☆ ᠤᠶᠦᠡᠭᠡᠷᠡᠯ
ᠭᠠᠬᠠᠢ ᠪᠠᠭᠰᠢ ᠬᠤᠳᠤᠯᠳᠤᠭ᠎ᠠ ᠡᠷᠭᠢᠯᠡᠭ᠍ᠰᠡᠨ ᠨᠢ
ᠨᠢᠭᠡᠨ ᠡᠳᠦᠷ ᠭᠠᠬᠠᠢ ᠪᠠᠭᠰᠢ ᠵᠢᠭᠠᠰᠤᠨ ᠬᠤᠳᠠᠯᠳᠤᠭ᠎ᠠ ᠡᠷᠭᠢᠯᠡᠭ᠍ᠰᠡᠨ ᠳ᠋ᠤ ᠥᠨᠡᠭᠡ ᠪᠣᠯᠤᠨ ᠴᠢᠨ᠋ᠸ᠎ᠠ ᠭᠦᠷᠦᠯᠴᠡᠨ ᠢᠷᠠᠪᠠ᠃ ᠴᠢᠨ᠋ᠸ᠎ᠠ ᠳᠠᠯᠪᠢᠭᠤᠷ ᠳ᠋ᠠᠭᠢ ᠵᠢᠭᠠᠰᠤ ᠶᠢ ᠰᠢᠡᠵᠢᠭ᠍ᠰᠡᠭᠡᠷ᠄ 《ᠥᠨᠡᠭᠡᠷ ᠰᠤᠷᠭᠤᠭ ᠰᠠᠢ᠌ᠬᠠᠨ ᠵᠢᠭᠠᠰᠤ ᠪᠠᠢ᠌ᠨ᠎ᠠ ᠳ᠋ᠡ᠂ ᠺᠢᠯᠦᠭ᠍ᠷᠡᠮ ᠪᠦᠷᠢ ᠳᠡᠭᠡᠨ ᠭᠡᠳᠦᠢ ᠵᠤᠭᠤᠰ ᠪᠣᠢ︖》 ᠭᠡᠭᠦ ᠳᠤ ᠭᠠᠬᠠᠢ ᠪᠠᠭᠰᠢ᠄ 《ᠭᠢᠮᠳᠠᠷᠠᠴᠢᠬᠠᠵᠠᠢ᠂ ᠺᠢᠯᠦᠭ᠍ᠷᠡᠮ ᠪᠦᠷᠢ ᠳᠡᠭᠡᠨ 4 ᠳᠦᠭᠦᠷᠢᠭ᠌᠃》 ᠭᠡᠪᠡ᠃ ᠥᠨᠡᠭᠡ ᠳᠤᠯᠤᠭᠠᠢ ᠪᠠᠨ ᠳᠠᠮᠠᠷᠠᠤᠳᠠᠭᠤᠯᠤᠭᠰᠠᠭᠠᠷ ᠄ 《ᠪᠢ ᠥᠳᠡᠯᠴᠢᠭᠡᠵᠡᠢ᠂ ᠵᠢᠭᠠᠰᠤᠨ ᠳᠤᠯᠤᠭᠠᠢ ᠵᠢ ᠵᠠᠵᠢᠯᠵᠤ ᠳᠡᠢ᠌ᠯᠭᠦ ᠪᠠᠨ ᠪᠣᠯᠢᠭᠰᠠᠨ᠂ ᠪᠢ ᠵᠢᠭᠠᠰᠤᠨ ᠊ᠤ ᠪᠠᠶ᠎ᠠ ᠶᠢ ᠨᠢ ᠯᠠ ᠠᠪᠣᠶ᠎ᠠ ᠭᠡᠵᠤ ᠪᠣᠳᠤᠵᠤ ᠪᠠᠢ᠌ᠨ᠎ᠠ᠃》 ᠭᠡᠪᠡ᠃ ᠭᠠᠬᠠᠢ ᠪᠠᠭᠰᠢ ᠠᠮᠠᠨ ᠳᠠᠭᠠᠨ ᠣᠪᠣᠷ ᠳᠤᠪᠣᠷ ᠭᠡᠭ᠍ᠰᠡᠭᠡᠷ᠄ 《ᠢᠩᠭᠢᠪᠠᠯ ᠶᠠᠷᠰᠢᠭᠳᠠᠢ ᠳ᠋ᠠ᠂ ᠵᠢᠭᠠᠰᠤᠨ ᠳᠤᠯᠤᠭᠠᠢ ᠶᠢ ᠨᠢ ᠯᠠ ᠠᠪᠳᠠᠭ ᠠᠰᠠᠳᠠᠭᠠᠨ ᠪᠠᠰᠠ ᠭᠦᠮᠤᠨ ᠪᠠᠢ᠌ᠳᠠᠭ ᠪᠣᠯ ᠰᠠᠶᠢ ᠪᠣᠯᠤᠨ᠎ᠠ ᠳ᠋ᠠ᠃》 ᠭᠡᠳᠡᠯ᠎ᠡ᠂ ᠴᠢᠨ᠋ᠸ᠎ᠡ ᠳᠡᠭᠡᠷ᠎ᠡ ᠦᠰᠦᠷᠴᠤ ᠶᠡᠭᠡ ᠳᠠᠭᠤ ᠪᠠᠷ᠄ 《ᠳᠡᠭᠡᠪᠠᠯ ᠰᠠᠢ᠌ᠨ᠂ ᠪᠢ ᠶᠠᠭ ᠵᠢᠭᠠᠰᠤᠨ ᠳᠤᠯᠤᠭᠠᠢ ᠪᠠᠷ ᠰᠢᠳᠤ ᠪᠠᠨ ᠬᠤᠷᠴᠠᠯᠠᠶ᠎ᠠ ᠭᠡᠵᠤ ᠪᠣᠳᠤᠵᠤ ᠪᠠᠢ᠌ᠭᠰᠠᠨ᠃》 ᠭᠡᠪᠡ᠃ ᠭᠠᠬᠠᠢ ᠪᠠᠭᠰᠢ ᠪᠠᠰᠠ ᠯᠠ ᠡᠷᠢᠭᠡᠯᠵᠡᠵᠤ᠄ 《ᠪᠤᠯᠬᠤ ᠴᠤ ᠪᠤᠯᠤᠨ᠎ᠠ᠂ ᠭᠡᠪᠠᠴᠤ ᠡᠨᠡ ᠬᠠᠩᠰᠢ ᠶᠢ ᠨᠢ ᠶᠠᠭᠠᠭᠢᠵᠤ ᠳᠤᠭᠳᠠᠭᠠᠬᠤ ᠪᠢᠯᠠ︖》 ᠭᠡᠭᠦ ᠳᠤ ᠴᠢᠨ᠋ᠸ᠎ᠠ ᠪᠣᠯᠤᠨ ᠥᠨᠡᠭᠡ ᠨᠢᠳᠤ ᠪᠠᠨ ᠡᠷᠭᠢᠯᠳᠦᠭᠦᠯᠦᠭ᠍ᠰᠡᠭᠡᠷ ᠵᠡᠷᠭᠡ ᠪᠠᠷ᠄ 《ᠵᠢᠭᠠᠰᠤᠨ ᠪᠠᠶ᠎ᠠ ᠺᠢᠯᠦᠭ᠍ᠷᠡᠮ ᠪᠦᠷᠢ ᠳᠡᠭᠡᠨ 3 ᠳᠦᠭᠦᠷᠢᠭ᠌᠂ ᠵᠢᠭᠠᠰᠤᠨ ᠳᠤᠯᠤᠭᠠᠢ ᠺᠢᠯᠦᠭ᠍ᠷᠡᠮ ᠪᠦᠷᠢ ᠳᠡᠭᠡᠨ 1 ᠳᠦᠭᠦᠷᠢᠭ᠌᠂ ᠢᠩᠭᠢᠪᠠᠯ ᠶᠠᠭ ᠺᠢᠯᠦᠭ᠍ᠷᠡᠮ ᠪᠦᠷᠢ ᠳᠡᠭᠡᠨ 4 ᠳᠦᠭᠦᠷᠢᠭ᠌ ᠪᠢᠰᠢᠤ︕》 ᠭᠡᠪᠡ᠃ ᠭᠠᠬᠠᠢ ᠪᠠᠭᠰᠢ ᠭᠤᠶ᠎ᠠ ᠪᠠᠨ ᠠᠯᠠᠭᠠᠳᠠᠵᠤ᠄ 《ᠵᠠ᠂ ᠲ᠋ᠡᠭᠡᠪᠠᠯ ᠶᠠᠭ ᠢᠩᠭᠢᠴᠢᠭᠡᠶᠡ᠃》 ᠭᠡᠯᠡ᠃ ᠭᠤᠷᠪᠠᠭᠤᠯᠠ ᠭᠠᠷ ᠭᠦᠳᠡᠯᠵᠤ ᠣᠳᠠᠭᠰᠠᠨ ᠦᠭᠡᠶ ᠪᠦᠭᠦᠳᠡ ᠵᠢᠭᠠᠰᠤ ᠶᠢᠨ ᠪᠠᠶ᠎ᠠ ᠪᠠ ᠳᠤᠯᠤᠭᠠᠢ ᠶᠢ ᠰᠠᠯᠭᠠᠨ ᠬᠤᠪᠢᠶᠠᠵᠤ ᠳᠡᠭᠦᠰᠦᠯ᠎ᠡ᠃ ᠲ᠋ᠡᠭᠡᠭᠡᠤᠨ ᠵᠢᠩᠯᠡᠭ᠍ᠰᠡᠨ ᠴᠢᠨᠢ ᠵᠢᠭᠠᠰᠤᠨ ᠪᠠᠶ᠎ᠠ ᠨᠠᠢ᠌ᠳᠠ 40 ᠺᠢᠯᠦᠭ᠍ᠷᠡᠮ᠂ 120 ᠳᠦᠭᠦᠷᠢᠭ᠌ ᠵᠢᠭᠠᠰᠤᠨ ᠳᠤᠯᠤᠭᠠᠢ ᠨᠠᠢ᠌ᠳᠠ 10 ᠺᠢᠯᠦᠭ᠍ᠷᠡᠮ᠂ 10 ᠳᠦᠭᠦᠷᠢᠭ᠌ ᠪᠠᠢ᠌ᠪᠡ᠃ ᠥᠨᠡᠭᠡ ᠪᠣᠯᠤᠨ ᠴᠢᠨ᠋ᠸ᠎ᠠ ᠬᠤᠳᠠᠯᠳᠤᠨ ᠠᠪᠣᠮᠠᠭᠴᠠ ᠨᠢᠰᠭᠦ ᠮᠠᠳᠤ ᠭᠦᠶᠤᠨ ᠶᠠᠪᠣᠵᠤ ᠣᠢ ᠰᠢᠭᠤᠢ ᠳᠤ ᠰᠢᠷᠭᠤᠮᠠᠭᠴᠠ ᠵᠢᠭᠠᠰᠤᠨ ᠪᠠᠶ᠎ᠠ ᠪᠣᠯᠤᠨ ᠵᠢᠭᠠᠰᠤᠨ ᠳᠤᠯᠤᠭᠠᠢ ᠶᠢ ᠳᠠᠭᠢᠨ ᠳᠡᠭ᠍ᠰᠢ ᠪᠠᠷ ᠬᠤᠪᠢᠶᠠᠨ ᠠᠪᠣᠪᠠ᠃
ᠭᠠᠬᠠᠢ ᠪᠠᠭᠰᠢ ᠬᠠᠷᠢᠬᠤ ᠵᠠᠮ ᠳᠠᠭᠠᠨ ᠳᠤᠳᠤᠷ᠎ᠠ ᠪᠠᠨ᠄ 《50 ᠺᠢᠯᠦᠭ᠍ᠷᠡᠮ ᠵᠢᠭᠠᠰᠤ ᠶᠢ ᠺᠢᠯᠦᠭ᠍ᠷᠡᠮ ᠪᠦᠷᠢ ᠳᠡᠭᠡᠨ 4 ᠳᠦᠭᠦᠷᠢᠭ᠌ ᠶᠢᠡᠷ ᠬᠤᠳᠠᠯᠳᠤᠪᠠᠯ 200 ᠳᠦᠭᠦᠷᠢᠭ᠌ ᠪᠠᠢ᠌ᠪᠠᠯ ᠳᠠᠭᠠᠷᠠᠬᠤ ᠶᠦᠮᠰᠡᠨ᠂ ᠲ᠋ᠡᠭᠡᠭᠡᠤᠨ ᠶᠠᠭᠠᠭᠢᠭᠠᠤᠨ 130 ᠳᠦᠭᠦᠷᠢᠭ᠌ ᠯᠠ ᠬᠤᠳᠠᠯᠳᠤᠭᠰᠠᠨ ᠪᠣᠢ︖》 ᠭᠡᠵᠤ ᠪᠣᠳᠤᠭᠰᠠᠭᠠᠷ ᠣᠬᠠᠭᠠᠨ ᠳᠦᠭᠦᠭᠡ ᠶᠢ ᠨᠢ ᠣᠯᠬᠤ ᠪᠠᠨ ᠪᠣᠯᠢᠪᠠ᠃
ᠵᠤᠬᠢᠶᠠᠭᠴᠢ᠄ ᠤᠶᠦᠡᠭᠡᠷᠡᠯ
ᠢᠷᠡᠯᠲᠡ᠄ ᠳᠤᠰ ᠰᠦᠯᠵᠢᠶ᠎ᠠ
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 6960
ᠴᠠᠭ᠄ 2007 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ