ᠨᠡᠪᠲᠡᠷᠡᠨ ᠤᠷᠤᠬᠤ
ᠭᠤᠪᠢ ᠶᠢᠨ ᠰᠢᠷᠭᠠᠯ ᠵᠠᠮ

ᠭᠤᠪᠢ ᠨᠤᠳᠤᠭ ᠤᠨ ᠮᠢᠨᠢ ᠰᠢᠷᠭᠠᠯ ᠠᠯᠳᠠᠨ ᠵᠠᠮ ᠡ ︕

ᠭᠤᠤᠯ ᠵᠢᠷᠦᠭᠡᠨ ᠤ ᠮᠢᠨᠢ ᠰᠢᠳᠢᠳᠤ ᠶᠤᠩᠬᠤᠷ ᠴᠤᠯᠪᠣᠭᠤᠷ ᠶᠤᠮ᠂

ᠭᠤᠷᠢᠰ ᠭᠤᠷᠢᠰ ᠮᠤᠷᠤᠢ ᠪᠠᠢ᠌ᠭᠰᠠᠨ ᠴᠤ ᠶᠠᠭᠠᠭᠢᠪ

ᠭᠣᠢ᠌ᠭᠤᠰ ᠭᠣᠢ᠌ᠭᠤᠰ ᠪᠢ ᠪᠠᠷᠳᠠᠮ ᠠᠯᠬᠤᠳᠠᠭ ᠶᠤᠮ ︕

ᠭᠦᠰᠡᠯ ᠮᠦᠷᠦᠭᠡᠳᠦᠯ ᠤᠨ ᠮᠢᠨᠢ ᠭᠣᠢ᠌ᠳᠠ ᠰᠠᠷᠠᠭᠤᠯ ᠰᠡᠳᠭᠢᠯ ᠢ

ᠭᠦᠳᠦᠯᠦᠭᠡᠳ ᠳᠠᠷᠠ ᠣᠷᠳᠤ ᠡᠴᠠ ᠣᠷᠳᠤ ᠵᠤᠷᠠᠢ᠌ᠬᠤ ᠳᠤ

ᠭᠦᠷ ᠪᠠᠶᠠᠷ ᠤᠨ ᠬᠤᠷᠳᠤᠨ ᠰᠢᠷᠭ᠎ᠠ ᠭᠦᠯᠦᠭ᠌ ᠢ ᠴᠢᠨᠢ

ᠭᠦᠳᠦᠯᠦᠭᠡᠳ ᠪᠢ ᠦᠨᠳᠠᠰ ᠦᠨᠳᠠᠰ ᠵᠢᠷᠤᠭᠠᠯᠠᠭᠤᠯᠤᠭᠰᠠᠭᠠᠷ ᠰᠢᠤ ︕

ᠭᠡᠭᠡ ᠳᠤᠸᠠᠯᠠᠭᠰᠠᠨ ᠴᠢᠨᠤ ᠳᠡᠷᠳᠡᠭᠡ ᠡᠭᠢᠨ ᠳᠤ

ᠭᠡᠰᠢᠭ᠌ ᠵᠢᠷᠭᠠᠯ ᠤᠨ ᠦᠯᠵᠠᠢ ᠪᠠᠯᠭᠡ ᠪᠠᠷ ᠪᠢᠯᠬᠠᠬᠤ ᠶᠤᠮ᠃

ᠭᠡᠢ ᠳᠠᠳᠠᠭᠤᠯᠤᠭᠰᠠᠨ ᠮᠢᠨᠤ ᠳᠠᠪᠭᠢᠭᠠᠨ ᠤ ᠦᠵᠦᠭᠦᠷ ᠲᠤ

ᠭᠡᠷᠡᠯ ᠰᠠᠴᠤᠷᠠᠭᠰᠠᠨ ᠭᠤᠪᠢ ᠶᠢᠨ ᠮᠢᠨᠢ ᠮᠠᠷᠭᠠᠰᠢ ᠳᠠᠯᠠᠯᠬᠤ ᠶᠤᠮ᠃

ᠭᠣᠢ᠌ᠳᠠ ᠰᠠᠢ᠌ᠬᠠᠨ ᠶᠢᠡᠷ ᠶᠢᠡᠨ ᠬᠤᠷᠸ᠎ᠠ ᠶ‍ᠢᠷᠳᠢᠠᠴᠤ ᠳᠤ ᠬᠤᠤᠰ ᠦᠭᠡᠶ

ᠭᠤᠯᠤᠮᠳᠠ ᠪᠣᠯᠤᠭᠰᠠᠨ ᠮᠤᠩᠭ᠋ᠤᠯ ᠨᠤᠳᠤᠭ ᠤᠨ ᠶᠢᠡᠨ ᠮᠦᠰᠢᠶᠠᠯᠳᠠ ᠳᠤ

ᠭᠤᠪᠢ ᠶᠢᠨ ᠶᠢᠡᠨ ᠰᠢᠷᠭᠠᠯ ᠠᠯᠳᠠᠨ ᠵᠠᠮ ᠶᠢᠡᠷ ᠪᠢ

ᠭᠣᠢ᠌ᠪᠢᠰᠢ ᠦᠭᠡᠶ ᠭᠡᠵᠢᠶᠡᠳᠡ ᠣᠷᠤᠭᠰᠢ ᠪᠠᠨ ᠳᠡᠮᠡᠤᠯᠡᠭᠦ ᠶᠤᠮ ︕


            1982 ᠣᠨ ᠤ ᠬᠠᠪᠣᠷ ᠬᠦᠬᠡᠬᠤᠲᠠ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠨᠠᠮ ᠤᠨ ᠰᠤᠷᠭᠠᠭᠤᠯᠢ

ᠵᠤᠬᠢᠶᠠᠭᠴᠢ᠄ ᠷ·ᠲᠦᠮᠡᠠ᠊ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11503
ᠴᠠᠭ᠄ 2014 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ