ᠨᠡᠪᠲᠡᠷᠡᠨ ᠤᠷᠤᠬᠤ
ᠰᠤᠷᠤᠭᠴᠢᠳ ᠤᠨ ᠭᠦᠭ᠍ᠵᠢᠯᠳᠡ ᠢᠷᠡᠭᠡᠳᠦᠢ ᠳᠤ ᠵᠤᠷᠢᠭᠤᠯᠤᠨ ᠭᠢᠴᠢᠶᠠᠯᠯᠠᠶ᠎ᠠ

ᠭᠡᠯᠡ ᠪᠢᠴᠢᠭ᠌ ᠤᠨ ᠭᠢᠴᠢᠶᠠᠯ ᠪᠣᠯ ᠪᠠᠭᠠᠵᠢᠳᠤ ᠴᠢᠨᠠᠷ ᠶᠢᠡᠷ ᠴᠢᠩᠭ᠋᠎ᠠ ᠪᠠᠢ᠌ᠳᠠᠭ᠃ ᠡᠨᠡ ᠪᠠᠭᠠᠵᠢ ᠳᠤ ᠳᠦᠰᠢᠭᠯᠡᠭᠡᠳ ᠰᠤᠷᠤᠭᠴᠢᠳ ᠣᠯᠠᠨ ᠳᠠᠯ᠎ᠠ ᠶᠢᠨ ᠮᠡᠳᠡᠯᠭᠡ ᠶᠢ ᠡᠵᠡᠮᠰᠢᠨ ᠴᠢᠳᠠᠪᠣᠷᠢᠵᠢᠵᠤ ᠪᠠᠢ᠌ᠳᠠᠭ᠃ ᠥᠭᠡᠷ᠎ᠡ ᠪᠠᠷ ᠭᠡᠯᠡᠪᠠᠯ ᠭᠦᠭ᠍ᠵᠢᠵᠤ ᠳᠠᠪᠰᠢᠵᠤ ᠴᠢᠳᠠᠳᠠᠭ᠃ ᠳᠡᠭᠡᠪᠠᠯ ᠭᠡᠯᠡᠨ ᠤ ᠭᠢᠴᠢᠶᠡᠯᠯᠡᠭᠡ ᠳᠤ ᠡᠨᠡ ᠪᠠᠭᠠᠵᠢ ᠶᠢ ᠭᠡᠷᠭᠢᠨ ᠬᠤᠷᠴᠠᠯᠠᠬᠤ ᠪᠣᠢ ︖

1 ᠣᠩᠰᠢᠯᠭ᠎ᠠ ᠳᠤ ᠴᠠᠭᠠᠷᠠᠭᠤᠯᠬᠤ ᠭᠡᠷᠡᠭ᠍ᠳᠡᠢ᠃

ᠡᠳᠦᠭᠡ ᠪᠢ ᠵᠥᠪᠭᠡᠨ ᠰᠢᠯᠭᠠᠯᠳᠠ ᠳᠤ ᠵᠤᠷᠢᠭᠤᠯᠵᠤ ᠵᠢᠭᠠᠳᠠᠭ᠃ ᠠᠯᠢᠪᠠ ᠵᠢᠭᠠᠨ ᠰᠤᠷᠭᠠᠬᠤ ᠭᠦᠳᠡᠯᠭᠡᠭᠡᠨ ᠶᠢᠡᠨ ᠴᠦᠮ ᠰᠢᠯᠭᠠᠯᠳᠠ ᠳᠤ ᠴᠢᠭᠯᠡᠭᠦᠯᠦᠭ᠍ᠰᠡᠨ ᠡᠴᠡ ᠭᠡᠯᠡᠨ ᠤ ᠡᠢ᠌ᠮᠤ ᠴᠢᠳᠠᠪᠭᠢ ᠶᠢ ᠥᠭᠡᠢ᠌ᠰᠭᠡᠵᠡᠢ᠃ ᠡᠨᠡ ᠪᠣᠯ ᠰᠤᠷᠤᠭᠴᠢᠳ ᠤᠨ ᠭᠦᠭ᠍ᠵᠢᠯᠳᠡ ᠢᠷᠡᠭᠡᠳᠦᠢ ᠶᠢ ᠪᠣᠯᠠᠰᠢᠯᠠᠵᠤ ᠪᠠᠢ᠌ᠭ᠎ᠠ ᠭᠦᠡᠳᠤ ᠠᠰᠠᠭᠤᠳᠠᠯ ᠶᠤᠮ᠃

2 ᠥᠪᠠᠷᠳᠡᠭᠡᠨ ᠰᠤᠷᠴᠤ ᠴᠢᠳᠠᠬᠤ ᠠᠷᠭ᠎ᠠ ᠶᠢ ᠣᠯᠠᠮᠵᠢᠯᠠᠬᠤ ᠭᠡᠷᠡᠭ᠍ᠳᠡᠢ᠃

ᠣᠳᠤ ᠪᠢ ᠰᠤᠷᠤᠭᠴᠢᠳ ᠤᠨ ᠰᠢᠯᠭᠠᠯᠳᠠ ᠶᠢᠨ ᠬᠤᠪᠢ ᠶᠢ ᠦᠪᠡᠷ ᠤᠨ ᠵᠢᠭᠠᠨ ᠰᠤᠷᠭᠠᠯᠳᠠ ᠶᠢᠨ ᠭᠢᠷᠢ ᠪᠦᠳᠦᠮᠵᠢ ᠭᠡᠮᠡᠨ ᠦᠵᠡᠵᠤ ᠪᠠᠢ᠌ᠨ᠎ᠠ᠃ ᠡᠭᠦᠨ ᠤ ᠣᠯᠠᠮ ᠶᠢᠡᠷ ᠡᠨᠡ ᠭᠢᠷᠢ ᠪᠦᠳᠦᠮᠵᠢ ᠪᠠᠨ ᠦᠵᠡᠵᠤ ᠬᠠᠷᠠᠬᠤ ᠶᠢᠨ ᠲᠦᠯᠦᠭᠡ ᠶᠡᠭᠡᠩᠭᠢ ᠮᠡᠳᠡᠯᠭᠡ ᠶᠢ ᠥᠭᠦᠮᠡᠯ ᠶᠢᠡᠷ ᠴᠡᠭᠡᠵᠢᠯᠡᠭᠦᠯᠭᠦ ᠳᠤ ᠭᠦᠷᠪᠡ᠃ ᠡᠨᠡ ᠪᠣᠯ ᠮᠦᠨ ᠴᠤ ᠳᠠᠳᠠᠨ ᠤ ᠭᠦᠭ᠍ᠵᠢᠯᠳᠡ ᠢᠷᠡᠭᠡᠳᠦᠢ ᠶᠢ ᠥᠭᠡᠢ᠌ᠭᠢᠭ᠍ᠰᠡᠨ ᠶᠠᠪᠣᠳᠠᠯ ᠶᠤᠮ᠃

3 ᠬᠤᠷᠠᠮᠳᠤᠯᠭ᠎ᠠ ᠭᠢᠯᠭᠡᠵᠤ ᠴᠢᠳᠠᠭᠤᠯᠬᠤ ᠭᠡᠷᠡᠭ᠍ᠳᠡᠢ᠃

ᠭᠢᠴᠢᠶᠡᠯᠯᠡᠭᠡ ᠪᠦᠷᠢ ᠶᠢᠨ ᠭᠤᠤᠯᠳᠠᠯᠭ᠎ᠠ ᠳᠤ ᠴᠢᠭᠯᠡᠭᠦᠯᠤᠨ ᠮᠡᠳᠡᠯᠭᠡ ᠶᠢᠨ ᠬᠤᠷᠠᠮᠳᠤᠯᠭ᠎ᠠ ᠭᠢᠯᠭᠡᠨ᠎ᠡ᠃ ᠭᠢᠴᠢᠶᠠᠯ ᠤᠨ ᠵᠠᠩᠭᠢᠯᠠᠭ᠎ᠠ ᠶᠢᠨ ᠥᠭᠡ ᠥᠭᠡᠰ᠂ ᠭᠡᠯᠡᠴᠡ᠂ ᠠᠯᠳᠠᠷᠳᠤ ᠥᠭᠡ ᠥᠭᠦᠯᠡᠪᠦᠷᠢ ᠭᠡᠰᠡᠭ᠌ ᠪᠠᠳᠠᠭ ᠢ ᠳᠡᠮᠳᠡᠭᠯᠡᠭᠦᠯᠦᠨ᠎ᠡ᠃ ᠳᠡᠮᠳᠡᠭᠯᠡᠭᠦᠯᠭᠦ ᠳᠡᠭᠡᠨ ᠵᠤᠭᠢᠰᠳᠠᠢ ᠠᠷᠭ᠎ᠠ ᠪᠠᠢ᠌ᠬᠤ ᠶᠢ ᠱᠠᠭᠠᠷᠳᠠᠨ᠎ᠠ᠃

4 ᠭᠡᠯᠡᠨ ᠤ ᠰᠠᠷᠠᠯ ᠲᠡᠶ ᠪᠣᠯᠭᠠᠬᠤ ᠳᠤ ᠭᠦᠴᠦᠯᠡᠭᠦ ᠭᠡᠷᠡᠭ᠍ᠳᠡᠢ᠃

ᠭᠡᠯᠡᠨ ᠤ ᠰᠠᠷᠠᠯ ᠪᠣᠯ ᠳᠠᠷᠤᠢ ᠤᠩᠰᠢᠨ ᠣᠢ᠌ᠯᠠᠭᠠᠬᠤ ᠴᠢᠳᠠᠪᠣᠷᠢ ᠮᠦᠨ᠃ ᠭᠡᠯᠡ ᠶᠢ ᠣᠷᠠᠨ ᠳᠦᠷᠰᠦᠯᠢᠭ᠌ ᠭᠡᠷᠡᠭᠯᠡᠭᠦ ᠴᠢᠳᠠᠪᠣᠷᠢ ᠮᠦᠨ᠃ ᠡᠢ᠌ᠮᠤ ᠡᠴᠡ ᠣᠩᠰᠢᠯᠭ᠎ᠠ ᠪᠠᠷ ᠰᠠᠭᠤᠷᠢᠯᠠᠭᠤᠯᠤᠨ ᠭᠡᠯᠡᠨ ᠤ ᠰᠠᠷᠠᠯ ᠲᠡᠶ ᠪᠣᠯᠭᠠᠶ᠎ᠠ᠃ ᠪᠢᠳᠡᠭᠡᠢ ᠭᠡᠢ ᠬᠤᠭᠤᠰᠤᠨ ᠬᠤᠪᠢ ᠶᠢ ᠭᠦᠭᠡᠭᠡᠴᠡᠯᠳᠦᠶ᠎ᠡ᠃

ᠪᠠᠭᠴᠠᠯᠠᠪᠠᠯ᠂ ᠪᠢᠳᠠ ᠰᠤᠷᠤᠭᠴᠢᠳ ᠤᠨ ᠶᠢᠡᠨ ᠭᠦᠭ᠍ᠵᠢᠯᠳᠡ ᠢᠷᠡᠭᠡᠳᠦᠢ ᠶᠢ ᠪᠣᠳᠤᠯᠭᠢᠯᠠᠨ ᠭᠡᠯᠡ ᠪᠢᠴᠢᠭ᠌ ᠤᠨ ᠣᠠᠴᠠᠯᠢᠭ ᠲᠤ ᠳᠤᠭᠢᠷᠠᠭᠤᠯᠤᠨ ᠵᠢᠭᠠᠶ᠎ᠠ᠃ ᠪᠠᠭᠠᠵᠢ ᠶᠢᠨ ᠣᠢ᠌ᠯᠠᠳᠤᠯ ᠢ ᠨᠢ ᠠᠰᠢᠭᠯᠠᠶ᠎ᠠ᠃


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠪᠣᠵᠢᠭᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2789
ᠴᠠᠭ᠄ 2012 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ