ᠨᠡᠪᠲᠡᠷᠡᠨ ᠤᠷᠤᠬᠤ
ᠥᠭᠡᠯᠡᠳ ᠤᠨ ᠨᠤᠳᠤᠭ ᠊᠊᠊᠊᠊᠊᠊᠊᠊᠊᠊᠊᠊᠊᠊ ᠰᠠᠢ᠌ᠬᠠᠨ ᠠᠷᠤ

ᠮᠠᠨ ᠤ ᠨᠤᠳᠤᠭ ᠲᠤ《ᠰᠠᠢ᠌ᠬᠠᠨ ᠠᠷᠤ》 ᠭᠡᠳᠡᠭ᠌ ᠨᠢᠭᠡᠨ ᠭᠠᠵᠠᠷ ᠪᠠᠢ᠌ᠳᠠᠭ ᠰᠠᠨ᠃ ᠠᠯᠢ ᠡᠷᠳᠡ ᠮᠠᠨ ᠤ ᠥᠭᠡᠯᠡᠳ ᠤᠨ《ᠰᠠᠢ᠌ᠬᠠᠨ》 ᠭᠡᠳᠡᠭ᠌ ᠭᠦᠮᠤᠨ ᠣᠭᠤᠨᠤ ᠶᠢᠨ ᠷᠠᠰᠢᠶᠠᠨ ᠤ ᠣᠷᠴᠢᠮ ᠶᠢᠡᠷ ᠮᠠᠯ ᠮᠠᠯᠵᠢᠨ᠂ ᠠᠩ ᠠᠩᠨᠠᠨ ᠠᠮᠢᠳᠤᠷᠠᠵᠤ ᠪᠠᠢ᠌ᠵᠠᠢ᠃ ᠳᠡᠭᠡᠭᠦ ᠳᠤ ᠳᠡᠭᠦᠨ ᠳᠤ ᠰᠠᠭᠤᠷᠢᠰᠢᠯ ᠨᠢ ᠭᠢᠩᠭ᠋ᠠᠨ ᠳᠤ ᠪᠠᠢ᠌ᠵᠤ᠂ ᠮᠤᠳᠤᠨ ᠳᠠᠷᠬ᠎ᠠ ᠭᠢᠭ᠍ᠴᠢᠳ᠂ ᠷᠠᠰᠢᠶᠠᠨ ᠳᠤ ᠰᠤᠪᠢᠯᠠᠭᠴᠢᠳ ᠤᠨ ᠥᠳᠡᠯᠡᠭᠦ ᠭᠠᠵᠠᠷ ᠪᠣᠯᠤᠭᠰᠠᠨ ᠪᠠᠢ᠌ᠵᠠᠢ᠃ ᠳᠡᠭᠦᠨ ᠤ ᠰᠠᠭᠤᠷᠢᠰᠢᠯ ᠤᠨ ᠠᠷᠤ ᠶᠢᠨ ᠵᠢᠯᠠᠭ᠎ᠠ ᠪᠣᠯ ᠦᠣᠡᠭᠡᠨ ᠰᠠᠬᠤᠯᠠᠭ ᠣᠢ ᠮᠤᠳᠤ ᠲᠡᠶ᠂ ᠳᠡᠷᠭᠡᠨ ᠤ ᠭᠡᠷᠡᠭ᠍ᠰᠡᠯ ᠤᠨ ᠮᠤᠳᠤ ᠭᠠᠷᠳᠠᠭ ᠪᠠᠶᠠᠯᠢᠭ ᠭᠠᠵᠠᠷ ᠶᠤᠮ᠃ ᠢᠩᠭᠢᠭᠡᠳ ᠨᠠᠨ ᠭᠠᠵᠠᠷ ᠢ ᠭᠦᠮᠦᠰ 《ᠰᠠᠢ᠌ᠬᠠᠨ ᠠᠷᠤ》 ᠭᠡᠵᠤ ᠨᠡᠷᠡᠢ᠌ᠳᠭᠦ ᠪᠣᠯᠤᠭᠰᠠᠨ ᠪᠠᠢ᠌ᠨ᠎ᠠ᠃

ᠬᠤᠷᠢᠳᠤᠭᠠᠷ ᠵᠠᠭᠤᠨ ᠤ ᠳᠠᠯᠠᠭᠠᠤᠨ ᠣᠨ ᠤ ᠡᠭᠢᠨ ᠤ ᠬᠠᠪᠣᠷᠯᠢᠭ ᠵᠤᠨ ᠠᠬ᠎ᠠ ᠳᠡᠭᠦᠤ ᠪᠢᠳᠠᠨ ᠬᠤᠶᠠᠷ᠂ ᠠᠪᠠᠭ᠎ᠠ (ᠠᠯᠳᠠ) ᠪᠠᠨ ᠳᠠᠭᠠᠭᠠᠤᠨ 《ᠰᠠᠢ᠌ᠬᠠᠨ ᠠᠷᠤ》 ᠳ᠋ᠤ ᠮᠤᠳᠤᠨ ᠳᠠᠷᠬ᠎ᠠ ᠭᠢᠭᠦ ᠪᠠᠷ ᠣᠴᠢᠭᠰᠠᠨ ᠪᠠᠢ᠌ᠯ᠎ᠠ᠃ ᠪᠢᠳᠠᠨ ᠠᠪᠠᠭ᠎ᠠ ᠪᠠᠨ ᠳᠠᠭᠠᠵᠤ᠂ ᠮᠥᠭᠡᠷ ᠮᠠᠳᠠᠬᠤ᠂ ᠠᠷᠠᠯ ᠳᠡᠩᠭᠡᠯᠢᠭ᠌ ᠤᠨ ᠮᠤᠳᠤ ᠰᠢᠯᠢᠨ ᠠᠪᠬᠤ ᠢᠯᠤ ᠭᠡᠭᠡᠰᠤ ᠶᠢᠨ ᠮᠤᠳᠤ ᠱᠤᠯᠤᠬᠤ᠂ ᠪᠣᠯᠤ ᠰᠢᠳᠠᠭᠠᠬᠤ᠂ ᠳᠡᠷᠭᠡ ᠱᠠᠭᠠᠬᠤ᠂ ᠡᠮᠡᠭᠡᠯ ᠭᠢᠭᠦ ᠁ ᠵᠡᠷᠭᠡ ᠳᠡᠷᠭᠡ ᠮᠤᠳᠤᠨ ᠤ ᠣᠷᠠᠨ ᠮᠡᠷᠭᠡᠵᠢᠯ ᠢ ᠡᠭᠢᠯᠡᠵᠤ ᠰᠤᠷᠤᠭᠰᠠᠨ ᠶᠤᠮ᠃

ᠮᠠᠨ ᠤ ᠠᠪᠠᠭ᠎ᠠ ᠶᠢ ᠭᠦᠮᠦᠰ 《ᠠᠯᠳᠠ ᠰᠤᠮᠤᠨ ᠳᠠᠷᠤᠭ᠎ᠠ》 ᠭᠡᠵᠤ ᠳᠠᠭᠤᠳᠠᠳᠠᠭ᠂ ᠰᠤᠶᠤᠯ ᠮᠡᠳᠡᠯᠭᠡ ᠲᠡᠶ᠂ ᠣᠷᠠᠨ ᠳᠠᠷᠬᠠᠨ ᠴᠠᠢ᠌ᠯᠭᠠᠨ ᠰᠡᠳᠭᠢᠯ ᠲᠡᠶ᠂ ᠴᠤᠪᠣᠭᠤᠯᠢᠭ ᠭᠠᠩᠭ᠋ᠡᠭ᠌ ᠭᠦᠮᠤᠨ ᠪᠠᠢ᠌ᠭᠰᠠᠨ ᠶᠤᠮ᠃ ᠰᠤᠶᠤᠯ ᠤᠨ ᠬᠤᠪᠢᠰᠬᠠᠯ ᠳᠤ ᠰᠦᠷᠡᠭᠡᠢ ᠠᠪᠳᠠᠭᠳᠠᠵᠤ ᠪᠠᠢ᠌ᠭᠰᠠᠨ ᠴᠤ᠂ 《ᠴᠢᠦᠡᠭᠦᠷ ᠤᠨ ᠬᠡᠦᠬᠡᠳ》 ᠵᠢᠡᠷ ᠠᠳᠠ ᠥᠵᠡᠭ᠍ᠳᠡᠭ᠍ᠰᠡᠨ ᠠᠴᠢ ᠨᠡᠷ ᠲᠠᠭᠠᠨ ᠥᠮᠦᠭ᠌ ᠳᠦᠰᠢᠭ᠌ ᠪᠣᠯᠵᠤ᠂ ᠠᠯᠢ ᠣᠯᠠᠨ ᠮᠡᠳᠡᠳᠡᠭ᠌ ᠴᠢᠳᠠᠳᠠᠭ ᠪᠦᠭᠦᠨ ᠶᠢᠡᠨ ᠣᠯᠠᠮᠵᠢᠯᠠᠨ ᠰᠤᠷᠭᠠᠬᠤ ᠪᠠᠷ ᠴᠢᠷᠮᠠᠢ᠌ᠵᠤ ᠯᠠ ᠪᠠᠢ᠌ᠯ᠎ᠠ ᠭᠦᠭᠡᠷᠦᠭᠦᠢ ᠠᠪᠠᠭ᠎ᠠ ᠮᠢᠨᠢ᠃ 《ᠬᠡᠦᠬᠡᠳ ᠡ︕ ᠰᠤᠷᠤᠭᠰᠠᠨ ᠶᠠᠭᠤᠮ᠎ᠠ ᠭᠦᠮᠤᠨ ᠳᠤ ᠢᠯᠡᠭᠦᠳᠡ ᠪᠣᠯᠬᠤ ᠦᠭᠡᠶ᠂ ᠭᠡᠷᠡᠭᠯᠡᠭᠦ ᠦᠭᠡᠶ ᠦᠶ᠎ᠡ ᠬᠠᠳᠠᠭᠠᠯᠠᠭᠠᠤᠨ ᠳᠠᠯᠪᠢᠨ᠂ ᠠᠯᠢ ᠭᠡᠵᠢᠶ᠎ᠡ ᠭᠡᠷᠡᠭᠯᠡᠭᠦ ᠴᠠᠭ ᠪᠠᠢ᠌ᠳᠠᠭ ᠶᠤᠮ ᠁》 ᠭᠡᠵᠤ ᠪᠢᠳᠠᠨ ᠢ ᠰᠤᠷᠭᠠᠵᠤ ᠪᠠᠢ᠌ᠭᠰᠠᠨ ᠨᠢ ᠣᠳᠤ ᠴᠤ ᠨᠢᠳᠤᠨ ᠳᠤ ᠥᠵᠡᠭ᠍ᠳᠡᠵᠤ ᠪᠠᠢ᠌ᠭ᠎ᠠ ᠰᠢᠭ᠃

ᠲ᠋ᠠᠷᠠ ᠣᠳᠠᠭ᠎ᠠ ᠠᠪᠠᠭ᠎ᠠ ᠬᠤᠷᠢᠭ᠎ᠠ ᠡᠴᠠ ᠪᠠᠨ ᠳᠠᠯᠪᠢᠭᠳᠠᠭᠠᠤᠨ᠂ ᠪᠠᠷᠢᠭᠠᠳᠠ ᠶᠢᠨ ᠮᠤᠳᠤᠨ ᠳᠠᠷᠬ᠎ᠠ ᠶᠢᠨ ᠠᠵᠢᠯ ᠢ ᠳᠠᠭᠠᠭᠠᠨ ᠠᠪᠴᠤ᠂ ᠬᠤᠶᠠᠷ ᠠᠴᠢ ᠪᠠᠨ ᠳᠠᠭᠠᠭᠤᠯᠤᠨ 《ᠰᠠᠢ᠌ᠬᠠᠨ ᠠᠷᠤ》 ᠳᠠᠭᠠᠨ ᠭᠠᠷᠤᠭᠰᠠᠨ ᠪᠠᠢ᠌ᠵᠤ ᠪᠢᠯᠠ᠃

《ᠰᠠᠢ᠌ᠬᠠᠨ ᠠᠷᠤ》 ᠵᠢᠨ ᠠᠭᠤᠯᠠ ᠣᠰᠤᠨ ᠤ ᠦᠵᠡᠮᠵᠢ ᠡᠳᠡᠭᠡᠳ ᠭᠤᠶᠤ᠃ ᠳᠠᠠᠳᠠᠭᠢ ᠨᠤᠮᠢᠨ ᠨᠤᠭᠤᠭᠠᠨ ᠣᠢ ᠮᠤᠳᠤ᠂ ᠡᠪᠠᠰᠤ ᠣᠷᠭᠤᠮᠠᠯ᠂ ᠰᠢᠨ᠎ᠠ ᠰᠤᠷᠭᠤᠭ ᠠᠭᠤᠷ ᠠᠮᠢᠰᠠᠬᠤᠯ ᠨᠢ ᠭᠦᠮᠤᠨ ᠠᠮᠢᠳᠠᠨ ᠳᠤ ᠣᠭᠢ ᠠᠮᠢᠯᠠᠯ ᠢ ᠭᠦᠷᠳᠡᠭᠡᠨ᠎ᠡ᠃ ᠮᠠᠨᠤᠰ ᠰᠢᠭ 《ᠰᠤᠶᠤᠯ ᠤᠨ ᠬᠤᠪᠢᠰᠬᠠᠯ》 ᠳ᠋ᠤ ᠮᠠᠭᠤ ᠥᠵᠡᠭ᠍ᠳᠡᠭ᠍ᠰᠡᠨ ᠭᠦᠮᠦᠰ ᠢ ᠰᠢᠭᠤᠳ᠂ ᠡᠷᠭᠡ ᠴᠢᠯᠦᠭᠡᠳᠡᠢ᠂ ᠨᠠᠢ᠌ᠷᠠᠮᠳᠠᠭᠤ ᠳᠠᠢ᠌ᠪᠣᠩ ᠰᠠᠢ᠌ᠬᠠᠨ ᠶ‍ᠢᠷᠳᠢᠠᠴᠤ ᠳᠤ ᠠᠪᠴᠢᠷᠠᠭᠰᠠᠨ ᠰᠢᠭ ᠭᠤᠶᠤ ᠳᠠᠭᠠᠳᠠᠢ ᠰᠠᠨᠠᠭᠳᠠᠭᠤᠯᠤᠨ᠎ᠠ᠃ ᠰᠠᠯᠭᠢᠨ ᠳᠤ ᠭᠡᠢ᠌ᠰᠤᠨ ᠭᠠᠩᠬᠤᠵᠤ ᠪᠠᠢ᠌ᠭ᠎ᠠ ᠠᠪᠣᠷᠭᠤ ᠬᠤᠰᠤᠨ ᠮᠤᠳᠤᠳ ᠶᠠᠭ ᠯᠠ ᠵᠢᠭᠦᠷ ᠶᠢᠡᠨ ᠳᠡᠯᠭᠡᠭ᠍ᠰᠡᠨ ᠬᠤᠨ᠂ ᠵᠠᠯᠠᠭᠤ ᠪᠠᠭ᠎ᠠ ᠪᠢᠳᠠᠨ ᠤ ᠭᠡᠢ᠌ᠮᠦᠷᠢ ᠳᠠᠪᠳᠠᠷᠠᠯᠳᠠ ᠶᠢ ᠳᠠᠶᠠᠯᠠᠵᠤ ᠪᠠᠢ᠌ᠭ᠎ᠠ ᠰᠢᠭ ᠰᠡᠳᠭᠢᠯ ᠤᠨ ᠣᠢ᠌ᠤᠠᠬᠠᠷ ᠢ ᠰᠡᠷᠭᠦᠨ᠎ᠡ᠃ ᠦᠷᠯᠦᠭᠡ ᠠᠭᠤᠯᠠ ᠬᠠᠢ᠌ᠷᠠᠬᠠᠨ ᠶᠢᠡᠷ ᠭᠦᠭᠦᠭᠡ ᠳᠤᠩᠭ᠋ᠤᠳᠤᠨ᠂ ᠦᠳᠡᠰᠢ ᠶᠢᠨ ᠪᠦᠷᠦᠢ ᠪᠣᠯᠬᠤ ᠳᠤ ᠰᠠᠶ‍ᠢᠬᠠᠨ ᠳᠦᠷᠦᠭ᠍ᠰᠡᠨ ᠭᠤᠷ᠎ᠠ(ᠡᠮ᠎ᠡ ᠵᠦᠷ᠎ᠡ) ᠢᠠᠵᠠᠭ᠎ᠠ ᠪᠠᠨ ᠭᠦᠭᠦᠷᠳᠡᠨ ᠭᠦᠭᠦᠭᠦᠯᠭᠦ ᠡᠨᠡᠷᠢᠩᠭᠦᠢ ᠳᠠᠭᠤᠨ ᠣᠢ ᠶᠢᠨ ᠳᠤᠮᠳᠠ ᠡᠴᠠ ᠰᠤᠨᠤᠰᠳᠠᠵᠤ ᠶᠠᠭ ᠯᠠ ᠰᠠ‍‌ᠶᠢ ᠳᠦᠷᠦᠭ᠍ᠰᠡᠨ ᠬᠤᠨᠢ ᠬᠤᠷᠠᠭ᠎ᠠ ᠪᠠᠨ ᠬᠤᠷᠭᠠᠰᠠᠵᠤ ᠪᠠᠢ᠌ᠭ᠎ᠠ ᠰᠢᠭ ᠭᠦᠮᠦᠰ ᠢ ᠣᠶᠠᠷᠠᠭᠤᠯᠤᠨ᠎ᠠ᠃

ᠡᠢ᠌ᠮᠤ ᠰᠠᠢ᠌ᠨ ᠭᠠᠵᠠᠷ ᠢᠷᠠᠵᠤ᠂ ᠨᠤᠳᠤᠭ ᠤᠨ ᠰᠢᠮ᠎ᠠ ᠶᠢ ᠠᠵᠠ ᠲᠡᠶ ᠭᠦᠷᠳᠡᠭ᠍ᠰᠡᠨ ᠪᠢᠳᠠᠨ ᠬᠤᠶᠠᠷ ᠲᠤ᠂ ᠠᠪᠠᠭ᠎ᠠ ᠮᠢᠨᠢ ᠠᠭᠤᠯᠠ ᠰᠢᠭ ᠳᠦᠰᠢᠭ᠌ ᠪᠣᠯᠵᠤ ᠵᠢᠷᠭᠠᠯ ᠨᠠᠮᠠᠷᠢᠯᠠᠨ᠎ᠠ᠃

ᠠᠪᠠᠭ᠎ᠠ ᠳᠦᠷᠦᠭᠦᠯᠡᠵᠤ᠂ ᠪᠢᠳᠠᠨ(ᠭᠤᠤᠯ ᠨᠢ ᠭᠠᠯᠳᠠᠨ) ᠊ᠢ ᠳᠠᠭᠠᠭᠤᠯᠤᠨ ᠰᠢᠭᠤᠢ ᠳᠤ ᠣᠷᠤᠵᠤ᠂ ᠠᠷᠠᠯ ᠤᠨ ᠮᠤᠳᠤ᠂ ᠳᠡᠩᠭᠡᠯᠢᠭ᠌ ᠤᠨ ᠮᠤᠳᠤ᠂ ᠮᠥᠭᠡᠷ ᠤᠨ ᠮᠤᠳᠤ ᠵᠡᠷᠭᠡ ᠶᠢ ᠶᠠᠭᠠᠭᠢᠵᠤ ᠰᠢᠯᠢᠵᠤ ᠰᠤᠩᠭ᠋ᠤᠬᠤ᠂ ᠢᠯᠤ ᠭᠡᠭᠡᠰᠤ ᠶᠢᠨ ᠮᠤᠳᠤ ᠶᠢ ᠶᠠᠭᠠᠭᠢᠵᠤ ᠱᠤᠯᠤᠬᠤ᠂ ᠪᠣᠯᠤ᠂ ᠡᠮᠡᠭᠡᠯ ᠤᠨ ᠮᠤᠳᠤ ᠶᠢ ᠭᠡᠷᠭᠢᠨ ᠰᠤᠩᠭ᠋ᠤᠬᠤ ᠳᠤᠬᠠᠢ ᠵᠢᠱᠢᠶ᠎ᠠ ᠥᠵᠡᠭᠦᠯᠤᠨ ᠵᠢᠭᠠᠵᠤ᠂ (ᠶᠠᠩᠵᠤ ᠶᠢᠨ ᠮᠤᠳᠤ) ᠵᠢ ᠠᠪᠴᠤ ᠦᠭ‍ᠪᠡ᠃ ᠳᠠᠭᠢᠨ ᠪᠠᠰᠠ᠄ 《ᠮᠤᠳᠤ ᠶᠢ ᠣᠨᠠᠭᠠᠨ ᠴᠠᠪᠴᠢᠬᠤ ᠳᠠᠭᠠᠨ᠂ ᠢᠵᠠᠭᠤᠷ ᠡᠴᠠ ᠨᠢ ᠳᠦᠷᠪᠠᠨ ᠬᠤᠷᠤᠭᠤ ᠯᠠ ᠦᠯᠡᠳᠡᠭᠡᠨ᠎ᠡ᠂ ᠰᠠᠯᠠᠭ᠎ᠠ ᠨᠠᠮᠠᠭ᠎ᠠ ᠶᠢ ᠨᠢ ᠱᠤᠯᠤᠵᠤ ᠪᠠᠷᠠᠪᠠᠯ ᠡᠷᠭᠡᠪᠰᠢ ᠰᠢᠭᠤᠢ ᠶᠢᠨ ᠵᠠᠬ᠎ᠠ ᠳᠤ ᠭᠠᠷᠭᠠᠵᠤ᠂ ᠣᠢ ᠰᠢᠭᠤᠢ ᠶᠢ ᠴᠠᠪᠠᠷ ᠪᠠᠢ᠌ᠯᠭᠠᠨ᠂ ᠬᠠᠳᠠᠭᠠᠭᠰᠠᠨ ᠬᠤᠭ ᠨᠤᠪᠰᠢ ᠡᠴᠠ ᠭᠠᠯ ᠤᠨ ᠠᠶᠤᠯ ᠡᠭᠦᠰᠭᠦ ᠶᠢ ᠰᠡᠷᠭᠡᠢ᠌ᠯᠡᠭᠦ ᠭᠡᠷᠡᠭ᠍ᠳᠡᠢ ᠁》 ᠭᠡᠵᠤ ᠵᠢᠭᠠᠵᠤ ᠪᠢᠯᠠ᠃ ᠢᠩᠭᠢᠭᠡᠳ ᠳᠠᠷᠠ ᠮᠤᠳᠤᠨ ᠮᠠᠲ᠋ᠸᠷᠢᠶᠠᠯ ᠰᠢᠯᠢᠨ ᠠᠪᠴᠤ ᠵᠥᠭᠡᠭᠡᠪᠦᠷᠢᠯᠡᠭᠦ ᠠᠵᠢᠯ ᠢ ᠭᠤᠤᠯᠯᠠᠨ ᠭᠢᠪᠠ᠃

ᠠᠪᠠᠭ᠎ᠠ ᠪᠠᠰᠠ ᠪᠢᠳᠠᠨ(ᠭᠤᠤᠯ ᠨᠢ ᠵᠠᠮᠰᠠ) ᠊ᠢ ᠳᠠᠭᠠᠭᠤᠯᠤᠨ ᠮᠥᠭᠡᠷ ᠮᠠᠳᠠᠬᠤ᠂ ᠶᠤᠤ ᠮᠠᠯᠳᠠᠵᠤ᠂ ᠬᠠᠵᠢᠷ ᠠᠮᠠ ᠊᠊᠊᠊᠊᠊᠊᠊᠊᠊᠊᠊᠊᠊᠊ ᠮᠥᠭᠡᠷ ᠮᠠᠳᠠᠳᠠᠭ ᠠᠴᠠ ᠮᠤᠳᠤ ᠪᠣᠯᠤᠭᠠᠤᠨ ᠮᠥᠭᠡᠷ ᠮᠠᠳᠠᠬᠤ ᠮᠡᠷᠭᠡᠵᠢᠯ ᠢ ᠳᠡᠭᠦᠨ ᠳᠤ ᠵᠢᠭᠠᠬᠤ ᠶᠢᠨ ᠬᠠᠮᠳᠤ ᠠᠵᠢᠯ ᠶᠢᠡᠨ ᠡᠭᠢᠯᠡᠭᠦᠯᠪᠡ᠃

ᠰᠢᠳᠠᠭᠠᠮ᠎ᠠ ᠨᠠᠷᠠᠨ ᠤ ᠰᠢᠷᠠᠯᠳᠠ ᠳᠤᠤᠷ᠎ᠠ ᠠᠪᠠᠭ᠎ᠠ ᠮᠢᠨᠢ᠂ ᠬᠠᠯᠠᠭᠤᠨ ᠶᠤᠤ ᠶᠢᠨ ᠳᠡᠷᠭᠡᠳᠡ᠂ ᠬᠠᠯᠠᠭᠠᠭᠰᠠᠨ ᠮᠥᠭᠡᠷ ᠤᠨ ᠮᠤᠳᠤ ᠪᠠᠷ ᠨᠤᠴᠤᠯᠳᠤᠬᠤ ᠳᠤ ᠪᠦᠭᠦᠢ ᠪᠠᠶ᠎ᠠ ᠨᠢ ᠭᠦᠯᠦᠷᠡᠨ᠂ ᠰᠢᠮᠤᠭᠤᠯ᠂ ᠭᠦᠭᠡ ᠳᠦᠷᠦᠭᠦᠤ ᠶᠢᠨ ᠬᠠᠳᠬᠤᠬᠤ ᠶᠢ ᠴᠤ ᠠᠩᠵᠠᠭᠠᠷᠠᠬᠤ ᠵᠠᠪ ᠦᠭᠡᠶ ᠶᠠᠭᠠᠷᠳᠠᠭ ᠪᠠᠢ᠌ᠯ᠎ᠠ᠃ ᠡᠨᠡ ᠪᠦᠭᠦᠨ ᠢ ᠪᠢᠳᠠᠨ ᠥᠵᠡᠭᠡᠳ᠂ ᠦᠷᠤ ᠡᠪᠠᠦᠡᠴᠤ ᠬᠤᠰᠤ ᠮᠤᠳᠤᠨ ᠤ ᠣᠢ᠌ᠰᠤ ᠪᠠᠷ ᠨᠠᠷᠠ ᠳᠠᠯᠳᠠᠯᠠᠬᠤ ᠰᠡᠷᠢᠭᠦᠨ ᠫᠧᠩ ᠪᠣᠰᠬᠠᠵᠤ᠂ ᠳᠦᠷᠪᠠᠨ ᠳᠠᠯ᠎ᠠ ᠳ᠋ᠤᠨᠢ ᠰᠢᠮᠤᠭᠤᠯ ᠭᠦᠭᠡᠭᠡᠭᠦ ᠮᠠᠢ ᠳᠠᠯᠪᠢᠵᠤ ᠦᠭ‍ᠭᠦ ᠳᠤ ᠠᠪᠠᠭ᠎ᠠ ᠮᠢᠨᠢ ᠶᠡᠭᠡ ᠯᠠ ᠪᠠᠶᠠᠷᠯᠠᠨ 《ᠬᠠᠰᠢ ᠯᠠ ᠡᠷᠳᠡᠮ ᠰᠤᠷᠤᠭᠰᠠᠨ ᠬᠡᠦᠬᠡᠳ ᠣᠠᠳᠤᠤ ᠪᠠᠢ᠌ᠨ᠎ᠠ᠂ ᠬᠠᠷᠠᠮᠰᠠᠯᠳᠠᠢ ᠨᠢ 〈ᠰᠤᠶᠤᠯ ᠤᠨ ᠬᠤᠪᠢᠰᠬᠠᠯ〉 ᠬᠡᠦᠬᠡᠳ ᠤᠨ ᠮᠢᠨᠢ ᠢᠷᠡᠭᠡᠳᠦᠢ ᠶᠢ ᠬᠠᠷᠠᠯᠠᠭᠤᠯᠵᠤ ᠪᠠᠢ᠌ᠨ᠎ᠠ ᠰᠢᠤ ᠁》 ᠭᠡᠵᠤ ᠭᠠᠭᠴᠠᠭᠠᠷ ᠶᠢᠡᠨ ᠥᠭᠦᠯᠡᠨ᠂ ᠭᠠᠩᠰᠠ ᠪᠠᠨ ᠱᠤᠪᠰᠠᠳᠠᠭ ᠪᠠᠢ᠌ᠯ᠎ᠠ᠃

《ᠶᠠᠮᠠᠷ ᠴᠤ ᠠᠵᠢᠯ ᠢ ᠭᠢᠵᠤ ᠰᠤᠷᠪᠠᠯ ᠬᠤᠵᠢᠮ ᠪᠠᠶ᠎ᠠ ᠳᠤ ᠴᠢᠨᠢ ᠠᠰᠢᠭᠳᠠᠢ ᠰᠢᠤ᠂ ᠰᠡᠭᠦᠯᠡᠷ ᠪᠢᠴᠢᠭ᠌ ᠤᠨ ᠠᠵᠢᠯ ᠭᠢᠯ᠎ᠠ ᠭᠡᠳ᠂ ᠳᠡᠭᠦᠨ ᠶᠢᠡᠨ ᠡᠷᠭᠢᠴᠡᠭᠦᠯᠤᠨ ᠦᠷ᠎ᠡ ᠬᠡᠦᠬᠡᠳ ᠣᠯᠠᠮᠵᠢᠯᠠᠨ ᠰᠤᠷᠭᠠᠬᠤ ᠦᠭᠡᠶ ᠦᠦ᠁ ᠭᠠᠯᠳᠠᠨ ᠴᠢ ᠪᠠᠰᠠ ᠮᠥᠭᠡᠷ ᠮᠠᠳᠠᠵᠤ ᠰᠤᠷ》 ᠭᠡᠳ ᠳᠡᠭᠦᠨ ᠳᠤ ᠮᠥᠭᠡᠷ ᠮᠠᠳᠠᠬᠤ ᠶᠢ ᠵᠢᠭᠠᠵᠤ ᠡᠭᠢᠯᠡᠪᠡ᠃ ᠳᠠᠷᠠ᠂ ᠮᠤᠳᠤᠨ ᠳᠠᠷᠬ᠎ᠠ ᠶᠢᠨ ᠠᠵᠢᠯ ᠳᠤ ᠪᠠᠬ᠎ᠠ ᠦᠭᠡᠶ ᠳᠡᠭᠡᠷ᠎ᠡ ᠪᠠᠨ ᠰᠤᠷᠬᠤ ᠮᠠᠭᠤᠳᠠᠢ ᠪᠠᠷ ᠪᠣᠯᠬᠤᠷ᠂ ᠨᠢᠭᠡ ᠶᠤᠤ ᠶᠢᠨ ᠠᠷᠪᠠᠨ ᠭᠡᠳᠤᠨ ᠮᠤᠳᠤ ᠶᠢ ᠮᠥᠭᠡᠷ ᠪᠣᠯᠭᠠᠵᠤ ᠴᠢᠳᠠᠭᠰᠠᠨ ᠦᠭᠡᠶ ᠪᠣᠷᠤᠭᠤ ᠭᠦᠴᠦᠯᠡᠭᠡᠳ ᠬᠤᠭᠤᠯᠵᠤ ᠬᠠᠶᠠᠭᠰᠠᠨ᠃ ᠭᠡᠪᠠᠴᠤ᠂ ᠠᠪᠠᠭ᠎ᠠ ᠰᠥᠭᠦᠷᠡᠭ᠍ᠰᠡᠨ ᠦᠭᠡᠶ 《ᠵᠠᠪᠠᠯ ᠰᠤᠷᠭᠠᠨ᠎ᠠ》 ᠭᠡᠳ ᠳᠡᠭᠦᠨ ᠤ ᠭᠠᠷ ᠢ ᠪᠠᠷᠢᠨ᠂ ᠳᠠᠰᠢᠶ᠎ᠠ ᠪᠠᠨ ᠵᠡᠷᠭᠡᠴᠡᠭᠦᠯᠤᠨ᠂ ᠮᠥᠭᠡᠷ ᠮᠠᠳᠠᠬᠤ ᠳᠤ ᠭᠦᠴᠦᠯᠡᠭᠦ ᠭᠡᠰᠡᠭ᠌᠂ ᠨᠤᠬᠤᠵᠤ ᠵᠥᠭᠡᠯᠡᠷᠡᠭᠦᠯᠭᠦ ᠭᠡᠰᠡᠭ᠌᠂ ᠨᠤᠮᠤ ᠪᠣᠯᠵᠤ ᠪᠠᠢ᠌ᠭ᠎ᠠ ᠦᠶ᠎ᠡ ᠳᠤ ᠭᠦᠴᠦᠯᠡᠵᠤ ᠪᠣᠯᠬᠤ ᠦᠭᠡᠶ ᠭᠡᠰᠡᠭ᠌ ᠮᠠᠳᠤ ᠶᠢᠨ ᠵᠠᠩᠭᠢᠯᠠᠭ᠎ᠠ ᠶᠢᠨ ᠮᠡᠷᠭᠡᠵᠢᠯ ᠢ ᠵᠢᠭᠠᠭᠰᠠᠨ ᠪᠢᠯᠠ᠃ ᠳᠠᠷᠠᠪᠠᠷ᠂ ᠳᠠᠷᠠ ᠨᠠᠯᠢᠶᠠᠤᠨ ᠵᠥᠭᠡᠷ ᠮᠥᠭᠡᠷ ᠮᠠᠳᠠᠬᠤ ᠪᠣᠯᠤᠭᠰᠠᠨ᠃

ᠪᠣᠷᠤᠭᠠᠨ ᠲᠡᠶ ᠡᠳᠦᠷ᠂ ᠠᠵᠢᠯ ᠶᠠᠪᠣᠭᠳᠠᠵᠤ ᠴᠢᠳᠠᠬᠤ ᠦᠭᠡᠶ ᠪᠣᠯᠬᠤᠷ᠂ ᠪᠢᠳᠠᠨ ᠭᠡᠳᠦᠭᠦᠯᠡ ᠳᠡᠷᠭᠡᠨ ᠭᠡᠷᠡᠭ᠍ᠰᠡᠯ᠂ ᠵᠠᠰᠠᠭᠰᠠᠨ ᠣᠷᠭ᠎ᠠ ᠁ ᠵᠡᠷᠭᠡ ᠪᠠᠨ ᠳᠡᠭᠡᠭᠡᠳ᠂ ᠠᠷᠪᠠᠭᠠᠤᠨ ᠭᠠᠵᠠᠷ ᠵᠠᠢ᠌ᠳᠠᠢ ᠵᠡᠭᠦᠨ ᠠᠭᠤᠯᠠ ᠶᠢᠨ ᠴᠠᠭᠠᠳᠤᠭᠢ ᠣᠭᠤᠨᠤ ᠶᠢᠨ ᠷᠠᠰᠢᠶᠠᠨ ᠳᠤ ᠣᠴᠢᠳᠠᠭ ᠪᠠᠢ᠌ᠯ᠎ᠠ᠃ ᠷᠠᠰᠢᠶᠠᠨ ᠳᠤ ᠪᠠᠶ᠎ᠠ ᠰᠤᠪᠢᠯᠠᠵᠤ ᠪᠠᠢ᠌ᠭ᠎ᠠ ᠵᠡᠭᠦᠨ᠂ ᠪᠠᠷᠠᠭᠤᠨ ᠬᠤᠰᠢᠭᠤ᠂ ᠬᠠᠭᠤᠴᠢᠨ ᠪᠠᠷᠭᠤ ᠬᠤᠰᠢᠭᠤᠨ ᠡᠴᠠ ᠢᠷᠡᠭ᠍ᠰᠡᠨ ᠪᠠᠷᠭᠤᠴᠤᠳ ᠲᠡᠶ ᠨᠢᠭᠤᠴᠠ ᠪᠠᠷ ᠪᠠᠭ᠎ᠠ ᠰᠠᠭ᠎ᠠ ᠳᠡᠷᠭᠡ ᠮᠤᠳᠤᠨ ᠤ ᠮᠤᠩᠭ᠋ᠤᠯ ᠮᠠᠢ᠌ᠮᠠᠢ ᠭᠢᠭᠦ ᠪᠣᠶᠤ ᠳᠡᠷᠭᠡ ᠵᠠᠰᠠᠬᠤ ᠠᠵᠢᠯ ᠭᠢᠵᠤ᠂ ᠣᠯᠤᠭᠰᠠᠨ ᠵᠤᠭᠤᠰ ᠶᠢᠡᠷ ᠶᠢᠡᠨ ᠭᠦᠨᠡᠰᠤ ᠪᠣᠳᠠᠭ᠎ᠠ᠂ ᠠᠷᠢᠭᠢ ᠰᠢᠭᠢᠷ᠂ ᠮᠢᠬ᠎ᠠ ᠳᠤᠰᠤ ᠬᠤᠳᠠᠯᠳᠤᠨ ᠠᠪᠣᠭᠠᠤᠨ ᠪᠣᠴᠠᠳᠠᠭ ᠪᠠᠢ᠌ᠯ᠎ᠠ᠃ ᠬᠠᠶᠠ ᠪᠠᠰᠠ ᠣᠭᠤᠨᠤ ᠶᠢᠨ ᠭᠤᠤᠯ ᠳᠠᠭᠠᠨ ᠭᠦᠭᠢ ᠳᠠᠯᠪᠢᠵᠤ᠂ ᠳᠤᠯᠤ᠂ ᠢᠪᠠᠭᠡ᠂ ᠰᠢᠪᠠᠭ᠎ᠠ ᠵᠡᠷᠭᠡ ᠵᠢᠭᠠᠰᠤ ᠵᠡᠷᠭᠡ ᠪᠠᠷᠢᠭᠠᠤᠨ᠂ ᠭᠡᠭᠡᠷ᠎ᠡ ᠶᠢᠨ ᠭᠤᠭᠤᠳ᠂ ᠮᠠᠩᠭᠢᠷ ᠶᠢᠡᠷ ᠬᠠᠭᠤᠷᠴᠤ᠂ ᠠᠪᠠᠭ᠎ᠠ ᠳᠠᠭᠠᠨ ᠠᠷᠢᠭᠢᠨ ᠵᠠᠭᠤᠰᠢ ᠭᠢᠵᠤ ᠦᠭ‍ᠭᠦᠳᠡᠭ᠌᠃ ᠠᠪᠠᠭ᠎ᠠ ᠠᠷᠢᠭᠢ ᠪᠠᠨ ᠣᠤᠭᠤᠨ᠂ ᠠᠬ᠎ᠠ ᠳᠡᠭᠦᠤ ᠪᠢᠳᠠᠨ ᠬᠤᠶᠠᠷ ᠲᠤ ᠣᠯᠠᠨ ᠣᠯᠠᠨ ᠰᠠᠢ᠌ᠨ ᠰᠠᠢ᠌ᠬᠠᠨ ᠰᠤᠷᠭᠠᠯ ᠭᠦᠷᠳᠡᠭᠡᠳᠡᠭ᠌ ᠪᠠᠢ᠌ᠯ᠎ᠠ ᠁ ᠳᠡᠭᠦᠤ ᠨᠢ ᠴᠢᠯᠠᠭᠤᠠᠪᠠᠳᠤ ᠪᠠᠭᠰᠢ ᠶᠢᠨ ᠦᠭ‍ᠭᠦᠭ᠍ᠰᠡᠨ ᠰᠤᠷᠭᠠᠭᠤᠯᠢ ᠶᠢᠨ ᠬᠠᠭᠤᠴᠢᠨ ᠡᠪᠳᠡᠷᠭᠡᠢ ᠪᠠᠶᠠᠨ ᠬᠤᠭᠤᠷ ᠶᠢᠡᠨ ᠳᠠᠳᠠᠵᠤ᠂ ᠮᠠᠭᠤᠬᠠᠨ ᠠᠶᠠᠰ ᠭᠠᠷᠭᠠᠨ᠂ ᠠᠬ᠎ᠠ ᠨᠢ ᠯᠢᠩᠪᠣ ᠪᠣᠶᠤ ᠬᠤᠶᠠᠷ ᠣᠳᠠᠰᠤᠳᠤ ᠬᠤᠭᠤᠷ ᠶᠢᠡᠷ ᠬᠠᠪᠰᠤᠷᠤᠨ ᠭᠦᠭ᠍ᠵᠢᠮ ᠭᠦᠭᠯᠡᠭᠦ ᠳᠤ ᠠᠪᠠᠭ᠎ᠠ ᠮᠢᠨᠢ ᠪᠠᠶᠠᠷᠯᠠᠭᠠᠤᠨ ᠨᠠᠩ ᠬᠤᠷᠳᠤᠨ ᠬᠠᠯᠠᠮᠰᠴᠤ᠄ 《ᠮᠢᠨᠤ ᠬᠡᠦᠬᠡᠳ ᠤᠳ ᠭᠦᠭᠡᠷᠦᠭᠦᠢ᠂ ᠴᠤᠪᠣᠭᠤ ᠬᠡᠦᠬᠡᠳ ᠤᠳ᠂ ᠳᠠᠷᠤᠭᠳᠠᠵᠤ ᠪᠠᠢ᠌ᠨ᠎ᠠ᠂ ᠳᠠᠷᠤᠭᠳᠠᠵᠤ ᠪᠠᠢ᠌ᠨ᠎ᠠ ᠁ ᠡᠭᠡ ᠶᠢᠨ ᠭᠢᠨᠢ ᠶᠠᠭᠤᠨᠢ ᠭᠢᠨᠢ 〈ᠰᠤᠶᠤᠯ ᠤᠨ ᠬᠤᠪᠢᠰᠬᠠᠯ〉 ᠁ ᠮᠢᠨᠤ ᠬᠡᠦᠬᠡᠳ ᠳᠤᠯᠤᠭᠠᠢ ᠥᠡᠳᠡᠢ᠌ᠭᠦ ᠡᠳᠦᠷ ᠯᠠᠪ ᠪᠠᠢ᠌ᠨ᠎ᠠ ᠁》 ᠭᠡᠵᠤ ᠦᠷᠤᠴᠠ ᠵᠢᠷᠦᠭᠡᠨ ᠤ ᠭᠢᠯᠢᠩ ᠶᠢᠡᠨ ᠢᠯᠡᠳᠭᠡᠵᠤ ᠠᠮᠠᠷᠠᠨ ᠣᠠᠳᠠᠳᠠᠭ ᠪᠠᠢ᠌ᠯ᠎ᠠ᠃ ᠠᠭᠤᠯᠠ ᠬᠠᠳᠠ᠂ ᠣᠢ ᠰᠢᠭᠤᠢ ᠶᠢ ᠳᠠᠷᠤᠮᠠᠷ ᠬᠠᠷ᠎ᠠ ᠡᠭᠦᠯᠡ ᠨᠡᠭᠦᠳᠡᠯᠯᠡᠨ ᠥᠩᠭᠡᠷᠡᠵᠤ᠂ ᠦᠷᠭᠦᠯᠵᠢᠯᠡᠨ ᠪᠣᠷᠤᠭᠠᠨ ᠴᠢᠤᠠᠬᠤᠵᠤ ᠪᠠᠢ᠌ᠪᠠᠴᠤ᠂ ᠥᠭᠡᠯᠡᠳ ᠤᠨ 《ᠰᠠᠢ᠌ᠬᠠᠨ ᠠᠷᠤ》 ᠵᠢᠨ ᠵᠢᠵᠢᠭ᠍‍ᠬᠡᠨ ᠭᠡᠷ ᠤᠨ ᠨᠢᠮᠭᠡᠨ ᠢᠰᠡᠭᠡᠢ ᠶᠢ ᠨᠠᠪᠳᠠᠯᠠᠵᠤ ᠴᠢᠳᠠᠭ᠎ᠠ ᠦᠭᠡᠶ᠂ ᠬᠤᠶᠠᠷ ᠦᠶ᠎ᠡ ᠶᠢᠨ ᠭᠢᠨ ᠴᠢᠯᠦᠭᠡᠳᠤ ᠨᠠᠢ᠌ᠷ᠂ ᠣᠷᠳᠤ ᠶᠢᠨ ᠳᠠᠭᠤᠤ ᠭᠦᠭᠯᠡᠭᠦᠯᠭᠦ ᠨᠢ᠂ ᠣᠳᠤ ᠶᠢᠨ ᠭᠦᠭ᠍ᠵᠢᠮᠳᠤ ᠬᠤᠭᠤᠯᠠᠨ ᠳᠢᠩᠭᠢᠮ ᠡᠴᠠ ᠳᠤᠳᠠᠭᠤ ᠦᠭᠡᠶ ᠯᠠ ᠶᠠᠪᠣᠭᠳᠠᠳᠠᠭ ᠪᠠᠢ᠌ᠯ᠎ᠠ᠃

ᠡᠨᠡ ᠮᠠᠳᠤ ᠪᠠᠶᠠᠷ ᠭᠦᠷ᠂ ᠡᠷᠭᠡ ᠴᠢᠯᠦᠭᠡ ᠲᠡᠶ ᠪᠠᠷ ᠪᠢᠳᠠᠨ ᠪᠠᠷᠢᠭᠠᠳᠠ ᠶᠢᠨ ᠡᠭᠦᠷᠭᠡ ᠶᠢ ᠪᠠᠶᠡᠯᠡᠭᠦᠯᠦᠭᠡᠳ᠂ ᠪᠠᠭᠤᠴᠠ ᠪᠠᠨ ᠴᠠᠪᠠᠷᠯᠠᠨ ᠪᠣᠴᠠᠬᠤ ᠪᠣᠯᠤᠯ᠎ᠠ᠃ ᠪᠢᠳᠠᠨ ᠭᠦᠮᠤᠨ ᠪᠦᠭᠦᠨ ᠨᠢᠵᠡᠭᠡᠳ ᠰᠢᠨ᠎ᠠ ᠮᠤᠩᠭ᠋ᠤᠯ ᠳᠡᠷᠭᠡ ᠰᠢᠭᠠᠵᠤ᠂ ᠪᠠᠭ᠎ᠠ ᠰᠠᠭ᠎ᠠ ᠳᠡᠷᠭᠡᠨ ᠭᠡᠷᠡᠭ᠍ᠰᠡᠯ ᠶᠢᠡᠨ ᠳᠡᠭᠡᠭᠡᠳ 《ᠣᠭᠤᠨᠤ ᠶᠢᠨ ᠷᠠᠰᠢᠶᠠᠨ》 ᠳ᠋ᠤ ᠠᠪᠠᠴᠢᠵᠤ ᠠᠷᠠᠯᠵᠢᠶᠠᠯᠠᠭᠠᠤᠨ᠂ ᠬᠤᠪᠴᠠᠰᠤ ᠬᠤᠨᠠᠷ ᠶᠢᠡᠨ ᠰᠤᠯᠢᠵᠤ᠂ ᠭᠡᠷ ᠤᠨ ᠭᠦᠮᠦᠰ ᠲᠡᠭᠡᠨ ᠪᠠᠭ᠎ᠠ ᠰᠠᠭ᠎ᠠ ᠶᠠᠭᠤᠮ᠎ᠠ ᠠᠪᠣᠭᠠᠤᠨ ᠭᠡᠷ ᠵᠥᠭ᠌ ᠶᠢᠡᠨ ᠭᠦᠳᠡᠯᠦᠯ᠎ᠡ᠃ ᠬᠠᠱᠠᠩᠳᠠᠨ ᠬᠤᠯᠭᠢᠬᠤ ᠱᠠᠷ ᠳᠡᠷᠭᠡ ᠶᠢᠨ ᠶᠠᠪᠣᠳᠠᠯ ᠬᠤᠷᠳᠤᠨ ᠰᠢᠭ ᠰᠠᠨᠠᠭᠳᠠᠵᠤ᠂ ᠬᠤᠴᠤᠷᠤᠨ ᠦᠯᠡᠳᠡᠭ᠍ᠰᠡᠨ 《ᠰᠠᠢ᠌ᠬᠠᠨ ᠠᠷᠤ》 ᠵᠢᠨ ᠣᠢ ᠮᠤᠳᠤᠳ ᠰᠠᠯᠭᠢᠨ ᠳᠤ ᠨᠠᠢ᠌ᠭᠤᠬᠤ ᠨᠢ ᠮᠠᠨᠤᠰ ᠢ ᠦᠯᠡᠳᠡᠭᠡᠭᠦ ᠭᠡᠵᠤ ᠪᠠᠢ᠌ᠭ᠎ᠠ ᠴᠤ ᠶᠤᠮ ᠰᠢᠭ᠂ ᠥᠳᠡᠭᠡᠵᠤ ᠪᠠᠢ᠌ᠭ᠎ᠠ ᠴᠤ ᠶᠤᠮ ᠰᠢᠭ ᠰᠡᠳᠭᠢᠯ ᠢ ᠭᠡᠵᠢᠭᠡᠳᠡᠨ᠎ᠡ᠃

ᠠᠯᠤᠰ ᠤᠨ ᠪᠠᠷᠭᠠᠨ ᠳᠤ ᠨᠤᠳᠤᠭ ᠤᠨ ᠳᠡᠭ᠍ᠷᠢ ᠴᠡᠯᠮᠡᠭ᠍ᠰᠡᠨ ᠦᠭᠡᠶ ᠪᠠᠷᠠᠭᠠᠨ ᠡᠭᠦᠯᠡᠰ ᠨᠠᠳᠣᠢ᠌ᠨ᠂ ᠰᠢᠷᠦᠭᠦᠨ ᠪᠣᠷᠤᠭᠠᠨ ᠴᠢᠤᠠᠬᠤᠵᠤ ᠪᠠᠢ᠌ᠭ᠎ᠠ ᠨᠢ ᠢᠯᠡᠭᠡᠨ ᠬᠠᠷᠠᠭᠳᠠᠨ᠎ᠠ᠃ ᠭᠡᠷ ᠤᠢ᠌ᠷᠠᠳᠬᠤ ᠳᠤᠳᠤᠮ᠂ 《ᠰᠠᠢ᠌ᠬᠠᠨ ᠠᠷᠤ》 ᠵᠢᠨ ᠠᠯᠢᠪᠠ ᠰᠠᠢ᠌ᠨ ᠰᠠᠢ᠌ᠬᠠᠨ ᠪᠠᠶᠠᠰᠤᠯ᠂ ᠭᠦᠭᠡᠷᠦᠯ ᠵᠠᠮᠬᠠᠷᠠᠨ ᠣᠤᠠᠴᠤ᠂ ᠳᠤᠳᠤᠷ᠎ᠠ ᠭᠡᠯᠮᠡᠭ᠍ᠳᠡᠯ ᠳᠦᠷᠤᠨ᠂ ᠡᠯᠳᠡᠪ ᠡᠰᠡ ᠶᠢ ᠪᠣᠳᠤᠭᠳᠠᠭᠤᠯᠤᠨ᠎ᠠ᠃ 《〈ᠳᠦᠷᠦᠭᠦᠨ ᠬᠤᠪᠢᠰᠬᠠᠯᠴᠢᠳ〉 ᠣᠯᠠᠨ ᠤ ᠬᠤᠷᠠᠯ ᠳᠡᠭᠡᠷ᠎ᠡ᠂ ᠠᠪᠠᠭ᠎ᠠ ᠶᠢ ᠮᠢᠨᠢ ᠪᠠᠷᠢᠵᠤ ᠭᠦᠯᠢᠭᠡᠳ᠂ ᠮᠤᠷᠢ ᠲᠡᠶ ᠳᠠᠭᠤᠵᠤ᠂ ᠨᠢᠭᠡᠳᠦᠯ ᠤᠨ ᠬᠤᠷᠢᠬᠤ ᠭᠠᠵᠠᠷ ᠠᠪᠠᠴᠢᠵᠤ ᠳᠠᠭᠢᠨ ᠬᠤᠰᠢᠭᠤᠨ ᠤ ᠭᠢᠠᠳᠠᠨ ᠳᠤ ᠭᠦᠷᠭᠡᠯ᠎ᠡ ᠁ ᠬᠤᠷᠠᠯ ᠳᠤ ᠣᠷᠤᠯᠴᠠᠭᠰᠠᠨ ᠡᠵᠢ ᠦᠬᠢᠨ ᠳᠡᠭᠦᠤ ᠬᠤᠶᠠᠷ ᠰᠤᠴᠢᠨ ᠭᠡᠯᠮᠡᠭ᠍ᠳᠡᠭᠡᠳ ᠭᠡᠳᠤᠨ ᠡᠳᠦᠷ ᠬᠠᠯᠠᠭᠤᠷᠠᠯ᠎ᠠ》 ᠭᠡᠵᠤ ᠠᠪᠣ ᠭᠡᠯᠡᠵᠤ ᠪᠠᠢ᠌ᠭᠰᠠᠨ᠃ ᠭᠡᠭᠦ ᠵᠡᠷᠭᠡ ᠶᠢ ᠪᠣᠳᠤᠨ ᠪᠣᠳᠤᠭᠰᠠᠭᠠᠷ᠂ ᠭᠡᠳᠦᠢ ᠵᠠᠮ ᠶᠠᠪᠣᠭᠰᠠᠨ ᠢ ᠪᠣᠤ ᠮᠠᠳᠠ᠃ ᠭᠡᠨᠡᠳᠲᠡ ᠱᠠᠷ ᠤᠨ ᠠᠯᠬᠤᠭ᠎ᠠ ᠠᠭᠠᠵᠢᠮ ᠪᠣᠯᠵᠤ᠂ ᠳᠡᠷᠭᠡ ᠵᠤᠭᠰᠬᠤ ᠳᠤ᠂ ᠠᠪᠠᠭ᠎ᠠ ᠮᠠᠨᠢ᠄ 《〈ᠣᠭᠤᠨᠤ ᠶᠢᠨ ᠷᠠᠰᠢᠶᠠᠨ﹀ ᠳᠤ ᠣᠴᠢᠭᠰᠠᠨ ᠶᠢᠡᠨ ᠭᠡᠨ ᠳᠤ ᠴᠤ ᠭᠡᠯᠡᠵᠤ ᠪᠣᠯᠬᠤ ᠦᠭᠡᠶ ᠰᠢᠤ ᠁》 ᠭᠡᠵᠤ ᠵᠠᠭᠢᠬᠤ ᠳᠤ ᠪᠢᠳᠠᠨ ᠥᠭᠡ ᠳᠠᠭᠤᠨ ᠦᠭᠡᠶ ᠳᠤᠯᠤᠭᠠᠢ ᠳᠤᠭᠢᠯ᠎ᠠ᠃ ᠁

ᠳᠦᠴᠢᠨ ᠵᠢᠯ ᠤᠨ ᠡᠮᠤᠨ᠎ᠡ᠂ 《ᠰᠤᠶᠤᠯ ᠤᠨ ᠬᠤᠪᠢᠰᠬᠠᠯ》 ᠊ᠤᠨ ᠬᠠᠳᠠᠭᠤ ᠪᠠᠷᠭᠡ ᠡᠳᠦᠷ ᠤᠳ ᠲᠤ 《ᠰᠠᠢ᠌ᠬᠠᠨ ᠠᠷᠤ》 ᠵᠢᠨ ᠶᠢᠡᠨ ᠰᠢᠯᠢᠳᠡᠭ᠌ ᠰᠠᠢ᠌ᠬᠠᠨ ᠡᠭᠢ ᠪᠠᠶᠠᠯᠢᠭ ᠢ ᠭᠦᠷᠳᠡᠵᠤ᠂ ᠰᠠᠢ᠌ᠨ ᠳᠦᠰᠢᠭ᠌ ᠠᠪᠠᠭ᠎ᠠ ᠡᠴᠠ ᠪᠠᠨ ᠣᠯᠠᠮᠵᠢᠯᠠᠯ ᠮᠡᠷᠭᠡᠵᠢᠯ᠂ ᠢᠵᠠᠭᠤᠷ ᠰᠤᠶᠤᠯ ᠰᠤᠷᠴᠤ ᠶᠠᠪᠣᠭᠰᠠᠨ ᠡᠳᠦᠷ ᠬᠤᠨᠤᠭ ᠢ ᠪᠣᠳᠤᠬᠤ ᠪᠦᠷᠢ ᠨᠤᠳᠤᠭ ᠤᠨ ᠬᠠᠢ᠌ᠷ᠎ᠠ᠂ ᠨᠠᠰᠤᠳᠠᠨ ᠪᠣᠭᠤᠷᠠᠯ ᠤᠨ ᠶᠢᠡᠨ ᠠᠴᠢ ᠶᠢ ᠭᠡᠵᠢᠶ᠎ᠡ ᠬᠠᠮᠢᠭ᠎ᠠ ᠶᠠᠮᠠᠷ ᠴᠤ ᠶᠠᠭᠤᠮᠠᠰ ᠶᠢᠡᠷ ᠬᠠᠷᠢᠭᠤᠯᠵᠤ ᠴᠢᠳᠠᠬᠤ ᠦᠭᠡᠶ ᠭᠡᠵᠤ ᠰᠠᠨᠠᠭᠳᠠᠭᠤᠯᠤᠨ ᠦᠪᠡᠷ ᠤᠨ ᠡᠷᠭᠡ ᠦᠭᠡᠶ ᠨᠢᠯᠪᠣᠰᠤ ᠪᠦᠮᠪᠦᠷᠢᠨ᠎ᠡ᠃


ᠲ·ᠵᠠᠮᠰᠠ ᠳᠠᠳ᠋ ᠫᠷᠤᠹᠧᠰᠰᠤᠷ᠂ ᠳᠸᠯᠸᠢᠰ ᠰᠤᠨᠢᠨ ᠮᠡᠳᠡᠭᠡᠨ ᠤ ᠡᠷᠭᠢᠯᠡᠨ ᠨᠠᠢ᠌ᠷᠠᠭᠤᠯᠤᠭᠴᠢ

2009 ᠊᠊᠊᠊᠊᠊᠊᠊᠊᠊᠊᠊᠊᠊᠊ 10 ᠊᠊᠊᠊᠊᠊᠊᠊᠊᠊᠊᠊᠊᠊᠊ 15 ᠊ᠨ᠎ᠠ ᠳᠠᠭᠢᠨ ᠨᠠᠢ᠌ᠷᠠᠭᠤᠯᠪᠠ

* ᠳᠤᠰ ᠵᠤᠬᠢᠶᠠᠯ 《ᠭᠦᠯᠤᠨ ᠪᠣᠢ᠌ᠷ ᠤᠨ ᠡᠳᠦᠷ ᠰᠤᠨᠢᠨ》 ᠳᠤ 2000 ᠊᠊᠊᠊᠊᠊᠊᠊᠊᠊᠊᠊᠊᠊᠊ 04 ᠊᠊᠊᠊᠊᠊᠊᠊᠊᠊᠊᠊᠊᠊᠊ 22 ᠳᠤ ᠨᠡᠢ᠌ᠳᠡᠯᠡᠭ᠍ᠳᠡᠵᠤ ᠥᠩᠭᠡᠷᠡᠪᠡ



ᠵᠤᠬᠢᠶᠠᠭᠴᠢ ᠶᠢᠨ ᠬᠠᠶ‍ᠢᠭ᠄ ᠧᠡᠩᠭᠢ ᠬᠤᠰᠢᠭᠤᠨ ᠤ ᠳᠸᠯᠸᠢᠰ ᠬᠤᠷᠢᠶ᠎ᠠ

ᠵᠤᠬᠢᠶᠠᠭᠴᠢ᠄ ᠳ·ᠭᠠᠯᠳᠠᠨ ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6183
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ