ᠨᠡᠪᠲᠡᠷᠡᠨ ᠤᠷᠤᠬᠤ
ᠲᠠᠪᠤᠨ ᠵᠦᠢᠯ ᠤᠨ ᠪᠠᠭᠰᠢ

ᠪᠠᠭᠰᠢ ᠶᠢᠨ ᠠᠯᠪᠠ ᠨᠢ ᠨᠢ᠍ᠭᠡᠨ ᠲᠤᠬᠠᠢ᠌ᠯᠠᠭᠰᠠᠨ ᠠᠵᠢ᠍ᠯ ᠦᠢ᠍ᠯᠡᠰ ᠪᠤᠯᠤᠭᠰᠠᠨ ᠤ ᠬᠤᠪᠢ ᠳᠤ ᠰᠤᠷᠭᠠᠭᠤᠯᠢ ᠶᠢᠨ ᠬᠦᠷᠢ᠍ᠶᠡᠨ ᠳᠤ ᠠᠵᠢ᠍ᠯᠯᠠᠵᠤ ᠪᠦᠬᠦᠢ ᠪᠠᠭᠰᠢ ᠠᠵᠢ᠍ᠯᠳ᠋ᠠᠨ ᠢ ᠪᠦᠷᠢ ᠪᠠᠭᠰᠢ ᠭᠡᠵᠤ ᠲᠠᠭᠤᠳ᠋ᠠᠳ᠋ᠠᠭ ᠪᠢᠯᠡ ᠡᠨᠡ ᠨᠢ ᠴᠦ ᠵᠦ᠋ᠪ ᠪᠠᠢ᠌ᠨ᠎ᠠ ᠨᠢ᠍ᠭᠡᠨ ᠤᠳ᠋ᠤᠷᠢ᠍ᠳ᠋ᠤᠯᠭ᠎ᠠ ᠶᠢᠨ ᠭᠡᠯᠡᠭ᠍ᠰᠡᠨᠴᠢ᠍ᠯᠡᠨ ᠄ 《ᠰᠤᠷᠭᠠᠭᠤᠯᠢ ᠶᠢᠨ ᠬᠦᠷᠢ᠍ᠶᠡᠨ ᠤ ᠭᠠᠬᠠᠢ ᠲᠡᠵᠢ᠍ᠭᠡᠭ᠍ᠴᠢ ᠨᠢ ᠴᠦ ᠲᠤᠰ ᠰᠤᠷᠭᠠᠭᠤᠯᠢ ᠳᠤ ᠠᠪᠴᠤ ᠭᠡᠯᠡᠪᠡᠯ ᠶᠤᠰᠤ ᠮᠤᠷᠠᠯ ᠤᠨ ᠠᠵᠢ᠍ᠯᠳ᠋ᠠᠨ ᠪᠠᠢ᠌ᠪᠠᠯ ᠲᠠᠭᠠᠷᠠᠨ᠎ᠠ》 ᠭᠡᠵᠡᠢ᠃ ᠭᠡᠶ᠎ᠠ ᠪᠠᠭᠰᠢ ᠶᠢᠨ ᠬᠡᠪ ᠴᠢ᠍ᠨᠠᠷ᠂ ᠶᠤᠰᠤ ᠮᠤᠷᠠᠯ᠂ ᠪᠤᠯᠪᠠᠰᠤᠨ ᠠᠭᠠᠯᠢ᠂ ᠮᠡᠳ᠋ᠡᠯᠭᠡ ᠶᠢᠨ ᠬᠢᠷᠢ ᠲᠦ᠋ᠪᠰᠢ᠍ᠨ ᠵᠡᠷᠭᠡ ᠡᠴᠡ ᠨᠢ ᠰᠠᠢ᠌ᠬᠠᠨ ᠠᠩᠭᠢᠯᠠᠪᠠᠯ ᠪᠠᠭᠰᠢ ᠶᠢ ᠶᠡᠭᠡ ᠲᠦ᠋ᠯᠦᠪ ᠲᠤᠥᠷᠠᠬᠢ ᠮᠡᠳ᠋ᠦ ᠲᠠᠪᠤᠨ ᠲᠦ᠋ᠷᠦᠯ ᠵᠦ᠋ᠢ᠍ᠯ ᠳᠤ ᠠᠩᠭᠢᠯᠠᠵᠤ ᠪᠤᠯᠤᠨ᠎ᠠ᠃

ᠨᠢ᠍ᠭᠡ᠂ ᠡᠷᠳ᠋ᠡᠮᠳ᠋ᠡᠨ ᠪᠠᠭᠰᠢ᠃ ᠲᠠᠷᠤᠢ ᠤᠳ᠋ᠤ ᠶᠢᠨ ᠱᠠᠭᠠᠷᠳ᠋ᠠᠯᠭ᠎ᠠ ᠪᠡᠷ ᠬᠡᠯᠡᠪᠡᠯ ᠨᠢ᠍ᠭᠡ ᠲᠦ᠋ᠷᠦᠯ ᠳᠤ ᠴᠠᠭᠠᠷᠠᠵᠤ᠂ ᠤᠠᠯᠨ ᠲᠦ᠋ᠷᠦᠯ ᠤᠨ ᠬᠤᠷᠢ᠍ᠶᠠᠩᠭ᠋ᠤᠢ᠌ᠯᠠᠭᠰᠠᠨ ᠮᠡᠳ᠋ᠡᠯᠭᠡ ᠲᠡᠶ ᠪᠠᠢ᠌ᠵᠤ᠂ ᠪᠠᠭᠰᠢ ᠶᠢᠨ ᠦᠢ᠍ᠯᠡᠰ ᠶᠢᠠᠨ ᠬᠠᠢ᠌ᠷᠠᠯᠠᠬᠤ ᠭᠠᠯ ᠬᠠᠯᠠᠭᠤᠨ ᠰᠡᠳᠭᠢᠯᠭᠡ ᠲᠡᠶ ᠪᠠᠢ᠌ᠵᠤ᠂ ᠵᠢᠭᠠᠨ ᠰᠤᠷᠭᠠᠯᠳ᠋ᠠ ᠶᠢᠨ ᠲᠠᠯ᠎ᠠ ᠪᠠᠷ ᠬᠤᠪᠢᠨ ᠤ ᠦᠵᠡᠯᠳ᠋ᠡ ᠲᠡᠶ᠂ ᠦᠷᠭᠡᠨ ᠲᠡᠯᠭᠡᠷ ᠮᠡᠳ᠋ᠡᠯᠭᠡ ᠴᠢ᠍ᠳ᠋ᠠᠪᠤᠷᠢ ᠲᠡᠶ ᠪᠠᠢ᠌ᠬᠤ ᠡᠢ᠌ᠮᠦᠷᠡᠭᠦ ᠪᠠᠭᠰᠢ ᠶᠢ ᠵᠡᠭᠡᠯᠢ ᠲᠡᠭᠡᠷ᠎ᠠ ᠬᠦᠮᠦᠨ ᠤᠴᠠᠷᠠᠭᠰᠠᠨ ᠴᠦ ᠲᠡᠭᠦᠨ ᠤ ᠵᠦ᠋ᠭ᠌ ᠲᠤᠯᠤᠭᠠᠢ ᠲᠤᠬᠢᠵᠤ᠂ ᠮᠡᠨᠳ᠋ᠦᠴᠢ᠍ᠯᠡᠯ ᠬᠦᠷᠭᠡᠵᠤ᠂ ᠲᠡᠭᠦᠨ ᠢ ᠶᠡᠷᠦᠳ᠋ᠡᠭᠡᠨ ᠡᠷᠳ᠋ᠡᠮᠳ᠋ᠡᠨ ᠪᠠᠭᠰᠢ ᠭᠡᠵᠤ ᠬᠦᠨᠳ᠋ᠦᠯᠡᠨ ᠲᠠᠭᠤᠳ᠋ᠠᠳ᠋ᠠᠭ᠃ ᠭᠡᠶ᠎ᠠ ᠵᠠᠷᠢ᠍ᠮ ᠪᠠᠭᠰᠢ ᠭᠡᠳ᠋ᠦᠢ᠌ᠪᠡᠷ ᠲᠡᠭᠡᠳ᠋ᠦ ᠲᠡᠰ ᠤᠨ ᠠᠵᠢ᠍ᠯ ᠠᠯᠪᠠ ᠶᠢᠨ ᠬᠢᠷᠢ ᠭᠡᠮ ᠢ ᠤᠯᠵᠤ᠂ ᠰᠢ᠍ᠯᠢ᠍ᠳ᠋ᠡᠭ᠌ ᠪᠠᠭᠰᠢ ᠶᠢᠨ ᠴᠤᠯᠠ ᠶᠢ ᠤᠯᠤᠭᠰᠠᠨ ᠪᠤᠯᠪᠠᠴᠤ ᠲᠡᠭᠦᠨ ᠤ ᠤᠯᠤᠭᠰᠠᠨ ᠢᠷᠠᠭᠤ ᠠᠯᠳ᠋ᠠᠷ ᠬᠢᠭᠡᠳ ᠲᠡᠭᠦᠨ ᠤ ᠪᠤᠳ᠋ᠠᠳ᠋ᠤ ᠪᠠᠢ᠌ᠳ᠋ᠠᠯ ᠲᠡᠶ ᠪᠠᠨ ᠤᠶᠠᠯᠳ᠋ᠤᠬᠤ ᠦᠭᠡᠶ ᠶᠤᠮ ᠪᠤᠯ ᠲᠡᠭᠦᠨ ᠢ ᠨᠡᠢ᠌ᠭᠡᠮ ᠨᠡᠢ᠌ᠳ᠋ᠡ ᠪᠡᠷ ᠮᠡᠳ᠋ᠡᠷᠡᠵᠤ᠂ ᠤᠯᠠᠨ ᠶᠢᠠᠷ ᠶᠢᠠᠨ ᠲᠡᠭᠦᠨ ᠢ ᠡᠷᠳ᠋ᠡᠮᠳ᠋ᠡᠨ ᠪᠠᠭᠰᠢ ᠭᠡᠵᠤ ᠲᠠᠭᠤᠳ᠋ᠠᠳ᠋ᠠᠭ ᠦᠭᠡᠶ ᠶᠤᠮ᠃

ᠬᠤᠶᠠᠷ᠂ ᠰᠠᠢ᠌ᠨ ᠪᠠᠭᠰᠢ᠃ ᠲᠠᠷᠤᠢ ᠡᠷᠳ᠋ᠡᠮᠳ᠋ᠡᠨ ᠪᠠᠭᠰᠢ ᠲᠡᠶ ᠠᠳ᠋ᠠᠯᠢ᠍ᠳᠬᠠᠪᠠᠯ ᠬᠡᠳ᠋ᠦᠢ᠌ᠪᠡᠷ ᠡᠷᠳ᠋ᠡᠮ ᠮᠡᠳ᠋ᠡᠯᠭᠡ ᠶᠢᠨ ᠲᠠᠯ᠎ᠠ ᠪᠡᠷ ᠡᠯᠪᠡᠭ᠌ ᠪᠠᠶᠠᠯᠢ᠍ᠭ ᠪᠤᠯᠪᠠᠴᠤ᠂ ᠵᠢᠭᠠᠨ ᠰᠤᠷᠭᠠᠯᠳ᠋ᠠ ᠶᠢᠨ ᠬᠦᠷᠢ᠍ᠶ᠎ᠠ ᠭᠡᠪᠴᠢ᠍ᠶᠡᠨ ᠳᠤ ᠲᠡᠢ᠌ᠮᠦ ᠠᠮᠢ᠍ᠳ᠋ᠤ ᠴᠤᠪᠤᠭᠤᠯᠢ᠍ᠭ᠂ ᠰᠢ᠍ᠨ᠎ᠠ ᠶᠢ ᠡᠭᠦᠳᠭᠦ ᠲᠠᠯ᠎ᠠ ᠪᠠᠷ ᠴᠦ ᠲᠡᠢ᠌ᠮᠦ ᠭᠠᠷᠠᠮᠭᠠᠢ ᠪᠢᠰᠢ᠂ ᠰᠤᠷᠤᠭᠴᠢ ᠶᠢ ᠰᠠᠢ᠌ᠨ ᠬᠠᠷᠠᠭᠠᠯᠵᠠᠵᠤ᠂ ᠪᠦᠬᠦ ᠰᠡᠳᠭᠢᠯ ᠪᠦᠬᠦ ᠵᠤᠷᠢ᠍ᠭ ᠶᠢᠠᠷ ᠶᠢᠠᠨ ᠬᠢᠴᠢ᠍ᠶᠡᠯ ᠤᠨ ᠲᠠᠩᠭᠢᠮ ᠳᠤ ᠰᠢ᠍ᠭ᠍ᠳ᠋ᠡᠷᠡᠵᠤ᠂ ᠨᠢ᠍ᠭᠡ ᠯᠡ ᠰᠡᠳᠬᠢᠯ ᠶᠢᠠᠷ ᠵᠢᠭᠠᠨ ᠰᠤᠷᠭᠠᠬᠤ ᠠᠵᠢ᠍ᠯ ᠳᠠᠭᠠᠨ ᠴᠢ᠍ᠷᠮᠠᠢ᠌ᠳ᠋ᠠᠭ᠃ ᠡᠢ᠌ᠮᠦᠷᠭᠦ ᠪᠠᠭᠰᠢ ᠶᠢᠨ ᠮᠡᠳ᠋ᠡᠯᠭᠡ ᠴᠢ᠍ᠳ᠋ᠠᠪᠤᠷᠢ ᠨᠢ ᠲᠡᠢ᠌ᠮᠦ ᠭᠠᠷᠠᠮᠭᠠᠢ ᠪᠢᠰᠢ ᠪᠤᠯᠪᠠᠴᠤ ᠲᠡᠭᠦᠨ ᠢ ᠪᠠᠰᠠ ᠰᠠᠢ᠌ᠨ ᠪᠠᠭᠰᠢ ᠭᠡᠳ᠋ᠡᠭ᠌᠃

ᠭᠤᠷᠪᠠ᠂ ᠬᠢᠴᠢ᠍ᠶᠡᠯ ᠤᠨ ᠪᠠᠭᠰᠢ᠃ ᠲᠠᠷᠤᠢ ᠡᠢ᠌ᠮᠦ ᠪᠠᠭᠰᠢ ᠶᠢᠨ ᠮᠡᠳ᠋ᠡᠯᠭᠡ ᠨᠢ ᠲᠡᠢ᠌ᠮᠦ ᠦᠷᠭᠡᠨ ᠲᠡᠯᠭᠡᠷ ᠪᠢᠰᠢ᠂ ᠵᠦ᠋ᠪᠭᠡᠨ ᠬᠢᠴᠢ᠍ᠶᠡᠯ ᠤᠨ ᠪᠢᠴᠢ᠍ᠭ᠌ ᠲᠡᠭᠡᠨ ᠪᠠᠷᠢ᠍ᠭᠳ᠋ᠠᠵᠤ ᠰᠢ᠍ᠨ᠎ᠠ ᠶᠢ ᠡᠭᠦᠳᠭᠦ ᠴᠢ᠍ᠳ᠋ᠠᠪᠤᠷᠢ ᠦᠭᠡᠶ᠂ ᠭᠡᠪᠡᠴᠦ ᠡᠢ᠌ᠮᠦ ᠪᠠᠭᠰᠢ ᠠᠷᠠᠳ ᠤᠨ ᠪᠠᠭᠰᠢ ᠪᠤᠯᠤᠭᠰᠠᠨ ᠤ ᠬᠤᠪᠢ ᠳᠤ ᠦᠨᠳ᠋ᠦᠰᠦᠨ ᠮᠡᠳ᠋ᠡᠯᠭᠡ᠂ ᠦᠨᠳ᠋ᠦᠰᠦᠨ ᠠᠷᠭ᠎ᠠ ᠪᠠᠷᠢ᠍ᠯ᠂ ᠬᠢᠴᠢ᠍ᠶᠡᠯ ᠤᠨ ᠦᠨᠳ᠋ᠦᠰᠦᠨ ᠶᠠᠪᠤᠴᠠ ᠡᠴᠡ ᠲᠡᠮᠡᠢ ᠬᠤᠯᠠᠳᠳ᠋ᠠᠭ ᠦᠭᠡᠶ ᠪᠦᠭᠡᠳ ᠵᠢᠭᠠᠨ ᠰᠤᠷᠭᠠᠯᠳ᠋ᠠ ᠶᠢᠨ ᠶᠡᠷᠦ ᠶᠢᠨ ᠡᠮᠬᠢ ᠵᠢᠷᠦᠮ ᠶᠢᠠᠷ ᠶᠠᠪᠤᠳ᠋ᠠᠭ᠃

ᠲᠦ᠋ᠷᠪᠡ᠂ ᠪᠠᠭᠰᠢ᠂ ᠲᠠᠷᠤᠢ ᠡᠢ᠌ᠮᠦ ᠪᠠᠭᠰᠢ ᠨᠢ ᠵᠢᠭᠠᠨ ᠰᠤᠷᠭᠠᠬᠤ ᠪᠠᠭᠰᠢ ᠶᠢᠨ ᠠᠯᠪᠠ ᠪᠠᠷ ᠦᠪᠡᠷ ᠤᠨ ᠠᠵᠤ ᠠᠮᠢ᠍ᠳ᠋ᠤᠷᠠᠯ ᠶᠢᠠᠨ ᠠᠷᠭᠠᠴᠠᠳ᠋ᠠᠭ᠂ ᠡᠢ᠌ᠮᠦ ᠪᠠᠭᠰᠢ ᠪᠤᠯ ᠵᠦ᠋ᠪᠭᠡᠨ ᠦᠪᠡᠷ ᠤᠨ ᠪᠠᠭᠰᠢ ᠪᠤᠯᠤᠭᠰᠠᠨ ᠤ ᠬᠤᠪᠢ ᠳᠤ ᠤᠯᠤᠭᠰᠠᠨ ᠴᠠᠯᠢᠩ ᠬᠦᠯᠦᠰᠦ ᠪᠠᠨ ᠲᠡᠭᠡᠳ᠋ᠦᠯᠡᠵᠤ᠂ ᠲᠤᠳ᠋ᠤᠷ᠎ᠠ ᠪᠠᠨ ᠪᠢ ᠶᠠᠮᠠᠷ ᠪᠤᠯᠤᠭᠰᠠᠨ ᠴᠦ᠂ ᠠᠷᠠᠳ ᠤᠨ ᠪᠠᠭᠰᠢ ᠶᠤᠮ ᠴᠢ᠍ᠨᠢ ᠮᠢ᠍ᠨᠦ ᠴᠠᠯᠢᠩ ᠬᠦᠯᠦᠰᠦ ᠶᠢ ᠬᠠᠰᠤᠵᠤ ᠴᠢ᠍ᠳ᠋ᠠᠬᠤ ᠦᠭᠡᠶ ᠭᠡᠭᠦ ᠤᠪᠤᠷ ᠢ ᠡᠪᠦᠷᠯᠡᠨ ᠡᠳ᠋ᠦᠷ ᠪᠦᠷᠢ ᠠᠯᠪᠠ ᠬᠠᠭᠠᠵᠤ ᠶᠠᠪᠤᠳ᠋ᠠᠭ᠃ ᠡᠢ᠌ᠮᠦ ᠪᠠᠭᠰᠢ ᠦᠪᠡᠷ ᠤᠨ ᠡᠷᠭᠢᠯᠡᠭ᠍ᠰᠡᠨ ᠠᠵᠢ᠍ᠯ ᠦᠢ᠍ᠯᠡᠰ ᠶᠢᠠᠨ ᠬᠠᠢ᠌ᠷᠠᠯᠠᠬᠤ ᠦᠭᠡᠶ ᠪᠤᠯᠪᠠᠴᠤ᠂ ᠡᠳ᠋ᠦᠷ ᠪᠦᠷᠢ ᠲᠤᠭᠳ᠋ᠠᠭᠰᠠᠨ ᠶᠤᠰᠤ ᠪᠡᠷ ᠶᠢᠠᠨ ᠠᠵᠢ᠍ᠯᠯᠠᠵᠤ ᠠᠮᠠᠷᠠᠵᠤ ᠪᠠᠢ᠌ᠳ᠋ᠠᠭ᠃ ᠭᠡᠪᠡᠴᠦ ᠰᠢ᠍ᠯᠢ᠍ᠳ᠋ᠡᠭ᠌ ᠪᠠᠭᠰᠢ᠂ ᠤᠷᠤᠭᠰᠢ᠍ᠯᠠᠭᠰᠠᠨ ᠠᠵᠢ᠍ᠯᠳ᠋ᠠᠨ ᠢ ᠰᠤᠩᠭ᠋ᠤᠬᠤ ᠳᠤ ᠬᠦᠩᠭᠡᠨ ᠬᠠᠭᠤᠳ᠋ᠠᠮ ᠶᠢᠠᠷ ᠡᠢ᠌ᠮᠦ ᠪᠠᠭᠰᠢ ᠶᠢ ᠲᠡᠪᠰᠢ᠍ᠭᠦᠯᠵᠤ ᠪᠤᠯᠬᠤ ᠦᠭᠡᠶ᠂ ᠬᠡᠷᠪᠡ ᠲᠡᠳ᠋ᠡᠨᠠᠷ ᠢ ᠲᠡᠪᠰᠢ᠍ᠬᠦᠯᠪᠡᠯ᠂ ᠨᠡᠩ ᠤᠯᠠᠨ ᠠᠷᠠᠯ ᠤᠨ ᠱᠠᠷ ᠰᠢ᠍ᠭ ᠵᠢᠳᠭᠦᠵᠤ ᠪᠠᠢ᠌ᠭ᠎ᠠ ᠬᠦᠮᠦᠰ ᠤᠨ ᠵᠤᠷᠢ᠍ᠭ ᠰᠦ᠋ᠰᠦ ᠶᠢ ᠬᠤᠭᠤᠯᠵᠤ ᠮᠠᠳ᠋ᠡᠨ᠎ᠠ᠃

ᠲᠠᠪᠤ᠂ ᠠᠨᠠᠢ ᠪᠠᠭᠰᠢ᠃ ᠲᠠᠷᠤᠢ ᠵᠢᠭᠠᠨ ᠰᠤᠷᠭᠠᠯᠳ᠋ᠠ ᠶᠢᠨ ᠶᠠᠪᠤᠴᠠ ᠳᠤ ᠬᠦᠮᠦᠨ ᠤ ᠭᠡᠥᠭᠡᠳ ᠲᠣ ᠭᠡᠳ᠋ᠡᠷᠭᠦ ᠦᠢ᠍ᠯᠡᠳ᠋ᠦᠯ ᠦᠵᠡᠭᠦᠯᠵᠤ ᠪᠠᠢ᠌ᠭ᠎ᠠ ᠨᠢ᠍ᠭᠡ ᠪᠦᠯᠦᠭ᠌ ᠪᠠᠭᠰᠢ ᠶᠢ ᠠᠨᠠᠢ ᠭᠡᠵᠤ ᠬᠡᠯᠡᠳ᠋ᠡᠭ᠌᠃ ᠡᠩ ᠤᠨ ᠦᠭᠡᠨ ᠳᠤ ᠄ 《ᠡᠮᠴᠢ ᠮᠠᠭᠤ ᠪᠤᠯ ᠬᠦᠮᠦᠨ ᠢ ᠨᠢ᠍ᠭᠡ ᠨᠢ᠍ᠭᠡ ᠪᠡᠷ ᠬᠤᠥᠷᠳ᠋ᠠᠭᠤᠯᠳ᠋ᠠᠭ᠂ ᠬᠠᠷᠢ᠍ᠨ ᠪᠠᠭᠰᠢ ᠮᠠᠭᠤ ᠪᠤᠯ ᠬᠦᠮᠦᠨ ᠢ ᠪᠦᠯᠦᠭ᠌ ᠪᠦᠯᠦᠭ᠌ ᠶᠢᠠᠷ ᠬᠤᠥᠷᠳ᠋ᠠᠭᠤᠯᠳ᠋ᠠᠭ᠃》 ᠭᠡᠳ᠋ᠡᠭ᠌᠃ ᠪᠤᠳ᠋ᠠᠳ᠋ᠤ ᠠᠮᠢ᠍ᠳ᠋ᠤᠷᠠᠯ ᠤᠨ ᠲᠤᠮᠳ᠋ᠠ ᠬᠦᠮᠦᠨ ᠢ ᠬᠤᠥᠷᠯᠠᠬᠤ ᠭᠡᠯᠪᠡᠷᠢ ᠨᠢ ᠶᠠᠩᠵᠤ ᠪᠦᠷᠢ ᠪᠠᠢ᠌ᠳ᠋ᠠᠭ ᠪᠤᠯᠪᠠᠴᠤ᠂ ᠠᠨᠠᠢ ᠪᠠᠭᠰᠢ ᠳᠤ ᠲᠠᠭᠠᠷᠠᠭᠰᠠᠨ ᠭᠡᠥᠭᠡᠳ ᠬᠠᠷᠢ᠍ᠨ ᠦᠯᠦ ᠮᠡᠳ᠋ᠡᠭ᠍ᠳ᠋ᠡᠭᠦ ᠪᠠᠢ᠌ᠳ᠋ᠠᠯ ᠲᠤᠥᠷ᠎ᠠ ᠭᠡᠥᠭᠡᠳ ᠦᠶ᠎ᠠ ᠶᠢᠨ ᠦᠰᠦᠯᠳ᠋ᠡ ᠪᠤᠢ᠌ᠵᠯᠳ᠋ᠠ ᠶᠢᠨ ᠱᠠᠳ᠋ᠤᠨ ᠳᠠᠭᠠᠨ ᠶᠤᠰᠤ ᠮᠤᠷᠠᠯ ᠬᠢᠭᠡᠳ ᠡᠷᠳ᠋ᠡᠮ ᠮᠡᠳ᠋ᠡᠯᠭᠡ ᠶᠢ ᠴᠠᠭ ᠢ ᠠᠮᠵᠢ᠍ᠨ ᠡᠵᠡᠮᠰᠢ᠍ᠭᠦ ᠦᠭᠡᠶ ᠶᠤᠮ ᠪᠤᠯ ᠪᠠᠰᠠᠴᠤ ᠨᠢ᠍ᠭᠡ ᠵᠦ᠋ᠢ᠍ᠯ ᠤᠨ ᠬᠤᠥᠷᠳ᠋ᠠᠯ ᠢ ᠠᠮᠰᠠᠭᠰᠠᠨ ᠶᠠᠪᠤᠳ᠋ᠠᠯ ᠪᠤᠯᠤᠨ᠎ᠠ᠃ ᠡᠢ᠌ᠮᠦᠷᠭᠦ ᠪᠠᠭᠰᠢ ᠭᠡᠳ᠋ᠦᠢ᠌ᠪᠡᠷ ᠭᠡᠥᠭᠡᠳ ᠢ ᠵᠤᠷᠢ᠍ᠭᠤᠳ᠋ᠠ ᠪᠠᠷ ᠬᠤᠥᠷᠯᠠᠬᠤ ᠰᠠᠨᠠᠭ᠎ᠠ ᠦᠭᠡᠶ ᠪᠤᠯᠪᠠᠴᠤ᠂ ᠲᠡᠭᠦᠨ ᠤ ᠮᠡᠳ᠋ᠡᠯᠭᠡ ᠬᠤᠮᠰᠠ᠂ ᠴᠢ᠍ᠳ᠋ᠠᠪᠤᠷᠢ ᠮᠡᠭᠦᠰ᠂ ᠤᠶᠤᠨ ᠤᠬᠠᠭᠠᠨ ᠲᠤᠳ᠋ᠠᠭᠤ ᠲᠤᠯᠢ᠍ᠮᠠᠭ ᠡᠴᠡ ᠪᠤᠯᠵᠤ᠂ ᠨᠢ᠍ᠭᠡ ᠪᠦᠯᠦᠭ᠌ ᠰᠤᠷᠤᠭᠴᠢ᠍ᠳ ᠦᠯᠦ ᠮᠡᠳ᠋ᠡᠭ᠍ᠳ᠋ᠡᠭᠦ ᠪᠠᠢ᠌ᠳ᠋ᠠᠯ ᠤᠨ ᠲᠤᠥᠷ᠎ᠠ ᠰᠤᠷᠤᠭᠴᠢ ᠪᠠᠢ᠌ᠬᠤ ᠰᠤᠭᠤ ᠰᠠᠢ᠌ᠬᠠᠨ ᠨᠠᠰᠤᠨ ᠤ ᠡᠷᠭᠡᠪᠰᠢ ᠡᠵᠡᠮᠰᠢ᠍ᠬᠦ ᠤᠶᠤᠨ ᠤᠬᠠᠭᠠᠨ᠂ ᠴᠢ᠍ᠳ᠋ᠠᠪᠤᠷᠢ ᠪᠠᠨ ᠤᠯᠵᠤ ᠡᠵᠡᠮᠰᠢ᠍ᠬᠦ ᠦᠬᠡᠢ ᠪᠡᠷ ᠠᠮᠢ ᠨᠠᠰᠤ ᠪᠠᠨ ᠲᠠᠯᠠᠭᠠᠷ ᠦᠩᠭᠡᠷᠭᠡᠳ᠋ᠡᠭ᠌᠃ ᠭᠡᠯᠡᠯᠭᠡᠨ ᠦᠭᠡᠶ ᠤᠯᠠᠨ ᠪᠠᠭᠰᠢ ᠨᠡᠷ ᠤᠨ ᠲᠤᠳ᠋ᠤᠷ᠎ᠠ ᠲᠡᠢ᠌ᠮᠦ ᠠᠷᠭ᠎ᠠ ᠦᠭᠡᠶ 《ᠮᠠᠭᠤ ᠰᠠᠨᠠᠭ᠎ᠠ ᠲᠡᠶ ᠪᠠᠭᠰᠢ》 ᠲᠦ᠋ᠢ᠍ᠯ ᠤᠨ ᠪᠠᠭ᠎ᠠ ᠪᠠᠢ᠌ᠳ᠋ᠠᠭ᠂ ᠭᠡᠪᠡᠴᠦ ᠡᠨᠡ ᠠᠰᠠᠭᠤᠳ᠋ᠠᠯ ᠢ ᠯᠠᠪᠲᠠᠢ ᠨᠤᠳ᠋ᠠᠯᠠᠵᠤ ᠴᠢ᠍ᠳ᠋ᠠᠬᠤ ᠦᠭᠡᠶ ᠶᠤᠮ᠃ ᠤᠴᠢ᠍ᠷ ᠨᠢ ᠤᠷᠳ᠋ᠤ ᠬᠤᠭᠤᠴᠠᠭᠠᠨ ᠤ ᠲᠤᠷᠰᠢ ᠡᠯ᠎ᠠ ᠵᠦ᠋ᠢ᠍ᠯ ᠤᠨ ᠪᠠᠭᠰᠢ ᠶᠢᠨ ᠰᠤᠷᠳ᠋ᠠᠯ ᠪᠤᠯᠪᠠᠰᠤᠷᠠᠯ ᠶᠢᠠᠷ ᠲᠠᠮᠵᠢ᠍ᠵᠤ᠂ ᠦᠪᠡᠷ ᠶᠢᠠᠨ ᠰᠤᠷᠤᠭᠰᠠᠨ ᠨᠢ ᠦᠭᠡᠶ ᠪᠤᠯᠪᠠᠴᠤ᠂ ᠪᠤᠰᠤᠳ ᠡᠴᠡ ᠰᠤᠷᠴᠤ᠂ ᠨᠦ᠋ᠯᠦᠭᠡᠯᠡᠭ᠍ᠳ᠋ᠡᠵᠤ᠂ ᠤᠬᠠᠭᠠᠷᠠᠭᠰᠠᠨ ᠵᠦ᠋ᠢ᠍ᠯ ᠪᠠᠭ᠎ᠠ ᠪᠤᠰᠤ ᠪᠠᠢ᠌ᠳ᠋ᠠᠭ᠃ ᠤᠨᠴᠠ ᠵᠠᠷᠢ᠍ᠮ ᠮᠤᠷᠠᠯ ᠨᠢ ᠠᠨᠠᠢ᠂ ᠮᠡᠳ᠋ᠡᠯᠭᠡ ᠨᠢ ᠲᠤᠷᠤᠢ ᠪᠠᠭᠰᠢ ᠡᠴᠡ ᠰᠤᠷᠤᠭᠴᠢ᠍ᠳ ᠠᠶᠠᠨᠳ᠋ᠠᠭᠠᠨ ᠵᠢᠭ᠍ᠰᠢ᠍ᠵᠤ ᠪᠠᠢ᠌ᠳ᠋ᠠᠭ᠂ ᠵᠠᠷᠢ᠍ᠮ ᠦᠶᠡᠰ ᠲᠣ ᠠᠨᠠᠢ ᠪᠠᠭᠰᠢ ᠶᠢᠨ ᠤᠬᠠᠮᠰᠠᠷ᠂ ᠪᠤᠯᠪᠠᠰᠤᠷᠠᠯ ᠨᠢ ᠤᠨᠴᠠᠭᠠᠢ ᠰᠤᠷᠤᠭᠴᠢ ᠶᠢᠨ ᠦᠭᠡ ᠭᠡᠯᠡᠯᠭᠡ᠂ ᠦᠢ᠍ᠯᠡ ᠬᠦᠳ᠋ᠡᠯᠭᠡᠭᠡᠨ ᠢ ᠴᠦ ᠬᠦᠷᠭᠦ ᠦᠭᠡᠶ ᠪᠠᠢ᠌ᠳ᠋ᠠᠭ᠃

ᠦᠨᠦᠳ᠋ᠦᠷ ᠤᠨ ᠪᠠᠭᠰᠢ ᠨᠡᠷ ᠨᠡᠷ᠎ᠠ ᠲᠦ᠋ᠷᠦ᠂ ᠬᠤᠪᠢ ᠬᠦᠮᠦᠨ ᠤ ᠠᠰᠢ᠍ᠭ ᠲᠤᠰᠠ᠂ ᠠᠵᠤ ᠠᠬᠤᠢ᠂ ᠤᠷᠴᠢ᠍ᠨ ᠲᠤᠭᠤᠷᠢ᠍ᠨ ᠵᠡᠷᠭᠡ ᠲᠠᠯ᠎ᠠ ᠪᠠᠷ ᠬᠠᠷᠢ᠍ᠯᠴᠠᠨ ᠦᠷᠢ᠍ᠰᠦᠯᠳ᠋ᠦᠬᠦ ᠨᠢ ᠦᠨᠡᠨᠳ᠋ᠡᠭᠡᠨ ᠡᠩ ᠤᠨ ᠶᠠᠪᠤᠳ᠋ᠠᠯ ᠶᠤᠮ᠃ ᠭᠡᠶ᠎ᠠ ᠤᠨᠴᠠ ᠵᠠᠷᠢ᠍ᠮ ᠨᠢ᠍ᠭᠡ ᠨᠢ ᠦᠪᠡᠷ ᠤᠨ ᠠᠷᠠᠳ ᠤᠨ ᠪᠠᠭᠰᠢ ᠭᠡᠭᠦ ᠲᠠᠷᠬᠠᠨ ᠡᠭᠦᠷᠭᠡ᠂ ᠦᠩᠭᠡ ᠭᠡᠷᠡᠯᠲᠡᠢ ᠦᠢ᠍ᠯᠡᠰ ᠲᠡᠭᠡᠨ ᠤᠰᠤᠯᠳ᠋ᠤᠵᠤ ᠪᠠᠢ᠌ᠬᠤ ᠪᠠᠨ ᠦᠴᠦᠭᠡᠨ ᠴᠦ ᠬᠠᠮᠢ᠍ᠷᠠᠷᠬᠤ ᠦᠭᠡᠶ ᠪᠠᠢ᠌ᠳ᠋ᠠᠭ ᠡᠴᠡ᠂ ᠡᠳ᠋ᠡᠭᠡᠷ ᠨᠢ᠍ᠭᠡ ᠪᠦᠯᠦᠭ᠌ ᠪᠠᠭᠰᠢ ᠨᠢ ᠠᠶᠠᠨᠳ᠋ᠠᠭᠠᠨ ᠨᠡᠢ᠌ᠭᠡᠮ ᠨᠡᠢ᠌ᠳ᠋ᠡ ᠶᠢᠨ ᠡᠰᠡᠷᠭᠦᠴᠡᠯ ᠢ ᠤᠯᠳ᠋ᠠᠭ᠃

《 ᠦᠪᠦᠷ ᠮᠤᠩᠭ᠋ᠤᠯ ᠤᠨ ᠰᠤᠷᠭᠠᠨ ᠬᠦᠮᠦᠵᠢ᠍ᠯ》 ᠰᠡᠳᠭᠦᠯ ᠤᠨ 2016 ᠤᠨ ᠤ 2 ᠳ᠋ᠤᠭᠠᠷ ᠬᠤᠭᠤᠴᠠᠭᠠᠨ ᠳᠤ ᠨᠡᠢ᠌ᠳ᠋ᠡᠯᠡᠭ᠍ᠳ᠋ᠡᠪᠡ

ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 12144
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ