ᠨᠡᠪᠲᠡᠷᠡᠨ ᠤᠷᠤᠬᠤ
ᠤᠯᠠᠭᠠᠨ ᠭᠠᠠᠵᠤᠤᠷ ᠰᠦᠮ᠎ᠡ

ᠰᠦᠮ᠎ᠡ ᠶᠢᠨ ᠪᠦᠭᠦ ᠦᠵᠡᠮᠵᠢ ᠶᠢ ᠰᠡᠷᠭᠦᠭᠡᠭ᠍ᠰᠡᠨ ᠵᠢᠷᠤᠭ

ᠰᠦᠮ᠎ᠡ ᠶᠢᠨ ᠭᠠᠳᠠᠷ ᠳᠦᠷᠰᠦ

ᠡᠭᠦᠳᠤᠨ ᠰᠦᠮ᠎ᠡ (ᠮᠠᠬᠠᠷᠠᠠᠽᠠ ᠰᠦᠮ᠎ᠡ)

ᠡᠭᠦᠳᠤᠨ ᠰᠦᠮ᠎ᠡ ᠶᠢᠨ ᠮᠠᠬᠠᠷᠠᠠᠽᠠ

ᠰᠦᠮ᠎ᠡ ᠶᠢᠨ ᠭᠠᠳᠠᠷ ᠳᠦᠷᠰᠦ

ᠰᠦᠮ᠎ᠡ ᠶᠢᠨ ᠳᠤᠳᠤᠷ ᠦᠵᠡᠮᠵᠢ

ᠰᠦᠮ᠎ᠡ ᠳᠤᠳᠤᠷᠠᠭᠢ ᠱᠤᠭᠤᠮᠠᠯ ᠪᠣᠷᠬᠠᠨ

ᠰᠦᠮ᠎ᠡ ᠳᠤᠳᠤᠷᠠᠭᠢ ᠴᠤᠷᠢ ᠶᠢᠨ ᠭᠠᠭᠴᠠ ᠴᠢᠩ ᠣᠯᠤᠰ ᠤᠨ ᠦᠶ᠎ᠡ ᠶᠢᠨ ᠱᠤᠭᠤᠮᠠᠯ ᠪᠣᠷᠬᠠᠨ

ᠰᠦᠮ᠎ᠡ ᠳᠤᠳᠤᠷᠠᠭᠢ ᠬᠠᠮᠤᠭ ᠦᠨᠳᠦᠷ ᠪᠠᠷᠢᠯᠭ᠎ᠠ

ᠦᠯᠵᠡᠢ ᠡᠩᠭᠡᠵᠢᠭᠦᠯᠦᠭ᠍ᠴᠢ ᠰᠦᠮ᠎ᠡ (ᠬᠠᠮᠤᠭ ᠳᠤᠳᠤᠷᠠᠭᠢ ᠪᠠᠷᠢᠯᠭ᠎ᠠ)

ᠬᠤᠷᠯᠤ

ᠰᠡᠷᠭᠦᠭᠡᠨ ᠵᠤᠬᠢᠶᠠᠭᠰᠠᠨ ᠴᠢᠩ ᠤᠨ ᠦᠶ᠎ᠡ ᠶᠢᠨ ᠳᠦᠷᠪᠡᠨ ᠭᠡᠯᠡᠨ ᠤ ᠡᠭᠦᠳᠡᠨ ᠫᠠᠢ᠌ᠵᠠ


ᠭᠠᠠᠵᠤᠤᠷ ᠰᠦᠮ᠎ᠡ ᠶᠢ ᠪᠠᠰᠠ 《ᠦᠯᠵᠡᠢ ᠡᠩᠭᠡᠵᠢᠭᠦᠯᠦᠭ᠍ᠴᠢ ᠰᠦᠮ᠎ᠡ》 ᠭᠡᠳᠡᠭ᠌᠃ ᠭᠦᠯᠤᠨ ᠪᠣᠢ᠌ᠷ ᠤᠨ ᠬᠠᠮᠤᠭ ᠤᠨ ᠳᠤᠮᠤ ᠯᠠᠮᠠ ᠶᠢᠨ ᠱᠠᠰᠢᠨ ᠤ ᠰᠦᠮ᠎ᠡ ᠪᠣᠯᠤᠨ᠎ᠠ᠃ ᠳᠡᠯᠡᠭᠡᠢ ᠳᠤ ᠠᠯᠳᠠᠷᠰᠢᠭᠰᠠᠨ ᠭᠦᠯᠤᠨ ᠪᠣᠢ᠌ᠷ ᠤᠨ ᠳᠠᠯ᠎ᠠ ᠨᠤᠳᠤᠭ ᠳ᠋ᠠᠭᠢ ᠰᠢᠨ᠎ᠠ ᠪᠠᠷᠭᠤ ᠵᠡᠭᠦᠨ ᠬᠤᠰᠢᠭᠤᠨ ᠤ ᠠᠮᠤᠭᠤᠯᠠᠩᠪᠣᠯᠠᠭ ᠰᠤᠮᠤ (ᠪᠣᠶᠠᠠᠳᠤ ᠪᠦᠷᠢᠳᠤ ᠴᠤ ᠭᠡᠳᠡᠭ᠌) ᠳᠤ ᠪᠠᠢ᠌ᠷᠢᠰᠢᠵᠤ᠂ ᠬᠠᠢ᠌ᠯᠠᠷ ᠬᠤᠳᠠ ᠡᠴᠡ 175 ᠺᠢᠯᠤᠮᠸᠲ᠋ᠷ ᠵᠠᠢ ᠲᠡᠶ᠂ ᠪᠣᠢ᠌ᠷ ᠨᠠᠭᠤᠷ ᠤᠨ ᠵᠡᠭᠦᠨ ᠬᠣᠢ᠌ᠳᠤ ᠳᠠᠯ᠎ᠠ ᠳᠤ ᠵᠡᠭᠦᠨ ᠣᠷᠳᠤᠷᠢᠭ ᠤᠨ 118。10、᠂ ᠣᠮᠠᠷᠠᠳᠤ ᠥᠷᠭᠡᠷᠢᠭ᠌ ᠤᠨ 48。10、ᠬᠤᠷᠤᠭᠤᠠᠳᠤ ᠣᠷᠤᠰᠢᠵᠤ ᠪᠣᠢ᠃

ᠴᠢᠩ ᠣᠯᠤᠰ ᠤᠨ ᠳᠡᠭ᠍ᠷᠢ ᠲᠡᠳᠬᠦᠭ᠍ᠴᠢ ᠶᠢᠨ ᠭᠤᠴᠢᠨ ᠵᠢᠷᠭᠤᠳᠤᠭᠠᠷ ᠣᠨ (1771) ᠳᠤ ᠬᠠᠭᠠᠨ ᠤ ᠵᠦᠪᠰᠢᠶᠠᠷᠠᠯ ᠶᠢᠡᠷ ᠪᠠᠢ᠌ᠭᠤᠯᠤᠭᠰᠠᠨ ᠰᠦᠮ᠎ᠡ ᠪᠣᠯᠤᠨ᠎ᠠ᠃ ᠳᠡᠭ᠍ᠷᠢ ᠲᠡᠳᠬᠦᠭ᠍ᠴᠢ ᠶᠢᠨ ᠳᠦᠴᠢᠨ ᠵᠢᠷᠭᠤᠳᠤᠭᠠᠷ ᠣᠨ ᠡᠴᠡ ᠳᠦᠴᠢᠨ ᠶ‍ᠢᠰᠦᠳᠦᠭᠡᠷ ᠣᠨ (1781 ᠊᠊᠊᠊᠊᠊᠊᠊᠊᠊᠊᠊᠊᠊᠊ 1784) ᠤ ᠬᠤᠭᠤᠷᠤᠠᠳᠤ ᠭᠤᠤᠯ ᠰᠦᠮ᠎ᠡ (ᠰᠤᠭᠴᠢᠨ ᠳᠤᠭᠠᠩ) 15 ᠳᠠᠰᠤᠯᠭ᠎ᠠ᠂ ᠳᠡᠭᠦᠨ ᠤ ᠡᠮᠦᠨ᠎ᠡ ᠬᠤᠶᠠᠷ ᠳᠠᠯ᠎ᠠ ᠳᠤ ᠬᠠᠵᠠᠭᠤ ᠶᠢᠨ ᠰᠦᠮ᠎ᠡ 10 ᠳᠠᠰᠤᠯᠭ᠎ᠠ (ᠰᠤᠭᠴᠢᠨ ᠳᠤᠭᠠᠩ ᠤᠨ ᠵᠡᠭᠦᠨ ᠪᠠᠷᠠᠭᠤᠨ ᠰᠦᠮ᠎ᠡ)᠂ 3 ᠳᠠᠰᠤᠯᠭ᠎ᠠ ᠬᠠᠭᠠᠯᠭ᠎ᠠ (ᠮᠠᠬᠠᠷᠠᠠᠽᠠ ᠶᠢᠨ ᠰᠦᠮ᠎ᠡ)᠂ ᠮᠦᠨ ᠯᠠᠮᠠ ᠶᠢᠨ ᠰᠠᠭᠤᠳᠠᠭ ᠰᠢᠪᠠᠷ ᠪᠠᠢ᠌ᠰᠢᠩ 3 ᠳᠠᠰᠤᠯᠭ᠎ᠠ᠂ ᠨᠠᠢ᠌ᠳᠠ 41 ᠲ᠋ᠠᠰᠤᠯᠭ᠎ᠠ ᠶᠢ ᠪᠠᠢ᠌ᠭᠤᠯᠤᠭᠰᠠᠨ ᠤ ᠬᠠᠮᠳᠤ 5 ᠊᠊᠊᠊᠊᠊᠊᠊᠊᠊᠊᠊᠊᠊᠊ 6 ᠳᠤᠬᠤᠢ ᠦᠨᠳᠦᠷ ᠴᠢᠯᠠᠭᠤ ᠳᠤᠭᠤᠰᠭᠠᠨ ᠭᠡᠷᠡᠮ ᠶᠢᠡᠷ ᠭᠦᠷᠢᠶᠡᠯᠡᠵᠡᠢ᠃ ᠬᠤᠵᠢᠮ ᠨᠢ ᠰᠠᠢ᠌ᠰᠢᠶᠠᠯᠳᠤ ᠢᠷᠦᠭᠡᠯᠴᠢ᠂ ᠲᠦᠷᠦ ᠭᠡᠷᠡᠯᠳᠤ᠂ ᠳᠦᠭᠡᠮᠡᠯ ᠡᠯᠪᠠᠭ᠍ᠳᠤ᠂ ᠪᠦᠷᠢᠡᠳᠤ ᠵᠠᠰᠠᠭᠴᠢ ᠵᠢᠴᠢ ᠳᠤᠮᠳᠠᠳᠤ ᠢᠷᠭᠡᠨ ᠣᠯᠤᠰ ᠤᠨ ᠦᠶ᠎ᠡ ᠳᠤ ᠰᠠᠯᠪᠢᠨ ᠦᠷᠭᠡᠳᠭᠡᠵᠤ ᠪᠠᠢ᠌ᠭᠤᠯᠵᠠᠢ᠃

ᠭᠠᠠᠵᠤᠤᠷ ᠰᠦᠮ᠎ᠡ ᠠᠭᠠᠵᠢᠮ ᠶᠢᠡᠷ 11 ᠰᠠᠭᠤᠷᠢ ᠰᠦᠮ᠎ᠡ ᠭᠡᠢ᠌ᠤᠨ᠂ 4 ᠰᠠᠭᠤᠷᠢ ᠰᠦᠮ᠎ᠡ ᠶᠢᠨ ᠵᠢᠠᠰᠠ᠂ 100 ᠭᠠᠷᠤᠢ ᠯᠠᠮᠠ ᠶᠢᠨ ᠰᠢᠪᠠᠷ ᠪᠠᠢ᠌ᠰᠢᠩ ᠲᠡᠶ ᠪᠣᠯᠵᠤ᠂ ᠪᠦᠭᠦ ᠪᠠᠷᠢᠯᠭ᠎ᠠ ᠶᠢᠨ ᠳᠠᠯᠠᠪᠠᠢ ᠨᠢ 1 ᠲᠦᠮᠡᠨ ᠬᠠᠪᠳᠠᠭᠠᠢ ᠳᠦᠷᠪᠡᠯᠵᠢᠨ ᠮᠸᠲ᠋ᠷ ᠤᠨ ᠭᠡᠪᠴᠢᠶ᠎ᠡ ᠲᠡᠶ ᠪᠠᠢ᠌ᠵᠤ᠂ ᠭᠡᠪ ᠨᠠᠮᠪᠠ ᠨᠢ ᠳᠤᠮᠳᠠᠳᠤ ᠣᠷᠤᠨ᠂ ᠮᠤᠩᠭ᠋ᠤᠯ᠂ ᠲᠦᠪᠡᠳ ᠭᠤᠷᠪᠠᠨ ᠵᠣᠢ᠌ᠯ ᠤᠨ ᠦᠪᠡᠷᠮᠢᠴᠠ ᠣᠯᠠᠮᠵᠢᠯᠠᠯ ᠢ ᠬᠠᠳᠠᠭᠠᠯᠠᠵᠤ᠂ ᠭᠤᠷᠪᠠᠨ ᠲᠦᠷᠦᠯ ᠤᠨ ᠰᠤᠶᠤᠯ ᠣᠷᠠᠯᠠᠯ ᠤᠨ ᠠᠭᠤᠰᠤᠨ ᠨᠢᠭᠡᠳᠦᠭ᠍ᠰᠡᠨ ᠢ ᠬᠠᠷᠠᠭᠤᠯᠵᠠᠢ᠃

ᠨᠤᠮᠢᠨ ᠨᠤᠭᠤᠭᠠᠨ ᠰᠠᠷᠠᠭᠤᠯ ᠳᠠᠯ᠎ᠠ ᠶᠢᠨ ᠳᠤᠮᠳᠠ ᠳᠠᠩᠰᠤᠭ ᠰᠥᠷᠯᠢᠭ᠌ ᠡᠷᠳᠡᠨ ᠤ ᠣᠷᠳᠤᠨ ᠬᠠᠷᠰᠢ ᠶᠢᠨ ᠭᠡᠯᠪᠠᠷᠢ ᠲᠡᠶ ᠪᠠᠷᠢᠯᠭ᠎ᠠ ᠨᠢ ᠬᠠᠷᠠᠬᠤ ᠮᠠᠯᠮᠠᠢ ᠶᠢ ᠰᠤᠭᠳᠤᠭᠠᠨ ᠪᠠᠶᠠᠰᠬᠠᠭᠰᠠᠨ ᠬᠠᠪᠣᠷ ᠤᠨ ᠵᠡᠷᠭᠡᠯᠭᠡᠨ ᠭᠠᠠᠳᠠᠷᠢᠰᠤᠨ ᠪᠠᠯᠭᠠᠰᠤ ᠮᠠᠳᠤ ᠠᠵᠤᠭᠤ᠃

ᠰᠦᠮ᠎ᠡ ᠳᠤ ᠭᠤᠤᠯ ᠰᠢᠳᠦᠳᠡᠭ᠌ ᠨᠢ ᠱᠠᠭᠵᠠᠮᠤᠨᠢ᠂ ᠭᠤᠮᠪᠣ᠂ ᠵᠠᠮᠰᠦ᠋ᠷᠤᠩ ᠵᠡᠷᠭᠡ ᠪᠣᠷᠬᠠᠨ ᠪᠠᠢ᠌ᠵᠤ ᠪᠣᠰᠤᠳ ᠠᠯᠳᠠ ᠪᠠᠷ ᠰᠢᠷᠠᠭᠰᠠᠨ ᠭᠠᠤᠯᠢᠨ ᠱᠤᠭᠤᠮᠠᠯ ᠭᠦᠷᠦᠭ᠌ 2500 ᠪᠦᠭᠡᠤᠨ ᠳᠤᠭ᠎ᠠ ᠳᠤᠮᠰᠢ ᠦᠭᠡᠶ ᠡᠯᠭᠦᠮᠡᠯ ᠪᠠ ᠬᠠᠨ᠎ᠠ ᠶᠢᠨ ᠵᠢᠷᠤᠭ ᠤᠨ ᠭᠡᠯᠪᠠᠷᠢ ᠲᠡᠶ ᠪᠣᠷᠬᠠᠨ ᠤ ᠭᠦᠷᠦᠭ᠌ ᠵᠢᠴᠢ ᠴᠤᠯ ᠠᠯᠳᠠ ᠮᠥᠩᠭᠦᠨ ᠪᠣᠷᠬᠠᠨ ᠤ ᠭᠦᠷᠦᠭ᠌ ᠴᠤ ᠪᠠᠢ᠌ᠳᠠᠭ᠃ ᠨᠤᠮ᠂ ᠰᠤᠳᠤᠷ᠂ ᠰᠠᠭᠢᠯ᠂ ᠣᠨᠤᠯ 3000 ᠭᠠᠷᠤᠢ᠌ ᠢᠵᠢ ᠪᠣᠳᠢ ᠪᠦᠭᠡᠤᠨ ᠳ᠋ᠠᠩ ᠳᠠᠪᠳᠠᠷ ᠨᠤᠮ ᠪᠠᠷᠤᠭ 2 ᠲᠦᠮᠡ ᠭᠠᠷᠤᠢ ᠪᠣᠢ᠃ ᠲᠦᠪᠡᠳ ᠮᠤᠩᠭ᠋ᠤᠯ ᠪᠠᠷ ᠤᠨ (ᠭᠠᠠᠵᠤᠤᠷ ᠰᠤᠳᠤᠷ) ᠢ ᠬᠠᠳᠠᠭᠠᠯᠠᠵᠤ ᠪᠠᠢ᠌ᠭᠰᠠᠨ ᠳᠤᠯᠠ 《ᠪᠠᠷᠭᠤ ᠶᠢᠨ ᠣᠯᠠᠭᠠᠨ ᠭᠠᠠᠵᠤᠤᠷ ᠰᠦᠮ᠎ᠡ》 ᠭᠡᠮᠡᠨ ᠠᠯᠳᠠᠷᠰᠢᠪᠠ᠃

ᠰᠦᠮ᠎ᠡ ᠳᠤ ᠬᠠᠮᠤᠭ ᠤᠨ ᠣᠷᠭᠢᠯ ᠳᠠᠭᠠᠨ 4500 ᠯᠠᠮᠠ ᠬᠤᠷᠠᠵᠤ᠂ ᠪᠠᠢ᠌ᠩᠭ᠋ᠤ ᠰᠠᠭᠤᠭᠴᠢᠳ ᠨᠢ ᠳᠠᠷᠤᠢ 400 ᠭᠠᠷᠤᠢ ᠪᠠᠢ᠌ᠭᠰᠠᠨ ᠡᠴᠡ ᠦᠵᠡᠪᠠᠯ ᠭᠡᠪᠴᠢᠶ᠎ᠡ ᠨᠢ ᠨᠠᠯᠢᠶᠠᠤᠨ ᠶᠡᠭᠡ ᠪᠠᠢ᠌ᠵᠠᠢ᠃ ᠢᠯᠠᠩᠭ᠋ᠤᠶ᠎ᠠ ᠭᠠᠠᠵᠤᠤᠷ ᠰᠦᠮ᠎ᠡ ᠶᠢᠨ ᠯᠠᠮᠠ ᠮᠤᠩᠭ᠋ᠤᠯ ᠡᠮᠨᠡᠯᠭᠡ ᠨᠢ 200 ᠭᠠᠷᠤᠢ ᠵᠢᠯ ᠤᠨ ᠳᠡᠦᠭᠡ ᠲᠡᠶ ᠪᠠᠢ᠌ᠵᠤ᠂ ᠤᠷᠢᠳ ᠬᠤᠵᠢᠳ 133 ᠨᠠᠷᠠᠰ ᠯᠠᠮᠠ ᠶᠢ ᠮᠤᠩᠭ᠋ᠤᠯ ᠡᠮᠴᠢ ᠪᠠᠷ ᠭᠦᠮᠦᠵᠢᠭᠦᠯᠵᠤ᠂ ᠳᠠᠯ᠎ᠠ ᠨᠤᠳᠤᠭ ᠤᠨ ᠮᠠᠯᠴᠢᠨ ᠠᠷᠠᠤᠨ ᠤᠨ ᠡᠪᠠᠦᠡᠴᠢᠳ ᠡᠮᠭᠡᠭ᠌ ᠢ ᠠᠷᠢᠯᠭᠠᠵᠤ᠂ ᠠᠨᠠᠭᠠᠬᠤ ᠣᠬᠠᠭᠠᠨ ᠤ ᠣᠢ᠌ᠯᠠᠰ ᠤᠨ ᠭᠦᠭ᠍ᠵᠢᠯᠳᠡ ᠳᠤ ᠬᠤᠪᠣᠷ ᠴᠤᠬᠠᠭ ᠦᠪ ᠭᠦᠷᠦᠩᠭᠡ ᠶᠢ ᠥᠯᠡᠳᠡᠭᠡᠵᠡᠢ᠃

ᠳᠡᠭ᠍ᠷᠢ ᠲᠡᠳᠬᠦᠭ᠍ᠴᠢ ᠶᠢᠨ ᠳᠠᠪᠢᠳᠤᠭᠠᠷ ᠣᠨ (1785) ᠳᠤ ᠠᠩᠬᠠᠳᠠᠭᠴᠢ ᠰᠦᠮ᠎ᠡ ᠶᠢᠨ ᠬᠤᠷᠠᠯ ᠢ ᠬᠤᠷᠠᠯᠳᠤᠭᠤᠯᠤᠭᠰᠠᠨ ᠡᠴᠡ ᠨᠠᠰᠢ᠂ 180 ᠭᠠᠷᠤᠢ ᠵᠢᠯ ᠤᠨ ᠬᠤᠭᠤᠷᠤᠠᠳᠤ ᠨᠠᠢ᠌ᠳᠠ 160 ᠭᠠᠷᠤᠢ ᠣᠳᠠᠭ᠎ᠠ ᠰᠦᠮ᠎ᠡ ᠶᠢᠨ ᠬᠤᠷᠠᠯ᠂ ᠮᠠᠢ᠌ᠮᠠᠢ ᠴᠢᠭᠤᠯᠭ᠎ᠠ ᠶᠢ ᠡᠷᠭᠢᠯᠡᠵᠤ᠂ ᠬᠤᠷᠠᠯ ᠳᠤ ᠣᠢ᠌ᠷ᠎ᠠ ᠡᠴᠡ ᠬᠠᠢ᠌ᠯᠠᠷ᠂ ᠮᠠᠠᠵᠤᠤᠷ᠂ ᠴᠢᠴᠢᠬᠠᠷ᠂ ᠪᠠᠭᠡᠵᠢᠩ ᠵᠡᠷᠭᠡ ᠭᠠᠵᠠᠷ ᠤᠨ ᠭᠢᠨ᠂ ᠬᠤᠯᠠ ᠡᠴᠡ ᠮᠤᠩᠭ᠋ᠤᠯ᠂ ᠣᠷᠤᠰ᠂ ᠶᠠᠫᠣᠨ ᠵᠢᠴᠢ ᠧᠥᠷᠦᠫᠡ ᠶᠢᠨ ᠣᠯᠤᠰ ᠤᠨ ᠬᠤᠳᠠᠯᠳᠤᠭᠠᠴᠢᠨ ᠠᠷᠠᠯᠵᠢᠶᠠᠴᠢᠨ ᠢᠷᠡᠳᠡᠭ᠌᠃ 1948 ᠣᠨ ᠡᠴᠡ ᠡᠭᠢᠯᠡᠨ ᠭᠠᠠᠵᠤᠤᠷ ᠰᠦᠮ᠎ᠡ 11 ᠣᠳᠠᠭᠠᠨ ᠤ ᠪᠦᠭᠦ ᠠᠢ᠌ᠮᠠᠭ ᠤᠨ ᠨᠠᠭᠠᠳᠤᠮ ᠤᠨ ᠬᠤᠷᠠᠯ ᠢ ᠡᠷᠭᠢᠯᠡᠪᠡ᠃

ᠭᠠᠠᠵᠤᠤᠷ ᠰᠦᠮ᠎ᠡ ᠨᠢ 1939 ᠣᠨ ᠤ ᠨᠤᠮᠤᠨ ᠬᠠᠨ ᠤ ᠳᠠᠢ᠌ᠨ ᠵᠢᠴᠢ 《ᠰᠤᠶᠤᠯ ᠤᠨ ᠬᠤᠪᠢᠰᠬᠠᠯ》 ᠤᠨ ᠳᠤᠮᠳᠠᠭᠢ ᠭᠠᠢ ᠵᠤᠪᠠᠯᠠᠩ ᠡᠴᠡ ᠮᠤᠯᠳᠤᠷᠠᠵᠤ ᠳᠡᠢ᠌ᠯᠦᠭ᠍ᠰᠡᠨ ᠦᠭᠡᠶ᠃

ᠥᠩᠭᠡᠷᠡᠭ᠍ᠰᠡᠨ ᠳᠤ ᠭᠠᠠᠵᠤᠤᠷ ᠰᠦᠮ᠎ᠡ ᠨᠢ ᠣᠢ᠌ᠷ᠎ᠠ ᠶᠢᠨ 200 ᠵᠢᠯ ᠤᠨ ᠳᠡᠦᠭᠡᠨ ᠳᠡᠭᠡᠷ᠎ᠡ ᠠᠷᠠᠯᠵᠢᠶ᠎ᠠ ᠬᠤᠳᠠᠯᠳᠤᠭᠠᠨ ᠤ ᠭᠦᠭ᠍ᠵᠢᠯᠳᠡ ᠶᠢ ᠠᠭᠢᠭᠤᠯᠵᠤ᠂ ᠡᠯ᠎ᠡ ᠦᠨᠳᠦᠰᠦᠳᠠᠨ ᠤ ᠪᠦᠯᠭᠦᠮᠳᠡᠯ ᠢ ᠴᠢᠩᠭ᠋ᠠᠤᠠᠬᠠᠬᠤ ᠵᠡᠷᠭᠡ ᠳᠠᠯ᠎ᠠ ᠳᠤ ᠴᠢᠬᠤᠯᠠ ᠬᠤᠪᠢ ᠨᠠᠮᠠᠷᠢ ᠥᠵᠡᠭᠦᠯᠵᠡᠢ᠃

ᠭᠠᠠᠵᠤᠤᠷ ᠰᠦᠮ᠎ᠡ ᠪᠠᠷᠭᠤ ᠳᠠᠯ᠎ᠠ ᠨᠤᠳᠤᠭ ᠳ᠋ᠠᠭᠢ ᠳᠠᠩᠰᠤᠭ ᠰᠠᠢ᠌ᠬᠠᠨ ᠥᠩᠭᠡ ᠦᠵᠡᠮᠵᠢ ᠪᠣᠯᠬᠤ ᠪᠠᠷ ᠪᠠᠷᠠᠬᠤ ᠦᠭᠡᠶ ᠮᠦᠨ ᠴᠤ ᠭᠦᠳᠡᠯᠮᠦᠷᠢᠴᠢᠨ ᠠᠷᠠᠤᠨ ᠲᠦᠮᠡᠨ ᠤ ᠣᠶᠤᠨ ᠣᠬᠠᠭᠠᠨ ᠤ ᠪᠠᠯᠭᠡ ᠳᠡᠮᠳᠡᠭ᠌ ᠮᠦᠨ᠃ ᠦᠨᠦᠳᠤᠷ ᠡᠨᠡᠭᠦ ᠳᠡᠯᠡᠭᠡᠢ ᠳ᠋ᠠᠭᠢᠨ ᠤ ᠠᠩᠬᠠᠷᠤᠯ ᠢ ᠳᠠᠳᠠᠭᠰᠠᠨ ᠠᠰᠤᠷᠤ ᠶᠡᠭᠡ ᠰᠥᠷᠯᠢᠭ᠌ ᠰᠠᠢ᠌ᠬᠠᠨ ᠪᠠᠷᠢᠯᠭ᠎ᠠ ᠶᠢᠨ ᠰᠥᠷᠦᠭ᠌ ᠨᠢ ᠦᠨᠢᠷ ᠪᠠᠶᠠᠯᠢᠭ ᠪᠠᠷᠭᠤ ᠶᠢᠨ ᠳᠠᠯ᠎ᠠ ᠨᠤᠳᠤᠭ ᠳᠡᠭᠡᠷ᠎ᠡ ᠠᠮᠢᠯᠠᠨ ᠰᠦᠨᠳᠠᠷᠯᠠᠵᠤ᠂ ᠱᠠᠰᠢᠨ ᠰᠤᠷᠳᠠᠬᠤᠨ ᠤ ᠰᠤᠶᠤᠯ ᠣᠷᠠᠯᠢᠭ ᠤᠨ ᠭᠦᠵᠢ ᠵᠤᠯᠠ ᠨᠢ ᠳᠡᠯᠡᠭᠡᠢ ᠶᠢᠨ ᠡᠯ᠎ᠡ ᠭᠠᠵᠠᠷ ᠤᠨ ᠱᠠᠰᠢᠨ ᠰᠢᠳᠦᠭ᠍ᠴᠢᠳ ᠵᠢᠴᠢ ᠵᠢᠭᠤᠯᠴᠢᠯᠠᠭᠴᠢᠳ ᠤᠨ ᠠᠩᠬᠠᠷᠤᠯ ᠢ ᠳᠠᠳᠠᠵᠤ ᠪᠠᠢ᠌ᠨ᠎ᠠ᠃

ᠢᠷᠡᠯᠲᠡ᠄ ᠪᠢᠴᠢᠭ᠍ᠰᠡᠨ ᠥᠭᠡᠢ
ᠬᠠᠷᠢᠶ᠎ᠠ᠄ ᠰᠤᠶᠤᠯ ᠣᠷᠠᠯᠢᠭ
ᠳᠠᠷᠤᠮ᠄ 7435
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ