ᠨᠡᠪᠲᠡᠷᠡᠨ ᠤᠷᠤᠬᠤ
ᠴᠢᠮᠢ᠋ᠢ ᠮᠠᠷᠳᠠᠶ᠎ᠠ

ᠴᠢᠮᠢ᠋ᠢ ᠰᠠᠨᠠᠭᠰᠠᠨ ᠡᠳᠦᠷ ᠤᠳ ᠤᠨ

ᠨᠠᠷᠠ᠂   ᠴᠢᠳᠤᠷ ᠤᠨ ᠮᠤᠷᠢ ᠰᠢᠭ

ᠣᠪ ᠣᠳᠠᠭᠠᠨ

ᠡᠳᠦᠷ ᠪᠣᠯᠭᠠᠨ ᠵᠢᠯ ᠡᠴᠠ ᠴᠤ ᠣᠷᠳᠤᠬᠠᠨ

ᠴᠢᠮᠢ᠋ᠢ ᠮᠠᠷᠳᠠᠶ᠎ᠠ ᠳ᠋ᠠ ᠁   

ᠴᠢᠮᠢ᠋ᠢ ᠮᠠᠷᠳᠠᠶ᠎ᠠ ᠭᠡᠵᠤ

ᠪᠣᠳᠤᠯ ᠡᠴᠠ ᠪᠠᠨ ᠵᠠᠢ᠌ᠯᠠᠵᠤ ᠰᠠᠭᠤᠯ᠎ᠠ

ᠭᠤᠷᠪᠠᠨ ᠵᠠᠭᠤ ᠵᠢᠷᠠᠨ ᠳᠠᠪᠣ ᠬᠤᠨᠤᠭ ᠪᠦᠭᠦᠨ

ᠭᠤᠨᠢᠭ ᠪᠣᠯᠵᠤ ᠴᠠᠯᠭᠢᠨ᠎ᠠ

ᠴᠢᠮᠢ᠋ᠢ ᠮᠠᠷᠳᠠᠶ᠎ᠠ ᠭᠡᠵᠤ

ᠰᠢᠳᠤ ᠵᠠᠭᠤᠵᠤ ᠠᠯᠬᠤᠯ᠎ᠠ

ᠵᠠᠮ ᠪᠦᠭᠦᠨ ᠣᠯᠠ ᠡᠴᠠ ᠡᠭᠢᠯᠡᠨ ᠠᠪᠴᠢᠵᠤ

ᠵᠥᠭ᠌ ᠪᠣᠯᠭᠠᠨ ᠵᠠᠯᠠᠯᠵᠤ ᠬᠤᠯᠠᠳᠤᠨ᠎ᠠ᠃   

ᠴᠢᠮᠢ᠋ᠢ ᠮᠠᠷᠳᠠᠶ᠎ᠠ ᠭᠡᠵᠤ

ᠳᠠᠮᠠᠭᠢ ᠳᠠᠳᠠᠯ᠎ᠠ

ᠳᠠᠮᠠᠭᠢ ᠪᠣᠯ ᠰᠤᠪᠣᠵᠤ ᠳᠠᠭᠤᠰᠳᠠᠭ ᠦᠭᠡᠶ

ᠳᠤᠷᠠᠳᠬᠠᠯ ᠡᠭᠡᠭᠦᠨ ᠪᠠᠢ᠌ᠪᠠ᠃   

ᠴᠢᠮᠢ᠋ᠢ ᠮᠠᠷᠳᠠᠶ᠎ᠠ ᠭᠡᠵᠤ

ᠠᠷᠢᠭᠢ ᠣᠤᠭᠤᠯ᠎ᠠ

ᠠᠷᠢᠭᠢ ᠪᠣᠯ ᠠᠷᠴᠢᠵᠤ ᠳᠡᠢ᠌ᠯᠭᠦ ᠦᠭᠡᠶ

ᠨᠢᠯᠪᠣᠰᠤ ᠭᠠᠰᠢᠭᠤᠨ ᠪᠠᠢ᠌ᠪᠠ᠃   

ᠴᠢᠮᠢ᠋ᠢ ᠮᠠᠷᠳᠠᠬᠤ ᠶᠢᠨ ᠲᠦᠯᠦᠭᠡ ᠢᠨᠢᠶᠠᠯ᠎ᠠ

ᠴᠢᠮᠢ᠋ᠢ ᠮᠠᠷᠳᠠᠬᠤ ᠶᠢᠨ ᠲᠦᠯᠦᠭᠡ ᠣᠭᠢᠯᠠᠯ᠎ᠠ

ᠮᠠᠷᠳᠠᠨ᠎ᠠ ᠳ᠋ᠠ᠂   ᠴᠢᠮᠢ᠋ᠢ᠌᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠶᠡᠭᠡᠡᠦᠰᠤ ᠰᠤᠮᠤ

ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2012 ᠤᠨ ᠤ 03 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ