ᠨᠡᠪᠲᠡᠷᠡᠨ ᠤᠷᠤᠬᠤ
ᠳᠤᠷᠫᠠᠨ ᠳᠤ ᠠᠭᠤᠰᠤᠭᠰᠠᠨ ᠰᠡᠳᠭᠢᠯ

ᠢᠤᠠᠬᠤᠳ ᠤᠨ ᠡᠷᠳᠡᠨ ᠤ ᠪᠠᠭᠤᠷᠢ ᠳᠡᠭᠡᠷ᠎ᠡ


ᠭᠦᠰᠡᠯ ᠮᠦᠷᠦᠭᠡᠳᠦᠯ ᠤᠨ ᠭᠡᠢ᠌ᠮᠦᠷᠢ ᠳᠠᠯᠯᠠᠵᠤ

ᠭᠦᠯ ᠥᠢᠮᠡᠭᠡᠨ ᠲᠡᠶ ᠪᠠᠭᠤᠷᠢ ᠳᠤ ᠴᠢᠨᠢ ᠢᠷᠠᠯ᠎ᠠ

ᠣᠢ᠌ᠤᠠᠬᠠᠷ ᠪᠦᠷᠭᠦᠭ᠍ᠰᠡᠨ ᠮᠢᠨᠤ ᠰᠡᠳᠭᠢᠯ ᠳ᠋ᠤ

ᠣᠯᠵᠠᠯᠠᠭᠰᠠᠨ ᠪᠠᠯᠭᠠᠤᠨ ᠯᠠ ᠪᠦᠷᠦᠩᠭᠦᠢ ᠬᠠᠷᠠᠭᠳᠠᠨ᠎ᠠ

ᠳᠡᠯᠡᠭᠡᠢ ᠶᠢᠨ ᠪᠣᠯᠪᠠᠰᠤᠨ

ᠳᠡᠦᠭᠡ ᠶᠢᠨ ᠦᠨᠡᠨ

ᠣᠳᠠᠭᠠᠨ ᠡᠳᠦᠷ ᠤᠨ ᠵᠡᠭᠦᠳᠡᠨ ᠡᠴᠠ ᠪᠠᠨ ᠰᠠᠷᠢᠯ᠎ᠠ

ᠪᠣᠳᠤᠯ ᠳᠦᠭᠡᠷᠢᠭ᠍ᠳᠡᠭᠦᠯᠭᠦ

ᠣᠬᠠᠭ᠎ᠠ ᠰᠠᠷᠠᠭᠤᠯᠵᠢᠭᠤᠯᠬᠤ

ᠪᠣᠭᠤᠷᠤᠯ ᠪᠠᠭᠤᠷᠢ ᠵᠢᠨ

ᠦᠯᠢᠭᠡᠷ ᠢ ᠮᠡᠳᠡᠳᠡᠭ᠌ ᠦᠭᠡᠶ ᠪᠢ ᠶᠠᠭᠠᠭᠢᠨ᠎ᠠ

ᠡ᠊ᠨᠳᠡ

ᠢᠤᠠᠬᠤᠳ ᠤᠨ ᠡᠷᠳᠡᠨ ᠤ ᠪᠠᠭᠤᠷᠢ

ᠪᠣᠳᠤᠯ ᠳᠤ ᠳᠠᠷᠤᠭᠳᠠᠴᠢᠬᠠᠭᠰᠠᠨ

ᠪᠣᠭᠤᠷᠤᠯᠳᠠᠵᠤ ᠬᠠᠷᠠᠭᠳᠠᠪᠠ


ᠶᠠᠯᠬᠤᠨᠳᠠᠭ᠎ᠠ


ᠭᠠᠯ︕ ᠭᠠᠯ︕

ᠶᠠᠯᠬᠤᠠᠳᠠᠭ᠎ᠠ ᠡ︕

ᠴᠢᠰᠤᠨ ᠳᠤ ᠳᠤᠷᠠᠰᠤᠮᠵᠢ ᠯᠤᠭᠰᠢᠯ᠎ᠠ

ᠰᠤᠳᠠᠯ ᠳᠤ ᠬᠠᠯᠠᠭᠤᠨ ᠣᠷᠭᠢᠯ᠎ᠠ

ᠠᠽᠢᠶ᠎ᠠ ᠶᠢᠨ ᠦᠷᠤᠴᠠᠨ ᠳ᠋ᠤ

ᠠᠯᠳᠠᠰ ᠪᠣᠯᠵᠤ ᠣᠨᠠᠭᠰᠠᠨ

ᠠᠯᠳᠠᠨ ᠰᠢᠷ᠎ᠠ ᠨᠠᠷᠠ

ᠠᠩᠬᠠᠨ ᠤ ᠬᠠᠢ᠌ᠷ᠎ᠠ ᠰᠢᠭ ᠬᠠᠯᠠᠭᠤᠨ ᠰᠠᠨᠠᠭᠳᠠᠨ᠎ᠠ

ᠬᠠᠯᠠᠭᠤᠨ ᠭᠠᠯ ᠳᠤ ᠴᠢᠨᠢ ᠳᠠᠰᠤᠮᠠᠷ ᠪᠣᠯᠤᠯ᠎ᠠ

ᠬᠠᠯᠠᠭᠤᠨ ᠰᠡᠳᠭᠢᠯ ᠳᠤ ᠴᠢᠨᠢ ᠬᠠᠢ᠌ᠯᠤᠮᠠᠷ ᠪᠣᠯᠤᠯ᠎ᠠ

ᠭᠠᠯ︕ ᠭᠠᠯ︕

ᠶᠠᠯᠬᠤᠠᠳᠠᠭ᠎ᠠ ᠡ︕

ᠵᠥᠳᠡᠷᠡᠭ᠍ᠰᠡᠨ ᠵᠢᠷᠦᠭᠡ ᠮᠢᠨᠢ

ᠵᠥᠯᠭᠡᠨ ᠨᠤᠭᠤᠭᠠᠨ ᠳᠠᠯ᠎ᠠ ᠶᠢ ᠭᠦᠰᠡᠨ᠎ᠡ ᠪᠢᠯᠠ


ᠮᠢᠩᠭ᠋ᠠᠨ ᠪᠣᠷᠬᠠᠠᠳᠤ ᠠᠭᠤᠢ


ᠦᠨᠡᠨ ᠰᠡᠳᠭᠢᠯ ᠤᠨ ᠣᠴᠢ ᠬᠠᠷᠪᠣᠵᠤ

ᠠᠭᠤᠢ ᠳᠤᠳᠤᠷᠠᠭᠢ ᠳᠦᠷᠢ ᠶᠢ ᠴᠢᠨᠢ ᠠᠵᠢᠯ᠎ᠠ

ᠠᠮᠤᠷᠯᠢᠩᠭ᠋ᠤᠢ ᠠᠪᠣᠷᠢ ᠳᠤ ᠴᠢᠨᠢ ᠰᠥᠰᠦᠭ᠌ ᠳᠦᠷᠦᠭ᠍ᠳᠡᠭᠡᠳ

ᠠᠪᠣᠷᠠᠯ ᠭᠦᠰᠡᠮᠡᠷ ᠪᠣᠳᠤᠯ ᠴᠤ ᠣᠷᠤᠯ᠎ᠠ

ᠱᠠᠰᠢᠨ ᠰᠢᠳᠤᠵᠤ ᠬᠠᠭᠠᠰ ᠵᠠᠭᠤᠨ ᠢ ᠪᠠᠷᠠᠭᠠᠯ᠎ᠠ

ᠭᠦᠷᠦᠭ᠌ ᠲᠤ ᠴᠢᠨᠢ ᠮᠦᠷᠭᠦᠵᠤ ᠳᠤᠮᠳᠠᠭᠤᠷ ᠶ‍ᠢᠷᠳᠢᠠᠴᠤ ᠶᠢ ᠥᠩᠭᠡᠷᠡᠭᠡᠯ᠎ᠡ

ᠭᠦᠰᠡᠯ ᠵᠤᠷᠢᠯᠭ᠎ᠠ ᠪᠠᠨ ᠴᠢᠮᠠᠳᠤ ᠨᠠᠢ᠌ᠳᠠᠵᠤ ᠶᠠᠪᠣᠭᠰᠠᠭᠠᠷ

ᠭᠦᠳᠡᠭᠡ ᠶᠢᠨ ᠪᠣᠷᠤ ᠭᠦᠤ ᠪᠢ ᠶᠠᠭᠤ ᠪᠦᠳᠦᠭᠡᠯ᠎ᠡ

ᠮᠢᠩᠭ᠋ᠠᠨ ᠪᠣᠷᠬᠠᠠᠳᠤ ᠠᠭᠤᠢ︕ ᠮᠢᠩᠭ᠋ᠠᠨ ᠪᠣᠷᠬᠠᠨ ᠮᠢᠨᠢ

ᠮᠤᠩ ᠦᠭᠡᠶ ᠣᠯᠠᠨ ᠰᠥᠰᠦᠭ᠌

ᠮᠤᠷᠢᠳᠠᠨ ᠦᠨᠳᠦᠰᠦᠳᠠᠨ ᠤ ᠣᠮᠤᠭ

ᠮᠥᠩᠭᠡᠳᠡ ᠡ᠊ᠨᠳᠡ ᠴᠤᠭᠯᠠᠷᠠᠬᠤ ᠨᠢ ᠦᠦ︖

ᠪᠣᠷᠤ ᠬᠤᠨᠤᠭ ᠰᠢᠷ᠎ᠠ ᠡᠳᠦᠷ ᠤᠨ ᠡᠭᠡᠯᠵᠢᠭᠡᠨ ᠳ᠋ᠤ

ᠪᠣᠷᠬᠠᠨ ᠳᠠᠭᠢᠵᠤ ᠶᠠᠪᠣᠯ᠎ᠠ ᠴᠤ ᠪᠢᠳᠠ ᠳ᠋ᠠ

ᠪᠣᠳᠤᠯ ᠳᠦᠭᠡᠷᠢᠭᠦᠯᠦᠭ᠍ᠰᠡᠨ ᠮᠢᠩᠭ᠋ᠠᠨ ᠪᠣᠷᠬᠠᠠᠳᠤ ᠠᠭᠤᠢ ᠳ᠋ᠤ

ᠪᠣᠴᠠᠬᠤ ᠶᠢᠨ ᠡᠴᠦᠰ ᠨᠢᠭᠡᠯᠭᠡᠨ ᠮᠦᠷᠭᠦᠶ᠎ᠡ ᠳ᠋ᠠ


ᠳᠤᠷᠠᠯᠠᠯ ᠳᠤ ᠠᠭᠤᠰᠤᠭᠰᠠᠨ ᠦᠳᠡᠰᠢ


ᠴᠠᠭ ᠤᠨ ᠳᠦᠷᠪᠠᠨ ᠥᠩᠭᠡ ᠪᠠᠷ

ᠴᠡᠯᠭᠡᠷᠡᠨ ᠬᠠᠷᠠᠭᠳᠠᠳᠠᠭ ᠦᠵᠦᠮ ᠤᠨ ᠭᠦᠷᠢᠶᠡᠯᠡᠩ ᠡ

ᠡᠷᠭᠢᠯᠳᠡ ᠦᠭᠡᠶ ᠬᠠᠯᠢᠨ ᠶᠠᠪᠣᠭᠰᠠᠨ ᠴᠢᠮᠢ᠋ᠢ

ᠡᠷᠭᠢᠵᠤ ᠢᠷᠠᠨ᠎ᠠ ᠭᠡᠵᠤ ᠪᠢ ᠪᠣᠷᠤᠭᠤ ᠪᠣᠳᠤᠴᠢᠬᠠᠵᠠᠢ ᠳ᠋ᠠ

〈ᠠᠮᠤᠷ ᠮᠠᠠᠳᠤ ᠶᠢ ᠴᠢᠨᠢ ᠢᠷᠦᠭᠡᠶ᠎ᠡ〉 ᠭᠡᠰᠡᠨ ᠳᠠᠭᠤᠤ ᠪᠠ

ᠢᠷᠠᠭᠤ ᠳᠤᠩᠭ᠋ᠠᠯᠠᠭᠬᠠᠨ ᠬᠤᠭᠤᠯᠠᠢ ᠶᠢ ᠴᠢᠨᠢ

ᠠᠯᠳᠠᠯ ᠦᠭᠡᠶ ᠪᠢᠰᠢᠷᠠᠵᠤ ᠶᠠᠪᠣᠭᠰᠠᠭᠠᠷ

ᠠᠶᠤᠤᠯᠢᠬᠠᠢ ᠴᠡᠭᠡᠵᠢᠨ ᠳᠤ ᠮᠢᠨᠢ ᠮᠦᠷᠦᠭᠡᠳᠦᠯ ᠳᠦᠭᠦᠷᠢᠴᠢᠭᠡᠵᠡᠢ

ᠬᠤᠷᠸ᠎ᠠ ᠳᠡᠷᠭᠡᠯᠰᠢᠳᠡᠭ᠌

ᠬᠤᠨᠤᠭ ᠥᠩᠭᠡᠷᠡᠳᠡᠭ᠌

ᠬᠤᠳᠠᠯ ᠦᠨᠡᠨ ᠢᠯᠭᠠᠷᠠᠳᠠᠭ ᠭᠡᠵᠤ

ᠬᠤᠪᠢ ᠳᠠᠭᠠᠨ ᠴᠢ ᠶᠠᠭᠤ ᠨᠢᠭᠡ ᠶᠢ ᠭᠦᠰᠡᠯ᠎ᠡ

ᠠᠮᠢ ᠨᠠᠰᠤᠨ ᠤ ᠣᠬᠠᠭᠠᠷᠠᠯ ᠪᠣᠶᠤ ᠰᠡᠭᠡᠭᠡᠷᠡᠯ

ᠠᠯᠠᠭᠬᠠᠨ ᠶ‍ᠢᠷᠳᠢᠠᠴᠤ ᠶᠢᠨ ᠪᠠᠶᠠᠰᠤᠯ ᠪᠣᠶᠤ ᠭᠤᠨᠢᠭ

ᠠᠮᠢᠳᠤᠷᠠᠯ ᠤᠨ ᠪᠦᠳᠦᠷᠢᠯ ᠪᠣᠶᠤ ᠵᠤᠭᠰᠤᠩᠭ᠋ᠣᠢ᠌ᠷᠠᠯ

ᠠᠳᠠᠯᠢᠬᠠᠨ ᠪᠢᠳᠠ ᠪᠦᠭᠦᠨ ᠳᠤ ᠢᠷᠠᠨ᠎ᠠ ᠪᠢᠯᠠ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠣᠭᠠᠯᠵᠠ ᠬᠤᠳᠠ

ᠵᠤᠬᠢᠶᠠᠭᠴᠢ᠄ ᠫᠣ ᠪᠠᠶᠡᠨᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ