ᠨᠡᠪᠲᠡᠷᠡᠨ ᠤᠷᠤᠬᠤ
ᠮᠠᠭᠤ ᠳᠦᠰᠢᠭ᠌

ᠰᠢᠨ᠎ᠠ ᠵᠢᠯ ᠤᠨ ᠰᠢᠨ᠎ᠠ ᠶᠢᠨ ᠪᠠᠶᠠᠷ ᠶᠢᠡᠷ ᠪᠢ ᠪᠣᠯᠤ ᠡᠭᠡᠴᠢ ᠶᠢᠨ ᠳᠡᠭᠡᠨ ᠠᠢ᠌ᠯᠴᠢᠯᠠᠵᠤ ᠭᠦᠷᠦᠭ᠍ᠰᠡᠨ ᠶ‍ᠦᠮ᠃ ᠳᠡᠭᠡᠭᠡᠳ ᠪᠢᠳᠠ ᠬᠤᠶᠠᠭᠤᠯᠠ ᠡᠨᠡ ᠳᠠᠷᠠ ᠡᠯᠳᠡᠪ ᠢ ᠶᠠᠷᠢᠯᠴᠠᠵᠤ ᠨᠠᠯᠢᠶᠠᠤᠨ ᠭᠦᠭᠡᠷᠦᠯᠳᠦᠯ᠎ᠡ᠃ ᠬᠠᠮᠢᠭ᠎ᠠ ᠭᠡᠵᠢᠶᠡᠨᠢ ᠥᠩᠭᠡᠷᠡᠭ᠍ᠰᠡᠨ ᠣᠴᠢᠷ ᠤᠳ ᠢ ᠶᠠᠷᠢᠯᠴᠠᠵᠤ ᠶᠤᠰᠤᠳᠠᠢ ᠬᠠᠠᠳᠠᠯ᠎ᠠ ᠢᠨᠢᠶᠠᠯᠴᠠᠪᠠ᠃ ᠪᠢ ᠪᠦᠷ ᠢᠨᠢᠶᠡᠭ᠍ᠰᠡᠭᠡᠷ ᠪᠠᠢ᠌ᠵᠤ ᠭᠡᠳᠡᠰᠤᠨ ᠪᠣᠯᠴᠠᠩ ᠡᠪᠠᠦᠡᠴᠢᠭᠡᠪᠡ᠃ ᠪᠣᠯᠤ ᠡᠭᠡᠴᠢ ᠴᠤ ᠨᠢᠯᠪᠣᠰᠤ ᠭᠠᠷᠳᠠᠯ᠎ᠠ ᠢᠨᠢᠶᠠᠪᠠ᠃ ᠳᠠᠷᠠ ᠨᠢᠯᠪᠣᠰᠤ ᠪᠠᠨ ᠠᠷᠴᠢᠬᠤ ᠵᠠᠭᠤᠷ᠎ᠠ 《ᠡᠨ ᠶᠠ᠂ ᠣᠷᠴᠢᠮ ᠤᠨ ᠵᠢᠯ ᠢᠩᠭᠢᠵᠤ ᠢᠨᠢᠶᠡᠭ᠍ᠰᠡᠨ ᠦᠭᠡᠶ》 ᠭᠡᠭᠦ ᠶᠤᠮ᠃ ᠪᠢ ᠳᠡᠭᠡᠭᠡᠳ 《ᠶᠠᠭᠤ ᠭᠡᠵᠢ ᠳ᠋ᠠ᠂ ᠨᠠᠳᠠ ᠰᠢᠭ ᠡᠭᠡᠯ ᠵᠢᠷ ᠤᠨ ᠮᠥᠷᠳᠡᠭᠡᠨ ᠴᠢᠳᠠᠯ ᠡᠷᠳᠡᠮ ᠳᠤᠳᠠᠮᠠᠭ᠂ ᠭᠡᠷ ᠳᠡᠷᠭᠡ ᠨᠢ ᠳᠦᠭᠦᠮᠭᠡᠨ᠂ ᠨᠠᠢ᠌ᠵᠠ ᠨᠥᠭᠦᠤᠨ ᠠᠷᠪᠢᠨ ᠦᠭᠡᠶ ᠭᠦᠮᠤᠨ ᠬᠠᠶᠠ ᠳᠠᠭᠠᠨ ᠪᠠᠰᠠ ᠢᠩᠭᠢᠵᠤ ᠭᠦᠭᠡᠷᠴᠢᠭᠡᠳᠡᠭ᠌ ᠪᠠᠢ᠌ᠳᠠᠯ᠎ᠠ ᠴᠢᠮ᠎ᠠ ᠰᠢᠭ ᠡᠷᠳᠡᠮ ᠴᠢᠳᠠᠯ ᠬᠤᠤᠰᠯᠠᠭᠰᠠᠨ᠂ ᠳᠠᠷᠤᠭ᠎ᠠ ᠨᠤᠶᠠᠨ ᠪᠣᠯᠴᠢᠬᠠᠭᠰᠠᠨ ᠬᠠᠭᠠᠨ ᠤ ᠣᠷᠳᠤᠨ ᠰᠢᠭ ᠭᠡᠷ ᠭᠦᠷᠦᠩᠭᠡ ᠲᠡᠶ᠂ ᠪᠦᠭ᠍ᠰᠡ ᠪᠠᠷ ᠳᠦᠭᠦᠷᠡᠩ ᠨᠠᠢ᠌ᠵᠠ ᠨᠥᠭᠦᠤᠨ ᠲᠡᠶ ᠭᠦᠮᠤᠨ ᠶᠤᠰᠤᠳᠠᠢ ᠨᠠᠮᠢ᠋ᠢ ᠬᠠᠭᠤᠷᠬᠤ ᠳᠠᠭᠠᠨ᠁》 ᠭᠡᠪᠡ᠃ ᠳᠠᠭᠠᠭᠤᠯᠡᠷ ᠡᠭᠡᠴᠢ ᠮᠢᠨᠢ ᠭᠠᠷ ᠶᠢᠡᠨ ᠰᠠᠵᠢᠯᠠᠨ ᠲᠦᠪ ᠰᠠᠭᠤᠵᠤ᠄ 《 ᠦᠭᠡᠶ ᠰᠢᠤ᠂ ᠥᠨᠡᠭᠡᠷ᠃ ᠳᠠᠳᠠᠨ ᠲᠡᠶ ᠶᠠᠷᠢᠯᠴᠠᠬᠤ ᠪᠣᠯᠤᠨ ᠴᠢᠮ᠎ᠠ ᠲᠡᠶ ᠶᠠᠷᠢᠯᠴᠠᠬᠤ ᠴᠢᠨᠢ ᠦᠰᠦᠳ ᠣᠠᠳᠤᠤ᠃ ᠭᠦᠮᠤᠨ ᠨᠠᠮ᠎ᠠ ᠶᠢ ᠡᠳᠦᠷ ᠲᠤ ᠶᠡᠭᠡ ᠵᠢᠷᠭᠠᠯᠳᠠᠢ ᠪᠠᠢ᠌ᠨ᠎ᠠ ᠭᠡᠵᠤ ᠰᠠᠨᠠᠳᠠᠭ᠂ ᠥᠨᠡᠨᠳᠡᠭᠡᠨ ᠪᠢ ᠰᠡᠳᠭᠢᠯ ᠤᠨ ᠳᠠᠷᠤᠭᠠᠰᠤ ᠲᠡᠶ ᠭᠦᠮᠤᠨ ᠳ᠋ᠠ᠁》

᠊᠊᠊᠊᠊᠊᠊᠊᠊᠊᠊᠊᠊᠊᠊ ᠶᠠᠭᠤ ᠭᠡᠵᠢ ᠳ᠋ᠠ᠃

᠊᠊᠊᠊᠊᠊᠊᠊᠊᠊᠊᠊᠊᠊᠊ ᠪᠢ ᠠᠵᠢᠯ ᠠᠮᠢᠳᠤᠷᠠᠯ ᠤᠨ ᠳᠦᠯᠦᠭᠡ ᠠᠮᠢ ᠪᠠᠨ ᠴᠦᠯᠠᠵᠤ ᠶᠠᠪᠣᠭᠰᠠᠨ ᠰᠢᠤ᠂ ᠡᠨᠡ ᠭᠡᠷ ᠢ ᠪᠠᠰᠠ ᠭᠦᠤ ᠳᠡᠭᠡᠨ ᠠᠪᠴᠤ ᠦᠭ‍ᠭᠦ ᠭᠡᠵᠤ ᠴᠢᠷᠮᠠᠢ᠌ᠵᠤ ᠯᠠ ᠮᠡᠳᠡᠭ᠍ᠰᠡᠨ᠃ ᠭᠡᠭᠦ ᠳᠤ ᠵᠢᠭᠡ ᠴᠢᠨᠢ ᠡᠳᠡᠭᠡᠷ ᠢ ᠳᠤᠭᠤᠬᠤ ᠦᠭᠡᠶ᠂ ᠣᠳᠤ ᠳ᠋ᠠᠯᠢᠶᠠᠨ ᠳᠤ ᠠᠮᠢᠳᠤᠷᠠᠨ᠎ᠠ ᠭᠡᠨ᠎ᠡ᠂ ᠳᠠᠯᠠᠢ ᠬᠠᠷᠠᠵᠤ ᠰᠠᠭᠤᠬᠤ ᠪᠣᠯ ᠮᠢᠨᠤ ᠪᠠᠷᠢ ᠶᠢᠨ ᠭᠦᠰᠡᠯ ᠭᠡᠨ᠎ᠡ᠁

᠊᠊᠊᠊᠊᠊᠊᠊᠊᠊᠊᠊᠊᠊᠊ ᠭᠦᠤ ᠪᠠᠷᠢ ᠴᠢᠨᠢ ᠳᠡᠭᠡᠭᠡᠳ ᠳᠠᠷᠠ ᠰᠠᠢ᠌ᠬᠠᠨ ᠠᠵᠢᠯ ᠶᠢᠡᠨ ᠣᠷᠭᠢᠭᠠᠤᠨ ᠶᠠᠪᠣᠨ᠎ᠠ ᠦᠦ︖

᠊᠊᠊᠊᠊᠊᠊᠊᠊᠊᠊᠊᠊᠊᠊ ᠳᠡᠭᠡᠯᠭᠦᠢ ᠳ᠋ᠠ᠂ ᠳᠠᠳᠠ ᠴᠢᠨᠢ ᠮᠢᠨᠤ ᠰᠠᠨᠠᠭ᠎ᠠ ᠶᠢ ᠮᠡᠳᠡᠭᠦ ᠦᠭᠡᠶ᠃ ᠣᠳᠤ ᠳᠡᠭᠡᠭᠡᠳ ᠳ᠋ᠠᠯᠢᠶᠠᠨ ᠳᠤ ᠨᠢᠭᠡ ᠠᠵᠢᠯ ᠠᠮᠢᠳᠤᠷᠠᠯ ᠪᠣᠰᠬᠠᠬᠤ ᠳᠤᠬᠠᠢ ᠡᠪᠯᠡᠭᠦᠯᠦᠭᠡᠳ ᠥᠭ᠌ ᠭᠡᠵᠤ ᠡᠳᠦᠷ ᠲᠡᠭᠡᠨ ᠨᠠᠮᠢ᠋ᠢ ᠰᠢᠨᠠᠯᠭᠠᠬᠤ ᠶᠤᠮ᠃

᠊᠊᠊᠊᠊᠊᠊᠊᠊᠊᠊᠊᠊᠊᠊ ᠳᠠᠳᠠ ᠦᠪᠡᠷᠰᠠᠤᠨ ᠶᠢᠡᠨ ᠠᠷᠭᠠᠯᠠᠨ᠎ᠠ ᠪᠢᠵᠠ︖

᠊᠊᠊᠊᠊᠊᠊᠊᠊᠊᠊᠊᠊᠊᠊ ᠳᠠᠳᠠ ᠶᠠᠭᠤ ᠪᠠᠷ ᠶᠢᠡᠨ ᠠᠷᠭᠠᠯᠠᠨ᠎ᠠ ᠪᠣᠢ︖ ᠬᠤᠭᠤᠰᠤᠨ ᠦᠨᠳᠦᠷ ᠰᠠᠨᠠᠭ᠎ᠠ ᠪᠠᠢ᠌ᠬᠤ ᠡᠴᠡ ᠳ᠋ᠠ᠂ ᠴᠢ ᠵᠢᠭᠡ ᠪᠠᠨ ᠮᠡᠳᠡᠬᠦ ᠦᠭᠡᠢ ᠴᠤ ᠪᠢᠰᠢ᠂ ᠵᠢᠭᠡ ᠴᠢᠨᠢ ᠳᠡᠭᠡᠵᠤ 《ᠠᠳᠤᠭᠤᠨ ᠤ ᠪᠠᠨ ᠭᠢᠷᠢ ᠪᠠᠷ ᠢᠰᠭᠢᠷᠴᠤ ᠭᠦᠡᠵᠢᠯᠡᠨ ᠤ ᠭᠢᠷᠢ ᠪᠠᠷ ᠵᠢᠭᠢᠳᠡᠭ᠌》 ᠨᠢ ᠪᠢᠰᠢ᠃ ᠪᠠᠷᠢ ᠴᠤ ᠠᠳᠠᠯᠢ ᠡ᠂ 《ᠠᠭᠤᠯᠠ ᠶᠢᠨ ᠪᠣᠭᠤ ᠶᠢ ᠬᠠᠷᠠᠭᠠᠤᠨ ᠣᠨᠤᠭᠰᠠᠨ ᠪᠣᠬ᠎ᠠ ᠪᠠᠨ ᠬᠠᠶᠠᠳᠠᠭ》 ᠨᠢ᠃ ᠪᠦᠷ ᠯᠠ ᠬᠤᠪᠴᠠᠰᠤ ᠬᠤᠨᠠᠷ᠂ ᠡᠳ᠋ ᠪᠣᠳᠠᠰ ᠶᠢᠡᠷ ᠪᠣᠰᠤᠳ ᠲᠡᠶ ᠠᠳᠠᠯᠢᠤᠠᠬᠠᠬᠤ ᠡᠴᠡ ᠥᠭᠡᠷ᠎ᠡ ᠶᠠᠮᠠᠷ ᠴᠤ ᠴᠢᠳᠠᠯ ᠦᠭᠡᠶ ᠠᠮᠢᠳᠠᠤᠨ᠃

᠊᠊᠊᠊᠊᠊᠊᠊᠊᠊᠊᠊᠊᠊᠊ ᠴᠢᠮ᠎ᠠ ᠰᠢᠭ ᠳᠦᠰᠢᠭ᠌ ᠪᠠᠢ᠌ᠬᠤ ᠳᠠᠭᠠᠨ ᠯᠠ ᠪᠢᠵᠠ᠃

᠊᠊᠊᠊᠊᠊᠊᠊᠊᠊᠊᠊᠊᠊᠊ ᠣᠤᠯ ᠨᠢ ᠪᠢ ᠳᠠᠳᠠᠨ ᠳᠤ ᠳᠦᠰᠢᠭ᠌ ᠪᠣᠯᠬᠤ ᠪᠠᠷ ᠴᠢᠷᠮᠠᠢ᠌ᠵᠤ ᠶᠠᠪᠣᠭᠰᠠᠨ ᠨᠢ ᠦᠨᠡᠠᠳᠠᠢ᠃ ᠭᠦᠤ ᠪᠠᠨ ᠨᠢᠭᠡ ᠰᠠᠢ᠌ᠬᠠᠨ ᠶᠠᠪᠣᠭᠤᠯᠴᠢᠬᠠᠪᠠᠯ ᠰᠠᠨᠠᠭ᠎ᠠ ᠠᠮᠠᠷᠠᠬᠤ ᠰᠢᠭ᠌ ᠪᠣᠳᠤᠭᠳᠠᠳᠠᠭ᠃ ᠳᠡᠭᠦᠨ ᠢ ᠯᠠ ᠲᠦᠰᠢᠵᠤ ᠥᠳᠡᠯᠦᠭᠡ ᠨᠠᠰᠤ ᠪᠠᠨ ᠨᠥᠭ᠍ᠴᠢᠭᠡᠭᠦ ᠭᠡᠵᠤ ᠰᠠᠨᠠᠳᠠᠭ᠃ ᠭᠡᠳᠡᠯ᠎ᠡ ᠳᠡᠳᠡᠭᠡᠷ ᠴᠢᠨᠢ ᠪᠦᠷ ᠰᠠᠨᠠᠭ᠎ᠠ ᠬᠠᠩᠬᠤ ᠶᠢ ᠮᠡᠳᠡᠳᠡᠭ᠌ ᠦᠭᠡᠶ ᠣᠯᠤᠰ᠃

᠊᠊᠊᠊᠊᠊᠊᠊᠊᠊᠊᠊᠊᠊᠊ ᠥᠳᠡᠯᠦᠭ᠍ᠰᠡᠨ ᠤ ᠳᠠᠷᠠᠭ᠎ᠠ ᠯᠠᠪ ᠳᠦᠰᠢᠭ᠌ ᠪᠣᠯᠬᠤ ᠪᠠᠢ᠌ᠯᠭᠦᠢ᠃

᠊᠊᠊᠊᠊᠊᠊᠊᠊᠊᠊᠊᠊᠊᠊ ᠳᠠᠳᠠᠨ ᠤ ᠳᠠᠷᠠ ᠴᠢᠷᠠᠢ ᠪᠠᠷ ᠳ᠋ᠠ᠃ ᠮᠠᠨ ᠤ ᠪᠠᠷᠢ ᠮᠠᠨ ᠤ ᠳᠤ ᠢᠷᠡᠭᠡᠳ ᠳᠠᠪᠤᠨ ᠵᠢᠯ ᠪᠣᠯᠵᠤ ᠪᠠᠢ᠌ᠨ᠎ᠠ᠂ ᠨᠢᠭᠡ ᠴᠤ ᠬᠤᠭᠤᠯᠠ ᠭᠢᠭᠦ ᠶᠢ ᠮᠡᠳᠡᠭᠦ ᠦᠭᠡᠶ᠃ ᠠᠩᠬ᠎ᠠ ᠵᠢᠯ ᠬᠤᠪᠢ ᠴᠢᠭ᠌ ᠲᠡᠭᠡᠨ ᠰᠠᠭᠤᠨ᠎ᠠ ᠭᠡᠭᠦᠯᠡᠷ ᠪᠢ ᠬᠤᠳᠠ ᠶᠢᠨ ᠭᠤᠤᠯ ᠳ᠋ᠠᠭᠢ ᠬᠠᠮᠤᠭ ᠰᠠᠢ᠌ᠨ ᠪᠠᠷᠢᠯᠭ᠎ᠠ ᠶᠢ ᠰᠤᠩᠭ᠋ᠤᠭᠤᠯᠵᠤ ᠪᠠᠢ᠌ᠭᠠᠤᠨ ᠭᠡᠷ ᠠᠪᠴᠤ ᠦᠭ‍ᠭᠦᠭ᠍ᠰᠡᠨ ᠶᠤᠮ᠃ ᠳᠠᠮᠠᠢ ᠣᠳᠠᠭᠰᠠᠨ ᠦᠭᠡᠶ ᠳᠠᠠᠳᠠ ᠳᠡᠷᠭᠡ ᠮᠠᠰᠢᠨ ᠱᠤᠤᠭᠢᠭᠠᠤᠨ ᠠᠮᠠᠷᠴᠤ ᠳᠡᠢ᠌ᠯᠭᠦ ᠦᠭᠡᠶ ᠪᠠᠢ᠌ᠨ᠎ᠠ ᠭᠡᠨ᠎ᠡ᠂ ᠨᠠᠷᠠᠪᠴᠢ (ᠳᠠᠭᠳᠤ) ᠨᠢ ᠢᠪᠴᠤᠤ ᠪᠣᠯᠴᠢᠬᠠᠵᠠᠢ ᠴᠤ ᠭᠡᠨ᠎ᠡ᠃ ᠢᠩᠭᠢᠭᠡᠳ ᠡᠨᠡ ᠭᠡᠷ ᠢ ᠠᠪᠣᠭᠠᠤᠨ ᠨᠢᠭᠡ ᠵᠢᠯ ᠴᠤ ᠪᠣᠯᠤᠭᠰᠠᠨ ᠦᠭᠡᠶ ᠳ᠋ᠠᠯᠢᠶᠠᠨ ᠳᠤ ᠶᠠᠪᠣᠨ᠎ᠠ ᠭᠡᠭᠦ ᠶᠤᠮ᠃ ᠶᠠᠪᠣᠪᠠᠯ ᠶᠠᠪᠣ ᠪᠠ᠂ ᠮᠢᠨᠤ ᠬᠠᠵᠠᠭᠤ ᠡᠴᠡ ᠰᠠᠯᠪᠠᠯ ᠪᠠᠰᠠ ᠰᠤᠨᠢᠨ ᠪᠣᠯᠬᠤ ᠴᠤ ᠮᠠᠭᠠᠤᠨ ᠭᠡᠳ ᠣᠤᠯ ᠤᠨ ᠬᠤᠶᠠᠷ ᠬᠠᠭᠤᠴᠢᠨ ᠭᠡᠷ ᠶᠢᠡᠨ ᠬᠤᠳᠠᠯᠳᠤᠭᠠᠤᠨ ᠳ᠋ᠠᠯᠢᠶᠠᠨ ᠳᠤ ᠨᠢᠭᠡ ᠭᠡᠷ ᠢ ᠨᠢ ᠠᠪᠴᠢᠬᠠᠭᠰᠠᠨ᠃ ᠪᠣᠰᠤᠳ ᠢ ᠨᠢ ᠥᠪᠠᠷᠳᠡᠭᠡᠨ ᠮᠠᠳᠠ ᠭᠡᠭᠦᠯᠡᠷ ᠶᠠᠭᠤ ᠴᠤ ᠴᠢᠳᠠᠬᠤ ᠦᠭᠡᠶ ᠳᠠᠳᠠ ᠬᠤᠶᠠᠷ ᠶᠠᠭᠠᠭᠢᠨ᠎ᠠ ᠪᠣᠢ︖ ᠠᠵᠢᠯ ᠢ ᠨᠢ ᠰᠢᠯᠵᠢᠭᠦᠯᠭᠦ ᠭᠡᠵᠤ ᠪᠠᠰᠠ ᠠᠮᠤᠷ ᠦᠭᠡᠶ᠃

᠊᠊᠊᠊᠊᠊᠊᠊᠊᠊᠊᠊᠊᠊᠊ ᠴᠢ ᠶᠤᠰᠤᠳᠠᠢ ᠬᠡᠦᠬᠡᠳ ᠤᠨ ᠶᠢᠡᠨ ᠳᠦᠯᠦᠭᠡ ᠠᠮᠢᠳᠤᠷᠠᠭᠰᠠᠨ ᠭᠦᠮᠤᠨ ᠳ᠋ᠠ᠃

᠊᠊᠊᠊᠊᠊᠊᠊᠊᠊᠊᠊᠊᠊᠊ ᠠᠯᠢ ᠠᠪᠣ ᠡᠵᠢ ᠨᠢ ᠳᠠᠮᠠᠢ ᠦᠭᠡᠶ ᠪᠣᠢ︖ ᠭᠡᠯᠡᠶ᠎ᠡ ᠭᠡᠰᠡᠨ ᠪᠢ ᠠᠵᠢᠯ᠂ ᠮᠥᠩᠭᠦ ᠭᠡᠭ᠍ᠰᠡᠭᠡᠷ ᠪᠠᠢ᠌ᠵᠤ ᠭᠦᠤ ᠪᠠᠨ ᠰᠤᠷᠭᠠᠵᠤ ᠴᠢᠳᠠᠭᠰᠠᠨ ᠦᠭᠡᠶ᠂ ᠮᠢᠨᠤ ᠭᠦᠤ ᠵᠤᠭᠤᠰ ᠵᠠᠷᠤᠬᠤ ᠡᠴᠡ ᠥᠭᠡᠷ᠎ᠡ ᠶᠠᠭᠤ ᠴᠤ ᠴᠢᠳᠠᠬᠤ ᠦᠭᠡᠶ ᠭᠦᠮᠤᠨ ᠪᠣᠯᠵᠠᠢ᠃

᠊᠊᠊᠊᠊᠊᠊᠊᠊᠊᠊᠊᠊᠊᠊ ᠳᠠᠪᠰᠢᠬᠤ ᠵᠠᠩ ᠨᠢ ᠴᠢᠮ᠎ᠠ ᠶᠢ ᠶᠡᠭᠡ ᠳᠠᠭᠤᠷᠢᠶᠠᠵᠠᠢ᠃ ᠪᠢ ᠰᠡᠳᠭᠢᠯ ᠳᠤ ᠳᠠᠭ᠎ᠠ ᠦᠭᠡᠶ ᠣᠴᠢᠷ ᠢ ᠶᠠᠷᠢᠯᠴᠠᠬᠤ ᠳᠤᠷ᠎ᠠ ᠦᠭᠡᠶ ᠪᠣᠯᠵᠤ ᠥᠭᠡ ᠰᠢᠯᠵᠢᠭᠦᠯᠭᠦ ᠢ ᠰᠠᠨᠠᠯ᠎ᠠ᠃

᠊᠊᠊᠊᠊᠊᠊᠊᠊᠊᠊᠊᠊᠊᠊ ᠨᠠᠮᠢ᠋ᠢ ᠳᠠᠭᠤᠷᠢᠶᠠᠯ᠎ᠠ ⁈ ᠪᠢ ᠳᠠᠢ᠌ᠮᠤ ᠬᠠᠨᠤᠰᠢ ᠦᠭᠡᠶ ᠪᠠᠢ᠌ᠭᠰᠠᠨ ᠭᠡᠵᠢ ᠦᠦ︖

᠊᠊᠊᠊᠊᠊᠊᠊᠊᠊᠊᠊᠊᠊᠊ ᠦᠭᠡᠶ᠂ ᠦᠭᠡᠶ᠃ ᠳᠠᠳᠠ ᠪᠠᠰᠠ ᠳᠠᠪᠰᠢᠬᠤ ᠶᠢ ᠪᠣᠳᠤᠵᠤ ᠪᠠᠢ᠌ᠬᠤ ᠳᠠᠭᠠᠨ ᠪᠠᠢ᠌ᠯᠭᠦᠢ᠂ ᠪᠠᠭ᠎ᠠ ᠭᠡᠷ ᠢ ᠶᠡᠭᠡ ᠭᠡᠷ ᠶᠢᠡᠷ ᠰᠤᠯᠢᠵᠤ᠂ ᠪᠠᠭ᠎ᠠ ᠬᠤᠳᠠᠨ ᠳᠤ ᠪᠠᠢ᠌ᠭᠰᠠᠨ ᠡᠴᠡ ᠶᠡᠭᠡ ᠬᠤᠳᠠᠨ ᠳᠤ ᠰᠠᠭᠤᠬᠤ ᠭᠡᠰᠡᠨ ᠨᠢ ᠁

᠊᠊᠊᠊᠊᠊᠊᠊᠊᠊᠊᠊᠊᠊᠊ ᠳᠠᠷᠠ ᠶᠢ ᠪᠠᠰᠠ ᠳᠠᠪᠰᠢᠬᠤ ᠭᠡᠵᠤ ᠭᠡᠯᠡᠨ᠎ᠡ ᠦᠦ︖ ᠡᠭᠡᠴᠢ ᠠᠭᠤᠷᠯᠠᠭᠰᠠᠨ ᠰᠢᠭ ᠪᠣᠯᠪᠠ᠃ ᠪᠢ ᠪᠣᠳᠤᠭᠰᠠᠨ ᠶᠢᠡᠷ ᠶᠢᠡᠨ ᠶᠠᠷᠢᠭᠰᠠᠨ ᠳᠠᠭᠠᠨ ᠬᠠᠷᠠᠮᠰᠠᠵᠤ᠂ 《ᠳᠡᠭᠦᠤ ᠨᠢ ᠥᠭᠡ ᠶᠠᠷᠢᠵᠤ ᠴᠢᠳᠠᠬᠤ ᠦᠭᠡᠶ ᠰᠢᠤ》 ᠭᠡᠵᠤ ᠴᠠᠭᠠᠪᠣᠷᠢᠯᠠᠪᠠ᠃

᠊᠊᠊᠊᠊᠊᠊᠊᠊᠊᠊᠊᠊᠊᠊ ᠴᠢ ᠪᠠᠰᠠ ᠠᠯᠪᠠ ᠪᠠᠷ ᠨᠠᠮᠢ᠋ᠢ ᠠᠷᠭᠠᠳᠠᠵᠤ ᠪᠠᠢ᠌ᠬᠤ ᠳ᠋ᠠ ᠭᠡᠵᠤ ᠡᠭᠡᠴᠢ ᠬᠤᠶᠠᠷ ᠭᠠᠷ ᠶᠢᠡᠨ ᠰᠠᠯᠠᠭᠠᠪᠴᠢᠯᠠᠵᠤ᠂ ᠳᠤᠭᠤᠭᠰᠢ ᠬᠠᠷᠠᠨ ᠭᠡᠰᠡᠭ᠌ ᠣᠳᠠᠭᠰᠠᠨ ᠶᠢᠡᠨ ᠳᠤᠯᠤᠭᠠᠢ ᠪᠠᠨ ᠡᠷᠭᠦᠵᠤ᠂ ᠭᠡᠵᠢᠭᠡ ᠪᠠᠨ ᠠᠷᠤᠠᠰᠢ ᠪᠠᠨ ᠢᠯᠪᠢᠨ᠄ 《ᠨᠠᠳᠠᠳᠤ ᠦᠨᠡᠨ ᠥᠭᠡ ᠶᠠᠷᠢᠳᠠᠭ ᠭᠦᠮᠤᠨ ᠦᠭᠡᠶ ᠪᠣᠯᠵᠠᠢ》 ᠭᠡᠳ ᠱᠠᠹᠠᠨ ᠤ ᠳᠦᠰᠢᠯᠭᠡ ᠲᠦᠰᠢᠵᠤ ᠣᠷᠳᠤ ᠭᠡᠭ᠍ᠴᠢ ᠰᠢᠭᠦᠷᠡᠰᠤ ᠠᠯᠳᠠᠪᠠ᠃

ᠡᠨᠡ ᠊ᠭ᠍ᠱᠡᠨ ᠠᠷᠪᠠᠨ ᠵᠢᠯ ᠤᠨ ᠡᠮᠦᠨᠡᠭᠢ ᠨᠢᠭᠡ ᠣᠴᠢᠷ ᠪᠣᠳᠤᠯ ᠳᠤ ᠣᠷᠤᠵᠤ ᠢᠷᠠᠯ᠎ᠠ᠃ ᠳᠠᠷᠠ ᠦᠶ᠎ᠡ ᠪᠢ ᠳᠦᠩᠭᠡᠵᠢ ᠣᠶᠤᠳᠠᠨ ᠪᠣᠯᠴᠢᠬᠠᠭᠠᠤᠨ ᠡᠨᠡ ᠬᠤᠳᠠᠨ ᠳᠤ ᠢᠷᠡᠭ᠍ᠰᠡᠨ ᠶᠤᠮ᠃ ᠡᠵᠢ ᠮᠢᠨᠢ ᠨᠠᠮᠢ᠋ᠢ ᠭᠦᠷᠭᠡᠵᠤ ᠢᠷᠠᠨ ᠪᠣᠯᠤ ᠡᠭᠡᠴᠢ ᠶᠢᠨ ᠳᠤ ᠭᠡᠳᠤ ᠬᠤᠨᠤᠪᠠ᠃ ᠪᠣᠯᠤ ᠡᠭᠡᠴᠢ ᠺᠤᠮᠫᠠᠨᠢ ᠳᠠᠭᠠᠨ ᠶᠠᠭᠠᠷᠠᠭᠠᠤᠨ ᠰᠦᠨᠢ ᠬᠠᠷᠢᠵᠤ ᠢᠷᠠᠨ ᠥᠷᠯᠦᠭᠡ ᠡᠷᠳᠡ ᠶᠠᠪᠣᠴᠢᠬᠠᠳᠠᠭ ᠪᠣᠯᠬᠤᠷ ᠠᠩᠬ᠎ᠠ ᠡᠳᠦᠷ ᠡᠴᠡ ᠬᠣᠢ᠌ᠰᠢ ᠪᠢ ᠳᠡᠭᠦᠨ ᠲᠡᠶ ᠳᠠᠭᠢᠵᠤ ᠠᠭᠤᠯᠵᠠᠭᠰᠠᠨ ᠦᠭᠡᠶ᠃ ᠵᠢᠭᠡ ᠭᠦᠤ ᠮᠢᠨᠢ ᠳᠠᠷᠠ ᠦᠶ᠎ᠡ ᠠᠷᠪᠠ ᠥᠩᠭᠡᠷᠡᠭ᠍ᠰᠡᠨ ᠠᠯᠢᠶ᠎ᠠ ᠪᠠᠠᠳᠢ ᠪᠠᠢ᠌ᠯ᠎ᠠ᠃ ᠨᠢᠭᠡ ᠣᠳᠠᠭ᠎ᠠ ᠵᠡᠷᠭᠡᠯᠡᠳᠡᠭᠡ ᠠᠢ᠌ᠯ ᠤᠨ ᠬᠡᠦᠬᠡᠳ ᠤᠨ ᠪᠦᠮᠪᠦᠭᠡ ᠶᠢ ᠴᠤᠭᠤᠯᠴᠢᠬᠠᠭᠠᠤᠨ ᠬᠠᠷᠮᠠᠨ ᠡᠴᠡ ᠪᠠᠨ ᠨᠢᠭᠡ ᠵᠠᠭᠤᠳᠤ ᠶᠢᠨ ᠳᠡᠪᠢᠰᠭᠡᠷ ᠶᠢ ᠭᠠᠷᠭᠠᠵᠤ᠄ 《ᠪᠣᠤ ᠣᠭᠢᠯᠠ᠂ ᠮᠠᠭᠤ ᠪᠦᠮᠪᠦᠭᠡ ᠶᠢ ᠴᠢᠨᠢ ᠳᠦᠯᠦᠴᠢᠭᠡᠶ᠎ᠡ》 ᠭᠡᠰᠡᠨ ᠳᠤ ᠪᠢ ᠶᠡᠭᠡ ᠰᠤᠴᠢᠵᠤ ᠠᠪᠣᠭᠰᠠᠨ ᠪᠢᠯᠠ᠃ ᠳᠠᠷᠠ ᠰᠦᠨᠢ ᠡᠵᠢ᠂ ᠡᠭᠡᠴᠢ ᠶᠢ ᠭᠦᠯᠢᠶᠡᠵᠤ ᠪᠠᠢ᠌ᠭᠠᠤᠨ ᠢᠷᠡᠭᠦᠯᠵᠤ᠄ 《ᠭᠡᠦᠭᠡᠨ ᠮᠢᠨᠢ ᠳᠠ ᠬᠤᠶᠠᠭᠤᠯᠠ ᠪᠠᠨ ᠪᠦᠷ ᠠᠵᠢᠯ ᠭᠡᠳ ᠶᠠᠭᠠᠷᠠᠵᠤ ᠪᠠᠢ᠌ᠭᠰᠠᠭᠠᠷ ᠬᠡᠦᠬᠡᠳ ᠶᠢᠡᠨ ᠬᠠᠶᠠᠭᠠᠨ ᠳᠠᠭᠠᠨ ᠬᠠᠶᠠᠴᠢᠬᠠᠵᠠᠢ᠃ ᠡᠳ᠋ ᠮᠥᠩᠭᠦ ᠶᠢ ᠭᠦᠮᠤᠨ ᠣᠯᠤᠭᠠᠤᠨ ᠪᠠᠷᠠᠬᠤ ᠶᠤᠮ ᠪᠢᠰᠢ᠂ ᠭᠡᠭᠦ ᠳᠡᠭᠡᠨ ᠳᠠᠷᠠ ᠴᠢᠨᠢ ᠥᠷᠯᠦᠭᠡ ᠦᠳᠡᠰᠢ ᠶᠢᠨ ᠰᠢᠭᠦᠳᠡᠷᠢ ᠰᠢᠭ ᠶᠠᠭᠤᠮ᠎ᠠ᠃ ᠪᠣᠤ ᠳᠡᠭᠦᠨ ᠤ ᠳᠦᠯᠦᠭᠡ ᠭᠦᠤ ᠪᠠᠨ ᠦᠭᠡᠶ ᠭᠢᠴᠢᠭᠡ︕ ᠬᠡᠦᠬᠡᠳ ᠪᠣᠯ ᠭᠦᠮᠤᠨ ᠤ ᠢᠷᠡᠭᠡᠳᠦᠢ ᠰᠢᠤ︕ (ᠬᠡᠦᠬᠡᠳ ᠶᠢᠠᠨ ᠰᠤᠷᠭᠠᠵᠤ ᠭᠦᠮᠦᠵᠢᠭᠦᠯᠵᠤ ᠴᠢᠳᠠᠬᠤ ᠦᠭᠡᠶ ᠠᠪᠣ ᠡᠵᠢ ᠪᠣᠯ ᠬᠠᠮᠤᠭ ᠤᠨ ᠭᠤᠳᠤᠮᠰᠢᠭ) ᠭᠡᠵᠤ ᠨᠠᠭᠠᠴᠤ ᠡᠮᠡᠭᠡ ᠴᠢᠨᠢ ᠴᠤ ᠡᠭᠡᠴᠢ ᠳᠡᠭᠦᠤ ᠪᠢᠳᠠ ᠭᠡᠳᠦᠭᠦᠯᠡ ᠳᠤ ᠶᠠᠷᠢᠳᠠᠭ ᠪᠠᠢ᠌ᠭᠰᠠᠨ᠁》 ᠭᠡᠭᠦ ᠳᠤ ᠪᠣᠯᠤ ᠡᠭᠡᠴᠢ᠄ 《ᠠᠨᠢᠶ᠎ᠠ ᠪᠠᠰᠠ ᠡᠵᠢ ᠰᠢᠭ ᠨᠤᠷᠰᠢᠬᠤ ᠳᠤᠷᠠᠳᠠᠢ᠂ ᠣᠳᠤ ᠠᠮᠠᠷᠠᠴᠢᠬ᠎ᠠ︕ ᠮᠢᠨᠤ ᠭᠦᠤ ᠶᠠᠭᠤ ᠪᠠᠷ ᠴᠤ ᠳᠤᠳᠠᠵᠤ ᠦᠭᠡᠶ᠃ ᠥᠵᠡᠭᠦᠢ᠂ ᠰᠠᠨᠠᠭ᠎ᠠ ᠠᠮᠤᠷ ᠣᠠᠳᠠᠴᠢᠬᠠᠭᠰᠠᠨ ᠪᠠᠢ᠌ᠬᠤ ᠦᠭᠡᠶ ᠦᠦ︖》 ᠭᠡᠳ ᠬᠤᠶᠠᠷ ᠭᠠᠷ ᠶᠢᠡᠨ ᠡᠵᠢ ᠶᠢᠨ ᠮᠦᠷᠤᠨ ᠳᠡᠭᠡᠷ᠎ᠡ ᠳᠠᠯᠪᠢᠵᠤ ᠪᠠᠷᠤᠭ ᠳᠦᠯᠭᠢᠭᠦ ᠰᠢᠬᠠᠭᠤ ᠥᠷᠦᠭᠡᠨ ᠤ ᠡᠭᠦᠳᠡ ᠪᠠᠷ ᠣᠷᠤᠭᠤᠯᠪᠠ᠃ ᠡᠵᠢ ᠪᠠᠰᠠ ᠰᠠᠨᠠᠭ᠎ᠠ ᠠᠮᠠᠷᠠᠭᠰᠠᠨ ᠦᠭᠡᠶ ᠪᠣᠯᠤᠯᠳᠠᠢ᠄ 《ᠬᠡᠦᠬᠡᠳ ᠤᠨ ᠬᠠᠵᠠᠭᠤ ᠳᠤ ᠠᠪᠣ ᠡᠵᠢ ᠨᠢ ᠪᠠᠢ᠌ᠬᠤ ᠨᠢ ᠬᠠᠷᠮᠠᠨ ᠳ᠋ᠤᠨᠢ ᠵᠤᠭᠤᠰ ᠴᠢᠭᠢᠭᠡᠳ ᠬᠠᠶᠠᠭᠰᠠᠨ ᠡᠴᠡ ᠬᠤᠯᠠ ᠳᠡᠭᠡᠷ᠎ᠡ ᠪᠠᠢ᠌ᠬᠤ ᠡ᠃ ᠨᠠᠭᠠᠴᠤ ᠶᠢᠨ ᠳ᠋ᠤᠨᠢ ᠣᠷᠭᠢᠵᠤ ᠪᠠᠢ᠌ᠭᠰᠠᠨ ᠪᠣᠯ ᠡ᠊ᠨᠳᠡ ᠠᠪᠴᠢᠷᠠᠭᠰᠠᠨ ᠡᠴᠡ ᠳᠡᠭᠡᠷ᠎ᠡ ᠪᠠᠢ᠌ᠬᠤ ᠴᠤ ᠮᠠᠭᠠᠤᠨ᠂ ᠣᠴᠢᠷ ᠦᠭᠡᠶ ᠪᠠᠭ᠎ᠠ ᠡᠴᠡ ᠨᠢ ᠶᠠᠭᠤᠮ᠎ᠠ ᠰᠤᠷᠭᠠᠨ᠎ᠠ ᠭᠡᠵᠤ ᠠᠪᠴᠢᠷᠠᠭᠠᠤᠨ᠁》 ᠭᠡᠵᠤ ᠥᠭᠦᠯᠡᠵᠤ ᠪᠠᠢ᠌ᠪᠠ᠃ ᠡᠭᠡᠴᠢ ᠰᠤᠨᠤᠰᠤᠭᠰᠠᠨ ᠡᠰᠡᠭᠦ ᠶᠢ ᠪᠣᠤ ᠮᠠᠳᠠ᠂ ᠡᠰᠡᠭᠦᠯ᠎ᠡ ᠠᠯᠢ ᠭᠡᠵᠢᠶᠡᠨᠢ ᠣᠠᠳᠠᠴᠢᠬᠠᠭᠰᠠᠨ ᠴᠤ ᠮᠠᠭᠠᠤᠨ᠂ ᠨᠥᠭᠦᠭᠡ ᠥᠷᠦᠭᠡ ᠨᠠᠮ ᠵᠢᠮ ᠯᠠ ᠪᠠᠢ᠌ᠪᠠ᠃

᠊᠊᠊᠊᠊᠊᠊᠊᠊᠊᠊᠊᠊᠊᠊ ᠡᠭᠡᠴᠢ ᠶᠠᠭᠤ ᠴᠤ ᠭᠡᠰᠡᠨ ᠳᠠᠷᠠ ᠦᠶ᠎ᠡ ᠪᠠᠨ ᠰᠢᠭ᠌ ᠶᠠᠭᠠᠷᠠᠬᠤ ᠪᠠᠨ ᠪᠣᠯᠢᠵᠠᠢ᠃ ᠪᠢ ᠦᠪᠡᠷ ᠤᠨ ᠡᠷᠭᠡ ᠦᠭᠡᠶ ᠢᠩᠭᠢᠵᠤ ᠥᠭᠦᠯᠡᠨ ᠪᠣᠳᠤᠯ ᠡᠴᠡ ᠰᠡᠷᠭᠦᠯ᠎ᠡ᠃

᠊᠊᠊᠊᠊᠊᠊᠊᠊᠊᠊᠊᠊᠊᠊ ᠪᠢ ᠯᠠ ᠳᠡᠨᠡᠭ᠍ᠰᠢᠵᠤ ᠠᠷᠪᠢᠨ ᠢᠯᠡᠭᠦᠤ ᠠᠵᠢᠯ ᠭᠢᠵᠤ ᠶᠠᠪᠣᠯ᠎ᠠ᠃ ᠣᠳᠤ ᠪᠣᠳᠤᠬᠤᠯᠠᠷ ᠵᠠᠷᠢᠮ ᠵᠣᠢ᠌ᠯ ᠨᠢ ᠶᠤᠰᠤᠳᠠᠢ ᠢᠯᠡᠭᠦᠴᠡ ᠶᠠᠭᠤᠮ᠎ᠠ᠃ ᠭᠡᠷᠡᠭ᠌ ᠦᠭᠡᠶ ᠠᠷᠪᠢᠨ ᠵᠤᠭᠤᠰ ᠣᠯᠬᠤ ᠪᠠᠷ ᠵᠢᠦᠡᠭᠦᠵᠤ ᠪᠠᠢ᠌ᠭᠰᠠᠭᠠᠷ ᠭᠦᠤ ᠪᠠᠨ ᠭᠦᠮᠦᠵᠢᠭᠦᠯᠭᠦ ᠪᠠᠨ ᠮᠠᠷᠳᠠᠯ᠎ᠠ᠂ ᠡᠷᠭᠡ ᠣᠯᠬᠤ ᠪᠠᠷ ᠳᠡᠮᠡᠴᠡᠭ᠍ᠰᠡᠭᠡᠷ ᠪᠠᠢ᠌ᠵᠤ ᠡᠷ᠎ᠡ ᠨᠥᠭᠦᠷ ᠡᠴᠡ ᠪᠠᠨ ᠰᠠᠯᠤᠯ᠎ᠠ᠃ ᠣᠳᠤ ᠭᠦᠤ ᠪᠠᠨ ᠲᠦᠰᠢᠵᠤ ᠰᠠᠭᠤᠶ᠎ᠠ ᠭᠡᠭᠦᠯᠡᠷ ᠳᠠᠷᠠ ᠴᠢᠨᠢ ᠨᠠᠳᠠ ᠶᠢ ᠡᠨᠡ ᠶᠡᠭᠡ ᠬᠠᠩᠭᠢᠯ ᠭᠡᠷ ᠲᠤ ᠭᠠᠭᠴᠠᠭᠠᠷ ᠢ ᠣᠷᠭᠢᠭᠠᠤᠨ ᠳ᠋ᠠᠯᠢᠶᠠᠨ ᠳᠤ ᠨᠤᠳᠤᠭᠰᠢᠵᠤ᠂ ᠳᠠᠯᠠᠢ ᠬᠠᠷᠠᠵᠤ ᠰᠠᠭᠤᠬᠤ ᠶᠤᠮ ᠭᠡᠨ᠎ᠡ᠃

ᠡᠭᠡᠴᠢ᠂ ᠡᠷᠭᠡ ᠮᠥᠩᠭᠦ ᠵᠠᠷᠢᠮ ᠳᠠᠭᠠᠨ ᠵᠤᠪᠠᠯᠠᠩ ᠡᠴᠡ ᠥᠭᠡᠷ᠎ᠡ ᠶᠢ ᠠᠪᠴᠢᠷᠠᠬᠤ ᠦᠭᠡᠶ ᠰᠡᠳᠭᠢᠯ ᠤᠨ ᠨᠠᠢ᠌ᠵᠠ ᠦᠭᠡᠶ ᠪᠣᠯᠴᠢᠬᠠᠨ᠎ᠠ᠃ ᠡᠷᠭᠡᠨ ᠳᠤ ᠭᠤᠷᠢᠯᠠᠵᠤ᠂ ᠮᠥᠩᠭᠦᠨ ᠳᠤ ᠣᠨᠠᠭᠴᠢ ᠯᠠ ᠣᠢ᠌ᠷᠠᠳᠤᠭᠠᠤᠨ ᠪᠠᠢ᠌ᠳᠠᠭ ᠭᠡᠭᠦ ᠮᠠᠳᠤ ᠪᠠᠷ ᠣᠯᠠᠨ ᠢ ᠶᠠᠷᠢᠵᠤ ᠰᠡᠳᠭᠢᠯ ᠨᠢ ᠡᠪᠭᠡᠷᠡᠨ ᠨᠢᠯᠪᠣᠰᠤ ᠪᠦᠮᠪᠦᠷᠢᠭᠦᠯᠵᠤ ᠪᠠᠢ᠌ᠪᠠ᠃

ᠪᠢ ᠶᠠᠭᠤ ᠶᠠᠭᠠᠭᠢᠪᠠᠴᠤ ᠢᠷᠡᠭ᠍ᠰᠡᠨ ᠤ ᠦᠶ᠎ᠡ ᠶᠢᠨ ᠪᠠᠢ᠌ᠳᠠᠯ ᠳᠤ ᠭᠦᠳᠡᠯᠵᠤ᠂ ᠳᠡᠷᠡᠭᠦ ᠰᠠᠢ᠌ᠬᠠᠨ ᠠᠭᠤᠷ ᠠᠮᠢᠰᠬᠤᠯ ᠢ ᠪᠣᠢ ᠪᠣᠯᠭᠠᠵᠤ ᠴᠢᠳᠠᠬᠤ ᠦᠭᠡᠶ ᠪᠠᠨ ᠮᠡᠳᠡᠭᠡᠳ ᠡᠪᠯᠡᠭᠦᠯᠵᠤ ᠪᠠᠢ᠌ᠭᠠᠤᠨ ᠮᠤᠷᠳᠠᠯ᠎ᠠ᠃

ᠪᠠᠭ᠎ᠠ ᠳᠤᠭᠤᠷᠢᠭ ᠤᠨ ᠡᠭᠦᠳᠡ ᠪᠠᠷ ᠭᠠᠷᠬᠤ ᠳᠠᠭᠠᠨ ᠪᠢ ᠡᠨᠡᠭᠦ ᠵᠠᠮ ᠨᠡᠪᠳᠡᠷᠡᠯᠭᠡ ᠳᠦᠭᠦᠮ᠂ ᠬᠤᠳᠠᠯᠳᠤᠭ᠎ᠠ ᠳᠡᠯᠭᠡᠭᠦᠷ ᠡᠴᠡ ᠣᠢ᠌ᠷ᠎ᠠ ᠵᠡᠷᠭᠡ ᠡᠯ᠎ᠡ ᠳᠠᠯ᠎ᠠ ᠶᠢᠨ ᠨᠥᠭᠦᠴᠡᠯ ᠤᠨ ᠰᠠᠢ᠌ᠨ ᠢ ᠬᠠᠷᠠᠵᠤ ᠪᠠᠷᠢᠭᠰᠠᠨ ᠠᠯᠪᠠᠨ ᠭᠠᠵᠠᠷ ᠤᠨ ᠠᠵᠢᠯᠳᠠᠨ ᠤ ᠳᠤᠭᠤᠷᠢᠭ ᠤᠨ ᠠᠰᠠᠷ ᠢ ᠡᠷᠭᠢᠵᠤ ᠬᠠᠷᠠᠪᠠ᠃

ᠬᠤᠳᠠ ᠶᠢᠨ ᠬᠠᠮᠤᠭ ᠰᠠᠢ᠌ᠬᠠᠨ ᠪᠠᠷᠢᠯᠭ᠎ᠠ ᠶᠢᠨ ᠨᠢᠭᠡ ᠪᠣᠯᠤᠭᠰᠠᠨ ᠡᠨᠡᠭᠦ ᠠᠰᠠᠷ ᠲᠤ ᠵᠢᠭᠡ ᠮᠢᠨᠢ ᠰᠢᠭ ᠵᠠᠯᠠᠭᠤᠴᠤᠳ ᠭᠡᠴᠢᠨᠡᠨ ᠥᠰᠦᠭ᠍ᠰᠡᠨ ᠪᠣᠯ︖ ᠡᠭᠡᠴᠢ ᠮᠢᠨᠢ ᠰᠢᠭ ᠺᠠᠳ᠋ᠷ ᠭᠡᠴᠢᠨᠡᠨ ᠪᠠᠢ᠌ᠬᠤ ᠪᠣᠯ︖

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9240
ᠴᠠᠭ᠄ 2009 ᠤᠨ ᠤ 02 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ