ᠨᠡᠪᠲᠡᠷᠡᠨ ᠤᠷᠤᠬᠤ
ᠰᠠᠷᠠᠨ ᠤ ᠭᠡᠷᠡᠯ ᠳᠤ ᠭᠠᠭᠴᠠᠭᠠᠷ ᠰᠡᠯᠡᠭᠦᠴᠡᠨ ᠠᠶᠠᠯᠠᠬᠤᠢ

ᠰᠠᠷᠠᠨ ᠤ ᠭᠡᠷᠡᠯ ᠳᠤᠤᠷ᠎ᠠ ᠭᠠᠭᠴᠠᠭᠠᠷ ᠰᠡᠯᠡᠭᠦᠴᠡᠨ ᠠᠶ‍ᠯᠠᠬᠤᠢ ᠳᠤᠷ ᠰᠠᠨᠠᠭ᠎ᠠ ᠰᠠᠤᠠᠭᠢᠯ ᠳᠠᠯ᠎ᠠ ᠠᠳᠠᠯᠢ ᠴᠡᠯᠡᠭᠡᠷ ᠠᠭᠤᠵᠢᠮᠬᠠᠨ᠂ ᠳᠡᠭ᠍ᠷᠢ ᠮᠠᠳᠤ ᠴᠡᠯᠮᠡᠭ᠌ ᠰᠷᠠᠭᠤᠯᠬᠠᠨ ᠠᠭᠠᠤᠨ ᠳᠠᠯ᠎ᠠ ᠨᠢ ᠠᠭᠤᠯᠠ ᠲᠡᠶ ᠪᠠᠨ ᠣᠰᠤ ᠲᠡᠶ ᠪᠠᠨ᠂ ᠳᠡᠭ᠍ᠷᠢ ᠨᠢ ᠠᠭᠠᠷ ᠲᠡᠶ ᠪᠠᠨ ᠣᠳᠤᠳ ᠲᠡᠶ ᠪᠠᠨ ᠠᠶᠤᠤᠯᠢᠬᠠᠢ ᠴᠡᠭᠡᠵᠢᠨ ᠳᠤ ᠠᠶᠠᠷ ᠠᠶᠠᠷᠬᠠᠨ ᠠᠮᠢᠰᠬᠤᠯᠯᠠᠭᠳᠠᠨ᠎ᠠ᠃

ᠪᠢ ᠰᠠᠷᠠᠨ ᠤ ᠳᠤᠤᠷ᠎ᠠ ᠭᠠᠭᠴᠠᠭᠠᠷ ᠠᠶᠠᠯᠠᠬᠤ ᠳᠤᠷᠠᠳᠠᠢ᠃ ᠰᠠᠷᠠᠨ ᠤ ᠭᠡᠷᠡᠯ ᠨᠠᠮ᠎ᠠ ᠶᠢ ᠭᠠᠳᠠᠨ᠎ᠠ ᠡᠴᠡ ᠳᠤᠳᠤᠭᠰᠢ᠂ ᠳᠤᠳᠤᠨ᠎ᠠ ᠡᠴᠡ ᠭᠠᠳᠠᠭᠰᠢ ᠨᠠᠪᠳᠠ ᠭᠡᠷᠡᠯᠳᠦᠭᠦᠯᠵᠤ ᠪᠢ ᠰᠠᠷᠠᠨ ᠳᠤ ᠠᠭᠤᠰᠤᠭᠠᠤᠨ ᠰᠠᠷᠠ ᠨᠠᠮ᠎ᠠ ᠳᠤ ᠠᠭᠤᠰᠤᠨ᠎ᠠ᠃

ᠰᠠᠷᠠᠨ ᠤ ᠳᠤᠤᠷ᠎ᠠ ᠭᠠᠭᠴᠠᠭᠠᠷ ᠠᠶᠠᠯᠠᠬᠤᠢ ᠳᠤᠷ ᠠᠶᠠᠰ ᠤᠨ ᠰᠠᠯᠭᠢ ᠨᠠᠮᠬᠠᠨ ᠢᠯᠪᠢᠵᠤ ᠠᠯᠤᠰ ᠤᠨ ᠭᠤᠷᠤᠬ᠎ᠠ ᠰᠡᠮᠭᠡᠨ ᠰᠢᠪᠠᠨᠠᠵᠤ ᠴᠢᠭᠢ ᠳᠦᠵᠢᠷᠡᠭᠦᠯᠵᠤ ᠴᠡᠭᠡᠵᠢ ᠪᠢᠳᠡᠭᠦᠷᠡᠭᠦᠯᠦᠭ᠍ᠰᠡᠨ ᠭᠦᠮᠤᠨ ᠤ ᠶ‍ᠢᠷᠳᠢᠠᠴᠤ ᠶᠢᠨ ᠴᠢᠭ᠍ᠵᠢᠮ᠎ᠡ ᠴᠢᠬᠤᠯ ᠠᠬᠤᠢ ᠡᠴᠡ ᠳᠠᠭᠠᠭᠤᠯᠤᠨ ᠭᠠᠷᠴᠤ ᠠᠮᠤᠷ ᠰᠡᠯᠡᠭᠦᠨ ᠠᠷᠰᠢ ᠶᠢᠨ ᠣᠷᠤᠨ ᠳᠤ ᠭᠦᠳᠦᠯᠤᠨ ᠠᠪᠠᠴᠢᠬᠤ ᠮᠠᠳᠤ︕ ᠠᠮᠢᠳᠤᠷᠠᠯ ᠡᠴᠡ ᠪᠢ ᠣᠢ᠌ᠳᠤᠭᠰᠠᠨ ᠵᠢᠭ᠍ᠰᠢᠭ᠍ᠰᠡᠨ ᠣᠴᠢᠷ ᠦᠭᠡᠶ ᠴᠤ ᠠᠮᠢᠳᠤᠷᠠᠯ ᠨᠢ ᠨᠠᠮ᠎ᠠ ᠶᠢ ᠠᠯᠵᠢᠶᠠᠵᠤ ᠵᠥᠳᠡᠷᠡᠭᠦᠯᠤᠨ ᠠᠮᠠᠷᠠᠵᠤ ᠰᠡᠯᠡᠭᠦᠴᠡᠭᠦ ᠶᠢ ᠠᠶᠠᠠᠳᠠᠭᠠᠨ ᠰᠠᠨᠠᠵᠤ ᠮᠥᠷᠦᠭᠡᠳᠭᠦ ᠦᠭᠡᠶ ᠪᠠᠢ᠌ᠬᠤ ᠶᠢᠨ ᠠᠷᠭ᠎ᠠ ᠦᠭᠡᠶ ᠪᠠᠢ᠌ᠳᠠᠯ ᠳᠤ ᠴᠤ ᠣᠷᠤᠭᠤᠯᠳᠠᠭ ᠶᠤᠮ︕ ᠲᠡᠭᠡᠬᠦᠯᠡᠷ ᠪᠢ ᠴᠡᠴᠭ᠌ ᠤᠨ ᠭᠡᠯᠳᠡᠰ ᠪᠣᠶᠤ ᠴᠡᠩᠭᠡᠷᠯᠡᠭᠦ ᠡᠭᠦᠯᠡᠨ ᠤ ᠳᠡᠭᠡᠷ᠎ᠡ ᠭᠦᠪᠭᠦ ᠳᠡᠭ᠍ᠳᠡᠭᠦ ᠮᠠᠳᠤ ᠰᠠᠷᠠᠨ ᠤ ᠭᠡᠷᠡᠯ ᠳᠤ ᠰᠢᠩᠭᠡᠨ ᠡᠰᠡᠭᠦᠯ᠎ᠡ ᠰᠠᠷᠠᠨ ᠤ ᠭᠡᠷᠡᠯ ᠢ ᠰᠢᠩᠭᠡᠭᠡᠨ ᠰᠠᠤᠠᠭᠢᠯ ᠶᠢᠡᠷ ᠶᠢᠡᠨ ᠳᠠᠢ᠌ᠪᠣᠰᠢᠷᠠᠨ ᠨᠠᠮ ᠳᠤᠭᠳᠠᠭᠤᠨ ᠶᠢᠡᠷ ᠰᠡᠯᠡᠭᠦᠴᠡᠨ ᠠᠯᠬᠤᠬᠤ ᠳᠤᠷᠠᠳᠠᠢ᠃

ᠰᠠᠷᠠᠨ ᠤ ᠭᠡᠷᠡᠯ ᠳᠤᠤᠷ᠎ᠠ ᠭᠠᠭᠴᠠᠭᠠᠷ ᠰᠡᠯᠡᠭᠦᠴᠡᠨ ᠠᠯᠬᠤᠬᠤᠶ᠎ᠠ ᠶᠠᠭ ᠯᠠ ᠡᠷᠡᠭᠡᠯᠵᠡᠨ ᠳᠠᠳᠠᠭᠠᠯᠵᠠᠬᠤ ᠶᠠᠪᠣᠳᠠᠯ ᠦᠭᠡᠶ᠂ ᠡᠷᠭᠢᠵᠤ ᠬᠤᠷᠭᠤᠳᠠᠬᠤ ᠵᠣᠢ᠌ᠯ ᠦᠭᠡᠶ᠂ ᠡᠮᠢᠶᠡᠨ ᠪᠣᠳᠤᠯᠢᠬᠤ ᠣᠴᠢᠷ ᠦᠭᠡᠶ᠂ ᠡᠯᠳᠡᠪ ᠶᠠᠭᠤᠮ᠎ᠠ ᠡᠩ ᠤᠨ ᠵᠤᠢ᠌ ᠪᠠᠷ ᠡᠨᠡ ᠪᠠᠶ᠎ᠠ ᠡᠴᠡ ᠡᠷᠭᠢᠯᠳᠡ ᠦᠭᠡᠶ ᠦᠯᠠᠳᠠᠨ ᠬᠤᠴᠤᠷᠬᠤ ᠰᠢᠭ ᠪᠣᠯᠵᠤ ᠴᠢᠪ ᠴᠢᠮᠡᠭᠡ ᠦᠭᠡᠶ ᠶᠢᠨ ᠳᠤᠳᠤᠷ᠎ᠠ ᠵᠢᠩᠭᠢᠨᠢ ᠡᠷᠭᠡ ᠴᠢᠯᠦᠭᠡ ᠪᠣᠶᠤ ᠵᠢᠩᠭᠢᠨᠢ ᠴᠡᠩᠭᠡᠯ ᠵᠢᠷᠭᠠᠯ ᠰᠠᠪ ᠰᠡᠮᠡᠭᠡᠷ ᠨᠠᠮ᠎ᠠ ᠶᠢ ᠣᠭᠳᠤᠨ ᠠᠪᠬᠤ ᠮᠠᠳᠤ᠁

ᠶᠠᠭ ᠡᠨᠡ ᠦᠶ᠎ᠡ ᠳᠤ ᠮᠢᠨᠤ ᠳᠠᠷᠢᠭᠢ ᠳᠤᠯᠤᠭᠠᠢ ᠴᠤᠬᠤᠮ ᠯᠠ ᠦᠪᠡᠷ ᠤᠨ ᠳᠠᠷᠢᠭᠢ ᠳᠤᠯᠤᠭᠠᠢ ᠰᠢᠭ ᠪᠣᠯᠵᠤ᠂ ᠮᠢᠨᠤ ᠰᠡᠳᠭᠢᠭᠦᠢ ᠪᠣᠳᠠᠭᠠᠯᠢ ᠪᠠᠶ᠎ᠠ ᠳᠤ ᠪᠠᠨ ᠪᠣᠴᠠᠵᠤ ᠦᠪᠡᠷ ᠶᠢᠡᠨ ᠪᠢ ᠥᠨᠡᠭᠡᠷ ᠦᠪᠡᠷ ᠶᠢᠡᠨ ᠶᠠᠪᠣᠭ᠎ᠠ ᠰᠢᠭ ᠪᠣᠯᠵᠤ ᠬᠤᠪᠢᠷᠠᠳᠠᠭ᠃ ᠶᠠᠭ ᠡᠢ᠌ᠮᠦᠷᠭᠦ ᠠᠮᠤᠷ ᠰᠡᠯᠡᠭᠦᠨ᠂ ᠡᠷᠭᠡ ᠴᠢᠯᠦᠭᠡᠳᠤ ᠊ᠭ᠍ᠱᠡᠨ ᠳ᠋ᠠᠭᠢ ᠠᠷᠢᠭᠤᠨ ᠳᠤᠩᠭ᠋ᠠᠯᠠᠭ ᠰᠠᠷᠠᠨ ᠤ ᠭᠡᠷᠡᠯ ᠨᠢ ᠮᠢᠨᠤ ᠣᠶᠤᠨ ᠳᠠᠷᠢᠭᠢᠨ ᠳᠤ ᠬᠤᠯᠢᠵᠤ ᠬᠤᠤᠠᠬᠤᠷᠠᠵᠤ ᠬᠤᠷᠠᠵᠤ ᠳᠤᠨᠤᠭᠰᠠᠨ ᠣᠳᠠᠭᠠᠨ ᠡᠳᠦᠷ ᠵᠤᠵᠠᠭᠠᠨ ᠬᠤᠨᠤᠭ ᠤᠨ ᠭᠬᠢᠷ ᠳᠤᠭᠤᠰᠤ ᠶᠢ ᠬᠤᠭ ᠦᠭᠡᠶ ᠠᠷᠴᠢᠨ ᠵᠥᠯᠭᠦᠭᠦ ᠮᠠᠳᠤ ᠪᠣᠯᠤᠭᠠᠤᠨ ᠣᠢ ᠪᠢᠯᠢᠭ᠌ ᠭᠡᠨᠡᠳᠲᠡ ᠪᠠᠷ ᠨᠡᠭᠡᠭᠡᠭ᠍ᠳᠡᠨ ᠬᠤᠷᠴᠠ ᠰᠠᠷᠠᠯ ᠬᠠᠷᠪᠤᠨ ᠭᠢᠯᠡᠰᠭᠢᠭᠦ ᠮᠠᠳᠤ ᠪᠣᠯᠳᠠᠭ ᠡ︕

ᠬᠠᠪᠢᠷᠭᠠᠨ ᠰᠠᠷᠠ ᠠᠭᠠᠵᠢᠮ ᠶᠢᠡᠷ ᠨᠡᠮᠡᠭ᠍ᠳᠡᠨ ᠳᠦᠭᠦᠷᠦᠭ᠍ᠰᠡᠭᠡᠷ ᠳᠡᠷᠭᠡᠯᠰᠢᠨ᠎ᠡ᠂ ᠳᠡᠷᠭᠡᠯ ᠰᠠᠷᠠ ᠨᠢ ᠮᠦᠨ ᠠᠭᠠᠵᠢᠮ ᠶᠢᠡᠷ ᠬᠤᠷᠤᠭᠳᠠᠨ ᠳᠤᠠᠳᠠᠷᠠᠭᠰᠠᠭᠠᠷ ᠰᠢᠩᠭᠡᠵᠤ ᠪᠠᠯᠠᠷᠠᠨ᠎ᠠ᠂ ᠠᠭᠢᠭᠠᠤᠨ ᠰᠢᠨ᠎ᠡ ᠰᠠᠷᠠᠨ ᠠᠭᠠᠵᠢᠮ ᠶᠢᠡᠷ ᠣᠷᠭᠤᠨ ᠳᠡᠭ᠍ᠳᠡᠨ᠎ᠡ᠁ ᠪᠢ ᠦᠪᠡᠷ ᠤᠨ ᠶᠢᠡᠨ ᠭᠢᠵᠠᠭᠠᠯᠠᠰᠢ ᠦᠭᠡᠶ ᠡᠷᠢᠯ ᠭᠦᠰᠡᠯ ᠡᠷᠡᠮᠡᠯᠵᠡᠯ ᠮᠥᠷᠦᠭᠡᠳᠦᠯ ᠤᠨ ᠶᠢᠡᠨ ᠥᠭᠡᠳᠡ ᠢᠳᠡᠭᠡᠯ ᠳᠡᠭᠦᠯᠳᠡᠷ ᠳᠠᠮᠠᠤᠯᠠᠨ ᠭᠦᠷᠭᠦ ᠮᠠᠳᠤ ᠠᠭᠠᠤᠨ ᠡᠷᠭᠢᠭᠡᠤᠨ ᠭᠦᠰᠡᠷᠳᠡᠯ ᠴᠥᠭᠦᠷᠡᠯ ᠬᠤᠭᠤᠰᠤᠷᠠᠯ ᠬᠠᠷᠠᠮᠰᠠᠯ ᠶᠢᠡᠷ ᠬᠠᠷᠢᠨ ᠪᠣᠴᠠᠵᠤ ᠬᠠᠮᠢᠭ᠎ᠠ ᠨᠢᠭᠡ ᠭᠠᠵᠠᠷ ᠡᠴᠡ ᠬᠠᠮᠢᠭᠠᠰᠢ ᠨᠢᠭᠡ ᠵᠥᠭ᠌ ᠢ ᠵᠤᠷᠢᠨ ᠰᠠᠷᠠᠨ ᠤ ᠭᠡᠷᠡᠯ ᠤᠨ ᠳᠤᠤᠷ᠎ᠠ ᠠᠬᠤᠢ ᠡᠴᠡ ᠠᠬᠤᠢ ᠥᠭᠡᠳᠡ᠂ ᠠᠮᠢᠳᠤᠷᠠᠯ ᠡᠴᠡ ᠠᠮᠢᠳᠤᠷᠠᠯ ᠥᠭᠡᠳᠡ ᠠᠯᠬᠤᠨ ᠬᠤᠯᠭᠢᠬᠤ ᠮᠠᠳᠤ ᠪᠣᠯᠤᠨ᠎ᠠ᠃

ᠳᠠᠢ᠌ᠮᠤ ᠡ︕ ᠶᠠᠭ ᠳᠠᠷᠠ ᠭᠦ ᠠᠷᠢᠭᠤᠨ ᠳᠤᠩᠭ᠋ᠠᠯᠠᠭ ᠰᠠᠷᠠᠨ ᠤ ᠭᠡᠷᠡᠯ ᠭᠢᠭᠡᠤᠨ ᠰᠠᠷᠠᠨ ᠤ ᠭᠡᠷᠡᠯ ᠤᠨ ᠳᠤᠤᠷᠠᠭᠢ ᠬᠠᠯᠠᠭᠤᠨ ᠭᠦᠢᠳᠡᠨ ᠤ ᠣᠯᠠᠷᠢᠯ᠂ ᠭᠢᠷᠠᠭᠤ ᠰᠢᠭᠦᠳᠡᠷᠢ ᠶᠢᠨ ᠰᠤᠯᠢᠭᠳᠠᠯ᠂ ᠬᠠᠷᠠᠩᠭ᠋ᠤᠢ ᠭᠡᠭᠡᠨ ᠤ ᠡᠭᠡᠯᠵᠢᠯᠡᠯ᠂ ᠬᠠᠳᠠᠭᠤ ᠵᠥᠭᠡᠯᠡᠨ ᠭᠦᠷᠦᠰᠤ᠂ ᠬᠠᠵᠠᠭᠠᠢ ᠳᠡᠭ᠍ᠰᠢᠭᠡᠨ ᠵᠠᠮ᠁ ᠡᠨᠡ ᠪᠦᠭᠦᠨ ᠨᠢ ᠨᠠᠮ᠎ᠠ ᠶᠢ ᠠᠯᠢᠪᠠ ᠬᠠᠷᠠᠩᠭ᠋ᠤᠢ ᠪᠣᠯᠭᠢ᠂ ᠮᠠᠭᠤ ᠮᠠᠭᠤᠬᠠᠢ᠂ ᠭᠢᠵᠠᠭᠠᠷᠳᠠᠮᠠᠯ ᠪᠢᠳᠡᠭᠦᠭᠡᠨ ᠣᠷᠴᠢᠨ ᠢ ᠵᠢᠭ᠍ᠰᠢᠨ ᠭᠤᠯᠤᠵᠤ ᠳᠠᠪᠴᠢᠨ ᠵᠠᠢ᠌ᠯᠠᠵᠤ᠂ ᠰᠠᠷᠠᠭᠤᠯ ᠭᠡᠭᠡᠭᠡᠨ᠂ ᠰᠠᠢ᠌ᠨ ᠰᠠᠢ᠌ᠬᠠᠨ᠂ ᠡᠷᠭᠡ ᠳᠠᠷᠬᠠᠨ ᠠᠬᠤᠢ ᠶᠢ ᠡᠷᠢᠨ ᠪᠠᠳᠡᠷᠢᠭᠦᠯᠭᠦ ᠣᠷᠭᠢᠯᠤᠮ᠎ᠠ ᠬᠠᠯᠠᠭᠤᠨ ᠰᠡᠳᠬᠢᠯᠭᠡ ᠲᠡᠶ ᠪᠣᠯᠭᠠᠳᠠᠭ ᠮᠥᠷᠳᠡᠭᠡᠨ ᠠᠭᠢᠭᠠᠤᠨ ᠪᠠᠰᠠ ᠭᠦᠷᠦᠭᠡᠳᠡᠭ᠌ ᠪᠠᠢ᠌ᠯ᠎ᠠ ᠃

ᠳᠡᠭᠡᠯ᠎ᠡ ᠴᠤ ᠪᠢ ᠰᠠᠷᠠᠨ ᠤ ᠭᠡᠷᠡᠯ ᠤᠨ ᠳᠤᠤᠷ᠎ᠠ ᠭᠠᠭᠴᠠᠭᠠᠷ ᠰᠡᠯᠡᠭᠦᠴᠡᠨ ᠠᠶᠠᠯᠠᠬᠤ ᠳᠤᠷᠠᠳᠠᠢ᠃ ᠳᠠᠠᠳᠠ ᠡᠴᠡ ᠯᠠ ᠪᠢ ᠳᠤᠩ ᠭᠢᠯᠪᠠᠷᠬᠠᠨ ᠶᠢᠡᠷ ᠦᠪᠡᠷ ᠢ ᠪᠠᠨ ᠡᠷᠢᠵᠤ ᠴᠢᠳᠠᠳᠠᠭ᠂ ᠦᠪᠡᠷ ᠢ ᠪᠠᠨ ᠣᠯᠵᠤ ᠴᠢᠳᠠᠳᠠᠭ ᠶᠤᠮ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ᠂ ᠣᠩᠨᠢᠭᠤᠳ


ᠵᠤᠬᠢᠶᠠᠭᠴᠢ᠄ ᠬᠦᠬᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6151
ᠴᠠᠭ᠄ 2009 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ