠠ》 ᠶ᠋ᠢ ᠢᠯᠡᠷᠭᠡᠢ᠌ᠯᠡᠵᠤ ᠪᠠᠢ᠌ᠬᠤ ᠨᠢ ᠣᠯᠠᠩᠭᠢ ᠪᠠᠢ᠌ᠳᠠᠭ᠃

ᠳᠦᠷᠪᠠ᠄ ᠪᠦᠭᠦᠯᠢ ᠳᠤᠭ᠎ᠠ ᠪᠠ ᠪᠣᠳᠠᠷᠬᠠᠢ ᠳᠤᠭᠠᠨ ᠤ ᠭᠦᠷᠢᠶ᠎ᠡ ᠭᠡᠪᠴᠢᠶ᠎ᠡ ᠴᠤ ᠶᠡᠭᠡᠰᠦᠭ᠍ᠰᠡᠨ ᠪᠠᠢ᠌ᠨ᠎ᠡ᠃

ᠪᠠᠭ᠎ᠠ ᠰᠤᠷᠭᠠᠭᠤᠯᠢ ᠳᠤ ᠰᠤᠷᠤᠭᠰᠠᠨ ᠪᠦᠭᠦᠯᠢ ᠳᠤᠭ᠎ᠠ ᠪᠣᠯ ᠪᠠᠢ᠌ᠭᠠᠯᠢ ᠳᠤᠭ᠎ᠠ (ᠳᠡᠭ᠌ ᠪᠠ ᠡᠶᠡᠷᠭᠦ ᠪᠦᠭᠦᠯᠢ ᠳᠤᠭ᠎ᠠ) ᠪᠣᠯᠤᠨ᠎ᠡ᠃

ᠰᠥᠭᠡᠷᠭᠦ ᠳᠤᠭ᠎ᠠ ᠶᠢ ᠣᠷᠤᠭᠤᠯᠵᠤ ᠢᠷᠡᠭ᠍ᠰᠡᠨ ᠡᠴᠠ ᠪᠦᠭᠦᠯᠢ ᠳᠤᠭ᠎ᠠ ᠶᠢ ᠡᠶᠡᠷᠭᠦ ᠪᠦᠭᠦᠯᠢ ᠳᠤᠭ᠎ᠠ᠂ ᠳᠡᠭ᠌ ᠰᠥᠭᠡᠷᠭᠦ ᠪᠦᠭᠦᠯᠢ ᠳᠤᠭ᠎ᠠ ᠭᠡᠭᠦ ᠭᠤᠷᠪᠠᠨ ᠭᠡᠰᠡᠭ᠌ ᠶᠢᠡᠷ ᠪᠦᠷᠢᠯᠳᠤᠨ᠎ᠡ᠃

ᠵᠢᠱᠢᠶᠠᠯᠠᠪᠠᠯ᠄ ᠬᠠᠷᠢᠴᠡᠯᠡᠰᠢᠭᠦᠢ ᠭᠡᠮᠵᠢᠭ᠍ᠳᠡᠯ ᠨᠢ 3 ᠡᠴᠠ ᠪᠠᠭ᠎ᠠ ᠪᠣᠯᠬᠤ ᠪᠦᠭᠦᠯᠢ ᠳᠤᠭ᠎ᠠ ᠨᠢ -2᠂ -1᠂ 0᠂ 1᠂ 2 ᠪᠣᠯᠤᠨ᠎ᠡ᠃ ᠠᠳᠠᠯᠢ ᠪᠠᠷ ᠪᠣᠳᠠᠷᠬᠠᠢ ᠳᠤᠭ᠎ᠠ ᠨᠢ ᠴᠤ ᠡᠶᠡᠷᠭᠦ ᠪᠣᠳᠠᠷᠬᠠᠢ ᠳᠤᠭ᠎ᠠ ᠪᠠ ᠰᠥᠭᠡᠷᠭᠦ ᠪᠣᠳᠠᠷᠬᠠᠢ ᠭᠡᠵᠤ ᠬᠤᠶᠠᠷ ᠭᠡᠰᠡᠭ᠌ ᠪᠣᠢ᠃

ᠳᠡᠭ᠍ᠰᠢ ᠳᠤᠭ᠎ᠠ ᠪᠠ ᠰᠤᠠᠳᠤᠭᠤᠢ ᠳᠤᠭ᠎ᠠ ᠶᠢᠨ ᠭᠦᠷᠢᠶ᠎ᠡ ᠭᠡᠪᠴᠢᠶ᠎ᠡ ᠴᠤ ᠮᠦᠨ ᠶᠡᠭᠡᠰᠦᠭ᠍ᠰᠡᠨ ᠪᠠᠢ᠌ᠨ᠎ᠡ᠃

ᠰᠤᠠᠳᠤᠭᠤᠢ ᠳᠤᠭ᠎ᠠ ᠨᠢ ᠡᠶᠡᠷᠭᠦ ᠰᠤᠠᠳᠤᠭᠤᠢ ᠳᠤᠭ᠎ᠠ᠂ ᠰᠥᠭᠡᠷᠭᠦ ᠰᠤᠠᠳᠤᠭᠤᠢ ᠳᠤᠭ᠎ᠠ ᠭᠡᠵᠤ ᠬᠤᠶᠠᠷ ᠪᠦᠯᠦᠭ᠌ ᠪᠠᠢ᠌ᠵᠤ᠂ ᠳᠡᠭ᠍ᠰᠢ ᠳᠤᠭ᠎ᠠ ᠨᠢ ᠡᠶᠡᠷᠭᠦ ᠳᠡᠭ᠍ᠰᠢ ᠳᠤᠭ᠎ᠠ᠂ ᠰᠥᠭ᠍ᠡᠷᠭᠦ ᠳᠡᠭ᠍ᠰᠢ ᠳᠤᠭ᠎ᠠ᠂ ᠳᠡᠭ᠌ ᠭᠡᠭᠦ ᠭᠤᠷᠪᠠᠨ ᠭᠡᠰᠡᠭ᠌ ᠶᠢᠡᠷ ᠪᠦᠷᠢᠯᠳᠤᠨ᠎ᠡ᠃

ᠪᠢᠳᠠ ᠰᠥᠭᠡᠷᠭᠦ ᠳᠤᠭ᠎ᠠ ᠶᠢ ᠰᠤᠷᠤᠭᠰᠠᠨ ᠤ ᠳᠠᠷᠠᠭ᠎ᠠ᠂ ᠦᠪᠡᠷ ᠤᠨ ᠳᠤᠭᠠᠨ ᠤ ᠦᠵᠡᠯᠳᠠ ᠪᠠᠨ ᠳᠠᠷᠤᠢ ᠳᠦᠷᠭᠡᠨ ᠬᠤᠪᠢᠷᠠᠭᠤᠯᠵᠤ᠂ ᠰᠢᠨ᠎ᠡ ᠮᠡᠳᠡᠯᠭᠡ ᠶᠢ ᠡᠵᠡᠮᠰᠢᠨ᠂ ᠰᠢᠨ᠎ᠡ ᠮᠡᠳᠡᠯᠭᠡ ᠪᠠᠷ ᠨᠠᠩ ᠣᠯᠠᠨ ᠵᠣᠢ᠌ᠯ ᠤᠨ ᠠᠰᠠᠭᠤᠳᠠᠯ ᠢ ᠰᠢ᠌ᠤᠠᠪᠣᠷᠢᠯᠠᠵᠤ ᠴᠢᠳᠠᠬᠤ ᠪᠣᠯᠤᠨ᠎ᠡ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠣᠳᠤᠭ ᠤᠨ ᠡᠮᠦᠨᠡᠳᠤ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠴᠠᠭᠠᠨ ᠳᠤᠯᠤᠭᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2990
ᠴᠠᠭ᠄ 2011 ᠤᠨ ᠤ 10 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ